ᠭᠠᠵᠠᠷ ᠤᠨ ᠨᠡᠷ᠎ᠡ ᠶᠢᠨ ᠨᠤᠲᠠᠯᠠᠯᠲᠠ᠄ ᠬᠤᠣᠯᠢᠨ ᠭᠤᠣᠯ
ᠨᠡᠶᠢᠲᠡᠯᠡᠭᠰᠡᠨ ᠴᠠᠭ᠄
2021/11/29
ᠭᠠᠵᠠᠷ ᠤᠨ ᠨᠡᠷ᠎ᠡ ᠶᠢᠨ ᠨᠤᠲᠠᠯᠠᠯᠲᠠ᠄ ᠬᠤᠣᠯᠢᠨ ᠭᠤᠣᠯ                             ᠸᠠᠩ ᠬᠠᠢ ᠹᠧᠩ ᠵᠤᠬᠢᠶᠠᠪᠠ      ᠬᠤᠤᠯᠢᠨ ᠭᠤᠤᠯ ᠪᠣᠯ ᠰᠤᠩᠭᠠᠷᠢ ᠮᠥᠷᠡᠨ ᠤ ᠰᠠᠪᠠ ᠭᠠᠵᠠᠷ ᠤᠨ ᠨᠤᠨ ᠮᠥᠷᠡᠨ ᠤ ᠤᠰᠤᠨ ᠰᠢᠰᠲ᠋ᠧᠮ ᠳᠤ ᠬᠠᠷᠢᠶᠠᠯᠠᠭᠳᠠᠵᠤ᠂ ᠥᠪᠥᠷ ᠮᠣᠩᠭᠤᠯ ᠤᠨ ᠥᠪᠡᠷᠲᠡᠭᠡᠨ ᠵᠠᠰᠠᠬᠤ ᠣᠷᠣᠨ ᠤ ᠲᠦᠩᠯᠢᠶᠣᠤ ᠬᠤᠲᠠ ᠶᠢᠨ ᠵᠠᠷᠤᠳ ᠬᠤᠰᠢᠭᠤᠨ ᠤ  ᠲᠡᠭᠡ ᠶᠢᠨ ᠬᠠᠨ  ᠠᠭᠤᠯᠠ ᠶᠢᠨ ᠬᠤᠷᠮᠣᠶ ᠠᠴᠠ ᠡᠬᠢ ᠠᠪᠴᠤ᠂ ᠬᠤᠣᠯᠢᠩᠭᠤᠣᠯ ᠬᠤᠲᠠ᠂ ᠬᠢᠩᠭᠠᠨ ᠠᠶᠢᠮᠠᠭ ᠤᠨ ᠬᠤᠷᠴᠢᠨ ᠪᠠᠷᠠᠭᠤᠨ ᠭᠠᠷᠤᠨ ᠳᠤᠮᠳᠠᠳᠤ ᠬᠤᠰᠢᠭᠤ ᠪᠠᠷ ᠳᠡᠮᠵᠢᠨ᠂ ᠭᠢᠷᠢᠨ ᠮᠤᠵᠢ ᠶᠢᠨ ᠲᠦᠩ  ᠢᠣᠢ ᠰᠢᠶᠠᠨ᠂ ᠳ᠋ᠠ ᠠᠨ ᠰᠢᠶᠠᠨ ᠢᠶᠠᠷ ᠤᠷᠤᠰᠤᠨ ᠥᠩᠭᠡᠷᠡᠭᠰᠡᠨ ᠤ ᠳᠠᠷᠠᠭ᠎ᠠ᠂ ᠤᠰᠤᠨ ᠤᠷᠤᠰᠬᠠᠯ ᠠᠭᠠᠵᠢᠮ ᠢᠶᠠᠷ ᠳᠠᠷᠬᠠᠨ ᠠᠷᠢᠯᠳᠠᠭ᠃ ᠬᠤᠤᠯᠢᠨ ᠭᠤᠤᠯ ᠬᠤᠲᠠ ᠶᠢᠨ ᠬᠢᠯᠢ ᠳᠣᠲᠣᠷᠠᠬᠢ ᠴᠠᠭᠳᠠ ᠭᠤᠤᠯ᠂ ᠮᠠᠩᠭᠢᠷ ᠭᠤᠤᠯ᠂   ᠬᠡᠷᠡᠮᠲᠦ ᠭᠤᠤᠯ᠂ ᠪᠠᠷᠠᠭᠤᠨ ᠪᠤᠷᠭᠠᠰᠤᠲᠠᠶ ᠭᠤᠤᠯ᠂ ᠬᠥᠨᠳᠡᠢ ᠶᠢᠨ ᠭᠤᠤᠯ ᠵᠡᠷᠭᠡ  ᠲᠠᠪᠤᠨ ᠵᠤᠷᠪᠤᠰ ᠳᠣᠲᠣᠭᠠᠳᠤ ᠬᠠᠭᠤᠷᠠᠶ ᠭᠤᠤᠯ ᠨᠢ ᠲᠣᠰ ᠭᠤᠤᠯ ᠳᠤ ᠤᠷᠤᠰᠤᠨ ᠣᠷᠣᠵᠤ ᠪᠠᠶᠢᠨ᠎ᠠ᠃ ᠬᠤᠤᠯᠢᠨ ᠭᠤᠤᠯ ᠤᠨ ᠭᠤᠤᠯ ᠤᠷᠤᠰᠬᠠᠯ ᠤᠨ ᠪᠥᠬᠦ ᠣᠷᠳᠣ ᠨᠢ 590 ᠺᠢᠯᠣᠮᠧᠲᠷ᠂ ᠰᠠᠪᠠ ᠭᠠᠵᠠᠷ ᠤᠨ ᠲᠠᠯᠠᠪᠠᠶ ᠨᠢ 27840 ᠲᠡᠭᠰᠢ ᠳᠥᠷᠪᠡᠯᠵᠢᠨ ᠺᠢᠯᠣᠮᠧᠲᠷ᠂ ᠬᠤᠷᠴᠢᠨ ᠪᠠᠷᠠᠭᠤᠨ ᠭᠠᠷᠤᠨ ᠳᠤᠮᠳᠠᠳᠤ ᠬᠤᠰᠢᠭᠤᠨ ᠤ ᠬᠢᠯᠢ ᠳᠣᠲᠣᠷᠠᠬᠢ ᠣᠷᠳᠣ ᠨᠢ 258 ᠺᠢᠯᠣᠮᠧᠲᠷ᠂ ᠰᠠᠪᠠ ᠭᠠᠵᠠᠷ ᠤᠨ ᠲᠠᠯᠠᠪᠠᠶ ᠨᠢ 14113 ᠲᠡᠭᠰᠢ ᠳᠥᠷᠪᠡᠯᠵᠢᠨ ᠺᠢᠯᠣᠮᠧᠲᠷ ᠪᠣᠯᠤᠨ᠎ᠠ᠃ ᠲᠡᠭᠦᠨ ᠤ ᠭᠤᠣᠯ ᠴᠢᠳᠬᠤᠯᠠᠩ ᠭᠡᠪᠡᠯ ᠵᠠᠶᠢᠰᠠᠩᠳᠤ ᠭᠤᠣᠯ᠂ ᠬᠥᠨᠳᠡᠯᠡᠨ ᠭᠤᠣᠯ᠂ ᠵᠡᠭᠦᠨ ᠵᠢᠷᠢᠮ ᠭᠤᠣᠯ᠂ ᠳᠤᠮᠳᠠ ᠤᠰᠤ᠂ ᠪᠠᠶᠠᠨ ᠬᠠᠷ᠎ᠠ ᠭᠤᠣᠯ ᠵᠡᠷᠭᠡ ᠲᠠᠪᠤᠨ ᠵᠤᠷᠪᠤᠰ ᠪᠠᠶᠢᠩᠭᠤ ᠶᠢᠨ ᠤᠷᠤᠰᠬᠠᠯ ᠭᠤᠣᠯ ᠪᠣᠯᠤᠨ᠎ᠠ  ᠃ ᠬᠢᠩᠭᠠᠨ ᠠᠶᠢᠮᠠᠭ ᠤᠨ ᠬᠤᠷᠴᠢᠨ ᠪᠠᠷᠠᠭᠤᠨ ᠭᠠᠷᠤᠨ ᠳᠤᠮᠳᠠᠳᠤ ᠬᠤᠰᠢᠭᠤᠨ ᠬᠠᠷᠢᠶᠠᠨ   ᠳᠤ ᠬᠢ  ᠬᠠᠮᠤᠭ ᠤᠨ ᠶᠡᠭᠡ ᠭᠤᠤᠯ ᠮᠥᠷᠡᠨ ᠪᠤᠯᠤᠨ᠎ᠠ᠃     ᠬᠤᠣᠯᠢᠨ ᠭᠤᠣᠯ  ᠢ ᠤᠳᠤ ᠬᠢᠲᠠᠳ ᠬᠡᠯᠡᠨ   ᠳᠤ  ︽霍林郭勒︾ ᠭᠡᠵᠦ  ᠣᠷᠴᠢᠭᠤᠯᠤᠨ ᠪᠢᠴᠢᠳᠡᠭ᠃ ᠲᠡᠦᠬᠡᠨ ᠰᠤᠷᠪᠤᠯᠵᠢ ᠪᠢᠴᠢᠭ ᠲᠤ  ︽合河︾᠂ ︽鹤五河︾᠂ ︽霍勒河︾᠂ ︽哈古勒河︾᠂ ︽哈果伦河︾ ᠵᠡᠷᠭᠡ ᠣᠯᠠᠨ ᠵᠦᠢᠯ ᠤᠨ ᠲᠡᠮᠳᠡᠭᠯᠡᠯ ᠪᠠᠶᠢᠳᠠᠭ᠃  ᠬᠤᠤᠯᠢᠨ ᠭᠤᠤᠯ ᠤᠨ ᠦᠭᠡ ᠶᠢᠨ ᠤᠳᠬ᠎ᠠ ᠶᠢᠨ ᠲᠤᠬᠠᠶ  ︽ ᠴᠠᠢ ᠬᠤᠭᠤᠯᠠ ᠶᠢᠨ  ︾᠂  ︽ᠠᠯᠤᠰ ᠬᠤᠯᠠ ᠶᠢᠨ  ︾᠂  ︽ᠬᠤᠭᠤᠷ ᠤᠨ  ︾᠂  ︽ᠬᠠᠪᠤᠷ ᠤᠨ  ︾᠂  ︽ ᠬᠤᠭᠤᠯᠡᠢ ᠶᠢᠨ  ︾ ᠵᠡᠷᠭᠡ ᠣᠯᠠᠨ ᠵᠦᠶᠯ ᠤᠨ ᠬᠡᠯᠡᠯᠭᠡ ᠪᠠᠢᠨ᠎ᠠ᠃    ᠨᠤᠲᠠᠯᠠᠭᠰᠠᠨ ᠢ ᠦᠨᠳᠦᠰᠦᠯᠡᠪᠡᠯ᠂ ᠬᠤᠣᠯᠢᠨ ᠭᠤᠣᠯ   ᠤᠨ ᠰᠠᠪᠠ ᠭᠠᠵᠠᠷ ᠨᠡᠯᠢᠶᠡᠳ ᠥᠷᠭᠡᠨ᠂ ᠰᠠᠯᠪᠤᠷᠢ ᠤᠷᠤᠰᠬᠠᠯ ᠨᠡᠯᠢᠶᠡᠳ ᠤᠯᠠᠨ᠂ ᠲᠡᠦᠬᠡ ᠶᠢᠨ ᠳᠠᠭᠤᠳᠠᠯᠭ᠎ᠠ ᠠᠳᠠᠯᠢ ᠦᠭᠡᠢ᠂ ᠤᠳᠬ᠎ᠠ ᠨᠢ ᠪᠠᠯᠠᠷᠬᠠᠢ ᠪᠠᠶᠢᠳᠠᠭ᠃ ᠭᠤᠣᠯᠳᠠᠭᠤ ᠳᠣᠣᠷᠠᠬᠢ ᠲᠠᠪᠤᠨ ᠵᠦᠢᠯ ᠤᠨ ᠬᠡᠯᠡᠯᠭᠡ ᠪᠤᠢ᠃    ᠨᠢᠭᠡ  ᠂  ᠬᠤᠭᠤᠯᠡ ᠣᠮᠳᠠ ᠭᠡᠬᠦ ᠣᠳᠬ᠎ᠠ ᠠᠴᠠ ᠢᠷᠡᠯᠲᠡᠢ ᠭᠡᠬᠦ ᠦᠵᠡᠯᠲᠡ       ᠴᠢᠩ ᠤᠯᠤᠰ ᠤᠨ ᠦᠶ᠎ᠡ ᠶᠢᠨ  ︽ᠮᠣᠩᠭᠤᠯ ᠤᠨ  ᠬᠤᠰᠢᠭᠤ ᠨᠤᠳᠤᠭ ᠤᠨ ᠲᠡᠮᠳᠡᠭᠯᠡᠯ  ︾   ᠳᠤ ᠲᠡᠮᠳᠡᠭᠯᠡᠭᠳᠡᠭᠰᠡᠨ ᠬᠢᠲᠠᠳ ᠪᠢᠴᠢᠯᠭᠡ  ︽哈古勒河  ︾ ᠶᠢ ᠮᠣᠩᠭᠤᠯ  ᠬᠡᠯᠡᠨ ᠳᠤ ︽ᠬᠠᠭᠤᠯ ᠭᠤᠣᠯ  ︾ ﹇1﹈  ᠭᠡᠵᠤ ᠲᠡᠮᠳᠡᠭᠯᠡᠵᠦ᠂  ᠪᠠᠳᠠᠷᠠᠭᠤᠯᠲᠤ ᠲᠦᠷᠦ ᠶᠢᠨ ᠭᠤᠴᠢᠨ ᠳᠥᠷᠪᠡᠳᠦᠭᠡᠷ ᠣᠨ ᠤ  ︽ᠲᠦᠰᠢᠶᠡᠲᠦ ᠸᠠᠩ ᠤᠨ ᠬᠤᠰᠢᠭᠤᠨ ᠤ ᠭᠠᠵᠠᠷ ᠤᠨ ᠵᠢᠷᠤᠭ  ︾ ﹇2﹈ ᠵᠢᠴᠢ  ︽ᠵᠢᠷᠢᠮ ᠤᠨ ᠴᠢᠭᠤᠯᠭᠠᠨ ᠤ ᠨᠤᠨ  ᠠᠷᠪᠠᠨ ᠬᠤᠰᠢᠭᠤᠨ ᠤ ᠲᠦᠰᠢᠶᠡᠲᠦ  ᠬᠤᠰᠢᠭᠤᠨ ᠤ  ᠵᠢᠷᠤᠭ  ︾   ᠢ  ᠲᠡᠯᠭᠡᠨ ᠦᠵᠡᠪᠡᠯ᠂ ᠭᠠᠵᠠᠷ ᠤᠨ ᠵᠢᠷᠤᠭ ᠳᠡᠭᠡᠷ᠎ᠡ ᠦᠨᠡᠬᠡᠷ  ︽ᠬᠠᠭ᠋ᠤᠯ ᠭᠤᠤᠯ  ︾ ᠪᠠ ︽ᠬᠠᠭᠤᠯ ᠤᠨ ᠭᠤᠣᠯ  ︾ ﹇3﹈  ᠭᠡᠬᠦ ᠮᠡᠲᠦ ᠶᠢᠨ ᠨᠡᠷ᠎ᠡ ᠲᠠᠢ ᠭᠤᠣᠯ ᠮᠥᠷᠡᠨ  ᠪᠠᠶᠢᠳᠠᠭ ᠪᠦᠭᠡᠳ ᠭᠠᠵᠠᠷ ᠤᠨ ᠪᠠᠶᠢᠴᠠ ᠨᠢ ᠮᠦᠨ ᠤᠳᠤ ᠶᠢᠨ ᠬᠤᠤᠯᠢᠨ  ᠭᠤᠤᠯ ᠤᠨ ᠭᠠᠵᠠᠷ ᠤᠨ ᠪᠠᠶᠢᠴᠠ ᠲᠠᠢ ᠨᠡᠶᠢᠴᠡᠵᠤ ᠪᠤᠢ᠃ ᠰᠠᠳᠠ ᠺᠤᠤᠵᠢᠷᠣᠣ  ᠶᠢᠨ  ︽ᠲᠦᠰᠢᠶᠡᠲᠦ ᠴᠢᠨ ᠸᠠᠩ ᠤᠨ ᠬᠡᠷᠡᠭ ᠶᠠᠪᠤᠳᠠᠯ  ︾   ᠳᠠᠬᠢ  ︽ᠬᠤᠤᠯᠢᠨ ᠭᠤᠤᠯ  ︾ ᠭᠡᠳᠡᠭ ᠦᠭᠡ ᠶᠢᠨ ᠤᠳᠬ᠎ᠠ ᠶᠢ  ᠄ ︽ᠨᠤᠲᠤᠭ ᠤᠨ ᠬᠦᠮᠦᠰ ᠤᠨ ᠬᠡᠯᠡᠬᠦ ᠪᠠᠷ ᠤᠮᠳᠠᠭᠠᠨ ᠤ  ᠬᠠᠩᠭᠠᠯᠲᠠ ᠪᠤᠯᠤᠨ᠎ᠠ︾  ﹇4﹈ ᠭᠡᠵᠦ ᠲᠠᠶᠢᠯᠪᠤᠷᠢᠯᠠᠵᠠᠶ᠃ ᠡᠭᠦᠨ ᠳᠤ ︽ᠬᠤᠤᠯᠢᠨ ᠭᠤᠤᠯ︾ ᠤᠨ ᠤᠳᠬ᠎ᠠ ᠶᠢ ︽ᠣᠮᠳᠠᠭᠠᠨ︾ ᠭᠡᠵᠤ  ᠲᠠᠶᠢᠯᠪᠦᠷᠢᠯᠠᠭᠰᠠᠨ ᠪᠦᠭᠡᠳ ︽ᠬᠤᠤᠯᠢᠨ︾ ᠨᠢ ︽ᠬᠤᠭᠤᠯᠠ hccl  ︾  ︶ ᠭᠡᠬᠦ ᠳᠠᠭᠤᠳᠠᠯᠭ᠎ᠠ ᠶᠢᠨ  ᠬᠤᠪᠢᠷᠠᠯ ᠭᠡᠵᠤ ᠦᠵᠡᠵᠡᠢ  ᠃ ᠭᠡᠪᠡᠴᠦ ᠡᠨᠡ ᠳ᠋ᠦᠩᠨᠡᠯᠲᠡ ᠨᠢ ᠪᠠᠰᠠ ᠪᠤᠳᠠᠲᠠᠢ ᠪᠠᠶᠢᠴᠠᠭᠠᠯᠲᠠ ᠬᠢᠬᠦ ᠳᠤᠮᠳᠠ ᠪᠠᠨ ᠲᠤᠬᠠᠢ ᠶᠢᠨ ᠭᠠᠵᠠᠷ ᠤᠨ ᠬᠥᠮᠦᠰ ᠤᠨ ᠬᠡᠯᠡᠬᠦ ᠶᠢ ᠰᠣᠨᠣᠰᠤᠭᠰᠠᠨ ᠠᠴᠠ ᠪᠢᠰᠢ᠂ ᠣᠨᠣᠪᠴᠢᠲᠠᠢ  ᠰᠣᠷᠪᠤᠯᠵᠢ ᠪᠢᠴᠢᠭ ᠤᠨ ᠪᠠᠷᠢᠮᠲᠠ ᠦᠭᠡᠢ ᠶᠤᠮ᠃  ︽ᠳᠤᠮᠳᠠᠳᠤ ᠤᠯᠤᠰ ᠤᠨ ᠭᠠᠵᠠᠷ ᠤᠨ ᠨᠡᠷ᠎ᠡ  ᠶᠢᠨ ᠬᠤᠪᠢᠰᠤᠯᠲᠠ ᠶᠢᠨ ᠭᠠᠷ ᠳᠡᠪᠲᠡᠷ — 1912 ᠣᠨ ᠠᠴᠠ ᠨᠠᠭᠠᠰᠢᠬᠢ ᠮᠤᠵᠢ ᠬᠤᠲᠠ ᠰᠢᠶᠠᠨ ᠤ ᠰᠢᠨ᠎ᠡ ᠬᠠᠭᠤᠴᠢᠨ ᠭᠠᠵᠠᠷ ᠤᠨ ᠨᠡᠷ᠎ᠡ︾   ᠳᠤ᠄  ︽ᠬᠤᠤᠯᠢᠨ ᠭᠤᠤᠯ  ︾ ᠤᠨ ︽ᠬᠤᠤᠯᠢᠨ︾ ᠭᠡᠬᠦ ᠦᠭᠡ ᠪᠤᠯ ᠮᠣᠩᠭᠤᠯ ᠬᠡᠯᠡ ᠮᠥᠨ᠂ ᠬᠢᠲᠠᠳ ᠢᠶᠠᠷ  ︽霍林︾ ᠭᠡᠵᠦ ᠣᠷᠴᠢᠭᠤᠯᠵᠤ᠂  ︽ᠠᠮᠲᠠᠲᠤ ᠬᠤᠭᠤᠯᠠ  ᠰᠢᠭ᠋ ᠭᠤᠤᠯ  ᠭᠡᠰᠡᠨ ᠤᠳᠬ᠎ᠠ ᠲᠠᠢ  ᠪᠠᠶᠢᠵᠤ᠂ ᠬᠤᠤᠯᠢᠨ ᠭᠤᠤᠯ ᠡᠭᠦᠨ ᠠᠴᠠ ᠪᠣᠯᠵᠣ ᠢᠩᠭᠢᠵᠦ ᠨᠡᠷᠡᠯᠡᠭᠳᠡᠪᠡ  ︾ ﹇5﹈ ᠭᠡᠵᠦ ᠲᠠᠶᠢᠯᠪᠤᠷᠢᠯᠠᠵᠠᠶ᠃ ︽ᠬᠤᠷᠴᠢᠨ ᠪᠠᠷᠠᠭᠤᠨ ᠭᠠᠷᠤᠨ ᠳᠤᠮᠳᠠᠳᠤ ᠬᠤᠰᠢᠭᠤᠨ ᠤ ᠭᠠᠵᠠᠷ ᠤᠨ ᠨᠡᠷ᠎ᠡ ᠶᠢᠨ ᠣᠶᠢᠯᠠᠯᠭ᠎ᠠ︾   ᠳᠤ᠂  ᠭᠦᠩᠵᠦ ᠶᠢᠨ ᠳᠠᠪᠠᠭᠠᠨ ᠠᠴᠠ ᠣᠯᠳᠠᠭᠰᠠᠨ ᠴᠢᠯᠠᠭᠤᠨ ᠬᠥᠰᠢᠶ᠎ᠡ ᠳᠡᠭᠡᠷ᠎ᠡ  ︽ᠴᠠ·  ᠬᠠᠭ᠋ᠤᠯ ᠭᠤᠣᠯ  ︾ ﹇6﹈ ᠭᠡᠵᠦ ᠲᠡᠮᠳᠡᠭᠯᠡᠭᠰᠡᠨ ᠪᠠᠶᠢᠳᠠᠭ ᠭᠡᠰᠡᠨ ᠪᠦᠭᠡᠳ ᠡᠨᠡ ᠨᠢ  ︽ᠴᠠᠢ  ᠬᠤᠭᠤᠯᠡ ᠶᠢᠨ ᠭᠤᠣᠯ  ︾ ᠭᠡᠰᠡᠨ ᠤᠳᠬ᠎ᠠ ᠲᠠᠢ ᠭᠡᠰᠡᠨ ᠪᠦᠭᠡᠳ  ︽ᠬᠤᠣᠯᠢᠨ ᠭᠤᠣᠯ  ︾ ᠭᠡᠬᠦ ᠦᠭᠡ ᠨᠢ ᠮᠣᠩᠭᠤᠯ ᠬᠡᠯᠡᠨ  ᠠᠴᠠ ᠢᠷᠡᠯᠲᠡᠢ ᠭᠡᠵᠦ  ᠦᠵᠡᠵᠡᠢ᠃  ︽ᠬᠤᠷᠴᠢᠨ ᠪᠠᠷᠠᠭᠤᠨ ᠭᠠᠷᠤᠨ ᠳᠤᠮᠳᠠᠳᠤ ᠬᠤᠰᠢᠭᠤᠨ ᠤ ᠰᠣᠶᠣᠯ ᠲᠡᠦᠬᠡ  ᠶᠢᠨ ᠪᠢᠴᠢᠭ ᠮᠠᠲ᠋ᠧᠷᠢᠶᠠᠯ  ︾   ᠤᠨ ᠳᠣᠯᠣᠳᠤᠭᠠᠷ ᠳᠡᠪᠲᠡᠷ ᠤᠨ ᠭᠠᠵᠠᠷ ᠤᠨ ᠨᠡᠷ᠎ᠡ ᠶᠢᠨ ᠤᠳᠬ᠎ᠠ ᠶᠢ ᠲᠠᠶᠢᠯᠪᠤᠷᠢᠯᠠᠭᠰᠠᠨ ᠠᠭᠤᠯᠭ᠎ᠠ ᠵᠢᠴᠢ ᠨᠠᠢᠮᠠᠳᠤᠭᠠᠷ ᠳᠡᠪᠲᠡᠷ ᠤᠨ ᠬᠤᠷᠴᠢᠨ ᠪᠠᠷᠠᠭᠤᠨ ᠭᠠᠷᠤᠨ ᠳᠤᠮᠳᠠᠳᠤ ᠬᠤᠰᠢᠭᠤᠨ  ᠤ ᠭᠤᠣᠯ ᠮᠥᠷᠡᠨ ᠤ ᠡᠬᠢ ᠰᠤᠷᠪᠤᠯᠵᠢ ᠶᠢᠨ ᠪᠠᠶᠢᠴᠠᠭᠠᠯᠲᠠ ᠳᠤᠮᠳᠠ ᠪᠦᠷ ᠲᠡᠭᠡᠷᠡᠬᠢ ᠴᠢᠯᠠᠭᠤᠨ ᠬᠥᠰᠢᠶ᠎ᠡ ᠶᠢᠨ ᠪᠢᠴᠢᠭᠡᠰᠦ ᠪᠤᠯᠬᠤ  ︽ᠴᠠ· ᠬᠠᠭ᠋ᠤᠯ ᠭᠤᠣᠯ  ︾   ᠤᠨ  ᠤᠴᠠᠷ ᠢ ᠳᠤᠷᠠᠳᠴᠠᠢ᠃ 1946 ᠣᠨ ᠤ  ︽ᠪᠠᠷᠠᠭᠤᠨ ᠬᠤᠷᠴᠢᠨ ᠳᠤᠮᠳᠠᠳᠤ ᠬᠤᠰᠢᠭᠤᠨ ᠤ ᠪᠦᠷᠢᠨ ᠵᠢᠷᠤᠭ  ︾   ᠲᠤ ᠲᠤᠰ ᠭᠤᠣᠯ ᠤᠨ ᠨᠡᠷ᠎ᠡ ᠶᠢᠨ  ︽ᠴᠠ︾   ᠢ ᠬᠠᠰᠤᠵᠤ  ︽ᠬᠠᠭᠤᠯ ᠭᠤᠣᠯ  ︾ ﹇7﹈  ᠭᠡᠵᠦ ᠲᠡᠮᠳᠡᠭᠯᠡᠪᠡ᠃ ᠬᠤᠷᠴᠢᠨ ᠪᠠᠷᠠᠭᠤᠨ ᠭᠠᠷᠤᠨ ᠳᠤᠮᠳᠠᠳᠤ ᠬᠤᠰᠢᠭᠤᠨ ᠤ ᠤᠤᠯ ᠤᠨ ᠬᠤᠰᠢᠭᠤᠨ ᠳᠠᠷᠤᠭ᠎ᠠ ᠡᠷᠳᠡᠨᠢᠸ᠋ᠴᠢᠷ  ᠢ ᠰᠣᠷᠪᠤᠯᠵᠢᠯᠠᠭᠰᠠᠨ ᠢᠶᠠᠷ ᠬᠢᠷᠢᠨ ᠬᠤᠲᠠᠨ ᠳᠤ ᠠᠵᠢᠯᠯᠠᠵᠤ ᠪᠠᠶᠢᠬᠤ   ᠳᠤ ᠪᠠᠨ᠂ ᠭᠢᠷᠢᠨ ᠮᠤᠵᠢ ᠶᠢᠨ ᠮᠦᠽᠧᠶ ᠳᠤ ᠲᠤᠰ ᠬᠥᠰᠢᠶᠡᠨ ᠤ ᠪᠢᠴᠢᠭ ᠢ ᠣᠯᠵᠤ ᠦᠵᠡᠪᠡ  ᠭᠡᠵᠣ ᠶᠠᠷᠢᠭᠰᠠᠨ ᠪᠠᠶᠢᠨ᠎ᠠ᠃ ᠲᠤᠰ ᠬᠥᠰᠢᠶᠡᠨ ᠤ ᠪᠢᠴᠢᠭ ᠲᠤ  ︽ ᠬᠠᠭ᠋ᠤᠯ ᠭᠤᠣᠯ︾ ᠭᠡᠵᠦ ᠲᠡᠮᠳᠡᠭᠯᠡᠵᠦ᠂ ᠬᠢᠲᠠᠳ ᠢᠶᠠᠷ  ︽哈古拉河︾ ᠭᠡᠵᠦ ᠣᠷᠴᠢᠭᠤᠯᠪᠠ᠃  ᠡᠭᠦᠨ ᠠᠴᠠ ᠪᠢᠳᠡ ᠴᠢᠯᠠᠭᠤᠨ ᠬᠥᠰᠢᠶᠡᠨ ᠳᠡᠭᠡᠷ᠎ᠡ  ︽ ᠴᠠ· ᠬᠠᠭ᠋ᠤᠯ ᠭᠤᠣᠯ  ︾ ᠭᠡᠰᠡᠨ  ᠬᠡᠯᠪᠡᠷᠢ   ᠪᠠᠷ  ᠪᠢᠴᠢᠭᠳᠡᠭᠰᠡᠨ ᠭᠡᠵᠤ ᠪᠠᠳᠤᠲᠠᠢ ᠬᠡᠯᠡᠬᠦ ᠳᠤ ᠪᠡᠷᠬᠡ ᠪᠠᠶᠢᠨ᠎ᠠ᠃       ᠬᠤᠶᠠᠷ᠂  ᠠᠯᠤᠰ ᠬᠤᠯᠠ ᠭᠡᠬᠦ ᠣᠳᠬ᠎ᠠ ᠠᠴᠠ ᠢᠷᠡᠯᠲᠡᠢ ᠭᠡᠬᠦ ᠦᠵᠡᠯᠲᠡ    ︽ᠵᠢᠷᠢᠮ ᠤᠨ ᠴᠢᠭᠤᠯᠭᠠᠨ ᠤ ᠠᠷᠪᠠᠨ ᠬᠤᠰᠢᠭᠤᠨ ᠤ ᠪᠠᠶᠢᠴᠠᠭᠠᠯᠲᠠ ᠶᠢᠨ ᠮᠡᠳᠡᠭᠦᠯᠦᠯᠲᠡ ᠶᠢᠨ ᠪᠢᠴᠢᠭ 》 ( ᠳᠡᠭᠡᠳᠦ )   ᠲᠤ ᠲᠡᠮᠳᠡᠭᠯᠡᠭᠰᠡᠨ ᠢ ᠦᠨᠳᠦᠰᠦᠯᠡᠪᠡᠯ᠄  ︽ᠵᠣᠨ ᠨᠠᠮᠤᠷ ᠪᠣᠷᠣᠭᠠᠨ ᠤ ᠤᠯᠠᠷᠢᠯ ᠭᠤᠣᠯ ᠮᠥᠷᠡᠨ ᠤᠷᠤᠰᠤᠨ᠎ᠠ᠂ ᠤᠰᠤ ᠡᠪᠡᠰᠦ᠂ ᠵᠢᠱᠢᠶᠡᠯᠡᠪᠡᠯ᠂  ᠬᠤᠯᠡ ︵霍勒) ᠭᠤᠣᠯ ᠤᠨ ᠪᠣᠷᠣᠭᠠᠨ ᠤ ᠡᠷᠭᠢ ᠳᠠᠬᠢ  ᠬᠦᠬᠡ ᠨᠠᠭᠤᠢ ᠰᠦᠮ᠎ᠡ ᠶᠢᠨ ᠪᠠᠶᠠᠨᠵᠤᠯᠠ ᠶᠢᠨ ᠡᠯ᠎ᠡ  ᠨᠠᠭᠤᠷ ᠴᠦᠩᠬᠦᠯ ᠨᠢ ᠡᠪᠦᠯ ᠤᠨ ᠮᠥᠰᠥ ᠬᠥᠯᠳᠡᠭᠰᠡᠨ  ᠤ ᠲᠠᠷᠠᠭ᠎ᠠ ᠠᠶᠢᠯ ᠲᠣᠰᠬᠤᠨ   ᠳᠤ ᠪᠠᠨ ᠪᠤᠴᠠᠨ᠎ᠠ︾ ﹇8﹈᠃  ︽霍勒  ︾  ᠭᠡᠬᠦ ᠦᠭᠡᠨ ᠠᠴᠠ ᠮᠣᠩᠭᠤᠯ ᠦᠭᠡ  ᠶᠢ ᠨᠢ  ᠰᠡᠷᠭᠦᠭᠡᠪᠡᠯ ︽ᠬᠤᠯᠡ︾ ᠪᠣᠯᠤᠨ᠎ᠡ᠃ ︽ ᠬᠤᠤᠯᠢᠨ︾ ᠨᠢ  ︽ᠬᠤᠯᠡ︾  ᠶᠢᠨ ᠬᠤᠪᠢᠷᠠᠯ ᠭᠡᠵᠤ ᠦᠵᠡᠵᠡᠢ᠂ ᠤᠴᠢᠷ ᠨᠢ ᠠᠳᠡ ᠡᠪᠦᠯ ᠳᠤ ᠪᠠᠨ ᠬᠠᠬᠢᠷ ᠬᠦᠢᠲᠡᠨ᠂ ᠵᠢᠯ   ᠳᠤ ᠪᠠᠨ ᠰᠠᠭᠤᠵᠤ ᠳᠡᠶᠢᠯᠬᠦ ᠦᠭᠡᠢ  ᠲᠦᠢᠯ ᠤᠨ ᠠᠯᠤᠰ ᠬᠤᠯᠠ ᠪᠠᠶᠢᠨ᠎ᠠ  ᠭᠡᠵᠦ ᠦᠵᠡᠳᠡᠭ᠃ ᠡᠨᠡ ᠬᠦ ᠵᠦᠢᠴᠢᠯᠡᠯ ᠨᠢ ᠮᠥᠨ ᠴᠦ ᠨᠠᠶᠢᠳᠠᠪᠤᠷᠢᠲᠠᠢ ᠦᠨᠳᠦᠰᠦ ᠪᠠᠷᠢᠮᠲᠠ ᠦᠭᠡᠢ ᠶᠤᠮ᠃       ᠭᠤᠷᠪᠡ  ᠂  ᠬᠤᠭᠤᠷ ᠭᠡᠬᠦ ᠭᠡᠬᠦ ᠣᠳᠬ᠎ᠠ ᠠᠴᠠ ᠢᠷᠡᠯᠲᠡᠢ ᠭᠡᠬᠦ ᠦᠵᠡᠯᠲᠡ   ︽ᠳᠤᠮᠳᠠᠳᠤ ᠤᠯᠤᠰ ᠤᠨ ᠭᠠᠵᠠᠷ ᠤᠨ ᠨᠡᠷ᠎ᠡ ᠶᠢᠨ ᠢᠷᠡᠯ ᠭᠠᠷᠤᠯ ᠤᠨ ᠲᠣᠯᠢ  ︾   ᠳᠤ ᠲᠡᠮᠳᠡᠭᠯᠡᠭᠰᠡᠨ ᠢᠶᠠᠷ᠄  ︽ᠬᠤᠤᠯᠢᠨ ᠭᠤᠤᠯ ᠥᠪᠥᠷ ᠮᠣᠩᠭᠤᠯ ᠤᠨ ᠵᠢᠷᠢᠮ ᠠᠶᠢᠮᠠᠭ ᠤᠨ ᠬᠤᠷᠴᠢᠨ ᠪᠠᠷᠠᠭᠤᠨ ᠭᠠᠷᠤᠨ ᠳᠤᠮᠳᠠᠳᠤ ᠬᠤᠰᠢᠭᠤᠨ ᠳᠤ ᠪᠣᠶ᠂ ᠰᠤᠶᠤᠯᠵᠢ ᠠᠭᠤᠯᠠ ᠠᠴᠠ ᠡᠬᠢ ᠠᠪᠴᠤ᠂ ᠤᠰᠤᠨ ᠤᠷᠤᠰᠬᠠᠯ ᠬᠤᠭᠤᠷ ᠲᠠᠲᠠᠵᠤ ᠪᠠᠶᠢᠭ᠎ᠠ ᠮᠡᠲᠦ ᠪᠣᠯᠬᠤᠷ ᠲᠡᠭᠡᠵᠤ ᠨᠡᠷᠡᠶᠢᠳᠴᠡᠢ ᠭᠡᠰᠡᠨ ᠤᠯᠠᠮᠵᠢᠯᠠᠯ ᠲᠠᠢ᠃ ᠡᠰᠡᠬᠦᠯ᠎ᠡ  ︽ᠬᠤᠭᠤᠷ ᠭᠤᠣᠯ  ︾ ᠭᠡᠵᠦ ᠣᠷᠴᠢᠭᠤᠯᠤᠨ  ︽ᠬᠤᠭᠤᠷ  ︾ ᠭᠡᠰᠡᠨ ᠤᠳᠬ᠎ᠠ   ᠶᠢ ᠬᠠᠳᠠᠭᠠᠯᠠᠵᠡᠢ︾ ﹇9﹈ ᠭᠡᠰᠡᠨ᠃ ᠡᠨᠡ ᠬᠦ ᠵᠦᠶᠴᠢᠯᠡᠯᠲᠡ  ᠨᠢ ᠶᠠᠮᠠᠷ ᠴᠤ ᠲᠡᠦᠬᠡᠨ ᠰᠤᠷᠪᠤᠯᠵᠢ ᠪᠢᠴᠢᠭ ᠤᠨ ᠦᠨᠳᠦᠰᠦᠯᠡᠯ ᠪᠠᠶᠢᠬᠤ ᠦᠭᠡᠢ  ᠠᠴᠠ ᠨᠠᠶᠢᠳᠠᠪᠤᠷᠢ ᠦᠭᠡᠢ ᠪᠠᠷᠢᠮᠲᠠ ᠪᠤᠯᠤᠭᠰᠠᠨ ᠪᠠᠶᠢᠨ᠎ᠠ᠃       ᠲᠦᠷᠪᠡ  ᠂ ᠬᠠᠪᠤᠷ  ᠭᠡᠬᠦ ᠣᠳᠬ᠎ᠠ ᠠᠴᠠ ᠢᠷᠡᠯᠲᠡᠢ ᠭᠡᠬᠦ ᠦᠵᠡᠯᠲᠡ   ᠶᠠᠫᠣᠨ ᠤ ᠡᠷᠳᠡᠮᠲᠡᠨ  ᠭᠦ᠋ ᠭᠤᠸᠠᠩ ᠱᠢ ᠶᠢᠨ ᠵᠣᠬᠢᠶᠠᠭᠰᠠᠨ  ︽ᠮᠠᠨᠵᠤ ᠶᠢᠨ ᠭᠠᠵᠠᠷ ᠤᠨ ᠨᠡᠷ᠎ᠡ ᠶᠢᠨ ᠰᠢᠨᠵᠢᠯᠡᠯ  ︾   ᠳᠤ ᠲᠡᠮᠳᠡᠭᠯᠡᠭᠰᠡᠨ ᠢᠶᠠᠷ᠄  ︽ ᠡᠨᠡ ᠨᠢ ᠮᠣᠩᠭᠤᠯ ᠬᠡᠯᠡᠨ ᠳᠤ ᠬᠠᠪᠤᠷ ᠤᠨ ᠤᠯᠠᠷᠢᠯ ᠭᠡᠰᠡᠨ ᠤᠳᠬ᠎ᠠ ᠲᠠᠢ᠃  ︾᠃ ᠡᠭᠦᠨ ᠠᠴᠠ ᠭᠠᠳᠠᠨ᠎ᠠ  ︽ᠮᠣᠩᠭᠤᠯ ᠭᠠᠵᠠᠷ ᠤᠨ ᠨᠡᠷ᠎ᠡ ᠶᠢᠨ ᠲᠠᠶᠢᠯᠪᠤᠷᠢ  ︾ ᠳᠤ᠂  ︽ᠮᠣᠩᠭᠤᠯ ᠬᠡᠯᠡᠨ  ᠳᠤ ᠬᠠᠭᠤᠯ ᠨᠢ ᠬᠠᠪᠤᠷ ᠤᠨ ᠤᠯᠠᠷᠢᠯ ᠤᠨ ᠤᠳᠬ᠎ᠠ ᠶᠢ ᠬᠠᠳᠠᠭᠠᠯᠠᠵᠡᠢ  ᠂ ᠳᠠᠷᠤᠢ ᠮᠣᠩᠭᠤᠯ ᠬᠡᠯᠡᠨ ᠳᠤ  ︽ᠬᠠᠭᠤᠯ  ︾ ᠪᠣᠯ ᠬᠠᠪᠤᠷ ᠭᠡᠳᠡᠭ》᠃ ᠠᠳᠡ ᠮᠣᠩᠭᠤᠯ ᠬᠡᠯᠡᠨ ᠤ  ︽ᠬᠠᠭᠤᠯ qagul  ︾ ᠢ  ︽ᠬᠠᠪᠤᠷ qabur  ︾ ᠭᠡᠵᠦ ᠤᠩᠰᠢᠭᠠᠳ᠂ ᠳᠠᠬᠢᠨ  ︽qabur  ︾ ᠭᠡᠬᠦ ᠦᠭᠡ ᠶᠢᠨ  ᠲᠠᠭᠤᠳᠠᠯᠭ᠎ᠠ ᠪᠠᠷ  ︽ᠬᠠᠪᠤᠷ  ︾ ᠭᠡᠬᠦ ᠲᠠᠭᠠᠮᠠᠭᠯᠠᠯ ᠬᠢᠭᠰᠡᠨ ᠠᠴᠠ ᠪᠤᠷᠤᠭᠤ ᠳ᠋ᠦᠩᠨᠡᠯᠲᠡ ᠪᠤᠯᠤᠭᠰᠠᠨ‌ᠨᠢ ᠢᠯᠡᠷᠬᠡᠶ ᠪᠠᠶᠢᠨ᠎ᠠ᠃        ᠲᠠᠪᠤ  ᠂  ᠬᠤᠭᠤᠯᠡᠢ ᠶᠢᠨ ᠭᠤᠣᠯ ᠭᠡᠬᠦ ᠣᠳᠬ᠎ᠠ ᠠᠴᠠ  ᠢᠷᠡᠯᠲᠡᠢ ᠭᠡᠬᠦ ᠦᠵᠡᠯᠲᠡ   ᠭᠠᠵᠠᠷ ᠤᠰᠤᠨ ᠤ ᠨᠡᠷ᠎ᠡ ᠪᠠᠨ ᠭᠠᠵᠠᠷ ᠤᠨ ᠪᠠᠶᠢᠴᠠ ᠭᠠᠵᠠᠷ ᠤᠨ ᠭᠠᠳᠠᠷᠭᠤ ᠪᠠᠷ ᠨᠡᠷᠡᠶᠢᠳᠬᠦ ᠨᠢ ᠨᠡᠭᠦᠳᠡᠯᠴᠢᠨ ᠦᠨᠳᠦᠰᠦᠲᠡᠨ ᠤ ᠳᠠᠳᠬᠠᠯ ᠪᠤᠯᠤᠨ᠎ᠠ᠃ ᠬᠤᠤᠯᠢᠨ ᠭᠤᠤᠯ ᠠᠭᠤᠯᠠᠨ ᠤ ᠬᠥᠨᠳᠡᠶ ᠪᠠᠷ ᠤᠷᠤᠰᠴᠣ ᠪᠠᠶᠢᠨ᠎ᠠ  ᠃ ᠷᠢᠨᠴᠢᠨᠳᠣᠷᠵᠢ   ᠮᠣᠩᠭᠤᠯ ᠬᠡᠯᠡᠨ ᠤ ᠭᠠᠵᠠᠷ ᠤᠨ ᠨᠡᠷ᠎ᠡ   ᠶᠢ  ᠬᠠᠮᠠᠭᠠᠯᠠᠬᠤ ᠲᠤᠬᠠᠢ ᠰᠢᠨᠵᠢᠯᠡᠯ  ︾ ᠭᠡᠬᠦ ᠨᠣᠮ  ᠳᠠᠭᠠᠨ  ︽ᠬᠤᠤᠯᠢᠨ ᠭᠤᠤᠯ  ︾ ᠭᠡᠳᠡᠭ ᠦᠭᠡ ᠶᠢᠨ ᠤᠳᠬ᠎ᠠ ᠶᠢ ᠲᠠᠭᠠᠮᠠᠭᠯᠠᠵᠤ ᠪᠢᠴᠢᠬᠦ   ᠳᠤ ᠪᠠᠨ᠄  ᠮᠣᠩᠭᠤᠯ ᠬᠡᠯᠡᠨ ᠳᠤ ᠠᠭᠤᠯᠠᠨ ᠬᠥᠨᠳᠡᠶ ᠶᠢ  ᠪᠠᠰᠠ   ︽ᠬᠤᠭᠤᠯᠡᠢ︾  ᠭᠡᠳᠡᠭ ᠪᠤᠯᠬᠤᠷ ︽ᠬᠤᠤᠯᠢᠨ︾ ᠭᠡᠬᠦ ᠦᠭᠡ ᠶᠢ ︽ᠬᠤᠭᠤᠯᠡᠢ ᠶᠢᠨ︾ ᠭᠡᠵᠤ ᠰᠡᠷᠭᠦᠭᠡᠭᠡᠳ ᠶᠡᠷᠦᠩᠬᠡᠢ ᠨᠡᠷ᠎ᠡ ᠭᠤᠣᠯ ᠢ ᠵᠠᠯᠭᠠᠪᠡᠯ ︽ᠬᠤᠭᠤᠯᠡᠢ ᠶᠢᠨ ᠭᠤᠣᠯ︾  ᠪᠤᠯᠴᠢᠬᠠᠬᠤ ᠶᠤᠮ᠃  ᠡᠨᠡ ᠮᠡᠲᠦ ᠪᠠᠷ ᠦᠨᠦᠳᠦᠷ ᠤᠨ ᠬᠤᠤᠯᠢᠨ ᠭᠤᠣᠯ ᠤᠨ ᠮᠣᠩᠭᠤᠯ ᠲᠠᠭᠤᠳᠠᠯᠭ᠎ᠠ ︽ᠬᠤᠤᠯᠢᠨ ᠭᠤᠤᠯ︾ ᠢ ︽ᠬᠤᠭᠤᠯᠠᠢ ᠶᠢᠨ ᠭᠤᠣᠯ︾ ᠤᠨ ᠠᠪᠢᠶᠠᠨ ᠤ ᠬᠤᠪᠢᠷᠠᠯ ᠮᠦᠨ ᠭᠡᠵᠤ ᠦᠵᠡᠪᠡᠯ  ᠲᠤᠰ ᠭᠤᠣᠯ ᠤᠨ ᠪᠠᠶᠢᠭᠠᠯᠢ ᠶᠢᠨ ᠭᠠᠵᠠᠷ ᠵᠦᠢ ᠶᠢᠨ ᠪᠠᠶᠢᠳᠠᠯ ᠲᠠᠢ ᠨᠡᠯᠢᠶᠡᠳ ᠨᠡᠶᠢᠴᠡᠬᠦ ᠮᠥᠷᠲᠡᠭᠡᠨ ᠭᠠᠵᠠᠷ ᠤᠨ ᠨᠡᠷ᠎ᠡ ᠶᠢᠨ ᠪᠦᠷᠢᠯᠳᠦᠬᠦ ᠵᠢᠮ᠎ᠡ ᠬᠠᠤᠯᠢ ᠲᠠᠢ ᠨᠡᠶᠢᠴᠡᠵᠦ ᠪᠠᠶᠢᠬᠤ ᠶᠤᠮ  ﹇12﹈᠃ ᠭᠡᠪᠡᠴᠦ ᠲᠡᠷᠡ ᠪᠤᠯ ᠵᠥᠪᠬᠡᠨ ᠲᠠᠭᠠᠮᠠᠭᠯᠠᠯ ᠲᠡᠳᠦᠢ᠂ ᠭᠦᠢᠴᠡᠳ ᠲᠡᠦᠬᠡᠨ ᠮᠠᠲ᠋ᠧᠷᠢᠶᠠᠯ ᠤᠨ ᠦᠨᠳᠦᠰᠦᠯᠡᠯ ᠪᠠᠶᠢᠬᠤ ᠦᠭᠡᠢ ᠭᠡᠵᠦ ᠬᠡᠯᠡᠪᠡ᠃ ᠤᠷᠤᠰ ᠤᠨ ᠭᠠᠵᠠᠷ ᠵᠦᠢ ᠶᠢᠨ ᠤᠬᠠᠭᠠᠨᠲᠠᠨ ᠬ᠋᠊ ·ᠨ᠊ · ᠫᠤᠲ᠋ᠧᠨᠢᠨ   ᠤ  ︽ᠮᠣᠩᠭᠤᠯ ᠤᠨ ᠣᠶᠢᠯᠠᠪᠤᠷᠢ  ︾ ᠭᠡᠬᠦ ᠨᠣᠮ ᠤᠨ ᠬᠤᠶᠠᠳᠤᠭᠠᠷ ᠪᠦᠯᠦᠭ ᠲᠤ  ︽ᠶᠡᠭᠡ ᠬᠢᠩᠭᠠᠨ ᠳᠠᠪᠠᠭᠠᠨ ᠤ ᠳᠤᠮᠳᠠ ᠬᠡᠰᠡᠭ ᠢᠶᠠᠷ ᠠᠶᠠᠯᠠᠭᠰᠠᠨ ᠨᠢ  ︵1899 ᠣᠨ ᠤ ᠵᠤᠨ︶︾   ᠳᠤ᠄  ︽ᠬᠠᠪᠴᠢᠯ ᠤᠨ ᠠᠮᠠᠰᠠᠷ ᠲᠤ ᠵᠣᠭᠰᠣᠪᠠᠯ  ᠮᠦᠭᠦᠴᠢᠨ ︵莫古钦︶ ᠭᠤᠣᠯ ᠪᠣᠯᠤᠨ    ᠬᠠᠭᠤᠯ ᠤᠨ ᠭᠤᠣᠯ ︵霍伦戈尔河︶   ᠤᠨ ᠬᠥᠨᠳᠡᠢ ᠶᠢᠨ ᠡᠷᠬᠢᠨ ᠲᠣᠭᠤᠷᠢᠨ   ᠳᠤ ᠪᠠᠨ ᠠᠭᠤᠯᠠᠰ ᠢ ᠣᠯᠵᠤ ᠬᠠᠷᠠᠬᠤ ᠪᠣᠯᠤᠨ᠎ᠠ᠃ ᠭᠤᠣᠯ ᠤᠨ ᠬᠥᠨᠳᠡᠢ ᠶᠢᠨ 7 ᠪᠤᠶᠤ 8 ᠣᠷᠲᠣ ᠶᠢᠨ ᠥᠷᠭᠡᠨ ᠬᠥᠨᠳᠡᠢ  ᠶᠢᠨ ᠠᠮᠠ ᠨᠢ ᠠᠭᠤᠯᠠᠨ ᠬᠠᠪᠴᠢᠯ ᠢ ᠨᠠᠭᠠᠯᠳᠤᠵᠤ᠂ ᠭᠤᠣᠯ ᠤᠨ ᠬᠥᠨᠳᠡᠢ ᠶᠢ ᠲᠠᠭᠠᠵᠦ ᠪᠠᠭᠤᠪᠠᠯ᠂ ᠪᠢᠳᠡ ᠳᠠᠷᠤᠢ  ᠮᠦᠭᠦᠴᠢᠨ ︵ ᠮᠦᠭᠦᠲᠦ 莫古图︶ ᠭᠤᠣᠯ ᠤᠨ ᠡᠷᠭᠢ ᠳᠤ ᠬᠦᠷᠳᠡᠭ᠃ ᠲᠤᠰ ᠭᠤᠣᠯ ᠤᠨ ᠬᠥᠨᠳᠡᠶ ᠨᠢ ᠵᠠᠮ ᠤᠨ ᠪᠠᠷᠠᠭᠤᠨ ᠲᠠᠯ᠎ᠠ ᠳᠤ ᠪᠠᠶᠢᠬᠤ ᠲᠤᠯᠠ᠂ ᠨᠥᠭᠦᠭᠡ ᠨᠢᠭᠡ ᠬᠡᠰᠡᠭ ᠨᠢ ᠪᠠᠰᠠ ᠪᠠᠷᠠᠭᠤᠨ ᠲᠠᠯ᠎ᠠ ᠶᠢᠨ ᠦᠷᠭᠦᠯᠵᠢᠯᠡᠨ ᠢᠷᠡᠭᠰᠡᠨ ᠭᠤᠣᠯ ᠤᠨ ᠬᠥᠨᠳᠡᠶ ᠲᠠᠢ ᠨᠡᠶᠢᠯᠡᠵᠦ ᠪᠠᠶᠢᠨ᠎ᠠ᠂ ᠲᠡᠷᠡ ᠬᠡᠰᠡᠭ ᠬᠥᠨᠳᠡᠶ ᠳᠤ ᠪᠠᠶᠢᠬᠤ ᠨᠢ  ᠬᠠᠭᠤᠯ ᠤᠨ ᠭᠤᠣᠯ ᠤᠨ ᠳᠡᠭᠡᠳᠦ ᠤᠷᠤᠰᠬᠠᠯ ᠤᠨ ᠬᠡᠰᠡᠭ ᠪᠣᠯᠤᠨ᠎ᠠ᠃ ᠵᠠᠷᠤᠳ ᠬᠤᠰᠢᠭᠤᠨ ᠤ ᠨᠢᠭᠡ ᠬᠥᠮᠦᠨ ᠤ ᠬᠡᠯᠡᠬᠦ ᠪᠠᠷ᠂  ᠬᠠᠭᠤᠯ ᠤᠨ  ᠭᠤᠣᠯ ︵ᠬᠠᠭᠤᠯ ᠭᠤᠣᠯ︶ ᠲᠤᠷ ᠮᠥᠷᠡᠨ ᠳᠤ ᠤᠷᠤᠰᠤᠨ ᠣᠷᠣᠳᠠᠭ ᠭᠡᠨ᠎ᠡ᠂ ᠲᠡᠷᠡ ᠪᠠᠰᠠ ᠵᠠᠯᠭᠠᠭᠠᠳ ᠲᠤᠷ ︵托罗河︶ ᠮᠥᠷᠡᠨ ᠳᠤᠷ ᠤᠷᠤᠰᠤᠨ ᠤᠷᠤᠵᠤ᠂ ᠪᠠᠰᠠ ᠨᠦᠩ ᠨᠢ ᠾᠧ(农尼河) ᠭᠤᠣᠯ ᠳᠤ ᠤᠷᠤᠰᠤᠨ ᠣᠷᠣᠨ᠎ᠠ᠂ ᠪᠢᠳᠡ ᠬᠠᠭᠤᠯ ᠤᠨ ᠭᠤᠣᠯ ᠤᠨ ᠵᠡᠭᠦᠨ ᠡᠷᠭᠢ ᠶᠢ ᠲᠠᠭᠠᠨ ᠤᠷᠤᠭᠰᠢᠯᠠᠨ᠎ᠠ  ︾ ﹇ 13﹈᠃ ᠳᠡᠭᠡᠷᠡᠬᠢ ᠲᠡᠮᠳᠡᠭᠯᠡᠯ ᠠᠴᠠ  ︽霍伦戈尔︾ ᠪᠤᠶᠤ ︽霍雷音戈尔︾  ᠢ  ᠲᠤᠬᠠᠶ ᠶᠢᠨ ᠦᠶ᠎ᠡ ᠶᠢᠨ ᠵᠠᠷᠤᠳ ᠬᠤᠰᠢᠭᠤᠨ ᠤ ᠬᠥᠮᠦᠰ ᠤᠨ ᠲᠠᠶᠢᠯᠪᠤᠷᠢᠯᠠᠯᠲᠠ ᠪᠠᠷ  ︽霍雷音戈尔︾   ᠢ  ᠮᠣᠩᠭᠤᠯ ᠬᠡᠯᠡᠨ ᠳᠤ ᠰᠡᠷᠭᠦᠭᠡᠨ ᠪᠢᠴᠢᠪᠡᠯ  ︽ᠬᠤᠭᠤᠯᠠᠢ ᠶᠢᠨ ᠭᠤᠤᠯ︾  ᠪᠣᠯᠤᠨ᠎ᠠ᠃  ︽ ᠬᠤᠭᠤᠯᠠᠢ ᠶᠢᠨ︾ ᠭᠡᠰᠡᠨ ᠨᠢ  ︽ ᠬᠦᠨᠳᠡᠢ ᠬᠤᠭᠤᠯᠡᠢ ᠶᠢᠨ  ︾ ᠭᠡᠰᠡᠨ ᠤᠳᠬ᠎ᠠ ᠪᠠᠷ ᠢᠯᠡᠷᠡᠭᠰᠡᠨ ᠨᠢ ᠲᠤᠳᠤᠷᠬᠠᠢ ᠪᠠᠶᠢᠨ᠎ᠠ᠃    ᠡᠭᠦᠨ ᠠᠴᠠ ᠭᠠᠳᠠᠨ᠎ᠠ᠂ ᠮᠦᠩᠭᠦᠨᠪᠠᠶᠠᠷ ᠤᠨ《 ᠬᠤᠤᠯᠢᠨ ᠭᠤᠤᠯ ᠬᠤᠲᠠ ᠶᠢᠨ ᠮᠣᠩᠭᠤᠯ ᠬᠡᠯᠡᠨ ᠤ ᠭᠠᠵᠠᠷ  ᠤᠨ ᠨᠡᠷ᠎ᠡ ᠶᠢᠨ ᠢᠷᠡᠯᠲᠡ ᠪᠠ ᠠᠭᠤᠯᠭ᠎ᠠ ᠶᠢᠨ ᠲᠤᠬᠠᠶ 》 ᠭᠡᠬᠦ ᠵᠣᠬᠢᠶᠠᠯ ᠳᠤ᠄ ᠨᠠᠶᠠᠨ ᠨᠠᠰᠤᠲᠠᠶ ᠨᠠᠰᠤᠨ ᠤ ᠠᠮᠠᠷᠠᠯᠲᠠ ᠪᠠᠨ ᠠᠪᠤᠭᠰᠠᠨ ᠨᠢᠭᠡᠨ ᠰᠧᠯᠾᠧᠵᠠᠪ ᠨᠠᠰᠤᠲᠠᠨ ᠪᠣᠶ᠂ ᠲᠡᠷᠡ ᠪᠣᠯ ᠤᠤᠯ  ᠠᠴᠠ ᠬᠤᠤᠯᠢᠩᠭᠤᠣᠯ ᠬᠤᠲᠠ  ᠶᠢᠨ ᠬᠠᠪᠢ ᠪᠠᠷ ᠰᠠᠭᠤᠵᠤ ᠪᠠᠶᠢᠭᠰᠠᠨ ᠮᠣᠩᠭᠤᠯ ᠬᠥᠮᠦᠨ ᠶᠤᠮ᠂  ᠪᠤᠷᠤᠬᠤᠵᠡᠷ ᠳᠤ ᠳᠦᠷᠦᠵᠦ᠂ ᠪᠠᠭ᠎ᠠ   ᠳᠤ ᠪᠠᠨ ᠬᠥᠨᠳᠡᠶ ᠬᠠᠨ  ︵ᠬᠠᠴᠢᠨ ᠠᠭᠤᠯᠠ  ︶   ᠤ ᠳᠣᠤᠷ᠎ᠠ ᠨᠡᠭᠦᠳᠡᠯᠯᠡᠨ ᠮᠠᠯᠵᠢᠵᠤ  ᠪᠠᠶᠢᠵᠡᠢ᠃ ᠨᠠᠰᠤᠲᠠᠨ ᠤ ᠬᠡᠯᠡᠬᠦ ᠪᠠᠷ ᠂  ᠵᠠᠷᠤᠳ ᠬᠤᠰᠢᠭᠤᠨ ᠤ ᠬᠤᠶᠢᠲᠤ ᠬᠡᠰᠡᠭ ᠲᠤ  ᠵᠡᠭᠦᠨᠰᠢ ᠪᠠᠷᠠᠭᠤᠨᠰᠢ ᠴᠢᠭᠯᠡᠯ ᠤᠨ ᠭᠤᠷᠪᠠᠨ ᠬᠤᠩᠬᠢᠯ ᠲᠠᠢ᠂ ᠳᠠᠷᠤᠶ ᠪᠠᠭ᠎ᠠ ᠬᠢᠩᠭᠠᠨ ᠠᠯᠲᠠᠨ ᠳᠠᠪᠠᠭ᠎ᠠ ᠪᠠᠷ ᠪᠠᠷᠢᠮᠵᠢᠶ᠎ᠠ ᠪᠣᠯᠭᠠᠵᠤ᠂ ᠳᠠᠪᠠᠭᠠᠨ ᠤ ᠡᠮᠦᠨ᠎ᠡ ᠲᠠᠯ᠎ᠠ ᠶᠢ  ︽ᠥᠪᠥᠷ ᠬᠥᠨᠳᠡᠶ  ︾ ᠭᠡᠳᠡᠭ᠂ ᠥᠪᠥᠷ ᠭᠡᠳᠡᠭ ᠨᠢ ᠳᠠᠪᠠᠭ᠎ᠠ ᠶᠢᠨ ᠡᠮᠦᠨ᠎ᠡ ᠲᠠᠯ᠎ᠠ ᠶᠢ ᠵᠢᠭᠠᠵᠤ ᠪᠠᠶᠢᠨ᠎ᠠ᠂  ︽ᠬᠥᠨᠳᠡᠶ  ︾ ᠭᠡᠳᠡᠭ ᠨᠢ ᠪᠠᠶᠠᠨᠪᠤᠯᠠᠭ ᠲᠣᠭᠤᠷᠢᠭ ᠪᠣᠯᠤᠨ ᠤᠯᠠᠭᠠᠨᠬᠠᠳᠠ ᠣᠷᠴᠢᠮ ᠤᠨ ᠬᠤᠩᠬᠢᠯ ᠪᠤᠯᠤᠨ᠎ᠠ᠂ ᠳᠠᠪᠠᠭᠠᠨ ᠤ ᠬᠤᠶᠢᠲᠤ ᠲᠠᠯ᠎ᠠ ᠨᠢ  ︽ᠠᠷᠤ ᠬᠥᠨᠳᠡᠶ︾ ᠪᠠ  ︽ᠬᠤᠭᠤᠯᠠᠶ  ᠬᠥᠨᠳᠡᠶ︾ ᠭᠡᠬᠦ ᠬᠤᠶᠠᠷ ᠬᠤᠩᠭᠢᠯ ᠪᠠᠶᠢᠳᠠᠭ᠃  ︽ᠬᠤᠭᠤᠯᠠᠶ  ︾ ᠪᠣᠯ  ︽ᠠᠭᠤᠯᠠᠨ ᠬᠥᠨᠳᠡᠶ  ︾ ᠭᠡᠰᠡᠨ ᠤᠳᠬ᠎ᠠ ᠲᠠᠢ᠂  ︽ᠬᠤᠤᠯᠢᠨ ᠭᠤᠤᠯ  ︾ ᠪᠣᠯ ᠠᠭᠤᠯᠠᠨ ᠬᠥᠨᠳᠡᠶ ᠶᠢᠨ ᠬᠤᠩᠭᠢᠯ ᠤᠨ ᠨᠠᠷᠢᠨ ᠪᠥᠭᠡᠳ ᠣᠷᠳᠣ ᠭᠠᠵᠠᠷ ᠵᠦᠶ ᠶᠢᠨ ᠣᠨᠴᠠᠯᠢᠭ ᠢᠶᠠᠷ ᠨᠡᠷᠡᠶᠢᠳᠦᠭᠰᠡᠨ ᠶᠤᠮ᠃ ᠡᠭᠦᠨ ᠤ ᠬᠠᠮᠲᠤ᠂ ᠡᠨᠡ ᠭᠤᠷᠪᠠᠨ ᠠᠭᠤᠯᠠᠨ ᠬᠥᠨᠳᠡᠶ ᠶᠢᠨ ᠬᠤᠩᠭᠢᠯ ᠳᠤ ᠲᠤᠰ ᠲᠤᠰ ᠨᠢᠭᠡ ᠭᠤᠣᠯ ᠲᠠᠢ ᠪᠠᠶᠢᠵᠤ᠂ ᠭᠤᠣᠯ ᠤᠨ ᠨᠡᠷ᠎ᠡ ᠪᠠᠨ ᠠᠭᠤᠯᠠ ᠶᠢᠨ ᠬᠦᠨᠳᠡᠢ ᠶᠢᠨ ᠬᠡᠯᠪᠡᠷᠢ ᠪᠠᠷ ᠨᠡᠷᠡᠯᠡᠭᠰᠡᠨ ᠪᠠᠶᠢᠨ᠎ᠠ᠂ ᠳᠠᠷᠤᠶ  ︽ᠥᠪᠥᠷ ᠬᠥᠨᠳᠡᠶ ᠭᠤᠣᠯ  ︾᠂  ︽ᠠᠷᠤ ᠬᠥᠨᠳᠡᠶ ᠭᠤᠣᠯ  ︾᠂ ︽ᠬᠤᠭᠤᠯᠠᠢ ᠭᠤᠣᠯ  ︾ ᠭᠡᠬᠦ ᠭᠤᠷᠪᠠᠨ ᠭᠤᠣᠯ ᠪᠣᠯᠤᠨ᠎ᠠ᠃ ᠬᠤᠵᠢᠮ ᠨᠢ ᠬᠥᠮᠦᠰ  ︽ᠬᠤᠭᠤᠯᠠᠢ ᠶᠢᠨ ᠭᠤᠣᠯ  ︾ ᠳᠣᠲᠣᠷᠠᠬᠢ  ︽ᠬᠤᠭᠤᠯᠠᠢ  ︾   ᠶᠢ ᠳᠥᠭᠦᠮᠴᠢᠯᠡᠭᠡᠳ  ︽ᠬᠤᠤᠯᠢᠨ  ︾ ᠭᠡᠵᠦ᠂  ︽ᠬᠤᠣᠯᠢᠨ ᠭᠤᠣᠯ  ︾ ᠪᠣᠯᠭᠠᠵᠠᠢ᠃ ᠨᠠᠰᠤᠲᠠᠨ ᠮᠦᠨ ᠨᠦᠬᠦᠪᠦᠷᠢᠯᠡᠨ ᠶᠠᠷᠢᠬᠤ   ᠳᠤ ᠪᠠᠨ ︽ᠬᠦᠨᠳᠡᠢ ᠬᠠᠨ ︵ᠠᠭᠤᠯᠠᠨ ᠬᠦᠨᠳᠡᠢ︶︾ ᠪᠠ  ︽ᠬᠦᠨᠳᠡᠢ ᠶᠢᠨ ᠭᠤᠣᠯ  ︾   ᠠᠴᠠ ᠬᠤᠯᠠ ᠦᠭᠡᠢ ᠪᠠᠷᠠᠭᠤᠨ ᠦᠵᠦᠮᠦᠴᠢᠨ ᠨᠤᠳᠤᠭ ᠲᠤ   ︽ᠬᠤᠭᠤᠯᠠᠢ ᠶᠢᠨ ᠭᠤᠣᠯ ᠪᠠᠯᠭᠠᠰᠤ  ︾ ﹇14﹈ ᠭᠡᠵᠦ ᠪᠤᠢ᠃ ᠳᠡᠭᠡᠷᠡᠬᠢ ᠬᠤᠶᠠᠷ ᠵᠢᠱᠢᠶ᠎ᠡ   ᠳᠤ ᠬᠢ ᠬᠢᠲᠠᠳ ᠬᠡᠯᠡᠨ ᠤ ᠠᠪᠢᠶᠠᠴᠢᠯᠠᠭᠰᠠᠨ ᠣᠷᠴᠢᠭᠤᠯᠭ᠎ᠠ  ᠪᠤᠯᠬᠤ ︽霍雷音戈尔  ︾ ᠪᠣᠯᠤᠨ  ︽霍来音郭勒︾ ᠨᠢ  ᠠᠳᠠᠯᠢ ᠨᠢᠭᠡ ᠦᠭᠡ ᠶᠢᠨ  ᠠᠳᠠᠯᠢ ᠪᠤᠰᠤ ᠲᠠᠭᠤᠳᠠᠯᠭ᠎ᠠ ᠪᠤᠯᠬᠤ ᠪᠦᠭᠡᠳ ᠮᠣᠩᠭᠤᠯ ᠬᠡᠯᠡᠨ   ᠳᠤ ᠰᠡᠷᠭᠦᠭᠡᠨ ᠪᠢᠴᠢᠪᠡᠯ ︽ᠬᠤᠭᠤᠯᠡᠢ ᠶᠢᠨ ᠭᠤᠤᠯ ︾ ᠪᠤᠯᠣᠨ᠎ᠠ᠃    ᠡᠨᠡ ᠬᠦ  ᠮᠠᠭᠠᠳᠯᠠᠯ ᠤᠨ ᠣᠨᠣᠪᠴᠢᠲᠤ ᠴᠢᠨᠠᠷ ᠢ ᠨᠤᠲᠠᠯᠠᠬᠤ ᠶᠢᠨ ᠲᠥᠯᠥᠭᠡ᠂  ᠰᠧᠯᠾᠧᠵᠠᠪ ᠨᠠᠰᠤᠲᠠᠨ ᠪᠣᠯᠤᠨ ᠮᠥᠩᠭᠦᠨᠪᠠᠶᠠᠷ ᠲᠠᠢ ᠲᠠᠬᠢᠨ  ᠠᠭᠤᠯᠵᠠᠪᠠ᠃  ᠨᠠᠰᠤᠲᠡᠨ ᠬᠤᠤᠯᠢᠨ ᠭᠤᠤᠯ ᠤᠨ ᠡᠬᠢ ᠨᠢ ᠭᠤᠤᠯ ᠮᠥᠷᠡᠨ ᠤ ᠲᠣᠰ ᠪᠡᠶ᠎ᠡ ᠶᠢ ᠣᠯᠵᠤ ᠬᠠᠷᠠᠬᠤ ᠥᠬᠡᠶ᠂ ᠠᠭᠤᠯᠠᠨ ᠵᠢᠯᠠᠭ᠎ᠠ ᠶᠢᠨ ᠬᠤᠭᠤᠯᠠᠶ ᠬᠡᠯᠪᠡᠷᠢᠲᠦ ᠠᠭᠤᠯᠠ ᠠᠴᠠ ᠤᠷᠤᠰᠤᠨ ᠭᠠᠷᠴᠤ᠂ ᠠᠭᠤᠯᠠᠨ ᠳᠡᠭᠡᠷ᠎ᠡ ᠵᠣᠭᠰᠣᠪᠠᠯ ᠭᠠᠵᠠᠷ ᠳᠣᠤᠷᠠᠬᠢ ᠤᠰᠤᠨ ᠤ ᠤᠷᠤᠰᠬᠠᠯ ᠤᠨ ᠲᠠᠭᠤᠨ ᠢ ᠣᠯᠵᠤ ᠰᠣᠨᠣᠰᠤᠨ᠎ᠠ ᠭᠡᠵᠦ ᠪᠠᠲᠤᠲᠠᠶ ᠬᠡᠯᠡᠵᠦ ᠪᠠᠶᠢᠯ᠎ᠠ᠃ ᠡᠶᠢᠮᠤ ᠮᠥᠷᠲᠡᠭᠡᠨ ᠨᠠᠷᠢᠨ ᠤᠷᠲᠤ ᠭᠠᠵᠠᠷ ᠤᠨ ᠪᠠᠶᠢᠴᠠ ᠨᠢ ᠮᠠᠰᠢ ᠤᠷᠲᠤ ᠬᠡᠰᠡᠭ ᠭᠠᠵᠠᠷ ᠦᠷᠭᠦᠯᠵᠢᠯᠡᠨ᠎ᠡ᠃ ᠮᠥᠩᠭᠦᠨᠪᠠᠶᠠᠷ᠄  ︽ᠲᠤᠬᠠᠶ ᠶᠢᠨ ᠭᠠᠵᠠᠷ ᠤᠨ ᠮᠠᠯᠴᠢᠳ ᠤᠨ ᠨᠤᠲᠤᠭ  ᠤᠨ  ᠠᠶᠠᠯᠭᠤᠨ ᠳᠤ ᠨᠠᠷᠢᠨ ᠣᠷᠳᠣ ᠠᠭᠤᠯᠠᠨ ᠬᠥᠨᠳᠡᠶ ᠶᠢ  ᠬᠠᠭᠤᠯ  ᠭᠡᠳᠡᠭ᠂  ᠬᠤᠭᠤᠯᠠᠢ ᠪᠠᠷ ᠤᠷᠤᠰᠤᠨ ᠥᠩᠭᠡᠷᠡᠬᠦ ᠭᠤᠣᠯ ᠢ ᠬᠠᠭᠤᠯ ᠭᠤᠣᠯ ᠭᠡᠳᠡᠭ  ︾ ᠭᠡᠵᠤ ᠶᠠᠷᠢᠵᠤ ᠪᠠᠶᠢᠯ᠎ᠠ᠃ ᠲᠡᠭᠡᠪᠡᠯ ᠬᠠᠭᠤᠯ ᠭᠤᠤᠯ  ︵ᠬᠤᠣᠯᠢᠨ ᠭᠤᠤᠯ  ︶ ᠪᠣᠯ ᠳᠠᠷᠤᠶ ᠬᠥᠨᠳᠡᠶ ᠬᠤᠭᠤᠯᠡᠢ ᠶᠢᠨ ᠭᠤᠤᠯ ᠪᠣᠯᠤᠨ᠎ᠠ᠃    ᠳᠡᠭᠡᠷ᠎ᠡ ᠶᠠᠷᠢᠭᠰᠠᠨ ᠢ ᠬᠤᠷᠢᠶᠠᠩᠭᠤᠶᠢᠯᠠᠪᠠᠯ᠂ ᠪᠢᠳᠡ ᠲᠡᠦᠬᠡ ᠰᠣᠶᠣᠯ ᠭᠠᠵᠠᠷ ᠤᠨ ᠨᠡᠷ᠎ᠡ ᠶᠢᠨ ᠦᠨ᠎ᠡ ᠴᠡᠨ᠎ᠡ  ᠶᠢᠨ ᠵᠠᠷᠴᠢᠮ ᠪᠠ  ︽ᠨᠢᠭᠡᠨᠲᠡ ᠵᠠᠩᠰᠢᠭᠰᠠᠨ ᠢ ᠵᠣᠷᠰᠢᠯ ᠢᠶᠠᠷ ᠶᠠᠪᠤᠭᠤᠯᠬᠤ᠂ ᠨᠡᠷ᠎ᠡ ᠨᠢ ᠡᠵᠡᠨ ᠢᠶᠠᠨ ᠳᠠᠭᠠᠬᠤ  ︾ ﹇15﹈ ᠵᠠᠷᠴᠢᠮ ᠢ ᠵᠢᠷᠤᠮᠯᠠᠵᠤ᠂ ᠲᠤᠬᠠᠶ ᠶᠢᠨ ᠭᠠᠵᠠᠷ ᠤᠨ ᠮᠣᠩᠭᠤᠯᠴᠤᠳ ᠤᠨ ᠣᠶᠢᠯᠠᠭᠠᠯᠲᠠ ᠪᠠ ᠲᠠᠶᠢᠯᠪᠤᠷᠢᠯᠠᠯᠲᠠ   ᠳᠤ ᠰᠠᠭᠤᠷᠢᠯᠠᠨ  ᠂ ᠥᠪᠥᠷ ᠮᠣᠩᠭᠤᠯ ᠤᠨ ᠥᠪᠡᠷᠲᠡᠭᠡᠨ ᠵᠠᠰᠠᠬᠤ ᠣᠷᠣᠨ ᠤ ᠲᠦᠩᠯᠢᠶᠣᠤ ᠬᠤᠲᠠ ᠶᠢᠨ ᠬᠠᠷᠢᠶᠠᠨ   ᠳᠤ   ᠬᠢ ᠰᠢᠶᠠᠨ ᠤ ᠲᠠᠰ ᠤᠨ ᠬᠤᠲᠠ ᠪᠤᠯᠬᠤ  ︽ ᠬᠤᠤᠯᠢᠩᠭᠤᠤᠯ‌ᠬᠤᠲᠠ  ︾   ᠶᠢᠨ ᠨᠡᠷᠡᠶᠢᠳᠦᠯ ᠵᠢᠴᠢ  ︽ᠬᠤᠣᠯᠢᠨ ᠭᠤᠣᠯ ᠤᠨ ᠨᠡᠭᠦᠷᠡᠰᠦᠨ ᠠᠭᠤᠷᠬᠠᠶ  ︾ ᠶᠢᠨ ᠪᠦᠯᠦᠭᠯᠡᠯ ᠤᠨ ᠨᠡᠷᠡᠶᠢᠳᠦᠯ ᠵᠡᠷᠭᠡ ᠲᠡᠦᠬᠡ ᠰᠣᠶᠣᠯ ᠤᠨ ᠠᠬᠤᠶ ᠪᠠᠶᠢᠳᠠᠯ  ᠢ ᠦᠨᠳᠦᠰᠦᠯᠡᠨ᠂  ︽ᠬᠤᠣᠯᠢᠨ ᠭᠤᠣᠯ  ︾ ᠭᠡᠰᠡᠨ  ᠨᠡᠷ᠎ᠡ ᠶᠢ ᠦᠷᠭᠦᠯᠵᠢᠯᠡᠨ ᠬᠡᠷᠡᠭᠯᠡᠵᠦ᠂  ᠬᠢᠲᠠᠳ ᠨᠡᠷᠡᠶᠢᠳᠦᠯ ᠢ ᠨᠡᠷ᠎ᠡ   ᠶᠢ ︽霍林郭勒︾ ᠭᠡᠵᠦ ᠨᠢᠭᠡᠳᠭᠡᠬᠦ ᠶᠢ ᠰᠠᠨᠠᠭᠤᠯᠵᠤ ᠪᠠᠶᠢᠨ᠎ᠠ᠃   ᠵᠣᠬᠢᠶᠠᠭᠴᠢ ᠶᠢᠨ  ᠬᠠᠶ᠋ᠢᠭ᠄ ᠦᠪᠦᠷ ᠮᠣᠩᠭᠤᠯ ᠤᠨ ᠪᠠᠭᠰᠢ ᠶᠢᠨ ᠶᠡᠭᠡ ᠰᠣᠷᠭᠠᠭᠤᠯᠢ ᠶᠢᠨ ᠲᠡᠤᠬᠡ ᠰᠣᠳᠤᠯᠤᠯ ᠤᠨ ᠲᠡᠭᠡᠳᠤ ᠰᠤᠷᠭᠠᠭᠤᠯᠢ
 
ᠢᠷᠡᠯᠲᠡ᠄ ᠦᠪᠤᠷ ᠮᠤᠩᠭᠤᠯ ᠤᠨ ︽ᠨᠡᠶᠢᠬᠡᠮ︾ ᠰᠡᠳᠬᠦᠯ
 
 
ᠬᠠᠮᠢᠶ᠎ᠡ ᠪᠦᠬᠦᠢ ᠰᠣᠨᠢᠨ
 
2014-2015 ©  ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备05070829号