︵ᠲᠤᠯᠤᠳᠤᠭᠠᠷ ᠪᠦᠯᠦᠭ︶ ᠪᠦᠬᠦᠳᠡ ᠨᠠᠶᠢᠷᠠᠮᠳᠠᠬᠤ ᠲᠤᠮᠳᠠᠳᠤ ᠠᠷᠠᠳ ᠤᠯᠤᠰ ᠤᠨ ᠤᠶᠤᠨ ᠤ ᠡᠷᠡᠬᠦᠯ ᠬᠠᠮᠠᠭᠠᠯᠠᠯ ᠤᠨ ᠬᠠᠤᠯᠢ
ᠨᠡᠶᠢᠲᠡᠯᠡᠭᠰᠡᠨ ᠴᠠᠭ᠄
2021/11/23
  ᠲᠤᠯᠤᠳᠤᠭᠠᠷ ᠪᠦᠯᠦᠭ      ᠲᠠᠭᠠᠯᠳᠠ ᠲᠦᠷᠢᠮ                           ᠶᠢᠨ ᠲᠠᠨ᠎ᠠ ᠤᠷᠴᠢᠭᠤᠯᠪᠠ     ᠨᠠᠶᠠᠨ ᠭᠤᠷᠪᠠᠳᠤᠭᠠᠷ ᠵᠦᠢᠯ᠄ ᠲᠤᠰ ᠬᠠᠤᠯᠢ ᠶᠢ ᠬᠡᠯᠡᠵᠤ ᠪᠤᠢ ᠤᠶᠤᠨ ᠤ ᠰᠠᠭᠠᠳ ᠲᠠᠢ ᠡᠪᠡᠳᠴᠢᠳᠠᠨ ᠬᠡᠳᠡᠭ ᠨᠢ ᠡᠯ᠎ᠡ ᠵᠦᠢᠯ ᠤᠨ ᠰᠢᠯᠳᠠᠭᠠᠨ ᠠᠴᠠ ᠪᠤᠯᠵᠤ ᠰᠡᠷᠡᠯ᠂ ᠬᠠᠶᠢᠷ᠎ᠠ ᠰᠡᠳᠬᠢᠯᠬᠡ ᠪᠤᠯᠤᠨ ᠰᠡᠳᠬᠢᠬᠦᠢ ᠵᠡᠷᠬᠡ ᠮᠡᠳᠡᠷᠡᠯ ᠤᠨ ᠠᠵᠢᠯᠯᠠᠭᠠᠨ ᠨᠢ ᠰᠠᠮᠠᠭᠤᠷᠠᠬᠰᠠᠳ ᠪᠤᠶᠤ ᠬᠡᠪ ᠤᠨ ᠪᠤᠰᠤ᠂ ᠡᠪᠡᠳᠴᠢᠳᠠᠨ ᠳᠤ ᠢᠯᠡᠷᠬᠡᠢ ᠰᠡᠳᠬᠢᠴᠨ  ᠶᠢᠨ ᠵᠤᠪᠠᠨᠢᠯ ᠪᠤᠶᠤ ᠨᠡᠶᠢᠬᠡᠮ ᠤᠨ ᠠᠵᠢᠯᠯᠠᠭᠠᠨ ᠳᠤ ᠵᠤᠬᠢᠴᠠᠬᠤ ᠵᠡᠷᠬᠡ ᠴᠢᠳᠠᠪᠤᠷᠢ ᠨᠢ ᠬᠤᠬᠢᠷᠠᠬᠰᠠᠳ ᠢ ᠬᠡᠯᠡᠨ᠎ᠡ᠃     ᠲᠤᠰ ᠬᠠᠤᠯᠢ ᠶᠢ ᠬᠡᠯᠡᠵᠤ ᠪᠠᠶᠢᠭ᠎ᠠ ᠨᠤᠴᠢᠳᠠᠢ ᠤᠶᠤᠨ ᠤ ᠰᠠᠭᠠᠳ ᠬᠡᠳᠡᠭ ᠨᠢ ᠡᠪᠡᠳᠴᠢᠨ ᠤ ᠪᠠᠶᠢᠳᠠᠯ ᠨᠢ ᠨᠤᠴᠢᠳᠠᠢ ᠠᠴᠠ ᠪᠤᠯᠤᠭᠠᠳ ᠡᠪᠡᠳᠴᠢᠳᠠᠨ ᠤ ᠨᠡᠶᠢᠬᠡᠮ ᠳᠤ ᠵᠤᠬᠢᠴᠠᠬᠤ ᠴᠢᠳᠠᠪᠤᠷᠢ ᠶᠢ ᠨᠤᠴᠢᠳᠠᠢ ᠬᠤᠬᠢᠷᠠᠭᠤᠯᠤᠬᠰᠠᠨ᠂ ᠪᠡᠶ᠎ᠡ ᠶᠢᠨ ᠡᠷᠡᠬᠦᠯ ᠮᠡᠨᠳᠤ ᠶᠢ ᠪᠠᠶᠢᠳᠠᠯ ᠪᠤᠶᠤ ᠪᠤᠰᠤᠳᠴᠢ ᠠᠬᠤᠢ ᠠᠮᠢᠳᠤᠷᠠᠯ ᠲᠤᠮᠳᠠ ᠪᠦᠷᠢᠨ ᠲᠠᠨᠢᠯᠳᠠ ᠲᠠᠢ ᠪᠠᠶᠢᠵᠤ ᠴᠢᠳᠠᠬᠤ ᠦᠬᠡᠢ᠂ ᠡᠰᠡᠪᠡᠯ ᠦᠪᠡᠷ ᠤᠨ ᠤᠴᠢᠷ ᠶᠠᠪᠤᠳᠠᠯ ᠢᠶᠠᠨ ᠰᠢᠢᠳᠪᠤᠷᠢᠯᠡᠵᠤ ᠲᠡᠶᠢᠯᠬᠦ ᠦᠬᠡᠢ ᠤᠶᠤᠨ ᠤ ᠰᠠᠭᠠᠳ ᠢ ᠵᠢᠭᠠᠵᠤ ᠪᠠᠶᠢᠨ᠎ᠠ᠃     ᠲᠤᠰ ᠬᠠᠤᠯᠢ ᠳᠤ ᠵᠢᠭᠠᠵᠤ ᠪᠤᠢ ᠤᠶᠤᠨ ᠤ ᠰᠠᠭᠠᠳ ᠲᠠᠢ ᠡᠪᠡᠳᠴᠢᠳᠠᠨ ᠤ ᠬᠠᠷᠠᠭᠠᠯᠵᠠᠨ ᠬᠠᠮᠠᠭᠠᠯᠠᠬᠴᠢ ᠬᠡᠳᠡᠭ ᠨᠢ ᠢᠷᠬᠡᠨ ᠤ ᠬᠠᠤᠯᠢ ᠶᠢᠨ ᠬᠠᠮᠢᠶ᠎ᠠ ᠪᠦᠬᠦᠢ ᠲᠤᠬᠳᠠᠭᠠᠯ ᠶᠤᠰᠤᠭᠠᠷ ᠬᠠᠷᠠᠭᠠᠯᠵᠠᠨ ᠬᠠᠮᠠᠭᠠᠯᠠᠬᠴᠢ ᠪᠤᠯᠵᠤ ᠲᠡᠶᠢᠯᠬᠦ ᠬᠦᠮᠦᠨ ᠢ ᠵᠢᠭᠠᠨ᠎ᠠ᠃     ᠨᠠᠶᠠᠨ ᠲᠦᠷᠪᠡᠳᠤᠬᠡᠷ ᠵᠦᠢᠯ᠄ ᠴᠡᠷᠢᠭ ᠠᠩᠭᠢ ᠶᠢᠨ ᠮᠡᠳᠡᠷᠡᠯ ᠤᠨ ᠡᠷᠡᠬᠦᠯ ᠮᠡᠨᠳᠤ ᠶᠢᠨ ᠠᠵᠢᠯ ᠳᠤ ᠲᠦᠷᠤ  ᠶᠢᠨ ᠶᠠᠪᠤᠳᠠᠯ ᠤᠨ ᠬᠤᠷᠢᠶ᠎ᠠ ᠪᠤᠯᠤᠨ ᠲᠶᠦᠪ ᠤᠨ ᠴᠡᠷᠢᠭ ᠤᠨ ᠶᠠᠪᠤᠳᠠᠯ ᠤᠨ ᠵᠦᠪᠯᠡᠯ ᠲᠤᠰ ᠬᠠᠤᠯᠢ ᠶᠢ ᠦᠨᠳᠤᠰᠤᠯᠡᠨ ᠬᠠᠮᠢᠶᠠᠷᠤᠯᠳᠠ ᠶᠢᠨ ᠠᠷᠭ᠎ᠠ ᠲᠤᠬᠳᠠᠭᠠᠨ᠎ᠠ᠃    ᠨᠠᠶᠠᠨ ᠲᠠᠪᠤᠳᠤᠭᠠᠷ ᠵᠦᠢᠯ᠄ ᠲᠤᠰ ᠬᠠᠤᠯᠢ ᠶᠢᠨ 2013 ᠤᠨ ᠤ 5 ᠳ᠋ᠤᠭᠠᠷ ᠰᠠᠷ᠎ᠠ ᠶᠢᠨ 1 ᠤ ᠡᠳᠤᠷ ᠠᠴᠠ ᠡᠬᠢᠯᠡᠨ ᠬᠡᠷᠡᠭᠵᠢᠬᠦᠯᠤᠨ᠎ᠡ᠃ ᠤᠷᠴᠢᠭᠤᠯᠤᠬᠴᠢ ᠶᠢᠨ ᠬᠠᠶ᠋ᠢᠭ᠄ ᠦᠪᠤᠷ ᠮᠤᠩᠭᠤᠯ ᠤᠨ ︽ᠨᠡᠶᠢᠬᠡᠮ︾ ᠰᠡᠳᠬᠦᠯ ᠤᠨ ᠬᠤᠷᠢᠶ᠎ᠠ    
 
ᠢᠷᠡᠯᠲᠡ᠄ ᠠᠷᠠᠳ ᠤᠨ ᠶᠠᠪᠤᠳᠠᠯ ᠤᠨ ᠶᠠᠮᠤᠨ ᠤ ᠰᠦᠯᠵᠢᠶ᠎ᠡ
 
 
ᠬᠠᠮᠢᠶ᠎ᠡ ᠪᠦᠬᠦᠢ ᠰᠣᠨᠢᠨ
 
2014-2015 ©  ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备05070829号