ᠡᠯᠡᠰᠤᠨ ᠲᠠᠯᠠᠢ ᠶᠢᠨ ᠡᠶᠡᠪᠡᠷᠬᠦᠤ ᠠᠮᠢᠰᠬᠤᠭ᠎ᠠ | — ᠪᠦᠬᠦ ᠤᠯᠤᠰ ᠤᠨ ᠴᠠᠭ ᠦᠶ᠎ᠡ ᠶᠢᠨ ᠬᠤᠰᠢᠭᠤᠴᠢ᠂ ᠠᠯᠠᠱᠨ ᠠᠶᠢᠮᠠᠭ ᠤᠨ ᠤᠯᠤᠰ ᠲᠦᠷᠦ ᠶᠢᠨ | ᠵᠦᠪᠯᠡᠯᠭᠡᠨ ᠤ ᠤᠤᠯ ᠤᠨ ᠲᠡᠷᠢᠬᠦᠯᠡᠭᠴᠢ ᠰᠦᠭᠡ ᠭᠤᠸᠠᠢ ᠶᠢᠨ ᠦᠢᠯᠨ ᠠᠵᠢᠯᠯᠠᠭ᠎ᠠ ᠶᠢ ᠲᠡᠮᠲᠡᠭᠯᠡᠪᠠ | | ᠱᠠ᠊ · ᠮᠡᠷᠭᠡᠨ ᠰᠤᠷᠪᠤᠯᠵᠢᠯᠠᠪᠠ | | ᠨᠤᠳᠤᠭ ᠤᠰᠤ ᠪᠠᠨ ᠬᠠᠶᠢᠷᠠᠯᠠᠬᠤ ᠰᠡᠳᠬᠢᠯᠭᠡ ᠪᠤᠯ ᠬᠦᠮᠦᠨ ᠲᠦᠷᠦᠯᠬᠢᠲᠡᠨ ᠤ ᠠᠷᠢᠭᠤᠨ ᠨᠠᠨᠳᠢᠨ ᠬᠠᠶᠢᠷ᠎ᠠ | ᠰᠡᠳᠬᠢᠯᠭᠡ ᠶᠤᠮ᠃ ᠠᠴᠢ ᠶᠡᠭᠡᠳᠤ ᠡᠬᠡ ᠮᠢᠨᠢ ᠦᠷ᠎ᠡ ᠬᠡᠤᠭᠡᠳ ᠢᠶᠠᠨ ᠬᠦᠬᠦᠬᠦᠯᠦᠨ ᠲᠤᠷᠨᠢᠭᠤᠯᠵᠤ᠂ ᠨᠤᠳᠤᠭ ᠤᠨ | ᠠᠷᠢᠭᠤᠨ ᠰᠠᠯᠬᠢᠨ ᠨᠢ ᠦᠷ᠎ᠠ ᠬᠤᠶᠢᠴᠢᠰ ᠢᠶᠠᠨ ᠦᠨᠦᠰᠤᠨ ᠦᠬᠦᠭᠡᠷᠲᠡᠭᠰᠡᠨ ᠪᠢᠯᠨ᠃ ᠨᠤᠳᠤᠭ ᠭᠡᠲᠡᠭ ᠪᠤᠯ | ᠮᠠᠯᠴᠢᠳ ᠤᠨ ᠰᠡᠳᠬᠢᠯ ᠤᠨ ᠲᠦᠰᠢᠭ᠂ ᠠᠮᠢᠳᠤᠷᠠᠯ ᠤᠨ ᠬᠢ ᠨᠢ ᠨᠢᠷᠤᠭᠤ ᠶᠤᠮ᠃ ᠨᠤᠳᠤᠭ ᠤᠰᠤᠨ ᠢᠶᠠᠨ | ᠠᠮᠢᠨᠴᠢᠯᠠᠨ ᠬᠠᠶᠢᠷᠠᠯᠠᠬᠤ ᠪᠠᠨ ᠠᠵᠢᠯᠯᠠᠭ᠎ᠠ ᠪᠠᠷ ᠢᠶᠠᠨ ᠢᠯᠡᠷᠭᠡᠶᠢᠯᠡᠬᠦ ᠨᠢ ᠵᠤᠬᠢᠰᠲᠠᠢ ᠶᠤᠮ᠃ ᠬᠦᠮᠦᠨ ᠲᠦᠷᠦᠯᠬᠢᠲᠠᠨ | ᠨᠢ ᠭᠠᠭᠴᠠᠬᠠᠨ ᠪᠦᠮᠪᠦᠷᠴᠡᠭ ᠲᠠᠢ᠃ ᠪᠦᠮᠪᠤᠷᠴᠡᠭ ᠲᠠᠯᠠᠭᠡᠢ ᠪᠠᠨ ᠬᠢᠮᠠᠭᠠᠲᠠᠨ ᠬᠠᠶᠢᠷᠠᠯᠠᠨ᠎ᠠ ᠭᠡᠲᠡᠭ ᠨᠢ ᠨᠤᠳᠤᠭ | ᠤᠰᠤᠨ ᠢᠶᠠᠨ ᠬᠠᠶᠢᠷᠠᠯᠠᠨ ᠨᠠᠨᠳᠢᠩᠨᠠᠬᠤ ᠠᠴᠠ ᠯᠡ ᠡᠬᠢᠯᠡᠲᠡᠭ ᠬᠡᠮᠡᠨ ᠪᠢ ᠪᠤᠳᠤᠲᠠᠭ᠃ | —— ᠰᠦᠭᠡ | 1949 ᠤᠨ ᠤ 1 ᠰᠠᠷ᠎ᠠ ᠶᠢᠨ 1 ᠤ ᠡᠳᠤᠷ᠂ ᠠᠯᠠᠱᠨ ᠨᠤᠳᠤᠭ ᠤᠨ ᠮᠠᠯᠴᠢᠨ ᠠᠶᠢᠯ ᠤᠨ ᠦᠷ᠎ᠠ ᠪᠤᠯᠤᠨ | ᠵᠠᠶᠠᠭᠠᠵᠠᠢ᠃ ᠠᠪᠤ ᠶᠢᠨ ᠬᠢ ᠨᠢ ᠠᠯᠲᠠᠷ ᠢ ᠲᠤᠷᠵᠢ ᠭᠡᠲᠡᠭ᠂ ᠡᠵᠢ ᠶᠢᠨ ᠬᠢᠨᠢ ᠠᠯᠲᠠᠷ ᠢ ᠯᠾᠮᠤ ᠭᠡᠲᠡᠭ᠃ ᠲᠡᠭᠡᠷ᠎ᠡ | ᠵᠠᠭᠤᠨ ᠤ ᠲᠦᠴᠢᠭᠡᠳ ᠤᠨ ᠤ ᠰᠡᠬᠦᠯᠴᠢ ᠶᠢᠨ ᠨᠢᠭᠡ ᠤᠲᠠᠭᠠᠨ ᠤ ᠨᠡᠬᠦᠲᠡᠯ ᠠᠶᠠᠨ ᠠᠴᠠ ᠰᠡᠬᠦᠯ ᠳᠤ᠂ ᠠᠪᠤ ᠶᠢᠨ | ᠢᠶᠠᠨ ᠪᠠᠷ᠎ᠠ ᠶᠢ ᠨᠢ ᠰᠦᠭᠡ ᠲᠠᠬᠢᠵᠤ ᠤᠯᠵᠤ ᠬᠠᠷᠠᠭ᠎ᠠ ᠦᠭᠡᠢ ᠭᠡᠲᠡᠭ ᠁ ᠰᠦᠭᠡ ᠳᠤ ᠠᠮᠢ ᠨᠢᠭᠡᠲᠡᠢ ᠨᠢᠭᠡ | ᠡᠭᠡᠴᠢ ᠲᠠᠢ᠃ ᠡᠵᠢ ᠨᠢ ᠠᠵᠢᠯᠴᠢ ᠬᠤᠶᠠᠷ ᠭᠠᠷ ᠲᠠᠭᠠᠨ ᠲᠦᠰᠢᠵᠤ ᠬᠤᠶᠠᠷ ᠦᠷ᠎ᠡ ᠪᠠᠨ ᠬᠦᠮᠦᠨ ᠤ ᠲᠠᠶᠢᠲᠠᠢ | ᠦᠰᠭᠡᠭᠰᠡᠨ ᠭᠡᠲᠡᠭ᠃ | ᠡᠵᠢ ᠨᠢ ᠮᠤᠩᠭᠤᠯ ᠰᠢᠲᠠᠷ᠎ᠠ ᠶᠢ ᠰᠠᠶᠢᠬᠠᠨ ᠴᠤ ᠰᠡᠶᠢᠯᠲᠡᠭ᠃ ᠲᠠᠪᠤᠨ ᠬᠤᠰᠢᠭᠤ ᠮᠠᠯ ᠢᠶᠠᠨ ᠴᠤ ᠰᠠᠶᠢᠬᠠᠨ | ᠰᠡᠶᠢᠯᠲᠡᠭ᠂ ᠠᠷᠠᠰᠤ ᠤᠳᠤᠵᠤ ᠡᠯᠲᠡᠨ᠂ ᠲᠡᠪᠡᠯ ᠬᠤᠪᠴᠠᠰᠤ ᠶᠢ ᠶᠠᠩᠵᠤ ᠲᠠᠢ ᠰᠠᠶᠢᠬᠠᠨ ᠤᠶᠤᠲᠠᠭ᠃ ᠲᠡᠷᠨ ᠭᠠᠷ | ᠤᠨ ᠤᠷ᠎ᠠ ᠳᠠᠭᠠᠨ ᠲᠦᠰᠢᠵᠤ ᠬᠤᠭᠤᠯᠨ ᠬᠤᠰᠢ᠂ ᠬᠤᠪᠴᠠᠰᠤ ᠡᠳ᠋ᠯᠡᠯ ᠢᠶᠠᠨ ᠰᠤᠯᠢᠵᠤ ᠢᠷᠡᠲᠡᠭ ᠪᠠᠶᠢᠵᠠᠢ᠃ | ᠲᠡᠭᠡᠷ᠎ᠡ ᠵᠠᠭᠤᠨ ᠤ ᠲᠠᠪᠢᠭᠠᠳ ᠤᠨ ᠤ ᠦᠶ᠎ᠡ ᠳᠤ ᠠᠯᠠᠱᠨ ᠨᠤᠳᠤᠭ ᠲᠤ ︽ ᠰᠤᠶᠤᠯ ᠤᠨ ᠪᠠᠯᠠᠢ ᠶᠢ | ᠠᠷᠢᠯᠭᠠᠬᠤ︾ ᠠᠵᠢᠯᠯᠠᠭᠠᠨ ᠦᠷᠨᠢᠵᠤ ᠡᠬᠢᠯᠡᠭᠰᠡᠨ ᠶᠤᠮ᠃ ᠰᠦᠭᠡ ᠴᠤ ᠡᠵᠢ ᠪᠠᠨ ᠲᠠᠭᠠᠭᠠᠳ ᠰᠤᠷᠴᠤ ᠡᠬᠢᠯᠡᠪᠠ᠃ | ᠡᠬᠡ ᠬᠦᠤ ᠬᠤᠶᠠᠭᠤᠯᠨ ᠪᠠᠨ ᠰᠦᠨᠢ ᠪᠤᠯᠤᠮᠠᠭᠴᠨ ᠪᠠᠨ ᠲᠤᠯᠭᠠᠨ ᠭᠠᠯ ᠤᠨ ᠭᠡᠷᠡᠯ ᠪᠠᠷᠠᠭᠠᠲᠠᠵᠤ ᠦᠰᠦᠭ | ᠴᠡᠭᠡᠵᠢᠯᠡᠲᠡᠭ ᠪᠠᠶᠢᠯ᠎ᠠ᠃ 11 ᠨᠠᠰᠤ ᠬᠦᠷᠦᠭᠡᠳ ᠰᠦᠭᠡ ᠰᠤᠷᠭᠠᠭᠤᠯᠢ ᠶᠢᠨ ᠪᠤᠱᠤᠭ᠎ᠠ ᠶᠢ ᠠᠯᠬᠤᠵᠠᠢ᠃ ᠲᠡᠷᠨ | ᠤᠢ ᠰᠠᠶᠢᠲᠠᠢ ᠬᠡᠤᠭᠡᠳ ᠪᠠᠶᠢᠭᠰᠠᠨ ᠪᠤᠯᠬᠤᠷ ᠨᠢ᠂ ᠨᠢᠭᠡᠳᠤᠭᠡᠷ ᠠᠩᠬᠢ ᠳᠤ ᠲᠦᠩᠭᠡᠵᠢ ᠭᠡᠳᠤᠨ ᠡᠳᠤᠷ ᠰᠠᠭᠤᠲᠠᠯ᠎ᠠ ᠂ | ᠪᠠᠭᠰᠢ ᠨᠠᠷ ᠨᠢ ᠵᠦᠪᠲᠡᠵᠤ ᠪᠠᠶᠢᠭᠠᠳ ᠬᠤᠶᠠᠳᠤᠭᠠᠷ ᠠᠩᠬᠢ ᠳᠤ ᠤᠷᠤᠭᠤᠯᠴᠢᠬᠠᠪᠠ᠃ ᠪᠠᠭᠰᠢ ᠶᠢᠨ ᠵᠢᠭᠠᠭᠰᠠᠨ ᠢ | ᠨᠢ ᠪᠠᠷᠢᠨ ᠲᠤᠤᠷ᠎ᠠ ᠨᠢ ᠴᠡᠭᠡᠵᠢᠯᠡᠴᠢᠭᠡᠲᠡᠭ ᠲᠤᠯᠨ᠂ ᠲᠠᠬᠢᠭᠠᠳ ᠰᠢᠭᠤᠳ ᠯᠡ ᠭᠤᠷᠪᠠᠳᠤᠭᠠᠷ ᠠᠩᠬᠢ ᠳᠤ | ᠬᠦᠷᠭᠡᠵᠡᠢ᠃ ᠲᠠᠷᠠᠭ᠎ᠠ ᠨᠢ ᠲᠦᠷᠪᠡᠳᠤᠭᠡᠷ ᠠᠩᠬᠢ ᠳᠤ ᠰᠤᠷᠤᠯ ᠦᠭᠡᠢ ᠪᠠᠷ ᠲᠠᠪᠤᠳᠤᠭᠠᠷ ᠠᠩᠬᠢ ᠳᠤ ᠲᠠᠪᠰᠢᠵᠠᠢ᠃ | ᠲᠤᠮᠲᠠᠳᠤ ᠰᠤᠷᠭᠠᠭᠤᠯᠢ ᠪᠠᠨ ᠲᠡᠬᠦᠰᠬᠦ ᠵᠢᠯ ᠳᠤ᠂ ᠡᠵᠢ ᠨᠢ ᠡᠪᠡᠳᠦᠭᠰᠡᠨ ᠠᠴᠠ ᠪᠤᠯᠵᠤ᠂ ᠰᠦᠭᠡ ᠰᠤᠷᠭᠠᠭᠤᠯᠢ ᠪᠠᠨ | ᠵᠤᠭᠰᠤᠭᠰᠠᠨ ᠶᠤᠮ᠃ ᠰᠦᠭᠡ ᠪᠠᠶ᠎ᠠ ᠲᠠᠭᠠᠷᠤᠤᠬᠠᠨ ᠡᠵᠢ ᠪᠠᠨ ᠠᠰᠠᠷᠠᠵᠤ ᠪᠠᠶᠢᠲᠠᠯ᠎ᠠ ᠨᠢ ᠪᠠᠭᠰᠢ ᠨᠡᠷ ᠨᠢ ᠲᠡᠬᠦᠨ ᠢ | ᠲᠠᠭᠤᠲᠠᠭᠤᠯᠵᠠᠢ᠃ ᠪᠠᠭᠰᠢ ᠨᠡᠷ ᠨᠢ ᠲᠡᠬᠦᠨ ᠤ ᠤᠢ ᠪᠢᠯᠢᠭ ᠢ ᠬᠠᠶᠢᠷᠠᠯᠠᠵᠤ᠂ ᠦᠷᠬᠦᠯᠵᠢᠯᠡᠨ ᠰᠤᠷᠤᠯᠴᠠᠭᠤᠯᠬᠤ | ᠬᠡᠮᠡᠨ ᠴᠢᠷᠮᠠᠶᠢᠭᠰᠠᠨ ᠨᠢ ᠡᠨᠡ ᠪᠠᠶᠢᠵᠠᠢ᠃ ᠲᠡᠲᠡ ᠰᠦᠭᠡ ᠳᠤ ᠰᠠᠷ᠎ᠠ ᠭᠠᠷᠤᠢ ᠬᠢᠴᠢᠶᠡᠯ ᠨᠦᠬᠦᠵᠤ ᠪᠠᠶᠢᠮᠠᠨ᠂ | ᠠᠩᠬ᠎ᠠ ᠲᠤᠮᠲᠠᠳᠤ ᠶᠢ ᠨᠢ ᠠᠮᠵᠢᠯᠲᠠ ᠲᠠᠢ ᠲᠡᠬᠦᠰᠭᠡᠪᠠ᠃ ᠰᠦᠭᠡ ᠪᠠᠭᠰᠢ ᠶᠢᠨ ᠶᠡᠭᠡ ᠰᠤᠷᠭᠠᠭᠤᠯᠢ ᠶᠢᠨ ᠬᠠᠷᠢᠶᠠᠳᠤ | ᠲᠤᠮᠲᠠᠳᠤ ᠰᠤᠷᠭᠠᠭᠤᠯᠢ ᠳᠤ ᠰᠢᠯᠭᠠᠨ ᠤᠷᠤᠯ᠎ᠠ ᠴᠤ᠂ ᠠᠵᠢᠯ ᠮᠤᠳᠤᠨ ᠳᠠᠭᠠᠨ ᠡᠬᠦᠷᠲᠡᠵᠤ ᠶᠠᠪᠤᠭ᠎ᠠ ᠡᠵᠢ ᠪᠠ | ᠡᠭᠡᠴᠢ ᠳᠡᠭᠡᠨ ᠰᠠᠨᠠᠭ᠎ᠠ ᠠᠯᠭᠠᠰᠤᠨ ᠪᠠᠶᠢᠭᠰᠠᠭᠠᠷ᠂ ᠨᠤᠳᠤᠭ ᠲᠠᠭᠠᠨ ᠪᠤᠴᠠᠨ ᠢᠷᠠᠵᠤ᠂ ᠠᠶᠢᠯ ᠤᠨ ᠰᠤᠷᠭᠠᠭᠤᠯᠢ | ᠳᠠᠭᠠᠨ ᠪᠠᠭᠰᠢᠯᠠᠵᠠᠢ᠃ ᠰᠤᠮᠤ ᠶᠢᠨ ᠱᠦᠵᠢ ᠰᠧᠷᠠᠩᠵᠠᠢ ᠶᠢᠨ ᠦᠢᠯᠨ ᠠᠵᠢᠯᠯᠠᠭ᠎ᠠ ᠶᠢ ᠰᠤᠷᠪᠤᠯᠵᠢᠯᠠᠨ ᠪᠢᠴᠢᠭᠰᠡᠨ | ᠰᠦᠭᠡ ᠶᠢᠨ ᠵᠤᠬᠢᠶᠠᠯ ᠢ ᠨᠢ ᠤᠶᠢᠷ᠎ᠠ ᠬᠠᠪᠢ ᠶᠢᠨ ᠲᠠᠷᠤᠭ᠎ᠠ ᠨᠡᠷ ᠨᠢ ᠪᠠᠭ᠋ᠠᠷᠴᠤ ᠲᠤᠭᠤᠭᠠᠳ᠂ ᠲᠡᠬᠦᠨ ᠢ ᠵᠢᠭᠡᠯᠡᠯᠭᠡ | ᠶᠢᠨ ᠺᠠᠳ᠋ᠷ ᠢᠶᠠᠷ ᠡᠯᠰᠡᠪᠠ᠃ ᠬᠤᠵᠢᠮ ᠨᠢ ᠰᠦᠭᠡ ᠭᠠᠴᠠᠭᠠᠨ ᠤ ᠪᠠᠨ ᠺᠠᠳ᠋ᠷ ᠢᠶᠠᠷ ᠠᠵᠢᠯᠯᠠᠵᠤ᠂ ᠲᠠᠷᠠᠭ᠎ᠠ ᠨᠢ | ᠰᠤᠪᠠᠨᠠᠭᠤᠷ ᠰᠤᠮᠤ ᠶᠢᠨ ᠨᠠᠮ ᠤᠨ ᠬᠤᠷᠢᠶᠠᠨ ᠤ ᠲᠡᠳ᠋ ᠱᠦᠵᠢ᠂ ᠡᠵᠡᠨ᠎ᠠ ᠬᠤᠰᠢᠭᠤᠨ ᠤ ᠨᠠᠮ ᠤᠨ ᠬᠤᠷᠢᠶᠠᠨ ᠤ | ᠲᠡᠳ᠋ ᠱᠦᠵᠢ᠂ ᠡᠵᠡᠨ᠎ᠡ ᠬᠤᠰᠢᠭᠤ ᠶᠢᠨ ᠬᠤᠰᠢᠭᠤ ᠲᠠᠷᠤᠭ᠎ᠠ᠂ ᠡᠵᠡᠨ᠎ᠡ ᠬᠤᠰᠢᠭᠤ ᠶᠢᠨ ᠨᠠᠮ ᠤᠨ ᠬᠤᠷᠢᠶ᠎ᠠ ᠶᠢᠨ | ᠱᠦᠵᠢ᠂ ᠠᠯᠠᠱᠨ ᠠᠶᠢᠮᠠᠭ ᠤᠨ ᠰᠠᠬᠢᠯᠭ᠎ᠠ ᠪᠠᠳᠤ ᠶᠢ ᠪᠠᠶᠢᠴᠠᠭᠠᠬᠤ ᠬᠤᠷᠢᠶᠠᠨ ᠤ ᠱᠦᠵᠢ᠂ ᠠᠯᠠᠱᠨ ᠠᠶᠢᠮᠠᠭ ᠤᠨ | ᠲᠡᠳ᠋ ᠠᠶᠢᠮᠠᠭ ᠤᠨ ᠲᠠᠷᠤᠭ᠎ᠠ᠂ ᠠᠯᠠᠱᠨ ᠠᠶᠢᠮᠠᠭ ᠤᠨ ᠤᠯᠤᠰ ᠲᠦᠷᠦ ᠶᠢᠨ ᠵᠦᠪᠯᠡᠯᠭᠡᠨ ᠤ ᠲᠡᠷᠢᠬᠦᠯᠡᠭᠴᠢ ᠶᠢᠨ | ᠲᠤᠰᠢᠶᠠᠯ ᠵᠡᠷᠭᠡ ᠶᠢ ᠬᠠᠷᠢᠭᠤᠴᠠᠵᠤ ᠦᠩᠭᠡᠷᠡᠭᠰᠡᠨ ᠪᠢᠯᠨ᠃ 2004 ᠤᠨ ᠳᠤ᠂ ᠰᠦᠭᠡ ᠨᠦᠬᠦᠷ ᠡᠷᠬᠦᠲᠡᠯ | ᠲᠡᠪᠰᠢᠬᠦᠯᠵᠤ ᠪᠠᠶᠢᠮᠠᠨ ᠠᠯᠠᠱᠨ ᠠᠶᠢᠮᠠᠭ ᠤᠨ ᠤᠯᠤᠰ ᠲᠦᠷᠦ ᠶᠢᠨ ᠵᠦᠪᠯᠡᠯᠭᠡᠨ ᠤ ᠲᠡᠷᠢᠬᠦᠯᠡᠭᠴᠢ ᠶᠢᠨ ᠲᠤᠰᠢᠶᠠᠯ | ᠠᠴᠠ ᠪᠠᠨ ᠤᠷᠢᠳᠴᠢᠯᠠᠨ ᠪᠠᠭᠤᠭᠠᠳ᠂ ᠤᠭ ᠨᠤᠳᠤᠭ ᠲᠠᠭᠠᠨ ᠪᠤᠴᠠᠭᠠᠳ᠂ ᠮᠤᠳᠤ ᠲᠠᠷᠢᠵᠤ ᠡᠯᠡᠰᠤ ᠪᠠᠨ | ᠨᠤᠭᠤᠭᠠᠷᠠᠭᠤᠯᠬᠤ ᠠᠵᠢᠯ ᠢᠶᠠᠨ ᠡᠬᠢᠯᠡᠬᠦᠯᠦᠭᠰᠡᠨ ᠶᠤᠮ᠃ | ᠤᠭ᠍ᠶᠤᠨ ᠨᠤᠭᠤᠭᠠᠨ ᠤᠷᠢᠶ᠎ᠠ ᠲᠠᠭᠤᠲᠠᠯᠭ᠎ᠠ | ᠲᠡᠭᠡᠷ᠎ᠡ ᠵᠠᠭᠤᠨ ᠤ ᠨᠠᠶᠠᠭᠠᠳ ᠤᠨ ᠤ ᠦᠶ᠎ᠡ ᠳᠤ᠂ ᠡᠵᠡᠨ᠎ᠡ ᠬᠤᠰᠢᠭᠤᠨ᠎ᠠ ᠤᠰᠤ ᠶᠡᠭᠡᠪᠡᠷ ᠲᠤᠲᠠᠭᠲᠠᠵᠤ᠂ | ᠤᠯᠠᠭᠠᠨ ᠪᠤᠷᠭᠠᠰᠤ᠂ ᠬᠤᠯᠤᠰᠤ ᠨᠢ ᠬᠠᠲᠠᠵᠤ ᠬᠤᠷᠪᠤᠶᠢᠭᠠᠳ᠂ ᠨᠠᠭᠤᠷ ᠪᠤᠯᠠᠭ ᠨᠢ ᠴᠤ ᠰᠢᠷᠬᠢᠬᠦ ᠰᠢᠬᠠᠭᠰᠠᠨ | ᠪᠠᠶᠢᠪᠠ᠃ ᠶᠠᠭ ᠲᠡᠷᠨ ᠦᠶ᠎ᠡ ᠳᠤ ᠠᠯᠠᠱᠨ ᠠᠶᠢᠮᠠᠭ ᠲᠤ ᠠᠵᠢᠯᠯᠠᠵᠤ ᠪᠠᠶᠢᠭᠰᠠᠨ ᠰᠦᠭᠡ ᠨᠦᠬᠦᠷ᠂ ᠤᠯᠤᠰ ᠤᠨ | ᠴᠢᠯᠠᠭᠤᠨ ᠲᠤᠰᠤᠨ ᠤ ᠠᠵᠤ ᠦᠢᠯᠡᠳᠪᠤᠷᠢ ᠶᠢᠨ ᠨᠢᠭᠡᠨ ᠤᠳᠤᠷᠢᠳᠤᠯᠭ᠎ᠠ ᠶᠢ ᠲᠠᠭᠠᠭᠤᠯᠤᠨ᠂ ᠬᠠᠷ᠎ᠠ ᠬᠤᠲᠠ ᠪᠠᠷ | ᠬᠦᠷᠬᠦ ᠬᠡᠮᠡᠨ ᠲᠦᠯᠦᠪᠯᠡᠭᠰᠡᠨ ᠪᠠᠶᠢᠵᠠᠢ᠃ ᠵᠠᠮ ᠤᠨ ᠲᠤᠮᠲᠠ ᠲᠡᠷᠭᠡ ᠨᠢ ᠲᠤᠷᠴᠤ᠂ ᠲᠠᠲᠠ ᠨᠡᠷ ᠤᠨ ᠠᠷᠭ᠎ᠠ ᠶᠢ | ᠪᠠᠷᠠᠭᠲᠠᠭᠤᠯᠤᠭᠰᠠᠨ ᠭᠡᠲᠡᠭ᠃ ᠬᠠᠷ᠎ᠠ ᠬᠤᠲᠠ ᠶᠢᠨ ᠤᠶᠢᠷ᠎ᠠ ᠲᠤᠭᠤᠷᠢᠮ ᠨᠢ ᠴᠤ ᠪᠠᠰᠨ ᠡᠯᠡᠰᠤᠨ ᠳᠤ ᠲᠠᠷᠤᠭᠲᠠᠬᠤ | ᠰᠢᠬᠠᠭᠰᠠᠨ ᠨᠢ ᠰᠦᠭᠡ ᠳᠤ ᠲᠤᠳᠤ ᠠᠴᠠ ᠲᠤᠳᠤ ᠬᠠᠷᠠᠭᠲᠠᠵᠠᠢ᠃ ᠡᠲᠡᠭᠡᠷ ᠪᠦᠬᠦᠨ ᠢ ᠰᠦᠭᠡ ᠬᠠᠷᠠᠭᠠᠳ᠂ | ᠲᠤᠳᠤᠷ᠎ᠠ ᠨᠢ ᠨᠤᠳᠤᠭ ᠤᠰᠤ ᠪᠠᠨ ᠵᠠᠰᠠᠬᠤ ᠰᠡᠨ ᠭᠡᠰᠡᠨ ᠨᠢᠭᠡᠨ ᠰᠠᠨᠠᠭ᠎ᠠ ᠲᠦᠷᠦᠭᠲᠡᠭᠰᠡᠨ ᠭᠡᠲᠡᠭ᠃ | ᠨᠠᠷᠠ ᠠᠯᠲᠠᠷ ᠮᠠᠨᠳᠤᠭᠰᠠᠨ ᠬᠠᠷ᠎ᠠ ᠬᠤᠲᠠ ᠨᠢ ᠪᠠᠲᠠᠢ ᠶᠢᠨ ᠵᠢᠷᠠᠨ ᠤ ᠡᠯᠡᠰᠤᠨ ᠤ ᠵᠠᠬ᠎ᠠ ᠬᠦᠪᠡᠭᠡᠨ᠎ᠡ | ᠪᠠᠶᠢᠷᠢᠰᠢᠵᠤ᠂ ᠡᠵᠡᠨ᠎ᠡ ᠬᠤᠰᠢᠭᠤᠨ ᠤ ᠲᠡᠯᠠᠶᠢᠬᠦᠪ ᠪᠠᠯᠭᠠᠰᠤᠨ ᠠᠴᠠ 72 ᠭᠠᠵᠠᠷ ᠵᠠᠶᠢᠲᠠᠢ ᠶᠤᠮ᠃ ᠪᠠᠷᠠᠭᠤᠨ | ᠰᠢᠶ᠋ᠨ ᠬᠦᠷᠤᠨ ᠤ ᠬᠤᠳᠠᠯᠳᠤᠭᠠᠨ ᠤ ᠲᠦᠪ᠂ ᠶᠤᠸᠠᠨ ᠬᠦᠷᠤᠨ ᠤ ᠴᠡᠷᠢᠭ ᠲᠠᠶᠢᠨ ᠤ ᠰᠠᠭᠤᠷᠢᠨ ᠭᠠᠵᠠᠷ ᠪᠠᠶᠢᠭᠰᠠᠨ | ᠭᠡᠲᠡᠭ᠃ ᠬᠠᠷ᠎ᠠ ᠬᠤᠲᠠ ᠨᠢ ᠵᠢᠤᠢ ᠶᠠᠨ ᠤ ᠨᠤᠭᠤᠭᠠᠨ ᠪᠦᠷᠢᠳᠤ ᠬᠡᠮᠡᠨ ᠲᠡᠤᠭᠡᠨ ᠪᠢᠴᠢᠭ ᠲᠤ ᠪᠢᠴᠢᠭᠡᠰᠦᠲᠡᠢ | ᠪᠠᠶᠢᠲᠠᠭ᠃ ᠲᠡᠷᠨ ᠦᠶ᠎ᠡ ᠳᠡᠭᠡᠨ ᠲᠠᠩᠰᠤᠭ ᠪᠠᠶᠢᠭᠠᠯᠢ ᠲᠠᠢ ᠪᠠᠶᠢᠵᠤ᠂ ᠲᠠᠷᠢᠶᠠᠯᠠᠩ ᠤᠨ ᠦᠢᠯᠡᠰ ᠨᠢ ᠴᠤ ᠦᠷᠨᠢᠬᠦᠨ | ᠬᠦᠭᠵᠢᠯᠲᠠ ᠲᠠᠢ ᠪᠠᠶᠢᠯ᠎ᠠ ᠭᠡᠲᠡᠭ᠃ ᠬᠠᠷ᠎ᠠ ᠬᠤᠲᠠ ᠨᠢ ᠶᠡᠭᠡ ᠲᠤᠷᠭᠠᠨ ᠤ ᠵᠠᠮ ᠤᠨ ᠴᠢᠬᠤᠯᠨ ᠪᠤᠭᠤᠮᠲᠠ | ᠪᠠᠶᠢᠭᠰᠠᠨ᠂ ᠬᠠᠷ᠎ᠠ ᠬᠤᠲᠠ ᠨᠢ ᠯᠢᠶᠤᠤ ᠬᠦᠷᠤᠨ᠂ ᠰᠦᠩ ᠬᠦᠷᠤᠨ᠂ ᠰᠢᠶ᠋ᠨ ᠬᠦᠷᠤᠨ᠂ ᠠᠯᠲᠠᠨ ᠤᠯᠤᠰ ᠤᠨ | ᠦᠶ᠎ᠡ ᠶᠢᠨ ᠨᠠᠨᠳᠢᠨ ᠦᠪ ᠢ ᠶᠡᠭᠡᠭᠡᠨ ᠨᠢᠭᠤᠴᠠᠯᠠᠭᠰᠠᠭᠠᠷ ᠪᠠᠶᠢᠭ᠎ᠠ ᠠᠵᠢ ᠃ | ᠲᠡᠤᠭᠡ ᠶᠢᠨ ᠠᠯᠲᠠᠨ ᠤᠷᠤᠮ ᠤᠨ ᠲᠡᠮᠲᠡᠭ ᠪᠤᠯᠤᠭᠰᠠᠨ ᠬᠠᠷ᠎ᠠ ᠬᠤᠲᠠ ᠨᠢ ᠲᠠᠶᠢᠨ ᠲᠤᠯᠤᠯᠳᠤᠭᠠᠨ ᠤ ᠲᠠᠮᠤᠷ | ᠲᠤᠭᠤᠷᠠᠢ ᠳᠤ ᠲᠠᠯᠬᠢᠭᠲᠠᠨ᠂ ᠴᠠᠭ ᠠᠭᠠᠷ ᠤᠨ ᠬᠡᠨᠡᠳᠲᠡ ᠶᠢᠨ ᠬᠤᠪᠢᠰᠤᠯ ᠢ ᠠᠮᠰᠠᠨ᠂ ᠬᠦᠨᠳᠤ ᠬᠡᠴᠡᠬᠦᠤ ᠭᠠᠵᠠᠷ | ᠬᠠᠭᠠᠯᠪᠤᠷᠢᠯᠠᠯᠲᠠ ᠳᠤ ᠲᠠᠭᠠᠷᠢᠭᠲᠠᠨ᠂ ᠬᠤᠲᠠ ᠰᠠᠭᠤᠷᠢᠨ ᠨᠢ ᠶᠡᠭᠡᠪᠡᠷ ᠡᠯᠡᠰᠦᠷᠬᠡᠭᠵᠢᠵᠤ ᠡᠬᠢᠯᠡᠵᠡᠢ᠃ ᠬᠠᠪᠢ | ᠲᠦᠰᠦᠷ ᠤᠨ ᠬᠢᠨᠢ ᠮᠠᠯᠴᠢᠳ ᠨᠢ᠄ ︽ᠮᠡᠨ ᠤ ᠬᠠᠷ᠎ᠠ ᠬᠤᠲᠠ ᠶᠢᠨ ᠬᠦᠷᠦᠰᠤ ᠰᠢᠷᠤᠢ ᠴᠢᠨᠢ ᠴᠢᠯᠠᠭᠤ ᠪᠤᠯᠬᠤ | ᠳᠠᠭᠠᠨ ᠲᠦᠬᠦᠴᠢᠭᠡᠯᠡ︾ ᠬᠡᠮᠡᠨ ᠬᠡᠯᠡᠯᠴᠡᠲᠡᠭ ᠪᠤᠯᠵᠠᠢ᠃ ᠶᠠᠫᠤᠨᠴᠤᠳ ᠪᠠᠰᠨ ᠡᠯᠡᠰᠣ ᠶᠢ ᠨᠤᠭᠤᠭᠠᠷᠠᠭᠤᠯᠬᠤ | ᠲᠦᠰᠦᠪ ᠢᠶᠠᠨ ᠦᠷᠬᠦᠯᠵᠢᠯᠡᠬᠦᠯᠬᠦ ᠬᠡᠮᠡᠨ ᠬᠠᠷ᠎ᠠ ᠬᠤᠲᠠᠨ᠎ᠠ ᠬᠦᠷᠦᠯᠴᠠᠨ ᠢᠷᠡᠭᠰᠡᠨ ᠶᠤᠮ᠃ ᠬᠠᠲᠠᠭᠤ ᠬᠠᠬᠢᠷ ᠴᠠᠭ | ᠠᠭᠠᠷ ᠲᠤᠨᠢ ᠲᠠᠰᠴᠤ ᠴᠢᠲᠠᠯ ᠦᠭᠡᠢ ᠪᠠᠷ ᠬᠤᠶᠠᠷ ᠵᠢᠯ ᠪᠤᠯᠤᠮᠠᠭᠴᠨ ᠤᠯᠤᠰ ᠲᠠᠭᠠᠨ ᠪᠤᠴᠠᠴᠢᠬᠠᠭᠰᠠᠨ ᠪᠢᠯᠨ᠃ | ᠨᠢᠭᠡᠨ ᠶᠠᠫᠤᠨ ᠵᠠᠯᠠᠭᠤ᠄ ︽ᠬᠠᠷ᠎ᠠ ᠬᠤᠲᠠ ᠶᠢᠨ ᠡᠯᠡᠰᠤ ᠰᠢᠭᠤᠷᠭ᠎ᠠ ᠨᠢ ᠲᠡᠩᠲᠡᠬᠦᠤ ᠬᠡᠴᠡᠬᠦᠤ᠂ ᠮᠤᠳᠤ ᠲᠠᠷᠢᠬᠤ | ᠪᠤᠯᠤᠮᠵᠢ ᠲᠠᠩᠴᠢ ᠠᠯᠠᠭ᠎ᠠ ᠡ︾ ᠬᠡᠮᠡᠨ ᠠᠷᠭ᠎ᠠ ᠪᠠᠷᠠᠭᠲᠠᠨ ᠬᠡᠯᠡᠭᠰᠡᠨ ᠭᠡᠲᠡᠭ᠃ | ᠡᠶᠢᠮᠦᠷᠬᠦᠤ ᠬᠦᠨᠳᠤ ᠭᠡᠴᠡᠬᠦᠤ ᠪᠠᠶᠢᠲᠠᠯ ᠢ ᠴᠢᠨᠢ ᠶᠠᠭᠠᠬᠢᠵᠤ ᠡᠶᠢᠵᠤ ᠪᠠᠶᠢᠭᠠᠳ ᠴᠤ ᠭᠡᠰᠡᠨ ᠬᠤᠪᠢᠷᠠᠭᠤᠯᠬᠤ | ᠰᠡᠨ ᠬᠡᠮᠡᠨ ᠰᠦᠭᠡ ᠭᠤᠸᠠᠢ ᠰᠢᠳᠤ ᠵᠠᠭᠤᠵᠠᠢ᠃ ᠰᠦᠭᠡ ᠭᠤᠸᠠᠢ ᠢᠩᠬᠢᠵᠤ ᠰᠢᠢᠳᠤᠭᠡᠳ᠂ 2004 ᠤᠨ ᠤ ᠡᠬᠢ | ᠪᠠᠷ ᠤᠷᠢᠳᠴᠢᠯᠠᠨ ᠠᠵᠢᠯ ᠠᠴᠠ ᠪᠠᠨ ᠠᠮᠠᠷᠠᠬᠤ ᠭᠤᠶᠤᠲᠠᠯ ᠤᠨ ᠪᠢᠴᠢᠭ ᠢᠶᠠᠨ ᠨᠠᠮ ᠤᠨ ᠵᠤᠬᠢᠶᠠᠨ ᠪᠠᠶᠢᠭᠤᠯᠤᠯᠲᠠ | ᠳᠠᠭᠠᠨ ᠲᠠᠪᠰᠢᠬᠦᠯᠵᠤ᠂ 9 ᠰᠠᠷ᠎ᠠ ᠳᠤᠨᠢ ᠬᠠᠷ᠎ᠠ ᠬᠤᠲᠠᠨ ᠳᠠᠭᠠᠨ ᠰᠠᠭᠤᠷᠢᠰᠢᠬᠤ ᠪᠠᠷ ᠳ᠋ᠡᠯᠭᠡ ᠲᠠᠢ ᠪᠠᠨ | ᠬᠠᠮᠳᠤ ᠬᠦᠷᠦᠭᠡᠳ ᠤᠴᠢᠪᠠ᠃ | ᠳ᠋ᠡᠯᠭᠡ ᠨᠠᠰᠤᠲᠠᠨ᠄ ︽ᠡᠪᠤᠭᠡᠨ ᠮᠢᠨᠢ ᠬᠠᠷ᠎ᠠ ᠬᠤᠲᠠ ᠳᠠᠭᠠᠨ ᠶᠠᠪᠤᠨ᠎ᠠ ᠬᠡᠮᠡᠨ ᠰᠢᠭᠤᠳ ᠯᠡ | ᠲᠤᠩᠬᠠᠭᠯᠠᠴᠢᠬᠠᠭᠰᠠᠨ ᠳ᠋ᠡ᠃ ᠪᠢ ᠴᠤ ᠡᠵᠡᠨ᠎ᠡ ᠳᠤ ᠪᠠᠨ ᠡᠯᠢᠭᠡ ᠲᠠᠢ᠂ ᠶᠡᠭᠡ ᠲᠤᠷ᠎ᠠ ᠲᠠᠢ ᠢᠷᠡᠭᠰᠡᠨ ᠡ᠃ | ᠬᠠᠷᠢᠨ ᠬᠡᠤᠭᠡᠳ ᠤᠳ ᠢᠶᠠᠨ ᠢᠳᠬᠠᠬᠤ ᠬᠡᠮᠡᠨ ᠵᠢᠭᠠᠬᠠᠨ ᠴᠠᠭ ᠠᠪᠤᠭᠰᠠᠨ ᠳ᠋ᠡ︾ ᠭᠡᠵᠤ ᠪᠠᠶᠢᠯ᠎ᠠ᠃ | ᠡᠯᠡᠰᠤᠨ ᠨᠦᠮᠦᠷᠢ ᠶᠢᠨ ᠮᠠᠯᠴᠢᠨ ᠠᠶᠢᠯ | | ᠲᠠᠷᠨ ᠦᠶ᠎ᠡ ᠳᠤ ᠬᠠᠷ᠎ᠠ ᠬᠤᠲᠠ ᠨᠢ ᠪᠤᠷᠤᠭᠠᠨ ᠬᠤᠷ᠎ᠠ ᠮᠠᠰᠢ ᠪᠠᠭᠠᠲᠠᠢ ᠪᠠᠶᠢᠭᠰᠠᠨ ᠡ᠃ ᠵᠢᠯ ᠤᠨ | ᠲᠤᠨᠤᠳᠠᠰᠤᠨ ᠤ ᠬᠡᠮᠵᠢᠶ᠎ᠠ ᠨᠢ ᠭᠡᠳᠤᠭᠡᠨ ᠮᠢᠯᠢᠮᠧᠲᠷ ᠪᠠᠶᠢᠵᠤ᠂ ᠠᠭᠤᠷᠰᠢᠯᠲᠠ ᠶᠢᠨ ᠬᠡᠮᠵᠢᠶ᠎ᠡ ᠨᠢ ᠬᠠᠷᠢᠨ 4000 | ᠮᠢᠯᠢᠮᠧᠲᠷ ᠢ ᠲᠠᠪᠠᠵᠤ ᠪᠠᠶᠢᠭᠰᠠᠨ ᠶᠤᠮ᠃ ᠬᠠᠷ᠎ᠠ ᠬᠤᠲᠠ ᠶᠢᠨ ᠮᠠᠯᠴᠢᠳ᠄ ︽ᠮᠠᠨ ᠤ ᠨᠤᠳᠤᠭ ᠤᠨ ᠪᠤᠷᠤᠭᠠᠨ | ᠬᠤᠷ᠎ᠠ ᠨᠢ ᠲᠤᠰᠤᠨ ᠠᠴᠠ ᠴᠤ ᠦᠨᠡᠲᠡᠢ ᠵᠦᠢᠯ ᠰᠢᠤ᠂ ᠲᠡᠭᠡᠳᠤ ᠲᠡᠭᠷᠢ ᠠᠴᠠ ᠬᠡᠳᠤᠨ ᠠᠷᠪᠠᠨ ᠲᠤᠰᠤᠯ ᠬᠤᠷ᠎ᠠ | ᠬᠠᠶᠢᠷᠠᠯᠠᠬᠤ ᠨᠢ ᠴᠤ ᠦᠭᠬᠢᠶᠡᠮᠤᠷ ᠬᠤᠷ᠎ᠠ ᠳᠠᠭᠠᠨ ᠲᠤᠭᠠᠴᠢᠭᠲᠠᠴᠢᠬᠠᠨᠠ ᠰᠢᠤ︾ ᠬᠡᠮᠡᠨ ᠶᠠᠷᠢᠯᠳᠤᠲᠠᠭ ᠪᠠᠶᠢᠪᠠ᠃ | ᠬᠠᠷ᠎ᠠ ᠬᠤᠲᠠ ᠶᠢᠨ ᠡᠯᠡᠰᠤᠨ ᠤ ᠦᠩᠭᠡᠨ ᠲᠠᠪᠬᠤᠷᠭ᠎ᠠ ᠶᠢᠨ ᠲᠤᠯᠠᠭᠠᠨ ᠤ ᠬᠡᠮᠵᠢᠶ᠎ᠠ ᠨᠢ 60 ᠭᠷᠠᠳᠦ᠋ᠰ ᠢ | ᠲᠠᠪᠠᠴᠢᠬᠠᠲᠠᠭ ᠦᠶ᠎ᠡ ᠨᠢ ᠵᠦᠩᠲᠡᠭᠡᠨ ᠪᠠᠶᠢᠲᠠᠭ᠃ ᠰᠦᠭᠡ ᠨᠠᠰᠤᠲᠠᠨ ᠬᠦᠭᠰᠢᠨ ᠲᠠᠢ ᠪᠠᠨ ᠬᠤᠶᠠᠭᠤᠯᠨ ᠮᠤᠳᠤ ᠪᠠᠨ | ᠲᠠᠷᠢᠴᠢᠬᠠᠭᠠᠳ᠂ ᠰᠦᠨᠢ ᠨᠢ ᠬᠤᠲᠠ ᠳᠠᠭᠠᠨ ᠪᠤᠴᠠᠵᠤ ᠬᠤᠨᠤᠭᠯᠠᠨᠠ᠃ ᠦᠲᠡ ᠶᠢᠨ ᠬᠤᠭᠤᠯᠨ ᠪᠠᠨ ᠭᠡᠭᠡᠷ᠎ᠡ | ᠭᠠᠲᠠᠨ᠎ᠠ ᠡᠪᠯᠡᠬᠦᠯᠴᠢᠭᠡᠲᠡᠭ᠃ ᠭᠡᠬᠦ ᠳᠤ ᠨᠠᠭᠠᠰᠢ ᠴᠠᠭᠠᠰᠢ ᠵᠠᠮᠨᠠᠬᠤ ᠳᠤ ᠴᠠᠭ ᠶᠡᠭᠡ ᠠᠯᠲᠠᠭᠲᠠᠨᠠ᠃ ᠴᠠᠭ ᠢᠶᠠᠨ | ᠠᠷᠪᠢᠯᠠᠬᠤ ᠶᠢ ᠰᠠᠨᠠᠵᠤ᠂ ᠬᠤᠲᠠᠨ ᠠᠴᠠ ᠲᠠᠮᠤᠷ ᠬᠢᠴᠡᠲᠠᠢ ᠲᠦᠬᠦᠮᠭᠡᠨ ᠭᠡᠷ ᠠᠪᠴᠢᠷᠠᠨ ᠪᠤᠰᠬᠠᠭᠠᠳ᠂ ᠵᠤᠤᠬ᠎ᠠ | ᠲᠤᠯᠭ᠎ᠠ ᠪᠠᠨ ᠪᠤᠰᠬᠠᠵᠤ᠂ ᠬᠠᠯᠠᠭᠤᠨ ᠴᠠᠢ ᠪᠠᠨ ᠲᠠᠷᠬᠢᠯᠤᠭᠤᠯᠵᠤ ᠡᠬᠢᠯᠡᠵᠡᠢ᠃ ᠬᠦᠴᠤ ᠰᠢᠪᠬᠠᠨ ᠵᠢᠳᠬᠦᠯᠠ ᠴᠤ | ᠭᠡᠰᠡᠨ᠂ ᠲᠠᠷᠠᠭ᠎ᠠ ᠡᠳᠤᠷ ᠨᠢ ᠪᠤᠯᠬᠤᠯᠠᠷ᠂ ᠮᠤᠳᠤᠳ ᠨᠢ ᠪᠠᠰᠠᠯᠨ ᠡᠯᠡᠰᠤᠨ ᠳᠤ ᠲᠠᠷᠤᠭᠲᠠᠴᠢᠬᠠᠭᠠᠳ᠂ ᠲᠠᠲᠠᠨ ᠢ | ᠰᠢᠨᠠᠯᠭᠠᠵᠤ ᠪᠠᠶᠢᠯ᠎ᠠ᠃ ᠭᠡᠯᠡ ᠴᠤ ᠰᠦᠭᠡ ᠭᠤᠸᠠᠢ ᠵᠤᠷᠢᠭ ᠮᠢᠲᠠᠷᠠᠭᠠ ᠦᠭᠡᠢ ᠡ᠃ ᠬᠦᠷᠵᠨ ᠵᠡᠭᠡᠳᠤᠤ ᠪᠠᠨ | ᠢᠷᠯᠡᠨ ᠢᠷᠯᠡᠨ᠂ ᠬᠦᠵᠢᠷᠮᠡᠭᠯᠡᠨ ᠵᠢᠳᠬᠦᠭᠰᠡᠭᠡᠷ ᠪᠠᠶᠢᠪᠠ᠃ ᠭᠠᠭᠴᠨ ᠬᠤᠶᠠᠷ ᠴᠢᠬᠢ ᠮᠤᠳᠤ ᠨᠢ ᠡᠲᠡᠭᠡᠷᠡᠵᠤ᠂ | ᠨᠢᠯᠬ᠎ᠠ ᠰᠤᠶᠤᠭ᠎ᠠ ᠴᠤᠬᠤᠶᠢᠬᠤ ᠶᠢ ᠨᠢ ᠤᠯᠤᠭᠠᠳ ᠬᠠᠷᠠᠴᠢᠬᠠᠪᠠᠯ ᠰᠦᠭᠡ ᠭᠤᠸᠠᠢ ᠦᠵᠦᠬᠦᠷ ᠦᠭᠡᠢ ᠪᠠᠶᠠᠷᠯᠠᠲᠠᠭ | ᠪᠠᠶᠢᠯ᠎ᠠ᠃ | ᠰᠦᠭᠡ ᠭᠤᠸᠠᠢ ᠬᠠᠷ᠎ᠠ ᠬᠤᠲᠠ ᠶᠢᠨ ᠬᠤᠶᠢᠳᠤ ᠭᠡᠰᠡᠭ ᠢᠶᠠᠷ ᠨᠢ ᠲᠠᠮᠤᠷ ᠲᠤᠤᠷ ᠲᠠᠲᠠᠭᠠᠳ ᠠᠪᠤᠯ᠎ᠠ᠃ | ᠬᠠᠷ᠎ᠠ ᠬᠤᠲᠠ ᠶᠢᠨ ᠡᠯᠡᠰᠤᠨ ᠮᠤᠬᠤᠷ ᠲᠤ ᠨᠢ ᠭᠤᠷᠪᠠᠨ ᠺᠦᠸᠠᠳ᠋ ᠺᠢᠯᠤᠮᠧᠲᠷ ᠵᠠᠭ ᠢ ᠨᠢ ᠬᠦᠷᠢᠶᠡᠯᠡᠭᠡᠳ ᠠᠪᠤᠯ᠎ᠠ᠃ | ᠭᠤᠷᠪᠠᠨ ᠲᠦᠮᠡᠨ ᠲᠦᠬᠦᠷᠢᠭ ᠵᠠᠷᠤᠴᠠᠭᠤᠯᠤᠨ ᠪᠠᠶᠢᠵᠤ᠂ ᠡᠪᠯᠢᠭᠭᠡᠨ ᠭᠡᠷ ᠰᠠᠭᠤᠴᠨ ᠪᠤᠰᠬᠠᠭᠠᠳ ᠠᠪᠤᠯ᠎ᠠ᠃ | ᠢᠩᠬᠢᠵᠤ ᠯᠡ ᠡᠯᠡᠰᠤᠨ ᠮᠤᠬᠤᠷ ᠲᠤ ᠮᠠᠯᠴᠢᠨ ᠠᠶᠢᠯ ᠤᠨ ᠢᠨᠢᠶᠠᠳᠤ ᠲᠠᠭᠤᠨ ᠴᠤᠤᠷᠢᠶᠠᠯᠠᠵᠤ ᠡᠬᠢᠯᠡᠵᠡᠢ᠃ | ᠰᠢᠨᠲᠠᠰᠤ ᠬᠠᠲᠠᠭᠤ ᠲᠠᠢ ᠡᠪᠤᠭᠡᠨ ᠬᠦᠭᠰᠢᠨ ᠬᠤᠶᠠᠭᠤᠯᠨ ᠪᠠᠨ᠂ ᠦᠷᠯᠦᠭᠡ ᠪᠤᠰᠤᠮᠠᠭᠴᠨ ᠪᠠᠨ ᠡᠬᠦᠲᠡ ᠴᠤᠩᠬᠤ ᠶᠢ | ᠨᠢ ᠲᠠᠷᠤᠨ ᠪᠠᠭᠤᠭᠰᠠᠨ ᠡᠯᠡᠰᠤᠨ ᠨᠤᠷ᠎ᠠ ᠶᠢ ᠲᠦᠯᠬᠢᠨ ᠵᠠᠶᠢᠯᠠᠭᠤᠯᠤᠨ᠎ᠠ ᠁ | ᠰᠦᠭᠡ ᠭᠤᠸᠠᠢ ᠬᠦᠴᠢᠷ ᠪᠦᠬᠦᠨ ᠢ ᠢᠯᠡᠨ᠂ ᠨᠦᠭᠡ ᠮᠠᠯᠲᠠᠨ ᠮᠤᠳᠤ ᠲᠠᠷᠢᠬᠤ ᠠᠵᠢᠯ ᠢᠶᠠᠨ ᠰᠢᠭᠤᠷᠬᠠᠢ | ᠦᠷᠬᠦᠯᠵᠢᠯᠡᠬᠦᠯᠦᠭᠰᠡᠭᠡᠷ ᠯᠡ ᠪᠠᠶᠢᠪᠠ᠃ | ᠬᠠᠷ᠎ᠠ ᠬᠤᠲᠠ ᠶᠢᠨ ᠬᠠᠪᠢ ᠳᠤ ᠤᠲᠠᠭᠠᠨ ᠤᠨ ᠢᠶᠠᠷ ᠡᠯᠡᠰᠤᠨᠠ ᠪᠤᠯᠠᠭᠤᠯᠤᠭᠰᠠᠨ ᠬᠤᠳᠳᠤᠭ ᠪᠠᠶᠢᠬᠤ ᠶᠢ | ᠰᠦᠭᠡ ᠭᠤᠸᠠᠢ ᠮᠡᠲᠡᠵᠡᠢ᠃ ᠲᠡᠷᠨ ᠬᠠᠭᠠᠰ ᠰᠠᠷ᠎ᠠ ᠵᠢᠳᠬᠦᠵᠤ ᠪᠠᠶᠢᠮᠡᠨ ᠦᠨᠦᠬᠢ ᠬᠤᠳᠳᠤᠭ ᠢ ᠨᠢ ᠮᠠᠯᠲᠠᠵᠤ | ᠭᠠᠷᠭᠠᠭᠠᠳ᠂ ᠲᠤᠩᠭᠠᠯᠠᠭ ᠤᠰᠣ ᠲᠠᠢ ᠵᠤᠯᠭᠠᠪᠠ᠃ ᠤᠰᠤ ᠰᠠᠶᠢᠲᠠᠢ ᠬᠤᠳᠳᠤᠭ ᠪᠠᠶᠢᠭᠰᠠᠨ ᠳᠤ ᠡᠪᠤᠭᠡᠨ ᠬᠦᠭᠰᠢᠨ | ᠬᠤᠶᠠᠭᠤᠯᠨ ᠪᠠᠨ ᠮᠠᠩᠨᠠᠢ ᠲᠠᠨᠢᠢᠲᠠᠯᠠ ᠪᠠᠨ ᠪᠠᠶᠠᠷᠯᠠᠯ᠎ᠠ᠃ ᠲᠠᠲᠠ ᠤᠰᠤ ᠲᠠᠮᠨᠠᠵᠤ ᠵᠠᠭ ᠢᠶᠠᠨ ᠤᠰᠤᠯᠠᠵᠤ ᠡᠬᠢᠯᠡᠵᠡᠢ | ᠃ ᠰᠠᠭᠤᠯᠭ᠎ᠠ ᠪᠦᠷᠢ ᠨᠢ ᠲᠦᠴᠢᠨ ᠵᠢᠩ ᠬᠦᠨᠳᠤ ᠪᠠᠶᠢᠪᠠ ᠰᠢᠤ᠃ ᠰᠠᠷᠨ ᠰᠢᠩᠭᠡᠨ ᠨᠠᠷᠨ ᠮᠠᠨᠳᠤᠨ᠂ ᠡᠳᠤᠷ | ᠬᠤᠨᠤᠭ ᠡᠬᠡᠯᠵᠢᠯᠡᠭᠰᠡᠭᠡᠷ ᠯᠡ ᠪᠠᠶᠢᠯ᠎ᠠ᠃ ᠨᠢᠭᠡ ᠮᠡᠲᠡᠬᠦ ᠳᠤ ᠯᠡ ᠨᠤᠮᠢᠨ ᠨᠤᠭᠤᠭᠠᠨ ᠵᠠᠭ ᠤᠨ ᠤᠢ ᠨᠢ ᠨᠢᠳᠤᠨ | ᠪᠠᠶᠠᠰᠬᠠᠭᠠᠳ ᠡᠬᠢᠯᠡᠵᠡᠢ᠃ | ᠦᠪᠤᠷ ᠮᠤᠩᠭᠤᠯ ᠤᠨ ᠤᠯᠤᠰ ᠲᠦᠷᠦ ᠶᠢᠨ ᠵᠦᠪᠯᠡᠯᠭᠡᠨ ᠤ ᠰᠡᠳᠬᠦᠯ ᠤᠨ ᠬᠤᠷᠢᠶᠠᠨ ᠤ ᠬᠢᠨ᠂ 2014 ᠤᠨ ᠳᠤ | ᠰᠦᠭᠡ ᠭᠤᠸᠠᠢ ᠶᠢ ᠰᠤᠷᠪᠤᠯᠵᠢᠯᠠᠬᠤ ᠪᠠᠷ ᠠᠩᠬᠠᠳᠤᠭᠠᠷ ᠤᠲᠠᠭ᠎ᠠ ᠪᠠᠨ ᠬᠠᠷ᠎ᠠ ᠬᠤᠲᠠᠨ᠎ᠠ ᠬᠦᠷᠦᠭᠰᠡᠨ ᠶᠤᠮ᠃ | ᠲᠡᠭᠡᠭᠡᠳ ︽ᠬᠠᠷ᠎ᠠ ᠬᠤᠲᠠ ᠶᠢᠨ ᠭᠡᠭᠡᠨ ᠮᠦᠷᠦᠭᠡᠳᠤᠯ ︾ ᠬᠡᠮᠡᠬᠦ ᠮᠡᠲᠡᠭᠡᠯᠡᠯ ᠢᠶᠠᠨ ᠲᠤᠭᠤᠷᠪᠢᠭᠰᠠᠨ ᠰᠡᠨ᠃ ᠲᠡᠷᠨ | ᠦᠶ᠎ᠡ ᠳᠤ ᠳ᠋ᠡᠯᠭᠡ ᠨᠠᠰᠤᠲᠠᠨ᠄ ︽ᠵᠢᠯ ᠤᠨ ᠢᠶᠠᠨ ᠤᠯᠠᠩᠬᠢ ᠴᠠᠭ ᠢ ᠠᠲᠠ ᠦᠩᠭᠡᠷᠡᠭᠡᠲᠡᠭ᠃ ᠵᠤᠨ ᠶᠡᠭᠡ ᠬᠠᠯᠠᠭᠤᠨ | ᠂ ᠪᠢᠲᠠ ᠮᠤᠳᠤ ᠪᠠᠨ ᠡᠷᠲᠡᠯᠡᠭᠡᠳ ᠲᠠᠷᠢᠨ᠎ᠠ᠃ ᠦᠲᠡ ᠠᠶᠠᠲᠠᠮᠠᠭᠴᠨ ᠯᠡ ᠭᠡᠷ ᠲᠡᠭᠡᠨ ᠰᠢᠷᠭᠤᠨ᠎ᠠ᠃ ᠬᠦᠢᠲᠠᠨ | ᠤᠰᠤ ᠪᠠᠷ ᠠᠷᠴᠢᠵᠤ ᠤᠬᠢᠶᠠᠭᠠᠳ ᠰᠡᠷᠢᠬᠦᠴᠡᠭᠡᠳ ᠠᠪᠤᠨ᠎ᠠ᠃ ᠦᠲᠡ ᠬᠤᠶᠢᠨ᠎ᠡ ᠬᠠᠯᠠᠭᠤᠨ ᠨᠠᠮᠰᠢᠬᠤ ᠦᠶ᠎ᠡ ᠪᠠᠷ | ᠮᠤᠳᠤ ᠪᠠᠨ ᠲᠠᠷᠢᠭᠠᠳ ᠡᠬᠢᠯᠡᠲᠡᠭ᠃ ᠡᠯᠡᠰᠤᠨ ᠲᠠᠯᠠᠢ ᠳᠤ ᠴᠢᠨᠢ ᠨᠤᠮᠢᠨ ᠦᠩᠭᠡ ᠪᠠ ᠬᠤᠷ᠎ᠠ ᠶᠢᠨ ᠲᠤᠰᠤᠯ ᠴᠢᠨᠢ | ᠮᠠᠰᠢ ᠴᠤᠬᠠᠭ ᠡᠷᠲᠡᠨᠢ ᠰᠢᠤ᠃ ᠭᠠᠭᠴᠨ ᠪᠤᠲᠠ ᠵᠠᠭ ᠴᠤ ᠭᠡᠰᠡᠨ ᠰᠡᠳᠬᠢᠯ ᠢ ᠪᠠᠶᠠᠰᠬᠠᠬᠤ ᠨᠠᠨᠳᠢᠨ ᠶᠠᠭᠤᠮ᠎ᠠ ᠰᠢᠤ | ᠃ ᠮᠠᠨᠠᠶᠢᠬᠢᠨ ᠳᠤ ᠪᠠᠰᠨ ᠤᠯᠤᠰ ᠲᠦᠷᠦ ᠶᠢᠨ ᠵᠦᠪᠯᠡᠯᠭᠡᠨ ᠤ ᠰᠢᠭᠤᠢ ᠬᠡᠮᠡᠨ ᠨᠠᠷᠡᠶᠢᠳᠦᠭᠲᠡᠭᠰᠡᠨ ᠵᠢᠵᠢᠭᠭᠡᠨ ᠤᠢ | ᠲᠠᠢ᠂ ᠡᠪᠤᠭᠡᠨ ᠮᠢᠨᠢ ᠡᠨᠡ ᠰᠢᠭᠤᠢ ᠳᠠᠭᠠᠨ ᠮᠠᠰᠢ ᠬᠠᠶᠢᠷᠠᠲᠠᠢ᠂ ᠪᠦᠬᠦ ᠤᠯᠤᠰ ᠤᠨ ᠡᠯ᠎ᠡ ᠭᠠᠵᠠᠷ ᠠᠴᠠ ᠬᠦᠷᠦᠯᠴᠡᠨ | ᠢᠷᠡᠭᠰᠡᠨ ᠤᠯᠤᠰ ᠲᠦᠷᠦ ᠶᠢᠨ ᠵᠦᠪᠯᠡᠯᠭᠡᠨ ᠤ ᠺᠠᠳ᠋ᠷ ᠠᠵᠢᠯᠴᠢᠳ᠂ ᠤᠯᠤᠰ ᠲᠦᠷᠦ ᠶᠢᠨ ᠵᠦᠪᠯᠡᠯᠭᠡᠨ ᠤ ᠭᠡᠰᠢᠬᠦᠳ | ᠨᠢ ᠡᠨᠡ ᠰᠢᠭᠤᠢ ᠶᠢ ᠨᠢ ᠰᠤᠨᠢᠷᠬᠠᠬᠤ ᠶᠡᠭᠡ ᠲᠤᠷᠠᠲᠠᠢ ᠰᠡᠨ︾ ᠬᠡᠮᠡᠨ ᠤᠴᠢᠷᠯᠠᠨ ᠪᠠᠶᠢᠭᠰᠠᠨ ᠪᠢᠯᠨ᠃ ᠬᠤᠶᠠᠷ | ᠨᠠᠰᠤᠲᠠᠨ ᠮᠠᠨᠢ ᠠᠮᠢᠳᠤᠷᠠᠯ ᠤᠨ ᠡᠯᠨ ᠬᠠᠯᠨ ᠶᠢ ᠠᠮᠰᠠᠵᠤ ᠬᠦᠢᠴᠡᠭᠰᠡᠨ ᠳ᠋ᠡ᠃ ᠳ᠋ᠡᠯᠭᠡ ᠭᠤᠸᠠᠢ ᠵᠠᠯᠠᠭᠤ ᠳᠠᠭᠠᠨ | ᠦᠢᠯᠡᠳᠪᠤᠷᠢ ᠳᠤ ᠬᠦᠨᠳᠤ ᠶᠠᠭᠤᠮ᠎ᠠ ᠡᠷᠬᠦᠭᠰᠡᠨ ᠠᠴᠠ ᠪᠤᠯᠵᠤ᠂ ᠨᠢᠷᠤᠭᠤᠨ ᠤ ᠬᠦᠨᠳᠤ ᠠᠷᠬᠠᠭ ᠰᠠᠭᠤᠭᠰᠠᠨ ᠶᠤᠮ᠃ | ᠪᠠᠰᠨ ᠬᠦᠬᠦᠨ ᠤ ᠦᠮᠡᠨ ᠤᠯᠵᠤ᠂ ᠮᠠᠰᠨ ᠵᠠᠰᠠᠯ ᠬᠢᠯᠭᠡᠭᠰᠡᠨ ᠶᠤᠮ᠃ ᠰᠦᠭᠡ ᠭᠤᠸᠠᠢ 2000 ᠤ ᠪᠠᠷᠤᠭ ᠢᠶᠠᠷ | ᠰᠢᠬᠢᠷ ᠰᠢᠵᠢᠩ ᠡᠪᠡᠳᠴᠢᠨ ᠤᠯᠵᠤ᠂ ᠡᠳᠤᠷ ᠪᠤᠯᠭᠠᠨ ᠬᠤᠶᠠᠷ ᠤᠲᠠᠭ᠎ᠠ ᠵᠡᠬᠦᠤ ᠲᠠᠷᠢᠬᠤ ᠭᠡᠷᠡᠭ ᠲᠠᠢ ᠪᠤᠯᠵᠠᠢ᠃ | ᠰᠦᠭᠡ ᠭᠤᠸᠠᠢ ᠲᠠᠮᠤᠷ ᠲᠤᠤᠷ ᠵᠠᠰᠠᠵᠤ ᠪᠠᠶᠢᠬᠤ ᠳᠤ᠂ ᠳ᠋ᠡᠯᠭᠡ ᠭᠤᠸᠠᠢ ᠲᠠᠮᠤᠷ ᠭᠠᠩᠨᠠᠵᠤ ᠪᠠᠶᠢᠭᠠᠳ᠂ ᠨᠢᠳᠤ ᠨᠢ | ᠪᠠᠯᠠᠷᠠᠵᠤ ᠡᠰᠡᠯᠨ ᠬᠠᠷᠠᠭ᠎ᠠ ᠪᠠᠨ ᠠᠯᠲᠠᠴᠢᠬᠠᠬᠤ ᠰᠢᠬᠠᠭᠰᠠᠨ ᠶᠤᠮ᠃ ᠲᠡᠲᠡ ᠪᠠᠰᠨ ᠬᠦᠭᠡᠷᠦᠬᠦᠨ ᠦᠷ᠎ᠡ ᠪᠠᠨ | ᠠᠯᠲᠠᠬᠤ ᠶᠢᠨ ᠬᠦᠨᠳᠤ ᠭᠤᠨᠢᠭ ᠲᠤ ᠲᠠᠷᠤᠭᠲᠠᠵᠤ ᠦᠩᠭᠡᠷᠡᠭᠰᠡᠨ ᠶᠤᠮ ᠁ ᠬᠠᠯᠠᠭᠤᠨ ᠬᠦᠯᠦᠰᠤ ᠪᠠᠷ ᠨᠢ | ᠤᠮᠲᠠᠯᠠᠭᠲᠠᠭᠰᠠᠨ ᠵᠠᠭ ᠮᠤᠳᠤ᠂ ᠤᠲᠠ ᠮᠤᠳᠤ᠂ ᠬᠠᠶᠢᠯᠠᠰᠤᠨ ᠮᠤᠳᠤ᠂ ᠴᠢᠪᠠᠭᠠᠨ ᠮᠤᠳᠤᠳ ᠨᠢ ᠲᠠᠲᠠ ᠬᠤᠶᠠᠷ | ᠤᠨ ᠰᠡᠳᠬᠢᠯ ᠢ ᠨᠢ ᠠᠮᠤᠭᠤᠯᠬᠤ ᠤᠢ ᠬᠦᠪᠴᠢ ᠪᠤᠯᠴᠢᠬᠠᠵᠠᠢ᠃ | 2006 ᠤᠨ ᠳᠤ᠂ ᠰᠦᠭᠡ ᠭᠤᠸᠠᠢ ᠰᠡᠯᠬᠢᠨ ᠬᠦᠴᠦ ᠪᠠᠷ ᠴᠠᠬᠢᠯᠭᠠᠨ ᠭᠠᠷᠭᠠᠬᠤ ᠮᠠᠰᠢᠨ ᠤᠭᠰᠠᠷᠠᠵᠤ᠂ | ᠲᠤᠩᠭᠠᠯᠠᠭ ᠭᠡᠷᠡᠯ ᠲᠠᠢ ᠰᠦᠨᠢ ᠪᠠ ᠰᠡᠷᠢᠬᠦᠨ ᠵᠤᠨ ᠲᠠᠢ ᠵᠤᠯᠭᠠᠵᠠᠢ᠃ 2009 ᠤᠨ ᠳᠤ ᠬᠠᠷ᠎ᠠ ᠬᠤᠲᠠ ᠬᠦᠷᠬᠦ | ᠵᠠᠰᠠᠮᠠᠯ ᠵᠠᠮ ᠨᠡᠪᠲᠡᠷᠡᠵᠤ᠂ ᠶᠠᠪᠤᠵᠤ ᠰᠠᠭᠤᠬᠤ ᠳᠤᠨᠢ ᠮᠠᠰᠢ ᠲᠦᠬᠦᠮ ᠲᠦᠲᠡ ᠪᠤᠯᠪᠠ᠃ 2012 ᠤᠨ ᠳᠤ᠂ | ᠠᠯᠠᠱᠨ ᠠᠶᠢᠮᠠᠭ ᠤᠨ ᠨᠠᠮ ᠤᠨ ᠬᠤᠷᠢᠶᠠᠨ ᠠᠴᠠ ᠰᠦᠭᠡ ᠨᠠᠰᠤᠲᠠᠨ ᠳᠤ ᠰᠡᠯᠬᠢ ᠪᠠ ᠨᠠᠷᠠᠨ ᠤ ᠭᠡᠷᠡᠯ ᠢᠶᠠᠷ | ᠴᠠᠬᠢᠯᠭᠠᠨ ᠭᠠᠷᠭᠠᠬᠤ ᠲᠦᠬᠦᠭᠡᠷᠦᠮᠵᠢ ᠲᠤᠬᠢᠷᠠᠭᠤᠯᠵᠤ ᠦᠭᠬᠦᠭᠰᠡᠨ ᠢᠶᠠᠷ ᠡᠯᠡᠰᠤᠨ ᠮᠤᠬᠤᠷ ᠲᠠᠬᠢ ᠠᠮᠢᠳᠤᠷᠠᠯ ᠤᠨ | ᠨᠦᠬᠦᠴᠡᠯ ᠨᠢ ᠮᠠᠰᠢ ᠰᠠᠶᠢᠵᠢᠷᠠᠭᠰᠠᠨ ᠪᠢᠯᠨ᠃ | ᠰᠦᠭᠡ ᠭᠤᠸᠠᠢ ᠲᠢᠩᠬᠢᠮ ᠤᠨ ᠲᠠᠰ ᠤᠨ ᠺᠠᠳ᠋ᠷ ᠪᠠᠶᠢᠵᠤ ᠦᠩᠭᠡᠷᠡᠯ᠎ᠡ ᠴᠤ᠂ ᠠᠮᠢᠳᠤᠷᠠᠯ ᠨᠢ ᠲᠡᠳᠤᠶᠢᠯᠨ ᠲᠡᠩᠰᠤᠭ | ᠪᠢᠰᠢ ᠪᠢᠯᠨ᠃ | ᠲᠠᠷᠨ ᠮᠦᠩᠬᠦ ᠪᠠᠨ ᠠᠷᠪᠢᠯᠠᠬᠤ ᠶᠢᠨ ᠲᠦᠯᠦᠭᠡᠨ᠎ᠡ᠂ ᠬᠠᠭᠤᠴᠢᠨ ᠮᠠᠰᠢᠨ ᠲᠤᠨᠤᠭ ᠢ ᠤᠯᠠᠨ ᠵᠠᠷᠤᠵᠤ | ᠦᠩᠭᠡᠷᠡᠵᠡᠢ᠃ ᠡᠭᠡᠴᠢ ᠰᠤᠳᠨᠠᠮ ᠨᠢ᠄ ︽ᠮᠢᠨᠤ ᠲᠡᠬᠦᠤ ᠶᠢᠨ ᠶᠠᠲᠠᠷᠠᠵᠤ ᠵᠦᠲᠡᠷᠡᠵᠤ ᠪᠠᠶᠢᠬᠤ ᠢ ᠬᠠᠷᠠᠯ ᠳ᠋ᠡ᠂ | ᠬᠠᠷᠠᠯᠠᠵᠤ ᠪᠤᠷᠤᠯᠠᠭᠠᠳ᠂ ᠲᠢᠩᠬᠢᠮ ᠤᠨ ᠲᠠᠰ ᠤᠨ ᠺᠠᠳ᠋ᠷ ᠤᠨ ᠮᠠᠶ᠋ᠢᠭ ᠪᠠᠶᠢᠨ᠎ᠠ ᠤᠤ︖ ᠮᠠᠨ ᠤ ᠡᠵᠡᠨ᠎ᠡ ᠶᠢᠨ | ᠮᠠᠯᠴᠢᠳ ᠴᠤ ᠭᠡᠰᠡᠨ ᠲᠡᠬᠦᠨ ᠠᠴᠠ ᠴᠠᠭᠠᠨ ᠭᠡᠭᠡᠭᠡᠨ ᠳ᠋ᠡ︾ ᠬᠡᠮᠡᠨ ᠬᠡᠯᠡᠵᠤ ᠦᠩᠭᠡᠷᠡᠭᠰᠡᠨ ᠭᠡᠲᠡᠭ᠃ ᠰᠦᠭᠡ | ᠭᠤᠸᠠᠢ ᠶᠢᠨ ᠵᠢᠳᠬᠦᠯ ᠴᠢᠷᠮᠠᠶᠢᠯᠭ᠎ᠠ ᠨᠢ ᠮᠠᠰᠢ ᠤᠯᠠᠨ ᠰᠠᠶᠢᠨ ᠲᠤᠷᠠᠴᠤᠳ ᠤᠨ ᠰᠡᠳᠬᠢᠯ ᠢ ᠬᠦᠲᠡᠯᠭᠡᠵᠡᠢ᠃ ᠲᠠᠲᠠ | ᠪᠠᠶᠢᠨ ᠲᠡᠬᠢᠨ ᠢᠷᠠᠵᠤ ᠮᠤᠳᠤ ᠲᠠᠷᠢᠬᠤ ᠳᠤᠨᠢ ᠬᠠᠪᠰᠤᠷᠴᠤ ᠪᠠᠶᠢᠪᠠ᠃ ᠰᠦᠭᠡ ᠭᠤᠸᠠᠢ᠄ ︽ᠪᠢ ᠵᠢᠯ ᠪᠤᠯᠭᠠᠨ | ᠮᠤᠳᠤ ᠲᠠᠷᠢᠬᠤ ᠳᠠᠭᠠᠨ ᠭᠤᠷᠪᠠᠨ ᠲᠦᠮᠡᠨ ᠲᠦᠬᠦᠷᠢᠭ ᠵᠠᠷᠤᠨ᠎ᠠ᠃ ᠡᠵᠡᠨ᠎ᠡ ᠬᠤᠰᠢᠭᠤᠨ ᠠᠴᠠ ᠵᠢᠷᠭᠤᠭᠠᠨ ᠲᠦᠮᠡᠨ | ᠲᠦᠬᠦᠷᠢᠭ ᠦᠭᠬᠦᠭᠰᠡᠨ ᠪᠢᠯᠨ᠃ ᠶᠠᠫᠤᠨ ᠬᠦᠷᠦᠨ ᠠᠴᠠ ᠭᠤᠷᠪᠠᠨ ᠲᠦᠮᠡᠨ ᠲᠦᠬᠦᠷᠢᠭ ᠦᠭᠬᠦᠭᠰᠡᠨ ᠶᠤᠮ᠃ ᠪᠢᠲᠠ | ᠦᠷᠬᠦᠯᠵᠢᠯᠠᠨ ᠴᠢᠷᠮᠠᠶᠢᠬᠤ ᠴᠢᠬᠤᠯᠠᠲᠠᠢ᠃ ᠨᠠᠮ ᠵᠠᠰᠠᠭ ᠤᠨ ᠢᠶᠠᠨ ᠢᠲᠡᠭᠡᠯ ᠨᠠᠶᠢᠲᠠᠯᠭ᠎ᠠ ᠶᠢ ᠨᠢ ᠬᠦᠰᠡᠷᠲᠡᠬᠦᠯᠵᠤ | ᠪᠤᠯᠬᠤ ᠦᠭᠡᠢ ᠶᠤᠮ᠃ ᠨᠠᠮ ᠤᠨ ᠭᠡᠰᠢᠬᠦᠨ ᠤ ᠰᠦᠷ ᠵᠢᠪᠬᠤᠭ᠎ᠠ ᠪᠠ ᠢᠲᠡᠭᠡᠯ ᠬᠦᠴᠦ ᠶᠢ ᠬᠦᠢᠴᠡᠳ ᠪᠠᠲᠠᠷᠠᠭᠠᠬᠤ | ᠶᠤᠰᠤᠲᠠᠢ ᠶᠤᠮ︾ ᠭᠡᠰᠡᠨ ᠪᠢᠯᠨ᠃ | ᠨᠤᠮᠢᠨ ᠨᠤᠭᠤᠭᠠᠨ ᠵᠠᠭ ᠤᠨ ᠤᠢ ᠶᠢᠨ ᠲᠦᠯᠦᠭᠡᠨ᠎ᠡ | | ᠲᠡᠭᠡᠷ᠎ᠡ ᠵᠠᠭᠤᠨ ᠤ ᠵᠢᠷᠠᠭᠠᠳ ᠤᠨ ᠤ ᠦᠶ᠎ᠡ ᠳᠤ᠂ ᠬᠠᠷ᠎ᠠ ᠬᠤᠲᠠᠨ᠎ᠠ ᠦᠷᠭᠡᠨ ᠶᠡᠭᠡ ᠵᠠᠭ ᠤᠨ ᠤᠢ ᠲᠠᠢ | ᠪᠠᠶᠢᠭᠰᠠᠨ ᠶᠤᠮ᠃ ᠲᠡᠷᠨ ᠦᠶ᠎ᠡ ᠳᠤ ᠮᠠᠯᠴᠢᠳ ᠨᠢ ᠵᠠᠭ ᠢ ᠲᠦᠯᠡᠰᠢ ᠪᠤᠯᠭᠠᠨ ᠲᠠᠲᠠᠲᠠᠭ ᠪᠠᠶᠢᠵᠠᠢ᠃ | ᠦᠢᠯᠡᠳᠪᠤᠷᠢᠯᠠᠯ ᠤᠨ ᠪᠠᠷᠢᠭᠠᠲᠠ ᠶᠢᠨ ᠢᠶᠠᠨ ᠤᠷᠤᠯᠭ᠎ᠠ ᠶᠢ ᠨᠡᠮᠡᠭᠲᠡᠬᠦᠯᠬᠦ ᠶᠢᠨ ᠲᠦᠯᠦᠬᠡᠨᠡ᠂ ᠰᠦᠭᠡ ᠮᠠᠯᠴᠢᠳ | ᠢᠶᠠᠨ ᠲᠠᠭᠠᠭᠤᠯᠤᠨ᠂ ᠵᠠᠭ ᠤᠨ ᠲᠦᠯᠡᠰᠢ ᠲᠠᠲᠠᠵᠤ᠂ ᠬᠤᠲᠠ ᠤᠷᠤᠵᠤ ᠵᠤᠭᠤᠰ ᠬᠤᠪᠢᠯᠭᠠᠲᠠᠭ ᠪᠠᠶᠢᠪᠠ᠃ ᠦᠭᠡᠷ᠎ᠡ | ᠬᠦᠮᠦᠨ ᠤ ᠲᠠᠮᠡᠭᠡᠨ ᠠᠴᠢᠶ᠎ᠠ ᠨᠢ 400 ᠵᠢᠩ ᠵᠠᠭ ᠠᠴᠢᠲᠠᠭ ᠪᠤᠯ᠂ ᠰᠦᠭᠡ ᠶᠢᠨ ᠲᠡᠮᠡᠭᠡᠨ ᠠᠴᠢᠶ᠎ᠠ ᠨᠢ 500 | ᠵᠢᠩ ᠠᠴᠢᠲᠠᠭ ᠪᠠᠶᠢᠪᠠ᠃ 1965 ᠤᠨ ᠳᠤ᠂ ᠰᠦᠭᠡ ᠶᠢᠨ ᠭᠠᠴᠠᠭ᠎ᠠ ᠨᠢ 60 ᠲᠦᠮᠡᠨ ᠵᠢᠩ ᠪᠤᠲᠠᠭ᠎ᠠ | ᠬᠤᠷᠢᠶᠠᠵᠤ᠂ ᠮᠠᠯᠴᠢᠳ ᠤᠨ ᠡᠳᠤᠷ ᠤᠨ ᠤᠷᠤᠯᠭ᠎ᠠ ᠨᠢ ᠲᠦᠴᠢᠨ ᠮᠦᠩᠬᠦ ᠪᠠᠶᠢᠭᠰᠠᠨ ᠠᠴᠠ ᠪᠠᠨ ᠨᠢᠭᠡ ᠲᠦᠬᠦᠷᠢᠭ | ᠪᠤᠯᠤᠨ ᠨᠡᠮᠡᠭᠲᠡᠭᠰᠡᠨ ᠪᠢᠯᠨ᠃ ᠲᠡᠷᠨ ᠦᠶ᠎ᠡ ᠳᠤ ᠭᠠᠴᠠᠭᠠᠨ ᠶᠢᠨ ᠮᠠᠯᠴᠢᠳ ᠤᠨ ᠰᠠᠷ᠎ᠠ ᠶᠢᠨ ᠬᠦᠨᠡᠰᠤ ᠨᠢ 28 ᠵᠢᠩ | ᠲᠡᠳᠤᠢ ᠪᠠᠶᠢᠵᠠᠢ᠃ ᠰᠦᠭᠡ ᠮᠠᠯᠴᠢᠳ ᠢᠶᠠᠨ ᠲᠠᠭᠠᠭᠤᠯᠤᠨ 3000 ᠮᠤ᠋ ᠠᠲᠠᠷ ᠬᠠᠭᠠᠯᠪᠤᠷᠢᠯᠠᠵᠤ᠂ ᠵᠠᠭ ᠤᠨ | ᠲᠦᠯᠡᠭᠡ ᠬᠤᠲᠠᠯᠳᠤᠨ᠂ ᠤᠷᠤᠯᠭ᠎ᠠ ᠪᠠᠨ ᠨᠡᠮᠡᠭᠲᠡᠬᠦᠯᠵᠤ ᠪᠠᠶᠢᠯ᠎ᠠ᠃ | ᠰᠦᠭᠡ ᠭᠤᠸᠠᠢ᠄ ︽ᠲᠡᠷᠨ ᠦᠶ᠎ᠡ ᠳᠤ᠂ ᠮᠠᠯᠴᠢᠳ ᠮᠢᠨᠢ ᠰᠠᠷ᠎ᠠ ᠪᠤᠯᠭᠠᠨ ᠵᠠᠭᠤᠨ ᠵᠢᠩ ᠪᠤᠲᠠᠭ᠎ᠠ ᠢᠲᠡᠯᠡ | ᠴᠤ ᠭᠡᠰᠡᠨ ᠮᠠᠨ ᠤ ᠠᠮᠤ ᠬᠦᠨᠡᠰᠤ ᠨᠢ ᠬᠦᠢᠴᠡᠯᠳᠤᠬᠦ ᠪᠠᠶᠢᠭᠰᠠᠨ︾ ᠭᠡᠵᠤ ᠪᠢᠯᠨ᠃ ᠢᠩᠬᠢᠭᠡᠳ ᠠᠯᠠᠱᠨ ᠶᠢᠨ | ᠰᠤᠪᠠᠨᠠᠭᠤᠷ ᠰᠤᠮᠤ ᠶᠢᠨ ᠠᠯᠲᠠᠷ ᠨᠠᠷᠠ ᠨᠢ ᠤᠯᠤᠰ ᠲᠠᠶᠠᠭᠠᠷ ᠲᠠᠭᠤᠷᠢᠰᠴᠤ ᠡᠬᠢᠯᠡᠵᠡᠢ᠃ ︽ᠠᠷᠠᠳ ᠤᠨ ᠡᠳᠤᠷ | ᠤᠨ ᠰᠤᠨᠢᠨ︾᠂ ︽ᠭᠠᠨᠰᠤ ᠶᠢᠨ ᠡᠳᠤᠷ ᠤᠨ ᠰᠤᠨᠢᠨ︾ ᠵᠡᠷᠭᠡ ᠰᠤᠨᠢᠨ ᠰᠡᠳᠬᠦᠯ ᠨᠢ ︽ᠮᠠᠯᠴᠢᠳ ᠲᠠᠸᠠᠷ ᠤᠨ | ᠠᠮᠤ ᠪᠤᠲᠠᠭ᠎ᠠ ᠢᠲᠡᠬᠦ ᠪᠠᠨ ᠪᠠᠶᠢᠵᠠᠢ᠃ ᠰᠤᠪᠠᠨᠠᠭᠤᠷ ᠰᠤᠮᠤ ᠶᠢᠨ ᠮᠠᠯᠴᠢᠳ ᠨᠢ ᠮᠠᠯ ᠠᠵᠤ ᠠᠬᠤᠢ ᠪᠠᠨ ᠶᠡᠭᠡᠪᠡᠷ | ᠬᠦᠭᠵᠢᠬᠦᠯᠬᠦ ᠶᠢᠨ ᠵᠡᠷᠭᠡᠲᠡ᠂ ᠵᠤᠬᠢᠰᠲᠡᠢ ᠪᠠᠷ ᠲᠠᠷᠢᠶᠠᠯᠠᠵᠤ ᠡᠬᠢᠯᠡᠭᠡᠳ᠂ ᠲᠠᠷᠢᠶᠠᠯᠠᠩ ᠪᠠ ᠮᠠᠯ ᠠᠵᠤ ᠠᠬᠤᠢ ᠨᠢ | ᠵᠡᠷᠭᠡᠪᠡᠷ ᠡᠯᠪᠡᠭ ᠬᠤᠷᠢᠶᠠᠯᠲᠠ ᠤᠯᠤᠯ᠎ᠠ︾ ᠬᠡᠮᠡᠨ ᠵᠠᠯᠭ᠎ᠠ ᠵᠠᠯᠭᠠᠪᠠᠷ ᠮᠡᠲᠡᠭᠡᠯᠡᠵᠤ ᠡᠬᠢᠯᠡᠵᠡᠢ᠃ | ᠰᠦᠭᠡ ᠭᠤᠸᠠᠢ᠄ ︽ᠲᠡᠷᠨ ᠦᠶ᠎ᠡ ᠳᠤ ᠤᠷᠴᠢᠨ ᠠᠬᠤᠢ ᠶᠢ ᠬᠠᠮᠠᠭᠠᠯᠠᠬᠤ ᠶᠢ ᠲᠡᠳᠤᠶᠢᠯᠨ ᠠᠩᠬᠠᠷᠴᠤ | ᠪᠠᠶᠢᠭ᠎ᠠ ᠦᠭᠡᠢ᠃ ᠮᠠᠯᠴᠢᠳ ᠢᠶᠠᠨ ᠢᠲᠠᠵᠤ ᠡᠮᠦᠰᠬᠦ ᠳᠤᠨᠢ ᠵᠦᠪ ᠪᠤᠯᠭᠠᠬᠤ ᠰᠡᠨ ᠭᠡᠵᠤ ᠵᠢᠳᠬᠦᠵᠤ ᠪᠠᠶᠢᠪᠠ᠃ | ᠤᠳᠤ ᠪᠢ ᠴᠢᠨᠢ ᠠᠷᠪᠠᠨ ᠬᠡᠳᠤᠨ ᠵᠢᠯ ᠵᠢᠳᠬᠦᠵᠤ ᠪᠠᠶᠢᠮᠠᠨᠵᠢᠨ ᠰᠠᠶ᠋ᠢ 3000 ᠢᠯᠡᠬᠦᠤ ᠮᠤ᠋ ᠵᠠᠭ ᠤᠨ ᠤᠢ ᠲᠠᠢ | ᠪᠤᠯᠵᠤ᠂ ᠡᠯᠡᠰᠤ ᠮᠠᠩᠬ᠎ᠠ ᠪᠠᠨ ᠨᠤᠭᠤᠭᠠᠷᠠᠭᠤᠯᠬᠤ ᠭᠡᠰᠡᠨ ᠵᠤᠷᠢᠯᠭ᠎ᠠ ᠳᠠᠭᠠᠨ ᠬᠦᠷᠴᠤ ᠡᠬᠢᠯᠡᠯ᠎ᠡ︾ ᠭᠡᠮᠡᠨ ᠰᠡᠳᠬᠢᠯ | ᠠᠭᠤᠵᠢᠷᠠᠨ ᠬᠡᠯᠡᠭᠰᠡᠨ ᠶᠤᠮ᠃ | ᠰᠦᠭᠡ ᠭᠤᠸᠠᠢ ᠮᠠᠰᠢ ᠪᠤᠷᠤᠭᠵᠢᠭᠤᠨ ᠵᠠᠩ ᠲᠠᠢ᠂ ᠬᠤᠪᠴᠠᠰᠤ ᠬᠤᠨᠠᠷ ᠨᠢ ᠴᠡᠪᠡᠷ ᠲᠡᠭᠰᠢᠭᠡᠨ᠂ ᠬᠤᠭᠤᠯᠨ | ᠬᠤᠰᠢ ᠨᠢ ᠲᠦᠬᠦᠮ ᠲᠦᠲᠡ ᠪᠠᠶᠢᠭᠰᠠᠨ ᠴᠤ ᠰᠡᠳᠬᠢᠯ ᠨᠢ ᠬᠠᠨᠤᠴᠢᠬᠠᠲᠠᠭ᠃ ᠲᠠᠭᠠᠨ᠎ᠠ ᠪᠠᠷ ᠠᠮᠲᠠᠯᠠᠭᠰᠠᠨ ᠭᠤᠯᠢᠷ | ᠬᠤᠭᠤᠯᠨ ᠪᠠᠷ ᠨᠢᠭᠡ ᠡᠷᠡᠨ ᠤ ᠬᠤᠭᠤᠯᠨ ᠪᠠᠨ ᠡᠪᠯᠡᠬᠦᠯᠴᠢᠭᠡᠲᠡᠭ᠃ ᠭᠡᠲᠡᠯ᠎ᠡ ᠮᠠᠯᠴᠢᠳ ᠢ ᠲᠤᠰᠠᠯᠠᠬᠤ ᠭᠡᠪᠡᠯ ᠰᠦᠭᠡ | ᠭᠤᠸᠠᠢ ᠮᠠᠰᠢ ᠨᠡᠷᠢᠨ ᠨᠢᠮᠪᠠᠢ ᠪᠠᠶᠢᠲᠠᠭ ᠰᠢᠤ᠃ ᠡᠵᠡᠨ᠎ᠡ ᠨᠢ ᠲᠠᠪᠤᠨ ᠰᠤᠮᠤ᠂ ᠭᠤᠷᠪᠠᠨ ᠪᠠᠯᠭᠠᠰᠤ ᠲᠠᠢ᠃ ᠬᠠᠷ᠎ᠠ | ᠬᠤᠲᠠ ᠠᠴᠠ ᠤᠶᠢᠷᠠᠬᠠᠨ ᠪᠠᠶᠢᠭ᠎ᠠ ᠨᠢ ᠪᠦᠷ ᠯᠡ ᠰᠦᠭᠡ ᠭᠤᠸᠠᠢ ᠶᠢᠨ ᠬᠢᠨ ᠠᠴᠠ ᠦᠷ᠎ᠡ ᠮᠤᠳᠤ ᠪᠠᠨ ᠠᠪᠲᠠᠭ᠃ | ᠮᠠᠯᠴᠢᠳ ᠨᠢ ᠲᠡᠷᠭᠡ ᠤᠨᠤᠭ᠎ᠠ ᠪᠠᠷ ᠢᠶᠠᠨ ᠲᠠᠪᠬᠢᠵᠤ ᠢᠷᠡᠭᠡᠳ ᠯᠡ᠂ ᠦᠷ᠎ᠡ ᠮᠤᠳᠤ ᠪᠠᠨ ᠲᠡᠭᠡᠭᠡᠭᠡᠳ ᠶᠠᠪᠤᠴᠢᠬᠠᠲᠠᠭ | ᠃ ᠰᠦᠭᠡ ᠭᠤᠸᠠᠢ ᠮᠦᠩᠬᠦ ᠲᠦᠬᠦᠷᠢᠭ ᠠᠪᠬᠤ ᠦᠭᠡᠢ ᠮᠦᠷᠲᠡᠭᠡᠨ ᠲᠠᠷᠢᠵᠤ ᠡᠳ᠋ᠯᠡᠬᠦ ᠠᠷᠭ᠎ᠠ ᠪᠠᠨ ᠵᠢᠭᠠᠵᠤ | ᠦᠭᠬᠦᠭᠡᠳ ᠶᠠᠪᠤᠭᠤᠯᠲᠠᠭ᠃ | 2011 ᠤᠨ ᠳᠤ ᠪᠤᠷᠤ — ᠠᠭᠤᠯᠨ ᠭᠠᠴᠠᠭᠠᠨ ᠤ ᠱᠦᠵᠢ ᠨᠢ ᠦᠷ᠎ᠠ ᠮᠤᠳᠤ ᠬᠤᠳᠠᠯᠳᠤᠨ ᠠᠪᠬᠤ | ᠳᠤᠨᠢ᠂ ᠰᠦᠭᠡ ᠭᠤᠸᠠᠢ ᠪᠠᠰᠨ ᠨᠡᠯᠢᠶᠠᠳ ᠤᠯᠠᠨ ᠢ ᠨᠡᠮᠡᠵᠤ ᠦᠭᠬᠦᠭᠡᠳ ᠶᠠᠪᠤᠭᠤᠯᠤᠭᠰᠠᠨ ᠶᠤᠮ᠃ | ᠰᠦᠭᠡ ᠭᠤᠸᠠᠢ ᠶᠢᠨ ᠵᠢᠭᠠᠨ ᠵᠢᠯᠤᠭᠤᠳᠤᠯᠭ᠎ᠠ ᠪᠠᠷ ᠮᠠᠯᠴᠢᠨ ᠰᠡᠷᠬᠦᠯᠠᠩ ᠭᠡᠳᠤᠨ ᠲᠦᠮᠡᠨ ᠵᠠᠭ ᠤᠨ ᠮᠤᠳᠤ | ᠲᠠᠢ ᠪᠤᠯᠴᠢᠬᠠᠭᠠᠳ᠂ ᠪᠠᠶᠠᠨ ᠲᠠᠩᠰᠤᠭ ᠠᠮᠢᠳᠤᠷᠠᠯ ᠢᠶᠠᠨ ᠴᠤᠭᠴᠠᠯᠠᠭᠰᠠᠨ ᠶᠤᠮ᠂ ᠰᠦᠭᠡ ᠭᠤᠸᠠᠢ ᠶᠢᠨ ᠠᠴᠢ | ᠲᠤᠰᠨ ᠶᠢ ᠰᠡᠷᠬᠦᠯᠡᠩ ᠦᠷᠬᠦᠯᠵᠢ ᠲᠤᠷᠠᠰᠴᠤ ᠶᠠᠪᠤᠲᠠᠭ ᠪᠢᠯᠨ᠃ | | ᠠᠷᠢᠭᠤᠨ ᠦᠢᠯᠡᠰ ᠤᠨ ᠨᠠᠨᠳᠢᠨ ᠦᠪ | ᠵᠠᠭ ᠤᠨ ᠤᠢ ᠨᠢ ᠬᠠᠷ᠎ᠠ ᠬᠤᠲᠠ ᠳᠠᠭᠠᠨ ᠦᠩᠭᠡ ᠬᠢᠯᠪᠠᠭ᠎ᠠ ᠨᠡᠮᠡᠷᠢᠯᠠᠵᠤ᠂ ᠵᠠᠯᠠᠭᠤᠬᠠᠨ ᠤᠢ ᠨᠢ ᠬᠠᠭᠤᠴᠢᠨ | ᠬᠤᠲᠠ ᠶᠢᠨ ᠢᠶᠠᠨ ᠭᠡᠭᠡᠨ ᠵᠢᠮᠰᠡᠭ ᠪᠤᠯᠵᠠᠢ᠃ ᠰᠦᠭᠡ ᠭᠤᠸᠠᠢ ᠠᠷᠪᠠᠨ ᠬᠡᠳᠤᠨ ᠵᠢᠯ ᠬᠠᠯᠠᠭᠤᠨ ᠬᠦᠯᠦᠰᠤ ᠪᠠᠨ | ᠤᠷᠤᠰᠬᠠᠵᠤ ᠪᠠᠶᠢᠮᠡᠨ᠂ ᠡᠯᠡᠰᠤᠨ ᠨᠤᠳᠤᠭ ᠢᠶᠠᠨ ᠨᠤᠮᠢᠨ ᠲᠠᠯᠠᠢ ᠪᠤᠯᠭᠠᠭᠰᠠᠨ ᠶᠤᠮ᠃ ᠤᠶᠢᠷ᠎ᠠ ᠲᠤᠭᠤᠷᠢᠨ ᠤ | ᠬᠢᠨᠢ ᠮᠠᠯᠴᠢᠳ ᠨᠢ ᠰᠦᠭᠡ ᠭᠤᠸᠠᠢ ᠶᠢᠨ ᠠᠵᠢᠯ ᠦᠢᠯᠡᠰ ᠢ ᠨᠢ ᠮᠠᠰᠢ ᠶᠡᠭᠡᠪᠡᠷ ᠤᠶᠢᠯᠠᠭᠠᠵᠤ᠂ ᠴᠢᠩ ᠰᠡᠳᠬᠢᠯ | ᠠᠴᠠ ᠪᠠᠨ ᠲᠠᠮᠵᠢᠲᠡᠭ ᠪᠤᠯᠵᠠᠢ᠃ ᠲᠦᠷᠪᠠᠨ ᠵᠦᠭ ᠨᠠᠢᠮᠠᠨ ᠵᠤᠪᠬᠢᠰ ᠤᠨ ᠰᠠᠶᠢᠨ ᠲᠤᠷᠠᠴᠤᠳ ᠴᠤ ᠬᠦᠷᠦᠯᠴᠠᠨ | ᠢᠷᠠᠵᠤ᠂ ᠬᠦᠴᠦᠨ ᠴᠢᠲᠠᠯ ᠢᠶᠠᠨ ᠬᠠᠷᠠᠮ ᠦᠭᠡᠢ ᠡᠷᠬᠦᠲᠡᠭ ᠪᠤᠯᠵᠠᠢ᠃ ᠡᠯ᠎ᠡ ᠱᠠᠳᠤᠨ ᠤ ᠨᠠᠮ ᠵᠠᠰᠠᠭ ᠨᠢ ᠴᠤ | ᠰᠦᠭᠡ ᠭᠤᠸᠠᠢ ᠶᠢ ᠮᠠᠰᠢ ᠶᠡᠭᠡᠪᠡᠷ ᠠᠩᠬᠠᠷᠤᠨ ᠬᠠᠯᠠᠮᠵᠢᠯᠠᠵᠤ ᠪᠠᠶᠢᠯ᠎ᠠ᠃ ᠰᠦᠭᠡ ᠭᠤᠸᠠᠢ ᠲᠦᠷᠦ ᠬᠦᠷᠦᠨ ᠤ ᠪᠠᠨ | ᠱᠠᠩᠨᠠᠯ ᠬᠦᠬᠢᠬᠦᠯᠦᠯ ᠢ ᠴᠤ ᠤᠯᠠᠨ ᠬᠦᠷᠲᠡᠵᠡᠢ᠃ ︽ᠪᠦᠬᠦ ᠤᠯᠤᠰ ᠤᠨ ᠴᠠᠭ ᠦᠶ᠎ᠡ ᠶᠢᠨ ᠬᠤᠰᠢᠭᠤᠴᠢ︾᠂ ︽ | ᠪᠦᠬᠦ ᠤᠯᠤᠰ ᠤᠨ ᠰᠢᠯᠢᠲᠡᠭ ᠠᠬᠠᠮᠠᠳ ᠺᠠᠳ᠋ᠷ︾ ᠵᠡᠷᠭᠡ ᠤᠯᠤᠰ ᠤᠨ ᠲᠠᠰ ᠤᠨ ᠱᠠᠩᠨᠠᠯ ᠡᠷᠬᠦᠮᠵᠢᠯᠠᠯ ᠢ ᠴᠤ | ᠬᠦᠷᠲᠡᠵᠡᠢ᠃ | ᠰᠦᠭᠡ ᠭᠤᠸᠠᠢ ᠄ ︽ᠠᠯᠲᠠᠷ ᠴᠤᠯᠨ ᠭᠡᠲᠡᠭ ᠴᠢᠨᠢ ᠬᠢᠵᠤ ᠪᠦᠲᠦᠭᠡᠭᠰᠡᠨ ᠵᠦᠢᠯ ᠳᠤ ᠴᠢᠨᠢ ᠵᠤᠷᠢᠭᠤᠯᠤᠭᠰᠠᠨ | ᠮᠠᠭᠲᠠᠭᠠᠯ ᠶᠤᠮ᠃ ᠪᠢ ᠬᠠᠷᠢᠨ ᠬᠤᠵᠢᠮ ᠤᠨ ᠲᠤᠬᠠᠢ ᠶᠡᠭᠡ ᠰᠠᠨᠠᠭᠠᠰᠢᠷᠠᠵᠤ ᠪᠠᠶᠢᠨ᠎ᠠ᠃ ᠵᠠᠭ ᠤᠨ ᠤᠢ ᠪᠠᠨ | ᠬᠡᠷᠬᠢᠨ ᠬᠠᠮᠠᠭᠠᠯᠠᠨ᠎ᠠ ᠭᠡᠲᠡᠭ ᠪᠤᠯ ᠮᠠᠰᠢ ᠴᠢᠬᠤᠯᠨ ᠤᠴᠢᠷ ᠶᠤᠮ᠃ ᠪᠢ ᠠᠷᠪᠠᠨ ᠬᠡᠳᠤᠨ ᠵᠢᠯ ᠵᠢᠳᠬᠦᠵᠤ ᠪᠠᠶᠢᠮᠠᠨ | 3000 ᠢᠯᠡᠬᠦᠤ ᠮᠤ᠋ ᠵᠠᠭ ᠤᠨ ᠤᠢ ᠲᠠᠢ ᠪᠤᠯᠵᠠᠢ᠃ ᠬᠠᠷ᠎ᠠ ᠬᠤᠲᠠ ᠶᠢᠨ ᠤᠷᠴᠢᠨ ᠠᠬᠤᠢ ᠴᠤ ᠦᠭᠡᠷᠡᠲᠡᠭᠡᠳ | ᠡᠬᠢᠯᠡᠵᠡᠢ᠃ ᠪᠢ ᠭᠤᠤᠯ ᠨᠢ ᠡᠲᠡᠭᠡᠷ ᠢᠶᠠᠨ ᠭᠡᠷᠬᠢᠨ ᠬᠠᠮᠠᠭᠠᠯᠠᠨ᠎ᠠ ᠭᠡᠲᠡᠭ ᠢ ᠡᠳᠤᠷ ᠪᠤᠯᠭᠠᠨ ᠪᠤᠳᠤᠵᠤ ᠲᠤᠩᠭᠠᠵᠤ | ᠯᠡ ᠪᠠᠶᠢᠨ᠎ᠠ᠃ ᠬᠠᠷ᠎ᠠ ᠬᠤᠲᠠ ᠭᠡᠲᠡᠭ ᠴᠢᠨᠢ ᠬᠡᠮᠵᠢᠶ᠎ᠠ ᠲᠠᠢ ᠭᠠᠵᠠᠷ᠂ ᠵᠠᠭ ᠤᠨ ᠤᠢ ᠭᠡᠲᠡᠭ ᠴᠢᠨᠢ ᠲᠤᠭ᠎ᠠ ᠲᠠᠢ | ᠮᠤᠳᠤ ᠲᠠᠢ᠃ ᠵᠠᠭ᠂ ᠤᠲᠠ ᠂ ᠴᠢᠪᠠᠭᠠᠨ ᠮᠤᠳᠤ᠂ ᠬᠠᠶᠢᠯᠠᠰᠤᠨ ᠮᠤᠳᠤ ᠴᠢᠨᠢ ᠪᠦᠷ ᠠᠲᠠᠯᠢ ᠪᠤᠰᠤ ᠶᠢᠨ | ᠠᠷᠠᠴᠢᠯᠠᠭ᠎ᠠ ᠱᠠᠭᠠᠷᠲᠠᠭᠲᠠᠨᠠ᠃ ᠬᠤᠯᠤᠭᠠᠨ᠎ᠠ ᠭᠡᠲᠡᠭ ᠠᠮᠢᠲᠠᠨ ᠴᠢᠨᠢ ᠵᠠᠭ ᠤᠨ ᠬᠠᠯᠢᠰᠤ ᠶᠢ ᠨᠢ ᠮᠡᠷᠡᠨᠡ᠂ ᠲᠠᠤᠯᠠᠢ | ᠨᠢ ᠦᠨᠳᠤᠰᠤ ᠶᠢ ᠨᠢ ᠬᠡᠮᠡᠯᠢᠲᠡᠭ᠃ ᠪᠠᠰᠨ ᠭᠠᠩ ᠬᠠᠭᠰᠠᠷᠭᠠᠨ ᠪᠠ ᠰᠠᠯᠬᠢ ᠰᠢᠭᠤᠷᠭ᠎ᠠ ᠨᠢ ᠵᠠᠭ ᠶᠢᠨ ᠤᠢ ᠶᠢ | ᠲᠠᠭᠠᠷᠢᠵᠤ ᠯᠡ ᠪᠠᠶᠢᠲᠠᠭ᠃ ᠪᠢ ᠠᠩᠬ᠎ᠠ ᠡᠬᠢᠯᠠᠵᠤ ᠤᠶᠢᠵᠢᠭᠤᠯᠬᠤ ᠳᠠᠭᠠᠨ ᠦᠷᠭᠡᠳᠭᠡᠬᠦ ᠶᠢ ᠶᠡᠭᠡ ᠬᠦᠰᠡᠲᠡᠭ | ᠪᠠᠶᠢᠭᠰᠠᠨ᠂ ᠤᠳᠤ ᠪᠤᠯ ᠬᠠᠷᠢᠨ ᠬᠠᠮᠠᠭᠠᠯᠠᠬᠤ ᠭᠡᠲᠡᠭ ᠢ ᠨᠢ ᠲᠡᠷᠢᠬᠦᠨ ᠪᠠᠶᠢᠷᠢᠨ ᠳᠤ ᠲᠠᠯᠪᠢᠲᠠᠭ ᠪᠤᠯᠵᠠᠢ᠃ | ᠮᠤᠳᠤᠳ ᠤᠨ ᠬᠤᠭᠤᠷᠤᠨᠳᠤᠬᠢ ᠵᠠᠢ᠂ ᠤᠰᠤᠯᠠᠯᠲᠠ ᠶᠢᠨ ᠬᠡᠮᠵᠢᠶ᠎ᠡ᠂ ᠰᠠᠯᠬᠢᠨ ᠤᠨ ᠡᠷᠴᠢ ᠵᠡᠷᠭᠡ ᠶᠢ ᠨᠠᠷᠢᠨ ᠬᠢᠨᠠᠨ | ᠦᠵᠡᠵᠤ᠂ ᠠᠩᠬᠠᠷᠤᠨ ᠰᠢᠨᠵᠢᠲᠡᠭ ᠪᠤᠯᠤᠭᠰᠠᠨ ᠰᠢᠤ︾ ᠬᠡᠮᠡᠨ ᠲᠠᠶᠢᠯᠪᠤᠷᠢᠯᠠᠵᠤ ᠪᠢᠯᠨ᠃ | ᠰᠦᠭᠡ ᠭᠤᠸᠠᠢ ᠶᠢᠨ ᠠᠷᠢᠭᠤᠨ ᠬᠦᠯᠦᠰᠤ ᠪᠠᠷ ᠤᠮᠲᠠᠯᠠᠭᠲᠠᠭᠰᠠᠨ ᠵᠠᠭ ᠤᠨ ᠤᠢ ᠮᠢᠨᠢ ᠵᠢᠯ ᠤᠨ ᠵᠢᠯ ᠳᠤ | ᠴᠡᠯᠭᠡᠷᠡᠨ ᠪᠠᠶᠢᠬᠤ ᠪᠤᠯᠳᠤᠭᠠᠢ︕ | | ᠡᠭᠡ ᠪᠢᠴᠢᠭ ᠤᠨ ᠵᠠᠯᠭᠠᠮᠵᠢ ᠤᠴᠢᠷᠯᠠᠯ | | ᠨᠠᠮ ᠪᠠᠶᠢᠭᠤᠯᠤᠭᠲᠠᠭᠰᠠᠨ 100 ᠤᠨ ᠤᠢ ᠳᠤ ᠵᠤᠷᠢᠭᠤᠯᠤᠭᠰᠠᠨ ᠡᠨᠡ ᠬᠦ ᠰᠤᠷᠪᠤᠯᠵᠢᠯᠠᠭ᠎ᠠ ᠪᠠᠨ | ᠡᠮᠬᠢᠳᠭᠡᠵᠤ ᠲᠠᠭᠤᠰᠲᠡᠯᠡ᠂ ᠰᠦᠭᠡ ᠭᠤᠸᠠᠢ ᠶᠢᠨ ᠲᠠᠭᠠᠯᠠᠯ ᠪᠤᠯᠤᠭᠰᠠᠨ ᠴᠢᠮᠡᠭᠡ ᠶᠢ ᠲᠤᠭᠤᠯᠤᠯ᠎ᠠ᠃ ᠰᠦᠭᠡ | ᠭᠤᠸᠠᠢ 74 ᠨᠠᠰᠤᠨ ᠰᠡᠬᠦᠲᠡᠷ ᠢ ᠵᠤᠭᠤᠭᠯᠠᠭᠠᠳ᠂ ᠬᠠᠷ᠎ᠠ ᠬᠤᠲᠠ ᠶᠢᠨ ᠢᠶᠠᠨ ᠪᠠᠷ᠎ᠠ ᠶᠢ ᠰᠠᠬᠢᠨ ᠮᠦᠩᠭᠡᠲᠡ | ᠨᠤᠶᠢᠷᠰᠤᠬᠤ ᠪᠤᠯᠵᠠᠢ᠃ 2021 ᠤᠨ ᠤ 6 ᠰᠠᠷ᠎ᠠ ᠶᠢᠨ 23 ᠤ ᠦᠲᠡ ᠶᠢᠨ ᠡᠮᠦᠨ᠎ᠡ ᠰᠦᠭᠡ ᠨᠦᠬᠦᠷ ᠤᠨ | ᠴᠢᠨᠲᠡᠷ ᠠᠴᠠ ᠰᠠᠯᠬᠤ ᠶᠤᠰᠤᠯᠠᠯ ᠡᠵᠡᠨ᠎ᠡ ᠬᠤᠰᠢᠭᠤᠨᠡ ᠶᠠᠪᠤᠭᠲᠠᠵᠤ ᠠᠬᠤ ᠳᠤ ᠦᠪᠡᠷᠲᠡᠭᠡᠨ ᠵᠠᠰᠠᠬᠤ ᠤᠷᠤᠨ ᠤ | ᠲᠦᠪ ᠬᠦᠬᠡᠬᠤᠲᠠ ᠳᠤ ᠡᠬᠦᠯᠨ ᠨᠡᠳᠦᠶᠢᠵᠤ᠂ ᠦᠲᠡ ᠬᠤᠶᠢᠨ᠎ᠡ ᠨᠢ ᠪᠤᠷᠤᠭᠠᠨ ᠠᠰᠬᠠᠷᠠᠵᠤ ᠪᠠᠶᠢᠭᠰᠠᠨ ᠰᠡᠨ᠃ | 2019 ᠤᠨ ᠳᠤ ᠰᠤᠷᠪᠤᠯᠵᠢᠯᠠᠵᠤ ᠪᠠᠶᠢᠬᠤ ᠳᠤ᠂ ︽ᠮᠠᠨ ᠤ ᠮᠡᠷᠭᠡᠨ ᠴᠢᠨᠢ ᠬᠤᠷᠳᠤᠨ ᠴᠤ ᠪᠢᠴᠢᠲᠡᠭ | ᠬᠡᠤᠭᠡᠳ ᠰᠢᠤ᠂ ᠮᠥᠨ ᠴᠦ ᠰᠠᠶᠢᠬᠠᠨ ᠲᠠᠲᠠᠯᠠᠭᠠᠨ ᠲᠢᠭ ᠲᠠᠢ ᠰᠢᠤ︾ ᠬᠡᠮᠡᠨ ᠨᠠᠮ᠎ᠠ ᠶᠢ ᠦᠬᠦᠭᠡᠷᠲᠡᠵᠤ᠂ | ᠮᠠᠭᠲᠠᠵᠤ ᠪᠠᠶᠢᠭᠰᠠᠨ ᠲᠨ ᠮᠢᠨᠢ ᠤᠳᠤ ᠨᠢᠬᠡᠨᠲᠡ ︽ᠦᠵᠡᠬᠦᠢ ᠶᠢᠨ ᠬᠢᠵᠠᠭᠠᠷ︾ ᠲᠤ ᠠᠯᠤᠰᠷᠠᠵᠠᠢ᠃ ᠪᠢ ᠡᠬᠦᠯᠡᠨ | ᠲᠤᠯᠤᠭᠠᠢ ᠶᠢ ᠰᠢᠷᠲᠡᠨ ᠤᠲᠠᠭᠠᠨ ᠰᠠᠭᠤᠯ᠎ᠠ᠃ ᠰᠦᠷᠯᠢᠭ ᠰᠠᠶᠢᠬᠠᠨ ᠲᠡᠯᠡᠨ ᠬᠠᠷ᠎ᠠ ᠮᠢᠨᠢ ᠪᠤᠷᠤᠭᠠᠨ ᠤ | ᠴᠢᠳᠬᠤᠯᠠᠭᠠᠨ ᠳᠤ ᠪᠦᠤᠲᠡᠶᠢᠨ ᠬᠠᠷᠠᠭᠲᠠᠨ᠎ᠠ᠃ ᠪᠢ ᠵᠤᠷᠢᠭᠯᠠᠵᠤ ᠪᠠᠶᠢᠮᠡᠨ ᠡᠭᠡ ᠪᠢᠴᠢᠭ ᠢᠶᠠᠨ ᠲᠠᠲᠠᠯᠠᠪᠠ᠃ ᠲᠡᠨ | ᠤ ᠵᠤᠷᠢᠭ ᠢ ᠪᠢᠲᠡ ᠪᠡᠶ᠎ᠡ ᠳᠤ ᠪᠠᠨ ᠰᠢᠩᠭᠡᠭᠡᠬᠦ ᠶᠤᠰᠤᠲᠠᠢ᠃ | ᠨᠢᠯᠬ᠎ᠠ ᠪᠠᠭ᠎ᠠ ᠶᠢᠨ ᠦᠶ᠎ᠡ ᠶᠢᠨ ᠦᠨᠦᠴᠢᠷᠡᠯ᠂ ᠵᠠᠯᠠᠭᠤ ᠬᠠᠯᠠᠭᠤᠨ ᠨᠠᠰᠤᠨ ᠤ ᠦᠶ᠎ᠡ ᠶᠢᠨ ᠬᠠᠲᠠᠭᠤ | ᠬᠦᠲᠡᠯᠮᠦᠷᠢ᠂ ᠡᠪᠡᠳᠴᠢᠨ ᠵᠤᠪᠠᠯᠠᠩ ᠤᠨ ᠬᠦᠨᠳᠤ ᠲᠡᠷᠴᠢᠯᠠᠭᠠᠯ ᠢ ᠮᠤᠩᠭᠤᠯ ᠡᠷ᠎ᠡ ᠶᠢᠨ ᠬᠠᠲᠠᠨ ᠵᠤᠷᠢᠭ ᠢᠶᠠᠷ ᠲᠠᠪᠠᠨ | ᠲᠤᠭᠤᠯᠵᠤ᠂ ᠡᠭᠡᠯ ᠪᠤᠷᠤᠬᠠᠨ ᠠᠮᠢᠳᠤᠷᠠᠯ ᠤᠨ ᠡᠩ ᠦᠷᠭᠡᠨ ᠵᠠᠢ ᠶᠢ ᠠᠭᠤᠲᠠᠮᠬᠠᠨ ᠴᠡᠭᠡᠵᠢᠨ ᠳᠤ ᠪᠠᠨ | ᠪᠠᠭᠲᠠᠭᠠᠵᠤ᠂ ᠤᠬᠠᠭᠠᠯᠢᠭ ᠰᠠᠮᠪᠠᠭ᠎ᠠ ᠪᠠᠷ ᠦᠢᠯᠨ ᠭᠡᠷᠡᠭ ᠪᠦᠬᠦᠨ ᠢ ᠲᠤᠩᠭᠠᠵᠤ᠂ ᠦᠷᠦᠪᠴᠢᠭᠡᠨ ᠰᠡᠳᠬᠢᠯ ᠳᠡᠭᠡᠨ | ᠨᠤᠳᠤᠭ ᠪᠠᠶᠢᠭᠠᠯᠢ ᠬᠦᠮᠦᠨ ᠠᠷᠠᠳ ᠢᠶᠠᠨ ᠡᠩᠬᠦᠷᠡᠶᠢᠯᠡᠨ᠂ ᠦᠨᠡᠨᠴᠢ ᠵᠢᠷᠤᠮ ᠢᠶᠠᠷ ᠲᠦᠮᠡᠨ ᠤᠯᠠᠨ ᠤ ᠬᠠᠶᠢᠷ᠎ᠠ | ᠬᠦᠨᠳᠤᠳᠭᠡᠯ ᠢ ᠤᠯᠵᠤ ᠶᠠᠪᠤᠭᠰᠠᠨ ᠲᠨ ᠮᠢᠨᠢ ᠤᠳᠤ ᠬᠤᠯᠨ ᠶᠢᠨ ᠬᠤᠯᠨ ᠳᠤ ᠶᠠᠪᠤᠴᠢᠬᠠᠵᠠᠢ᠃ | ᠦᠪᠤᠷ ᠮᠤᠩᠭᠤᠯ ᠤᠨ ᠤᠯᠤᠰ ᠲᠦᠷᠦ ᠶᠢᠨ ᠵᠦᠪᠯᠡᠯᠭᠡᠨ ᠤ ᠠᠵᠢᠯ ᠢᠶᠠᠷ ᠬᠦᠷᠬᠦ ᠳᠤ᠂ ᠰᠤᠷᠪᠤᠯᠵᠢᠯᠠᠭ᠎ᠠ | ᠠᠪᠬᠤ ᠦᠶ᠎ᠡ ᠳᠤ᠂ ᠨᠠᠲᠡ ᠳᠤ ᠬᠠᠮᠤᠭ ᠤᠯᠠᠨ ᠶᠠᠷᠢᠵᠤ ᠪᠠᠶᠢᠭᠰᠠᠨ ᠨᠢ ︽ᠤᠯᠤᠰ ᠲᠦᠷᠦ ᠶᠢᠨ ᠵᠦᠪᠯᠡᠯᠭᠡᠨ ᠤ | ᠰᠢᠭᠤᠢ︾ ᠰᠢᠤ᠃ ᠲᠨ ᠠᠯᠠᠱᠨ ᠠᠶᠢᠮᠠᠭ ᠤᠨ ᠤᠯᠤᠰ ᠲᠦᠷᠦ ᠶᠢᠨ ᠵᠦᠪᠯᠡᠯᠭᠡᠨ ᠤ ᠲᠡᠷᠢᠬᠦᠯᠡᠭᠴᠢ ᠶᠢᠨ ᠲᠤᠰᠢᠶᠡᠯ | ᠢ ᠬᠠᠷᠢᠭᠤᠴᠠᠵᠤ᠂ ᠶᠡᠭᠡ ᠶᠢ ᠪᠦᠲᠦᠭᠡᠵᠤ ᠶᠠᠪᠤᠯ᠎ᠠ᠃ ᠮᠦᠨ ᠴᠤ ᠡᠯᠡᠰᠤ ᠶᠢ ᠲᠤᠭᠲᠠᠭᠠᠨ ᠤᠶᠢᠵᠢᠭᠤᠯᠬᠤ ᠨᠢ ᠶᠠᠭᠤ | ᠪᠦᠬᠦᠨ ᠠᠴᠠ ᠴᠤ ᠴᠢᠬᠤᠯᠨ ᠭᠡᠲᠡᠭ ᠢ ᠡᠷᠲᠡ ᠰᠡᠷᠡᠭᠰᠡᠨ ᠲᠨ ᠮᠢᠨᠢ ᠤᠯᠤᠰ ᠲᠦᠷᠦ ᠶᠢᠨ ᠵᠦᠪᠯᠡᠯᠭᠡᠨ ᠤ | ᠲᠡᠷᠢᠬᠦᠯᠡᠭᠴᠢ ᠶᠢᠨ ᠰᠠᠨᠲᠡᠢ ᠪᠠᠨ ᠠᠷᠤ ᠳᠠᠭᠠᠨ ᠤᠷᠬᠢᠵᠤ᠂ ᠬᠦᠷᠵᠨ ᠠᠳᠬᠤᠨ᠂ ᠴᠢᠬᠢ ᠮᠤᠳᠤ ᠡᠬᠦᠷᠦᠭᠰᠡᠭᠡᠷ᠂ | ᠡᠯᠡᠰᠤᠨ ᠮᠤᠬᠤᠷ ᠲᠤ ᠬᠦᠯᠦᠰᠤ ᠤᠷᠤᠰᠬᠠᠨ ᠶᠠᠪᠤᠲᠠᠭ ᠪᠤᠯᠤᠭᠰᠠᠨ ᠰᠡᠨ᠃ | ᠲᠠᠨ ᠤ ᠮᠢᠨᠢ ᠪᠤᠷᠤ ᠪᠤᠷᠤᠭᠵᠢᠭᠤᠨ ᠡᠮᠦᠰᠭᠡᠯ ᠵᠡᠬᠦᠲᠡᠯ᠂ ᠴᠢᠩ ᠦᠨᠡᠨ ᠰᠢᠭᠤᠳ ᠰᠢᠯᠤᠭᠤᠬᠠᠨ ᠦᠭᠡ | ᠶᠡᠷᠢᠶ᠎ᠠ ᠴᠢᠨᠢ ᠦᠰᠦᠭ ᠰᠢᠪᠠᠵᠤ ᠪᠦᠬᠦᠢ ᠡᠨᠡ ᠡᠷᠡᠨ ᠳᠤ ᠰᠡᠳᠬᠢᠯ ᠳᠤ ᠮᠢᠨᠢ ᠲᠤᠪ ᠲᠤᠳᠤᠬᠠᠨ ᠡ᠃ | ᠡᠩᠬᠦᠷᠡᠢ ᠦᠷ᠎ᠡ ᠪᠠᠨ ᠠᠯᠲᠠᠬᠤ ᠶᠢᠨ ᠶᠡᠭᠡ ᠬᠠᠷᠠᠭᠤᠰᠤᠯ᠂ ᠡᠪᠡᠳᠴᠤ ᠵᠤᠪᠠᠭ᠋ᠤ ᠶᠢᠨ ᠬᠦᠨᠳᠤ ᠡᠪᠡᠷᠰᠢᠶᠡᠯ ᠁ | ᠡᠩ ᠬᠤᠷᠸ᠎ᠠ ᠶᠢᠨ ᠵᠢᠮ᠎ᠡ ᠪᠠᠷ ᠲᠨ ᠮᠢᠨᠢ ᠤᠯᠠᠨ ᠢ ᠦᠵᠡᠯ᠎ᠡ᠃ ᠶᠡᠭᠡ ᠡᠷ᠎ᠡ ᠶᠢᠨ ᠰᠢᠨᠲᠡᠰᠤ ᠪᠠᠷ ᠡᠩ ᠬᠤᠷᠸ᠎ᠠ | ᠶᠢᠨ ᠡᠯᠴᠢᠯ ᠦᠭᠡᠢ ᠵᠠᠢ ᠶᠢ ᠠᠵᠢᠭ ᠦᠬᠡᠶᠢᠭᠡᠨ ᠲᠤᠭᠤᠯᠵᠤ᠂ ᠴᠢᠬᠢᠭ ᠤᠨ ᠦᠨᠦᠷ ᠠᠩᠬᠢᠯᠤᠭᠰᠠᠨ ᠵᠠᠭ ᠤᠨ ᠤᠢ | ᠪᠠᠨ ᠦᠯᠡᠲᠡᠭᠡᠭᠡᠳ᠂ ᠴᠢᠩ ᠵᠢᠷᠤᠮᠳᠤ ᠮᠤᠩᠭᠤᠯ ᠶᠡᠭᠡ ᠡᠷ᠎ᠡ ᠲᠨ ᠮᠢᠨᠢ ᠦᠩ ᠦᠷᠭᠡᠨ ᠠᠯᠠᠱᠨ ᠳᠠᠭᠠᠨ ᠠᠯᠲᠠᠨ | ᠨᠠᠷᠠ ᠪᠠᠨ ᠲᠠᠭᠤᠷᠢᠰᠬᠠᠭᠠᠳ᠂ ᠦᠯᠡᠮᠵᠢ ᠶᠢᠨ ᠠᠭᠤᠲᠠᠮ ᠬᠤᠷᠸ᠎ᠠ ᠳᠤ ᠮᠦᠩᠭᠡ ᠶᠢᠨ ᠠᠯᠲᠡᠷ ᠢᠶᠠᠨ ᠦᠢᠯᠡᠰ ᠤᠨ | ᠠᠭᠤᠤ ᠪᠠᠷ ᠢᠶᠠᠨ ᠪᠢᠴᠢᠭᠯᠡᠭᠡᠳ᠂ ︽ᠡᠪᠤᠭᠡᠨ ᠰᠢᠪᠠᠭᠤ︾ ᠲᠨ ᠮᠢᠨᠢ ᠡᠬᠦᠯᠡᠨ ᠤ ᠡᠴᠢᠨ᠎ᠡ ᠳᠤ ᠠᠯᠤᠰᠷᠡᠨ ᠤᠳᠴᠡᠢ | ᠃ | ᠬᠡᠯᠡ ᠴᠤ ᠤᠯᠠᠨ ᠵᠢᠯ ᠲᠠᠨ ᠤ ᠲᠤᠬᠠᠢ ᠪᠢᠴᠢᠵᠤ ᠲᠤᠭᠤᠷᠪᠢᠵᠤ ᠶᠠᠪᠤᠬᠤ ᠳᠤ ᠲᠨ ᠮᠢᠨᠢ ︽ᠵᠤᠪᠠᠯᠠᠩ︾ | ᠭᠡᠲᠡᠭ ᠦᠭᠡ ᠶᠢ ᠭᠠᠭᠴᠨ ᠴᠤ ᠤᠲᠠᠭ᠎ᠠ ᠴᠤᠬᠤᠶᠢᠯᠭᠠᠵᠤ ᠦᠵᠡᠭᠡ ᠦᠭᠡᠢ ᠰᠢᠤ᠃ | ᠤᠯᠤᠰ ᠲᠦᠷᠦ ᠶᠢᠨ ᠵᠦᠪᠯᠡᠯᠭᠡᠨ ᠤᠨ ᠤᠢ ᠳᠤ ᠰᠦᠭᠡ ᠭᠤᠸᠠᠢ ᠲᠠᠢ ᠴᠤᠭ ᠠᠯᠬᠤᠯᠠᠵᠤ ᠪᠠᠶᠢᠭᠰᠠᠨ ᠰᠡᠨ᠃ | ᠰᠦᠭᠡ ᠡᠨᠡᠷᠢᠩᠬᠦᠢ ᠢᠨᠢᠶᠡᠮᠰᠦᠭᠯᠡᠵᠤ᠄ ᠵᠨ ᠳ᠋ᠡ᠂ ᠮᠡᠷᠭᠡᠨ ᠡ᠂ ᠤᠯᠠᠨ ᠴᠤ ᠰᠤᠷᠪᠤᠯᠵᠢᠯᠠᠭᠴᠢ ᠢᠷᠡᠵᠤ ᠶᠠᠪᠤᠵᠤ ᠯᠡ | ᠪᠠᠶᠢᠲᠠᠭ᠃ ᠪᠢ ᠴᠢᠮ᠎ᠡ ᠳᠤ ᠨᠢᠭᠡ ᠦᠯᠢᠭᠡᠷ ᠬᠡᠯᠡᠵᠤ ᠦᠭᠬᠦᠶ᠎ᠡ᠃ ᠨᠢᠭᠡ ᠵᠠᠯᠠᠭᠤ᠄ ᠰᠦᠭᠡ ᠭᠤᠸᠠᠢ ᠡ᠂ ᠲᠨ | ᠬᠦᠷᠵᠨ ᠪᠠᠨ ᠲᠡᠭᠡᠷ᠎ᠡ ᠡᠷᠬᠦ᠂ ᠪᠢ ᠵᠢᠷᠤᠭ ᠲᠡᠲᠡᠶᠡ ᠭᠡᠭᠰᠡᠨ ᠰᠢᠤ ᠬᠡᠮᠡᠨ ᠬᠦᠭᠡᠷᠦᠬᠦᠨ ᠨᠢᠭᠡᠨ ᠱᠤᠭ ᠬᠡᠯᠡᠵᠤ ᠨᠡᠲᠡ | ᠶᠢ ᠡᠯᠢᠭᠡ ᠬᠦᠰᠢᠭᠡᠵᠤ ᠪᠠᠶᠢᠭᠰᠠᠨ ᠰᠡᠨ᠃ ᠤᠳᠤ ᠪᠤᠳᠤᠪᠠᠯ ᠤᠯᠤᠰ ᠲᠦᠷᠦ ᠶᠢᠨ ᠵᠦᠪᠯᠡᠯᠭᠡᠨ ᠤ ᠠᠵᠢᠯ ᠢ ᠬᠢᠬᠦ | ᠳᠤ ᠬᠢᠨᠠᠮᠠᠭᠠᠢ ᠬᠠᠨᠳᠤᠵᠤ᠂ ᠤᠴᠢᠷ ᠪᠤᠯᠭᠠᠨ ᠳᠤ ᠴᠢᠩ ᠦᠨᠡᠨ ᠢ ᠪᠡᠷᠢᠬᠤ ᠭᠡᠷᠡᠭᠲᠡᠢ ᠭᠡᠲᠡᠭ ᠢ ᠨᠡᠲᠡ ᠳᠤ | ᠵᠢᠱᠢᠶ᠎ᠡ ᠪᠤᠯᠭᠠᠨ ᠶᠠᠷᠢᠵᠤ ᠪᠠᠶᠢᠭᠰᠠᠨ ᠪᠠᠶᠢᠬ᠎ᠠ ᠳ᠋ᠡ᠃ ᠡᠵᠡᠨ᠎ᠡ ᠶᠢᠨ ᠮᠢᠨᠢ ᠡᠩᠬᠦᠷᠡᠢ ᠡᠯᠢᠭᠡᠨ ᠳᠤ ᠵᠠᠭ ᠤᠨ ᠤᠢ ᠪᠤᠢ | ᠃ ᠮᠢᠨᠤ ᠦᠷᠬᠦᠯᠵᠢ ᠤᠴᠢᠲᠠᠭ ︽ᠤᠯᠤᠰ ᠲᠦᠷᠦ ᠶᠢᠨ ᠵᠦᠪᠯᠡᠯᠭᠡᠨ ᠤ ᠰᠢᠭᠤᠢ︾ ᠪᠤᠢ᠃ ︽ᠡᠯᠢᠭᠡ ᠨᠢᠭᠡᠲᠡᠨ︾ | ᠰᠡᠳᠬᠦᠯ ᠤᠨ ᠨᠤᠮ ᠤᠨ ᠬᠠᠭᠤᠲᠠᠰᠤ ᠶᠢ ᠠᠭᠤᠤ ᠦᠢᠯᠡᠰ ᠤᠨ ᠡᠷᠬᠢᠮ ᠠᠯᠲᠡᠷ ᠢᠶᠠᠷ ᠢᠶᠠᠨ ᠴᠢᠮᠡᠵᠤ ᠶᠠᠪᠤᠭᠰᠠᠨ ︽ | ᠴᠠᠭ ᠦᠶ᠎ᠡ ᠶᠢᠨ ᠬᠤᠰᠢᠭᠤᠴᠢ︾ ᠰᠦᠭᠡ ᠭᠤᠸᠠᠢ ᠶᠢᠨ ᠬᠤᠷᠸ᠎ᠠ ᠶᠢᠨ ᠡᠯᠢᠭᠡᠨᠡ ᠮᠦᠩᠭᠡᠯᠡᠵᠤ ᠦᠯᠡᠲᠡᠭᠡᠭᠰᠡᠨ ᠵᠠᠭ | ᠤᠨ ᠤᠢ ᠨᠢ ᠪᠤᠢ᠃ | ᠡᠰ ᠪᠦᠬᠦᠨ ᠢ ᠡᠷᠴᠢᠯᠡᠬᠦ ᠡᠷᠴᠢ ᠵᠤᠷᠢᠭ ᠢᠶᠠᠨ ᠤᠯᠠᠮ ᠴᠢᠩᠭᠠᠯᠠᠶ᠎ᠠ᠂ ᠡᠪᠤᠭᠡᠨ ᠪᠤᠭᠤᠷᠤᠯ ᠲᠠᠨ ᠤ ᠪᠠᠨ | ᠠᠭᠤᠤ ᠤᠬᠠᠭᠠᠨ ᠠᠴᠠ ᠬᠦᠴᠤ ᠠᠪᠤᠶ᠎ᠠ᠃ | ︽ᠰᠦᠭᠡ ᠠᠪᠤ ᠡ︕︾ ᠭᠡᠵᠤ ᠰᠡᠳᠬᠢᠯ ᠳᠤ ᠪᠠᠨ ᠰᠡᠮᠭᠡᠨ ᠲᠠᠭᠤᠲᠠᠶᠠ︕ ᠵᠠᠭ ᠤᠨ ᠤᠢ ᠶᠢᠨ ᠴᠢᠨᠢ | ᠰᠡᠷᠢᠬᠦᠨ ᠰᠡᠪᠡᠯᠵᠡᠭᠡᠨ ᠳᠤ ᠴᠢᠨᠢ ᠵᠤᠭᠰᠤᠵᠤ᠂ ᠲᠠᠨ ᠢ ᠪᠠᠨ ᠲᠤᠷᠠᠰᠤᠭᠰᠠᠨ ᠡᠭᠡ ᠪᠢᠴᠢᠭ ᠪᠠᠨ ᠲᠡᠲᠡᠯᠡᠶᠡ︕ | ᠤᠨ ᠵᠢᠯ ᠤᠨ ᠤᠷᠴᠢᠯ ᠳᠤ᠂ ᠵᠠᠭ ᠤᠨ ᠤᠢ ᠮᠢᠨᠢ ᠲᠠᠨᠢᠬᠦᠨ ᠨᠤᠳᠤᠭ ᠢᠶᠠᠨ ᠴᠢᠮᠡᠭᠰᠡᠭᠡᠷ ᠂ ᠲᠠᠷᠬᠠᠨ | ᠪᠠᠶᠢᠭᠠᠯᠢ ᠤᠯᠠᠮ ᠦᠩᠰᠢᠵᠤ᠂ ᠲᠡᠤᠭᠡ ᠶᠢᠨ ᠤᠷᠳᠤ ᠠᠶᠠᠨ ᠳᠤ᠂ ︽ᠴᠠᠭ ᠦᠶ᠎ᠡ ᠶᠢᠨ ᠬᠤᠰᠢᠭᠤᠴᠢ︾ ᠶᠢᠨ | ᠡᠷᠬᠢᠮ ᠠᠯᠲᠡᠷ ᠬᠦᠮᠦᠨ ᠠᠷᠠᠳ ᠲᠠᠭᠠᠨ ᠵᠤᠷᠢᠭ ᠢᠲᠡᠭᠡᠯ ᠨᠡᠮᠡᠷᠢᠯᠡᠭᠰᠡᠭᠡᠷ᠂ ᠠᠷᠢᠭᠤᠨ ᠰᠠᠶᠢᠬᠠᠨ ᠤ ᠲᠤᠩᠬᠠᠭ | ᠪᠤᠯᠵᠤ ᠮᠦᠩᠭᠡᠷᠡᠨ᠎ᠡ᠃ | | 2021 ᠤᠨ ᠤ 6 ᠰᠠᠷ᠎ᠠ ᠶᠢᠨ 23 ᠤ ᠰᠦᠨᠢ | ᠵᠤᠬᠢᠶᠠᠭᠴᠢ ᠶᠢᠨ ᠬᠠᠶ᠋ᠢᠭ᠄ ᠦᠪᠤᠷ ᠮᠤᠩᠭᠤᠯ ᠤᠨ ᠤᠯᠤᠰ ᠲᠦᠷᠦ ᠶᠢᠨ ᠵᠦᠪᠯᠡᠯᠭᠡᠨ | |