︽ᠨᠡᠶᠢᠬᠡᠮ︾ ᠰᠡᠳᠬᠦᠯ ᠳᠤ ᠡᠷᠬᠦᠭᠰᠡᠨ ᠰᠡᠳᠬᠢᠯ ᠤᠨ ᠮᠢᠨᠢ ᠰᠢᠪᠡᠨᠡᠭᠡ
ᠨᠡᠶᠢᠲᠡᠯᠡᠭᠰᠡᠨ ᠴᠠᠭ᠄
2022/3/29
                                   ᠰᠡᠴᠡᠩᠭᠤᠸ᠎ᠠ ᠵᠤᠬᠢᠶᠠᠪᠠ   ︽ᠨᠡᠶᠢᠬᠡᠮ︾ ᠰᠡᠳᠬᠦᠯ ᠤᠨ ᠨᠠᠶᠢᠷᠠᠭᠤᠯᠤᠬᠴᠢᠳ ᠲᠠᠨ᠎ᠠ᠄     ᠲᠠ ᠪᠦᠬᠦᠨ ᠰᠠᠶᠢᠨ ᠪᠠᠶᠢᠵᠠᠭᠠᠨ᠎ᠠ ᠤᠤ︖     ᠲᠠᠭᠠᠳᠠᠢ ᠰᠠᠶᠢᠬᠠᠨ ᠡᠪᠤᠯᠵᠢᠵᠤ ᠪᠠᠶᠢᠨ᠎ᠠ ᠤᠤ︖     ᠪᠢ ᠪᠤᠯ ᠭᠠᠨᠰᠤ ᠮᠤᠵᠢ ᠶᠢᠨ ᠰᠦᠪᠸᠢ ᠮᠤᠩᠭᠤᠯ ᠦᠨᠳᠤᠰᠤᠳᠡᠨ ᠤ ᠦᠪᠡᠷᠳᠡᠬᠡᠨ ᠵᠠᠰᠠᠬᠤ ᠰᠢᠶᠠᠨ ᠤ ᠮᠤᠩᠭᠤᠯ ᠰᠤᠷᠭᠠᠭᠤᠯᠢ ᠶᠢᠨ ᠲᠡᠬᠡᠳᠤ ᠲᠤᠮᠳᠠᠳᠤ ᠶᠢᠨ ᠤᠯᠤᠰ ᠲᠦᠷᠤ ᠶᠢᠨ ᠪᠠᠭᠰᠢ ᠰᠡᠴᠡᠩᠭᠤᠸ᠎ᠠ ᠪᠠᠶᠢᠨ᠎ᠠ᠃    ᠶᠠᠭᠤᠨ ᠤ ᠤᠷᠢᠳ ᠲᠠ ᠪᠦᠬᠦᠨ ᠤ ᠠᠷᠢᠭᠤᠨ ᠪᠡᠶ᠎ᠡ ᠶᠢᠨ ᠯᠠᠬᠱᠠᠨ ᠲᠤᠩᠭᠠᠯᠠᠭ᠂ ᠠᠵᠢᠯ ᠦᠢᠯᠡᠰ ᠤᠨ ᠦᠨᠳᠤᠷ ᠠᠮᠵᠢᠯᠳᠠ ᠶᠢ ᠵᠦᠡᠭᠨᠡᠨ᠂ ᠠᠷᠤ ᠬᠡᠷ ᠤᠨ ᠠᠵᠨ ᠵᠢᠷᠭᠠᠯ ᠢ ᠪᠡᠯᠬᠡᠯᠡᠶ᠎ᠡ︕    ᠪᠢ ᠭᠡᠭᠴᠢ ᠬᠠᠷᠠᠬᠠᠨ ᠪᠠᠭ᠎ᠠ ᠠᠴᠠ ᠪᠠᠨ ᠬᠦᠳᠡᠭᠡ ᠨᠤᠳᠤᠭ ᠤᠨ ᠰᠢᠮᠡᠯᠢᠭ ᠬᠦᠷᠤᠰᠤᠨ ᠲᠡᠬᠡᠷ᠎ᠡ ᠬᠦᠯᠪᠤᠷᠢᠨ ᠦᠰᠴᠤ᠂ ᠬᠦᠬᠡᠷᠤᠬᠦᠨ ᠰᠦᠷᠦᠭ ᠲᠠᠢ ᠪᠠᠨ ᠬᠠᠮᠳᠤ ᠲᠤᠬᠯᠠᠨ ᠨᠠᠭᠠᠳᠴᠤ ᠲᠤᠷᠨᠢᠬᠰᠠᠨ ᠪᠤᠯᠬᠤ᠋ ᠰᠢᠷᠭᠠᠯᠵᠢᠨ ᠨᠤᠳᠤᠭ ᠤᠨ ᠮᠢᠨᠢ ᠦᠨᠳᠤᠷ ᠰᠦᠷᠯᠢᠭ ᠠᠭᠤᠯᠨ ᠬᠠᠶᠢᠷᠬᠠᠨ᠂ ᠦᠷᠬᠡᠨ ᠲᠤᠩᠭᠠᠯᠠᠭ ᠭᠤᠤᠯ ᠮᠦᠷᠡᠨ᠂ ᠦᠡᠭ ᠰᠢᠮᠡᠯᠢᠭ ᠨᠤᠳᠤᠭ ᠪᠡᠯᠴᠢᠬᠡᠷ ᠨᠢ ᠨᠠᠮ᠎ᠠ ᠶᠢ ᠤᠮᠳᠠᠯᠠᠨ ᠢᠳᠡᠬᠡᠰᠢᠬᠦᠯᠵᠤ ᠮᠤᠩᠭᠤᠯ ᠬᠦᠮᠦᠨ ᠤ ᠡᠷᠴᠢ ᠵᠤᠷᠢᠭ ᠪᠠ ᠢᠳᠡ ᠬᠦᠴᠤᠨ ᠢ ᠰᠤᠷᠢᠵᠤ᠂ ᠢᠵᠠᠭᠤᠷ ᠰᠤᠶᠤᠯ ᠤᠨ ᠮᠢᠨᠢ ᠦᠪ ᠤᠯᠠᠮᠵᠢᠯᠠᠯ ᠢ ᠤᠨᠠᠭᠠᠨ ᠪᠠᠭ᠎ᠠ ᠶᠢᠨ ᠮᠢᠨᠢ ᠤᠶᠤᠨ ᠳᠤ ᠪᠠᠨ ᠬᠦᠨ ᠲᠠᠷᠢᠬᠰᠠᠨ ᠪᠢᠯᠨ᠃    ᠪᠢ ᠮᠤᠩᠭᠤᠯ ᠰᠤᠶᠤᠯ ᠳᠤ ᠪᠠᠨ ᠬᠠᠶᠢᠷᠠᠳᠠᠢ᠂ ᠮᠤᠩᠭᠤᠯ ᠬᠡᠤᠬᠡᠳ ᠲᠤ ᠪᠠᠨ ᠨᠡᠩ ᠬᠠᠶᠢᠷᠠᠳᠠᠢ᠂ ᠪᠠᠭᠰᠢ ᠶᠢᠨ ᠠᠯᠪᠠ ᠳᠤ ᠪᠠᠨ ᠲᠤᠷ᠎ᠠ ᠪᠠᠭ᠋ᠠᠳᠠᠢ ᠪᠤᠯᠬᠤᠷ ᠮᠤᠩᠭᠤᠯ ᠬᠡᠤᠬᠡᠳ ᠢᠶᠠᠨ ᠰᠤᠷᠭᠠᠨ ᠬᠦᠮᠤᠵᠢᠬᠦᠯᠬᠦ ᠪᠤᠯ ᠮᠢᠨᠤ ᠲᠠᠷᠬᠠᠨ ᠡᠬᠦᠷᠬᠡ ᠬᠠᠷᠢᠭᠤᠴᠠᠯᠭ᠎ᠠ᠂ ᠰᠤᠷᠭᠠᠨ ᠬᠦᠮᠤᠵᠢᠯ ᠤᠨ ᠦᠢᠯᠡᠰ ᠪᠤᠯ ᠮᠢᠨᠤ ᠠᠮᠢᠨ ᠰᠤᠳᠠᠰᠤ᠂ ᠮᠥᠨ ᠴᠦ ᠮᠢᠨᠤ ᠠᠮᠢ ᠨᠠᠰᠤᠨ ᠤ ᠦᠷᠬᠦᠯᠵᠢᠯᠡᠯ ᠮᠥᠨ᠃    ᠬᠠᠷᠠᠬᠠᠨ ᠪᠠᠭ᠎ᠠ ᠠᠴᠠ ᠪᠠᠨ ᠨᠤᠮ ᠰᠣᠳᠤᠷ ᠤᠨ ᠬᠤᠷᠤᠬᠠᠢ ᠲᠠᠢ ᠪᠢ ᠶᠡᠷᠡᠬᠡᠳ ᠤᠨ ᠳᠤ ᠨᠢᠬᠡ ᠵᠢᠯ ᠤᠨ ᠬᠤᠶᠠᠷ ᠤᠳᠠᠭᠠᠨ ᠤ ᠰᠤᠷᠤᠯᠭ᠎ᠠ ᠶᠢᠨ ᠴᠢᠯᠦᠬᠡ ᠪᠤᠯ ᠨᠠᠳᠠ ᠳᠤ ᠨᠤᠮ ᠤᠡᠭᠰᠢᠬᠤ ᠬᠠᠮᠤᠭ ᠤᠨ ᠰᠠᠶᠢᠬᠠᠨ ᠠᠵᠨ ᠵᠠᠪᠰᠢᠶᠠᠨ ᠪᠠᠶᠢᠯ᠎ᠠ᠃ ᠬᠠᠷᠠᠮᠰᠠᠯᠳᠠᠢ ᠨᠢ ᠲᠡᠷᠨ ᠦᠶ᠎ᠡ ᠳᠤ ᠮᠠᠯᠴᠢᠨ ᠭᠠᠵᠠᠷ ᠲᠡᠮᠡᠢ ᠤᠡᠭᠰᠢᠬᠤ ᠬᠡᠳᠤᠨ ᠨᠤᠮ ᠪᠠᠶᠢᠬᠤ ᠦᠬᠡᠢ ᠲᠤᠯᠨ ᠬᠠᠶ᠋ᠨ ᠵᠠᠷᠢᠮᠨ ᠳᠤ ᠪᠠᠨ ᠵᠡᠷᠬᠡᠯᠡᠳᠡᠭᠡ ᠠᠪᠠᠭ᠎ᠠ ᠶᠢᠨ ᠬᠡᠷ ᠲᠤ ᠬᠦᠷᠴᠤ ︽ᠦᠪᠤᠷ ᠮᠤᠩᠭᠤᠯ ᠤᠨ ᠵᠠᠯᠠᠭᠤᠴᠤᠳ︾᠂ ︽ᠦᠪᠤᠷ ᠮᠤᠩᠭᠤᠯ ᠤᠨ ᠡᠮᠡᠭᠳᠡᠶᠢᠴᠤᠳ︾᠂ ︽ᠤᠷᠤᠭ ᠬᠡᠷ ᠪᠦᠯᠢ ᠨᠡᠶᠢᠬᠡᠮ︾ ᠵᠡᠷᠬᠡ ᠰᠡᠳᠬᠦᠯ ᠢ ᠤᠡᠭᠰᠢᠵᠤ ᠬᠠᠷᠠᠭ᠎ᠠ ᠪᠠᠨ ᠲᠡᠯᠡᠨ᠂ ᠰᠡᠳᠬᠢᠯ ᠢᠶᠠᠨ ᠰᠡᠷᠬᠦᠬᠡᠳᠡᠭ ᠪᠠᠶᠢᠯ᠎ᠠ᠃ ᠢᠡᠭᠭᠢᠬᠡᠳ ᠪᠢ ᠤᠳᠤ  ᠶᠢᠨ ︽ᠨᠡᠶᠢᠬᠡᠮ︾ ᠰᠡᠳᠬᠦᠯ ᠲᠠᠢ ᠲᠠᠨᠢᠯᠴᠠᠵᠤ᠂ ᠰᠡᠳᠬᠦᠯ ᠳᠤ ᠬᠤᠷᠤᠬᠠᠶᠢᠰᠴᠤ ᠡᠬᠢᠯᠡᠭᠰᠡᠨ ᠪᠢᠯᠨ᠃   2006 ᠤᠨ ᠳᠤ ᠪᠢ ᠦᠪᠤᠷ ᠮᠤᠩᠭᠤᠯ ᠤᠨ ᠪᠠᠭᠰᠢ ᠶᠢᠨ ᠶᠡᠭᠡ ᠰᠤᠷᠭᠠᠭᠤᠯᠢ ᠳᠤ ᠰᠢᠯᠭᠠᠬᠳᠠᠨ ᠤᠷᠤᠭᠠᠳ ︽ᠤᠷᠤᠭ ᠬᠡᠷ ᠪᠦᠯᠢ ᠨᠡᠶᠢᠬᠡᠮ︾ ᠰᠡᠳᠬᠦᠯ ᠢ ᠲᠠᠬᠢᠨᠳᠠ ᠤᠯᠵᠤ ᠤᠡᠭᠰᠢᠬᠤ ᠦᠶ᠎ᠡ ᠳᠤ ᠰᠡᠳᠬᠦᠯ ᠤᠨ ᠨᠡᠷ᠎ᠡ ᠪᠠᠨ ︽ᠨᠡᠶᠢᠬᠡᠮ︾ ᠭᠡᠵᠤ ᠬᠠᠯᠠᠬᠰᠠᠨ ᠪᠤᠯᠪᠠᠴᠤ ᠠᠭᠤᠯᠭ᠎ᠠ ᠶᠢᠨ ᠲᠠᠯ᠎ᠠ ᠪᠠᠷ ᠨᠠᠳᠠ ᠳᠤ ᠨᠡᠩ ᠦᠷᠬᠡᠨ ᠮᠡᠳᠡᠯᠬᠡ ᠶᠢ ᠬᠠᠨᠭ᠍ᠭᠠᠨ᠂ ᠨᠡᠩ ᠤᠯᠠᠨ ᠤᠡᠭᠰᠢᠬᠴᠢᠳ ᠤᠨ ᠬᠦᠰᠡᠯ ᠵᠢᠬᠦᠷ ᠪᠤᠯᠵᠤ ᠪᠠᠶᠢᠬᠰᠠᠨ ᠨᠢ ᠦᠨᠡᠨᠳᠡᠢ᠃    2021 ᠤᠨ ᠤ 10 ᠳ᠋ᠤᠭᠠᠷ ᠰᠠᠷ᠎ᠠ ᠶᠢᠨ ᠨᠢᠬᠡᠨ ᠠᠴᠠ ᠡᠮᠦᠨᠡᠬᠡᠨ ᠪᠢ ᠬᠦᠬᠡᠬᠤᠳᠠ ᠠᠴᠠ ᠬᠤᠶᠠᠷ ᠨᠤᠮ ᠬᠤᠳᠠᠯᠳᠤᠵᠤ ᠠᠪᠤᠬᠰᠠᠨ ᠢ ︽ᠨᠡᠶᠢᠬᠡᠮ︾ ᠰᠡᠳᠬᠦᠯ ᠤᠨ ᠬᠡᠳᠤᠨ ᠬᠠᠭᠤᠳᠠᠰᠤ ᠪᠠᠷ ᠪᠠᠭᠯᠠᠵᠤ ᠢᠯᠡᠬᠡᠭᠰᠡᠨ ᠨᠢ ᠨᠠᠳᠠ ᠳᠤ ᠨᠡᠩ ᠬᠠᠶᠢᠷᠠᠯᠠᠯᠳᠠᠢ᠂ ᠭᠤᠮᠤᠳᠠᠯᠳᠠᠢ ᠰᠠᠨᠠᠬᠳᠠᠵᠤ᠂ ︽ᠮᠤᠩᠭᠤᠯ ᠰᠡᠳᠬᠦᠯ ᠢ ᠮᠢᠨᠢ ᠳ᠋ᠠ ᠁︾ ᠬᠡᠬᠦ ᠬᠠᠷᠭᠤᠰᠠᠯ ᠲᠦᠷᠦᠭᠳᠡᠨ᠂ ᠪᠠᠭᠯᠠᠭ᠎ᠠ ᠶᠢ ᠨᠢ ᠬᠢᠴᠢᠶᠡᠮᠵᠢᠳᠡᠶᠢᠬᠡᠨ ᠵᠠᠳᠠᠯᠤᠭᠠᠳ ᠤᠷᠠᠬᠳᠠᠭ᠎ᠠ ᠦᠬᠡᠢ ᠪᠦᠳᠤᠨ ᠦᠯᠡᠭᠳᠡᠭᠰᠡᠨ ᠦᠷ᠎ᠡ ᠶᠢᠨ ᠭᠠᠭᠴᠠᠬᠠᠨ ᠬᠠᠭᠤᠳᠠᠰᠤᠨ ᠲᠡᠬᠡᠷᠡᠬᠢ ︽ᠨᠤᠮ ᠤᠡᠭᠰᠢᠬᠤ ᠲᠠᠳᠬᠠᠯ ᠢᠶᠠᠨ ᠪᠤᠤ ᠬᠠᠶᠠᠭᠠᠷᠠᠢ︾ ᠬᠡᠬᠦ ᠵᠤᠬᠢᠶᠠᠯ ᠢ ᠨᠢ ᠠᠮᠳᠠᠷᠬᠠᠨ ᠤᠡᠭᠰᠢᠭᠠᠳ᠂ ᠤᠡᠭᠰᠢᠬᠰᠠᠨ ᠨᠤᠮ ᠤᠨ ᠲᠡᠮᠳᠡᠭᠯᠡᠯ ᠳᠤ ᠪᠠᠨ ᠬᠠᠪᠴᠢᠭᠤᠯᠵᠤ ᠬᠠᠳᠠᠭᠠᠯᠠᠵᠤ ᠲᠠᠯᠪᠢᠬᠰᠠᠨ ᠰᠠᠨ᠃   ︽ᠢᠷᠤᠬᠡᠯ ᠲᠠᠢ ᠳᠤ ᠪᠠᠨ ᠠᠭᠤᠯᠵᠠᠵᠤ᠂ ᠢᠷᠤᠭᠠᠷ ᠲᠠᠢ ᠳᠤ ᠪᠠᠨ ᠲᠤᠬᠳᠠᠨ᠎ᠠ︾ ᠬᠡᠳᠡᠭ ᠢᠶᠠᠷ 2021 ᠤᠨ  ᠤ ᠠᠷᠪᠠᠳᠤᠭᠠᠷ ᠰᠠᠷ᠎ᠠ ᠶᠢᠨ ᠠᠮᠠᠷᠠᠯᠳᠠ ᠶᠢᠨ ᠴᠢᠯᠦᠬᠡ ᠪᠠᠷ ᠬᠤᠯᠨ ᠶᠢᠨ ᠨᠠᠶᠢᠵᠨ ᠮᠢᠨᠢ ᠮᠢᠨᠤ ᠨᠤᠳᠤᠭ ᠢᠶᠠᠷ ᠠᠶᠢᠯᠴᠢᠯᠠᠵᠤ ᠢᠷᠡᠭᠰᠡᠨ ᠳᠤ ︽ᠨᠡᠶᠢᠬᠡᠮ︾ ᠰᠡᠳᠬᠦᠯ ᠤᠨ ᠨᠠᠶᠢᠷᠠᠭᠤᠯᠤᠬᠴᠢ᠂ ᠤᠷᠴᠢᠭᠤᠯᠤᠬᠴᠢ ᠰᠠᠶᠢ᠊ · ᠰᠡᠴᠡᠨᠪᠠᠭᠠᠳᠤᠷ ᠪᠠᠶᠢᠯᠴᠠᠯ᠎ᠠ᠃ ᠢᠡᠭᠭᠢᠬᠡᠳ ᠮᠢᠨᠤ ᠠᠵᠨ ᠶᠢᠨ ᠲᠡᠭᠷᠢ ᠬᠡᠶᠢᠵᠤ᠂ ︽ᠨᠡᠶᠢᠬᠡᠮ︾ ᠰᠡᠳᠬᠦᠯ ᠢᠶᠠᠨ ᠲᠠᠬᠢᠨᠳᠠ ᠤᠡᠭᠰᠢᠬᠤ ᠠᠯᠳᠠᠨ ᠵᠠᠪᠰᠢᠶᠠᠨ ᠤᠯᠳᠠᠬᠰᠠᠨ ᠲᠡᠳᠤᠢ ᠦᠬᠡᠢ ᠰᠦᠪᠸᠢ ᠮᠤᠩᠭᠤᠯ ᠰᠤᠷᠭᠠᠭᠤᠯᠢ ᠶᠢᠨ ᠪᠠᠭᠰᠢ ᠰᠤᠷᠤᠬᠴᠢᠳ ᠤᠨ ᠠᠯᠠᠭᠠᠨ ᠲᠡᠬᠡᠷ᠎ᠡ ᠲᠠᠯᠪᠢᠬᠳᠠᠬᠤ ᠪᠤᠯᠤᠯ᠎ᠠ᠃ ᠰᠠᠶᠢ᠊ · ᠰᠡᠴᠡᠨᠪᠠᠭᠠᠳᠤᠷ ᠠᠬ᠎ᠠ ︽ᠨᠡᠶᠢᠬᠡᠮ︾ ᠰᠡᠳᠬᠦᠯ ᠤᠨ ᠡᠷᠤᠬᠡ ᠰᠡᠬᠦᠭᠰᠡᠨ ᠭᠤᠴᠢᠨ ᠵᠢᠯ ᠤᠨ ᠤᠢ ᠳᠤ ᠵᠤᠷᠢᠭᠤᠯᠤᠨ ᠪᠢᠴᠢᠭᠰᠡᠨ ︽ᠰᠡᠳᠬᠦᠯ ᠪᠤᠯ ᠲᠡᠤᠬᠡ ᠶᠤᠮ︾ ᠬᠡᠳᠡᠭ ᠲᠤᠷᠠᠰᠤᠮᠵᠢ ᠵᠤᠬᠢᠶᠠᠯ ᠳᠤ ᠪᠠᠨ ᠡᠨᠡ ᠲᠤᠬᠠᠢ ᠲᠤᠷᠠᠳᠬᠠᠨ ᠦᠬᠦᠯᠡᠬᠦ ᠳᠤ ᠪᠠᠨ᠄ ︽︿ᠨᠡᠶᠢᠬᠡᠮ﹀ ᠰᠡᠳᠬᠦᠯ ᠤᠨ ᠬᠤᠷᠢᠶᠠᠨ ᠲᠠᠷᠤᠭ᠎ᠠ᠂ ᠶᠡᠷᠤᠩᠭᠡᠢ ᠨᠠᠶᠢᠷᠠᠭᠤᠯᠤᠬᠴᠢ ᠬᠠᠢ ᠹᠸᠡᠭ ᠲᠠᠷᠤᠭ᠎ᠠ ᠳᠤ ᠡᠨᠡ ᠬᠦ ᠬᠤᠪᠤᠷᠬᠠᠨ ᠲᠤᠬᠢᠶᠠᠯᠳᠤᠯ ᠢᠶᠠᠨ ᠵᠤᠭᠤᠭ ᠪᠤᠯᠭᠠᠵᠤ ᠶᠠᠷᠢᠪᠠᠯ᠄ ︽ᠰᠦᠪᠸᠢ ᠮᠤᠩᠭᠤᠯ ᠲᠤᠮᠳᠠᠳᠤ ᠰᠤᠷᠭᠠᠭᠤᠯᠢ ᠳᠤ ᠮᠠᠨ ᠤ ᠰᠡᠳᠬᠦᠯ ᠬᠦᠷᠤᠬᠡ ᠦᠬᠡᠢ ᠰᠢᠤ᠂ ᠲᠠᠷᠠᠭ᠎ᠠ ᠰᠠᠷ᠎ᠠ ᠠᠴᠠ ᠡᠬᠢᠯᠡᠬᠡᠳ ᠲᠡᠳᠡᠨ ᠳᠤ ᠬᠡᠳᠤᠨ ᠲᠡᠪᠳᠡᠷ ᠶᠠᠪᠤᠭᠤᠯᠤᠶ᠎ᠠ᠂ ᠲᠠ ᠬᠠᠶ᠋ᠢᠭ ᠢ ᠤᠯᠤᠭᠠᠳ ᠦᠭᠬᠦᠬᠡᠷᠡᠢ︾ ᠬᠡᠰᠡᠨ ᠳᠤ ᠪᠢ ᠰᠢᠬᠢᠷ ᠤᠯᠤᠬᠰᠠᠨ ᠬᠡᠤᠬᠡᠳ ᠰᠢᠭ᠋ ᠪᠠᠶᠠᠷᠯᠠᠨ ᠡᠨᠡ ᠬᠦ ᠬᠠᠯᠠᠭᠤᠨ ᠴᠢᠮᠡᠭᠡ ᠶᠢ ᠲᠤᠤᠷ᠎ᠠ ᠨᠢ ᠰᠡᠴᠡᠩᠭᠤᠸ᠎ᠠ ᠪᠠᠭᠰᠢ ᠳᠤ ᠢᠯᠡᠬᠡᠵᠤ᠂ ᠰᠦᠪᠸᠢ ᠮᠤᠩᠭᠤᠯ ᠲᠤᠮᠳᠠᠳᠤ ᠰᠤᠷᠭᠠᠭᠤᠯᠢ ᠶᠢᠨ ᠨᠤᠮ ᠤᠨ ᠰᠠᠩ ᠤᠨ ᠬᠠᠶ᠋ᠢᠭ ᠢ ᠨᠢ  ᠠᠪᠴᠣ ᠪᠢᠯᠨ᠃ ᠲᠡᠶᠢᠮᠤ ᠡ᠂ ᠲᠠᠷᠠᠭ᠎ᠠ ᠰᠠᠷ᠎ᠠ ᠠᠴᠠ ᠮᠠᠨ  ᠤ ᠰᠡᠳᠬᠦᠯ ᠴᠡᠬᠡᠯ ᠠᠭᠤᠯᠨ ᠶᠢᠨ ᠬᠤᠷᠮᠤᠢ ᠳᠤ᠂ ᠴᠡᠩᠭᠡᠷ ᠭᠤᠪᠢ ᠳᠤ ᠰᠦᠨᠳᠡᠷᠯᠡᠭᠰᠡᠨ ᠰᠦᠪᠸᠢ ᠮᠤᠩᠭᠤᠯ ᠲᠤᠮᠳᠠᠳᠤ ᠰᠤᠷᠭᠠᠭᠤᠯᠢ ᠶᠢᠨ ᠤᠶᠠᠭᠠᠨ ᠳᠤ ᠪᠠᠭᠤᠬᠤ ᠲᠡᠳᠤᠢ ᠦᠬᠡᠢ ᠰᠦᠷᠦᠭ ᠲᠤ ᠨᠢ ᠢᠵᠢᠯᠢᠰᠢᠵᠤ᠂ ᠰᠦᠮᠪᠤᠷ ᠮᠦᠡᠭᠭᠡ ᠶᠢᠨ ᠡᠩᠭᠡᠷ ᠲᠤ ᠨᠤᠳᠤᠬᠰᠢᠬᠤ ᠪᠤᠯᠤᠨ᠎ᠠ᠂ ᠶᠠᠭᠤᠳᠠᠢ ᠪᠠᠶᠠᠷ᠂ ᠶᠠᠭᠤᠳᠠᠢ ᠵᠠᠪᠰᠢᠶᠠᠨ︾ ᠭᠡᠵᠤ ᠲᠡᠮᠳᠡᠭᠯᠡᠭᠰᠡᠨ ᠪᠢᠯᠨ᠃   ᠤᠳᠤ ᠪᠢ ︽ᠨᠡᠶᠢᠬᠡᠮ︾ ᠰᠡᠳᠬᠦᠯ ᠢ ᠬᠤᠭᠤᠴᠠᠭ᠎ᠠ ᠪᠦᠷᠢ ᠠᠯᠳᠠᠯ ᠦᠬᠡᠢ ᠤᠡᠭᠰᠢᠬᠤ ᠳᠤ ᠰᠡᠳᠬᠢᠯ ᠳᠤ ᠨᠢᠬᠡ ᠯᠨ ᠲᠠᠭᠠᠳᠠᠢ ᠰᠠᠨᠠᠬᠳᠠᠵᠤ ᠬᠠᠭᠤᠴᠢᠨ ᠲᠠᠨᠢᠯ ᠢᠶᠠᠨ ᠤᠯᠤᠭᠠᠳ ᠠᠪᠤᠬᠰᠠᠨ ᠰᠢᠭ᠋ ᠵᠢᠷᠤᠬᠡ ᠰᠡᠳᠬᠢᠯ ᠬᠦᠬᠢᠨ ᠲᠤᠬᠳᠤᠯᠵᠤ᠂ ᠭᠠᠷᠳᠠᠮᠠᠬᠴᠨ ᠪᠠᠨ ᠨᠢᠬᠡ ᠯᠨ ᠠᠮᠢᠰᠬᠤᠭ᠎ᠠ ᠪᠠᠷ ᠤᠡᠭᠰᠢᠵᠤ ᠪᠠᠷᠠᠭᠠᠭᠠᠳ ᠠᠭᠤᠵᠢᠷᠠᠳᠠᠭ ᠪᠤᠯᠤᠯ᠎ᠠ᠃ ᠰᠡᠳᠬᠦᠯ ᠪᠢᠳᠡ ᠬᠤᠶᠠᠷ ᠰᠠᠷ᠎ᠠ ᠳᠤ ᠪᠠᠨ ᠨᠢᠬᠡ ᠠᠭᠤᠯᠵᠠᠵᠤ᠂ ᠠᠭᠤᠵᠢᠷᠠᠳᠠᠯ᠎ᠠ ᠵᠤᠭᠤᠬᠳᠠᠬᠰᠠᠨ ᠰᠢᠭ᠋ ᠵᠢᠷᠤᠬᠡᠨ ᠤ ᠤᠭ ᠠᠴᠠ ᠪᠠᠨ ᠬᠦᠭᠰᠡᠨ ᠪᠠᠶᠠᠷᠯᠠᠵᠤ ᠲᠤᠮᠤ ᠡᠬᠦᠷᠬᠡ ᠪᠠᠨ ᠪᠡᠶᠡᠯᠡᠬᠦᠯᠦᠭᠰᠡᠨ ᠰᠢᠭ ᠪᠠᠶᠠᠷ ᠬᠦᠷ ᠲᠠᠢ᠂ ᠵᠢᠷᠭᠠᠯᠳᠠᠢ ᠰᠠᠨᠠᠬᠳᠠᠬᠤ ᠶᠢ ᠶᠠᠭᠤᠨ ᠦᠬᠦᠯᠡᠬᠦ︖   ︽ᠨᠡᠶᠢᠬᠡᠮ︾ ᠰᠡᠳᠬᠦᠯ ᠪᠤᠯ ᠮᠢᠨᠤ ᠰᠡᠳᠬᠢᠯ ᠤᠨ ᠬᠠᠨᠢ᠂ ᠰᠠᠷ᠎ᠠ ᠶᠢᠨ ᠪᠤᠯᠵᠤᠭ᠎ᠠ᠂ ᠠᠮᠢᠳᠤᠷᠠᠯ ᠤᠨ ᠬᠦᠳᠤᠴᠢ᠂ ᠰᠤᠷᠤᠯᠴᠠᠬᠤ ᠬᠠᠷᠠᠯᠳᠠ᠂ ᠰᠢᠨ᠎ᠡ ᠴᠠᠭ ᠦᠶ᠎ᠡ ᠶᠢᠨ ᠲᠡᠪᠰᠢᠯᠳᠠ ᠤᠷᠤᠬᠰᠢᠯᠠᠯᠳᠠ ᠶᠢᠨ ᠱᠠᠳᠤ ᠮᠥᠨ᠃    ᠰᠠᠶᠢ᠊ · ᠰᠡᠴᠡᠨᠪᠠᠭᠠᠳᠤᠷ ᠠᠬ᠎ᠠ ᠳᠤ ᠪᠠᠨ ᠲᠠᠯᠠᠷᠬᠠᠶ᠎ᠠ᠃ ︽ᠨᠡᠶᠢᠬᠡᠮ︾ ᠰᠡᠳᠬᠦᠯ ᠤᠨ ᠬᠢᠨ ᠳᠤ ᠪᠠᠨ ᠲᠠᠯᠠᠷᠬᠠᠶ᠎ᠠ᠃ ︽ᠨᠡᠶᠢᠬᠡᠮ︾ ᠰᠡᠳᠬᠦᠯ ᠮᠠᠨᠢ ᠮᠤᠩᠭᠤᠯ ᠰᠤᠶᠤᠯ ᠤᠨ ᠵᠤᠯᠨ ᠪᠤᠯᠤᠨ ᠬᠡᠷᠡᠯᠳᠤᠵᠤ᠂ ᠮᠦᠡᠭᠭᠡᠳᠡ ᠪᠠᠳᠠᠷᠠᠨ ᠤᠷᠤᠰᠢᠬᠤ ᠪᠤᠯᠳᠤᠭᠠᠢ ᠬᠡᠰᠡᠨ ᠠᠷᠢᠭᠤᠨ ᠵᠦᠡᠭᠨᠡᠯ ᠢᠶᠠᠨ ᠲᠡᠪᠰᠢᠬᠦᠯᠤᠶ᠎ᠡ᠃ ᠡᠬᠦᠨ ᠤ ᠲᠤᠯᠨ                     ᠰᠡᠴᠡᠩᠭᠤᠸ᠎ᠠ ᠮᠡᠬᠦᠶᠢᠨ ᠶᠤᠰᠤᠯᠠᠪᠠ    2021 ᠤᠨ ᠤ 12 ᠳ᠋ᠤᠭᠠᠷ ᠰᠠᠷ᠎ᠠ ᠶᠢᠨ 28 ᠤ ᠦᠯᠵᠡᠶᠢᠳᠤ ᠡᠳᠤᠷ   ᠵᠤᠬᠢᠶᠠᠬᠴᠢ ᠶᠢᠨ ᠬᠠᠶ᠋ᠢᠭ᠄ ᠭᠠᠨᠰᠤ ᠮᠤᠵᠢ ᠶᠢᠨ ᠰᠦᠪᠸᠢ ᠮᠤᠩᠭᠤᠯ ᠦᠨᠳᠤᠰᠤᠳᠡᠨ ᠤ ᠦᠪᠡᠷᠳᠡᠬᠡᠨ ᠵᠠᠰᠠᠬᠤ ᠰᠢᠶᠠᠨ ᠤ ᠮᠤᠩᠭᠤᠯ ᠰᠤᠷᠭᠠᠭᠤᠯᠢ 
 
ᠢᠷᠡᠯᠲᠡ᠄ ᠦᠪᠤᠷ ᠮᠤᠩᠭᠤᠯ ᠤᠨ ︽ᠨᠡᠶᠢᠬᠡᠮ︾ ᠰᠡᠳᠬᠦᠯ
 
 
ᠬᠠᠮᠢᠶ᠎ᠡ ᠪᠦᠬᠦᠢ ᠰᠣᠨᠢᠨ
 
2014-2015 ©  ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备05070829号