5 ᠳ᠋ᠤᠭᠠᠷ ᠰᠠᠷ᠎ᠠ ᠶᠢᠨ 27 ᠤ ᠡᠳᠦᠷ᠂ ᠦᠪᠤᠷ ᠮᠤᠩᠭᠤᠯ ᠤᠨ ᠥᠪᠡᠷᠲᠡᠭᠡᠨ ᠵᠠᠰᠠᠬᠤ ᠣᠷᠣᠨ ᠤ ᠵᠠᠰᠠᠭ ᠤᠨ | ᠤᠷᠳᠤᠨ ᠤ ᠰᠣᠨᠢᠨ ᠮᠡᠳᠡᠭᠡᠨ ᠤ ᠠᠯᠪᠠᠨ ᠭᠡᠷ ᠥᠪᠡᠷᠲᠡᠭᠡᠨ ᠵᠠᠰᠠᠬᠤ ᠣᠷᠣᠨ ᠤ ᠪᠠᠷᠠᠭᠠᠨ ᠤ ᠭᠦᠢᠯᠭᠡᠭᠡ ᠶᠢ ᠰᠠᠭᠠᠳ | ᠦᠭᠡᠢ ᠨᠡᠪᠲᠡᠷᠡᠭᠦᠯᠬᠦ ᠶᠢ ᠪᠠᠲᠤᠯᠠᠵᠤ ᠠᠵᠤ ᠦᠢᠯᠡᠰ ᠤᠨ ᠬᠡᠯᠬᠢᠶ᠎ᠡ ᠶᠢᠨ ᠬᠠᠨᠭ᠍ᠭᠠᠯᠭ᠎ᠠ ᠶᠢ ᠠᠬᠢᠭᠤᠯᠬᠤ ᠬᠤᠷᠠᠯ ᠠᠴᠠ | ᠤᠶᠢᠯᠠᠭᠠᠬᠰᠠᠨ ᠢᠶᠠᠷ᠂ ᠣᠳᠣᠬᠠᠨ ᠳᠤ ᠮᠠᠨ ᠤ ᠵᠠᠮ ᠲᠡᠭᠡᠭᠡᠪᠦᠷᠢ ᠢ ᠰᠠᠭᠠᠳ ᠦᠭᠡᠢ ᠨᠠᠪᠲᠠᠷᠡᠭᠦᠯᠵᠦ᠂ ᠭᠤᠷᠪᠠᠨ | ᠬᠤᠭᠤᠴᠠᠭᠠᠨ ᠤ ᠡᠭᠦᠷᠭᠡ ᠶᠢᠨ ᠲᠣᠳᠣᠷᠬᠠᠢ ᠬᠠᠭᠤᠳᠠᠰᠤ ᠶᠢ ᠪᠠᠭᠤᠯᠭᠠᠵᠤ᠂ ︽ᠦᠪᠤᠷ ᠮᠤᠩᠭᠤᠯ ᠤᠨ ᠥᠪᠡᠷᠲᠡᠭᠡᠨ | ᠵᠠᠰᠠᠬᠤ ᠣᠷᠣᠨ ᠤ ᠪᠠᠷᠠᠭᠠᠨ ᠤ ᠭᠦᠢᠯᠭᠡᠭᠡᠨ ᠤ ᠰᠠᠭᠠᠳ ᠦᠭᠡᠢ ᠨᠡᠪᠲᠡᠷᠡᠬᠦ ᠶᠢ ᠪᠠᠲᠤᠯᠠᠬᠤ ᠠᠵᠢᠯ ᠤᠨ ︿ᠨᠠᠵᠠᠭᠠᠢ | ᠲᠠᠯ᠎ᠠ ᠶᠢᠨ ᠲᠣᠳᠣᠷᠬᠠᠢ ᠬᠠᠭᠤᠳᠠᠰᠤ﹀ ᠶᠢ ᠨᠡᠶᠢᠲᠡᠯᠡᠵᠦ᠂ ᠡᠯ᠎ᠡ ᠭᠠᠵᠠᠷ ᠤᠨ ᠬᠢᠨ ᠢ ︽ᠳᠥᠷᠪᠡ ᠶᠢ ᠴᠢᠩᠭ᠎ᠠ | ᠴᠠᠭᠠᠵᠠᠯᠠᠬᠤ︾ ︽ᠳᠥᠷᠪᠡ ᠡᠰᠡ ᠪᠣᠯᠬᠤ︾ ᠶᠢ ᠴᠢᠩᠭ᠎ᠠ ᠬᠡᠷᠡᠭᠵᠢᠭᠦᠯᠵᠦ᠂ ᠵᠠᠮ ᠬᠠᠷᠢᠯᠴᠠᠭᠠᠨ ᠤ ᠭᠤᠣᠯ | ᠱᠤᠭᠤᠮ ᠤᠨ ᠰᠠᠭᠠᠳ ᠦᠭᠡᠢ ᠨᠡᠪᠲᠡᠷᠡᠬᠦ ᠶᠢ ᠦᠨᠡᠨ ᠬᠦ ᠪᠠᠲᠤᠯᠠᠬᠤ ᠬᠡᠷᠡᠭᠲᠡᠢ ᠭᠡᠵᠦ ᠱᠠᠭᠠᠷᠳᠠᠪᠠ᠃ | ︽ᠳᠥᠷᠪᠡ ᠶᠢ ᠴᠢᠩᠭ᠎ᠠ ᠴᠠᠭᠠᠵᠠᠯᠠᠬᠤ︾ ᠭᠡᠳᠡᠭ ᠨᠢ ᠲᠦᠷᠬᠡᠨ ᠤ ᠵᠠᠰᠠᠮᠠᠯ ᠵᠠᠮ᠂ ᠡᠩ ᠤᠨ ᠵᠠᠰᠠᠮᠠᠯ ᠵᠠᠮ ᠢ | ᠲᠤᠷ᠎ᠠ ᠪᠠᠷ ᠢᠶᠠᠨ ᠲᠠᠰᠤᠯᠬᠤ ᠪᠤᠶᠤ ᠬᠠᠭᠠᠬᠤ ᠶᠢ ᠴᠢᠩᠭ᠎ᠠ ᠴᠠᠭᠠᠵᠠᠯᠠᠵᠤ᠂ ᠡᠩ ᠤᠨ ᠵᠠᠰᠠᠮᠠᠯ ᠵᠠᠮ ᠤᠨ ᠠᠳᠠᠯᠢ | ᠲᠣᠭᠤᠷᠢᠭ ᠲᠤ ᠠᠳᠠᠯᠢ ᠴᠢᠭᠯᠡᠯ ᠢᠶᠠᠷ 2 ᠪᠤᠶᠤ 2 ᠠᠴᠠ ᠳᠡᠭᠡᠭᠰᠢᠬᠢ ᠬᠢᠵᠢᠭ ᠢ ᠰᠡᠷᠭᠡᠶᠢᠯᠡᠬᠦ ᠪᠠᠶᠢᠴᠠᠭᠠᠯᠲᠠ ᠶᠢᠨ | ᠴᠡᠭ ᠭᠠᠷᠭᠠᠬᠤ ᠶᠢ ᠴᠢᠩᠭ᠎ᠠ ᠴᠠᠭᠠᠵᠠᠯᠠᠵᠤ᠂ ᠲᠦᠷᠬᠡᠨ ᠤ ᠵᠠᠰᠠᠮᠠᠯ ᠵᠠᠮ ᠤᠨ ᠭᠤᠣᠯ ᠱᠤᠭᠤᠮ ᠪᠠ ᠦᠢᠯᠡᠴᠢᠯᠡᠭᠡᠨ ᠤ | ᠲᠣᠭᠤᠷᠢᠭ ᠲᠤ ᠬᠢᠵᠢᠭ ᠢ ᠰᠡᠷᠭᠡᠶᠢᠯᠡᠬᠦ ᠪᠠᠶᠢᠴᠠᠭᠠᠯᠲᠠ ᠶᠢᠨ ᠴᠡᠭ ᠭᠠᠷᠭᠠᠬᠤ ᠶᠢ ᠴᠢᠩᠭ᠎ᠠ ᠴᠠᠭᠠᠵᠠᠯᠠᠵᠤ᠂ | ᠰᠡᠷᠭᠡᠶᠢᠯᠡᠨ ᠡᠵᠡᠮᠳᠡᠬᠦ ᠠᠷᠭ᠎ᠠ ᠬᠡᠮᠵᠢᠶ᠎ᠡ ᠶᠢ ᠳᠥᠭᠦᠮᠴᠢᠯᠡᠬᠦ᠂ ᠡᠭᠡᠭᠡ ᠠᠳᠠᠯᠢ ᠪᠠᠶᠢᠯᠭᠠᠬᠤ ᠶᠢ ᠴᠢᠩᠭ᠎ᠠ | ᠴᠠᠭᠠᠵᠠᠯᠠᠬᠤ ᠶᠢ ᠵᠢᠭᠠᠵᠤ ᠪᠣᠶ᠃ | ︽ᠳᠥᠷᠪᠡᠨ ᠡᠰᠡ ᠪᠤᠯᠬᠤ︾ ᠭᠡᠳᠡᠭ ᠨᠢ ᠲᠦᠷᠬᠡᠨ ᠤ ᠵᠠᠰᠠᠮᠠᠯ ᠵᠠᠮ ᠤᠨ ᠦᠢᠯᠡᠴᠢᠯᠡᠭᠡᠨ ᠤ ᠲᠣᠭᠤᠷᠢᠭ᠂ | ᠭᠠᠯᠳᠤ ᠲᠡᠷᠭᠡᠨ ᠥᠷᠲᠡᠭᠡ ᠪᠣᠯᠣᠨ ᠨᠢᠰᠬᠡᠯ ᠤᠨ ᠪᠠᠭᠤᠳᠠᠯ ᠢ ᠳᠤᠷ᠎ᠠ ᠪᠠᠷ ᠢᠶᠠᠨ ᠬᠠᠭᠠᠵᠤ ᠵᠣᠭᠰᠣᠭᠠᠵᠤ ᠪᠣᠯᠬᠤ | ᠦᠭᠡᠢ᠂ ᠪᠠᠷᠠᠭᠠᠨ ᠤ ᠲᠡᠭᠡᠭᠡᠪᠦᠷᠢ ᠶᠢᠨ ᠲᠡᠷᠭᠡ ᠬᠥᠰᠬᠡ ᠪᠠ ᠵᠢᠯᠤᠭᠤᠴᠢ ᠶᠢᠨ ᠨᠡᠪᠲᠡᠷᠡᠬᠦ ᠶᠢ ᠳᠤᠷ᠎ᠠ ᠪᠠᠷ ᠢᠶᠠᠨ | ᠬᠢᠵᠠᠭᠠᠷᠯᠠᠵᠤ ᠪᠣᠯᠬᠤ ᠦᠭᠡᠢ᠂ ᠲᠡᠷᠭᠡᠨ ᠬᠠᠷᠢᠶ᠎ᠠ ᠶᠢᠨ ᠭᠠᠵᠠᠷ᠂ ᠡᠷᠦᠬᠡ ᠠᠮᠠ ᠶᠢᠨ ᠬᠠᠷᠢᠶ᠎ᠠ ᠶᠢᠨ ᠭᠠᠵᠠᠷ ᠬᠡᠳᠡᠭ | ᠨᠡᠷ᠎ᠡ ᠪᠠᠷ ᠨᠡᠪᠲᠡᠷᠡᠬᠦ ᠶᠢ ᠬᠢᠵᠠᠭᠠᠷᠯᠠᠬᠤ ᠨᠥᠬᠦᠴᠡᠯ ᠪᠣᠯᠭᠠᠵᠤ ᠪᠣᠯᠬᠤ ᠦᠭᠡᠢ᠂ ᠪᠠᠷᠠᠭᠠᠨ ᠤ ᠲᠡᠷᠬᠡᠨ ᠤ ᠵᠢᠯᠤᠭᠤᠴᠢ | ᠶᠢᠨ ᠭᠠᠷ ᠤᠳᠠᠰᠤᠨ ᠤ ᠠᠶᠠᠯᠠᠯ ᠤᠨ ᠺᠠᠷᠲ ᠨᠤᠭᠤᠭᠠᠨ ᠦᠡᠭᠭᠡ ᠲᠠᠢ ᠪᠦᠬᠡᠳ ︽*︾ ᠲᠡᠮᠳᠡᠭ ᠲᠠᠢ ᠬᠡᠳᠡᠭ | ᠨᠡᠷ᠎ᠡ ᠪᠠᠷ ᠲᠡᠷᠭᠡ ᠬᠥᠰᠬᠡ ᠶᠢᠨ ᠨᠡᠪᠲᠡᠷᠡᠬᠦ ᠶᠢ ᠬᠢᠵᠠᠭᠠᠷᠯᠠᠵᠤ ᠪᠣᠯᠬᠤ ᠦᠭᠡᠢ ᠶᠢ ᠵᠢᠭᠠᠵᠤ ᠪᠣᠶ᠃ ᠲᠦᠷᠬᠡᠨ ᠤ | ᠵᠠᠰᠠᠮᠠᠯ ᠵᠠᠮ ᠤᠨ ᠦᠢᠯᠡᠴᠢᠯᠡᠭᠡᠨ ᠤ ᠲᠣᠭᠤᠷᠢᠭ ᠨᠢ ᠬᠢᠵᠢᠭ ᠤᠨ ᠪᠠᠶᠢᠳᠠᠯ ᠢ ᠰᠡᠷᠭᠡᠶᠢᠯᠡᠨ ᠡᠵᠡᠮᠳᠡᠬᠦ ᠬᠡᠷᠡᠭᠴᠡᠭᠡ ᠠᠴᠠ | ᠪᠣᠯᠵᠤ ᠦᠨᠡᠨ ᠬᠦ ᠬᠠᠭᠠᠵᠤ ᠵᠣᠭᠰᠤᠭᠠᠬᠤ ᠴᠢᠬᠤᠯᠠᠲᠠᠢ ᠪᠣᠯ᠂ ᠬᠠᠭᠠᠵᠤ ᠵᠣᠭᠰᠣᠭᠠᠭᠰᠠᠨ ᠮᠡᠳᠡᠭᠡ ᠵᠠᠩᠭᠢ ᠶᠢ | ᠨᠡᠶᠢᠭᠡᠮ ᠳᠤ ᠤᠷᠢᠳᠴᠢᠯᠠᠨ ᠨᠡᠶᠢᠲᠡᠯᠡᠵᠦ᠂ ᠬᠠᠭᠠᠵᠤ ᠵᠣᠭᠰᠣᠭᠠᠭᠰᠠᠨ ᠤ ᠳᠠᠷᠠᠭ᠎ᠠ ᠪᠦᠲᠦᠮᠵᠢᠲᠡᠶ ᠠᠷᠭ᠎ᠠ ᠬᠡᠮᠵᠢᠶ᠎ᠡ | ᠠᠪᠴᠤ ᠪᠠᠶᠢᠭᠠᠳ ᠳᠠᠷᠤᠢ ᠲᠦᠷᠭᠡᠨ ᠰᠡᠷᠭᠦᠭᠡᠵᠦ᠂ ᠬᠠᠭᠠᠵᠤ ᠵᠣᠭᠰᠣᠭᠠᠭᠰᠠᠨ ᠬᠤᠭᠤᠴᠠᠭᠠᠨ ᠳᠤ ᠲᠣᠰᠣ ᠨᠡᠮᠡᠬᠦ | ᠵᠡᠷᠭᠡ ᠣᠯᠠᠨ ᠨᠡᠶᠢᠲᠡ ᠶᠢᠨ ᠦᠨᠳᠦᠰᠦᠨ ᠦᠢᠯᠡᠴᠢᠯᠡᠭᠡᠨ ᠤ ᠴᠢᠳᠠᠮᠵᠢ ᠶᠢ ᠦᠷᠭᠦᠯᠵᠢᠯᠡᠨ ᠪᠠᠲᠤᠯᠠᠬᠤ ᠬᠡᠷᠡᠭᠲᠡᠢ᠃ | ᠡᠭᠦᠨ ᠠᠴᠠ ᠭᠠᠳᠠᠨ᠎ᠠ᠂ ᠲᠥᠷᠥ ᠶᠢᠨ ᠪᠣᠳᠣᠯᠭ᠎ᠠ ᠶᠢ ᠨᠠᠶᠢᠳᠠᠪᠤᠷᠢᠵᠢᠭᠤᠯᠬᠤ ᠳᠤ ᠨᠡᠮᠡᠬᠡᠰᠤ ᠬᠠᠪᠤᠭᠠᠰᠤ ᠦᠬᠡᠢ᠂ | ᠪᠠᠶᠢᠴᠠᠭᠠᠨ ᠰᠢᠯᠭᠠᠬᠤ ᠳᠤ ᠪᠠᠨ ᠪᠤᠴᠠᠭᠠᠵᠤ ᠶᠠᠪᠤᠭᠤᠯᠬᠤ ᠦᠭᠡᠢ᠂ ᠪᠠᠶᠢᠴᠠᠭᠠᠨ ᠰᠢᠯᠭᠠᠭᠤᠯᠬᠤ ᠳᠤ ᠬᠦᠯᠢᠶᠡᠬᠦ ᠦᠭᠡᠢ | ᠂ ᠪᠥᠭᠡᠮ ᠬᠦᠴᠢᠯ ᠢ ᠳᠠᠭᠢᠵᠤ ᠪᠠᠶᠢᠴᠠᠭᠠᠬᠤ ᠦᠭᠡᠢ ᠪᠠᠶᠢᠬᠤ ᠶᠢ ᠪᠠᠳᠤᠯᠠᠬᠤ ᠬᠡᠷᠡᠭᠳᠡᠢ᠃ ᠠᠶᠤᠯ ᠲᠦᠭᠰᠢᠭᠦᠷᠢ | ᠪᠠᠭᠠᠲᠠᠢ ᠭᠠᠵᠠᠷ ᠣᠷᠣᠨ ᠠᠴᠠ ᠢᠷᠡᠭᠰᠡᠨ ᠪᠠᠷᠠᠭ᠎ᠠ ᠲᠡᠭᠡᠭᠡᠪᠦᠷᠢᠯᠡᠬᠦ ᠲᠡᠷᠭᠡ ᠬᠥᠰᠬᠡ ᠶᠢᠨ ᠬᠢᠵᠢᠭ ᠢ ᠰᠡᠷᠭᠡᠶᠢᠯᠡᠬᠦ | ᠬᠢᠵᠠᠭᠠᠷᠯᠠᠯ ᠢ ᠪᠥᠬᠦ ᠲᠠᠯ᠎ᠠ ᠪᠠᠷ ᠬᠦᠴᠦᠨ ᠦᠭᠡᠢ ᠪᠣᠯᠭᠠᠨ᠎ᠠ᠃ ᠳᠤᠮᠳᠠ ᠲᠡᠰ ᠤᠨ ᠲᠦᠭᠰᠢᠬᠦᠷᠢᠳᠡᠢ ᠭᠠᠵᠠᠷ ᠣᠷᠣᠨ | ᠤ ᠬᠤᠲᠠ ᠠᠴᠠ ᠢᠷᠡᠭᠰᠡᠨ ᠪᠤᠶᠤ ᠨᠢᠬᠡᠨᠳᠡ ᠣᠷᠣᠵᠤ ᠢᠷᠡᠭᠰᠡᠨ ᠪᠠᠷᠠᠭᠠᠨ ᠤ ᠲᠡᠭᠡᠭᠡᠪᠦᠷᠢ ᠶᠢᠨ ᠲᠡᠷᠭᠡ ᠬᠥᠰᠬᠡ ᠳᠤ᠂ | ︽ᠲᠠᠷᠤᠢ ᠳᠤ ᠨᠢ ᠪᠠᠶᠢᠴᠠᠭᠠᠵᠤ᠂ ᠲᠠᠷᠤᠢ ᠳᠤ ᠨᠢ ᠶᠠᠪᠤᠭᠤᠯᠵᠤ᠂ ᠲᠠᠷᠤᠢ ᠳᠤ ᠨᠢ ᠨᠡᠬᠡᠮᠵᠢᠯᠡᠬᠦ︾ + ︽ᠪᠢᠲᠡᠭᠦᠦ | ᠴᠠᠭᠠᠷᠢᠭ ᠤᠨ ᠬᠠᠮᠢᠶᠠᠷᠤᠯᠲᠠ︾ ᠶᠢᠨ ᠱᠠᠭᠠᠷᠳᠠᠯᠭ᠎ᠠ ᠶᠢ ᠨᠠᠶᠢᠳᠠᠪᠤᠷᠢᠵᠢᠭᠤᠯᠵᠤ᠂ ᠪᠥᠭᠡᠮ ᠬᠦᠴᠢᠯ ᠤᠨ | ᠪᠠᠶᠢᠴᠠᠭᠠᠯᠳᠠ ᠶᠢᠨ ᠦᠷ᠎ᠡ ᠳ᠋ᠦᠩ ᠢ ᠪᠥᠬᠦ ᠤᠯᠤᠰ ᠤᠨ ᠬᠡᠪᠴᠢᠶᠠᠨ ᠳᠤ ᠬᠠᠷᠢᠯᠴᠠᠨ ᠮᠡᠳᠡᠷᠡᠵᠦ ᠨᠡᠶᠢᠳᠡᠮ ᠬᠡᠷᠡᠭᠯᠡᠵᠦ | ᠂ ᠬᠦᠴᠦᠨ ᠲᠠᠢ ᠬᠤᠭᠤᠴᠠᠭᠠᠨ ᠳᠤ ᠳᠠᠪᠬᠤᠷᠳᠠᠭᠤᠯᠤᠨ ᠪᠠᠶᠢᠴᠠᠭᠠᠬᠤ ᠶᠢ ᠴᠠᠭᠠᠵᠠᠯᠠᠨ᠎ᠠ᠃ | 5 ᠳ᠋ᠤᠭᠠᠷ ᠰᠠᠷ᠎ᠠ ᠶᠢᠨ 25 ᠤ ᠡᠳᠦᠷ ᠪᠣᠯᠲᠠᠯ᠎ᠠ᠂ ᠪᠥᠬᠦ ᠣᠷᠣᠨ ᠤ ᠲᠦᠷᠬᠡᠨ ᠤ ᠵᠠᠰᠠᠮᠠᠯ ᠵᠠᠮ ᠤᠨ ᠰᠦᠢᠳᠬᠡᠯ | ᠬᠤᠷᠢᠶᠠᠬᠤ ᠥᠷᠲᠡᠭᠡ ᠳᠤ ᠬᠢᠵᠢᠭ ᠰᠡᠷᠭᠡᠶᠢᠯᠡᠬᠦ ᠪᠠᠶᠢᠴᠠᠭᠠᠯᠲᠠ ᠶᠢᠨ ᠴᠡᠭ 202᠂ ᠲᠤᠬᠠᠢ ᠶᠢᠨ ᠲᠠᠯᠠᠪᠤᠷ ᠤᠨ | ᠪᠥᠭᠡᠮ ᠬᠦᠴᠢᠯ ᠤᠨ ᠪᠠᠶᠢᠴᠠᠭᠠᠯᠲᠠ ᠶᠢᠨ ᠴᠡᠭ 155᠂ ᠪᠠᠴᠢᠮ ᠢ ᠠᠷᠭᠠᠴᠠᠭᠠᠬᠤ ᠲᠡᠭᠡᠭᠡᠪᠦᠷᠢ ᠶᠢᠨ ᠰᠠᠭᠠᠳ ᠦᠭᠡᠢ | ᠨᠡᠪᠲᠡᠷᠡᠬᠦ ᠵᠠᠮ 314 ᠪᠠᠶᠢᠵᠤ᠂ ᠬᠢᠵᠢᠭ ᠤᠨ ᠪᠠᠶᠢᠳᠠᠯ ᠠᠴᠠ ᠪᠣᠯᠵᠤ ᠬᠠᠭᠠᠵᠤ ᠵᠣᠭᠰᠣᠭᠠᠭᠰᠠᠨ ᠲᠦᠷᠬᠡᠨ ᠤ | ᠵᠠᠰᠠᠮᠠᠯ ᠵᠠᠮ ᠤᠨ ᠰᠦᠢᠳᠬᠡᠯ ᠬᠤᠷᠢᠶᠠᠬᠤ ᠥᠷᠲᠡᠭᠡ ᠪᠠ ᠦᠢᠯᠡᠴᠢᠯᠡᠭᠡᠨ ᠤ ᠲᠣᠭᠤᠷᠢᠭ ᠪᠠᠶᠢᠬᠤ ᠦᠭᠡᠢ᠃ ᠪᠥᠬᠦ | ᠣᠷᠣᠨ ᠤ ᠡᠩ ᠤᠨ ᠤᠯᠤᠰ ᠮᠤᠵᠢ ᠶᠢᠨ ᠭᠤᠣᠯ ᠱᠤᠭᠤᠮ ᠳᠤ ᠬᠢᠵᠢᠭ ᠢ ᠰᠡᠷᠭᠡᠶᠢᠯᠡᠬᠦ ᠪᠠᠶᠢᠴᠠᠭᠠᠯᠲᠠ ᠶᠢᠨ ᠴᠡᠭ ᠢ | 217 ᠪᠠᠶᠢᠷᠢᠯᠠᠭᠤᠯᠵᠤ᠂ ᠲᠤᠬᠠᠢ ᠶᠢᠨ ᠲᠠᠯᠠᠪᠤᠷ ᠲᠤ ᠬᠢ ᠪᠥᠭᠡᠮ ᠬᠦᠴᠢᠯ ᠤᠨ ᠪᠠᠶᠢᠴᠠᠭᠠᠯᠲᠠ ᠶᠢᠨ ᠴᠡᠭ ᠢ 129 | ᠪᠠᠶᠢᠷᠢᠯᠠᠭᠤᠯᠵᠤ᠂ ᠪᠥᠬᠦ ᠣᠷᠣᠨ ᠤ ᠬᠥᠳᠡᠭᠡ ᠲᠣᠰᠬᠤᠨ ᠤ ᠵᠠᠰᠠᠮᠠᠯ ᠵᠠᠮ ᠳᠤ ᠬᠢᠵᠢᠭ ᠰᠡᠷᠭᠡᠶᠢᠯᠡᠬᠦ | ᠪᠠᠶᠢᠴᠠᠭᠠᠯᠲᠠ ᠶᠢᠨ ᠴᠡᠭ ᠢ 71 ᠪᠠᠶᠢᠷᠢᠯᠠᠭᠤᠯᠵᠤ᠂ ᠲᠤᠬᠠᠢ ᠶᠢᠨ ᠲᠠᠯᠠᠪᠤᠷ ᠲᠤ ᠪᠥᠭᠡᠮ ᠬᠦᠴᠢᠯ ᠤᠨ | ᠪᠠᠶᠢᠴᠠᠭᠠᠯᠲᠠ ᠶᠢᠨ ᠴᠡᠭ ᠢ 40 ᠪᠠᠶᠢᠷᠢᠯᠠᠭᠤᠯᠵᠤ᠂ ᠤᠯᠤᠰ ᠮᠤᠵᠢ ᠶᠢᠨ ᠭᠤᠣᠯ ᠱᠤᠭᠤᠮ ᠪᠠ ᠬᠥᠳᠡᠭᠡ | ᠲᠣᠰᠬᠤᠨ ᠤ ᠵᠠᠰᠠᠮᠠᠯ ᠵᠠᠮ ᠢ ᠳᠤᠷ᠎ᠠ ᠪᠠᠷ ᠢᠶᠠᠨ ᠲᠠᠰᠤᠯᠤᠭᠰᠠᠨ ᠪᠠᠶᠢᠳᠠᠯ ᠢ ᠤᠯᠵᠤ ᠮᠡᠳᠡᠭᠡ ᠦᠭᠡᠢ᠃ | | |