| | — ᠠᠵᠢᠯ ᠠᠴᠠ ᠪᠠᠨᠠᠮᠠᠷᠠᠭᠰᠠᠨ ᠳᠡᠳ᠋ ᠫᠷᠣᠹᠧᠰᠰᠣᠷ ᠡᠮᠴᠢ᠂ ᠠᠬᠠᠮᠠᠳ ᠡᠪ ᠬᠠᠮᠲᠦ ᠨᠠᠮ ᠤᠨ | ᠰᠢᠯᠢᠳᠡᠭ ᠭᠡᠰᠢᠭᠦᠨ ᠬᠠᠰᠤᠩᠭᠤᠸ᠎ᠠ ᠶᠢᠨ ᠦᠢᠯᠡᠰ ᠤᠨ ᠭᠢᠯᠪᠠᠭ᠎ᠠ ᠠᠴᠠ ᠲᠡᠮᠳᠡᠭᠯᠡᠪᠡ | ᠨᠠᠷᠠᠰᠤ ᠵᠤᠬᠢᠶᠠᠪᠠ | ᠡᠩᠬᠡ ᠶᠢᠨ ᠡᠯᠴᠢ | ︽ᠪᠠᠷᠭᠤ ᠶᠢᠨ ᠰᠣᠳᠣᠨ ᠦᠷᠡᠰ ︾ ᠬᠡᠮᠡᠬᠦ ᠨᠣᠮ ᠤᠨ ᠵᠣᠬᠢᠶᠠᠭᠴᠢ ᠬᠠᠰᠤᠩᠭᠤᠸ᠎ᠠ 1956 ᠣᠨ ᠳᠤ᠂ | ᠬᠦᠯᠦᠨ ᠪᠦᠢᠷ ᠬᠤᠲᠠ ᠶᠢᠨ ᠰᠢᠨ᠎ᠡ ᠪᠠᠷᠭᠤ ᠵᠡᠭᠦᠨ ᠬᠤᠰᠢᠭᠤᠨ ᠤ ᠭᠦᠢᠴᠡᠯᠢᠭ ᠬᠠᠯᠠ ᠲᠠᠢ ᠴᠤᠶᠢᠩᠬᠤᠷ ᠪᠤᠯᠤᠨ | ᠪᠠᠳᠠᠢ ᠶᠢᠨ ᠲᠠᠪᠤᠳᠤᠭᠠᠷ ᠬᠡᠦᠬᠡᠨ ᠨᠢ ᠪᠣᠯᠵᠤ ᠠᠯᠲᠠᠨ ᠬᠤᠷᠸ᠎ᠠ ᠳᠤ ᠠᠶᠠᠯᠭᠤ ᠲᠠᠢ ᠵᠠᠶᠠᠭᠠᠭᠠᠳ᠂ ᠠᠪᠤ ᠡᠵᠢ | ᠪᠤᠯᠤᠨ ᠠᠴᠢᠲᠦ ᠪᠠᠭᠰᠢ ᠨᠠᠷ ᠤᠨ ᠢᠶᠠᠨ ᠬᠠᠶᠢᠷ᠎ᠠ ᠬᠦᠮᠦᠵᠢᠯ ᠢᠶᠠᠷ ᠪᠠᠭ᠎ᠠ ᠪᠠᠯᠴᠢᠷ ᠠᠴᠠ ᠪᠠᠨ ᠪᠠᠭ᠋ᠠᠲᠠᠢ ᠰᠢᠮᠡᠲᠡᠢ | ᠰᠤᠷᠤᠯᠴᠠᠨ᠂ ᠲᠤᠮᠤ ᠪᠣᠯᠬᠤ ᠲᠤᠰᠤᠮ ᠢᠶᠠᠨ ᠠᠯᠬᠤᠮ ᠪᠦᠷᠢ ᠳᠤ ᠪᠠᠨ ᠠᠯᠤᠰ ᠤᠨ ᠬᠦᠰᠡᠯ ᠢ ᠡᠪᠦᠷᠯᠡᠨ᠂ ᠠᠵᠢᠯ | ᠰᠤᠷᠤᠯᠭ᠎ᠠ ᠳᠤ ᠪᠠᠨ ᠠᠮᠢ ᠲᠡᠮᠡᠴᠡᠨ ᠴᠢᠷᠮᠠᠶᠢᠬᠤ ᠰᠢᠷᠭᠠᠭᠤ ᠬᠠᠲᠠᠭᠤ ᠵᠢᠳᠬᠦᠯ ᠲᠠᠢ᠂ ᠨᠡᠷ᠎ᠡ ᠪᠠᠨ ᠴᠠᠭᠠᠰᠤᠨ ᠳᠤ | ᠳᠤᠷᠠᠶᠢᠯᠭᠠᠨ᠂ ᠨᠢᠳᠡᠷ ᠢᠶᠠᠨ ᠨᠠᠶᠢᠭᠡᠮ ᠳᠤ ᠳᠠᠭᠤᠷᠢᠰᠤᠭᠤᠯᠤᠭᠰᠠᠨ ᠬᠦᠮᠦᠨ ᠪᠣᠯᠵᠤ ᠰᠢᠯᠭᠠᠷᠠᠵᠠᠢ᠃ | ᠳᠡᠭᠡᠷ᠎ᠡ ᠵᠠᠭᠤᠨ ᠤ ᠳᠠᠯᠠᠭᠠᠳ ᠣᠨ ᠳᠤ᠂ ᠲᠥᠷᠦ ᠶᠢᠨ ᠪᠣᠳᠤᠯᠭ᠎ᠠ ᠶᠢᠨ ᠠᠭᠤᠤ ᠢᠪᠡᠭᠡᠯ ᠢᠶᠠᠷ ᠰᠤᠷᠬᠤ ᠳᠤ | ᠪᠠᠬ᠎ᠠ ᠲᠠᠢ ᠬᠠᠰᠤᠩᠭᠤᠸ᠎ᠠ ᠰᠤᠷᠤᠯᠴᠠᠬᠤ ᠵᠠᠪᠰᠢᠶᠠᠨ ᠢ ᠳᠠᠬᠢᠨ ᠤᠯᠳᠠᠭᠰᠠᠨ ᠳᠤ ᠪᠠᠨ ᠰᠢᠨ᠎ᠡ ᠨᠢᠭᠡᠨ ᠠᠮᠢ ᠨᠠᠰᠤ | ᠤᠯᠤᠭᠰᠠᠨ ᠮᠡᠳᠦ ᠪᠠᠶᠠᠰᠤᠨ ᠲᠤᠭᠳᠤᠯᠵᠦ᠂ ᠬᠡᠳᠦᠨ ᠵᠢᠯ ᠤᠨ ᠲᠤᠷᠰᠢ ᠰᠢᠷᠭᠠᠭᠤ ᠴᠢᠷᠮᠠᠶᠢᠯᠭ᠎ᠠ ᠲᠠᠢ ᠰᠢᠮᠳᠡᠨ | ᠰᠤᠷᠤᠯᠴᠠᠵᠤ᠂ ᠡᠮᠴᠢ ᠶᠢᠨ ᠮᠡᠷᠭᠡᠵᠢᠯ ᠢ ᠡᠷᠴᠢᠮ ᠲᠠᠢ ᠰᠠᠶᠢᠲᠤᠷ ᠡᠵᠡᠮᠰᠢᠭᠡᠳ᠂ 1979 ᠣᠨ ᠤ ᠡᠪᠤᠯ ᠬᠦᠯᠦᠨ | ᠪᠦᠢᠷ ᠤᠨ ᠡᠷᠡᠭᠦᠯ ᠬᠠᠮᠠᠭᠠᠯᠠᠯ ᠤᠨ ᠲᠤᠰᠬᠠᠢ ᠮᠡᠷᠭᠡᠵᠢᠯ ᠤᠨ ᠰᠤᠷᠭᠠᠭᠤᠯᠢ ᠶᠢᠨ ᠡᠮᠴᠢ ᠶᠢᠨ ᠠᠩᠬᠢ ᠶᠢ ᠰᠢᠯᠢᠳᠡᠭ | ᠪᠦᠲᠦᠮᠵᠢ ᠲᠠᠢ ᠲᠡᠭᠦᠰᠭᠡᠵᠤ᠂ ᠬᠡᠭᠦᠳᠡᠭ ᠳᠦᠭᠦᠷᠡᠩ ᠤᠮᠤᠭ ᠲᠠᠢ᠂ ᠭᠠᠨᠵᠤᠭ᠎ᠠ ᠳᠦᠭᠦᠷᠡᠩ ᠣᠯᠵᠠ ᠲᠠᠢ᠂ | ᠲᠦᠷᠦᠭᠰᠡᠨ ᠨᠤᠲᠤᠭ ᠤᠰᠤᠨ ᠳᠤ ᠪᠠᠨ ᠪᠤᠴᠠᠨ ᠢᠷᠡᠵᠤ᠂ ᠬᠢᠯᠢ ᠬᠢᠵᠠᠭᠠᠷ ᠤᠷᠤᠨ ᠤ ᠪᠠᠨ ᠡᠮ ᠡᠮᠨᠡᠯᠭᠡ ᠶᠢᠨ | ᠠᠷᠢᠭᠤᠨ ᠦᠢᠯᠡᠰ ᠲᠤ ᠬᠦᠴᠦᠨ ᠵᠢᠳᠬᠦᠯ ᠢᠶᠠᠨ ᠡᠷᠬᠦᠵᠦ ᠡᠬᠢᠯᠡᠭᠰᠡᠨ ᠪᠢᠯᠡ᠃ ᠲᠡᠷᠡ ᠪᠠᠷ ᠳᠥᠴᠢ ᠭᠠᠷᠤᠢ ᠵᠢᠯ | ᠴᠦᠬᠦᠷᠡᠯ ᠦᠭᠡᠢ ᠠᠶᠠᠯᠠᠨ ᠂ ᠯᠤᠲᠤ ᠶᠡᠭᠡ ᠵᠢᠳᠬᠦᠯ ᠭᠠᠷᠭᠠᠨ ᠲᠤᠩ ᠤᠯᠠᠨ ᠭᠠᠪᠢᠶ᠎ᠠ ᠲᠡᠮᠳᠡᠭᠯᠡᠵᠡᠢ᠃ | ᠬᠠᠰᠤᠩᠭᠤᠸ᠎ᠠ ᠰᠢᠨ᠎ᠡ ᠪᠠᠷᠭᠤ ᠵᠡᠭᠦᠨ ᠬᠤᠰᠢᠭᠤᠨ ᠤ ᠮᠤᠩᠭᠤᠯ ᠡᠮᠨᠡᠯᠭᠡ ᠶᠢᠨ ᠬᠤᠷᠢᠶᠠᠨ ᠳᠤ ᠳᠥᠴᠢ ᠭᠠᠷᠤᠢ | ᠵᠢᠯ ᠤᠨ ᠬᠤᠯᠠ ᠶᠢᠨ ᠠᠶᠠᠨ ᠳᠤ ᠪᠠᠨ ᠬᠠᠯᠠᠰᠢᠷᠠᠯ ᠦᠭᠡᠢ ᠴᠢᠷᠮᠠᠶᠢᠨ᠂ ᠮᠤᠩᠭᠤᠯ ᠡᠮᠨᠡᠯᠭᠡ ᠶᠢᠨ ᠬᠤᠷᠢᠶᠠᠨ ᠤ | ᠭᠤᠤᠯᠯᠠᠭᠴᠢ ᠡᠮᠴᠢ᠂ ᠳᠡᠳ᠋ ᠬᠤᠷᠢᠶᠠᠨ ᠳᠠᠷᠤᠭ᠎ᠠ᠂ ᠨᠠᠮ ᠤᠨ ᠡᠭᠦᠷ ᠤᠨ ᠱᠦᠵᠢ ᠪᠠᠷ ᠤᠯᠠᠨ ᠵᠢᠯ ᠴᠤᠴᠠᠯᠲᠠ | ᠦᠭᠡᠢ ᠠᠵᠢᠯᠯᠠᠭᠰᠠᠨ ᠶᠤᠮ᠃ ᠬᠤᠵᠢᠮ ᠨᠢ ᠳᠡᠳ᠋ ᠫᠷᠤᠹᠧᠰᠰᠤᠷ ᠡᠮᠴᠢ ᠶᠢᠨ ᠴᠤᠯᠠ ᠬᠠᠮᠠᠭᠠᠯᠠᠭᠰᠠᠨ ᠪᠢᠯᠡ᠃ | ᠬᠠᠰᠤᠩᠭᠤᠸ᠎ᠠ 1988 ᠣᠨ ᠳᠤ ᠦᠪᠦᠷ ᠮᠤᠩᠭᠤᠯ ᠤᠨ ᠡᠷᠡᠭᠦᠯ ᠬᠠᠮᠠᠭᠠᠯᠠᠯ ᠤᠨ ᠬᠢᠲᠠᠳ ᠮᠤᠩᠭᠤᠯ ᠡᠮᠨᠡᠯᠭᠡ ᠶᠢᠨ | ᠬᠤᠷᠢᠶᠠᠨ ᠳᠤ ᠳᠠᠪᠲᠠᠨ ᠪᠤᠯᠪᠠᠰᠤᠷᠠᠭᠳᠠᠵᠦ᠂ ᠤᠳᠤᠬᠢᠴᠢᠯᠠᠭᠰᠠᠨ ᠠᠨᠠᠭᠠᠬᠤ ᠤᠬᠠᠭᠠᠨ ᠢ ᠰᠤᠷᠤᠯᠴᠠᠨ | ᠰᠤᠳᠤᠯᠬᠤ ᠪᠠᠷ ᠳᠠᠮᠵᠢᠨ ᠮᠤᠩᠭᠤᠯ ᠡᠮ ᠡᠮᠨᠡᠯᠭᠡ ᠶᠢᠨ ᠡᠷᠳᠡᠮ ᠰᠢᠨᠵᠢᠯᠡᠭᠡᠨ ᠤ ᠥᠭᠦᠯᠡᠯ ᠤᠨ ᠱᠠᠩᠨᠠᠯ ᠢ ᠲᠤᠰᠤᠭᠰᠠᠨ | ᠪᠠᠶᠢᠨ᠎ᠠ᠃ ᠮᠦᠨ ᠬᠦ ᠦᠪᠦᠷ ᠮᠤᠩᠭᠤᠯ ᠤᠨ ᠡᠷᠡᠭᠦᠯ ᠬᠠᠮᠠᠭᠠᠯᠠᠯ ᠤᠨ ᠲᠢᠩᠬᠢᠮ ᠠᠴᠠ ᠡᠷᠬᠢᠯᠡᠭᠰᠡᠨ ᠡᠮᠴᠢ ᠶᠢᠨ | ᠶᠡᠭᠡ ᠠᠩᠬᠢ ᠳᠤ ᠰᠤᠷᠤᠯᠴᠠᠨ ᠶᠡᠭᠡ ᠰᠤᠷᠭᠠᠭᠤᠯᠢ ᠶᠢᠨ ᠲᠤᠰᠬᠠᠢ ᠮᠡᠷᠭᠡᠵᠢᠯ ᠤᠨ ᠦᠨᠡᠮᠯᠡᠯ ᠢ ᠭᠠᠷᠳᠠᠵᠠᠢ᠃ ᠬᠤᠵᠢᠮ | ᠨᠢ ᠲᠡᠷᠡ ᠮᠤᠩᠭᠤᠯ ᠡᠮ ᠡᠮᠨᠡᠯᠭᠡ᠂ ᠡᠷᠳᠡᠮ ᠰᠢᠨᠵᠢᠯᠡᠭᠡᠨ ᠤ ᠦᠪᠯᠡᠭᠴᠢ ᠪᠠᠷ ᠦᠨᠡᠯᠡᠭᠳᠡᠵᠡᠢ᠃ | ᠬᠠᠰᠤᠩᠭᠤᠸ᠎ᠠ ᠡᠮᠴᠢ ᠪᠠᠰᠠ ᠨᠤᠳᠤᠭ ᠤᠷᠤᠨ ᠳᠤ ᠪᠠᠨ ᠵᠤᠬᠢᠶᠠᠯᠴᠢ ᠡᠮᠴᠢ ᠶᠢᠨ ᠠᠯᠳᠠᠷ ᠴᠤᠤ ᠲᠠᠢ ᠪᠢᠯᠡ᠃ | ᠡᠮᠴᠢ ᠶᠢᠨ ᠠᠵᠢᠯ ᠳᠤ ᠪᠠᠨ ᠴᠠᠭᠠᠷᠠᠭᠰᠠᠨ ᠢᠶᠠᠷ ᠦᠯᠦ ᠪᠠᠷᠠᠮ ᠡᠷᠬᠢᠯᠡᠭᠰᠡᠨ ᠠᠵᠢᠯ ᠤᠨ ᠢᠶᠠᠨ ᠴᠢᠯᠦᠭᠡ | ᠵᠠᠪ ᠢᠶᠠᠷ ᠢᠶᠠᠨ ᠤᠳᠬ᠎ᠠ ᠤᠷᠠᠯᠢᠭ᠂ ᠤᠷᠠᠨ ᠵᠤᠬᠢᠶᠠᠯ ᠳᠤ ᠳᠤᠷ᠎ᠠ ᠪᠠᠬ᠎ᠠ ᠲᠠᠢ ᠪᠠᠶᠢᠵᠤ᠂ ᠪᠠᠭ᠎ᠠ ᠯᠡ ᠲᠠᠰᠢᠷᠠᠮ | ᠲᠠᠭᠠᠷᠠᠵᠤ ᠵᠡᠪᠰᠢᠶᠠᠨ ᠣᠯᠳᠠᠮᠠᠭᠴᠠ᠂ ᠪᠢᠷ ᠬᠦᠳᠡᠯᠭᠡᠨ ᠪᠢᠰᠢᠭᠦᠢ ᠤᠯᠠᠨ ᠮᠡᠳᠡᠭᠡᠯᠡᠯ ᠴᠢᠮᠡᠭᠡᠯᠡᠯ᠂ ᠨᠠᠶᠢᠷᠠᠭᠤᠯᠤᠯ | ᠥᠭᠦᠯᠡᠯᠭᠡ᠂ ᠰᠢᠯᠦᠭ ᠳᠠᠭᠤᠯᠠᠯ᠂ ᠳᠠᠭᠤᠤ ᠶᠢᠨ ᠦᠭᠡ ᠁ ᠵᠡᠷᠭᠡ ᠶᠢ ᠤᠷᠠᠨ ᠭᠤᠶᠢᠳᠠ ᠵᠤᠬᠢᠶᠠᠨ ᠪᠦᠲᠦᠭᠡᠵᠤ | ᠂ ᠬᠤᠲᠠ ᠤᠷᠤᠨ ᠤ ᠰᠤᠨᠢᠨ ᠰᠡᠳᠭᠦᠯ᠂ ᠷᠠᠳᠢᠣ᠋ ᠨᠡᠪᠲᠡᠷᠡᠭᠦᠯᠭᠡ ᠳᠤ ᠦᠷᠭᠦᠯᠵᠢ ᠶᠢᠨ ᠴᠢᠨᠠᠷ ᠲᠠᠢ | ᠨᠡᠶᠢᠳᠡᠯᠡᠬᠦᠯᠦᠭᠰᠡᠭᠡᠷ ᠢᠷᠡᠪᠡ᠃ ᠲᠤᠬᠠᠶᠢᠯᠠᠪᠠᠯ᠄ ︽ᠬᠦᠯᠦᠨ ᠪᠤᠶᠢᠷ︾ ︽ᠰᠢᠷᠠᠮᠦᠷᠡᠨ ︾ ᠰᠡᠳᠭᠦᠯ ᠪᠠ ︽ | ᠲᠤᠯᠭ᠎ᠠ ᠶᠢᠨ ᠭᠤᠷᠪᠠᠨ ᠴᠢᠯᠠᠭᠤ︾ ︽ᠰᠣᠳᠣᠨ ᠮᠠᠯᠴᠢᠳ ᠤᠨ ᠴᠢᠭᠤᠯᠭᠠᠨ︾ ︽ᠵᠠᠯᠠᠭᠤ ᠰᠢᠯᠦᠭᠴᠢᠳ ᠤᠨ | ᠠᠯᠳᠠᠷ︾ ᠵᠡᠷᠭᠡ ᠨᠣᠮ ᠲᠡᠪᠲᠡᠷ ᠤᠳ ᠲᠤ ᠦᠪᠡᠷ ᠤᠨ ᠭᠡᠰᠡᠨ ᠤᠷᠤᠨ ᠪᠠᠶᠢᠷᠢ ᠲᠠᠢ ᠪᠦᠲᠦᠭᠡᠯ ᠤᠳ ᠢᠶᠠᠨ | ᠭᠢᠯᠠᠯᠵᠠᠭᠤᠯᠵᠤ ᠶᠠᠪᠤᠭᠰᠠᠨ ᠰᠤᠳᠤᠨ ᠴᠢᠳᠠᠪᠤᠷᠢᠳᠠᠨ ᠪᠢᠯᠡ᠃ ᠲᠡᠷᠡ ᠪᠠᠰᠠ ᠥᠩᠭᠡᠷᠡᠭᠰᠡᠨ ᠳᠤ ︽ᠦᠪᠦᠷ | ᠮᠤᠩᠭᠤᠯ ᠤᠨ ᠡᠳᠦᠷ ᠤᠨ ᠰᠣᠨᠢᠨ︾ ᠪᠤᠯᠤᠨ ︽ᠬᠦᠯᠦᠨ ᠪᠤᠶᠢᠷ ᠤᠨ ᠡᠳᠦᠷ ᠤᠨ ᠰᠤᠨᠢᠨ︾ ᠤ ᠣᠨᠴᠠ ᠤᠷᠢᠭᠰᠠᠨ | ᠰᠣᠷᠪᠤᠯᠵᠢᠯᠠᠭᠴᠢ᠂ ᠣᠨᠴᠠ ᠤᠷᠢᠭᠰᠠᠨ ᠴᠢᠮᠡᠭᠡᠯᠡᠭᠴᠢ ᠪᠠᠷ ᠠᠵᠢᠯᠯᠠᠵᠦ᠂ ᠮᠠᠰᠢ ᠤᠯᠠᠨ ᠮᠡᠳᠡᠭᠡ ᠴᠢᠮᠡᠭᠡᠯᠡᠯ ᠢ | ᠰᠤᠨᠢᠨ ᠳᠤ ᠨᠡᠶᠢᠲᠡᠯᠡᠭᠦᠯᠵᠦ᠂ ᠲᠤᠬᠠᠢ ᠶᠢᠨ ᠭᠠᠵᠠᠷ ᠤᠷᠤᠨ ᠤ ᠪᠠᠨ ᠰᠤᠷᠳᠠᠯ ᠤᠬᠠᠭᠤᠯᠭ᠎ᠠ ᠶᠢᠨ ᠦᠢᠯᠡᠰ ᠲᠤ | ᠬᠤᠪᠢ ᠨᠡᠮᠡᠷᠢ ᠪᠠᠨ ᠦᠵᠡᠬᠦᠯᠦᠭᠰᠡᠭᠡᠷ ᠢᠷᠡᠵᠡᠢ᠃ ᠡᠶᠢᠨ ᠬᠦ ᠠᠵᠢᠯ ᠤᠨ ᠢᠶᠠᠨ ᠴᠢᠯᠦᠭᠡᠨ ᠳᠤ ᠪᠠᠨ ᠬᠤᠵᠢᠮ ᠨᠢ | ᠪᠠᠰᠠ ︽ᠪᠠᠷᠭᠤ ᠶᠢᠨ ᠰᠣᠳᠣᠨ ᠦᠷᠡᠰ︾ ᠬᠡᠮᠡᠬᠦ ᠨᠣᠮ ᠢᠶᠠᠨ ︽ᠦᠪᠦᠷ ᠮᠤᠩᠭᠤᠯ ᠤᠨ ᠰᠤᠶᠤᠯ ᠤᠨ ᠬᠡᠪᠯᠡᠯ ᠤᠨ | ᠬᠤᠷᠢᠶ᠎ᠠ︾ ︵2014 ᠤᠨ︶ ᠳᠤ ᠬᠡᠪᠯᠡᠭᠦᠯᠦᠭᠡᠳ᠂ ᠦᠷᠭᠡᠨ ᠣᠯᠠᠨ ᠤᠩᠰᠢᠭᠴᠢᠳ ᠤᠨ ᠦᠨᠳᠦᠷ | ᠦᠨᠡᠯᠡᠯᠲᠡ ᠶᠢ ᠤᠯᠤᠭᠰᠠᠨ ᠨᠢ ᠲᠡᠭᠦᠨ ᠤ ᠪᠠᠰᠠ ᠨᠢᠭᠡᠨ ᠪᠢᠰᠢᠷᠡᠬᠦᠰᠢᠲᠡᠢ ᠠᠮᠵᠢᠯᠲᠠ ᠶᠢᠨ ᠨᠢᠭᠡ ᠪᠢᠯᠡ᠃ | ᠬᠠᠨᠴᠤᠢ ᠰᠢᠮᠠᠯᠠᠨ ᠬᠠᠲᠠᠭᠤᠵᠢᠯᠲᠠᠢ ᠠᠵᠢᠯᠯᠠᠳᠠᠭ ᠬᠠᠰᠤᠩᠭᠤᠸ᠎ᠠ ᠡᠮᠴᠢ ᠨᠠᠮ ᠤᠨ ᠭᠡᠰᠢᠭᠦᠨ ᠤ ᠡᠭᠦᠷᠭᠡ | ᠬᠠᠷᠢᠭᠤᠴᠠᠯᠭ᠎ᠠ ᠪᠠᠨ ᠴᠠᠭ ᠦᠷᠭᠦᠯᠵᠢ ᠴᠢᠩᠭ᠎ᠠ ᠵᠢᠷᠤᠮᠯᠠᠨ᠂ ᠪᠡᠶ᠎ᠡ ᠪᠠᠷ ᠢᠶᠠᠨ ᠬᠡᠪ ᠳᠦᠷᠢᠮ ᠪᠤᠯᠤᠨ | ᠠᠵᠢᠯᠯᠠᠳᠠᠭ ᠠᠴᠠ ᠨᠠᠮ ᠵᠠᠰᠠᠭ ᠬᠢᠭᠡᠳ ᠠᠷᠠᠳ ᠤᠯᠠᠨ ᠤ ᠢᠲᠡᠭᠡᠯ ᠬᠦᠨᠳᠦ ᠶᠢ ᠬᠦᠷᠲᠡᠭᠰᠡᠭᠡᠷ ᠢᠷᠡᠵᠠᠢ᠃ ᠲᠡᠶᠢᠮᠦ | ᠠᠴᠠ ᠤᠷᠢᠳ ᠬᠤᠵᠢᠳ ᠬᠤᠰᠢᠭᠤ ᠱᠠᠲᠤᠨ ᠤ ᠠᠷᠠᠳ ᠤᠨ ᠲᠦᠯᠦᠭᠡᠯᠡᠭᠴᠢ ᠪᠠᠷ 3 ᠤᠳᠠᠭ᠎ᠠ᠂ ᠨᠠᠮ ᠤᠨ | ᠲᠦᠯᠦᠭᠡᠯᠡᠭᠴᠢ ᠪᠠᠷ 5 ᠤᠳᠠᠭ᠎ᠠ᠂ ᠬᠤᠰᠢᠭᠤ᠂ ᠠᠶᠢᠮᠠᠭ ᠤᠨ ᠱᠠᠲᠤᠨ ᠤ ᠤᠯᠤᠰ ᠲᠥᠷᠦ ᠶᠢᠨ ᠵᠦᠪᠯᠡᠯᠭᠡᠨ ᠤ | ᠭᠡᠰᠢᠭᠦᠨ ᠢᠶᠠᠷ 8 ᠤᠳᠠᠭ᠎ᠠ ᠲᠤᠰ ᠲᠤᠰ ᠰᠤᠩᠭᠤᠭᠳᠠᠨ ᠤᠷᠤᠯᠴᠠᠵᠤ ᠥᠩᠭᠡᠷᠡᠵᠠᠢ᠃ ᠲᠡᠷᠡ ᠪᠠᠰᠠ ᠬᠦᠯᠦᠨ | ᠪᠤᠶᠢᠷ ᠬᠤᠲᠠ ᠶᠢᠨ ᠡᠮ ᠡᠮᠨᠡᠯᠭᠡ ᠶᠢᠨ ᠨᠡᠶᠢᠭᠡᠮᠯᠢᠭ ᠤᠨ ᠭᠡᠰᠢᠭᠦᠨ᠂ ᠬᠦᠯᠦᠨ ᠪᠤᠶᠢᠷ ᠬᠤᠲᠠ ᠶᠢᠨ ᠵᠤᠬᠢᠶᠠᠯᠴᠢᠳ ᠤᠨ | ᠨᠡᠶᠢᠭᠡᠮᠯᠢᠭ ᠤᠨ ᠭᠡᠰᠢᠭᠦᠨ᠂ ᠰᠢᠨ᠎ᠡ ᠪᠠᠷᠭᠤ ᠵᠡᠭᠦᠨ ᠬᠤᠰᠢᠭᠤᠨ ᠤ ᠨᠤᠮᠤ ᠰᠤᠮᠤᠨ ᠤ ᠨᠡᠶᠢᠭᠡᠮᠯᠢᠭ ᠤᠨ ᠭᠡᠰᠢᠭᠦᠨ᠂ | ᠬᠦᠯᠦᠨ ᠪᠤᠶᠢᠷ ᠬᠤᠲᠠ ᠶᠢᠨ ᠡᠮ ᠡᠮᠨᠡᠯᠭᠡ ᠶᠢᠨ ᠡᠷᠳᠡᠮ ᠰᠢᠨᠵᠢᠯᠡᠭᠡᠨ ᠤ ᠬᠤᠷᠠᠯ ᠤᠨ ᠭᠡᠰᠢᠭᠦᠨ ᠁ ᠵᠡᠷᠭᠡ ᠠᠯᠢ | ᠤᠯᠠᠨ ᠢᠷᠠᠭᠤ ᠠᠯᠳᠠᠷ ᠪᠠ ᠨᠡᠶᠢᠬᠡᠮ ᠤᠨ ᠡᠬᠦᠷᠭᠡ ᠶᠢ ᠬᠠᠷᠢᠭᠤᠴᠠᠵᠦ᠂ ᠠᠷᠠᠳ ᠤᠯᠠᠨ ᠤ ᠳᠤᠮᠳᠠ ᠭᠦᠨ ᠵᠤᠵᠠᠭᠠᠨ | ᠬᠦᠷᠢᠶᠡᠯᠡᠯ ᠲᠠᠢ ᠶᠠᠪᠤᠵᠤ ᠢᠷᠡᠭᠰᠡᠨ ᠢ ᠨᠢ ᠨᠡᠬᠡᠷᠡᠨ ᠴᠦ ᠪᠢᠰᠢᠷᠡᠭᠦᠰᠢᠲᠡᠢ᠃ ᠲᠡᠷᠡᠴᠢᠯᠡᠨ ᠰᠢᠯᠢᠳᠡᠭ ᠬᠤᠷᠢᠶᠠᠨ | ᠳᠠᠷᠤᠭ᠎ᠠ᠂ ᠰᠢᠯᠢᠳᠡᠭ ᠨᠠᠮ ᠤᠨ ᠭᠡᠰᠢᠭᠦᠨ᠂ ᠰᠢᠯᠢᠳᠡᠭ ᠡᠮᠴᠢ᠂ ᠰᠢᠯᠢᠳᠡᠭ ᠲᠠᠮᠢᠷᠴᠢᠨ ︵ᠨᠤᠮᠤ ᠰᠤᠮᠤᠨ ᠤ | ᠲᠠᠯ᠎ᠠ ᠪᠠᠷ ᠬᠤᠰᠢᠭᠤ᠂ ᠠᠶᠢᠮᠠᠭ᠂ ᠤᠷᠤᠨ ᠤ ᠤᠷᠤᠯᠳᠤᠭᠠᠨ ᠪᠤᠯᠭᠠᠨ ᠳᠤ ᠬᠡᠵᠢᠶᠡᠲᠡ ᠡᠮᠦᠨ᠎ᠡ ᠲᠠᠪᠤᠨ ᠤ ᠳᠤᠲᠤᠷ᠎ᠠ | ᠶᠠᠪᠤᠵᠤ ᠢᠷᠡᠭᠰᠡᠨ ᠢᠷᠠᠭᠤ ᠠᠯᠳᠠᠷ ᠲᠠᠢ ᠃ ᠨᠢᠭᠡᠨ ᠤᠳᠠᠭᠠᠨ ᠤ ᠤᠷᠤᠰ᠂ ᠮᠤᠩᠭᠤᠯ᠂ ᠳᠤᠮᠳᠠᠲᠦ ᠭᠤᠷᠪᠠᠨ | ᠤᠯᠤᠰ ᠤᠨ ᠨᠤᠮᠤ ᠰᠤᠮᠤ ᠪᠤᠯᠤᠨ ᠲᠦᠩᠬᠦ ᠬᠠᠷᠪᠤᠯᠭ᠎ᠠ ᠶᠢᠨ ᠤᠷᠤᠯᠳᠤᠭᠠᠨ ᠳᠡᠭᠡᠷ᠎ᠡ ᠬᠤᠤᠰ ᠠᠯᠳᠠᠨ ᠮᠧᠳᠠᠯ ᠢ | ᠬᠢᠯᠠᠯᠵᠠᠭᠤᠯᠤᠭᠰᠠᠨ ᠪᠢᠰᠢᠷᠡᠭᠳᠡᠮᠡ ᠦᠩᠭᠡᠷᠡᠯᠲᠡ ᠲᠠᠢ︶᠂ ᠰᠢᠯᠢᠳᠡᠭ ᠡᠮᠡᠭᠲᠡᠢ ᠴᠢᠳᠠᠪᠤᠷᠢᠲᠠᠨ᠂ ᠲᠠᠪᠤᠨ ᠰᠠᠶᠢᠲᠠᠢ | ᠭᠡᠷ ᠪᠦᠯᠢ᠂ ︽3.8︾ ᠵᠢᠨᠤᠯᠠᠭᠠᠨ ᠲᠤᠭᠴᠢ ᠁ ᠵᠡᠷᠭᠡ ᠠᠯᠢ ᠤᠯᠠᠨ ᠥᠩᠭᠡ ᠭᠡᠷᠡᠯ ᠢ ᠤᠷᠢᠳ | ᠬᠤᠵᠢᠳ ᠬᠦᠷᠳᠡᠵᠦ ᠥᠩᠭᠡᠷᠡᠵᠠᠢ᠃ | ︽ᠪᠠᠷᠭᠤ ᠶᠢᠨ ᠰᠤᠳᠤᠨ ᠦᠷᠡᠰ︾ ᠬᠡᠬᠦ ᠨᠤᠮ ᠤᠨ ᠡᠵᠡᠨ | ᠬᠠᠰᠤᠩᠭᠤᠸ᠎ᠠ ᠶᠢᠨ ︽ᠪᠠᠷᠭᠤ ᠶᠢᠨ ᠰᠣᠳᠣᠨ ᠦᠷᠡᠰ︾ ᠬᠡᠮᠡᠬᠦ ᠨᠣᠮ ᠢ ᠨᠢ ᠠᠭᠤᠯᠭ᠎ᠠ ᠶᠢᠨ ᠲᠠᠯ᠎ᠠ ᠪᠠᠷ ᠂ | ᠨᠢᠭᠡ ᠳᠤ᠂ ᠳᠤᠷᠠᠳᠬᠠᠯ ᠤᠨ ᠠᠭᠤᠯᠭ᠎ᠠ ᠪᠦᠬᠦᠢ ᠰᠢᠯᠦᠭ ᠳᠠᠭᠤᠯᠠᠯ᠂ ᠬᠤᠶᠠᠷ ᠲᠤ᠂ 10 ᠭᠠᠷᠤᠢ ᠨᠠᠶᠢᠷᠠᠭᠤᠯᠤᠯ | ᠥᠭᠦᠯᠡᠯᠭᠡ᠂ ᠭᠤᠷᠪᠠ ᠳᠤ᠂ ᠰᠣᠨᠢᠨ ᠮᠡᠳᠡᠭᠡᠯᠡᠯ ᠤᠨ ᠰᠲ᠋ᠢᠯᠢ ᠶᠢᠨ ᠤᠷᠠᠨ ᠵᠤᠬᠢᠶᠠᠯ ᠤᠳ 50 ᠰᠢᠬᠠᠮ᠂ | ᠳᠥᠷᠪᠡ ᠳᠤ᠂ ᠦᠪᠡᠷ ᠤᠨ ᠬᠢᠨᠢ ᠡᠮ ᠡᠮᠴᠢᠯᠡᠭᠡᠨ ᠤ ᠠᠷᠭ᠎ᠠ ᠲᠤᠷᠰᠢᠯᠭ᠎ᠠ ᠪᠤᠯᠤᠨ ᠥᠭᠦᠯᠡᠯ ᠤᠳ᠂ ᠲᠠᠪᠤ ᠳᠤ᠂ | ᠪᠤᠰᠤᠳ ᠳᠠᠭᠠᠯᠳᠠᠭᠤᠯᠤᠭᠰᠠᠨ ᠵᠤᠬᠢᠶᠠᠯ ᠤᠳ ︵ᠭᠡᠷ ᠪᠦᠯᠢ ᠶᠢᠨ ᠬᠢᠨ ᠤ︶ ᠭᠡᠵᠦ ᠬᠡᠳᠦᠨ ᠲᠠᠯ᠎ᠠ ᠪᠠᠷ ᠠᠩᠭᠢᠯᠠᠵᠤ | ᠪᠤᠯᠤᠨ᠎ᠠ᠃ ᠮᠠᠰᠢ ᠪᠢᠰᠢᠷᠡᠭᠦᠰᠢᠲᠡᠢ ᠨᠢ ᠲᠤᠰ ᠨᠣᠮ ᠳᠤ ᠪᠠᠨ 50 ᠰᠢᠬᠠᠮ ᠪᠠᠷᠭᠤ ᠶᠢᠨ ᠰᠣᠳᠣᠨ ᠦᠷᠡᠰ ᠤᠳ ᠤᠨ | ᠪᠠᠭ᠋ᠠᠳᠤᠨ ᠱᠠᠭᠰᠢᠭᠤᠰᠢᠲᠠᠢ ᠭᠢᠯᠠᠯᠵᠠᠭᠰᠠᠨ ᠦᠢᠯᠡ ᠠᠵᠢᠯᠯᠠᠭ᠎ᠠ ᠭᠠᠷᠮᠠᠭᠠᠢ ᠪᠦᠲᠦᠭᠡᠯ ᠤᠳ ᠢ ᠨᠢ ᠰᠤᠷᠪᠤᠯᠵᠢᠯᠠᠨ | ᠳᠡᠮᠳᠡᠭᠯᠡᠵᠦ᠂ ᠲᠤᠭᠤᠷᠪᠢᠨ ᠪᠢᠴᠢᠭᠡᠳ ᠡᠨᠡ ᠬᠦ ᠨᠣᠮ ᠢᠶᠠᠨ ᠨᠡᠩ ᠦᠨ᠎ᠡ ᠴᠡᠨ᠎ᠡ ᠲᠠᠢ᠂ ᠨᠡᠩ ᠰᠤᠨᠢᠷᠬᠠᠯ ᠢ | ᠲᠠᠳᠠᠮ᠎ᠠ ᠪᠣᠯᠭᠠᠵᠤ ᠴᠢᠳᠠᠵᠠᠢ᠃ ᠵᠢᠱᠢᠶᠡᠯᠡᠪᠡᠯ᠄ ᠳᠤᠷᠠᠳᠬᠠᠯ ᠤᠨ ᠠᠭᠤᠯᠭ᠎ᠠ ᠪᠦᠬᠦᠢ ᠰᠢᠯᠦᠭ ᠳᠠᠭᠤᠯᠠᠯ ᠳᠤ ᠪᠠᠨ ︽ | ᠠᠪᠤ ᠳᠤ ᠪᠠᠨ︾ ᠭᠡᠬᠦ ᠭᠠᠷᠴᠠᠭ ᠢᠶᠠᠷ ︽ᠳᠤᠪᠤᠷᠤᠤᠲᠤ ᠵᠤᠳᠤᠭ ᠢᠶᠠᠨ ᠰᠡᠭᠰᠦᠷᠦᠨ ᠡᠮᠦᠰᠴᠦ ᠂ ᠲᠤᠯᠢᠶ᠎ᠠ | ᠵᠢᠭᠢᠷᠡᠭ ᠢᠶᠠᠨ ᠭᠢᠯᠠᠯᠵᠠᠭᠤᠯᠤᠨ ᠳᠡᠪᠢᠵᠤ᠂ ᠠᠷᠠᠳ ᠤᠨ ᠨᠠᠭᠠᠳᠤᠮ ᠤᠨ ᠬᠡᠶᠢᠮᠦᠷᠢ ᠡᠷᠭᠦᠵᠤ᠂ ᠠᠶᠢᠮᠠᠭ | ᠤᠷᠤᠨ ᠤ ᠪᠠᠨ ᠮᠠᠩᠯᠠᠢ ᠶᠠᠪᠤᠭᠰᠠᠨ᠂ ᠡᠷ᠎ᠡ ᠶᠢᠨ ᠰᠠᠶᠢᠨ ᠡᠷ᠎ᠡ᠂ ᠡᠴᠢᠭᠡ ᠶᠢᠨ ᠰᠠᠶᠢᠬᠠᠨ ᠡᠴᠢᠭᠡ᠂ ᠦᠷ᠎ᠡ | ᠪᠢᠳᠡᠨ ᠤ ᠪᠠᠨ ᠤᠮᠤᠭ᠂ ᠦᠨᠳᠦᠷ ᠠᠯᠳᠠᠷᠲᠤ ᠠᠪᠤ ᠮᠢᠨᠢ ᠦᠢᠯᠡᠰ ᠠᠵᠢᠯ ᠳᠤ ᠪᠠᠨ ᠭᠠᠪᠰᠢᠭᠠᠢ ᠵᠢᠳᠬᠦᠵᠦ᠂ | ᠦᠨᠡᠨ ᠤ ᠲᠦᠯᠦᠭᠡ ᠭᠠᠷᠮᠠᠭᠠᠢ ᠲᠡᠮᠡᠴᠡᠭᠰᠡᠨ᠂ ᠦᠷᠦᠭᠡᠯ ᠳᠤ ᠲᠤᠰᠠᠲᠠᠢ᠂ ᠦᠪᠡᠷ ᠲᠤ ᠪᠠᠨ ᠶᠤᠰᠤᠴᠢ᠂ ᠦᠷ᠎ᠡ | ᠪᠢᠳᠡᠨ ᠤ ᠪᠠᠨ ᠦᠮᠦᠭ᠂ ᠦᠷᠯᠦᠭ ᠶᠡᠭᠡ ᠠᠪᠤ ᠮᠢᠨᠢ︾ ᠭᠡᠵᠤ ᠬᠦᠨᠳᠦᠲᠦ ᠬᠠᠶᠢᠷᠠᠲᠠᠢ ᠠᠪᠤ ᠪᠠᠨ ᠦᠨᠡᠨ ᠮᠦᠨ ᠢᠶᠠᠷ | ᠨᠢ ᠦᠰᠭᠡᠨ ᠲᠦᠰᠭᠡᠨ ᠦᠭᠡᠢ ᠤᠶᠠᠩᠭᠠᠯᠠᠨ ᠪᠢᠴᠢᠭᠰᠡᠨ ᠪᠠᠶᠢᠵᠠᠢ᠃ | ᠬᠠᠰᠤᠩᠭᠤᠸ᠎ᠠ ᠶᠢᠨ ᠠᠪᠤ ᠴᠤᠶᠢᠩᠬᠤᠷ ᠭᠤᠸᠠᠢ ᠪᠣᠯ ᠶᠤᠰᠤᠲᠠᠢ ᠨᠢᠭᠡᠨ ᠪᠠᠷᠭᠤ ᠶᠢᠨ ᠰᠣᠳᠣᠨ ᠦᠷᠡᠰ ᠤᠨ | ᠨᠢᠭᠡᠨ ᠪᠢᠯᠡ᠃ ᠴᠣᠶᠢᠩᠬᠤᠷ ᠭᠤᠸᠠᠢ 1957 ᠣᠨ ᠳᠤ ᠬᠤᠰᠢᠭᠤᠨ ᠤ ᠬᠠᠩᠭᠠᠨ ᠪᠤᠷᠤᠯᠠᠭᠤᠯᠬᠤ ᠬᠤᠷᠰᠢᠶᠠᠨ ᠳᠤ | ᠠᠵᠢᠯᠠᠯᠵᠤ᠂ 30 ᠭᠠᠷᠤᠢ ᠵᠢᠯ ᠰᠢᠨ᠎ᠡ ᠪᠠᠷᠭᠤ ᠵᠡᠭᠦᠨ ᠬᠤᠰᠢᠭᠤᠨ ᠤ ᠠᠷᠠᠯᠵᠢᠶ᠎ᠠ ᠬᠤᠳᠠᠯᠳᠤᠭ᠎ᠠ᠂ ᠬᠤᠷᠰᠢᠶᠠᠨ ᠤ | ᠦᠢᠯᠡᠰ ᠲᠤ ᠨᠢᠳᠡᠷ ᠰᠡᠳᠭᠢᠯ ᠨᠡᠶᠢᠲᠡ ᠶᠢᠨ ᠵᠣᠷᠢᠭ ᠢᠶᠠᠷ ᠵᠢᠳᠬᠦᠵᠦ ᠶᠠᠪᠤᠭᠰᠠᠨ ᠤ ᠬᠠᠮᠲᠤ ᠤᠯᠤᠰ ᠤᠷᠤᠨ ᠤ | ᠳᠠᠷᠬᠠᠨ ᠪᠦᠬᠡ ᠶᠢᠨ ᠴᠤᠯᠠ ᠲᠠᠢ ᠪᠢᠯᠡ᠃ ᠴᠣᠶᠢᠩᠬᠤᠷ ᠭᠤᠸᠠᠢ᠂ ᠮᠣᠩᠭᠤᠯ ᠪᠦᠬᠡ ᠶᠢᠨ ᠦᠢᠯᠡᠰ ᠲᠤ ᠤᠶᠤᠨ | ᠬᠦᠴᠦ ᠪᠠᠨ ᠰᠢᠪᠬᠠᠨ᠂ ᠪᠠᠯᠠᠷᠠᠰᠢ ᠦᠭᠡᠢ ᠭᠠᠪᠢᠶ᠎ᠠ ᠵᠢᠳᠬᠦᠯ ᠭᠠᠷᠭᠠᠵᠠᠢ᠃ ᠲᠡᠷᠡ ᠮᠦᠨ ᠴᠤ ᠠᠯᠳᠠᠷᠲᠤ ᠮᠤᠩᠭᠤᠯ | ᠪᠦᠬᠡ ᠶᠢᠨ ᠰᠤᠷᠭᠠᠭᠴᠢ ᠪᠢᠯᠡ᠃ ᠴᠤᠶᠢᠩᠬᠤᠷ ᠭᠤᠸᠠᠢ᠂ ᠤᠷᠤᠨ ᠠᠶᠢᠮᠠᠭ᠂ ᠬᠤᠰᠢᠭᠤ᠂ ᠰᠤᠮᠤᠨ ᠤ ᠤᠯᠠᠨ | ᠤᠳᠠᠭᠠᠨ ᠤ ᠠᠷᠠᠳ ᠤᠨ ᠨᠠᠶᠢᠷ ᠨᠠᠭᠠᠳᠤᠮ ᠳᠡᠭᠡᠷ᠎ᠡ ᠤᠷᠢᠳ ᠬᠤᠵᠢᠳ 73 ᠤᠳᠠᠭ᠎ᠠ ᠦᠵᠦᠭᠦᠷᠯᠡᠭᠰᠡᠨ ᠠᠪᠤᠷᠭᠤ | ᠳᠠᠷᠬᠠᠨ ᠴᠤᠯᠠ ᠲᠠᠢ᠃ ᠢᠯᠠᠩᠭᠤᠶ᠎ᠠ᠂ ᠦᠪᠦᠷ ᠮᠤᠩᠭᠤᠯ ᠤᠨ ᠦᠪᠡᠷᠲᠡᠭᠡᠨ ᠵᠠᠰᠠᠬᠤ ᠤᠷᠤᠨ ᠪᠠᠶᠢᠭᠤᠯᠤᠭᠳᠠᠭᠰᠠᠨ | 10 ᠵᠢᠯ ᠤᠨ ᠤᠢ ᠶᠢᠨ ᠠᠷᠠᠳ ᠤᠨ ᠶᠡᠭᠡ ᠨᠠᠶᠢᠷ ᠳᠡᠭᠡᠷ᠎ᠡ ᠳᠡᠳᠡᠯᠡᠭᠰᠡᠨ ᠲᠡᠦᠬᠡ ᠲᠠᠢ᠃ ᠴᠣᠶᠢᠩᠬᠤᠷ ᠭᠤᠸᠠᠢ | ᠪᠦᠬᠡ ᠶᠢᠨ ᠰᠤᠷᠭᠠᠭᠴᠢ ᠪᠠᠶᠢᠬᠤ ᠳᠤ ᠪᠠᠨ ᠤᠯᠤᠰ ᠤᠷᠤᠨ ᠳᠤ ᠪᠠᠨ ᠠᠯᠳᠠᠷ ᠨᠡᠷ᠎ᠡ ᠲᠠᠢ ᠠᠯᠢ ᠤᠯᠠᠨ | ᠪᠦᠬᠡᠴᠦᠳ ᠢ ᠪᠤᠯᠪᠠᠰᠤᠷᠠᠭᠤᠯᠤᠨ ᠬᠦᠮᠦᠵᠢᠭᠦᠯᠵᠦ ᠥᠭᠴᠡᠢ᠃ ᠲᠤᠬᠠᠶᠢᠯᠠᠪᠠᠯ᠄ ᠷᠠᠳᠨ᠎ᠠ᠂ ᠪᠠᠽᠠᠷᠠᠭᠠᠳ᠋᠂ | ᠪᠢᠮᠪᠠᠵᠠᠪ᠂ ᠳ᠋ᠠᠰᠢᠷᠠᠪᠳᠠᠨ᠂ ᠤᠷᠬᠢᠯᠪᠠᠲᠦ᠂ ᠴᠢᠯᠠᠭᠤ᠂ ᠬᠠᠯᠵᠠᠨ ᠁ ᠵᠡᠷᠭᠡ ᠤᠯᠤᠰ ᠤᠨ ᠠᠯᠳᠠᠷᠲᠤ | ᠠᠪᠤᠷᠭᠤ ᠪᠦᠬᠡᠴᠦᠳ ᠢ ᠬᠦᠮᠦᠵᠢᠭᠦᠯᠦᠨ ᠭᠠᠷᠭᠠᠭᠰᠠᠨ ᠨᠡᠷ᠎ᠡ ᠴᠤᠤ ᠲᠠᠢ ᠪᠦᠬᠡ ᠶᠢᠨ ᠰᠤᠷᠭᠠᠭᠴᠢ ᠪᠢᠯᠡ᠃ ᠡᠬᠦᠨ | ᠠᠴᠠ ᠪᠢᠳᠡ ᠳᠡᠭᠡᠷ᠎ᠡ ᠵᠠᠭᠤᠨ ᠤ ᠪᠠᠷᠭᠤ ᠶᠢᠨ ᠰᠣᠳᠣᠨ ᠦᠷᠡᠰ ᠤᠨ ᠨᠢᠭᠡ ᠪᠤᠯᠤᠭᠰᠠᠨ ᠴᠤᠶᠢᠩᠬᠤᠷ ᠭᠤᠸᠠᠢ ᠶᠠᠮᠠᠷ | ᠰᠢᠦ ᠭᠡᠳᠡᠭ ᠢ ᠳᠤᠲᠤᠬᠠᠨ ᠤᠶᠢᠯᠠᠭᠠᠵᠦ ᠪᠤᠯᠤᠨ᠎ᠠ᠃ | ᠬᠠᠰᠤᠩᠭᠤᠸ᠎ᠠ ︽ᠪᠠᠷᠭᠤ ᠶᠢᠨ ᠰᠣᠳᠣᠨ ᠦᠷᠡᠰ︾ ᠬᠡᠮᠡᠬᠦ ᠨᠣᠮ ᠤᠨ ᠢᠶᠠᠨ ᠨᠠᠶᠢᠷᠠᠭᠤᠯᠤᠯ ᠤᠨ ᠪᠦᠯᠦᠭ ᠲᠤ | ᠪᠠᠨ 20 ᠰᠢᠬᠠᠮ ᠭᠤᠶᠤ ᠰᠠᠶᠢᠬᠠᠨ ᠨᠠᠶᠢᠷᠠᠭᠤᠯᠤᠯ ᠤᠳ ᠢ ᠪᠢᠴᠢᠵᠤ ᠤᠷᠤᠭᠤᠯᠵᠠᠢ᠃ ︽ᠡᠷᠳᠡᠨᠢᠲᠤᠯᠤᠭᠠᠢ ᠪᠠᠨ | ᠡᠷᠭᠢᠬᠦ ᠶᠤᠮᠰᠠᠨ︾ ᠬᠡᠮᠡᠬᠦ ᠳᠤᠷᠠᠰᠤᠮᠵᠢ ᠨᠠᠶᠢᠷᠠᠭᠤᠯᠤᠯ ᠳᠤ ᠪᠠᠨ ᠵᠤᠬᠢᠶᠠᠭᠴᠢ ᠬᠠᠰᠤᠩᠭᠤᠸ᠎ᠠ ᠳᠡᠭᠡᠷ᠎ᠡ ᠵᠠᠭᠤᠨ ᠤ | ᠳᠠᠯᠠᠭᠠᠳ ᠣᠨ ᠳᠤ ᠰᠡᠭᠡᠭᠡᠲᠡᠨ ᠢᠶᠠᠷ ᠪᠦᠢᠳᠠ ᠪᠦᠭᠯᠡᠭᠦᠦ ᠬᠦᠳᠡᠭᠡ ᠪᠠᠭᠤᠵᠤ ︽ᠮᠠᠯᠴᠢᠨ ᠲᠦᠮᠡᠨ ᠤ ᠳᠠᠬᠢᠨ | ᠰᠤᠷᠭᠠᠨ ᠬᠦᠮᠦᠵᠢᠯ︾ ᠢ ᠬᠦᠷᠳᠡᠭᠰᠡᠨ ᠥᠩᠭᠡᠷᠡᠯᠲᠡ ᠪᠠᠨ ᠡᠷᠭᠢᠴᠡᠭᠦᠯᠦᠨ ᠪᠢᠴᠢᠵᠤ᠂ ᠦᠨᠡᠨ ᠮᠦᠨ ᠢᠶᠠᠷ ᠨᠢ | ᠳᠤᠰᠬᠠᠭᠰᠠᠨ ᠪᠠᠶᠢᠵᠠᠢ᠃ ᠭᠡᠬᠦ ᠳᠤ ᠪᠠᠨ ᠬᠤᠰᠢᠭᠤ ᠪᠠᠯᠭᠠᠰᠤᠨ ᠳᠤ ᠦᠰᠴᠦ ᠲᠦᠷᠦᠭᠰᠡᠨ ᠪᠤᠯᠪᠠᠷᠠᠢ ᠬᠡᠦᠬᠡᠳ | ᠬᠡᠷᠬᠢᠨ ᠬᠠᠯᠠ ᠵᠤᠪᠠᠯᠠᠩ ᠬᠦᠴᠢᠷ ᠪᠡᠷᠬᠡ ᠶᠢ ᠠᠮᠰᠠᠭᠰᠠᠨ ᠢᠶᠠᠷ ᠪᠢᠴᠢᠭᠰᠡᠨ ᠪᠢᠰᠢ᠂ ᠬᠠᠷᠢᠨ ᠲᠡᠳᠡᠨ ᠳᠤ ᠬᠠᠶᠢᠷ᠎ᠠ | ᠬᠠᠯᠠᠮᠵᠢ ᠪᠠᠨ ᠦᠵᠡᠭᠦᠯᠦᠭᠰᠡᠨ ᠶᠠᠳᠠᠭᠤ ᠶᠠᠳᠠᠭᠤᠯᠢᠭ ᠮᠠᠯᠴᠢᠳ ᠤᠨ ᠠᠴᠢ ᠲᠤᠰᠠ ᠶᠢ ᠯᠡ ᠳᠤᠷᠠᠰᠤᠨ ᠳᠤᠷᠠᠰᠤᠨ | ᠰᠠᠨᠠᠭᠠᠯᠵᠠᠵᠤ ︽ᠨᠠᠳᠠ ᠰᠢᠭ᠋ ᠬᠠᠯᠠ ᠦᠵᠡᠭᠡ ᠦᠭᠡᠢ ᠬᠤᠷᠠᠭ᠎ᠠ ᠢᠰᠢᠭᠡ ᠰᠢᠭ ᠠᠮᠢᠲᠠᠨ ᠳᠤ ᠶᠤᠰᠤᠲᠠᠢ ᠶᠡᠭᠡ | ᠶᠠᠭᠤᠮ᠎ᠠ ᠦᠵᠡᠭᠦᠯᠵᠦ᠂ ᠣᠯᠠᠨ ᠶᠠᠭᠤᠮ᠎ᠠ ᠲᠠᠨᠢᠭᠤᠯᠤᠭᠰᠠᠨ ᠁︾ ᠭᠡᠵᠦ ᠨᠤᠲᠤᠭ ᠤᠰᠤᠨ ᠤ ᠪᠠᠨ ᠠᠷᠠᠳ | ᠤᠯᠠᠨ ᠳᠤ ᠪᠠᠨ ᠴᠢᠩ ᠰᠡᠳᠭᠢᠯ ᠠᠴᠠ ᠪᠠᠨ ᠭᠦᠨ ᠲᠠᠯᠠᠷᠬᠠᠵᠤ ᠪᠠᠶᠢᠨ᠎ᠠ ᠁ ᠭᠡᠬᠦ ᠮᠡᠲᠦᠴᠢᠯᠡᠨ ᠪᠢᠴᠢᠭᠰᠡᠨ ᠨᠢ | ᠮᠠᠰᠢ ᠤᠬᠠᠭᠠᠯᠢᠭ ᠰᠠᠨᠠᠭᠳᠠᠯ᠎ᠠ᠃ ᠮᠦᠨ ᠵᠠᠯᠭᠠᠭᠠᠳ ᠦᠪᠡᠷ ᠤᠨ ᠢᠶᠠᠨ ᠲᠤᠬᠠᠢ ᠳᠤᠷᠠᠰᠤᠮᠵᠢ ᠳᠤ ᠪᠠᠨ᠂ ᠬᠦᠨᠳᠦᠲᠦ | ᠬᠠᠶᠢᠷᠠᠲᠠᠢ ᠠᠪᠤ ᠡᠵᠢ᠂ ᠬᠠᠳᠠᠮ ᠡᠵᠢ ᠶᠢᠨ ᠢᠶᠠᠨ ᠳᠠᠯᠠᠢ ᠶᠡᠭᠡ ᠬᠠᠶᠢᠷ᠎ᠠ᠂ ᠠᠷᠢᠭᠤᠨ ᠨᠠᠨᠳᠢᠨ ᠵᠠᠩ ᠴᠢᠨᠠᠷ᠂ ᠪᠠᠭᠰᠢ | ᠨᠠᠷ ᠪᠤᠯᠤᠨ ᠬᠠᠮᠲᠤ ᠠᠵᠢᠯᠯᠠᠭᠰᠠᠳ᠂ ᠤᠳᠤᠷᠢᠳᠤᠯᠭ᠎ᠠ ᠨᠠᠷ ᠤᠨ ᠢᠶᠠᠨ ᠲᠤᠰᠠ ᠳᠡᠮᠵᠢᠯᠭᠡ ᠶᠢ ᠯᠡ ᠭᠦᠨ ᠭᠦᠨᠵᠡᠭᠡᠢ | ᠲᠤᠭᠠᠴᠢᠨ ᠳᠡᠮᠳᠡᠭᠯᠡᠪᠡ᠃ ︽ᠪᠢ ᠡᠵᠢ ᠪᠠᠨ ᠰᠠᠶᠢᠬᠠᠨ ᠰᠤᠪᠢᠯᠠᠵᠤ ᠴᠢᠳᠠᠭᠰᠠᠨ ᠦᠭᠡᠢ ᠥᠩᠭᠡᠷᠡᠭᠦᠯᠵᠡᠢ︾ ︽ | ᠬᠠᠳᠠᠮ ᠡᠵᠢ ᠪᠠᠨ ᠡᠳᠦᠷ ᠲᠤᠳᠤᠮ ᠤᠨ ᠠᠵᠢᠯ ᠮᠠᠵᠢᠯ ᠳᠤ ᠳᠡᠩᠳᠡᠭᠦᠦ ᠠᠷᠪᠢᠨ ᠪᠦᠭᠡᠴᠡᠭᠡᠨᠡᠬᠦᠯᠦᠭᠰᠡᠨ ᠁︾ | ᠭᠡᠬᠦ ᠮᠡᠲᠦ ᠪᠠᠷ ᠦᠪᠡᠷ ᠤᠨ ᠪᠡᠶ᠎ᠡ ᠪᠠᠨ ᠵᠢᠮᠡᠯᠡᠨ ᠪᠢᠴᠢᠭᠰᠡᠨ ᠨᠢ ᠲᠡᠬᠦᠨ ᠤ ᠪᠤᠰᠤᠳ ᠤᠨ ᠠᠴᠢ ᠭᠠᠪᠢᠶ᠎ᠠ᠂ ᠬᠠᠶᠢᠷ᠎ᠠ | ᠬᠠᠯᠠᠮᠵᠢ ᠶᠢ ᠵᠢᠷᠦᠬᠡ ᠰᠡᠳᠭᠢᠯ ᠳᠤ ᠪᠠᠨ ᠴᠡᠭᠡᠵᠢᠯᠡᠳᠡᠭ ᠦᠨᠡᠨᠴᠢ ᠴᠠᠶᠢᠯᠭᠠᠨ᠂ ᠠᠴᠢᠯᠠᠯ ᠵᠢᠷᠤᠮ ᠬᠢᠭᠡᠳ ᠢᠲᠡᠭᠡᠯ | ᠬᠦᠨᠳᠦ ᠶᠢ ᠡᠷᠬᠢᠮᠯᠡᠳᠡᠭ ᠡᠷᠬᠢᠮ ᠨᠠᠨᠳᠢᠨ ᠬᠦᠮᠦᠨ ᠮᠦᠰᠦ ᠶᠢ ᠢᠯᠡᠷᠡᠬᠦᠯᠦᠭᠰᠡᠨ ᠪᠠᠶᠢᠨ᠎ᠠ᠃ ᠡᠶᠢᠮᠦ ᠴᠦ ᠪᠤᠯᠬᠤᠷ | ᠬᠠᠰᠤᠩᠭᠤᠸ᠎ᠠ ᠶᠢᠨ ᠵᠤᠬᠢᠶᠠᠯ ᠤᠨ ᠲᠡᠭᠦᠪᠦᠷᠢ ᠶᠢᠨ ᠰᠢᠯᠦᠭ ᠨᠠᠶᠢᠷᠠᠭᠤᠯᠤᠯ ᠤᠳ ᠢ ᠨᠢᠭᠡᠳ ᠨᠢᠭᠡ ᠪᠠᠷ ᠤᠩᠰᠢᠪᠠᠯ | ᠬᠦᠮᠦᠰ ᠤᠨ ᠤᠶᠤᠨ ᠤᠬᠠᠭᠠᠨ ᠳᠤ ᠴᠡᠪᠡᠷ ᠠᠭᠠᠷ ᠢ ᠣᠷᠣᠭᠤᠯᠣᠨ ᠴᠡᠭᠡᠵᠢ ᠶᠢ ᠲᠡᠨ᠋ᠶᠢᠯᠭᠡᠨ ᠰᠡᠳᠭᠢᠯ ᠢ | ᠠᠭᠤᠵᠢᠷᠠᠭᠤᠯᠳᠠᠭ ᠨᠢ ᠲᠡᠷᠡ ᠪᠢᠯᠡ᠃ | ᠮᠡᠳᠡᠭᠡᠵᠢ ᠪᠠᠷ᠂ ᠬᠦᠯᠦᠨ ᠪᠤᠶᠢᠷ ᠤᠨ ᠰᠢᠨ᠎ᠡ ᠪᠠᠷᠭᠤ ᠵᠡᠭᠦᠨ ᠬᠤᠰᠢᠭᠤ᠂ ᠰᠢᠨ᠎ᠡ ᠪᠠᠷᠭᠤ ᠪᠠᠷᠠᠭᠤᠨ ᠬᠤᠰᠢᠭᠤ | ᠂ ᠬᠠᠭᠤᠴᠢᠠ ᠪᠠᠷᠭᠤ ᠬᠤᠰᠢᠭᠤ ᠵᠡᠷᠭᠡ ᠭᠤᠷᠪᠠᠨ ᠬᠤᠰᠢᠭᠤ ᠪᠣᠯ ᠳᠡᠭᠡᠳᠦ ᠦᠶ᠎ᠡ ᠠᠴᠠ ᠪᠠᠨ ᠪᠠᠷᠭᠤ | ᠮᠤᠩᠭᠤᠯᠴᠤᠳ ᠢᠶᠠᠷ ᠭᠤᠤᠯᠯᠠᠭᠰᠠᠨ ᠭᠤᠷᠪᠠᠨ ᠬᠤᠰᠢᠭᠤ ᠮᠦᠷᠲᠡᠭᠡᠨ ᠠᠳᠡ ᠠᠴᠠ ᠪᠠᠷᠭᠤ ᠶᠢᠨ ᠰᠣᠳᠣᠨ ᠦᠷᠡᠰ | ᠦᠶ᠎ᠡ ᠳᠠᠷᠠᠭᠠᠯᠠᠨ ᠲᠠᠰᠤᠷᠠᠯᠲᠠ ᠦᠭᠡᠢ ᠴᠤᠯᠭᠤᠷᠠᠨ ᠭᠠᠷᠴᠦ᠂ ᠨᠤᠲᠤᠭ ᠤᠰᠤ ᠪᠠᠨ ᠦᠭᠡᠷᠡᠴᠢᠯᠡᠨ ᠤᠳᠤᠬᠢᠴᠢᠯᠠᠵᠤ | ᠂ ᠨᠠᠮ ᠵᠠᠰᠠᠭ᠂ ᠠᠷᠠᠳ ᠲᠦᠮᠡᠨ᠂ ᠨᠤᠲᠤᠭ ᠤᠰᠤᠨ ᠤ ᠪᠠᠨ ᠲᠦᠯᠦᠭᠡ ᠴᠦᠬᠦᠷᠡᠯ ᠦᠭᠡᠢ ᠵᠢᠳᠭᠦᠨ᠂ ᠪᠠᠯᠠᠷᠠᠰᠢ | ᠦᠭᠡᠢ ᠭᠠᠪᠢᠶ᠎ᠠ ᠵᠢᠳᠬᠦᠯ ᠦᠵᠡᠭᠦᠯᠵᠦ ᠢᠷᠡᠭᠰᠡᠨ ᠨᠢ ᠳᠠᠮᠵᠢᠭ ᠦᠭᠡᠢ᠃ ᠮᠢᠨᠤ ᠦᠵᠡᠬᠦ ᠪᠠᠷ ︽ᠪᠠᠷᠭᠤ ᠶᠢᠨ | ᠰᠣᠳᠣᠨ ᠦᠷᠡᠰ︾ ᠬᠡᠮᠡᠬᠦ ᠨᠣᠮ ᠤᠨ ᠵᠤᠬᠢᠶᠠᠭᠴᠢ ᠬᠠᠰᠤᠩᠭᠤᠸ᠎ᠠ ᠡᠮᠴᠢ ᠪᠤᠯ ᠲᠡᠷᠡ ᠴᠢᠭ ᠢᠶᠠᠷ ᠢᠶᠠᠨ ᠪᠠᠷᠭᠤ ᠶᠢᠨ | ᠰᠤᠳᠣᠨ ᠦᠷᠡᠰ ᠤᠨ ᠨᠢᠭᠡ ᠪᠣᠯᠬᠤ ᠨᠢ ᠭᠠᠷᠴᠠᠭ᠎ᠠ ᠦᠭᠡᠢ᠃ | ᠮᠡᠳᠡᠯᠭᠡ ᠴᠢᠳᠠᠪᠤᠷᠢ ᠬᠤᠤᠰᠯᠠᠭᠰᠠᠨ ᠬᠠᠰᠤᠩᠭᠤᠸ᠎ᠠ ᠶᠢᠨ ᠬᠡᠷ ᠪᠦᠯᠢ | ᠬᠠᠰᠤᠩᠭᠤᠸ᠎ᠠ ᠡᠮᠴᠢ ᠳᠠᠭᠠᠭᠠᠭᠰᠠᠨ ᠠᠵᠢᠯ ᠢᠶᠠᠨ ᠬᠢᠨᠠᠮᠠᠭᠠᠢ ᠬᠢᠳᠡᠭ ᠮᠦᠷᠳᠡᠭᠡᠨ ᠬᠠᠷᠢᠭᠤᠴᠠᠯᠭ᠎ᠠ ᠦᠨᠳᠦᠷ | ᠪᠠᠶᠢᠳᠠᠭ ᠢᠶᠠᠷ ᠪᠠᠷᠠᠬᠤ ᠦᠭᠡᠢ ᠬᠡᠷ ᠪᠦᠯᠢ ᠶᠢᠨ ᠰᠤᠷᠭᠠᠨ ᠬᠦᠮᠦᠵᠢᠯ ᠢᠶᠠᠨ ᠴᠦ ᠲᠡᠷᠢᠬᠦᠨ ᠪᠠᠶᠢᠷᠢᠨ ᠳᠤ | ᠴᠢᠬᠤᠯᠠᠴᠢᠯᠠᠳᠠᠭ ᠪᠤᠯᠬᠤᠷ ᠲᠡᠬᠦᠨ ᠤ ᠦᠰᠬᠡᠨ ᠬᠦᠮᠦᠵᠢᠬᠦᠯᠦᠭᠰᠡᠨ ᠭᠤᠷᠪᠠᠨ ᠬᠡᠤᠬᠡᠨ ᠨᠢ ᠴᠦ ᠠᠵᠢᠯ ᠰᠤᠷᠤᠯᠭ᠎ᠠ | ᠪᠠᠷ ᠢᠶᠠᠨ ᠬᠢᠯᠠᠷᠠᠭᠤᠯᠵᠦ ᠶᠠᠪᠤᠭ᠎ᠠ ᠶᠤᠮ᠃ ᠲᠡᠭᠦᠨ ᠤ ᠭᠤᠷᠪᠠᠨ ᠬᠡᠦᠬᠡᠨ ᠨᠢ ᠪᠠᠭ᠎ᠠ ᠰᠤᠷᠭᠠᠭᠤᠯᠢ ᠶᠢᠨ ᠠᠯᠲᠠᠨ | ᠪᠤᠱᠤᠭ᠎ᠠ ᠶᠢ ᠠᠯᠬᠤᠭᠰᠠᠨ ᠲᠡᠷᠡ ᠡᠳᠦᠷ ᠠᠴᠠ ᠪᠠᠨ ᠣᠨᠴᠠ ᠰᠤᠷᠤᠯᠭᠠᠲᠠᠨ᠂ ᠭᠤᠷᠪᠠᠨ ᠰᠠᠶᠢᠲᠠᠢ ᠰᠤᠷᠤᠭᠴᠢ᠂ | ᠰᠢᠯᠢᠳᠡᠭ ᠬᠤᠰᠢᠭᠤᠴᠢ ᠠᠩᠬᠢ ᠶᠢᠨ ᠭᠡᠰᠢᠭᠦᠨ᠂ ᠡᠪᠯᠡᠯ ᠤᠨ ᠬᠡᠰᠢᠬᠦᠨ ᠵᠡᠷᠭᠡ ᠢᠷᠠᠭᠤ ᠠᠯᠳᠠᠷ ᠢ ᠰᠤᠷᠤᠯᠭ᠎ᠠ ᠶᠢᠨ | ᠬᠤᠭᠤᠴᠠᠭ᠎ᠠ ᠪᠣᠯᠭᠠᠨ᠂ ᠵᠢᠯ ᠪᠦᠷᠢ ᠳᠠᠷᠠᠭᠠᠯᠠᠨ ᠣᠯᠵᠣ᠂ ᠦᠨᠳᠦᠷ ᠳᠤᠮᠳᠠᠳᠤ ᠠᠴᠠ ᠶᠡᠭᠡ ᠰᠤᠷᠭᠠᠭᠤᠯᠢ ᠶᠢ | ᠲᠡᠭᠦᠰᠦᠨ ᠲᠡᠭᠦᠰᠲᠡᠯ᠎ᠡ ᠪᠠᠨ ᠠᠯᠲᠠᠨ ᠮᠧᠲᠡᠯ ᠪᠤᠶᠤ ᠠᠯᠢ ᠤᠯᠠᠨ ᠱᠠᠩᠨᠠᠯ ᠬᠦᠬᠢᠭᠦᠯᠦᠯ ᠢᠶᠠᠷ ᠡᠩᠬᠡᠷ ᠢᠶᠠᠨ | ᠮᠢᠯᠢᠶᠠᠯᠭᠠᠵᠤ᠂ ᠠᠮᠵᠢᠯᠲᠠ ᠲᠦᠬᠦᠷᠩ ᠪᠦᠳᠦᠮᠵᠢ ᠦᠨᠳᠦᠷ ᠰᠤᠷᠤᠯᠴᠠᠭᠰᠠᠨ ᠪᠤᠯᠬᠤᠷ ᠡᠵᠢ ᠲᠠᠢ ᠪᠠᠨ ᠡᠭᠡᠭᠡ | ᠠᠳᠠᠯᠢᠬᠠᠨ ︽ᠪᠠᠷᠭᠤ ᠶᠢᠨ ᠰᠤᠳᠤᠨ ᠦᠷᠡᠰ︾ ᠤᠳ ᠪᠢᠯᠡ᠃ ᠶᠡᠭᠡ ᠬᠡᠦᠬᠡᠨ ᠨᠣᠮᠢᠨ ᠨᠢ ᠦᠪᠦᠷ ᠮᠤᠩᠭᠤᠯ ᠤᠨ | ᠨᠠᠮ ᠤᠨ ᠰᠤᠷᠭᠠᠭᠤᠯᠢ ᠶᠢ ᠦᠨᠳᠦᠷ ᠪᠦᠲᠦᠮᠵᠢ ᠦᠯᠡᠮᠵᠢ ᠠᠮᠵᠢᠯᠲᠠ ᠲᠠᠢ ᠲᠡᠭᠦᠰᠭᠡᠭᠡᠳ᠂ ᠦᠪᠦᠷ ᠮᠤᠩᠭᠤᠯ ᠤᠨ | ᠦᠪᠡᠷᠲᠡᠭᠡᠨ ᠵᠠᠰᠠᠬᠤ ᠤᠷᠤᠨ ᠤ ᠡᠪᠯᠡᠯ ᠤᠨ ᠬᠤᠷᠢᠶᠠᠨ ᠤ ᠳᠠᠳ᠋ ᠱᠦᠵᠢ ᠪᠠᠷ ᠠᠵᠢᠯᠯᠠᠵᠤ ᠪᠠᠶᠢᠭᠰᠠᠨ ᠢᠶᠠᠨ ᠣᠳᠣ | ᠪᠤᠭᠤᠲᠤ ᠬᠤᠲᠠ ᠶᠢᠨ ᠨᠢᠭᠡᠳᠦᠮᠡᠯ ᠹᠷᠤᠨᠲ ᠤᠨ ᠬᠡᠯᠲᠡᠰ ᠤᠨ ᠳᠠᠷᠤᠭ᠎ᠠ ᠪᠠᠷ ᠠᠵᠢᠯᠯᠠᠵᠤ ᠦᠢᠯᠡᠰ ᠤᠨ | ᠭᠢᠯᠪᠠᠭ᠎ᠠ ᠪᠠᠨ ᠰᠠᠴᠤᠷᠠᠭᠤᠯᠵᠦ ᠶᠠᠪᠤᠨ᠎ᠠ᠃ ᠳᠤᠮᠳᠠᠬᠢ ᠬᠡᠦᠬᠡᠨ ᠢᠮᠢᠨ ᠨᠢ ᠦᠪᠦᠷ ᠮᠤᠩᠭᠤᠯ ᠤᠨ ᠦᠨᠳᠦᠰᠦᠲᠡᠨ ᠤ | ᠶᠡᠭᠡ ᠰᠤᠷᠭᠠᠭᠤᠯᠢ ᠶᠢᠨ ᠡᠮ ᠡᠮᠨᠡᠯᠭᠡ ᠶᠢᠨ ᠰᠠᠯᠪᠤᠷᠢ ᠠᠴᠠ ᠲᠡᠭᠦᠰᠴᠦ᠂ ᠬᠦᠯᠦᠨ ᠪᠦᠢᠷ ᠬᠤᠲᠠ ᠶᠢᠨ ᠠᠵᠢᠯ | ᠮᠡᠷᠭᠡᠵᠢᠯ ᠤᠨ ᠶᠡᠭᠡ ᠰᠤᠷᠭᠠᠭᠤᠯᠢ ᠳᠤ ᠪᠠᠭᠰᠢ ᠪᠠᠷ ᠠᠵᠢᠯᠠᠯᠠᠵᠤ ᠪᠠᠶᠢᠭᠰᠠᠨ ᠢᠶᠠᠨ ᠣᠳᠣ ᠬᠦᠯᠦᠨ ᠪᠤᠶᠢᠷ | ᠬᠤᠲᠠ ᠶᠢᠨ ᠮᠤᠩᠭᠤᠯ ᠡᠮᠨᠡᠯᠭᠡ ᠶᠢᠨ ᠬᠤᠷᠢᠶᠠᠨ ᠳᠤ ᠠᠵᠢᠯ ᠰᠢᠯᠵᠢᠭᠡᠳ ᠡᠵᠢ ᠶᠢᠨ ᠢᠶᠠᠨ ᠦᠢᠯᠡᠰ ᠢ ᠵᠠᠯᠭᠠᠮᠵᠢᠯᠠᠵᠦ | ᠶᠠᠪᠤᠨ᠎ᠠ᠃ ᠪᠠᠭ᠎ᠠ ᠬᠡᠦᠬᠡᠨ ᠰᠤᠨᠢᠨ ᠨᠢ ᠦᠪᠦᠷ ᠮᠤᠩᠭᠤᠯ ᠤᠨ ᠤᠷᠠᠯᠢᠭ ᠤᠨ ᠶᠡᠭᠡ ᠰᠤᠷᠭᠠᠭᠤᠯᠢ ᠶᠢᠨ ᠰᠤᠳᠤᠯᠬᠤ | ᠰᠤᠷᠤᠭᠴᠢ ᠪᠠᠷ ᠲᠡᠭᠦᠰᠴᠦ᠂ ᠣᠳᠣ ᠬᠦᠯᠦᠨ ᠪᠤᠶᠢᠷ ᠬᠤᠲᠠ ᠶᠢᠨ ᠠᠵᠢᠯ ᠮᠡᠷᠭᠡᠵᠢᠯ ᠤᠨ ᠶᠡᠭᠡ ᠰᠤᠷᠭᠠᠭᠤᠯᠢ ᠳᠤ | ᠠᠷᠠᠳ ᠤᠨ ᠪᠠᠭᠰᠢ ᠪᠠᠷ ᠠᠵᠢᠯᠯᠠᠵᠦ᠂ ᠨᠤᠳᠤᠭ ᠤᠷᠤᠨ ᠳᠤ ᠪᠠᠨ ᠬᠤᠪᠢ ᠨᠡᠮᠡᠷᠢ ᠪᠠᠨ ᠦᠵᠡᠬᠦᠯᠵᠦ ᠶᠠᠪᠤᠨ᠎ᠠ᠃ | ᠬᠠᠰᠤᠩᠭᠤᠸ᠎ᠠ ᠶᠢᠨ ᠨᠦᠬᠦᠷ — ᠰᠤᠶᠤᠯᠲᠤ ᠭᠤᠸᠠᠢ ᠴᠦ ᠮᠦᠨ ᠤᠯᠠᠨ ᠲᠠᠯ᠎ᠠ ᠪᠠᠷ ᠣᠯᠠᠨ ᠠᠴᠠ | ᠣᠷᠣᠶᠢᠯᠠᠭᠰᠠᠨ᠂ ᠠᠵᠢᠯ ᠦᠢᠯᠡᠰ ᠲᠤ ᠪᠠᠨ ᠵᠢᠳᠬᠦᠯ ᠴᠢᠷᠮᠠᠶᠢᠯᠭ᠎ᠠ ᠲᠠᠢ᠂ ᠪᠦᠷᠢᠨ ᠡᠷᠳᠡᠮ ᠲᠡᠭᠦᠰ ᠴᠢᠳᠠᠪᠤᠷᠢ | ᠲᠠᠢ᠂ ᠡᠯᠪᠡᠭ ᠲᠤᠷᠰᠢᠯᠭ᠎ᠠ ᠠᠷᠪᠢᠨ ᠪᠦᠲᠦᠭᠡᠯ ᠲᠠᠢ ᠬᠦᠮᠦᠨ ᠤ ᠨᠢᠭᠡ ᠨᠢ ᠪᠢᠯᠡ᠃ ᠲᠡᠷᠡ ᠵᠠᠯᠠᠭᠤ ᠽᠠᠨᠳᠠᠨ | ᠨᠠᠰᠣᠨ ᠳᠤ ᠪᠠᠨ 4 ᠵᠢᠯ ᠴᠡᠷᠢᠭ ᠤᠨ ᠠᠯᠪᠠ ᠬᠠᠭᠠᠭᠰᠠᠨ ᠪᠠ ᠬᠤᠵᠢᠮ ᠨᠢ ᠦᠪᠦᠷ ᠮᠤᠩᠭᠤᠯ ᠤᠨ ᠶᠡᠭᠡ | ᠰᠤᠷᠭᠠᠭᠤᠯᠢ ᠶᠢᠨ ᠬᠡᠯᠡ ᠪᠢᠴᠢᠭ ᠤᠨ ᠰᠠᠯᠪᠤᠷᠢ ᠶᠢᠨ ᠰᠢᠨ᠎ᠡ ᠮᠤᠩᠭᠤᠯ ᠪᠢᠴᠢᠭ ᠤᠨ ᠵᠠᠬᠢᠲᠠᠯ ᠢᠶᠠᠷ ᠰᠤᠷᠬᠤ | ᠠᠩᠬᠢ ᠳᠤ ᠰᠤᠷᠤᠯᠴᠠᠨ᠂ ᠣᠨᠴᠠ ᠬᠢᠷᠢ ᠪᠦᠳᠦᠮᠵᠢ ᠲᠠᠢ ᠲᠡᠭᠦᠰᠴᠦ ︽ᠤᠷᠤᠨ ᠤ ᠬᠤᠶᠠᠳᠤᠭᠠᠷ ᠳᠡᠰ ᠤᠨ | ᠤᠷᠴᠢᠭᠤᠯᠤᠭᠴᠢ︾ ᠶᠢᠨ ᠦᠨᠡᠮᠯᠡᠯ ᠢ ᠭᠠᠷᠳᠠᠭᠰᠠᠨ ᠢᠶᠠᠷ ᠦᠯᠦ ᠪᠠᠷᠠᠮ ᠦᠪᠦᠷ ᠮᠤᠩᠭᠤᠯ ᠤᠨ ᠶᠡᠭᠡ | ᠰᠤᠷᠭᠠᠭᠤᠯᠢ ᠶᠢᠨ ᠨᠠᠰᠤᠨ ᠳᠤ ᠬᠦᠷᠦᠭᠰᠡᠳ ᠤᠨ ᠰᠢᠯᠭᠠᠯᠲᠠ ᠳᠤ ᠤᠷᠤᠭᠠᠳ ︽ᠤᠷᠤᠨ ᠨᠤᠲᠤᠭ — ᠲᠡᠦᠬᠡ | ᠦᠢᠯᠡᠪᠦᠷᠢ︾ ᠶᠢᠨ ᠲᠤᠰᠬᠠᠢ ᠮᠡᠷᠭᠡᠵᠢᠯ ᠤᠨ ᠠᠩᠬᠢ ᠶᠢ ᠲᠡᠭᠦᠰ ᠪᠦᠲᠦᠮᠵᠢ ᠲᠠᠢ ᠲᠡᠬᠦᠰᠬᠡᠬᠦ ᠶᠢᠨ ᠬᠠᠮᠳᠦ 2000 | ᠣᠨ ᠤ ᠡᠬᠢᠨ ᠳᠤ ᠬᠦᠯᠦᠨ ᠪᠤᠶᠢᠷ ᠳᠡᠭᠡᠳᠦ ᠰᠤᠷᠭᠠᠭᠤᠯᠢ ᠶᠢᠨ ︽ᠵᠠᠰᠠᠭ ᠵᠠᠬᠢᠷᠭᠠᠨ ᠤ ᠬᠠᠮᠢᠶᠠᠷᠤᠯᠲᠠ︾ ᠶᠢᠨ | ᠠᠩᠬᠢ ᠶᠢ ᠴᠦ ᠰᠢᠯᠢᠳᠡᠭ ᠪᠦᠲᠦᠮᠵᠢ ᠲᠠᠢ ᠲᠡᠬᠦᠰᠬᠡᠨ᠂ ᠶᠡᠭᠡ ᠰᠤᠷᠭᠠᠭᠤᠯᠢ ᠶᠢᠨ ᠦᠨᠡᠮᠯᠡᠯ ᠢ ᠬᠤᠤᠰ ᠢᠶᠠᠷ | ᠭᠠᠷᠳᠠᠭᠰᠠᠨ ᠰᠤᠷᠤᠯᠭ᠎ᠠ ᠶᠢᠨ ᠨᠠᠮᠳᠠᠷ ᠲᠠᠢ᠃ ᠰᠤᠶᠤᠯᠲᠤ ᠭᠤᠸᠠᠢ 1997 ᠣᠨ ᠳᠤ ᠥᠩᠭᠡ ᠭᠡᠷᠡᠯ ᠲᠠᠢ ᠪᠠᠷ | ᠳᠤᠮᠳᠠᠳᠤ ᠤᠯᠤᠰ ᠤᠨ ᠡᠪ ᠬᠠᠮᠲᠤ ᠨᠠᠮ ᠳᠤ ᠤᠷᠤᠵᠠᠢ᠃ ᠲᠡᠷᠡ ᠰᠢᠨ᠎ᠡ ᠪᠠᠷᠭᠤ ᠵᠡᠭᠦᠨ ᠬᠤᠰᠢᠭᠤᠨ ᠤ ᠰᠤᠶᠤᠯ | ᠲᠠᠮᠢᠷ ᠷᠠᠳᠢᠣ᠋ ᠲᠧᠯᠸᠢᠰ ᠰᠢᠰᠲ᠋ᠧᠮ ᠤᠨ ᠨᠠᠮ ᠤᠨ ᠶᠡᠷᠦᠩᠬᠡᠢ ᠡᠭᠦᠷ ᠤᠨ ᠰᠠᠬᠢᠯᠭ᠎ᠠ ᠪᠠᠲᠤ ᠶᠢ ᠪᠠᠶᠢᠴᠠᠭᠠᠭᠴᠢ ᠶᠢᠨ | ᠲᠤᠰᠢᠶᠠᠯ ᠢ ᠬᠠᠷᠢᠭᠤᠴᠠᠵᠤ ᠢᠷᠡᠵᠡᠢ᠃ ᠲᠡᠷᠡ ᠪᠠᠰᠠ ᠬᠦᠯᠦᠨ ᠪᠤᠶᠢᠷ ᠬᠤᠲᠠ ᠶᠢᠨ ᠪᠡᠶ᠎ᠡ ᠲᠠᠮᠢᠷ ᠤᠨ ᠠᠵᠢᠯ ᠤᠨ | ᠲᠡᠷᠢᠭᠦᠨ ᠤ ᠬᠤᠪᠢ ᠬᠦᠮᠦᠨ᠂ ᠲᠡᠷᠢᠭᠦᠨ ᠤ ᠠᠵᠢᠯᠲᠠᠨ᠂ ᠬᠦᠯᠦᠨ ᠪᠤᠶᠢᠷ ᠬᠤᠲᠠ ᠶᠢᠨ ᠤᠯᠤᠰ ᠲᠥᠷᠥ ᠶᠢᠨ | ᠵᠦᠪᠯᠡᠯᠭᠡᠨ ᠤ ᠭᠡᠰᠢᠭᠦᠨ᠂ ᠳᠡᠳ᠋ ᠲᠡᠷᠢᠭᠦᠯᠡᠭᠴᠢ ᠁ ᠵᠡᠷᠭᠡ ᠨᠡᠶᠢᠬᠡᠮ ᠤᠨ ᠡᠷᠬᠢᠮ ᠲᠤᠰᠢᠶᠠᠯ ᠲᠠᠢ ᠪᠠᠶᠢᠵᠦ | ᠦᠩᠭᠡᠷᠡᠪᠡ᠃ ᠲᠡᠷᠡ ᠪᠠᠰᠠ ᠬᠤᠰᠢᠭᠤᠨ ᠤ ᠮᠤᠷᠢᠨ ᠤ ᠨᠡᠶᠢᠭᠡᠮᠯᠢᠭ ᠤᠨ ᠭᠤᠣᠯ ᠬᠠᠷᠢᠭᠤᠴᠠᠯᠭᠠᠲᠠᠨ ᠤ ᠲᠤᠰᠢᠶᠠᠯ | ᠲᠠᠢ᠃ ᠲᠡᠷᠡ ᠣᠣᠯ ᠠᠴᠠ ᠪᠠᠨ ᠦᠨᠳᠦᠰᠦᠲᠡᠨ ᠤ ᠪᠠᠨ ᠦᠭᠡ ᠬᠡᠯᠡ ᠦᠰᠦᠭ ᠪᠢᠴᠢᠭ ᠢᠶᠠᠨ ᠴᠢᠩ ᠰᠡᠳᠭᠢᠯ ᠠᠴᠠ | ᠪᠠᠨ ᠳᠡᠭᠡᠳᠦᠯᠡᠨ ᠬᠦᠨᠳᠦᠳᠬᠡᠳᠡᠭ ᠪᠦᠭᠡᠳ ᠤᠷᠠᠨ ᠵᠤᠬᠢᠶᠠᠯ ᠳᠤ ᠠᠪᠢᠶᠠᠰ ᠲᠠᠢ ᠮᠦᠷᠲᠡᠭᠡᠨ ᠳᠤᠷ᠎ᠠ ᠪᠠᠬ᠎ᠠ ᠲᠠᠢ | ᠲᠤᠯᠠ ᠠᠵᠢᠯ ᠤᠨ ᠴᠢᠯᠦᠭᠡ ᠪᠠᠷ ᠢᠶᠠᠨ ᠤᠷᠢᠳ ᠬᠤᠵᠢᠳ ᠬᠤᠶᠠᠷ ᠵᠠᠭᠤ ᠰᠢᠬᠠᠮ ᠵᠤᠬᠢᠶᠠᠯ ᠪᠦᠲᠦᠭᠡᠯ ᠢᠶᠠᠨ ᠬᠤᠲᠠ | ᠤᠷᠤᠨ ᠤ ᠰᠤᠨᠢᠨ ᠰᠡᠳᠭᠦᠯ ᠤᠳ ᠢᠶᠠᠷ ᠨᠡᠶᠢᠲᠡᠯᠡᠭᠦᠯᠵᠦ ᠥᠩᠭᠡᠷᠡᠵᠡᠢ᠃ | ᠰᠤᠶᠤᠯᠲᠦ ᠭᠤᠸᠠᠢ ᠨᠤᠮᠤ ᠰᠤᠮᠤ᠂ ᠮᠤᠩᠭᠤᠯ ᠰᠢᠲᠠᠷ᠎ᠠ ᠶᠢᠨ ᠠᠯᠳᠠᠷᠲᠤ ᠲᠠᠮᠢᠷᠴᠢᠨ ᠪᠢᠯᠡ᠃ ᠣᠯᠠᠨ | ᠵᠢᠯ ᠤᠨ ᠲᠤᠷᠰᠢ ᠬᠡᠷᠬᠡᠢ ᠲᠠᠢ ᠪᠠᠨ ᠬᠤᠶᠠᠭᠤᠯᠠ ᠨᠤᠮᠤ ᠰᠤᠮᠤ᠂ ᠲᠦᠩᠬᠦ ᠬᠠᠷᠪᠤᠯᠭ᠎ᠠ ᠶᠢᠨ ᠤᠷᠤᠯᠳᠤᠭᠠᠨ ᠢᠶᠠᠷ | ᠪᠤᠭᠤᠲᠤ᠂ ᠣᠷᠳᠣᠰ᠂ ᠰᠢᠯᠢ ᠶᠢᠨ ᠭᠤᠣᠯ᠂ ᠪᠠᠶᠠᠨᠨᠠᠭᠤᠷ᠂ ᠤᠯᠠᠭᠠᠨᠬᠠᠳᠠ᠂ ᠬᠢᠩᠭᠠᠨ ᠵᠡᠷᠭᠡ ᠠᠶᠢᠮᠠᠭ ᠬᠤᠲᠠ ᠪᠠ | ᠬᠦᠯᠦᠨ ᠪᠤᠶᠢᠷ ᠤᠨ ᠢᠶᠠᠨ ᠬᠠᠶᠢᠯᠠᠷ ᠲᠤᠭᠤᠷᠢᠭ᠂ ᠡᠷᠭᠦᠨ᠎ᠡ ᠬᠤᠲᠠ ᠬᠢᠭᠡᠳ ᠮᠠᠯᠵᠢᠬᠤ ᠳᠦᠷᠪᠡᠨ ᠬᠤᠰᠢᠭᠤ | ᠨᠤᠭᠤᠳ ᠲᠤ ᠬᠦᠷᠴᠦ᠂ ᠤᠷᠤᠯᠳᠤᠭᠠᠨ ᠳᠤ ᠤᠷᠤᠯᠴᠠᠬᠤ ᠪᠦᠷᠢ ᠶᠡᠷᠦ ᠨᠢ ᠡᠮᠦᠨ᠎ᠡ ᠭᠤᠷᠪᠠ ᠳᠤ ᠤᠷᠣᠳᠠᠭ ᠪᠠ | ᠠᠯᠳᠠ᠂ ᠮᠦᠩᠭᠦ᠂ ᠬᠦᠷᠡᠯ ᠮᠧᠲᠡᠯ ᠢ ᠡᠩᠬᠡᠷ ᠲᠦᠬᠦᠷᠡᠩ ᠵᠡᠬᠦᠭᠰᠡᠨ ᠤᠳᠠᠭ᠎ᠠ ᠲᠠᠢ᠃ ᠰᠤᠶᠤᠯᠲᠦ ᠭᠤᠸᠠᠢ | ᠵᠦᠪᠬᠡᠨ ᠨᠤᠮᠤ ᠰᠤᠮᠤᠴᠢᠨ ᠳᠡᠳᠦᠢ ᠪᠢᠰᠢ ᠬᠠᠷᠢᠨ ᠭᠠᠷ ᠤᠷᠠᠯᠠᠯ ᠳᠤ ᠪᠠᠨ ᠭᠠᠶᠢᠬᠠᠮᠠᠷ ᠠᠪᠢᠶᠠᠰᠯᠢᠭ ᠬᠦᠮᠦᠨ ᠪᠢᠯᠡ᠃ | ᠲᠡᠷᠡ ᠲᠠᠪᠤᠨ ᠬᠤᠰᠢᠭᠤ ᠮᠠᠯ᠂ ᠮᠤᠩᠭᠤᠯ ᠭᠡᠷ᠂ ᠮᠤᠩᠭᠤᠯ ᠰᠢᠲᠠᠷ᠎ᠠ᠂ ᠡᠪᠡᠷ ᠨᠤᠮᠤ ᠰᠤᠮᠤ᠂ ᠵᠢᠷᠠᠨ ᠫᠠᠢ᠂ | ᠬᠤᠷᠢᠨ ᠳᠥᠷᠪᠡ᠂ ᠬᠤᠰᠤᠭᠤᠷ᠂ ᠮᠤᠷᠢᠨ ᠲᠤᠯᠤᠭᠠᠢ ᠶᠢᠨ ᠱᠤᠭᠤᠮᠠᠯ ᠁ ᠵᠡᠷᠭᠡ ᠶᠠᠩᠵᠤ ᠶᠠᠩᠵᠤ ᠶᠢᠨ ᠠᠯᠢ | ᠤᠯᠠᠨ ᠰᠡᠶᠢᠯᠦᠮᠡᠯ ᠤᠳ ᠢ ᠨᠢᠮᠪᠠᠢ ᠰᠠᠶᠢᠬᠠᠨ ᠨᠠᠷᠢᠯᠢᠭ ᠬᠢᠴᠡ ᠲᠠᠢ ᠪᠦᠲᠦᠭᠡᠳᠡᠭ ᠤᠯᠠᠨ ᠠᠴᠠ ᠤᠨᠴᠠᠭᠠᠶᠢᠷᠠᠭᠰᠠᠨ | ᠤᠯᠠᠨ ᠪᠦᠲᠦᠭᠡᠯ ᠲᠠᠢ ᠪᠢᠯᠡ᠃ ᠰᠤᠶᠤᠯᠲᠤ ᠭᠤᠸᠠᠢ ᠪᠠᠰᠠ ︽ᠳᠡᠯᠡᠬᠡᠢ ᠨᠡᠶᠢᠲᠡ ᠶᠢᠨ ᠰᠢᠲᠠᠷ᠎ᠠ︾ ᠪᠠ ︽ | ᠳᠤᠮᠳᠠᠳᠤ ᠶᠢᠨ ᠮᠠᠶ᠋ᠢᠭ ᠤᠨ ᠪᠦᠬᠡ︾ ᠶᠢᠨ ᠤᠯᠤᠰ ᠤᠨ ᠬᠤᠶᠠᠳᠤᠭᠠᠷ ᠳᠡᠰ ᠤᠨ ᠬᠢᠨᠠᠭᠴᠢ᠂ ᠲᠡᠷᠡᠴᠢᠯᠡᠨ ︽ | ᠠᠪᠤᠷᠭᠤ ᠰᠢᠳᠠᠷᠠᠴᠢᠨ︾ ᠤ ᠴᠤᠯᠠ ᠶᠢ ᠬᠠᠮᠠᠭᠠᠯᠠᠵᠤ᠂ ᠠᠯᠲᠠᠨ ᠮᠧᠲᠡᠯ ᠢᠶᠠᠷ ᠡᠩᠭᠡᠷ ᠢᠶᠠᠨ ᠮᠢᠯᠢᠶᠠᠯᠭᠠᠭᠰᠠᠨ | ᠭᠢᠯᠪᠠᠭ᠎ᠠ ᠲᠠᠢ᠃ ᠨᠢᠭᠡ ᠯᠡ ᠦᠭᠡ ᠪᠠᠷ ᠬᠡᠯᠡᠪᠡᠯ᠂ ᠬᠠᠰᠤᠩᠭᠤᠸ᠎ᠠ ᠶᠢᠨ ᠨᠦᠬᠦᠷ ᠰᠤᠶᠤᠯᠲᠦ ᠭᠤᠸᠠᠢ ᠶᠢᠨ ᠠᠯᠢ | ᠤᠯᠠᠨ ᠡᠷᠳᠡᠮ ᠴᠢᠳᠠᠪᠦᠷᠢ᠂ ᠠᠪᠢᠶᠠᠰ ᠪᠢᠯᠢᠭ ᠢ ᠡᠷᠬᠢᠮ ᠤᠯᠠᠨ ᠳᠤ ᠪᠠᠨ ᠲᠤᠯᠢᠯᠠᠭᠤᠯᠤᠭᠠᠳ ᠳᠠᠭᠤᠰᠤᠰᠢ ᠦᠭᠡᠢ | ᠁ | ᠬᠠᠰᠤᠩᠭᠤᠸ᠎ᠠ ᠶᠢᠨ ᠭᠡᠷ ᠪᠦᠯᠢ ᠶᠢᠨ ᠬᠢᠨ ᠪᠣᠯ ᠶᠤᠰᠤᠲᠠᠢ ᠨᠢᠭᠡᠨ ᠪᠤᠰᠤᠳ ᠠᠴᠠ ᠤᠷᠤᠶᠢᠯᠠᠭᠰᠠᠨ ᠡᠶ᠎ᠡ | ᠨᠠᠶᠢᠷᠠᠮᠳᠠᠭᠤ ᠶᠢ ᠡᠷᠬᠢᠮᠯᠡᠳᠡᠭ ᠡᠶᠡᠪᠡᠷᠭᠦᠦ ᠳᠤᠯᠠᠭᠠᠨ ᠭᠡᠷ ᠪᠦᠯᠢ᠂ ᠡᠷᠳᠡᠮ ᠰᠤᠶᠤᠯ ᠢ ᠳᠡᠭᠡᠳᠦᠯᠡᠳᠡᠭ ᠤᠶᠤᠲᠠᠨ ᠢᠶᠠᠷ | ᠪᠦᠷᠢᠯᠳᠦᠭᠰᠡᠨ ᠭᠡᠷ ᠪᠦᠯᠢ᠂ ᠡᠷᠬᠢᠯᠡᠭᠰᠡᠨ ᠦᠢᠯᠡᠰ ᠲᠤ ᠪᠠᠨ ᠰᠢᠯᠭᠠᠷᠠᠭᠰᠠᠨ ᠦᠯᠡᠮᠵᠢ ᠪᠦᠲᠦᠭᠡᠯ ᠲᠠᠢ ᠭᠡᠷ ᠪᠦᠯᠢ᠂ | ᠨᠠᠰᠤᠲᠠᠨ ᠢᠶᠠᠨ ᠬᠦᠨᠳᠦᠯᠡᠵᠤ ᠨᠢᠯᠬᠠᠰ ᠢᠶᠠᠨ ᠨᠢᠮᠪᠠᠢ ᠬᠦᠮᠦᠵᠢᠭᠦᠯᠦᠭᠰᠡᠨ ᠨᠠᠨᠳᠢᠨ ᠠᠵᠢᠯᠯᠠᠭ᠎ᠠ ᠲᠠᠢ ᠭᠡᠷ ᠪᠦᠯᠢ᠂ | ᠬᠠᠨᠴᠦᠢ ᠰᠢᠮᠠᠯᠠᠨ ᠠᠵᠢᠯᠯᠠᠳᠠᠭ ᠬᠠᠳᠠᠨ ᠵᠣᠷᠢᠭ ᠲᠠᠢ ᠭᠡᠷ ᠪᠦᠯᠢ᠂ ᠠᠷᠠᠳ ᠤᠠᠯᠨ ᠤ ᠪᠠᠨ ᠬᠠᠶᠢᠷ᠎ᠠ ᠬᠦᠷᠢᠶᠡᠯᠡᠯ ᠢ | ᠬᠦᠷᠲᠡᠭᠰᠡᠨ ᠬᠦᠨᠳᠦᠲᠡᠢ ᠰᠠᠶᠢᠬᠠᠨ ᠭᠡᠷ ᠪᠦᠯᠢ᠂ ᠡᠩ ᠦᠭᠡᠢ ᠤᠯᠠᠨ ᠮᠧᠲᠡᠯ ᠭᠢᠯᠪᠠᠭ᠎ᠠ ᠶᠢ ᠡᠩᠭᠡᠷ᠂ ᠬᠠᠨ᠎ᠠ ᠪᠠᠷ | ᠳᠦᠭᠦᠷᠡᠩ ᠭᠢᠯᠠᠯᠵᠠᠭᠤᠯᠤᠭᠰᠠᠨ ᠬᠢᠯᠪᠠᠭᠠᠲᠦ ᠭᠡᠷ ᠪᠦᠯᠢ᠂ ᠤᠷᠭᠢᠯ ᠳᠤ ᠭᠠᠷᠬᠤ ᠤᠮᠤᠭ ᠵᠣᠷᠢᠭ ᠢᠶᠠᠷ | ᠤᠷᠤᠭᠰᠢ ᠪᠠᠨ ᠲᠡᠮᠡᠦᠯᠦᠭᠰᠡᠨ ᠰᠤᠳᠤᠨ ᠭᠡᠷ ᠪᠦᠯᠢ ᠮᠦᠨ ᠡ᠃ | ᠬᠠᠨᠳᠢᠪ ᠵᠢᠳᠬᠦᠯ | ᠡᠩᠬᠡ ᠶᠢᠨ ᠡᠯᠴᠢ ᠬᠠᠰᠤᠩᠭᠤᠸ᠎ᠠ᠂ ᠬᠤᠰᠢᠭᠤᠨ ᠤ ᠪᠠᠨ ᠮᠤᠩᠭᠤᠯ ᠡᠮᠨᠡᠯᠭᠡ ᠶᠢᠨ ᠬᠤᠷᠢᠶᠠᠨ ᠳᠤ 40 | ᠭᠠᠷᠤᠢ ᠵᠢᠯ ᠠᠵᠢᠯᠯᠠᠭᠰᠠᠨ ᠠᠴᠠ ᠨᠠᠭᠠᠰᠢ ᠠᠵᠢᠯ ᠳᠤ ᠪᠠᠨ ᠭᠦᠨᠵᠡᠭᠡᠢ ᠰᠢᠮᠳᠡᠨ ᠬᠦᠴᠦᠲᠡᠢ ᠵᠢᠳᠭᠦᠨ᠂ ᠡᠮᠴᠢ ᠶᠢᠨ | ᠡᠷᠳᠡᠮ ᠮᠡᠳᠡᠯᠭᠡ ᠪᠠᠨ ᠳᠡᠭᠡᠭᠰᠢᠯᠡᠭᠦᠯᠦᠭᠰᠡᠭᠡᠷ ᠪᠠᠶᠢᠵᠤ ᠤᠷᠢᠳ ᠬᠤᠵᠢᠳ ᠬᠡᠳᠦ ᠬᠡᠳᠦᠨ ᠴᠢᠨᠠᠷᠵᠢᠭᠤᠨ ᠦᠭᠦᠯᠡᠯ ᠢ | ᠪᠢᠴᠢᠵᠤ ᠰᠣᠨᠢᠨ ᠰᠡᠳᠭᠦᠯ ᠳᠤ ᠨᠡᠶᠢᠲᠡᠯᠡᠭᠦᠯᠵᠡᠢ᠃ ᠲᠡᠭᠦᠨ ᠤ ᠪᠢᠴᠢᠭᠰᠡᠨ ︽ᠠᠯᠲᠠᠨ ᠦᠷᠢᠯ ᠢᠶᠠᠷ ᠠᠭᠤᠰᠬᠢᠨ | ᠦᠮᠠᠨ ᠡᠪᠡᠳᠴᠢᠨ ᠢ ᠡᠮᠨᠡᠩᠰᠡᠨ ᠦᠢᠯᠠᠭᠠᠯᠲᠠ︾ ᠬᠡᠮᠡᠬᠦ ᠦᠭᠦᠯᠡᠯ ᠨᠢ 2003 ᠣᠨ ᠳᠤ ᠪᠦᠬᠦ ᠤᠷᠤᠨ ᠤ | ᠮᠤᠩᠭᠤᠯ ᠡᠮ ᠡᠮᠨᠡᠯᠭᠡ ᠶᠢᠨ ᠡᠷᠳᠡᠮ ᠰᠢᠨᠵᠢᠯᠡᠭᠡᠨ ᠤ ᠬᠤᠷᠠᠯ ᠤᠨ ᠲᠤᠰᠬᠠᠢ ᠦᠭᠦᠯᠡᠯ ᠢᠶᠠᠷ ᠲᠡᠪᠰᠢᠭᠦᠯᠦᠭᠳᠡᠵᠦ᠂ ︽ | ᠮᠤᠩᠭᠤᠯ ᠡᠮ ᠡᠮᠨᠡᠯᠭᠡ︾ ᠰᠡᠳᠭᠦᠯ ᠳᠤ ᠨᠡᠶᠢᠲᠡᠯᠡᠭᠳᠡᠭᠡᠳ᠂ ᠤᠯᠤᠰ ᠤᠷᠤᠨ ᠤ ᠳᠡᠰ ᠤᠨ ᠥᠭᠦᠯᠡᠯ ᠤᠨ ᠱᠠᠩᠨᠠᠯ ᠢ | ᠬᠦᠷᠲᠡᠪᠡ᠃ ︽ᠴᠢᠰᠦᠨ ᠳᠠᠷᠤᠯᠲᠠ ᠦᠨᠳᠦᠷ ᠡᠪᠡᠳᠴᠢᠨ ᠢ ᠠᠭᠠᠷᠤ — 13 ᠪᠠᠷ ᠭᠤᠣᠯᠳᠠᠵᠤ ᠡᠮᠴᠢᠯᠡᠭᠰᠡᠨ | ᠦᠢᠯᠠᠭᠠᠯᠲᠠ︾ ᠬᠡᠮᠡᠬᠦ ᠥᠭᠦᠯᠡᠯ ᠨᠢ 2004 ᠣᠨ ᠳᠤ ᠤᠯᠤᠰ ᠤᠷᠤᠨ ᠤ ᠮᠤᠩᠭᠤᠯ ᠡᠮ ᠡᠮᠨᠡᠯᠭᠡ ᠶᠢᠨ ᠡᠷᠳᠡᠮ | ᠰᠢᠨᠵᠢᠯᠡᠭᠡᠨ ᠤ ᠬᠤᠷᠠᠯ ᠤᠨ ᠥᠭᠦᠯᠡᠯ ᠤᠨ ᠡᠮᠬᠢᠳᠭᠡᠯ ᠳᠤ ᠤᠷᠤᠵᠤ᠂ 2005 ᠣᠨ ᠳᠤ ︽ᠮᠤᠩᠭᠤᠯ ᠡᠮ ᠡᠮᠨᠡᠯᠭᠡ | ︾ ᠰᠡᠳᠭᠦᠯ ᠳᠤ ᠨᠡᠶᠢᠲᠡᠯᠡᠭᠳᠡᠵᠡᠢ᠃ ︽ᠨᠢᠭᠤᠷ ᠤᠨ ᠰᠠ ᠡᠪᠡᠳᠴᠢᠨ ᠢ ᠡᠮᠴᠢᠯᠡᠭᠰᠡᠨ ᠦᠢᠯᠡᠭᠠᠯᠲᠠ︾ ᠬᠡᠮᠡᠬᠦ | ᠥᠭᠦᠯᠡᠯ ᠨᠢ 2009 ᠣᠨ ᠳᠤ ︽ᠳᠤᠮᠳᠠᠳᠤ ᠤᠯᠤᠰ ᠤᠨ ᠮᠤᠩᠭᠤᠯ ᠡᠮ ᠡᠮᠨᠡᠯᠭᠡ︾ ᠰᠡᠳᠭᠦᠯ ᠤᠨ | ᠨᠡᠶᠢᠲᠡᠯᠡᠭᠳᠡᠵᠡᠢ᠃ ︽ᠬᠠᠮᠠᠷ ᠠᠴᠠ ᠦᠷᠭᠦᠯᠵᠢ ᠴᠢᠰᠤ ᠭᠠᠷᠬᠤ ᠨᠢ ᠠᠮᠢ ᠨᠠᠰᠤᠨ ᠳᠤ ᠠᠶᠤᠯ ᠲᠠᠢ︾ ᠬᠡᠮᠡᠬᠦ | ᠥᠭᠦᠯᠡᠯ ᠨᠢ ︽ᠮᠤᠩᠭᠤᠯ ᠡᠮ ᠡᠮᠨᠡᠯᠭᠡ︾ ᠰᠡᠳᠭᠦᠯ ᠳᠤ ᠨᠡᠶᠢᠲᠡᠯᠡᠭᠳᠡᠭᠰᠡᠨ ᠪᠠᠶᠢᠯ᠎ᠠ᠃ ᠳᠡᠭᠡᠷᠡᠬᠢ ᠡᠷᠳᠡᠮ | ᠰᠢᠨᠵᠢᠯᠡᠬᠡᠨ ᠤ ᠰᠤᠳᠤᠯᠭᠠᠨ ᠤ ᠦᠬᠦᠯᠡᠯ ᠤᠳ ᠨᠢ ᠬᠤᠵᠢᠮ ᠤᠨ ᠮᠤᠩᠭᠤᠯ ᠡᠮ ᠡᠮᠨᠡᠯᠭᠡ ᠶᠢᠨ ᠰᠤᠳᠤᠯᠤᠯ ᠤᠨ | ᠦᠢᠯᠡᠰ ᠲᠤ ᠦᠴᠦᠬᠡᠨ ᠴᠦ ᠬᠡᠰᠡᠨ ᠰᠤᠳᠤᠯᠭᠠᠨ ᠤ ᠰᠦᠪᠡᠭᠴᠢ ᠪᠤᠯᠤᠨ᠎ᠠ ᠬᠡᠳᠡᠭ ᠲᠤ ᠢᠳᠡᠭᠡᠯᠲᠡᠢ ᠪᠠᠶᠢᠨ᠎ᠠ᠃ | ᠬᠠᠰᠤᠩᠭᠤᠸ᠎ᠠ ᠡᠮ ᠡᠮᠨᠡᠯᠭᠡ ᠡᠷᠳᠡᠮ ᠰᠢᠨᠵᠢᠯᠡᠭᠡᠨ ᠤ ᠥᠭᠦᠯᠡᠯ ᠶᠠᠷᠢᠶ᠎ᠠ ᠪᠠᠷ ᠢᠶᠠᠨ ᠪᠦᠬᠦ ᠤᠷᠤᠨ ᠤ ᠠᠷᠪᠠᠨ ᠬᠡᠳᠦᠨ | ᠠᠶᠢᠮᠠᠭ ᠬᠤᠲᠠ ᠪᠠᠷ ᠶᠠᠪᠤᠵᠤ᠂ ᠦᠨ᠎ᠡ ᠦᠷᠳᠡᠭ ᠲᠠᠢ ᠰᠠᠨᠠᠯ ᠳᠤᠷᠠᠳᠤᠯᠭ᠎ᠠ ᠪᠠᠨ ᠳᠡᠪᠰᠢᠭᠦᠯᠵᠦ᠂ ᠦᠷᠭᠡᠨ | ᠲᠦᠮᠡᠨ ᠤ ᠦᠨᠳᠦᠷ ᠦᠨᠡᠯᠡᠯᠲᠡ ᠪᠤᠯᠤᠨ ᠬᠠᠯᠠᠭᠤᠨ ᠬᠦᠷᠢᠶᠡᠯᠡᠯ ᠢ ᠬᠦᠷᠳᠡᠵᠦ᠂ ᠮᠤᠩᠭᠤᠯ ᠡᠮ ᠡᠮᠨᠡᠯᠭᠡ ᠶᠢᠨ ᠡᠷᠳᠡᠮ | ᠮᠡᠳᠡᠯᠭᠡ᠂ ᠠᠪᠢᠶᠠᠰ ᠪᠢᠯᠢᠭ ᠢᠶᠠᠨ ᠨᠡᠩ ᠦᠨᠳᠦᠷ ᠲᠦᠪᠰᠢᠨ ᠳᠤ ᠬᠦᠷᠭᠡᠵᠡᠢ᠃ | ᠬᠠᠰᠤᠩᠭᠤᠸ᠎ᠠ ᠡᠮᠴᠢ ᠮᠠᠨᠢ ᠬᠠᠭᠠᠰ ᠵᠠᠭᠤᠨ ᠤ ᠲᠤᠷᠰᠢ ᠪᠦᠬᠦ ᠰᠡᠳᠬᠢᠯ ᠰᠠᠨᠠᠭ᠎ᠠ᠂ ᠪᠦᠬᠦ ᠬᠦᠴᠦᠨ ᠴᠢᠳᠠᠯ᠂ | ᠪᠦᠬᠦ ᠡᠷᠳᠡᠮ ᠰᠤᠶᠤᠯ᠂ ᠪᠦᠬᠦ ᠬᠦᠰᠡᠯ ᠮᠦᠷᠦᠭᠡᠳᠦᠯ ᠢᠶᠠᠨ ᠡᠷᠡᠬᠦᠯ ᠡᠩᠬᠡ ᠶᠢᠨ ᠲᠦᠯᠦᠭᠡ ᠵᠠᠭᠤᠨ ᠬᠤᠪᠢ ᠪᠠᠷ | ᠪᠠᠳᠤᠳᠠᠢ ᠪᠡᠶᠡᠯᠡᠬᠦᠯᠵᠡᠢ᠃ ᠲᠡᠷᠡ ᠪᠠᠷ᠂ ᠨᠤᠳᠤᠭ ᠤᠨ ᠪᠤᠶᠠᠨ᠂ ᠬᠦᠳᠡᠯᠮᠦᠷᠢ ᠶᠢᠨ ᠪᠤᠶᠠᠨ᠂ ᠳᠡᠭᠡᠳᠦᠰ ᠤᠨ ᠪᠤᠶᠠᠨ᠂ | ᠤᠬᠠᠭᠠᠨ ᠤ ᠪᠤᠶᠠᠨ ᠢᠶᠠᠷ ᠢᠶᠠᠨ ᠨᠠᠨᠳᠢᠨ ᠬᠢᠯᠪᠠᠭ᠎ᠠ ᠨᠠᠷᠮᠠᠢ ᠠᠯᠳᠠᠷ ᠢᠶᠠᠨ ᠮᠠᠨᠳᠤᠭᠤᠯᠤᠭᠰᠠᠭᠠᠷ ᠪᠠᠶᠢᠵᠦ᠂ ᠨᠠᠰᠤᠨ ᠤ | ᠨᠠᠮᠤᠷ ᠢᠶᠠᠨ ᠵᠢᠪᠬᠤᠭ᠎ᠠ ᠲᠠᠢ ᠤᠭᠳᠤᠵᠠᠢ᠃ ᠠᠵᠢᠯ ᠠᠴᠠ ᠪᠠᠨ ᠲᠠᠷᠬᠠᠯᠭᠳᠠᠭᠰᠠᠨ ᠤ ᠳᠠᠷᠠᠭ᠎ᠠ 8 ᠵᠢᠯ ᠳᠠᠷᠠᠭᠠᠯᠠᠨ᠂ | ᠤᠤᠯ ᠤᠨ ᠠᠵᠢᠯᠯᠠᠵᠤ ᠪᠠᠶᠢᠭᠰᠠᠨ ᠬᠤᠰᠢᠭᠤᠨ ᠤ ᠮᠤᠩᠭᠤᠯ ᠡᠮᠨᠡᠯᠭᠡ ᠶᠢᠨ ᠬᠤᠷᠢᠶᠠᠨ ᠳᠤ ᠪᠠᠨ ᠤᠷᠢᠭᠳᠠᠨ | ᠠᠵᠢᠯᠯᠠᠵᠤ᠂ ᠨᠠᠰᠤ ᠨᠢᠭᠡᠨᠳᠡ ᠠᠬᠢᠭᠰᠠᠨ ᠪᠤᠯᠪᠠᠴᠦ ᠮᠦᠨ ᠯᠡ ᠬᠠᠯᠠᠭᠤᠨ ᠰᠡᠳᠬᠢᠯ ᠬᠠᠨᠳᠢᠪᠯᠠᠬᠤ ᠵᠤᠷᠢᠭ ᠢᠶᠠᠷ | ᠠᠵᠢᠯ ᠳᠤ ᠪᠠᠨ ᠬᠠᠨᠳᠦᠪᠠ᠃ ᠡᠪᠡᠳᠴᠢᠳᠡᠨ ᠪᠦᠬᠦᠨ ᠢ ᠬᠠᠯᠠᠮᠵᠢᠯᠠᠨ ᠬᠠᠷᠠᠭᠠᠯᠵᠠᠵᠤ᠂ ᠡᠪᠡᠳᠴᠢᠨ ᠲᠠᠬᠤᠯ ᠲᠠᠢ | ᠬᠦᠮᠦᠰ ᠤᠨ ᠭᠡᠷ ᠲᠤ ᠨᠢ ᠤᠴᠢᠵᠤ ᠡᠮᠨᠡᠬᠦ᠂ ᠡᠮ ᠲᠠᠩ ᠬᠦᠷᠭᠡᠬᠦ᠂ ᠲᠠᠷᠢᠯᠭ᠎ᠠ ᠬᠢᠵᠦ ᠥᠭᠬᠦ᠂ ᠠᠯᠤᠰ ᠬᠦᠳᠡᠭᠡ | ᠠᠴᠠ ᠡᠪᠡᠳᠴᠢᠲᠡᠨ ᠢᠷᠡᠪᠡᠯ ᠳᠠᠷᠤᠢ ᠲᠦᠷᠭᠡᠨ ᠡᠮᠴᠢᠯᠡᠵᠤ ᠥᠭᠬᠦ ᠁ ᠵᠡᠷᠭᠡ ᠪᠠᠷ ᠠᠯᠢ ᠤᠯᠠᠨ | ᠦᠢᠯᠡᠴᠢᠯᠡᠭᠡ ᠶᠢ ᠬᠠᠩᠭᠠᠨ ᠢᠯᠡᠷᠢ ᠪᠤᠯᠭᠠᠭᠰᠠᠨ ᠪᠢᠯᠡ᠃ ᠨᠢᠭᠡ ᠤᠳᠠᠭ᠎ᠠ ᠨᠢᠳᠦᠨ ᠬᠠᠷᠠᠭ᠎ᠠ ᠨᠢ ᠨᠢᠭᠡᠮᠦᠰᠦᠨ | ᠮᠠᠭᠤᠲᠠᠭᠰᠠᠨ ᠨᠠᠰᠤᠲᠠᠢ ᠡᠵᠢ ᠡᠷᠢᠬᠦ ᠪᠠᠷ ᠢᠷᠡᠭᠰᠡᠨ ᠳᠤ ᠠᠷᠭ᠎ᠠ ᠪᠦᠬᠦᠨ ᠢ ᠰᠦᠪᠡᠭᠴᠢᠯᠡᠨ᠂ ᠡᠮ ᠲᠠᠩ | ᠤᠤᠭᠤᠯᠭᠠᠬᠤ ᠪᠤᠶᠤ ᠤᠯᠠᠨ ᠡᠮᠴᠢᠯᠡᠭᠡ ᠪᠠᠷ ᠤᠷᠤᠯᠳᠤᠨ ᠵᠠᠰᠠᠭᠠᠳ᠂ ᠬᠠᠮᠤᠭ ᠰᠡᠭᠦᠯ ᠳᠤ ᠪᠠᠨ ᠬᠠᠰᠢ ᠯᠡ ᠬᠠᠷᠠᠭ᠎ᠠ | ᠤᠷᠤᠭᠤᠯᠵᠦ ᠴᠢᠳᠠᠵᠠᠢ᠃ ᠲᠡᠷᠡ ᠡᠵᠢ ᠠᠭᠤᠳᠠᠮ ᠳᠡᠯᠡᠬᠡᠢ ᠶᠢ ᠳᠠᠬᠢᠨᠲᠠ ᠣᠯᠵᠣ ᠬᠠᠷᠠᠭᠰᠠᠨ ᠳᠤ ᠪᠠᠨ ᠴᠢᠩ | ᠰᠡᠳᠭᠢᠯ ᠠᠴᠠ ᠪᠠᠨ ᠪᠠᠶᠠᠷᠯᠠᠵᠠᠢ᠃ ᠳᠡᠭᠡᠭᠡᠳ ᠤᠳᠠᠴᠢ ᠬᠠᠰᠤᠩᠭᠤᠸ᠎ᠠ ᠶᠢᠨ ᠤᠷ᠎ᠠ ᠮᠡᠷᠭᠡᠵᠢᠯ ᠢ ᠣᠯᠠᠨ ᠳᠠᠶᠠᠭᠠᠷ ᠲᠤ | ᠨᠡᠩ ᠴᠤᠤᠷᠢᠶᠠᠲᠤᠭᠤᠯᠵᠠᠢ᠃ ᠪᠠᠰᠠ ᠨᠢᠭᠡᠨ ᠤᠳᠠᠭ᠎ᠠ ᠮᠤᠬᠤᠷ ᠤᠯᠤᠭᠠᠢ ᠶᠢᠨ ᠦᠷᠪᠢᠰᠦᠯ ᠲᠠᠢ ᠬᠦᠨᠳᠦ | ᠡᠪᠡᠳᠴᠢᠲᠡᠨ ᠡᠷᠢᠵᠤ ᠢᠷᠡᠭᠰᠡᠨ ᠳᠤ᠂ ᠪᠠᠰᠠ ᠯᠡ ᠶᠠᠩᠵᠤ ᠶᠠᠩᠵᠤ ᠶᠢᠨ ᠠᠷᠭ᠎ᠠ ᠬᠡᠮᠵᠢᠶ᠎ᠡ ᠠᠪᠴᠦ ᠢᠯᠡᠷᠢ ᠰᠠᠶᠢᠨ | ᠪᠣᠯᠭᠠᠭᠠᠳ ᠶᠠᠪᠤᠭᠤᠯᠵᠠᠢ᠃ ᠡᠨᠡ ᠮᠡᠳᠦ ᠪᠠᠷ ᠴᠢᠰᠤᠨ ᠳᠠᠷᠤᠯᠲᠠ ᠨᠢ ᠮᠠᠰᠢ ᠦᠨᠳᠦᠷ ᠡᠪᠡᠳᠴᠢᠲᠡᠨ ᠢ ᠡᠮᠴᠢᠯᠡᠨ | ᠵᠠᠰᠠᠭᠠᠳ ᠢᠯᠡᠷᠢ ᠪᠤᠯᠭᠠᠭᠰᠠᠨ᠂ ᠬᠦᠯ ᠨᠢᠷᠦᠭᠤ ᠶᠢᠨ ᠬᠦᠨᠳᠦ ᠡᠪᠡᠳᠴᠢᠳᠡᠨ ᠢ ᠦᠪᠡᠷ ᠤᠨ ᠬᠡᠷ ᠲᠤ ᠪᠠᠨ | ᠠᠪᠴᠦ ᠰᠠᠭᠤᠯᠭᠠᠵᠦ ᠪᠠᠶᠢᠭᠠᠳ ᠡᠮᠨᠡᠨ ᠵᠠᠰᠠᠭᠠᠳ ᠢᠯᠡᠷᠢ ᠰᠠᠶᠢᠨ ᠪᠤᠯᠭᠠᠭᠰᠠᠨ ᠮᠡᠲᠦ ᠶᠢᠨ ᠵᠢᠱᠢᠶ᠎ᠡ ᠮᠣᠩ ᠦᠭᠡᠢ | ᠤᠯᠠᠨ ᠁ ᠵᠥᠭ ᠪᠦᠷᠢ ᠠᠴᠠ ᠢᠷᠡᠭᠰᠡᠨ ᠵᠦᠢᠯ ᠵᠦᠢᠯ ᠤᠨ ᠡᠪᠡᠳᠴᠢᠲᠡᠨ᠂ ᠵᠦᠭᠡᠷ ᠰᠠᠶᠢᠨ | ᠪᠣᠯᠵᠠᠭᠠᠭᠰᠠᠨ ᠤ ᠪᠠᠨ ᠳᠠᠷᠠᠭ᠎ᠠ᠂ ᠡᠷᠡᠬᠡᠢ ᠬᠤᠷᠤᠭᠤ ᠪᠠᠨ ᠭᠤᠵᠤᠶᠢᠯᠭᠠᠨ ᠪᠠᠶᠢᠵᠤ᠂ ᠠᠮᠠ ᠠᠮᠠ ᠠᠴᠠ ᠪᠠᠨ ᠮᠠᠭᠲᠠᠨ | ᠶᠠᠷᠢᠵᠠᠭᠠᠨ᠂ ᠠᠮᠵᠢᠯᠲᠠ ᠪᠦᠲᠦᠮᠵᠢ ᠶᠢ ᠨᠢ ᠦᠨᠳᠦᠷ ᠠᠴᠠ ᠦᠨᠳᠦᠷ ᠦᠨᠡᠯᠡᠭᠰᠡᠭᠡᠷ ᠡ᠃ | ᠡᠩᠬᠡ ᠶᠢᠨ ᠡᠯᠴᠢ — ᠬᠠᠰᠤᠩᠭᠤᠸ᠎ᠠ᠂ ᠨᠠᠮ ᠠᠷᠠᠳ ᠲᠦᠮᠡᠨ ᠤ ᠪᠠᠨ ᠡᠷᠡᠬᠦᠯ ᠬᠠᠮᠠᠭᠠᠯᠠᠯ ᠤᠨ ᠦᠢᠯᠡᠰ | ᠤᠨ ᠲᠦᠯᠦᠭᠡ ᠵᠠᠵᠢᠨ ᠦᠰᠦ ᠨᠢ ᠴᠠᠶᠢᠳᠠᠯ᠎ᠠ ᠪᠠᠨ ᠲᠡᠮᠡᠴᠡᠬᠡᠳ᠂ ᠪᠦᠬᠦᠯᠢ ᠲᠠᠪᠢᠨ ᠵᠢᠯ ᠤᠨ ᠲᠤᠷᠰᠢ᠂ ᠡᠷᠬᠢᠯᠡᠭᠰᠡᠨ | ᠠᠵᠢᠯ ᠤᠨ ᠢᠶᠠᠨ ᠮᠡᠷᠭᠡᠵᠢᠯ ᠢᠶᠠᠷ᠂ ᠡᠮ ᠡᠮᠨᠡᠯᠭᠡ ᠶᠢᠨ ᠠᠵᠢᠯ ᠢᠶᠠᠨ ᠡᠨᠡᠷᠢᠩᠬᠦᠢ ᠳᠤᠯᠠᠭᠠᠨ ᠴᠢᠷᠠᠢ ᠪᠠᠷ᠂ ᠡᠶᠡᠯᠳᠡᠭ | ᠵᠦᠭᠡᠯᠡᠨ ᠬᠠᠷᠠᠴᠠ ᠪᠠᠷ᠂ ᠡᠯᠢᠭᠡ ᠵᠢᠷᠦᠬᠡᠨ ᠤ ᠪᠠᠨ ᠬᠦᠴᠦᠨ ᠢᠶᠠᠷ᠂ ᠡᠷᠴᠢ ᠵᠣᠷᠢᠭ ᠢᠶᠠᠨ ᠲᠡᠭᠦᠰ ᠪᠠᠳᠠᠷᠠᠭᠤᠯᠤᠨ᠂ | ᠢᠯᠠᠭᠤᠭᠰᠠᠨ ᠳᠠᠭᠤᠯᠠᠯ ᠢᠶᠠᠨ ᠭᠢᠯᠪᠠᠭ᠎ᠠ ᠲᠠᠢ ᠪᠢᠴᠢᠭᠯᠡᠵᠡᠢ᠃《 ᠬᠦᠮᠦᠨ ᠨᠤᠳᠤᠭ ᠬᠡᠭᠴᠢ ᠬᠦᠢᠰᠦ ᠨᠢᠭᠡᠳᠡᠢ᠂ | ᠠᠭᠠᠷ ᠨᠢ ᠡᠮ᠂ ᠤᠰᠤ ᠨᠢ ᠰᠦ 》ᠭᠡᠳᠡᠭᠴᠢᠯᠡᠨ ᠡᠨᠡ ᠬᠦ ᠪᠠᠷᠭᠤ ᠶᠢᠨ ᠰᠠᠷᠠᠭᠤᠯ ᠨᠤᠳᠤᠭ ᠲᠤ ᠪᠠᠨ ᠡᠩᠬᠡ ᠶᠢᠨ | ᠡᠯᠴᠢ ᠪᠤᠯᠤᠭᠰᠠᠨ ᠬᠠᠰᠤᠩᠭᠤᠸ᠎ᠠ ᠡᠮᠴᠢ ᠮᠠᠨᠢ ᠦᠯᠡᠮᠵᠢ ᠶᠡᠭᠡ ᠬᠦᠴᠦᠨ ᠵᠢᠳᠬᠦᠯ ᠢᠶᠠᠨ ᠦᠯᠡᠳᠡᠭᠡᠯ ᠦᠭᠡᠢ | ᠡᠷᠬᠦᠵᠡᠢ᠃ | ᠣᠳᠣ ᠴᠦ ᠭᠡᠰᠡᠨ ᠬᠠᠰᠤᠩᠭᠤᠸ᠎ᠠ ᠡᠮᠴᠢ ᠮᠠᠨᠢ᠂ ᠡᠮᠴᠢ ᠶᠢᠨ ᠠᠵᠢᠯ ᠢᠶᠠᠨ ᠶᠠᠭᠤᠨ ᠠᠴᠠ ᠴᠦ ᠢᠯᠡᠭᠦᠦ | ᠳᠡᠭᠡᠳᠦᠯᠡᠨ ᠪᠠᠶᠢᠵᠤ᠂ ᠳᠠᠯ᠎ᠠ ᠶᠢᠨ ᠳᠠᠪᠠᠭ᠎ᠠ ᠶᠢ ᠰᠠᠷᠠᠪᠴᠢᠯᠠᠨ ᠬᠠᠷᠠᠭᠠᠳ᠂ ᠬᠦᠰᠡᠯ ᠲᠡᠮᠦᠯᠡᠯ ᠢᠶᠠᠨ ᠬᠦᠴᠦ ᠲᠠᠢ | ᠪᠠᠬ᠎ᠠ ᠲᠠᠢ ᠬᠦᠬᠡᠬᠡᠴᠡᠯᠳᠦᠨ ᠶᠠᠪᠤᠨ᠎ᠠ᠃ ᠳᠤᠮᠳᠠᠳᠤ ᠤᠯᠤᠰ ᠤᠨ ᠡᠪ ᠬᠠᠮᠲᠤ ᠨᠠᠮ ᠪᠠᠶᠢᠭᠤᠯᠤᠭᠳᠠᠭᠰᠠᠨ 100 | ᠵᠢᠯ ᠤᠨ ᠳᠤᠷᠠᠰᠬᠠᠯᠲᠤ ᠴᠠᠭ ᠮᠦᠴᠡ ᠳᠤ᠂ ᠨᠠᠮ ᠤᠨ ᠭᠡᠰᠢᠭᠦᠨ ᠤ ᠬᠤᠰᠢᠭᠤᠴᠢ ᠦᠢᠯᠡᠳᠦᠯ ᠢᠶᠠᠨ ᠪᠠᠳᠠᠷᠠᠭᠤᠯᠤᠨ᠂ | ᠦᠪᠡᠷ ᠤᠨ ᠭᠡᠰᠡᠨ ᠥᠩᠭᠡ ᠭᠡᠷᠡᠯ ᠦᠢᠯᠡᠰ ᠤᠨ ᠭᠢᠯᠪᠠᠭ᠎ᠠ ᠪᠠᠨ ᠥᠷᠥ ᠵᠢᠷᠦᠬᠡᠨ ᠠᠴᠠ ᠪᠠᠨ ᠡᠷᠭᠦᠨ ᠪᠠᠷᠢᠵᠤ | ᠪᠠᠶᠢᠨᠠᠮ᠃ ᠲᠡᠭᠦᠨ ᠤ ︽ᠪᠠᠷᠭᠤ ᠶᠢᠨ ᠰᠣᠳᠣᠨ ᠦᠷᠡᠰ︾ ᠬᠡᠬᠦ ᠨᠤᠮ ᠪᠣᠯᠣᠨ ᠡᠩᠬᠡ ᠶᠢᠨ ᠡᠯᠴᠢ ᠶᠢᠨ ᠶᠡᠭᠡ | ᠪᠦᠲᠦᠭᠡᠯ ᠡᠷᠬᠢᠮ ᠠᠵᠢᠯᠯᠠᠭ᠎ᠠ ᠠᠴᠠ ᠨᠢ ᠮᠠᠨ ᠤ ᠵᠠᠯᠠᠭᠤ ᠨᠢᠭᠡ ᠦᠶ᠎ᠡ ᠶᠢᠨ ᠬᠢᠨ ᠤᠭ ᠴᠢᠨᠠᠷ ᠢᠶᠠᠨ ᠮᠠᠷᠲᠠᠯ ᠦᠭᠡᠢ᠂ | ᠣᠮᠤᠭ ᠡᠷᠴᠢ ᠪᠠᠨ ᠴᠢᠩᠭᠠᠯᠠᠵᠤ᠂ ᠡᠷᠬᠢᠯᠡᠭᠰᠡᠨ ᠠᠵᠢᠯ ᠦᠢᠯᠡᠰ ᠢᠶᠠᠨ ᠡᠷᠴᠢᠮ ᠲᠠᠢ ᠪᠡᠶᠡᠯᠡᠭᠦᠯᠵᠦ᠂ ᠵᠢᠳᠬᠦᠯ | ᠤᠷᠤᠯᠳᠤᠯᠭ᠎ᠠ ᠪᠠᠨ ᠬᠦᠪᠴᠢᠯᠡᠬᠦ ᠶᠢ ᠠᠳᠡ ᠬᠦᠰᠡᠨ ᠨᠠᠶᠢᠳᠠᠵᠤ ᠪᠠᠶᠢᠨᠠᠮ᠃ ᠡᠮᠴᠢ ᠬᠠᠰᠤᠩᠭᠤᠸ᠎ᠠ ᠶᠢᠨ ᠶᠠᠭᠤ | ᠰᠠᠨᠠᠭᠰᠠᠨ ᠶᠢᠰᠦᠨ ᠬᠦᠰᠡᠯ ᠨᠢ ᠪᠡᠶᠡᠯᠡᠬᠦ ᠪᠤᠯᠲᠤᠭᠠᠢ ᠬᠡᠮᠡᠨ ᠵᠦᠩᠨᠡᠶ᠎ᠡ᠃ | | ᠵᠤᠬᠢᠶᠠᠭᠴᠢ ᠶᠢᠨ ᠬᠠᠶ᠋ᠢᠭ᠄ ᠬᠦᠬᠡᠬᠤᠲᠠ ᠶᠢᠨ ᠭᠤᠴᠢᠳᠤᠭᠠᠷ ᠳᠤᠮᠳᠠᠳᠦ ᠰᠤᠷᠭᠠᠭᠤᠯᠢ ︵ᠦᠪᠦᠷ | ᠮᠤᠩᠭᠤᠯ ᠤᠨ ᠪᠠᠭᠰᠢ ᠶᠢᠨ ᠶᠡᠭᠡ ᠰᠤᠷᠭᠠᠭᠤᠯᠢ ᠶᠢᠨ ᠬᠠᠷᠢᠶᠠᠲᠤ ᠬᠤᠶᠠᠳᠤᠭᠠᠷ ᠰᠤᠷᠭᠠᠭᠤᠯᠢ︶ | |