| ᠰᠤᠪᠤᠳ ᠵᠤᠬᠢᠶᠠᠪᠠ | ᠠᠪᠤ ᠬᠠᠯᠢᠯ ᠪᠤᠯᠤᠬᠰᠠᠨ ᠲᠡᠷᠨ ᠵᠢᠯ ᠤᠨ ᠰᠡᠬᠦᠯᠴᠢ ᠪᠠᠷ ᠪᠢ ᠡᠵᠢ ᠪᠠᠨ ᠬᠤᠳᠠ ᠳᠤ ᠠᠪᠴᠢᠷᠠᠬᠤ ᠪᠠᠷ ᠬᠦᠳᠡᠭᠡ | ᠬᠠᠷᠢᠵᠠᠢ᠃ | ᠬᠡᠯᠡᠪᠡᠯ ᠡᠯᠢᠬᠡ ᠡᠮᠳᠡᠷᠡᠮᠡᠷ᠂ ᠠᠪᠤ ᠮᠢᠨᠢ ᠬᠠᠳᠠᠨ ᠬᠡᠷ ᠲᠤ ᠪᠠᠨ ᠬᠠᠷᠢᠬᠤ ᠪᠠᠷ ᠡᠵᠢ ᠮᠢᠨᠢ ᠨᠡᠩᠳᠡ ᠤᠶᠢᠳᠬᠠᠷᠯᠠᠨ | ᠵᠤᠪᠠᠭ᠋ᠤ ᠪᠤᠯᠪᠠ᠃ ᠡᠨᠡ ᠬᠦ ᠡᠷᠢᠨ ᠳᠤ ᠡᠵᠢ ᠮᠢᠨᠢ ᠲᠡᠩᠳᠠ ᠶᠠᠷᠢᠳᠠᠭ᠄ ︽ᠠᠪᠤ ᠴᠢᠨᠢ ᠠᠶᠢᠯ ᠬᠡᠷ ᠤᠨ ᠢᠶᠠᠨ | ᠲᠤᠯᠭᠠᠭᠤᠷᠢ ᠪᠠᠶᠢᠭ᠎ᠠ ᠰᠢᠤ ᠁︾ ᠬᠡᠳᠡᠭ ᠦᠬᠡ ᠶᠢᠨ ᠬᠢ ᠨᠢ ᠡᠴᠢᠨ᠎ᠡ ᠴᠠᠭᠠᠳᠤᠬᠢ ᠤᠳᠬ᠎ᠠ ᠶᠢ ᠨᠢ ᠪᠢ | ᠬᠦᠨ ᠤᠶᠢᠯᠠᠭᠠᠵᠤ ᠮᠡᠳᠡᠵᠡᠢ᠃ | ᠠᠶᠢᠯ ᠬᠡᠷ᠂ ᠦᠷ᠎ᠡ ᠬᠡᠤᠬᠡᠳ ᠤᠨ ᠢᠶᠠᠨ ᠲᠦᠯᠦᠬᠡ ᠵᠢᠳᠬᠦᠵᠤ ᠢᠷᠡᠭᠰᠡᠨ ᠡᠨᠡᠷᠢᠯᠳᠤ ᠡᠵᠢ ᠪᠠᠨ ᠠᠰᠠᠷᠠᠵᠤ | ᠬᠠᠷᠠᠭᠠᠯᠵᠠᠨ ᠠᠴᠢᠯᠠᠯ ᠡᠯᠪᠡᠷᠢᠯ ᠢᠶᠠᠨ ᠬᠦᠢᠴᠡᠳᠬᠡᠶᠡ ᠬᠡᠰᠡᠨ ᠪᠤᠳᠤᠯ ᠨᠠᠳᠠ ᠳᠤ ᠠᠯᠢ ᠬᠡᠳᠤᠶᠢᠨ ᠤ | ᠤᠷᠤᠴᠢᠬᠠᠬᠰᠠᠨ ᠪᠠᠶᠢᠭ᠎ᠠ ᠶᠤᠮ᠃ ᠬᠡᠳᠡᠯ᠎ᠡ ᠴᠤᠬᠤᠮ ᠶᠠᠭᠠᠬᠢᠵᠤ ᠬᠢᠬᠦ ᠪᠠᠨ ᠤᠯ ᠶᠠᠳᠠᠨ ᠠᠬᠢᠨ ᠲᠠᠬᠢᠨ | ᠪᠤᠳᠤᠬᠰᠠᠭᠠᠷ ᠪᠠᠶᠢᠭᠠᠳ᠂ ᠬᠠᠵᠠᠭᠤ ᠬᠠᠪᠢ ᠳᠤ ᠪᠠᠨ ᠲᠤᠰᠤᠨ ᠠᠪᠴᠢᠷᠠᠵᠤ᠂ ᠡᠪᠤᠯ ᠲᠠᠭᠠᠷᠠᠬᠤ ᠦᠬᠡᠢ ᠵᠤᠨ | ᠬᠠᠯᠠᠭᠤᠳᠠᠬᠤ ᠦᠬᠡᠢ ᠰᠠᠨᠠᠭ᠎ᠠ ᠠᠮᠤᠷ ᠪᠠᠶᠢᠳᠠᠭ ᠬᠤᠳᠠ ᠶᠢᠨ ᠠᠮᠢᠳᠤᠷᠠᠯ ᠢ ᠡᠳ᠋ᠯᠡᠬᠦᠯᠤᠶᠡ ᠬᠡᠰᠡᠨ ᠭᠠᠭᠴᠨ ᠪᠤᠳᠤᠯ | ᠢᠶᠠᠷ ᠬᠦᠳᠡᠭᠡ ᠬᠡᠷ ᠢᠶᠠᠨ ᠴᠢᠭᠯᠡᠭᠰᠡᠨ ᠮᠢᠨᠢ ᠡᠨᠡ ᠠᠵᠢ᠃ | ᠨᠠᠮ᠎ᠠ ᠳᠤ ᠨᠤᠳᠤᠭ ᠤᠨ ᠲᠡᠷᠬᠡᠨ ᠦᠷᠳᠡᠭᠡ ᠬᠦᠷᠬᠦ ᠪᠠᠷ ᠡᠵᠢ ᠮᠢᠨᠢ ᠬᠡᠳᠤᠶᠢᠨ ᠤ ᠦᠷᠳᠡᠬᠡᠨ ᠳᠤ ᠢᠷᠡᠴᠢᠬᠡᠬᠡᠳ | ᠬᠦᠯᠢᠶᠡᠵᠤ ᠶᠠᠳᠠᠨ ᠪᠠᠶᠢᠯ᠎ᠠ᠃ ᠬᠦᠬᠡᠷᠷᠤᠬᠦᠢ᠂ ᠦᠬᠢᠨ ᠢᠶᠠᠨ ᠬᠠᠷᠠᠬᠰᠠᠨ ᠡᠵᠢ ᠶᠢᠨ ᠬᠦᠡᠭᠭᠦᠶᠢᠭᠰᠡᠨ ᠨᠢᠳᠤᠨ ᠳᠤ | ᠲᠠᠩᠳᠠ ᠡᠬᠦᠯᠨ ᠮᠠᠨᠠᠨ ᠪᠦᠷᠬᠦᠨ᠂ ᠤᠷᠤᠭᠤᠯ ᠨᠢ ᠬᠠᠶ᠋ᠨ ᠬᠠᠶ᠋ᠨ ᠲᠠᠳᠠᠪᠠᠯᠵᠠᠨ᠂ ᠡᠬᠡᠬᠡ ᠴᠠᠬᠢᠯᠭᠠᠨ ᠳᠤ | ᠴᠤᠬᠢᠬᠳᠠᠬᠰᠠᠨ ᠶᠤᠮ ᠰᠢᠭ᠋ ᠬᠦᠯ ᠭᠠᠷ ᠨᠢ ᠮᠡᠳᠡᠭᠳᠡᠮ᠎ᠡ ᠴᠡᠴᠡᠷᠬᠢᠯᠡᠨ᠎ᠡ᠃ | ︽ᠡᠵᠢ ᠡ᠂ ᠲᠠ ᠶᠠᠭᠤᠨ ᠳᠤ ᠡᠶᠢᠮᠤ ᠬᠦᠢᠳᠡᠨ ᠳᠤ ᠦᠷᠳᠡᠬᠡᠨ ᠳᠤ ᠢᠷᠡᠬᠡᠳ ᠬᠦᠯᠢᠶᠡᠴᠢᠭᠡᠭᠰᠡᠨ ᠪᠤᠢ︖︾ | ᠭᠡᠵᠤ ᠪᠢ ᠬᠤᠭᠤᠯᠠᠢ ᠡᠷᠢᠶᠡᠨᠳᠡᠬᠦᠯᠤᠨ ᠨᠠᠮ ᠲᠠᠭᠤ ᠪᠠᠷ ᠬᠡᠯᠡᠪᠡ᠃ | ᠡᠵᠢ ᠠᠯᠢ ᠴᠢᠳᠠᠬᠤ ᠪᠠᠷ ᠨᠠᠳᠠ ᠠᠴᠠ ᠬᠠᠷᠠᠴᠨ ᠪᠠᠨ ᠰᠢᠯᠵᠢᠬᠦᠯᠤᠨ ᠴᠠᠭᠠᠰᠢ ᠬᠠᠨᠳᠤᠭᠠᠳ ᠴᠠᠮᠴᠠ ᠶᠢᠨ | ᠬᠤᠷᠮᠤᠢ ᠪᠠᠷ ᠢᠶᠠᠨ ᠨᠢᠯᠪᠤᠰᠤ ᠪᠠᠨ ᠵᠦᠯᠬᠦᠨᠡ᠃ | ᠦᠨᠡᠨ ᠳᠤ ᠪᠠᠨ ᠪᠢ ᠡᠵᠢ ᠶᠢᠨ ᠢᠶᠠᠨ ᠡᠯᠢᠬᠡᠨ ᠳᠤ ᠴᠢᠩᠭᠠᠬᠠᠨ ᠨᠠᠭᠠᠯᠳᠤᠬᠤ ᠶᠢ ᠰᠠᠨᠠᠵᠠᠢ᠃ ᠬᠡᠶ᠎ᠡ᠂ ᠡᠵᠢ | ᠮᠢᠨᠢ ᠬᠡᠳᠤᠷᠬᠡᠢ ᠤᠶᠠᠷᠠᠵᠤ ᠬᠠᠶᠢᠯᠬᠤ ᠠᠴᠠ ᠡᠮᠢᠶᠡᠨ ᠪᠡᠶ᠎ᠡ ᠪᠠᠨ ᠪᠠᠷᠢᠵᠤ ︽ᠮᠦᠮᠤ ᠡ᠂ ᠬᠡᠷ ᠲᠤ ᠪᠠᠨ ᠬᠠᠷᠢᠶ᠎ᠠ︾ | ᠭᠡᠵᠤ ᠬᠤᠶᠠᠳᠠᠬᠢ ᠦᠬᠡ ᠪᠠᠨ ᠴᠢᠳᠠᠨ ᠶᠠᠳᠠᠨ ᠴᠤᠬᠤᠶᠢᠯᠭᠠᠪᠠ᠃ ᠡᠵᠢ ᠪᠠᠰᠨ ᠯᠨ ᠦᠬᠡ ᠦᠬᠡᠢ᠃ ᠪᠢ ᠡᠮᠦᠨ᠎ᠡ | ᠨᠢ ᠲᠤᠯᠤᠭᠠᠢ ᠭᠤᠬᠤᠶᠢᠨ ᠠᠯᠬᠤᠬᠤ ᠳᠤ ᠡᠵᠢ ᠮᠢᠨᠢ ᠡᠬᠡᠬᠡ ᠪᠢᠴᠢᠬᠠᠨ ᠬᠡᠤᠬᠡᠳ ᠰᠢᠭ ᠬᠠᠮᠠᠷ ᠱᠤᠤᠬᠢᠳᠤᠨᠠᠭᠤᠯᠤᠨ | ᠲᠠᠭᠠᠵᠤ ᠶᠠᠪᠤᠨ᠎ᠠ᠃ | ︽ᠰᠡᠮᠰᠡᠬᠡᠷ ᠪᠤᠯᠪᠠᠴᠤ ᠬᠡᠷ᠂ ᠰᠡᠭᠰᠡᠬᠡᠷ ᠪᠤᠯᠪᠠᠴᠤ ᠡᠵᠢ︾ ᠬᠡᠳᠡᠭ ᠦᠨᠡᠨ ᠰᠠᠨᠵᠢ᠃ ᠭᠠᠳᠠᠨ᠎ᠠ ᠭᠤᠨᠠᠨ ᠦᠬᠡᠷ | ᠤᠨ ᠡᠪᠡᠷ ᠬᠠᠭ᠎ᠠ ᠬᠦᠯᠳᠡᠮᠡ ᠬᠦᠢᠳᠡᠨ ᠪᠠᠶᠢᠭ᠎ᠠ ᠴᠦ ᠬᠡᠷ ᠲᠤ ᠤᠷᠤᠬᠤ ᠳᠤ ᠬᠠᠯᠠᠭᠤᠨ ᠢᠯᠴᠢ ᠬᠠᠴᠠᠷ | ᠨᠢᠯᠴᠢᠬᠢᠨᠡᠬᠦᠯᠤᠨᠡ᠃ | ᠡᠵᠢ ᠮᠢᠨᠢ ᠪᠤᠳᠠᠭ᠎ᠠ ᠨᠤᠭᠤᠭ᠎ᠠ ᠪᠠᠨ ᠠᠯᠢ ᠬᠡᠳᠤᠶᠢᠨ ᠤ ᠪᠡᠯᠡᠳᠬᠡᠵᠤ᠂ ᠬᠢᠰᠡ ᠲᠡᠬᠡᠷᠡᠬᠢ ᠲᠡᠮᠤᠷ ᠲᠤᠭᠤᠭᠠᠨ | ᠳᠤ ᠪᠤᠴᠠᠯᠤᠭᠠ ᠢᠰᠭᠡᠭᠰᠡᠨ ᠨᠤᠭᠤᠭ᠎ᠠ᠂ ᠬᠤᠨᠢᠨ ᠮᠢᠬ᠎ᠠ ᠶᠢᠨ ᠱᠠᠩᠳᠠᠭᠤᠨ ᠦᠨᠤᠷ ᠰᠠᠮᠰᠨ ᠴᠤᠷᠬᠢᠭᠤᠯᠤᠨ | ᠬᠠᠨᠭ᠍ᠬᠤᠯᠤᠨᠠ᠃ | ᠪᠠᠷᠠᠭᠤᠨ ᠬᠡᠷᠡᠮ ᠲᠡᠬᠡᠷ᠎ᠡ ᠠᠪᠤ ᠶᠢᠨ ᠬᠦᠷᠦᠭ ᠡᠯᠬᠦᠭᠡᠰᠤᠳᠡᠢ᠃ ᠡᠵᠢ ᠶᠢᠨ ᠬᠠᠷᠠᠴᠨ ᠠᠪᠤ ᠶᠢᠨ ᠬᠦᠷᠦᠭ ᠲᠤ | ᠲᠤᠰᠬᠤ ᠲᠠᠢ ᠵᠡᠷᠬᠡ ᠡᠭᠰᠢᠵᠤ ᠪᠦᠭᠰᠢᠳᠠᠯᠡ ᠤᠬᠢᠯᠠᠵᠤ ᠡᠬᠢᠯᠡᠪᠡ᠃ | ᠪᠢ ᠰᠡᠳᠬᠢᠯ ᠢᠶᠠᠨ ᠬᠡᠴᠢᠨᠡᠬᠡᠨ ᠴᠢᠩᠭᠠᠯᠠᠵᠤ ᠪᠠᠶᠢᠬᠰᠠᠨ ᠴᠦ ᠪᠤᠯᠤᠬᠰᠠᠨ ᠦᠬᠡᠢ ᠦᠪᠡᠷ ᠤᠨ ᠡᠷᠬᠡ ᠦᠬᠡᠢ | ᠡᠵᠢ ᠶᠢᠨ ᠢᠶᠠᠨ ᠡᠯᠢᠬᠡᠨ ᠳᠤ ᠨᠠᠭᠠᠯᠳᠤᠨ ᠶᠤᠰᠤᠳᠠᠢ ᠡᠮᠬᠡᠨᠢᠯ ᠭᠠᠰᠢᠭᠤᠳᠠᠯ ᠤᠨ ᠨᠢᠯᠪᠤᠰᠤᠨ ᠳᠤ ᠲᠡᠪᠳᠤᠵᠤ | ᠬᠦᠢᠴᠡᠵᠡᠢ᠃ | ᠰᠡᠳᠬᠢᠯ ᠢᠶᠠᠨ ᠤᠨᠠᠬᠤ ᠭᠡᠭᠴᠢ ᠡᠶᠢᠮᠤ ᠯᠨ ᠵᠤᠪᠠᠨᠢᠯᠳᠠᠢ᠃ ᠬᠡᠳᠤᠢ ᠤᠳᠠᠬᠰᠠᠨ ᠢ ᠪᠤᠤ ᠮᠡᠳᠡ᠃ ᠨᠢᠬᠡ ᠮᠡᠳᠡᠬᠦ | ᠳᠤ ᠡᠵᠢ ᠮᠢᠨᠢ ᠡᠪᠡᠷᠰᠢᠵᠤ ᠬᠠᠳᠠᠭᠤᠷᠠᠬᠰᠠᠨ ᠭᠠᠷ ᠢᠶᠠᠷ ᠢᠶᠠᠨ ᠦᠰᠤ ᠶᠢ ᠮᠢᠨᠢ ᠢᠯᠪᠢᠬᠦ ᠪᠠᠷ ᠬᠠᠰᠢᠯᠭ᠎ᠠ ᠪᠠᠨ | ᠰᠡᠳᠡᠯᠦᠭᠰᠡᠨ ᠦᠶᠡᠷ ᠰᠢᠭ ᠬᠤᠷᠢᠬᠯᠠᠬᠳᠠᠰᠢ ᠦᠬᠡᠢ ᠤᠷᠤᠰᠬᠤ ᠨᠢᠯᠪᠤᠰᠤ ᠨᠢ ᠬᠠᠴᠠᠷ ᠲᠡᠬᠡᠷ᠎ᠡ ᠲᠠᠰᠤᠷᠠᠯᠳᠠ ᠦᠬᠡᠢ | ᠲᠤᠰᠤᠯᠵᠤ ᠪᠠᠶᠢᠯ᠎ᠠ᠃ | ︽ᠬᠡᠤᠬᠡ ᠡ᠂ ᠲᠦᠷᠬᠡᠨ ᠪᠤᠰᠴᠤ ᠬᠤᠭᠤᠯᠨ ᠪᠠᠨ ᠢᠳᠡ︾ ᠭᠡᠵᠢ ᠡᠷᠢᠶᠡᠨᠳᠦᠭᠰᠡᠨ ᠬᠤᠭᠤᠯᠠᠢ ᠪᠠᠷ ᠬᠡᠯᠡᠨ᠎ᠡ᠃ | ︽ᠡᠵᠢ ᠡ᠂ ᠡᠨᠡ ᠤᠳᠠᠭ᠎ᠠ ᠦᠬᠢᠨ ᠴᠢᠨᠢ ᠪᠢ ᠲᠤᠰᠬᠠᠶᠢᠯᠠᠨ ᠲᠠᠨ ᠢ ᠠᠪᠠᠴᠢᠬᠤ ᠪᠠᠷ ᠢᠷᠡᠯ᠎ᠡ ᠰᠢᠤ᠃ | ᠬᠦᠬᠡᠬᠤᠳᠠ ᠶᠠᠭᠠᠬᠢᠶ᠎ᠠ ᠬᠦᠳᠡᠭᠡ ᠭᠠᠵᠠᠷ ᠠᠴᠠ ᠨᠦᠬᠦᠴᠡᠯ ᠰᠠᠶᠢᠨ ᠪᠠᠶᠢᠬᠤ ᠦᠬᠡᠢ ᠤᠤ︾ ᠬᠡᠯᠡ᠃ | ᠡᠵᠢ ᠮᠥᠨ ᠯᠨ ᠬᠠᠷᠢᠭᠤ ᠦᠬᠡᠢ᠃ ᠬᠠᠶ᠋ᠨ ᠬᠠᠶ᠋ᠨ ᠤᠷᠳᠤ ᠰᠡᠬᠦᠷᠡᠰᠤ ᠠᠯᠳᠠᠵᠤ᠂ ᠪᠠᠶᠢᠨ ᠪᠠᠶᠢᠨ ᠠᠪᠤ ᠶᠢᠨ | ᠬᠦᠷᠦᠭ ᠲᠤ ᠬᠠᠷᠠᠴᠨ ᠨᠢ ᠲᠤᠬᠳᠠᠨ᠎ᠠ᠃ | ᠡᠨᠡ ᠬᠦ ᠠᠬᠱᠠᠨᠠ ᠶᠠᠭᠤ ᠬᠡᠯᠡᠵᠤ ᠶᠠᠭᠠᠬᠢᠵᠤ ᠭᠤᠶᠤᠭᠰᠠᠨ ᠴᠦ ᠡᠵᠢ ᠠᠪᠤᠨ ᠲᠤᠤᠷ᠎ᠠ ᠨᠢ ᠬᠠᠷᠢᠭᠤ ᠦᠭᠴᠤ | ᠲᠡᠶᠢᠯᠬᠦ ᠦᠬᠡᠢ ᠬᠡᠳᠡᠭ ᠢ ᠪᠢ ᠶᠢᠰᠤᠨ ᠬᠤᠪᠢ ᠪᠠᠷᠤᠬᠯᠠᠵᠠᠢ᠃ ᠲᠡᠬᠡᠬᠡᠳ ᠡᠵᠢ ᠮᠢᠨᠢ ᠢᠡᠭᠭᠢᠬᠡᠳ ᠨᠠᠮ᠎ᠠ ᠶᠢ | ᠲᠠᠭᠠᠭᠠᠳ ᠶᠠᠪᠤᠴᠢᠬᠠᠪᠠᠯ ᠶᠠᠭ ᠯᠨ ᠠᠪᠤ ᠶᠢ ᠡᠨᠡ ᠬᠦ ᠬᠠᠨᠭ᠍ᠬᠠᠶᠢᠵᠤ ᠬᠤᠭᠤᠰᠤᠷᠠᠬᠰᠠᠨ ᠬᠡᠷ ᠲᠤ ᠭᠤᠤᠨᠢ ᠭᠠᠭᠴᠠᠭᠠᠷ | ᠨᠢ ᠦᠨᠤᠴᠢᠷᠡᠬᠦᠯᠤᠨ ᠬᠠᠶᠠᠴᠢᠬᠠᠬᠤ ᠰᠢᠭ᠋ ᠪᠤᠳᠤᠬᠳᠠᠨ ᠪᠠᠶᠢᠭ᠎ᠠ ᠨᠢ ᠲᠤᠳᠤᠷᠬᠠᠢ᠃ | ᠬᠡᠶ᠎ᠡ᠂ ᠡᠵᠢ ᠶᠢ ᠡᠳᠤᠷᠵᠢᠨ ᠰᠦᠨᠢᠵᠢᠨ ᠠᠳᠡ ᠤᠬᠢᠯᠠᠭᠤᠯᠵᠤ ᠤᠨᠵᠢᠭᠤᠯᠵᠤ ᠪᠤᠯᠬᠤ ᠦᠬᠡᠢ ᠬᠡᠳᠡᠭ ᠢ ᠪᠢ | ᠨᠡᠩ ᠲᠤᠳᠤᠬᠠᠨ ᠰᠡᠷᠡᠵᠤ ᠮᠡᠳᠡᠵᠡᠢ᠃ ᠶᠠᠭᠤ ᠴᠦ ᠬᠡᠰᠡᠨ ᠠᠭᠠᠵᠢᠮ ᠢᠶᠠᠷ ᠵᠦᠪᠳᠡᠵᠤ ᠠᠪᠤ ᠶᠢᠨ ᠬᠦᠷᠦᠭ ᠢ ᠪᠠᠰᠨ | ᠠᠪᠤᠭᠠᠳ ᠶᠠᠪᠤᠶ᠎ᠠ᠃ ᠢᠡᠭᠭᠢᠪᠡᠯ ᠡᠵᠢ ᠶᠢᠨ ᠰᠡᠳᠬᠢᠯ ᠬᠠᠳᠠᠨ ᠬᠡᠷ ᠲᠤ ᠪᠠᠨ ᠬᠠᠷᠢᠬᠰᠠᠨ ᠠᠪᠤ ᠳᠤ ᠬᠤᠷᠭᠤᠳᠠᠬᠤ | ᠪᠠᠨ ᠪᠤᠯᠢᠴᠢᠬᠠᠵᠤ ᠮᠡᠳᠡᠨ᠎ᠡ ᠬᠡᠬᠦ ᠨᠢᠬᠡᠨ ᠪᠤᠳᠤᠯ ᠴᠦ ᠲᠠᠷᠢᠬᠢᠨ ᠳᠤ ᠬᠠᠷᠪᠤᠵᠤ ᠢᠷᠡᠯ᠎ᠡ᠃ | ᠭᠤᠷᠪᠠᠨ ᠰᠦᠨᠢ ᠭᠤᠷᠪᠠᠨ ᠡᠳᠤᠷ ᠤᠨ ᠵᠦᠪᠳᠡᠯᠴᠡᠭᠡ ᠪᠠᠷ ᠡᠵᠢ ᠬᠠᠰᠢ ᠯᠨ ᠮᠢᠨᠤ ᠭᠤᠶᠤᠳᠠᠯ ᠢ ᠵᠦᠪᠰᠢᠶᠡᠷᠡᠵᠡᠢ | ᠃ ᠡᠬᠦᠨ ᠳᠤ ︽ᠡᠵᠢ ᠲᠠ ᠮᠢᠨᠤ ᠦᠬᠡ ᠶᠢ ᠠᠪᠬᠤ ᠦᠬᠡᠢ ᠪᠤᠯ ᠪᠢ ᠠᠵᠢᠯ ᠪᠠᠨ ᠬᠠᠶᠠᠭᠠᠳ ᠠᠳᠡ ᠴᠢᠨᠢ ᠢᠷᠡᠵᠤ | ᠲᠤᠰᠬᠠᠶᠢᠯᠠᠨ ᠲᠠᠨ ᠢ ᠠᠰᠠᠷᠠᠶ᠎ᠠ︾ ᠬᠡᠬᠦ ᠦᠬᠡᠨ ᠳᠤ ᠡᠵᠢ ᠬᠡᠯᠡᠬᠦ ᠦᠬᠡ ᠦᠬᠡᠢ ᠪᠤᠯᠤᠭᠠᠳ᠂ ︽ᠬᠦᠢ᠂ ᠲᠡᠬᠡᠵᠤ | ᠶᠠᠭᠠᠬᠢᠵᠤ ᠪᠤᠯᠬᠤ ᠪᠤᠢ︖ ᠲᠡᠶᠢᠮᠤ ᠲᠡᠨᠡᠭ ᠶᠠᠪᠤᠳᠠᠯ ᠢ ᠬᠢᠵᠤ ᠪᠤᠯᠬᠤ ᠦᠬᠡᠢ᠃ ᠵᠠ ᠴᠢᠩᠭᠢᠪᠡᠯ ᠡᠵᠢ ᠨᠢ ᠴᠢᠨᠤ | ᠰᠠᠨᠠᠭ᠎ᠠ ᠪᠠᠷ ᠪᠤᠯᠤᠶ᠎ᠠ᠃ ᠬᠡᠪᠡᠴᠤ ᠴᠢᠮ᠎ᠠ ᠳᠤ ᠮᠠᠰᠢ ᠶᠡᠭᠡ ᠶᠠᠷᠰᠢᠭ ᠲᠠᠷᠢᠨ᠎ᠠ ᠬᠡᠳᠡᠭ ᠢ ᠡᠵᠢ ᠨᠢ ᠶᠠᠮᠠᠷ ᠮᠡᠳᠡᠬᠦ | ᠦᠬᠡᠢ ᠪᠢᠰᠢ ᠁︾ ᠬᠡᠳ ᠪᠠᠰᠨ ᠯᠨ ᠤᠯᠠᠨ ᠪᠤᠳᠤᠯ ᠳᠤ ᠠᠪᠳᠠᠨ ᠰᠡᠳᠬᠢᠯ ᠵᠤᠪᠠᠭᠤᠷᠢᠯᠠᠨᠠ᠃ | ᠡᠵᠢ ᠶᠢ ᠬᠦᠬᠡᠬᠤᠳᠠᠨ᠎ᠠ ᠶᠠᠪᠤᠬᠤ ᠴᠢᠮᠡᠭᠡ ᠶᠢ ᠰᠤᠨᠤᠰᠤᠬᠰᠠᠨ ᠠᠶᠢᠯ ᠰᠠᠬᠠᠭᠠᠯᠳᠠ ᠶᠢᠨ ᠬᠢᠨ ᠮᠠᠨ ᠤ ᠬᠡᠷ | ᠤᠷᠤᠭᠤ ᠤᠪᠤᠨ ᠴᠤᠪᠤᠨ ᠴᠤᠪᠤᠷᠠᠵᠤ ᠡᠬᠢᠯᠡᠵᠡᠢ᠃ ︽ᠬᠡᠤᠬᠡᠨ ᠤ ᠪᠠᠨ ᠬᠠᠵᠠᠭᠤ ᠳᠤ ᠤᠴᠢᠬᠤ ᠨᠢ ᠲᠦᠮᠡᠨ ᠵᠦᠪ︾ | ᠬᠡᠳᠡᠯ᠎ᠡ ︽ᠪᠢᠳᠡ ᠲᠠᠬᠢᠭᠠᠳ ᠬᠡᠵᠢᠶ᠎ᠡ ᠤᠯᠵᠤ ᠠᠭᠤᠯᠵᠠᠬᠤ ᠶᠢ ᠮᠡᠳᠡᠬᠦ ᠦᠬᠡᠢ︾ ᠬᠡᠳ ᠭᠠᠷ ᠭᠠᠷ ᠢᠶᠠᠨ | ᠠᠳᠬᠤᠯᠴᠠᠨ᠂ ᠬᠦᠵᠤᠬᠦᠤ ᠲᠤᠯᠤᠭᠠᠢ ᠪᠠᠨ ᠨᠡᠶᠢᠯᠡᠬᠦᠯᠤᠨ ᠨᠢᠳᠤᠨ ᠳᠤ ᠪᠠᠨ ᠨᠢᠯᠪᠤᠰᠤ ᠮᠡᠯᠮᠡᠯᠵᠡᠬᠦᠯᠤᠨᠡ᠃ | ᠦᠨᠡᠬᠡᠷ ᠲᠡᠶᠢᠮᠤ ᠬᠡᠯᠡᠳᠡᠢ᠃ ᠭᠠᠯᠠᠭᠤ ᠰᠢᠪᠠᠭᠤ ᠬᠦᠷᠳᠡᠯ᠎ᠡ ᠠᠮᠢᠳᠤᠷᠠᠵᠤ ᠲᠠᠰᠤᠬᠰᠠᠨ ᠭᠠᠵᠠᠷ ᠠᠴᠠ ᠪᠠᠨ | ᠰᠠᠯᠬᠤ ᠳᠤ ᠭᠠᠨᠭ᠍ᠭᠠᠷ ᠭᠤᠨᠭ᠍ᠭᠤᠷ ᠭᠠᠨᠭ᠍ᠭᠢᠨᠠᠯᠳᠤᠨ ᠠᠷᠪᠠᠨ ᠭᠠᠵᠠᠷ ᠶᠠᠪᠤᠪᠠᠯ ᠨᠠᠢᠮᠠᠨ ᠭᠠᠵᠠᠷ ᠤᠬᠤᠷᠢᠳᠠᠭ ᠠᠳᠠᠯ᠎ᠠ | ᠨᠡᠩ ᠨᠤᠳᠤᠭ ᠢᠶᠠᠨ ᠴᠤᠭᠤᠷᠠᠳᠠᠯ᠎ᠠ ᠶᠠᠪᠤᠯᠴᠠᠳᠠᠭ ᠬᠦᠮᠦᠰ ᠤᠨ ᠰᠠᠯᠵᠤ ᠶᠠᠳᠠᠬᠤ ᠰᠡᠳᠬᠢᠯᠬᠡ ᠶᠢ ᠶᠠᠭᠤᠨ ᠦᠬᠦᠯᠡᠬᠦ | ᠠᠵᠢ︕ ᠡᠵᠢ ᠶᠢᠨ ᠮᠢᠨᠤ ᠭᠤᠶᠤᠳᠠᠯ ᠳᠤ ᠲᠠᠰᠤᠷᠬᠠᠢ ᠬᠠᠷᠢᠭᠤᠯᠳᠠ ᠦᠭᠴᠤ ᠴᠢᠳᠠᠬᠤ ᠦᠬᠡᠢ ᠪᠠᠶᠢᠬᠰᠠᠨ ᠨᠢ | ᠬᠦᠭᠰᠢᠷᠡᠳᠡᠯᠡ ᠠᠮᠢᠳᠤᠷᠠᠬᠰᠠᠨ ᠨᠤᠳᠤᠭ ᠤᠰᠤ᠂ ᠲᠦᠷᠤᠯ ᠰᠠᠳᠤᠨ᠂ ᠠᠬ᠎ᠠ ᠲᠡᠬᠦᠤ ᠡᠬᠡᠴᠢ ᠲᠡᠬᠦᠤ ᠨᠠᠷ ᠲᠤ ᠪᠠᠨ | ᠰᠡᠳᠬᠢᠯ ᠲᠠᠳᠠᠯᠳᠤᠨ ᠪᠠᠶᠢᠬᠰᠠᠨ ᠢ ᠪᠢ ᠨᠢᠳᠤ ᠪᠠᠷ ᠢᠶᠠᠨ ᠦᠵᠡᠬᠡᠳ ᠵᠢᠷᠤᠬᠡ ᠰᠢᠮᠰᠢᠷᠡᠪᠡ᠃ | ᠬᠦᠬᠡᠷᠤᠬᠦᠢ᠂ ᠠᠳᠠᠯ ᠠᠮᠢᠳᠤᠷᠠᠯ ᠠᠩᠭ᠎ᠠ ᠬᠡᠤᠬᠡᠳ ᠬᠡᠳ ᠤᠨ ᠵᠢᠯᠵᠢᠨ ᠲᠡᠮᠡᠤᠯᠡᠭᠰᠡᠨ ᠡᠵᠢ ᠶᠢᠨ ᠬᠤᠷᠢᠶᠠᠵᠤ | ᠠᠪᠴᠢᠬᠠᠮᠠᠷ ᠬᠡᠳᠤᠨ ᠵᠠᠬ᠎ᠠ ᠬᠤᠪᠴᠠᠰᠤ ᠴᠦ ᠪᠠᠶᠢᠬᠤ ᠦᠬᠡᠢ᠃ ᠪᠢᠳᠡ ᠬᠦᠡᠭᠭᠡᠨ ᠱᠦᠡᠭᠭᠡᠨ ᠢᠶᠠᠷ ᠭᠠᠯᠳᠤ ᠲᠡᠷᠬᠡᠨ | ᠳᠤ ᠭᠠᠷᠴᠤ᠂ ᠤᠷᠤᠨ ᠰᠠᠭᠤᠳᠠᠯ ᠢᠶᠠᠨ ᠤᠯᠬᠤ ᠪᠠᠷ ᠡᠵᠢ ᠮᠢᠨᠢ ᠴᠤᠩᠬᠤᠨ ᠬᠠᠵᠠᠭᠤ ᠰᠠᠭᠤᠵᠤ ᠭᠠᠳᠠᠬᠰᠢ ᠪᠠᠨ | ᠶᠠᠭᠤ ᠨᠢᠬᠡ ᠶᠢ ᠮᠡᠯᠡᠷᠡᠨ ᠰᠢᠷᠳᠡᠨ᠎ᠡ᠃ ᠭᠠᠯᠳᠤ ᠲᠡᠷᠬᠡ ᠤᠬᠤᠰᠬᠢᠨ ᠤᠭᠤᠬᠢᠯᠠᠭᠠᠳ ᠬᠦᠳᠡᠯᠳᠡᠯᠡ ᠡᠵᠢ ᠬᠡᠨᠡᠳᠳᠡ᠄ | ︽ᠠᠬ᠎ᠠ ᠴᠢᠨᠢ ᠬᠤᠭᠤᠯᠨ ᠪᠠᠨ ᠬᠠᠯᠠᠭᠤᠨ ᠪᠦᠯᠢᠶᠡᠨ ᠢᠳᠡᠭᠰᠡᠨ ᠪᠤᠯᠪᠠ ᠤᠤ︖︾ ᠬᠡᠴᠢᠬᠡᠬᠡᠳ ᠬᠤᠭᠤᠯᠠᠢ ᠨᠢ | ᠡᠷᠢᠶᠡᠨᠳᠡᠨ ᠴᠢᠷᠠᠢ ᠨᠢ ᠦᠷᠴᠢᠯᠵᠡᠨᠡ᠃ ︽ᠠᠢ᠂ ᠵᠠᠯᠠᠭᠤ ᠤᠯᠤᠰ ᠦᠪᠡᠷ ᠢᠶᠠᠨ ᠮᠡᠳᠡᠬᠦ ᠪᠠᠶᠢᠯᠬᠦᠢ︾ ᠭᠡᠵᠤ ᠪᠢ | ᠲᠤᠷ᠎ᠠ ᠦᠬᠡᠶᠢᠴᠡᠨ ᠬᠡᠯᠡᠭᠰᠡᠨ ᠦᠬᠡ ᠪᠠᠨ ᠤᠳᠤ ᠪᠤᠳᠤᠬᠤᠯᠠᠷ ᠡᠵᠢ ᠶᠢᠨ ᠰᠡᠳᠬᠢᠯ ᠢ ᠶᠠᠭᠤᠳᠠᠢ ᠬᠠᠷᠠᠳᠠᠢ | ᠰᠡᠪᠳᠦᠭᠡᠭᠰᠡᠨ ᠪᠢᠯᠨ︕ | ᠡᠵᠢ ᠪᠢᠳᠡ ᠬᠤᠶᠠᠭᠤᠯᠨ ᠬᠦᠬᠡᠬᠤᠳᠠ ᠳᠤ ᠢᠷᠡᠬᠡᠳ ᠨᠢᠬᠡ ᠵᠢᠵᠢᠭ ᠦᠷᠤᠬᠡ ᠲᠦᠷᠢᠶᠡᠰᠤᠯᠡᠪᠡ᠃ ᠬᠤᠶᠠᠷ | ᠤᠨᠳᠠᠯᠭ᠎ᠠ ᠶᠢᠨ ᠤᠷᠤ᠂ ᠤᠷᠤ ᠶᠢᠨ ᠬᠠᠵᠠᠭᠤ ᠳᠤ ᠬᠤᠶᠠᠷ ᠬᠤᠷᠭᠤ᠂ ᠬᠠᠶᠠᠭ᠎ᠠ ᠲᠦᠰᠢᠬᠦᠯᠤᠨ ᠲᠠᠯᠪᠢᠬᠰᠠᠨ ᠬᠤᠶᠠᠷ | ᠬᠠᠭᠠᠯᠭᠠᠳᠤ ᠬᠤᠪᠴᠠᠰᠤᠨ ᠤ ᠠᠪᠳᠠᠷ᠎ᠠ ᠪᠠᠷ ᠲᠦᠬᠦᠷᠦᠭᠰᠡᠨ ᠦᠨᠤᠬᠢ ᠭᠤᠴᠢ ᠭᠠᠷᠤᠢ ᠺᠦᠸᠠᠳ᠋ ᠮᠧᠲᠷ ᠬᠦᠷᠬᠦ | ᠦᠭᠡᠢ ᠵᠢᠭᠠᠬᠠᠨ ᠦᠷᠤᠬᠡ ᠮᠠᠨᠢ ᠬᠦᠳᠡᠭᠡ ᠶᠢᠨ ᠰᠢᠪᠠᠷ ᠪᠠᠶᠢᠰᠢᠩ ᠢ ᠪᠤᠳᠤᠪᠠᠯ ᠤᠪᠤᠭ᠎ᠠ ᠲᠤᠬᠢᠯᠢᠭ ᠴᠡᠪᠡᠷ᠂ ᠬᠢᠯᠨ | ᠴᠢᠯᠨ ᠬᠠᠷᠠᠬᠳᠠᠨ᠎ᠠ᠃ | ᠬᠤᠶᠠᠳᠤᠭᠠᠷ ᠬᠡᠷ ᠤᠨ ᠡᠵᠡᠨ ᠨᠠᠳᠠ ᠠᠴᠠ ᠡᠬᠡᠴᠢᠮᠡᠳ ᠨᠠᠰᠤᠨ ᠤ ᠭᠤᠤᠨᠢ ᠡᠵᠡᠭᠳᠡᠢ᠃ ᠦᠡᠭᠭᠡ ᠵᠢᠰᠤ ᠨᠢ | ᠭᠤᠸᠠᠯᠢᠭ᠂ ᠵᠠᠩ ᠠᠭᠠᠯᠢ ᠨᠢ ᠴᠤᠪᠤᠭᠤᠯᠢᠭ᠃ ᠡᠵᠢ ᠤᠳᠠᠯ ᠦᠬᠡᠢ ᠦᠨᠤᠬᠢ ᠬᠡᠷ ᠤᠨ ᠡᠵᠡᠭᠳᠡᠢ ᠲᠠᠢ | ᠲᠠᠰᠤᠯᠴᠠᠴᠢᠬᠠᠪᠠ᠃ ᠨᠢᠬᠡ ᠲᠤᠭᠤᠭᠠᠨ ᠬᠡᠷ ᠲᠤ ᠬᠤᠶᠠᠷ ᠠᠶᠢᠯ ᠬᠤᠪᠢ ᠬᠤᠪᠢᠨ ᠤ ᠪᠠᠨ ᠬᠤᠭᠤᠯᠨ ᠪᠤᠳᠠᠭ᠎ᠠ ᠪᠠᠨ | ᠪᠡᠯᠡᠳᠬᠡᠵᠤ᠂ ᠴᠤᠬᠭᠠᠷ ᠵᠤᠴᠢᠨ ᠤ ᠦᠷᠤᠬᠡ ᠶᠢᠨ ᠴᠠᠢ ᠶᠢᠨ ᠰᠢᠷᠡᠬᠡᠨ ᠲᠡᠬᠡᠷ᠎ᠡ ᠬᠤᠭᠤᠯᠠᠯᠠᠳᠠᠭ᠃ | ᠡᠵᠢ ᠪᠠᠩᠰᠢ ᠢᠳᠡᠬᠦ ᠲᠤᠷᠠᠳᠠᠢ ᠪᠤᠯᠬᠤᠷ ᠮᠠᠨᠤᠰ ᠭᠠᠷᠠᠭ ᠲᠤ ᠬᠡᠳᠤ ᠤᠳᠠᠭ᠎ᠠ ᠬᠤᠨᠢ ᠦᠬᠡᠷ ᠤᠨ ᠮᠢᠬ᠎ᠠ ᠲᠠᠢ | ᠪᠠᠩᠰᠢ ᠪᠠᠷᠢᠵᠤ ᠢᠳᠡᠳᠡᠭ᠃ ᠬᠡᠬᠦ ᠳᠤ ᠪᠠᠨ ᠤᠳᠠᠭ᠎ᠠ ᠪᠦᠷᠢ ᠬᠤᠶᠠᠳᠤᠭᠠᠷ ᠬᠡᠷ ᠤᠨ ᠡᠵᠡᠭᠳᠡᠢ ᠶᠢ ᠶᠡᠷᠤ | ᠬᠤᠴᠤᠷᠤᠭᠤᠯᠳᠠᠭ ᠦᠬᠡᠢ᠃ ᠲᠡᠷᠨ ᠴᠦ ᠡᠵᠢ ᠶᠢ ᠬᠦᠳᠡᠭᠡ ᠭᠠᠵᠠᠷ ᠠᠴᠠ ᠢᠷᠡᠯ᠎ᠡ ᠭᠡᠵᠤ ᠭᠤᠯᠤᠳᠠᠭ ᠦᠬᠡᠢ | ᠪᠠᠶᠢᠬᠰᠠᠨ ᠢᠶᠠᠨ ᠲᠡᠮᠡᠢ ᠤᠳᠠᠯ ᠦᠬᠡᠢ ᠲᠠᠩᠨᠠᠢ ᠶᠢᠨ ᠬᠤᠶᠠᠷ ᠰᠤᠳᠠᠯ ᠰᠢᠭ᠋ ᠶᠠᠭᠤ ᠶᠦᠨᠦᠭ ᠦᠬᠡᠢ | ᠲᠠᠰᠤᠯᠴᠠᠴᠢᠬᠠᠭᠠᠳ᠂ ᠬᠡᠷ ᠲᠤ ᠤᠷᠤᠵᠤ ᠢᠷᠡᠬᠦ ᠲᠠᠢ ᠵᠡᠷᠬᠡ ᠡᠩ ᠲᠡᠷᠢᠬᠦᠨ ᠳᠤ ᠡᠵᠢ ᠶᠢ ᠬᠦᠵᠤᠬᠦᠳᠡᠨ ᠲᠡᠪᠡᠷᠢᠵᠤ | ᠡᠷᠬᠡᠯᠡᠨ ᠨᠠᠭᠠᠯᠳᠤᠵᠤ ᠪᠠᠶᠢᠳᠠᠭ᠃ | ᠡᠨᠡ ᠮᠡᠳᠤ ᠪᠠᠷ ᠪᠢᠳᠡ ᠭᠤᠷᠪᠠᠨ ᠰᠠᠷ᠎ᠠ ᠬᠠᠮᠳᠤ ᠠᠮᠢᠳᠤᠷᠠᠪᠠ᠃ ᠰᠡᠬᠦᠯᠳᠡᠬᠡᠳ ᠦᠨᠤᠬᠢ ᠡᠬᠡᠴᠢ ᠠᠵᠢᠯ | ᠰᠢᠯᠵᠢᠨ ᠨᠡᠬᠦᠨ ᠶᠠᠪᠤᠵᠠᠢ᠃ ᠡᠵᠢ ᠴᠦ ᠨᠢᠬᠡ ᠡᠳᠤᠷ ᠠᠬ᠎ᠠ ᠠᠴᠠ ᠢᠷᠡᠬᠦᠯᠦᠭᠰᠡᠨ ᠤᠳᠠᠰᠤ ᠶᠢ ᠲᠤᠰᠴᠤ᠂ ᠪᠢ | ᠬᠡᠴᠢᠨᠡᠬᠡᠨ ᠬᠤᠷᠢᠬᠯᠠᠬᠰᠠᠨ ᠴᠤ ᠪᠤᠯᠤᠬᠰᠠᠨ ᠦᠬᠡᠢ᠂ ᠠᠬ᠎ᠠ ᠪᠡᠷᠬᠡᠨ ᠢ ᠬᠠᠮᠵᠢᠨ ᠠᠶᠢᠯ ᠬᠡᠷ ᠢ ᠨᠢ ᠬᠠᠪᠰᠤᠷᠴᠤ | ᠲᠤᠳᠤᠮᠳᠠᠵᠤ ᠦᠭᠭᠦᠨ᠎ᠡ ᠬᠡᠳ ᠬᠦᠳᠡᠭᠡ ᠬᠡᠷ ᠲᠤ ᠢᠶᠠᠨ ᠪᠤᠴᠠᠪᠠ᠃ | ᠰᠡᠬᠦᠯ ᠤᠨ ᠬᠡᠳᠤᠨ ᠵᠢᠯ ᠳᠤ ᠲᠠᠷᠢᠶᠠᠨ ᠠᠵᠢᠯ ᠤᠨ ᠰᠡᠯᠡᠬᠦᠤ ᠴᠠᠭ ᠪᠤᠯᠪᠠᠯ ᠡᠵᠢ ᠮᠢᠨᠢ ᠬᠦᠬᠡᠬᠤᠳᠠ ᠳᠤ ᠢᠷᠡᠵᠤ | ᠨᠠᠳᠠ ᠳᠤ ᠬᠠᠨᠢ ᠪᠤᠯᠵᠤ᠂ ᠬᠤᠭᠤᠯᠨ ᠪᠤᠳᠠᠭ᠎ᠠ ᠶᠢ ᠤᠶᠢᠷᠠᠳᠤᠭᠤᠯᠵᠤ ᠦᠭᠭᠦᠨ᠎ᠡ᠂ ᠲᠠᠷᠢᠶᠠᠨ ᠠᠵᠢᠯ ᠤᠨ ᠶᠠᠭᠠᠷᠠᠤ | ᠦᠶ᠎ᠡ ᠪᠤᠯᠤᠬᠰᠠᠭᠠᠷ ᠬᠦᠳᠡᠭᠡ ᠳᠤ ᠪᠠᠨ ᠬᠠᠷᠢᠨ ᠠᠬ᠎ᠠ ᠪᠡᠷᠬᠡᠨ ᠢ ᠬᠠᠪᠰᠤᠷᠤᠨ ᠲᠡᠮᠵᠢᠵᠤ ᠬᠡᠷ ᠦᠷᠤᠬᠡ ᠶᠢ ᠨᠢ | ᠲᠤᠳᠤᠮᠳᠠᠵᠤ ᠦᠭᠭᠦᠨ᠎ᠡ᠃ ᠠᠷᠪᠠᠨ ᠬᠤᠷᠤᠭᠤᠨ ᠤ ᠠᠯᠢᠨ ᠢ ᠨᠢ ᠬᠠᠵᠠᠬᠰᠠᠨ ᠴᠦ ᠪᠦᠷ ᠡᠪᠡᠳᠤᠨᠡ ᠬᠡᠳᠡᠭ ᠢᠶᠠᠷ | ᠬᠦᠤ ᠳᠤ ᠪᠠᠨ ᠲᠠᠳᠠᠯᠳᠤᠬᠤ ᠪᠠᠷ ᠪᠠᠷᠠᠬᠤ ᠦᠬᠡᠢ ᠬᠦᠮᠦᠨ ᠤ ᠭᠠᠵᠠᠷ ᠭᠠᠭᠴᠨ ᠪᠡᠶ᠎ᠡ ᠠᠵᠢᠯᠯᠠᠵᠤ ᠠᠮᠢᠳᠤᠷᠠᠭ᠎ᠠ | ᠦᠬᠢᠨ ᠤ ᠪᠠᠨ ᠲᠦᠯᠦᠬᠡ ᠴᠦ ᠰᠠᠨᠠᠭ᠎ᠠ ᠠᠯᠭᠠᠰᠳᠠᠭ ᠡᠵᠢ ᠶᠢᠨ ᠰᠡᠳᠬᠢᠯ ᠢ ᠪᠢ ᠬᠡᠷᠬᠢᠨ ᠤᠶᠢᠯᠠᠭᠠᠬᠤ ᠦᠬᠡᠢ ᠪᠤᠢ | ᠳ᠋ᠠ᠃ ᠠᠪᠤ ᠮᠢᠨᠢ ᠠᠯᠢᠪᠠ ᠪᠠᠨ ᠬᠠᠶᠠᠭᠠᠳ ᠶᠠᠪᠤᠬᠤ ᠳᠤ ᠪᠠᠨ ᠰᠡᠳᠬᠢᠯ ᠲᠤᠳᠤᠷ᠎ᠠ ᠨᠢ ᠬᠠᠮᠤᠭ ᠠᠴᠠ ᠬᠠᠶᠠᠵᠤ | ᠲᠦᠪᠳᠡᠬᠦ ᠦᠬᠡᠢ ᠨᠢ ᠶᠠᠭᠤ ᠬᠡᠰᠡᠨ ᠢ ᠪᠢ ᠮᠡᠳᠡᠨ᠎ᠡ᠃ ᠠᠮᠢᠨ ᠬᠠᠶᠢᠷᠠᠳᠠᠢ ᠭᠠᠭᠴᠨ ᠦᠬᠢᠨ ᠢᠶᠠᠨ ᠶᠠᠮᠠᠷ ᠰᠢᠤ | ᠠᠶᠢᠯ ᠳᠤ ᠮᠤᠷᠳᠠᠭᠤᠯᠳᠠᠭ ᠪᠤᠯ︖ ᠶᠠᠮᠠᠷ ᠵᠡᠷᠬᠡ ᠶᠢᠨ ᠬᠦᠷᠬᠡᠨ ᠤᠯᠳᠠᠭ ᠪᠤᠯ︖ ᠭᠡᠵᠤ ᠠᠪᠤ ᠮᠢᠨᠢ ᠡᠪᠡᠳᠴᠢᠨ ᠤ | ᠤᠷᠤ ᠲᠡᠬᠡᠷ᠎ᠡ ᠰᠢᠨᠠᠯᠤᠨ ᠵᠤᠪᠠᠵᠤ ᠪᠠᠶᠢᠬᠤ ᠳᠤ ᠪᠠᠨ ᠦᠷᠬᠦᠯᠵᠢ ᠶᠠᠷᠢᠭᠠᠳ ᠪᠠᠶᠢᠳᠠᠭ ᠶᠤᠮ᠃ ᠡᠵᠢ ᠳᠤ ᠪᠠᠨ ᠪᠤᠤ | ᠯᠨ ᠡᠨᠡ ᠬᠦ ᠬᠠᠷᠠᠮᠰᠠᠯ ᠢ ᠦᠯᠡᠳᠡᠭᠡᠶ᠎ᠡ ᠭᠡᠵᠤ ᠪᠤᠳᠤᠭᠠᠳ ᠪᠤᠰᠤᠳ ᠤᠨ ᠲᠠᠨᠢᠯᠴᠠᠭᠤᠯᠭ᠎ᠠ ᠪᠠᠷ ᠪᠢ ᠤᠳᠤ ᠶᠢᠨ | ᠨᠦᠬᠦᠷ ᠲᠠᠢ ᠪᠠᠨ ᠲᠠᠨᠢᠯᠴᠠᠯ᠎ᠠ᠃ ᠨᠦᠬᠦᠷ ᠮᠢᠨᠢ ᠨᠠᠳᠠ ᠲᠠᠢ ᠠᠳᠠᠯᠢᠬᠠᠨ ᠰᠤᠶᠤᠯ ᠰᠤᠷᠭᠠᠭᠤᠯᠢ ᠶᠢᠨ ᠮᠦᠷ ᠢ | ᠬᠦᠬᠡᠬᠡᠵᠤ ᠬᠦᠳᠡᠭᠡ ᠠᠴᠠ ᠢᠷᠡᠭᠰᠡᠨ ᠤᠶᠤᠳᠠᠨ ᠬᠦᠮᠦᠨ᠂ ᠠᠵᠢᠯ ᠦᠢᠯᠡᠰ ᠤᠨ ᠨᠢᠬᠡᠴᠢ ᠳᠤ ᠠᠵᠢᠯᠯᠠᠳᠠᠭ᠃ ᠡᠵᠢ | ᠶᠢᠨ ᠠᠮᠢᠳᠤᠷᠠᠯ ᠢ ᠡᠷᠳᠡᠬᠡᠨ ᠰᠢᠭ ᠲᠦᠪᠬᠢᠨᠡᠬᠦᠯᠬᠦ ᠶᠢᠨ ᠲᠦᠯᠦᠬᠡ ᠮᠠᠨ ᠤ ᠬᠤᠶᠠᠭᠤᠯᠨ ᠲᠠᠨᠢᠯᠴᠠᠭᠠᠳ ᠬᠠᠭᠠᠰ ᠵᠢᠯ | ᠪᠤᠯᠬᠤ ᠲᠠᠢ ᠵᠡᠷᠬᠡ ᠤᠷᠤᠭ ᠤᠨ ᠪᠠᠳᠤᠯᠠᠪᠤᠷᠢ ᠪᠠᠨ ᠠᠪᠴᠤ᠂ ᠡᠵᠢ ᠶᠢ ᠬᠦᠳᠡᠭᠡ ᠠᠴᠠ ᠲᠤᠰᠴᠤ ᠠᠪᠴᠢᠷᠠᠨ᠂ | ᠲᠦᠬᠦᠮᠬᠡᠨ ᠬᠤᠷᠢᠮ ᠤᠨ ᠶᠤᠰᠤᠯᠠᠯ ᠬᠢᠪᠡ᠃ ᠡᠵᠢ ᠨᠠᠷᠬᠢᠶᠠᠨ ᠳᠤ ᠲᠤᠷᠠᠳᠠᠢ ᠪᠤᠯᠬᠤᠷ ᠪᠢᠳᠡ ᠨᠤᠭᠤᠭᠠᠨ ᠤ ᠵᠠᠬ᠎ᠠ | ᠶᠢᠨ ᠤᠶᠢᠷᠠᠯᠴᠠᠭᠠᠬᠢ ᠬᠤᠶᠠᠷ ᠦᠷᠤᠬᠡ ᠨᠢᠬᠡ ᠲᠢᠩᠭᠢᠮ ᠲᠠᠢ ᠬᠡᠷ ᠲᠦᠷᠢᠶᠡᠰᠤᠯᠡᠵᠡᠢ᠃ | ᠡᠨᠡ ᠤᠳᠠᠭ᠎ᠠ ᠡᠵᠢ ᠮᠢᠨᠢ ᠬᠦᠬᠡᠬᠤᠳᠠ ᠳᠤ ᠬᠠᠭᠠᠰ ᠵᠢᠯ ᠢᠯᠡᠬᠦᠤ ᠰᠠᠭᠤᠵᠠᠢ᠃ ᠨᠢᠬᠡ ᠡᠳᠤᠷ ᠦᠳᠡ ᠶᠢᠨ | ᠬᠤᠭᠤᠯᠨ ᠢᠳᠡᠵᠤ ᠪᠠᠶᠢᠳᠠᠯ᠎ᠠ᠂ ᠡᠵᠢ ᠮᠢᠨᠢ ᠬᠡᠨᠡᠳᠳᠡ ᠬᠡᠷ ᠢᠶᠠᠨ ᠰᠠᠨᠠᠵᠤ ᠪᠠᠶᠢᠨ᠎ᠠ᠂ ᠬᠦᠤ ᠪᠠᠨ ᠰᠠᠨᠠᠵᠤ ᠪᠠᠶᠢᠨ᠎ᠠ | ᠬᠡᠳ ᠤᠬᠢᠯᠠᠴᠢᠬᠠᠪᠠ᠃ ᠪᠢ ᠬᠡᠴᠢᠨᠡᠬᠡᠨ ᠢᠳᠬᠠᠬᠰᠠᠨ ᠴᠦ ᠲᠤᠰᠨ ᠭᠠᠷᠤᠬᠰᠠᠨ ᠦᠬᠡᠢ᠂ ᠡᠵᠢ ᠮᠢᠨᠢ ᠬᠠᠰᠢ ᠯᠨ | ᠬᠦᠳᠡᠭᠡ ᠳᠤ ᠪᠠᠨ ᠬᠠᠷᠢᠬᠤ ᠪᠠᠷ ᠪᠤᠯᠵᠠᠢ᠃ ᠲᠠᠷᠠᠭ᠎ᠠ ᠡᠳᠤᠷ ᠨᠢ ᠭᠠᠷᠠᠭ ᠤᠨ ᠵᠢᠷᠭᠤᠭᠠᠨ ᠪᠤᠯᠬᠤᠷ ᠨᠦᠬᠦᠷ ᠪᠢᠳᠡ | ᠬᠤᠶᠠᠭᠤᠯᠨ ᠡᠵᠢ ᠲᠠᠢ ᠬᠠᠮᠳᠤ ᠬᠤᠳᠠᠯᠳᠤᠭᠠᠨ ᠤ ᠲᠠᠯᠠᠪᠤᠷ ᠲᠤ ᠬᠦᠷᠴᠤ᠂ ᠢᠳᠡᠬᠦ ᠡᠮᠤᠰᠬᠦ ᠵᠢᠭᠠᠯ ᠵᠤᠭᠤᠯ | ᠶᠠᠭᠤᠮ᠎ᠠ ᠬᠡᠤᠮ᠎ᠠ ᠠᠪᠴᠤ ᠦᠭᠬᠦ ᠪᠠᠷ ᠪᠤᠯᠪᠠ᠃ | ᠬᠤᠳᠠᠯᠳᠤᠭᠠᠨ ᠤ ᠲᠠᠯᠠᠪᠤᠷ ᠲᠤ ᠬᠦᠷᠤᠬᠡᠳ ᠦᠭᠰᠤᠨ ᠤᠷᠤᠭᠤᠳᠠᠬᠤ ᠴᠠᠬᠢᠯᠭᠠᠨ ᠱᠠᠳᠤ ᠶᠢ ᠦᠵᠡᠮᠡᠭᠴᠨ᠄ ︽ | ᠪᠢ ᠲᠠᠨᠤᠰ ᠢ ᠭᠠᠳᠠᠨ᠎ᠠ ᠬᠦᠯᠢᠶᠡᠵᠤ ᠪᠠᠶᠢᠶ᠎ᠠ︾ ᠬᠡᠳ ᠡᠵᠢ ᠭᠠᠷᠤᠭᠠᠳ ᠶᠠᠪᠤᠴᠢᠬᠠᠯ᠎ᠠ᠃ ᠡᠵᠢ ᠶᠢᠨ ᠭᠠᠴᠢᠬᠳᠠᠯ ᠢ | ᠪᠢ ᠮᠡᠳᠡᠵᠤ ᠪᠠᠶᠢᠨ᠎ᠠ᠂ ᠲᠤᠮᠤ ᠬᠤᠳᠠᠯᠳᠤᠭᠠᠨ ᠤ ᠲᠠᠯᠠᠪᠤᠷ ᠢᠶᠠᠷ ᠲᠡᠷᠨ ᠨᠢᠬᠡ ᠴᠦ ᠤᠳᠠᠭ᠎ᠠ ᠲᠤᠭᠤᠷᠢᠵᠤ ᠦᠵᠡᠭᠡ | ᠦᠬᠡᠢ᠂ ᠬᠡᠳᠤᠷᠡᠬᠦ ᠳᠤ ᠪᠠᠨ ᠬᠤᠰᠢᠭᠤᠨ ᠤ ᠪᠦᠷᠢᠨ ᠪᠠᠷᠠᠭᠠᠳᠤ ᠲᠡᠯᠬᠡᠬᠦᠷ ᠲᠤ ᠬᠤᠶᠠᠷ ᠭᠤᠷᠪᠠᠭ᠋ᠠᠨ ᠤᠳᠠᠭ᠎ᠠ | ᠤᠴᠢᠵᠤ ᠦᠡᠭᠭᠡᠷᠡᠭᠰᠡᠨ ᠡᠵᠢ ᠮᠢᠨᠢ ᠡᠨᠡ ᠴᠠᠬᠢᠯᠭᠠᠨ ᠱᠠᠳᠤ ᠶᠢ ᠠᠩᠬ᠎ᠠ ᠤᠳᠠᠭ᠎ᠠ ᠬᠠᠷᠠᠵᠤ ᠪᠠᠶᠢᠭ᠎ᠠ ᠶᠤᠮ᠃ | ᠪᠢᠳᠡ ᠶᠠᠭᠤᠮ᠎ᠠ ᠬᠡᠤᠮ᠎ᠠ ᠪᠠᠨ ᠠᠪᠤᠭᠠᠳ ᠲᠠᠯᠠᠪᠤᠷ ᠠᠴᠠ ᠭᠠᠷᠴᠤ ᠢᠷᠡᠬᠦ ᠳᠤ ᠡᠵᠢ ᠮᠢᠨᠢ ᠬᠤᠳᠠᠯᠳᠤᠭᠠᠨ ᠤ | ᠲᠠᠯᠠᠪᠤᠷ ᠤᠨ ᠡᠮᠤᠨᠡᠬᠢ ᠴᠢᠯᠠᠭᠤᠨ ᠳ᠋ᠦᠡᠭᠵᠡᠨ ᠲᠡᠬᠡᠷ᠎ᠡ ᠰᠠᠭᠤᠭᠠᠳ ᠮᠠᠨᠤᠰ ᠢ ᠬᠦᠯᠢᠶᠡᠵᠤ ᠪᠠᠶᠢᠯ᠎ᠠ᠃ ︽ᠮᠦᠮᠤ ᠡ﹈ | ᠬᠡᠬᠦ ᠮᠢᠨ᠋᠊ ᠲᠠᠭᠤᠨ ᠢᠶᠠᠷ ᠡᠵᠢ ᠡᠷᠬᠢᠨ ᠬᠠᠷᠠᠭᠠᠳ᠂ ᠨᠠᠷᠠᠨ ᠳᠤ ᠰᠢᠷᠠᠬᠳᠠᠨ ᠤᠯᠠᠶᠢᠬᠰᠠᠨ ᠴᠢᠷᠠᠢ ᠲᠡᠬᠡᠷᠡᠬᠢ ᠬᠦᠯᠤᠰᠤ | ᠪᠠᠨ ᠬᠠᠨᠴᠤᠢ ᠪᠠᠷ ᠪᠠᠨ ᠠᠷᠴᠢᠬᠢᠰᠭᠠᠳ ᠦᠬᠡᠳᠡ ᠠᠴᠠ ᠢᠨᠢᠶᠡᠮᠰᠦᠭᠯᠡᠨ ᠰᠢᠷᠳᠡᠬᠦ ᠶᠤᠮ᠃ ᠠᠢ ᠳ᠋ᠠ᠂ ᠬᠦᠬᠡᠷᠤᠬᠦᠢ | ᠠᠵᠢ ᠮᠢᠨᠢ︕ | ᠡᠵᠢ ᠮᠢᠨᠢ ᠨᠤᠳᠤᠭ ᠤᠷᠤᠭᠤ ᠪᠠᠨ ᠪᠤᠴᠠᠬᠤ ᠭᠠᠯᠳᠤ ᠲᠡᠷᠬᠡᠨ ᠳᠤ ᠭᠠᠷᠤᠯ᠎ᠠ᠃ ︽ᠵᠠᠮ ᠳᠤ ᠪᠠᠨ ᠠᠮᠤᠷ | ᠲᠦᠪᠰᠢᠨ ᠢᠶᠠᠨ ᠬᠢᠴᠢᠶᠡᠬᠡᠷᠡᠢ᠂ ᠤᠴᠢᠷ ᠲᠠᠢ ᠪᠤᠯ ᠨᠠᠳᠠ ᠳᠤ ᠤᠳᠠᠰᠤᠳᠠᠭᠠᠷᠠᠢ︾ ᠭᠡᠵᠤ ᠪᠢ ᠲᠡᠷᠬᠡᠨ ᠴᠤᠩᠬᠤ ᠳᠤ | ᠠᠬᠢᠨ ᠲᠠᠬᠢᠨ ᠵᠠᠬᠢᠬᠤ ᠳᠤ ᠡᠵᠢ ᠮᠢᠨᠢ ᠪᠠᠰᠨ ᠯᠨ ᠬᠠᠨᠴᠤᠢ ᠪᠠᠷ ᠢᠶᠠᠨ ᠨᠢᠯᠪᠤᠰᠤ ᠪᠠᠨ ᠠᠷᠴᠢᠬᠰᠠᠭᠠᠷ ᠮᠠᠨᠤᠰ | ᠤᠷᠤᠭᠤ ᠭᠠᠷ ᠲᠠᠯᠠᠯᠵᠤ᠂ ︽ᠬᠠᠷᠢᠭᠠᠷᠠᠢ﹈ ᠭᠡᠵᠤ ᠲᠤᠬᠢᠶ᠎ᠠ ᠦᠭᠭᠦᠨ᠎ᠡ᠃ ᠡᠵᠢ ᠮᠢᠨᠢ ᠲᠠᠬᠢᠵᠤ ᠬᠦᠬᠡᠬᠤᠳᠠ ᠳᠤ | ᠢᠷᠡᠭᠰᠡᠨ ᠦᠬᠡᠢ᠃ ᠬᠦᠳᠡᠭᠡ ᠬᠠᠷᠢᠬᠰᠠᠨ ᠤ ᠪᠠᠨ ᠲᠠᠷᠠᠬᠠ ᠵᠢᠯ ᠡᠵᠢ ᠮᠢᠨᠢ ᠡᠯᠢᠬᠡᠨ ᠦᠷᠪᠢᠰᠤᠯ ᠢᠶᠠᠷ ᠬᠡᠨᠡᠳᠳᠡ | ᠪᠡᠶ᠎ᠡ ᠦᠡᠭᠭᠡᠷᠡᠵᠤ᠂ ᠪᠢ ᠡᠵᠢ ᠲᠠᠢ ᠪᠠᠨ ᠬᠠᠮᠤᠭ ᠡᠴᠤᠰ ᠤᠨ ᠨᠢᠭᠤᠷ ᠵᠤᠯᠭᠠᠵᠤ ᠴᠢᠳᠠᠭ᠎ᠠ ᠦᠬᠡᠢ ᠮᠠᠨᠢ ᠨᠠᠰᠤᠨ ᠤ | ᠬᠠᠷᠠᠮᠰᠠᠯ ᠪᠤᠯᠵᠤ ᠪᠢᠯᠨ᠃ | ᠨᠠᠳᠠ ᠶᠢ ᠰᠡᠩᠳᠡ ᠮᠡᠩᠳᠡ ᠬᠦᠳᠡᠭᠡ ᠳᠤ ᠪᠠᠨ ᠬᠦᠷᠬᠦ ᠳᠤ ᠬᠦᠷᠢᠶ᠎ᠡ ᠲᠦᠬᠦᠷᠡᠩ ᠬᠦᠮᠦᠰ ᠪᠤᠵᠢᠬᠢᠨᠠᠯᠳᠤᠨ ᠬᠡᠬᠦᠷ | ᠭᠠᠷᠭᠠᠬᠤ ᠶᠤᠰᠤ ᠤᠴᠢᠷ ᠢ ᠵᠦᠪᠳᠡᠨ ᠪᠡᠯᠡᠳᠬᠡᠵᠤ ᠪᠠᠶᠢᠵᠠᠢ᠃ ᠵᠢᠯ ᠳᠤ ᠪᠠᠨ ᠬᠡᠷ ᠤᠨ ᠡᠬᠦᠳᠡᠨ ᠠᠴᠠ ᠭᠠᠷᠳᠠᠭ | ᠦᠬᠡᠢ ᠵᠡᠷᠬᠡᠯᠡᠳᠡᠭᠡ ᠠᠶᠢᠯ ᠤᠨ ᠶᠦᠡᠭ ᠡᠬᠡᠴᠢ ᠨᠢᠳᠤ ᠪᠠᠨ ᠬᠠᠪᠤᠩᠳᠤᠭᠤᠯᠴᠢᠬᠠᠬᠰᠠᠨ᠂ ᠬᠤᠭᠤᠯᠨ ᠪᠤᠳᠠᠭ᠎ᠠ ᠲᠤ | ᠡᠨᠡ ᠲᠡᠷᠨ ᠭᠡᠵᠤ ᠲᠦᠪᠬᠢᠨᠡᠬᠦᠯᠤᠨ ᠲᠦᠨᠳᠤᠴᠢᠨᠠ᠃ ᠴᠠᠭᠠᠨ ᠰᠠᠷ᠎ᠠ ᠶᠢᠨ ᠰᠢᠨ᠎ᠡ ᠶᠢᠨ ᠨᠢᠬᠡᠨ ᠪᠤᠯᠭᠠᠨ ᠳᠤ ᠮᠠᠨ | ᠤ ᠳᠤ ᠢᠷᠡᠬᠡᠳ ᠠᠪᠤ ᠡᠵᠢ ᠪᠠᠷ ᠪᠡᠯᠬᠡᠰᠢᠶᠡᠬᠦᠯᠤᠨ ᠵᠤᠭᠤᠰ ᠵᠤᠭ᠎ᠠ ᠭᠠᠷᠳᠠᠭᠤᠯᠤᠭᠤᠯᠳᠠᠭ ᠶᠠᠪᠠ ᠠᠬ᠎ᠠ ᠤᠰᠤ | ᠲᠦᠯᠡᠭᠡ ᠤᠶᠢᠷᠠᠳᠤᠭᠤᠯᠤᠨ ᠪᠦᠭᠴᠤᠭᠡᠨᠡᠨᠡ᠃ ᠶᠠᠪᠠ ᠠᠬ᠎ᠠ ᠨᠠᠮ᠎ᠠ ᠶᠢ ᠦᠵᠡᠩᠭᠦᠳᠡ ᠬᠦᠶᠤᠵᠤ ᠢᠷᠡᠴᠢᠬᠡᠬᠡᠳ᠂ | ᠡᠷᠡᠬᠡᠢ ᠬᠤᠷᠤᠭᠤ ᠪᠠᠨ ᠭᠤᠵᠤᠶᠢᠯᠭᠠᠨ᠄ ︽ᠡᠵᠢ ᠴᠢᠨᠢ ᠪᠤᠯ ᠰᠠᠶᠢᠨ ᠬᠦᠮᠦᠨ ᠡ︾ ᠭᠡᠵᠤ ᠨᠠᠳᠠ ᠳᠤ ᠬᠡᠯᠡᠵᠤ | ᠭᠠᠷᠤᠨ᠎ᠠ᠃ ᠡᠵᠢ ᠶᠢᠨ ᠦᠷᠤᠪᠴᠢ ᠵᠦᠬᠡᠯᠡᠨ ᠰᠡᠳᠬᠢᠯ ᠢ ᠦᠬᠢᠨ ᠨᠢ ᠪᠤᠯᠤᠬᠰᠠᠨ ᠪᠢ ᠬᠡᠷᠬᠢᠨ ᠮᠡᠳᠡᠬᠦ ᠦᠬᠡᠢ | ᠪᠢᠯᠨ︕ | ᠪᠠᠭ᠎ᠠ ᠪᠠᠶᠢᠬᠤ ᠳᠤ ᠮᠠᠨ ᠤ ᠲᠤᠰᠬᠤᠨ ᠳᠤ ᠦᠷᠬᠦᠯᠵᠢ ᠨᠢᠬᠡᠨ ᠰᠤᠯᠢᠶᠠᠳᠤ ᠪᠦᠰᠡᠬᠦᠢ ᠢᠷᠡᠳᠡᠭ᠃ᠰᠤᠯᠢᠶᠠᠳᠤ | ᠢᠷᠡᠬᠦ ᠪᠤᠯᠭᠠᠨ ᠡᠵᠢ ᠮᠢᠨᠢ ᠲᠡᠬᠦᠨ ᠢ ᠬᠡᠷ ᠲᠤ ᠪᠠᠨ ᠲᠠᠭᠠᠭᠤᠯᠤᠨ ᠠᠪᠴᠢᠷᠠᠵᠤ ᠬᠠᠯᠠᠭᠤᠨ ᠪᠦᠯᠢᠶᠡᠨ ᠬᠤᠭᠤᠯᠨ | ᠤᠮᠳᠠ ᠢᠳᠡᠬᠦᠯᠵᠤ ᠤᠤᠭᠤᠯᠭᠠᠨ᠂ ᠬᠤᠪᠴᠠᠰᠤ ᠬᠤᠨᠠᠷ ᠢ ᠨᠢ ᠰᠤᠯᠢᠵᠤ ᠦᠭᠳᠡᠭ᠃ ᠪᠢ ᠦᠨᠤᠬᠢ ᠰᠤᠯᠢᠶᠠᠳᠤ | ᠶᠢᠨ ᠲᠦᠯᠡᠬᠡᠨ ᠤᠪᠤᠭ᠎ᠠ ᠰᠢᠭ᠋ ᠰᠢᠷᠢᠯᠳᠤᠵᠤ ᠢᠰᠡᠬᠡᠶᠢᠷᠡᠭᠰᠡᠨ ᠦᠰᠤ ᠬᠡᠵᠢᠬᠡ᠂ ᠭᠭᠢᠷ ᠪᠤᠷᠳᠤᠭ ᠲᠤ ᠪᠠᠨ | ᠲᠠᠷᠤᠬᠳᠠᠬᠰᠠᠨ ᠤᠷᠠᠩᠬᠠᠢ ᠲᠡᠪᠡᠯ ᠦᠮᠤᠳᠤ ᠶᠢ ᠨᠢ ᠦᠵᠡᠬᠡᠳ ᠶᠡᠭᠡ ᠯᠨ ᠵᠢᠭ᠍ᠰᠢᠵᠤ᠂ ᠡᠵᠢ ᠳᠤ ᠮᠠᠰᠢ ᠲᠤᠷ᠎ᠠ | ᠦᠬᠡᠶᠢᠴᠡᠳᠡᠭ ᠪᠠᠶᠢᠯ᠎ᠠ᠃ ᠢᠯᠠᠩᠭᠤᠶ᠎ᠠ ᠰᠤᠯᠢᠶᠠᠳᠤ ᠮᠢᠨᠤ ᠦᠬᠡᠳᠡ ᠠᠴᠠ ᠠᠮᠨ ᠪᠠᠨ ᠲᠠᠷᠪᠠᠶᠢᠯᠭᠠᠨ ᠢᠨᠢᠶᠡᠭᠰᠡᠬᠡᠷ | ᠯᠨ ᠠᠶᠤᠩᠭᠤᠷᠢ ᠲᠦᠷᠤᠵᠤ᠂ ᠴᠢᠳᠠᠪᠠᠯ ᠲᠡᠬᠦᠨ ᠢ ᠬᠡᠷ ᠠᠴᠠ ᠪᠠᠨ ᠬᠦᠬᠡᠬᠡᠬᠡᠳ ᠭᠠᠷᠭᠠᠴᠢᠬᠠᠮᠠᠷ ᠬᠤᠷᠤᠰᠤᠨ᠎ᠠ᠃ | ᠰᠡᠬᠦᠯᠡᠷ ᠨᠢ ᠰᠤᠯᠢᠶᠠᠳᠤ ᠦᠬᠡᠷ᠎ᠡ ᠲᠤᠰᠬᠤᠨ ᠳᠤ ᠲᠡᠨᠤᠬᠦᠴᠢᠯᠡᠵᠤ ᠬᠦᠷᠤᠬᠡᠳ ᠨᠢᠬᠡᠨ ᠰᠠᠶᠢᠬᠠᠨ ᠰᠡᠳᠬᠢᠯᠳᠤ ᠬᠡᠷ | ᠤᠨ ᠡᠵᠡᠭᠳᠡᠢ ᠶᠢᠨ ᠦᠭᠭᠦᠭᠰᠡᠨ ᠱᠦᠯᠤᠬᠡᠢ ᠪᠤᠳᠠᠭ᠎ᠠ ᠶᠢ ᠬᠡᠳᠤᠷᠡᠳᠡᠯ᠎ᠡ ᠢᠳᠡᠬᠡᠳ ᠦᠬᠦᠪᠡ ᠬᠡᠰᠡᠨ ᠴᠢᠮᠡᠭᠡ ᠶᠢ ᠨᠢ | ᠲᠤᠭᠤᠯᠤᠭᠠᠳ᠂ ᠡᠵᠢ ᠮᠢᠨᠢ ᠰᠤᠯᠢᠶᠠᠳᠤ ᠶᠢᠨ ᠲᠦᠯᠤᠬᠡ ᠬᠡᠳᠤᠨᠨ ᠡᠳᠤᠷ ᠰᠡᠳᠬᠢᠯ ᠡᠪᠬᠡᠷᠡᠨ ᠨᠢᠯᠪᠤᠰᠤ ᠤᠨᠠᠭᠠᠵᠤ | ᠪᠢᠯᠨ᠃ | ᠡᠵᠢ ᠮᠢᠨᠢ ᠬᠠᠨᠵᠤᠨ ᠲᠡᠬᠡᠷ᠎ᠡ ᠨᠠᠮ ᠬᠡᠪᠳᠡᠨ᠎ᠡ᠃ ᠪᠢ ᠡᠵᠢ ᠶᠢᠨ ᠮᠦᠷ ᠠᠴᠠ ᠴᠢᠩᠭ᠎ᠠ ᠲᠠᠪᠠᠷᠢᠨ᠂ ᠬᠠᠴᠠᠷ ᠢᠶᠠᠨ | ᠬᠠᠴᠠᠷ ᠲᠠᠢ ᠨᠢ ᠨᠠᠭᠠᠯᠳᠤᠭᠤᠯᠬᠤ ᠳᠤ ᠡᠪᠤᠷ ᠲᠤᠳᠤᠷ ᠡᠵᠢ ᠮᠢᠨᠢ ᠨᠢᠬᠡ ᠯᠨ ᠠᠳᠬᠤ ᠪᠤᠯᠤᠭᠠᠳ ︽ᠮᠦᠮᠤ ᠡ︾ | ᠭᠡᠵᠤ ᠲᠠᠭᠤᠳᠠᠬᠤ ᠳᠤ ᠬᠠᠷᠢᠭᠤ ᠦᠬᠡᠢ ᠬᠡᠪᠳᠡᠬᠦ ᠨᠢ ᠡᠯᠢᠬᠡ ᠡᠮᠳᠡᠷᠡᠬᠦᠯᠤᠨᠡ᠃ ᠦᠨᠡᠨ ᠤ ᠭᠠᠵᠠᠷ ᠶᠠᠪᠤᠬᠰᠠᠨ ᠡᠵᠢ | ᠳᠤ ᠪᠠᠨ ᠬᠡᠯᠡᠵᠤ ᠠᠮᠵᠢᠭ᠎ᠠ ᠦᠬᠡᠢ ᠰᠡᠳᠬᠢᠯ ᠤᠨ ᠦᠬᠡ ᠨᠦᠭᠦᠳ ᠨᠢᠯᠪᠤᠰᠤ ᠪᠤᠯᠵᠤ ᠵᠢᠷᠤᠬᠡ ᠪᠠᠷ ᠤᠷᠤᠰᠤᠨ᠎ᠠ ᠁ | | ᠡᠵᠢ ᠮᠢᠨᠢ ᠡᠴᠤᠰ ᠲᠤ ᠪᠠᠨ ᠬᠠᠰᠢ ᠯᠨ ᠰᠠᠨᠠᠵᠤ ᠬᠦᠰᠡᠭᠰᠡᠨ ᠬᠦᠤ ᠶᠢᠨ ᠢᠶᠠᠨ ᠪᠡᠯᠡᠳᠦᠭᠰᠡᠨ ᠠᠪᠰᠠᠨ ᠳᠤ | ᠤᠷᠤᠯ᠎ᠠ᠃ ᠦᠷ᠎ᠡ ᠪᠠᠨ ᠲᠡᠵᠢᠬᠡᠨ ᠶᠠᠰᠤ ᠢᠶᠠᠨ ᠪᠠᠷᠢᠭᠤᠯᠤᠨ᠎ᠠ ᠭᠡᠭᠴᠢ ᠡᠵᠢ ᠶᠢᠨ ᠮᠢᠨᠢ ᠡᠨᠡ ᠨᠠᠰᠤᠨ ᠤ ᠬᠠᠮᠤᠭ | ᠤᠨ ᠬᠠᠨᠤᠮᠵᠢᠳᠠᠢ ᠤᠴᠢᠷ ᠮᠠᠭᠠᠳ᠃ ᠡᠵᠢ ᠰᠦᠨᠢᠵᠢᠨ ᠰᠢᠨᠠᠯᠤᠨ ᠵᠤᠪᠠᠵᠤ᠂ ᠡᠮᠴᠢ ᠲᠤᠮᠴᠢ ᠵᠠᠯᠠᠵᠤ ᠡᠮ ᠲᠠᠩ | ᠪᠠᠷᠢᠭᠰᠠᠨ ᠴᠦ ᠡᠳᠡᠬᠡᠷᠡᠭᠰᠡᠨ ᠦᠬᠡᠢ᠂ ᠲᠠᠷᠠᠭ᠎ᠠ ᠡᠳᠤᠷ ᠨᠢ ᠨᠢᠬᠡ ᠯᠨ ᠠᠮᠢᠰᠬᠤᠭ᠎ᠠ ᠳᠤ ᠪᠠᠨ ᠪᠦᠭᠯᠡᠷᠡᠬᠡᠳ | ᠶᠠᠪᠤᠴᠢᠬᠠᠯ᠎ᠠ ᠭᠡᠵᠤ ᠠᠬ᠎ᠠ ᠨᠢᠯᠪᠤᠰᠤ ᠴᠤᠪᠤᠷᠠᠭᠤᠯᠤᠬᠰᠠᠭᠠᠷ ᠬᠡᠯᠡᠬᠦ ᠶᠤᠮ᠃ ᠶᠠᠪᠤᠴᠢᠬᠠᠯ᠎ᠠ᠂ ᠲᠡᠶᠢᠮᠤ ᠡ᠂ | ᠶᠠᠪᠤᠴᠢᠬᠠᠯ᠎ᠠ᠃ ᠬᠢᠷᠢ ᠵᠡᠷᠬᠡ ᠶᠢᠨ ᠭᠤᠨᠢᠭ ᠵᠤᠪᠠᠯᠠᠩ ᠲᠠᠢ᠂ ᠡᠰᠡᠬᠦᠯ᠎ᠡ ᠠᠮᠤᠷᠯᠢᠩᠭᠤᠢ ᠲᠠᠶᠢᠪᠤᠭᠤᠨ ᠢᠶᠠᠷ ᠤᠤ᠂ | ᠠᠯᠢᠨ ᠢ ᠨᠢ ᠴᠦ ᠬᠡᠰᠡᠨ ᠪᠢ ᠪᠦᠷ ᠮᠡᠳᠡᠷᠡᠬᠦ ᠶᠢᠨ ᠠᠷᠭ᠎ᠠ ᠦᠬᠡᠢ ᠪᠤᠯᠵᠠᠢ᠃ ᠵᠦᠪᠬᠡᠨ ᠴᠠᠬᠯᠠᠰᠢ ᠦᠬᠡᠢ ᠬᠠᠷᠠᠮᠰᠠᠯ | ᠪᠤᠯᠤᠨ ᠰᠢᠨᠠᠯᠤᠯ ᠯᠨ ᠠᠬ᠎ᠠ ᠪᠢᠳᠡ ᠬᠤᠶᠠᠭᠤᠯᠨ ᠳᠤ ᠦᠯᠡᠳᠡᠵᠡᠢ᠃ | ᠪᠢ ᠡᠵᠢ ᠶᠢᠨ ᠮᠢᠨᠢ ᠬᠦᠳᠡᠭᠡ ᠪᠤᠴᠠᠬᠤ ᠳᠤ ᠪᠠᠨ ᠰᠠᠭᠤᠳᠠᠭ ᠭᠠᠯᠳᠤ ᠲᠡᠷᠬᠡᠨ ᠳᠤ ᠭᠠᠷᠴᠤ ᠬᠦᠬᠡᠬᠤᠳᠠ ᠵᠦᠭ | ᠡᠷᠬᠢᠯᠡ᠃ ᠲᠡᠷᠬᠡᠨ ᠴᠤᠩᠬᠤᠨ ᠤ ᠭᠠᠳᠠᠨ᠎ᠠ ᠦᠤᠷ ᠤᠨ ᠲᠤᠶᠠᠭ᠎ᠠ ᠬᠦᠪᠤᠷᠡᠨ ᠤᠯᠠᠯᠵᠠᠵᠤ᠂ ᠬᠠᠭᠠᠰ ᠲᠡᠭᠷᠢ ᠶᠢ | ᠤᠯᠠᠶᠢᠳᠠᠯᠠ ᠪᠤᠳᠤᠬᠯᠠᠨᠠ᠃ ᠨᠢᠯᠪᠤᠰᠤ ᠮᠢᠨᠢ ᠪᠠᠰᠨ ᠯᠨ ᠠᠰᠬᠠᠷᠠᠪᠠ᠃ ᠮᠦᠮᠤ ᠡ᠂ ᠪᠢ ᠶᠠᠭᠠᠬᠢᠵᠤ ᠲᠠᠭᠤᠳᠠᠬᠰᠠᠨ | ᠴᠦ ᠦᠬᠡᠳᠡ ᠠᠴᠠ ᠮᠢᠨᠢ ᠬᠠᠷᠢᠭᠤᠯᠬᠤ ᠪᠤᠶᠤ ᠢᠨᠢᠶᠡᠳᠤ ᠪᠢᠯᠬᠠᠭᠤᠯᠤᠬᠰᠠᠨ ᠴᠢᠷᠠᠢ ᠪᠠᠷ ᠡᠩᠭᠦᠷᠡᠶᠢᠯᠡᠨ ᠬᠠᠷᠠᠬᠤ | ᠬᠦᠮᠦᠨ ᠦᠬᠡᠢ ᠪᠤᠯᠵᠠᠢ᠃ ᠭᠠᠭᠴᠨ ᠬᠦ ᠡᠵᠢ ᠶᠢᠨ ᠮᠢᠨᠢ ᠡᠴᠡᠩᠭᠡᠢ ᠪᠡᠶ᠎ᠡ ᠨᠢ ᠲᠡᠭᠷᠢ ᠶᠢᠨ ᠬᠠᠶᠠᠭ᠎ᠠ ᠲᠠᠢ | ᠵᠠᠯᠭᠠᠯᠳᠤᠨ᠂ ᠨᠡᠮ᠎ᠠ ᠶᠢ ᠦᠬᠡᠷ᠎ᠡ ᠨᠢᠬᠡᠨ ᠠᠮᠢᠳᠤᠷᠠᠯ ᠲᠡᠶᠢᠰᠢ ᠮᠤᠷᠳᠠᠭᠤᠯᠤᠬᠰᠠᠭᠠᠷ ᠬᠤᠴᠤᠷᠤᠯ᠎ᠠ᠃ | ᠲᠠᠷᠠᠭ᠎ᠠ ᠵᠢᠯ ᠤᠨ ᠬᠢ ᠨᠢ ᠬᠠᠪᠤᠷ᠂ ᠪᠡᠷᠬᠡᠨ ᠤᠳᠠᠰᠤ ᠢᠷᠡᠬᠦᠯᠵᠤ᠄ ︽ᠬᠦᠢᠯᠡᠰᠤᠨ ᠮᠤᠳᠤᠳ ᠨᠢᠬᠡ ᠴᠦ | ᠴᠡᠴᠡᠭᠯᠡᠭᠰᠡᠨ ᠦᠬᠡᠢ︾ ᠭᠡᠵᠤ ᠶᠠᠷᠢᠨ᠎ᠠ᠃ ᠡᠵᠢ ᠶᠢᠨ ᠮᠢᠨᠢ ᠵᠠᠶᠢᠯᠠᠬᠰᠠᠨ ᠬᠦᠢᠯᠡᠰᠤᠨ ᠮᠤᠳᠤᠳ ᠲᠠᠢ ᠬᠠᠮᠳᠤ ᠪᠠᠷ | ᠪᠢ ᠴᠦ ᠡᠨᠡ ᠬᠦ ᠡᠵᠡᠬᠦᠶᠢᠷᠡᠭᠰᠡᠨ ᠬᠤᠷᠸ᠎ᠠ ᠳᠤ ᠦᠨᠤᠴᠢᠷᠠᠨᠠ᠃ | ᠨᠢᠳᠤ ᠢᠷᠮᠡᠬᠦ ᠶᠢᠨ ᠵᠠᠭᠤᠷ᠎ᠠ ᠬᠡᠳᠤᠨ ᠵᠢᠯ ᠦᠡᠭᠭᠡᠷᠡᠴᠢᠬᠡᠯᠡ᠃ ᠨᠢᠬᠡ ᠡᠳᠤᠷ ᠪᠢ ᠤᠤᠯ ᠳᠤ ᠪᠠᠨ ᠡᠵᠢ ᠲᠠᠢ | ᠪᠠᠨ ᠬᠠᠮᠳᠤ ᠰᠠᠭᠤᠵᠤ ᠪᠠᠶᠢᠬᠰᠠᠨ ᠵᠢᠵᠢᠭ ᠲᠤᠭᠤᠷᠢᠭ ᠤᠨ ᠬᠠᠵᠠᠭᠤ ᠳᠤ ᠬᠢ ᠨᠤᠭᠤᠭ᠎ᠠ ᠶᠢᠨ ᠵᠠᠬ᠎ᠠ ᠪᠠᠷ ᠦᠡᠭᠭᠡᠷᠡᠬᠦ | ᠳᠤ ᠨᠢᠬᠡ ᠠᠨᠢᠶ᠎ᠠ ᠭᠠᠷ ᠠᠴᠠ ᠴᠢᠩᠭᠠᠭᠠᠳ᠂ ᠨᠠᠳᠠ ᠤᠷᠤᠭᠤ ᠢᠨᠢᠶᠡᠭᠰᠡᠬᠡᠷ᠄ ︽ᠡᠵᠢ ᠴᠢᠨᠢ ᠵᠦᠬᠡᠷ ᠤᠤ︖︾ | ᠭᠡᠵᠤ ᠠᠰᠠᠭᠤᠨ᠎ᠠ᠃ ︽ᠡᠵᠢ ᠳᠤ ᠴᠢᠨᠢ ᠪᠢ ᠮᠠᠰᠢ ᠤᠯᠠᠨ ᠴᠠᠭᠠᠨ ᠨᠤᠭᠤᠭᠠᠨ ᠤ ᠬᠠᠴᠠᠪᠴᠢ ᠬᠠᠳᠠᠭᠠᠠᠯᠵᠤ | ᠦᠭᠭᠦᠯ᠎ᠡ᠃ ᠶᠡᠷᠤ ᠠᠴᠠ ᠲᠡᠬᠦᠨ ᠤ ᠠᠪᠬᠤ ᠪᠠᠷ ᠢᠷᠡᠬᠦ ᠶᠢ ᠤᠯᠵᠤ ᠦᠵᠡᠭᠰᠡᠨ ᠦᠬᠡᠢ︾ ᠭᠡᠵᠤ ᠲᠡᠷᠨ ᠬᠡᠯᠡᠨ᠎ᠡ᠃ | ᠲᠤᠬᠠᠢ ᠶᠢᠨ ᠵᠢᠯ ᠳᠤ ᠮᠢᠨᠤ ᠬᠤᠭᠤᠠᠯᠨ ᠰᠢᠷᠡᠬᠡᠨ ᠲᠡᠬᠡᠷᠡᠬᠢ ᠴᠠᠭᠠᠨ ᠨᠤᠭᠤᠭᠠᠨ ᠤ ᠬᠦᠢᠳᠡᠨ ᠵᠠᠭᠤᠰᠢ ᠶᠢ ᠡᠵᠢ | ᠮᠢᠨᠢ ᠵᠠᠬ᠎ᠠ ᠠᠴᠠ ᠲᠡᠬᠦᠵᠤ ᠠᠪᠴᠢᠷᠠᠬᠰᠠᠨ ᠪᠠᠶᠢᠵᠤ ᠳ᠋ᠠ᠃ ᠲᠡᠶᠢᠮᠤ ᠯᠨ ᠪᠠᠶᠢᠬ᠎ᠠ᠂ ᠮᠢᠨᠤ ᠲᠡᠬᠦᠨ ᠳᠤ ᠦᠭᠳᠡᠭ | ᠭᠠᠷᠠᠭ ᠪᠦᠷᠢ ᠶᠢᠨ ᠵᠢᠷᠭᠤᠭᠠᠨ ᠲᠦᠬᠦᠷᠢᠭ ᠤᠨ ᠬᠤᠭᠤᠯᠨ ᠪᠤᠳᠠᠭᠠᠨ ᠤ ᠵᠤᠭᠤᠰ ᠦᠯᠡᠬᠦᠤ ᠦᠯᠡᠳᠡᠵᠤ ᠪᠠᠶᠢᠬᠰᠠᠨ | ᠨᠢ ᠤᠴᠢᠷᠳᠠᠢ ᠪᠠᠶᠢᠬᠰᠠᠨ ᠠᠵᠢ᠃ ᠡᠵᠢ ᠮᠢᠨᠢ ᠭᠠᠮᠨᠠᠨ ᠦᠯᠡᠳᠡᠭᠡᠭᠰᠡᠨ ᠵᠤᠭᠤᠰ ᠢᠶᠠᠨ ᠪᠠᠭ᠎ᠠ ᠪᠠᠭ᠎ᠠ ᠪᠠᠷ | ᠴᠤᠬᠯᠠᠭᠤᠯᠤᠨ ᠬᠠᠳᠠᠭᠠᠯᠠᠵᠤ᠂ ᠬᠦᠳᠡᠭᠡ ᠪᠤᠴᠠᠬᠤ ᠪᠤᠯᠭᠠᠨ ᠲᠡᠷᠡ ᠶᠢᠨ ᠮᠢᠨᠢ ᠲᠤᠤᠷ᠎ᠠ ᠰᠡᠮᠡᠬᠡᠷ ᠴᠢᠬᠢᠵᠤ | ᠲᠠᠯᠪᠢᠭᠠᠳ᠂ ᠲᠡᠷᠬᠡᠨ ᠳᠤ ᠭᠠᠷᠤᠬᠰᠠᠨ ᠤ ᠰᠡᠬᠦᠯᠡᠷ ᠰᠠᠶ᠋ᠢ ᠨᠠᠳᠠ ᠳᠤ ᠵᠤᠭᠤᠰ ᠦᠯᠡᠳᠡᠬᠡᠯᠡ ᠭᠡᠵᠤ ᠵᠠᠬᠢᠵᠤ | ᠪᠠᠶᠢᠬᠰᠠᠨ ᠶᠤᠮ᠃ | ᠤᠳᠤ ᠪᠢ ᠬᠦᠤ ᠪᠠᠨ ᠲᠠᠭᠠᠭᠤᠯᠤᠭᠠᠳ ᠬᠤᠳᠠᠯᠳᠤᠭᠠᠨ ᠤ ᠲᠠᠯᠠᠪᠤᠷ ᠢᠶᠠᠷ ᠲᠤᠭᠤᠷᠢᠳᠠᠭ᠂ ᠴᠢᠯᠠᠭᠤᠨ ᠳ᠋ᠦᠡᠭᠵᠨ | ᠮᠥᠨ ᠲᠡᠷᠨ ᠬᠡᠪ ᠢᠶᠠᠷ ᠢᠶᠠᠨ ᠪᠠᠶᠢᠬᠰᠠᠭᠠᠷ᠂ ᠲᠡᠬᠦᠨ ᠤ ᠲᠡᠬᠡᠷ᠎ᠡ ᠰᠠᠭᠤᠭᠠᠳ ᠨᠠᠮ᠎ᠠ ᠶᠢ ᠬᠦᠯᠢᠶᠡᠳᠡᠭ ᠡᠵᠢ ᠮᠢᠨᠢ | ᠬᠠᠷᠢᠨ ᠪᠠᠶᠢᠬᠤ ᠦᠬᠡᠢ ᠪᠤᠯᠪᠠ᠃ ︽ᠮᠦᠮᠤ ᠡ︾ ᠬᠡᠬᠦᠯᠡᠷ ᠬᠤᠶᠠᠷ ᠨᠢᠳᠤᠨ ᠳᠤ ᠮᠢᠨᠢ ᠨᠢᠯᠪᠤᠰᠤ ᠪᠦᠷᠬᠦᠬᠡᠳ᠂ | ᠠᠯᠤᠰ ᠤᠨ ᠠᠭᠤᠯᠨ ᠲᠤᠯᠤᠭᠠᠳ ︽ᠪᠦᠪᠡᠢ ᠮᠢᠨᠢ ᠡ︾ ᠭᠡᠵᠤ ᠲᠠᠯᠠᠯᠵᠤ ᠪᠠᠶᠢᠭ᠎ᠠ ᠴᠦ ᠶᠤᠮ ᠰᠢᠭ᠋ ᠪᠦᠷᠤᠯᠵᠡᠨ | ᠪᠦᠷᠤᠯᠵᠡᠨᠡ᠃ | | | | | | | | | | | ᠵᠤᠬᠢᠶᠠᠬᠴᠢ ᠶᠢᠨ ᠬᠠᠶ᠋ᠢᠭ᠄ ᠦᠪᠤᠷ ᠮᠤᠩᠭᠤᠯ ᠤᠨ ᠤᠳᠬ᠎ᠠ ᠤᠷᠠᠯᠢᠭ ᠤᠨ ᠬᠢᠨ ᠤ ᠬᠤᠯᠪᠤᠭ᠎ᠠ | | |