ᠠᠮᠢ ᠨᠠᠰᠤᠨ ᠤ ᠬᠦᠨᠳᠦ
ᠨᠡᠶᠢᠲᠡᠯᠡᠭᠰᠡᠨ ᠴᠠᠭ᠄
2021/5/12
        — ︽ᠰᠢᠨ᠎ᠡ ᠲᠢᠲᠢᠮᠯᠢᠭ ᠠᠭᠤᠰᠭᠢᠨ ᠦᠷᠪᠢᠰᠦᠯ︾ ᠢ ᠬᠤᠷᠢᠭᠯᠠᠬᠤ ᠳᠠᠶᠢᠨ ᠳᠤ᠂ ᠰᠢᠵᠢᠷ ᠠᠯᠲᠠᠨ ᠠᠮᠢ ᠨᠠᠰᠤ ᠪᠠᠨ ᠵᠣᠷᠢᠭᠤᠯᠤᠭᠰᠠᠨ ᠴᠢᠨ ᠬᠤᠩ ᠱᠦᠵᠢ ᠳᠤ ᠵᠣᠷᠢᠭᠤᠯᠪᠠ                                                                                                                            ᠴ᠊ · ᠪᠦᠬᠡᠳᠡᠯᠭᠡᠷ ᠰᠤᠷᠪᠤᠯᠵᠢᠯᠠᠪᠠ     ᠬᠦᠮᠦᠨ ᠤ ︽ᠠᠮᠢ ᠨᠠᠰᠤ︾ ᠶᠢ ᠲᠡᠩᠨᠡᠭᠦᠷ ᠢᠶᠠᠷ ᠲᠡᠩᠨᠡᠵᠦ᠂ ᠲᠠᠦᠬᠠᠢ ᠭᠦᠶᠦᠯᠭᠡᠵᠦ ᠳᠠᠩᠰᠠᠯᠠᠵᠤ ᠳᠡᠶᠢᠯᠳᠡᠭ ᠬᠤᠶᠢᠨ᠎ᠠ ᠲᠡᠭᠦᠨ ᠤ ︽ᠬᠦᠨᠳᠦ ᠶᠢᠨ ᠵᠢᠩ︾ ᠨᠢ ᠬᠡᠳᠦᠢ ᠪᠠᠶᠢᠳᠠᠭ ᠪᠣᠯ⁈ ᠮᠦᠩᠭᠦ ᠪᠠᠷ ᠲᠣᠭᠠᠴᠠᠯᠠᠵᠤ ᠠᠯᠲᠠ ᠪᠠᠷ ᠦᠨᠡᠯᠡᠵᠦ ᠪᠣᠯᠳᠠᠭ ᠬᠤᠶᠢᠨ᠎ᠠ ᠲᠡᠭᠦᠨ ᠤ ︽ᠦᠨ᠎ᠡ ᠦᠷᠲᠡᠭ︾ ᠨᠢ ᠬᠡᠳᠦᠢ ᠪᠠᠶᠢᠳᠠᠭ ᠪᠣᠯ⁈ ᠠᠶ᠎ᠠ᠂ ᠣᠷᠴᠢᠯᠠᠩ ᠬᠢᠵᠠᠭᠠᠷ ᠦᠭᠡᠢ ᠲᠠᠢ ᠠᠳᠠᠯᠢ᠂ ᠬᠦᠮᠦᠨ ᠤ ᠠᠮᠢ ᠨᠠᠰᠤ ᠴᠤ ᠦᠨᠡᠯᠡᠰᠢ ᠦᠭᠡᠢ ᠠᠵᠢ︕    ︽ᠴᠢᠨ ᠬᠤᠩ︾ ᠭᠡᠳᠡᠭ ᠨᠢᠭᠡ ᠨᠡᠷ᠎ᠡ ᠴᠡᠭᠡᠵᠢ ᠤᠶᠤᠨ ᠤ ᠮᠠᠨᠢ ᠴᠡᠭᠡᠯ ᠦᠨᠳᠦᠷ ᠲᠡᠭᠷᠢ ᠳᠤ ᠰᠠᠷᠠ ᠲᠠᠢ ᠰᠦᠨᠢ ᠶᠢᠨ ᠰᠠᠷᠠ᠂ ᠰᠠᠷᠠ ᠦᠭᠡᠢ ᠰᠦᠨᠢ ᠶᠢᠨ ᠨᠠᠷᠠ ᠪᠣᠯᠵᠤ ᠣᠯᠠᠨ ᠣᠯᠠᠨ ᠡᠳᠦᠷ ᠬᠤᠨᠤᠭ ᠭᠡᠷᠡᠯᠳᠦᠵᠡᠢ᠃ ᠶᠠᠭᠠᠬᠢᠭᠠᠳ ᠶᠤᠮ ᠪᠢᠯᠡ ᠶᠠᠭᠠᠬᠢᠭᠠᠳ ᠴᠦ ᠶᠤᠮ ᠪᠢᠯᠡ⁈ ᠭᠡᠵᠦ ᠤᠷᠪᠠᠨ ᠬᠦᠷᠪᠡᠨ ᠣᠯᠠᠨ ᠣᠯᠠᠨ ᠤᠴᠢᠭ ᠪᠣᠳᠤᠯ ᠤᠶᠤᠨ ᠢ ᠮᠢᠨᠢ ᠢᠷᠯᠡᠵᠦ᠂ ᠤᠬᠠᠭᠠᠨ ᠢ ᠮᠢᠨᠢ ᠬᠡᠭᠡᠯᠡᠵᠦ ᠦᠷᠢᠶᠡᠴᠡᠯᠳᠦᠨ ᠬᠦᠪᠦᠷᠡᠨᠡᠮ ᠪᠢᠯᠡ᠃     ᠰᠢᠪᠠᠭᠤ ︽ᠦᠳᠦᠨ︾ ᠳᠡᠭᠡᠨ ᠡᠭᠡᠯᠢᠲᠡᠢ᠂ ᠬᠦᠮᠦᠨ ︽ᠠᠮᠢ ᠨᠠᠰᠤᠨ︾ ᠳᠠᠭᠠᠨ ᠬᠠᠶᠢᠷᠠᠲᠠᠢ᠃ ᠤᠴᠢᠷ ᠨᠢ ︽ᠡᠭᠡᠵᠦ ᠢᠷᠡᠬᠦ ᠦᠭᠡᠢ᠂ ᠣᠯᠠᠨ ᠳᠠᠪᠲᠠᠭᠳᠠᠬᠤ ᠦᠭᠡᠢ︾ ᠶᠠᠭᠤᠮᠠᠨ ᠳᠠᠭᠠᠨ ᠡᠭᠡᠯᠢ ᠬᠠᠶᠢᠷ᠎ᠠ ᠲᠠᠢ ᠪᠠᠶᠢᠳᠠᠭ ᠪᠣᠯ ︽ᠠᠮᠢᠲᠠᠨ ᠭᠤᠣᠯᠳᠠᠨ ᠤ ᠣᠣᠷ ᠠᠷᠠᠨᠰᠢ︾ ᠠᠵᠢ᠃     ᠠᠮᠢ ᠨᠠᠰᠤ ᠡᠬᠢᠯᠡᠨ ᠪᠦᠷᠢᠯᠳᠦᠬᠦ ᠳᠡᠭᠡᠨ ︽ᠤᠶᠤᠳᠠᠯ ᠤᠨ ᠵᠡᠭᠦᠦ︾ ᠶᠢᠨ ᠦᠵᠦᠭᠦᠷ ᠲᠤ᠂ ︽ᠬᠤᠨᠤᠭ ᠠᠮᠤ ︾ ᠲᠣᠭᠲᠠᠬᠤ ᠶᠢᠨ ᠬᠦᠴᠢᠷ ᠲᠠᠪᠢᠯᠠᠩ ᠢᠶᠠᠷ ᠪᠦᠷᠢᠯᠳᠦᠳᠡᠭ᠃ ᠠᠮᠢ ᠨᠠᠰᠤ ᠣᠷᠤᠰᠢᠨ ᠲᠣᠭᠲᠠᠨᠢᠬᠤ ᠳᠠᠭᠠᠨ ᠨᠠᠷᠠ ᠰᠠᠷᠠᠨ ᠤ ᠭᠡᠷᠡᠯ ᠤᠨ ᠵᠣᠷᠪᠤᠰ ᠢᠶᠠᠷ ᠨᠠᠨᠳᠢᠨ ᠡᠷᠬᠢᠮ ᠪᠦᠬᠦᠨ ᠢ ᠡᠷᠢᠭᠡᠯᠡᠵᠦ᠂ ᠠᠮᠢᠰᠬᠤᠵᠤ ᠠᠮᠢᠳᠤᠷᠠᠬᠤ ᠶᠢᠨ ᠢᠶᠠᠨ ᠲᠤᠭᠠᠯᠠᠩ ᠢᠶᠠᠷ ᠠᠷᠢᠭᠤᠨ ᠡᠷᠬᠢᠮᠰᠦᠭ ᠴᠡᠩᠬᠡᠷ ᠪᠦᠮᠪᠦᠷᠴᠡᠭ ᠤᠨ ︽ᠠᠮᠢ ᠨᠠᠰᠤᠨ ᠤ ᠠᠶ᠎ᠠ︾ ᠶᠢ ᠬᠦᠭᠯᠡᠵᠦ ᠣᠷᠤᠰᠢᠳᠠᠭ᠃ ᠠᠮᠢᠳᠤᠷᠠᠵᠤ ᠶᠠᠪᠤᠭ᠎ᠠ ᠣᠣᠷ ᠬᠡᠨ ᠨᠢᠭᠡᠨ ᠳᠤ ᠴᠦ ︽ᠠᠮᠢ ᠨᠠᠰᠤ︾ ᠡᠷᠭᠢᠵᠦ ᠢᠷᠡᠬᠦ ᠦᠭᠡᠢ᠃ ︽ᠠᠮᠢ ᠨᠠᠰᠤ︾ ᠶᠢ ︽ᠠᠯᠲᠠ︾ ᠪᠠᠷ ᠵᠦᠢᠷᠯᠡᠬᠦ ᠭᠡᠭᠴᠢ ᠮᠠᠨᠠᠢ ᠦᠨᠡᠨ ᠳᠡᠭᠡᠨ ︽ᠠᠳᠠᠭ ᠤᠨ ᠳᠣᠣᠷᠠᠳᠤ︾ ᠵᠦᠢᠷᠯᠡᠯ ᠶᠤᠮ ᠰᠠᠨ ᠁     ᠠᠷᠭ᠎ᠠ ᠶᠢᠨ ᠲᠣᠭᠠᠯᠠᠯ ᠤᠨ 2020 ᠣᠨ ᠤ 1 ᠰᠠᠷ᠎ᠠ ᠶᠢᠨ 25᠂ ᠳᠠᠷᠤᠢ ᠪᠢᠯᠢᠭ ᠤᠨ ᠤᠯᠠᠷᠢᠯ ᠤᠨ ᠴᠠᠭᠠᠨ ᠰᠠᠷ᠎ᠠ ᠶᠢᠨ ᠰᠢᠨ᠎ᠡ ᠨᠢᠭᠡᠨ ᠤ ᠦᠷᠯᠦᠭᠡ— ︽ᠬᠢᠵᠢᠭ︾ ᠤᠨ ᠲᠤᠬᠠᠢ ᠬᠦᠨᠳᠦ ᠴᠢᠮᠡᠭᠡ᠂ ᠬᠠᠲᠠᠭᠤ ᠵᠠᠷᠯᠢᠭ ᠬᠦᠯᠢᠶᠡᠭᠰᠡᠨ ᠨᠢᠭᠡᠨ ᠡᠪ ᠬᠠᠮᠲᠤ ᠨᠠᠮ ᠤᠨ ᠭᠡᠰᠢᠭᠦᠨ᠂ ᠳᠤᠮᠳᠠᠲᠤ ᠤᠯᠤᠰ ᠤᠨ ᠨᠢᠭᠡᠨ ᠭᠠᠴᠠᠭ᠎ᠠ ᠲᠤᠰᠬᠤᠨ ᠤ ᠭᠤᠣᠯᠯᠠᠭᠴᠢ ᠬᠠᠷᠢᠭᠤᠴᠠᠯᠭᠠᠲᠠᠨ᠂ ᠪᠣᠷᠤᠭᠵᠢᠭᠤᠨ ᠡᠷ᠎ᠡ ᠪᠣᠶᠤ ᠲᠠᠷᠢᠶᠠᠴᠢᠨ ᠬᠦᠮᠦᠨ ᠪᠠᠴᠢᠮᠳᠠᠯ ᠰᠠᠨᠳᠤᠷᠤᠯ ᠤᠨ ᠳᠤᠮᠳᠠ ᠰᠢᠨ᠎ᠡ ᠶᠢᠨ ᠨᠢᠭᠡᠨ ᠤ ᠪᠠᠩᠰᠢ ᠪᠠᠨ ᠴᠦ ᠰᠢᠮᠡᠲᠡᠢ ᠬᠡᠳᠦ ᠢᠳᠡᠯ ᠦᠭᠡᠢ ᠴᠡᠮᠴᠡᠭᠡᠷᠭᠡᠨ ᠪᠣᠷᠤ ᠪᠠᠶᠢᠰᠢᠩ ᠤᠨ ᠬᠠᠭᠠᠯᠭ᠎ᠠ ᠬᠠᠶᠠᠵᠤ ᠭᠠᠷᠴᠤ ᠢᠷᠡᠵᠡᠢ᠃      ︽ᠴᠢᠰᠤᠨ ᠳᠠᠷᠤᠯᠲᠠ ᠪᠠᠭᠤᠷᠠᠭᠤᠯᠬᠤ ᠡᠮ ᠢᠶᠠᠨ ᠠᠪᠤᠭᠰᠠᠨ ᠦᠦ⁈︾ ᠭᠡᠵᠦ ᠰᠠᠨᠠᠭ᠎ᠠ ᠪᠣᠯᠵᠤ ᠬᠠᠰᠭᠢᠷᠤᠭᠰᠠᠨ ᠰᠡᠳᠬᠢᠯ ᠤᠨ ᠬᠠᠶᠢᠷᠠᠲᠤ ᠪᠦᠰᠡᠭᠦᠢ ᠶᠢᠨ ᠬᠢᠨᠢ ᠦᠭᠡ᠂ ᠴᠢᠬᠢᠨ ᠤ ᠬᠢᠨᠢ ᠠᠷᠤ ᠳᠤ ᠬᠠᠶᠠᠭᠳᠠᠵᠠᠢ᠃     ︽ᠡᠪᠦᠭᠡ ᠡ᠂ ᠡᠷᠲᠡ ᠬᠠᠷᠢᠵᠤ ᠢᠷ᠎ᠡ ᠡ ᠁︾ ᠭᠡᠵᠦ ᠬᠠᠰᠭᠢᠷᠤᠭᠰᠠᠨ ᠣᠮᠪᠤᠯᠤ ᠦᠬᠢᠨ ᠤ ᠬᠢᠨᠢ ᠦᠭᠡ᠂ ᠦᠷᠦ ᠵᠢᠷᠦᠬᠡᠨ ᠠᠴᠠ ᠨᠢ ᠤᠭᠵᠠᠷᠠᠨ ᠲᠠᠲᠠᠬᠤ ᠰᠢᠭ᠋ ᠰᠣᠨᠤᠰᠳᠠᠭᠰᠠᠨ ᠴᠦ ᠲᠡᠷᠡ ᠡᠷᠭᠢᠵᠦ ᠬᠠᠷᠠᠬᠤ ᠶᠢ ᠵᠣᠷᠢᠭᠯᠠᠭᠰᠠᠨ ᠦᠭᠡᠢ᠃ ᠤᠴᠢᠷ ᠨᠢ ︽ᠨᠠᠮ ᠤᠨ ᠵᠢᠭᠠᠪᠤᠷᠢ᠂ ᠵᠠᠰᠠᠭ ᠤᠨ ᠵᠠᠷᠯᠢᠭ ᠪᠣᠯ ᠠᠮᠢ ᠨᠠᠰᠤᠨ ᠠᠴᠠ ᠬᠦᠨᠳᠦ ︕︾ ᠭᠡᠵᠦ ᠬᠠᠶᠢᠷ᠎ᠠ᠂ ᠬᠠᠷᠢᠭᠤᠴᠠᠯᠭ᠎ᠠ ᠶᠢ ᠬᠡᠵᠢᠶᠡᠲᠡ ᠣᠪᠤᠭ ᠤᠨ ᠢᠶᠠᠨ ᠦᠰᠦᠭ᠂ ᠠᠯᠳᠠᠷ ᠤᠨ ᠢᠶᠠᠨ ᠲᠢᠳᠢᠮ ᠪᠣᠯᠭᠠᠵᠤ ᠶᠠᠪᠤᠭᠰᠠᠨ ᠡᠨᠡ ᠬᠠᠲᠠᠭᠤ ᠡᠷ᠎ᠡ ᠠᠯᠢ ᠬᠡᠳᠦᠶᠢᠨ ᠪᠣᠳᠤᠵᠤ ᠵᠠᠩᠰᠢᠭᠰᠠᠨ ᠶᠤᠮ ᠪᠦᠯᠦᠭᠡ᠃      ᠢᠩᠭᠢᠬᠦ ᠳᠤ᠂ ᠡᠨᠡ ᠬᠦᠮᠦᠨ ᠬᠡᠨ ᠶᠤᠮ ᠪᠤᠢ⁈ ᠡᠨᠡ ᠬᠦᠮᠦᠨ ᠪᠣᠯ ᠦᠪᠦᠷ ᠮᠣᠩᠭᠤᠯ ᠤᠨ ᠲᠦᠩᠯᠢᠶᠣᠣ ᠬᠤᠲᠠ ᠶᠢᠨ ᠬᠤᠷᠴᠢᠨ ᠵᠡᠭᠦᠨ ᠭᠠᠷᠤᠨ ᠳᠤᠮᠳᠠᠳᠤ ᠬᠤᠰᠢᠭᠤᠨ ᠤ ᠪᠣᠣ ᠯᠦᠭ ᠱᠠᠨ ᠪᠠᠯᠭᠠᠰᠤᠨ ᠤ ᠪᠠᠷᠠᠭᠤᠨ ᠪᠣᠣ ᠯᠦᠩ ᠱᠠᠨ ᠭᠠᠴᠠᠭᠠᠨ ᠤ ᠱᠦᠵᠢ ᠴᠢᠨ ᠬᠤᠩ︕      ︽ᠦᠨᠡᠨ ᠤ ᠮᠦᠷ ᠲᠤ ᠬᠦᠳᠦᠰ ᠡᠷ᠎ᠡ᠂ ᠠᠮᠢᠳᠤᠷᠠᠯ ᠤᠨ ᠮᠦᠷ ᠲᠤ ᠤᠬᠠᠭᠠᠯᠢᠭ ᠡᠷ᠎ᠡ᠂ ᠠᠵᠢᠯ ᠤᠨ ᠮᠦᠷ ᠲᠤ ᠠᠪᠢᠶᠠᠰᠯᠢᠭ ᠡᠷ᠎ᠡ᠂ ᠠᠶᠠᠨ ᠤ ᠮᠦᠷ ᠲᠤ ᠲᠠᠭᠠᠭᠠᠮᠠᠭᠠᠢ ᠡᠷ᠎ᠡ᠂ ᠡᠭᠡᠯ ᠲᠦᠮᠡᠨ ᠳᠤ ᠰᠢᠳᠤᠷᠭᠤ ᠡᠷ᠎ᠡ᠂ ᠦᠷᠢᠭᠦᠦ ᠵᠦᠷᠢᠭᠦᠦ ᠳᠤ ᠬᠠᠲᠠᠭᠤ ᠡᠷ᠎ᠡ᠂ ᠦᠨᠡᠨ ᠤ ᠮᠦᠷ ᠲᠤ ᠦᠨᠡᠨᠴᠢ ᠡᠷ᠎ᠡ ᠁︾ ᠭᠡᠵᠦ ᠠᠶᠠᠯᠠᠨ ᠰᠣᠷᠪᠤᠯᠵᠢᠯᠠᠬᠤ ᠶᠠᠪᠤᠴᠠ ᠳᠤ ᠠᠷᠠᠳ ᠵᠤᠨ ᠠᠴᠠ  ᠰᠣᠨᠤᠰᠤᠭᠰᠠᠨ ᠡᠨᠡ ᠬᠦ ︽ᠰᠣᠨᠤᠰᠬᠠᠯ︾ ᠢᠶᠠᠷ ︽ᠠᠷᠠᠳ ᠤᠨ ᠵᠠᠷᠤᠴᠠ᠂ ᠠᠷᠠᠯ ᠤᠨ ᠱᠠᠷ︾ ᠴᠢᠨ ᠬᠤᠩ ᠱᠦᠵᠢ ᠶᠢ ᠠᠪᠰᠠᠷᠬᠠᠨ ᠲᠠᠨᠢᠯᠴᠠᠭᠤᠯᠬᠤ ᠳᠤ ᠦᠭᠡ ᠶᠢᠨ ᠬᠤᠮᠰᠠᠳᠠᠯ᠂ ᠦᠭᠦᠯᠡᠪᠦᠷᠢ ᠶᠢᠨ ᠲᠠᠲᠠᠭᠤᠳᠠᠯ ᠭᠡᠵᠦ ᠡᠭᠡᠯ ᠪᠢᠷᠯᠡᠭᠴᠢ ᠪᠢ ᠦᠯᠦ ᠪᠣᠳᠤᠨᠠᠮ ᠡ᠃ ᠤᠴᠢᠷ ᠨᠢ ︽ᠠᠷᠠᠳ ᠲᠦᠮᠡᠨ ᠤ ᠠᠮᠠᠨ ᠠᠭᠤᠷ ᠠᠯᠲᠠ ᠬᠠᠰ ᠢ ᠰᠢᠷᠭᠠᠭᠠᠬᠤ︾ ᠶᠤᠮ ᠬᠤᠶᠢᠨ᠎ᠠ ᠳ᠋ᠠ︕      2020 ᠣᠨ ᠤ 1 ᠰᠠᠷ᠎ᠠ ᠶᠢᠨ 25 ᠠᠴᠠ ᠡᠬᠢᠯᠡᠵᠦ᠂ ︽ᠪᠠᠷᠴᠢᠳᠲᠤ ᠺᠣᠷᠤᠨᠠ︾ ᠶᠢ ᠡᠰᠡᠷᠭᠦᠴᠡᠨ ᠬᠤᠷᠢᠭᠯᠠᠬᠤ ᠪᠠᠲᠤ ᠪᠠᠬᠢᠯᠡᠯᠲᠡ ᠪᠠᠷᠠᠭᠤᠨ ᠪᠣᠣ ᠯᠦᠩ ᠱᠠᠨ ᠭᠠᠴᠠᠭᠠᠨ ᠳᠤ ᠪᠣᠰᠤᠯ᠎ᠠ᠃ ᠨᠠᠮ ᠤᠨ ᠭᠡᠰᠢᠭᠦᠨ᠂ ᠰᠠᠶᠢᠨ ᠳᠤᠷᠠᠴᠤᠳ ᠲᠡᠷᠢᠭᠦᠯᠡᠵᠦ ᠴᠢᠨ ᠬᠤᠩ ᠱᠦᠵᠢ ᠶᠢᠨ ᠢᠶᠠᠨ ᠲᠣᠭᠤᠷᠢᠨ ᠳᠤ ᠴᠢᠩᠭ᠎ᠠ ᠪᠠᠲᠤ ᠰᠡᠷᠭᠡᠶᠢᠯᠡᠯᠲᠡ ᠶᠢᠨ ᠬᠡᠷᠡᠮ ᠪᠣᠯᠵᠤ ᠪᠣᠰᠤᠯ᠎ᠠ᠃      ︽ᠲᠦᠢᠳᠭᠡᠷᠲᠦ ᠺᠣᠷᠤᠨᠠ︾ ᠶᠢ ᠡᠰᠡᠷᠭᠦᠴᠡᠬᠦ ᠳᠠᠶᠠᠭᠠᠷ ᠳᠤᠮᠳᠠᠳᠤ᠂ ᠳᠡᠯᠡᠬᠡᠢ ᠨᠡᠶᠢᠲᠡ ᠶᠢᠨ ᠡᠨᠡ ᠬᠦ ︽ᠳᠠᠶᠢᠨ︾ ᠤ ᠪᠠᠭᠠᠰᠬᠠᠯ ᠵᠢᠷᠤᠭ ᠢ ᠪᠢᠳᠡ ︽ᠪᠠᠷᠠᠭᠤᠨ ᠪᠣᠣ ᠯᠦᠩ ᠱᠠᠨ ᠭᠠᠴᠠᠭᠠᠨ︾ ᠳᠤ ᠳᠡᠯᠭᠡᠵᠦ ᠦᠵᠡᠬᠦ ᠭᠡᠬᠦ ᠲᠦᠰᠦᠭᠡᠯᠡᠯ ᠬᠢᠬᠦ ᠳᠤ ᠪᠣᠯᠬᠤ ᠦᠭᠡᠢ ᠨᠢ ᠶᠠᠭᠤ ᠶᠤᠮ ᠪᠢᠯᠡ⁈ ︽ᠪᠠᠭᠠᠲᠤᠷᠴᠤᠳ ᠮᠠᠨᠳᠤᠳᠤᠭᠠᠢ︕︾ ᠁ ᠠᠶᠤᠯ ᠭᠠᠮᠰᠢᠭ ᠢᠶᠠᠷ ᠳᠦᠭᠦᠷᠦᠭᠰᠡᠨ ᠠᠮᠢ ᠬᠦᠵᠢᠷᠡᠬᠦ ᠲᠤᠯᠤᠯᠳᠤᠭᠠᠨ ᠳᠤ ᠦᠷᠦᠭᠡᠯ ᠪᠣᠰᠤᠳ ᠤᠨ ᠲᠦᠯᠦᠭᠡ᠂ ᠡᠭᠦᠷᠭᠡ ᠬᠠᠷᠢᠭᠤᠴᠠᠯᠭ᠎ᠠ ᠶᠢᠨ ᠲᠦᠯᠦᠭᠡ᠂ ᠦᠵᠡᠯᠲᠡ ᠵᠣᠭᠰᠤᠯᠲᠠ ᠦᠨᠡᠨ ᠲᠠᠩᠭᠠᠷᠢᠭ ᠤᠨ ᠲᠦᠯᠦᠭᠡ ᠦᠬᠦᠵᠦ ᠤᠨᠠᠬᠤ ᠪᠠᠨ ᠦᠯᠦ ᠬᠠᠶᠢᠬᠤᠷᠤᠭᠴᠢ ︽ᠠᠭᠤᠤ ᠶᠡᠭᠡ ᠪᠠᠭᠠᠲᠤᠷᠴᠤᠳ ᠮᠠᠨᠳᠤᠳᠤᠭᠠᠢ︕︾ ᠭᠡᠵᠦ ᠤᠷᠢᠶᠠᠯᠠᠬᠤ ᠳᠤ ᠶᠠᠭᠤᠲᠠᠢ ᠵᠢᠪᠬᠤᠭᠠᠯᠢᠭ᠂ ᠶᠠᠭᠤᠲᠠᠢ ᠴᠣᠣᠷᠢᠶᠠᠯᠢᠭ ᠠᠵᠢ᠃       2020 ᠣᠨ ᠤ 2 ᠰᠠᠷ᠎ᠠ ᠶᠢᠨ 1 ᠤ ᠡᠳᠦᠷ᠂ ᠡᠨᠡ ᠨᠢ ᠡᠷᠡᠰ  ᠬᠠᠲᠠᠨ᠂ ᠢᠳᠡ ᠲᠠᠭᠠᠭᠠᠮᠠᠭᠠᠢ ᠵᠠᠩ  ᠲᠠᠢ ᠡᠷ᠎ᠡ ᠬᠦᠮᠦᠨ — ᠴᠢᠨ ᠬᠤᠩ ᠤᠨ ᠬᠤᠪᠢ ᠳᠤ ︽ᠡᠷᠯᠢᠭ ᠺᠣᠷᠤᠨᠠ︾ ᠲᠠᠢ ᠪᠠᠶᠢᠯᠳᠤᠵᠤ ᠶᠠᠪᠤᠭᠰᠠᠨ  ᠨᠠᠢᠮᠠᠳᠡᠬᠢ ᠡᠳᠦᠷ᠃       ᠳᠠᠶᠢᠨ ᠪᠣᠯ ᠳᠠᠶᠢᠨ᠂ ᠳᠠᠶᠢᠰᠤᠨ ᠪᠣᠯ ᠳᠠᠶᠢᠰᠤᠨ᠃ ︽ᠲᠦᠢᠳᠭᠡᠷᠲᠦ ᠬᠢᠵᠢᠭ ᠺᠣᠷᠣᠨᠠ︾ ᠶᠢᠨ ᠬᠤᠪᠢ ᠳᠤ ᠴᠢ ᠨᠢᠭᠡ ᠡᠳᠦᠷ ᠭᠡᠷ ᠲᠡᠭᠡᠨ ᠠᠮᠠᠷ ᠰᠠᠭᠤᠬᠤ ᠳᠤ᠂ ᠰᠢᠨ᠎ᠡ ᠺᠣᠷᠤᠨᠠ ᠬᠢᠵᠢᠭ ᠬᠠᠷᠢᠨ ᠴᠢᠨᠦ ᠠᠶᠢᠯ ᠲᠤᠰᠬᠤᠨ ᠤᠷᠤᠭᠤ ᠴᠢᠨᠡᠭᠡ ᠪᠠᠷ ᠢᠶᠠᠨ ᠨᠢᠭᠡ ᠠᠯᠬᠤᠮ ᠤᠶᠢᠷ᠎ᠠ ᠲᠦᠭᠦᠵᠦ ᠢᠷᠡᠬᠦ ᠪᠣᠯᠤᠯᠴᠠᠭ᠎ᠠ ᠪᠦᠷᠢᠨ ᠪᠠᠶᠢᠬᠤ ᠶᠢ ᠴᠠᠭᠠᠨ᠎ᠠ ᠨᠢ ᠭᠠᠷᠲᠠᠯ᠎ᠠ ᠮᠡᠳᠡᠵᠦ᠂ ᠰᠡᠳᠬᠢᠯ ᠳᠡᠭᠡᠨ ᠰᠡᠷᠡᠮᠵᠢ ᠶᠢᠨ ᠬᠤᠩᠬᠤ ᠤᠶᠠᠵᠤ ᠶᠠᠪᠤᠭᠰᠠᠨ ᠬᠦᠮᠦᠨ ᠤ ᠨᠢᠭᠡ ᠪᠣᠯ ᠴᠢᠨ ᠬᠤᠩ︕      ᠦᠷᠯᠦᠭᠡ ᠶᠢᠨ ᠬᠤᠭᠤᠯᠠ ᠪᠠᠨ ᠰᠡᠩᠳᠡ ᠮᠡᠩᠳᠡ ᠢᠳᠡᠵᠦ᠂ ᠡᠳᠦᠷ ᠤᠨ ᠵᠢᠵᠢᠭᠦᠷ ᠪᠠᠶᠢᠴᠠᠭᠠᠬᠤ ᠪᠠᠷ ᠭᠠᠷᠬᠤ ᠪᠣᠯᠤᠯ᠎ᠠ᠃ ᠰᠦᠨᠢ ᠵᠢᠵᠢᠭᠦᠷᠯᠡᠵᠦ ᠬᠤᠨᠤᠭᠰᠠᠨ ᠬᠦᠮᠦᠨ ᠤ ᠬᠤᠪᠢ ᠳᠤ᠂ ᠴᠢᠨ ᠬᠤᠩ ᠡᠳᠦᠷ ᠤᠨ ᠡᠭᠡᠯᠵᠢᠨ ᠳᠤ ᠭᠠᠷᠬᠤ ᠦᠭᠡᠢ ᠳᠤ ᠪᠣᠯᠤᠨ᠎ᠠ᠃ ᠭᠡᠲᠡᠯ᠎ᠡ ᠲᠡᠷᠡ ᠶᠡᠷᠦ ᠨᠢ ᠰᠡᠳᠬᠢᠯ ᠠᠮᠤᠷ ᠦᠭᠡᠢ᠃ ᠵᠠᠮ ᠬᠤᠷᠢᠵᠤ᠂ ᠬᠦᠯ ᠬᠤᠷᠢᠵᠤ ᠬᠢᠵᠢᠭ ᠤᠨ ᠬᠠᠯᠳᠠᠪᠤᠷᠢᠯᠠᠯ ᠠᠴᠠ ᠬᠢᠴᠢᠶᠡᠨ ᠰᠡᠷᠡᠮᠵᠢᠯᠡᠵᠦ ᠪᠠᠶᠢᠭ᠎ᠠ ᠬᠦᠨᠳᠦ ᠬᠡᠴᠡᠭᠦᠦ ᠡᠨᠡ ᠡᠷᠢᠨ ᠳᠤ ︽ᠬᠠᠷᠢᠭᠤᠴᠠᠯᠭ᠎ᠠ ᠶᠢᠨ ᠭᠤᠣᠯᠯᠠᠭᠴᠢ ᠬᠦᠮᠦᠨ︾ ᠪᠣᠯ ᠲᠡᠷᠡ ᠰᠢᠦ ᠳ᠋ᠠ︕     ᠭᠡᠷ ᠠᠴᠠ ᠪᠠᠨ ᠭᠠᠷᠬᠤ ᠦᠶ᠎ᠡ ᠳᠤ ᠲᠡᠷᠡ᠂ ᠬᠡᠷᠬᠡᠢ ᠯᠢᠦ ᠭᠤᠸ᠎ᠠ ᠤᠷᠤᠭᠤ ᠪᠠᠨ ᠬᠠᠷᠠᠵᠤ ᠪᠠᠭ᠋ᠠᠨ ᠡᠷᠡᠭ ᠳᠤᠷᠠᠭ ᠭᠡᠰᠡᠨ ᠢᠶᠠᠨ ︽ᠦᠳᠡ ᠳᠤ ᠭᠤᠭᠤᠳ ᠤᠨ ᠰᠢᠶᠠᠨᠰᠠ ᠲᠠᠢ ᠪᠠᠩᠰᠢ ᠢᠳᠡᠬᠦ ᠰᠠᠨᠠᠭ᠎ᠠ︾ ᠪᠠᠨ ᠬᠠᠯᠲᠤ ᠴᠣᠬᠤᠶᠢᠯᠭᠠᠵᠠᠢ᠃ ᠭᠡᠷ ᠭᠠᠳᠠᠨᠠᠬᠢ ᠠᠵᠢᠯ ᠳᠤ ᠪᠡᠬᠡᠷᠡᠭᠦᠯ ᠡᠭᠡᠷᠡᠭᠦᠯ ᠰᠢᠭ ᠡᠷᠬᠢᠵᠦ᠂ ᠪᠣᠷᠪᠢ ᠪᠣᠭᠢᠰᠭᠢᠬᠦ ᠵᠠᠪ ᠦᠭᠡᠢ ᠪᠣᠵᠢᠭᠢᠨᠠᠵᠤ ᠶᠠᠭᠠᠷᠠᠬᠤ ᠶᠢᠨ ᠳᠡᠭᠡᠷ᠎ᠡ ᠡᠪᠡᠳᠴᠢᠨ ᠲᠠᠢ ᠠᠪᠤ ᠡᠵᠢ ᠶᠢ ᠨᠢ ᠡᠮᠰᠡᠭᠯᠡᠨ ᠬᠢᠮᠠᠭᠠᠳᠠᠵᠤ ᠵᠦᠳᠡᠷᠡᠭᠡ ᠡᠬᠡᠨᠡᠷ ᠢᠶᠠᠨ ᠲᠡᠷᠡ ︽ᠦᠷᠦ ᠡᠪᠡᠳᠬᠦ︾ ᠶᠢᠨ ᠲᠦᠯᠦᠭᠡᠨ ᠠᠴᠠ ︽ᠡᠷᠡᠭ ᠲᠤᠷᠠᠭ︾ ᠭᠡᠰᠡᠨ ᠨᠢ ᠯᠠᠪᠲᠠᠢ᠃ ᠬᠦᠨᠳᠦ ᠶᠢ ᠳᠠᠭᠠᠭᠠᠵᠤ᠂ ᠬᠦᠴᠢᠷ ᠢ ᠮᠡᠳᠡᠳᠡᠭ ᠬᠦᠮᠦᠨ ᠨᠢ ᠯᠠ ᠰᠠᠶ᠋ᠢ ︽ᠬᠦᠮᠦᠨ ᠢ ᠣᠶᠢᠯᠠᠭᠠᠵᠤ︾ ᠴᠢᠳᠠᠳᠠᠭ ᠠᠵᠢ᠃       ᠬᠡᠷᠬᠡᠢ ᠨᠢ ᠭᠡᠭᠡᠭᠡᠨ ᠢᠨᠢᠶᠡᠵᠦ᠂ ᠲᠤᠶᠠᠭᠠᠬᠠᠨ ᠮᠢᠰᠢᠶᠡᠵᠦ ᠲᠣᠯᠤᠭᠠᠢ ᠳᠣᠬᠢᠭᠰᠠᠨ ᠨᠢ ᠲᠡᠭᠦᠨ ᠢ ᠲᠤᠩ ᠪᠠᠶᠠᠷᠯᠠᠭᠤᠯᠵᠠᠢ᠃ ᠰᠡᠳᠭᠢᠯ ᠤᠨ ᠮᠡᠳᠡᠯᠴᠡᠭᠡ᠂ ᠬᠠᠶᠢᠷ᠎ᠠ ᠶᠢᠨ ᠣᠶᠢᠯᠠᠭᠠᠯᠴᠠᠭ᠎ᠠ ᠨᠢ ᠬᠦᠮᠦᠨ ᠳᠤ ᠢᠲᠡᠭᠡᠯ ᠤᠨ ᠲᠡᠩᠬᠡᠭᠡ ᠬᠠᠶᠢᠷᠠᠯᠠᠵᠤ᠂ ᠵᠢᠳᠭᠦᠯ ᠤᠨ ᠵᠢᠭᠦᠷ ᠤᠷᠭᠤᠭᠤᠯᠳᠠᠭ ᠤᠴᠢᠷ ᠲᠠᠢ ᠪᠠᠶᠢᠵᠠᠢ᠃      ᠭᠠᠴᠠᠭ᠎ᠠ ᠨᠡᠶᠢᠲᠡ ᠶᠢᠨ ᠠᠵᠢᠯ ᠭᠡᠵᠤ ᠭᠠᠷᠤᠨ ᠣᠷᠤᠨ ᠶᠠᠭᠠᠷᠠᠳᠠᠭ ᠪᠠᠶᠢᠭᠰᠠᠨ ᠴᠢᠨ ᠬᠤᠩ ᠢ ᠬᠡᠷᠬᠡᠢ ᠯᠢᠤ ᠭᠤᠸ᠎ᠠ ᠨᠢ ᠲᠡᠷᠡ ᠪᠣᠯᠭᠠᠨ ᠤᠭᠲᠤᠵᠤ ᠦᠳᠡᠳᠡᠭ ᠦᠭᠡᠢ ᠪᠠᠶᠢᠭᠰᠠᠨ᠃ ᠭᠡᠲᠡᠯ᠎ᠡ ᠦᠨᠦ ᠬᠦᠷᠢᠶ᠎ᠡ ᠡᠭᠦᠳᠡ ᠪᠠᠨ ᠬᠦᠷᠲᠡᠯ᠎ᠡ ᠬᠦᠷᠭᠡᠵᠦ ᠬᠤᠶᠢᠨ᠎ᠠ ᠠᠴᠠ ᠨᠢ ᠤᠲᠠᠲᠠᠯ᠎ᠠ ᠬᠠᠷᠠᠵᠤ ᠵᠣᠭᠰᠤᠵᠠᠢ᠃       ᠭᠡᠲᠡᠯ᠎ᠡ ︽ᠪᠠᠩᠰᠢ ᠬᠢᠯᠭᠡᠬᠦ ᠪᠠᠷ ᠨᠠᠶᠢᠳᠠᠭᠰᠠᠨ︾ ᠪᠦᠲᠦᠨ ᠲᠡᠷᠡ ᠡᠳᠦᠷ ᠲᠡᠭᠡᠨ ᠴᠢᠨ ᠬᠤᠩ ᠪᠤᠴᠠᠵᠤ ᠢᠷᠡᠭᠰᠡᠨ ᠦᠭᠡᠢ ᠪᠠᠰᠠ ᠯᠠ ︽ᠵᠢᠵᠢᠭᠦᠷ ᠤᠨ ᠭᠠᠵᠠᠷ︾ ᠲᠠᠭᠠᠨ ᠬᠤᠨᠤᠵᠠᠢ᠃      ︽ᠲᠦᠢᠳᠭᠡᠷᠲᠦ ᠬᠢᠵᠢᠭ ᠲᠣᠭᠰᠢᠷᠠᠬᠤ ᠪᠠᠷ ᠢᠶᠠᠨ ᠲᠤᠭᠰᠢᠷᠠᠬᠤ ᠴᠤ᠂ ᠲᠡᠭᠷᠢ ᠨᠠᠷᠠ ᠣᠷᠴᠢᠬᠤ ᠪᠠᠷ ᠢᠶᠠᠨ ᠣᠷᠴᠢᠬᠤ ᠶᠢ ᠬᠡᠷᠬᠢᠨ ᠰᠠᠭᠠᠲᠠᠭᠠᠵᠤ ᠳᠡᠶᠢᠯᠬᠦ ᠶᠣᠮ ᠪᠣᠢ︕︾ ᠭᠡᠬᠦ‍ ᠰᠢᠭ ᠳᠠᠷᠠᠭ᠎ᠠ ᠡᠳᠦᠷ ᠤᠨ ᠬᠢᠨᠢ ᠨᠠᠷᠠ ᠲᠠᠯ᠎ᠠ ᠵᠣ ᠶᠢᠨ ᠳᠡᠷᠲᠡᠭᠡ ᠠᠴᠠ ᠮᠠᠨᠳᠤᠬᠤ ᠪᠠᠷ ᠢᠶᠠᠨ ᠮᠠᠨᠳᠤᠨ᠂ 2020 ᠣᠨ ᠤ 2 ᠰᠠᠷ᠎ᠠ ᠶᠢᠨ 2  ᠤᠨ ᠥᠷᠯᠥᠭᠡ ᠪᠣᠯᠵᠠᠢ᠃      ᠵᠢᠩᠳᠠᠮ᠎ᠠ ᠬᠦᠢᠲᠡᠨ ︽ᠵᠢᠵᠢᠭᠦᠷ ᠤᠨ ᠮᠠᠶᠢᠬᠠᠨ︾ ᠳᠠᠭᠠᠨ ᠵᠢᠭᠡᠭᠦᠰᠦᠨ ᠰᠡᠷᠡᠭᠰᠡᠨ ᠴᠢᠨ ᠬᠤᠩ᠂ 5 ᠴᠠᠭ ᠤᠨ ᠦᠶ᠎ᠡ ᠪᠠᠷ ︽ᠬᠢᠵᠢᠭ ᠤᠨ ᠪᠠᠶᠢᠳᠠᠯ ᠢ ᠰᠡᠷᠭᠡᠶᠢᠯᠡᠨ ᠡᠵᠡᠮᠳᠡᠬᠦ ︾ ᠲᠤᠬᠠᠢ ᠳᠡᠭᠡᠲᠦ ᠱᠠᠲᠤᠨ ᠤ ᠵᠢᠭᠠᠪᠤᠷᠢ ᠶᠢ ᠭᠠᠴᠠᠭᠠᠨ ᠤ ᠤᠳᠤᠷᠢᠳᠬᠤ ᠪᠠᠭ ᠪᠣᠯᠤᠨ ᠨᠠᠮ ᠤᠨ ᠭᠡᠰᠢᠭᠦᠳ ᠲᠡᠭᠡᠨ ᠸᠢᠴᠠᠲ ᠢᠶᠠᠷ ᠳᠠᠮᠵᠢᠭᠤᠯᠵᠤ᠂ ᠳᠤᠭᠬᠢᠵᠤ ᠵᠢᠭᠠᠬᠠᠨ ᠨᠣᠶᠢᠷ ᠠᠪᠤᠯ᠎ᠠ᠃      ᠰᠡᠳᠭᠢᠯ ᠳᠡᠭᠡᠨ ᠳᠠᠷᠤᠭᠠᠰᠤ ᠲᠠᠢ ᠤᠨᠲᠠᠭᠰᠠᠨ ᠲᠡᠷᠡ ᠪᠠᠷ ᠰᠡᠭᠭᠢᠵᠦ ᠤᠳᠠᠯ ᠦᠭᠡᠢ ᠰᠡᠷᠡᠵᠦ᠂ ︽8 ᠴᠠᠭ ᠤᠨ ᠦᠶ᠎ᠡ ᠪᠠᠷ ᠭᠠᠴᠠᠭ᠎ᠠ ᠶᠢᠨ ᠭᠡᠷ ᠲᠤ ᠬᠤᠷᠠᠯ ᠲᠠᠢ︕︾ ᠭᠡᠵᠦ ᠡᠯ᠎ᠡ ᠳᠣᠭᠤᠶᠢᠯᠠᠩ ᠤᠨ ᠬᠢᠨ ᠤ ᠳᠠᠷᠤᠭ᠎ᠠ ᠨᠠᠷ ᠲᠠᠭᠠᠨ ᠮᠡᠳᠡᠭᠳᠡᠬᠦ ᠶᠢᠨ ᠬᠠᠮᠲᠤ ︽ᠵᠢᠵᠢᠭᠦᠷ ᠮᠠᠶᠢᠬᠠᠨ︾ ᠠᠴᠠ ᠪᠠᠨ ᠭᠠᠷᠴᠤ ᠶᠠᠪᠤᠯ᠎ᠠ᠃     ᠰᠢᠨ᠎ᠡ ᠨᠢᠭᠡ ᠡᠳᠦᠷ ᠤᠨ ᠨᠠᠷᠠ ᠴᠡᠭᠡᠵᠢ ᠣᠩᠭᠤᠶᠢᠯᠭᠠᠵᠤ᠂ ᠨᠢᠳᠦ ᠭᠢᠯᠪᠠᠭᠤᠯᠵᠤ ᠲᠡᠭᠦᠨ ᠢ ᠤᠭᠲᠤᠨ᠎ᠠ᠃ ᠴᠢᠨ ᠬᠤᠩ ᠰᠢᠨ᠎ᠡ ᠨᠢᠭᠡ ᠡᠳᠦᠷ ᠤᠨ ᠨᠠᠷᠠ ᠶᠢ ᠬᠠᠷᠠᠮᠠᠭᠴᠠ ᠠᠮᠢ ᠨᠠᠰᠤᠨ ᠤ ᠠᠭᠤᠤ ᠶᠡᠭᠡ᠂ ᠠᠮᠢ ᠨᠠᠰᠤᠨ ᠤ ᠬᠦᠴᠢᠷ ᠬᠦᠨᠳᠦ ᠶᠢ ᠠᠭᠱᠠᠨ ᠢᠶᠠᠷ ᠣᠶᠢᠯᠠᠭᠠᠬᠤ ᠰᠢᠭ᠋ ᠪᠣᠯᠵᠤ᠂ ᠴᠡᠯᠮᠡᠭ ᠲᠤᠩᠭᠠᠯᠠᠭ ᠨᠤᠲᠤᠭ ᠤᠨ ᠢᠶᠠᠨ ᠠᠭᠠᠷ ᠢ ᠴᠡᠭᠡᠵᠢ ᠲᠡᠨᠢᠬᠦᠨ ᠭᠦᠨ ᠭᠡᠭᠴᠢ ᠠᠮᠢᠰᠬᠤᠵᠠᠢ᠃     ᠬᠠᠪᠢ ᠲᠣᠭᠤᠷᠢᠨ ᠢᠶᠠᠨ ᠡᠷᠭᠢᠨ ᠤᠷᠪᠠᠨ ᠬᠠᠷᠠᠬᠤ ᠳᠤ ᠭᠠᠴᠠᠭᠠᠨ ᠤ ᠭᠡᠷ ᠨᠢ ᠵᠡᠭᠦᠨ᠎ᠡ ᠬᠠᠷᠠᠭᠳᠠᠵᠤ᠂ ᠦᠪᠡᠷ ᠤᠨ ᠭᠡᠷ ᠨᠢ ᠪᠠᠷᠠᠭᠤᠨ᠎ᠠ ᠬᠠᠷᠠᠭᠳᠠᠬᠤ ᠪᠦᠭᠡᠳ ᠲᠡᠷᠡ ᠪᠠᠷ ᠦᠨᠦ ᠶᠠᠭ ᠭᠠᠴᠠᠭᠠᠨ ᠤ ᠭᠡᠷ ᠪᠠ ᠦᠪᠡᠷ ᠤᠨ ᠭᠡᠷ ᠤᠨ ᠢᠶᠠᠨ ᠲᠦᠪ ᠳᠤᠮᠳᠠᠬᠢ ᠵᠠᠢ ᠳᠡᠭᠡᠷ᠎ᠡ ᠵᠣᠭᠰᠤᠬᠤ ᠠᠵᠢ᠃     ᠦᠪᠡᠷ ᠤᠨ ᠭᠡᠷ ᠤᠨ ᠬᠢᠨᠢ ᠬᠤᠯᠠᠩ ᠠᠴᠠ ᠤᠲᠤᠭ᠎ᠠ ᠰᠤᠭᠤᠨᠠᠭᠯᠠᠵᠤ ︽ᠠᠮᠢ ᠨᠠᠰᠤᠨ︾  ᠤ ᠦᠭᠡᠳᠡ ᠦᠷᠨᠢᠭᠦᠨ ᠢ ᠪᠡᠯᠭᠡᠳᠡᠬᠦ‍ ᠰᠢᠭ᠃ ᠠᠯᠪᠠᠨ ᠭᠠᠵᠠᠷ — ᠭᠠᠴᠠᠭᠠᠨ ᠤ ᠭᠡᠷ ᠤᠨ ᠬᠢᠨᠢ ᠬᠦᠷᠢᠶᠡᠨ ᠳᠤ ᠤᠯᠠᠭᠠᠨ ᠲᠤᠭ ᠨᠠᠮᠢᠷᠠᠵᠤ᠂ ︽ᠠᠷᠠᠳ ᠲᠦᠮᠡᠨ ᠳᠤ ᠦᠢᠯᠡᠴᠢᠯᠡᠶ᠎ᠡ︾ ᠭᠡᠳᠡᠭ ᠠᠭᠤᠤ ᠶᠡᠭᠡ ᠦᠭᠡ ᠶᠢ ᠠᠶᠠᠯᠭᠤᠨ ᠲᠠᠩᠰᠤᠭ ᠳᠠᠭᠤᠯᠠᠬᠤ ᠴᠦ ᠰᠢᠭ᠋ ᠡ︕      ᠲᠡᠷᠡ᠂ ᠭᠡᠷ ᠪᠠ ᠠᠯᠪᠠᠨ ᠤ ᠪᠠᠨ ᠭᠤᠣᠯ ᠲᠦᠪ — ᠳᠤᠮᠳᠠ ᠵᠠᠢ ᠳᠡᠭᠡᠷ᠎ᠡ ᠵᠣᠭᠰᠤᠨ᠎ᠠ᠃ ᠲᠡᠷᠡ ᠬᠡᠷᠬᠡᠢ ᠳᠡᠭᠡᠨ ︽ᠪᠠᠩᠰᠢ ᠬᠢᠯᠭᠡᠬᠦ ᠪᠠᠷ ᠨᠠᠶᠢᠳᠠᠭᠰᠠᠨ︾ ᠢᠶᠠᠨ ᠬᠤᠷᠤᠮᠬᠠᠨ ᠵᠠᠭᠤᠷ᠎ᠠ ᠪᠣᠳᠤᠵᠤ ᠠᠮᠵᠢᠭᠰᠠᠨ ᠴᠦ ᠬᠠᠰᠢ ᠯᠠ ᠭᠠᠴᠠᠭᠠᠨ ᠤ ᠪᠠᠨ ᠭᠡᠷ ᠤᠷᠤᠭᠤ ᠰᠢᠭᠤᠳᠤᠮᠠᠭ ᠡᠷᠭᠢᠵᠦ ᠠᠯᠬᠤᠯᠠᠵᠠᠢ᠃       ᠥᠷᠯᠥᠭᠡ ᠶᠢᠨ 8 ᠴᠠᠭ ᠤᠨ ᠦᠶ᠎ᠡ ᠪᠠᠷ ᠴᠢᠨ ᠬᠤᠩ ᠱᠦᠵᠢ ᠭᠠᠴᠠᠭᠠᠨ ᠤ ᠪᠠᠨ ᠭᠡᠷ ᠤᠷᠤᠭᠤ ᠬᠤᠷᠠᠯ  ᠬᠤᠷᠠᠯᠳᠤᠬᠤ ᠪᠠᠷ ᠶᠠᠪᠤᠵᠤ ᠪᠠᠶᠢᠭᠠᠳ ︽ᠲᠠᠷᠢᠬᠢᠨ ᠳᠤ ᠨᠢ ᠴᠢᠰᠦ ᠬᠠᠷᠪᠣᠵᠤ︾ ᠭᠠᠵᠠᠷ ᠣᠶᠢᠴᠢᠵᠠᠢ᠃      ᠁ ᠬᠡᠷᠪᠡ ︽ᠲᠦᠢᠳᠭᠡᠷᠲᠦ ᠬᠢᠵᠢᠭ ᠺᠣᠷᠣᠨᠠ︾ ᠳᠡᠯᠡᠬᠡᠢ ᠲᠠᠶᠠᠭᠠᠷ ᠢ ᠲᠦᠢᠪᠡᠭᠡᠭᠰᠡᠨ ᠦᠭᠡᠢ ᠪᠣᠯ ᠁ ᠬᠡᠷᠪᠡ ︽ᠠᠶᠤᠯᠲᠤ ᠬᠢᠵᠢᠭ︾  ᠢ ᠬᠤᠷᠢᠭᠯᠠᠬᠤ ᠪᠠᠷ ᠠᠷᠪᠠᠨ ᠡᠳᠦᠷ ᠰᠦᠨᠢ ᠲᠣᠷᠰᠢ ᠠᠮᠢ ᠬᠠᠶᠢᠷᠠᠨ ᠦᠭᠡᠢ ᠲᠡᠮᠡᠴᠡᠭᠰᠡᠨ ᠦᠭᠡᠢ ᠪᠣᠯ ᠁ ᠬᠡᠷᠪᠡ ᠠᠷᠤ ᠭᠡᠷ ᠲᠡᠭᠡᠨ ᠭᠡᠳᠡᠶᠢᠵᠦ ᠠᠮᠤᠷ ᠠᠮᠤᠭᠤᠯᠠᠩ ᠰᠠᠭᠠᠲᠠᠭᠰᠠᠨ ᠪᠣᠯ ᠁ ᠬᠡᠷᠪᠡ ︽ᠴᠢᠰᠦᠨ ᠳᠠᠷᠤᠯᠲᠠ ᠪᠠᠭᠤᠷᠠᠭᠤᠯᠬᠤ ᠡᠮ︾ ᠢᠶᠠᠨ ᠴᠠᠭ ᠲᠤᠬᠠᠢ ᠳᠤ ᠨᠢ ᠤᠤᠭᠤᠭᠰᠠᠨ ᠪᠣᠯ ᠁ ᠬᠡᠷᠪᠡ᠂ ᠬᠡᠷᠪᠡ᠂ ᠬᠡᠷᠪᠡ ᠁ ᠬᠡᠴᠢᠨᠡᠬᠡᠨ ᠣᠯᠠᠨ ︽ᠬᠡᠷᠪᠡ︾ ᠪᠠᠶᠢᠯ᠎ᠠ ᠶᠠᠮᠠᠷ ᠯᠠ ᠲᠣᠰᠠ ᠪᠣᠯᠬᠤ ᠪᠣᠢ︕      2020  ᠣᠨ ᠤ 2 ᠰᠠᠷ᠎ᠠ ᠶᠢᠨ 3 ᠤ ᠡᠳᠦᠷ ᠬᠠᠲᠠᠭᠤ ᠡᠷ᠎ᠡ᠂ ᠬᠠᠷᠢᠭᠤᠴᠠᠯᠭ᠎ᠠ ᠲᠠᠢ ᠡᠷ᠎ᠡ᠂ ᠬᠤᠪᠢᠨ ᠤ ᠬᠠᠶᠢᠷ᠎ᠠ ᠶᠢ ᠬᠠᠮᠲᠤ ᠨᠡᠶᠢᠲᠡ ᠶᠢᠨ ᠬᠠᠶᠢᠷ᠎ᠠ ᠪᠠᠷ ᠣᠷᠤᠯᠠᠭᠤᠯᠣᠭᠰᠠᠨ ᠡᠷ᠎ᠡ᠂ ᠬᠡᠯᠡᠬᠦ ᠬᠢᠬᠦ ᠨᠢ ᠬᠡᠪ ᠨᠢᠭᠡ ᠡᠷ᠎ᠡ᠂ ᠬᠦᠰᠡᠯ ᠢᠷᠡᠭᠡᠳᠦᠢ ᠨᠢ ᠲᠣᠳᠤ ᠨᠢᠭᠡ ᠡᠷ᠎ᠡ᠂ ᠬᠦᠴᠢᠷ ᠤᠨ ᠡᠮᠦᠨ᠎ᠡ ᠬᠦᠯ ᠨᠤᠭᠤᠷᠠᠳᠠᠭ ᠦᠭᠡᠢ ᠡᠷ᠎ᠡ᠂ ᠬᠦᠮᠦᠨ ᠤ ᠮᠦᠷ ᠲᠤ ᠬᠦᠯ ᠠᠯᠳᠠᠳᠠᠭ ᠦᠭᠡᠢ ᠡᠷ᠎ᠡ — ᠬᠠᠮᠤᠭ ᠤᠨ ᠦᠨᠳᠦᠰᠦᠨ ᠱᠠᠲᠤᠨ ᠤ ᠡᠪ ᠬᠠᠮᠲᠤ ᠨᠠᠮ ᠤᠨ ᠬᠡᠰᠢᠭᠦᠨ ᠴᠢᠨ ᠬᠤᠩ ᠱᠦᠵᠢ᠂ ᠬᠦᠨᠳᠦ ᠡᠪᠡᠳᠴᠢᠨ ᠠᠴᠠ ᠪᠠᠨ ᠪᠣᠯᠵᠤ ᠬᠤᠷᠸ᠎ᠠ ᠠᠴᠠ ᠬᠠᠯᠢᠵᠠᠢ᠃     ᠳᠦᠴᠢᠨ ᠨᠠᠢᠮᠠᠨ ᠨᠠᠰᠤ︕ ᠳᠦᠯᠦ ᠰᠢᠭ ᠳᠦᠷᠡᠯᠵᠡᠵᠦ ᠲᠦᠷᠦᠭᠡ ᠰᠢᠭ ᠬᠠᠩᠭᠢᠨᠠᠵᠤ ᠶᠠᠪᠤᠭᠰᠠᠨ ᠳᠦᠴᠢᠨ ᠨᠠᠢᠮᠠᠨ ᠨᠠᠰᠤ︕ ᠬᠠᠶᠢᠷᠠᠨ ᠳᠦᠴᠢᠨ ᠨᠠᠢᠮᠠᠨ ᠨᠠᠰᠤ ᠡ ᠁ ︽ᠲᠣᠭᠠᠯᠠᠭᠠᠳ ᠲᠠᠯᠪᠢᠭᠰᠠᠨ ᠨᠠᠰᠤ᠂ ᠲᠦᠭᠡᠯᠡᠭᠡᠳ ᠲᠠᠯᠪᠢᠭᠰᠠᠨ ᠪᠡᠶ᠎ᠡ︾ ᠬᠡᠭᠴᠢ ᠡᠨᠡ ᠦᠦ︖ ︽ᠰᠠᠶᠢᠨ ᠬᠦᠮᠦᠨ ᠤ ᠨᠠᠰᠤ ᠨᠢ ᠣᠬᠤᠷ︾ ᠭᠡᠳᠡᠭ ᠦᠨᠡᠨ ᠦᠦ︖ ᠪᠦᠦ ᠮᠡᠳᠡ︕     ᠴᠢᠨ ᠬᠤᠩ — ᠡᠪ ᠡᠩ ᠤᠨ ᠨᠢᠭᠡ ᠬᠦᠮᠦᠨ᠂ ᠡᠭᠡᠯ ᠵᠢᠷ ᠤᠨ ᠨᠢᠭᠡ ᠡᠪ ᠬᠠᠮᠲᠤ ᠨᠠᠮ ᠤᠨ ᠬᠡᠰᠢᠭᠦᠨ᠃ ᠲᠡᠷᠡ ᠶᠠᠪᠤᠯ᠎ᠠ᠃ ᠭᠡᠬᠦ ᠳᠤ ᠲᠡᠷᠡ ᠦᠷᠦ ᠵᠢᠷᠦᠬᠡᠨ ᠠᠴᠠ ᠨᠢ ᠤᠶᠠᠭᠠᠲᠠᠢ ᠣᠯᠠᠨ ᠶᠠᠭᠤᠮ᠎ᠠ ᠪᠠᠨ ᠣᠷᠬᠢᠭᠠᠳ ᠶᠠᠪᠤᠵᠠᠢ᠃ ᠡᠨᠡ ᠨᠢ ᠶᠠᠭᠤ ᠶᠠᠭᠤ ᠪᠣᠢ⁈ ᠪᠦᠬᠦ ᠪᠠᠷᠠᠭᠤᠨ ᠪᠣᠤ ᠯᠦᠩ ᠱᠠᠨ ᠭᠠᠴᠠᠭᠠᠨ ᠤ 165 ᠡᠷᠦᠭᠡ ᠶᠢᠨ 796 ᠬᠦᠮᠦᠨ ᠠᠮᠠ᠂ ᠡᠭᠦᠨ ᠤ ᠳᠣᠲᠤᠷᠠᠬᠢ 18 ᠶᠠᠳᠠᠭᠤ ᠬᠦᠴᠢᠷᠳᠡᠯᠲᠡᠢ ᠡᠷᠦᠭᠡ ᠵᠢᠴᠢ ᠡᠪᠡᠳᠴᠢᠲᠡᠢ ᠠᠴᠢᠲᠤ ᠠᠪᠤ ᠡᠵᠢ᠂ ᠡᠷᠬᠡ ᠪᠦᠪᠡᠢ ᠣᠮᠪᠤᠯᠤ ᠬᠡᠦᠬᠡᠳ᠂ ᠡᠬᠡᠨᠡᠷ ᠯᠢᠤ ᠭᠤᠸ᠎ᠠ᠂ ᠪᠠᠰᠠ ᠪᠠᠰᠠ ᠪᠠᠰᠠ ᠁ ᠡᠬᠡᠨᠡᠷ  ᠯᠢᠤ ᠭᠤᠸ᠎ᠠ  ᠶᠢᠨ ᠬᠢᠨᠢ ︽ᠦᠪᠡᠷ ᠲᠤ ᠨᠢ︾ ᠭᠡᠵᠦ ᠪᠠᠷᠢᠵᠤ ᠬᠦᠯᠳᠡᠭᠡᠭᠰᠡᠨ ︽ᠭᠤᠭᠤᠳ ᠤᠨ ᠰᠢᠶᠠᠨᠰᠠ︾ ᠲᠠᠢ ᠳᠠᠪᠢᠨ ᠪᠠᠩᠰᠢ ᠁ ᠭᠠᠯ ᠴᠤᠭ ᠲᠠᠢ ᠠᠵᠢᠯᠯᠠᠵᠤ ᠠᠮᠢᠳᠤᠷᠠᠵᠤ᠂ ᠭᠠᠶᠢᠬᠠᠯ ᠲᠠᠢ ᠨᠠᠮ ᠵᠢᠮᠬᠡᠨ ᠶᠠᠪᠤᠴᠢᠬᠠᠵᠠᠢ ᠁     ᠲᠡᠷᠡ᠂ ᠦᠲᠡᠯᠦᠭᠡ ᠠᠪᠤ ᠴᠢᠨ ᠲᠣᠭᠲᠠᠬᠤ ᠪᠠ ᠠᠬᠠᠰᠢᠷᠠᠭ᠎ᠠ ᠡᠵᠢ ᠪᠣᠣ ᠪᠠ ᠶᠦᠸᠠᠢ᠂ ᠦᠰᠦ ᠪᠠᠨ ᠬᠤᠯᠪᠤᠵᠤ ᠦᠲᠡᠯᠲᠡᠯ᠎ᠡ ᠪᠠᠨ ᠬᠠᠮᠲᠤ ᠠᠮᠢᠳᠤᠷᠠᠬᠤ ᠪᠠᠷ ᠠᠮᠠᠯᠳᠠᠭᠰᠠᠨ ᠦᠨᠡᠨᠴᠢ ᠲᠤᠰᠠᠷᠬᠠᠭ ᠭᠡᠷᠭᠡᠢ ᠯᠢᠦ ᠭᠤᠸ᠎ᠠ᠂ ᠦᠬᠡᠷ ᠤᠨ ᠬᠤᠶᠠᠷ ᠡᠪᠡᠷ ᠰᠢᠭ ᠬᠦᠪᠡᠭᠦᠨ ᠴᠢᠨ ᠡᠷᠳᠡᠨᠢ ᠪᠠ ᠬᠡᠦᠬᠡᠨ ᠴᠢᠨ ᠰᠠᠷᠠᠨ᠎ᠠ᠂ ᠦᠰᠦᠭᠡᠢ ᠦᠰᠦᠭᠡᠢ ᠪᠠᠨ ᠵᠠᠯᠭᠠᠵᠤ ᠵᠠᠶᠠᠭᠠᠭᠰᠠᠨ ᠠᠬ᠎ᠠ ᠪᠠ ᠳᠡᠭᠦᠦ ᠵᠢᠴᠢ ᠬᠡᠦᠬᠡᠨ ᠳᠡᠭᠦᠦ ᠁  ᠦᠶᠡᠷᠬᠡᠵᠦ ᠲᠣᠭᠯᠠᠳᠠᠭ ᠦᠶ᠎ᠡ ᠶᠢᠨ  ᠨᠠᠶᠢᠵᠠ ᠪᠠ ᠦᠷᠦ ᠵᠢᠷᠦᠬᠡ ᠦᠢᠯᠡᠰ ᠬᠦᠭᠡᠭᠡᠴᠡᠯᠳᠦᠯ ᠨᠢᠭᠡᠲᠡᠢ ᠨᠦᠬᠦᠳ ᠲᠡᠭᠡᠨ ᠨᠢᠭᠡᠭᠡᠬᠡᠨ ᠦᠭᠡ ᠵᠠᠬᠢᠶ᠎ᠠ ᠴᠦ ᠦᠯᠡᠳᠡᠭᠡᠯ ᠦᠭᠡᠢ ᠶᠠᠭᠠᠷᠠᠦᠬᠠᠨ ᠶᠠᠪᠤᠴᠢᠬᠠᠵᠠᠢ᠂ ᠨᠢᠮᠭᠡᠬᠡᠨ ᠦᠪ ᠬᠦᠷᠦᠩᠭᠡ ᠴᠦ ᠦᠯᠡᠳᠡᠭᠡᠯ ᠦᠭᠡᠢ ᠶᠠᠭᠠᠷᠠᠦᠬᠠᠨ ᠶᠠᠪᠤᠴᠢᠬᠠᠵᠠᠢ ᠁      ᠲᠡᠭᠦᠨ ᠤ ᠦᠯᠡᠳᠡᠭᠡᠵᠦ ᠦᠭᠭᠦᠭᠰᠡᠨ ᠨᠢ ︽ᠦᠭᠡᠶᠢᠭᠦᠦ ᠶᠠᠳᠠᠭᠤ ᠶᠢ ᠲᠡᠳᠭᠦᠬᠦ︾ ᠵᠣᠷᠢᠭ ᠰᠠᠨᠠᠭ᠎ᠠ᠂ ︽ᠦᠢ ᠲᠦᠮᠡᠨ ᠳᠤ ᠦᠢᠯᠡᠴᠢᠯᠡᠬᠦ︾ ᠵᠣᠷᠢᠭ ᠰᠠᠨᠠᠭ᠎ᠠ᠂ ︽ᠦᠢᠯᠡᠰ ᠲᠡᠭᠡᠨ ᠰᠢᠭᠢᠳᠷᠡᠬᠦ︾ ᠵᠣᠷᠢᠭ ᠰᠠᠨᠠᠭ᠎ᠠ᠂ ︽ᠦᠬᠦᠬᠦ ᠠᠴᠠ ᠨᠢᠴᠤᠰᠢ ᠦᠭᠡᠢ︾ ᠵᠣᠷᠢᠭ ᠰᠠᠨᠠᠭ᠎ᠠ ᠁        ᠲᠡᠭᠦᠨ ᠤ ᠦᠪᠯᠡᠭᠦᠯᠵᠦ ᠬᠤᠴᠤᠷᠭᠠᠭᠰᠠᠨ ᠨᠢ ᠤᠯᠠ ᠮᠦᠷ᠂ ᠣᠣᠷ ᠴᠢᠨᠠᠷ᠂ ᠤᠭ ᠰᠠᠨᠠᠭ᠎ᠠ ᠵᠢᠴᠢ ᠦᠢᠯᠡ ᠨᠠᠮᠲᠠᠷ᠂ ᠦᠩᠭᠡ ᠭᠡᠷᠡᠯ᠂ ᠦᠨᠢᠳᠡ ᠶᠢᠨ ᠬᠦᠰᠢᠶ᠎ᠡ ᠁      ︽ᠠᠮᠢ ᠨᠠᠰᠤᠨ ᠤ ᠬᠦᠨᠳᠦ︾ ᠶᠢᠨ ᠲᠤᠬᠠᠢ ᠡᠷᠬᠢᠮᠯᠡᠨ ᠳᠤᠷᠠᠳᠬᠤ ᠴᠠᠭ ᠡᠭᠡᠰᠢ ᠦᠭᠡᠢ ᠬᠦᠷᠴᠦ ᠢᠷᠡᠵᠠᠢ᠃ ︽ᠠᠷᠠᠳ ᠲᠦᠮᠡᠨ ᠳᠤ ᠦᠢᠯᠡᠴᠢᠯᠡᠬᠦ︾᠂ ︽ᠠᠷᠠᠳ ᠲᠦᠮᠡᠨ ᠢ ᠳᠡᠭᠡᠳᠦᠯᠡᠬᠦ︾᠂ ︽ᠠᠷᠠᠳ ᠲᠦᠮᠡᠨ ᠢᠶᠠᠷ ᠭᠤᠤᠯ  ᠪᠣᠯᠭᠠᠬᠤ︾᠂ ︽ᠠᠷᠠᠳ ᠲᠦᠮᠡᠨ ᠢ ᠲᠦᠰᠢᠭᠯᠡᠬᠦ︾᠂ ︽ᠠᠷᠠᠳ ᠲᠦᠮᠡᠨ ᠤ ᠳᠤᠮᠳᠠ ᠦᠨᠳᠦᠰᠦᠯᠡᠬᠦ︾᠂ ︽ᠠᠷᠠᠳ ᠲᠦᠮᠡᠨ ᠳᠤ ᠪᠤᠶᠠᠨ ᠦᠢᠯᠡᠳᠬᠦ︾ ᠁ ᠨᠢ ︽ᠠᠮᠢ ᠨᠠᠰᠤᠨ ᠤ ᠬᠦᠨᠳᠦ︾ ᠶᠢ ᠲᠣᠳᠤᠷᠠᠭᠤᠯᠤᠭᠰᠠᠨ ︽ᠠᠭᠤᠤ ᠶᠡᠭᠡ ᠵᠢᠭᠠᠯᠲᠠ ᠲᠤᠭ᠎ᠠ︾ ᠭᠡᠳᠡᠭ ᠢ ᠡᠭᠡᠯ ᠢᠶᠠᠷ ᠤᠨ ᠨᠢᠭᠡ ᠡᠪ ᠬᠠᠮᠲᠤ ᠨᠠᠮ ᠤᠨ ᠬᠡᠰᠢᠭᠦᠨ ᠴᠢᠨ ᠬᠤᠩ ᠱᠦᠵᠢ ᠬᠠᠷᠠᠭᠤᠯᠤᠭᠰᠠᠨ ᠶᠤᠮ ᠡ︕    ︽ᠠᠷᠠᠳ ᠲᠦᠮᠡᠨ ᠳᠤ ᠦᠢᠯᠡᠴᠢᠯᠡᠶ᠎ᠡ︕︾ ᠂ ︽ᠠᠷᠠᠳ ᠲᠦᠮᠡᠨ ᠢ ᠳᠡᠭᠡᠳᠦᠯᠡᠶ᠎ᠡ ︕︾᠂ ︽ᠠᠷᠠᠳ ᠲᠦᠮᠡᠨ ᠢᠶᠠᠷ ᠭᠤᠣᠯ ᠪᠣᠯᠭᠠᠶ᠎ᠠ︕︾᠂ ︽ᠠᠷᠠᠳ ᠲᠦᠮᠡᠨ ᠳᠤ ᠪᠣᠶᠠᠨ ᠦᠢᠯᠡᠳᠦᠶ᠎ᠡ︕︾ ᠁ ᠠᠮᠢ  ᠨᠠᠰᠤᠨ ᠤ ᠤᠷᠲᠤ ᠣᠬᠤᠷ ᠬᠠᠮᠢᠶ᠎ᠠ ᠦᠭᠡᠢ᠂ ︽ᠠᠮᠢ ᠨᠠᠰᠤᠨ ᠤ ᠬᠦᠨᠳᠦ︾ ᠬᠠᠷᠢᠨ ᠦᠷᠦᠭᠡᠯ ᠤᠨ ᠲᠦᠯᠦᠭᠡ ᠦᠪᠡᠷ ᠢ ᠪᠠᠨ ᠵᠣᠷᠢᠭᠤᠯᠤᠭᠰᠠᠨ ᠳᠤ ᠯᠠ ᠪᠠᠶᠢᠳᠠᠭ ᠁
 
ᠢᠷᠡᠯᠲᠡ᠄ ᠦᠪᠤᠷ ᠮᠤᠩᠭᠤᠯ ᠤᠨ ︽ᠨᠡᠶᠢᠬᠡᠮ︾ ᠰᠡᠳᠬᠦᠯ
 
 
ᠬᠠᠮᠢᠶ᠎ᠡ ᠪᠦᠬᠦᠢ ᠰᠣᠨᠢᠨ
 
2014-2015 ©  ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备05070829号