ᠬᠢᠯᠢ ᠶᠢᠨ ᠮᠠᠯᠴᠢᠳ ᠤᠨ ᠬᠦᠰᠡᠯ ᠬᠦᠭᠡᠭᠡᠴᠡᠯᠳᠦᠯ ᠪᠤᠶᠤ ᠤᠳᠤᠬᠢᠴᠢᠯᠠᠭᠰᠠᠨ ᠮᠠᠯ ᠠᠵᠤ ᠠᠬᠤᠢ ᠶᠢᠨ ᠬᠦᠭᠵᠢᠯᠳᠡ | — ᠠᠪᠠᠭ᠎ᠠ ᠬᠤᠰᠢᠭᠤᠨ ᠤ ᠬᠢᠯᠢ ᠨᠤᠲᠤᠭ ᠤᠨ ᠭᠤᠷᠪᠠᠨ ᠮᠠᠯᠴᠢᠨ ᠠᠶᠢᠯ ᠤᠨ ᠲᠤᠬᠠᠢ | ᠰᠣᠷᠪᠤᠯᠵᠢᠯᠠᠭ᠎ᠠ | ᠴ᠊ · ᠱᠢᠷᠦᠨᠴᠢᠮᠡᠭ ᠵᠤᠬᠢᠶᠠᠪᠠ | ᠠᠪᠠᠭ᠎ᠠ ᠬᠤᠰᠢᠭᠤ ᠪᠤᠯ ᠮᠠᠨ ᠤ ᠤᠷᠤᠨ ᠤ ᠮᠠᠯᠵᠢᠬᠤ ᠤᠷᠤᠨ ᠤ ᠤᠳᠤᠬᠢᠴᠢᠯᠠᠯᠳᠠ ᠶᠢᠨ ᠳᠤᠷᠰᠢᠯᠳᠡ ᠶᠢᠨ | ᠴᠡᠭ ᠤᠨ ᠨᠢᠭᠡ ᠶᠤᠮ᠃ 2019 ᠤᠨ ᠲᠤ ᠤᠷᠤᠨ ᠤ ᠮᠠᠯᠵᠢᠬᠤ ᠤᠷᠤᠨ ᠤ ᠤᠳᠤᠬᠢᠴᠢᠯᠠᠯᠳᠠ ᠶᠢᠨ | ᠳᠤᠷᠰᠢᠯᠳᠡ ᠶᠢᠨ ᠴᠡᠭ ᠢᠶᠠᠷ ᠳᠤᠭᠳᠠᠭᠠᠭᠳᠠᠭᠰᠠᠨ ᠠᠴᠠ ᠬᠤᠶᠢᠰᠢ ᠠᠪᠠᠭ᠎ᠠ ᠬᠤᠰᠢᠭᠤᠨ ᠤ ᠬᠢᠨ ᠤᠷᠤᠨ ᠨᠤᠲᠤᠭ | ᠤᠨ ᠤᠨᠴᠠᠯᠢᠭᠳᠤ ᠠᠵᠤ ᠦᠢᠯᠡᠰ ᠤᠨ ᠬᠦᠭᠵᠢᠬᠦᠯᠤᠯᠳᠡ ᠶᠢᠨ ᠰᠠᠭᠤᠷᠢ ᠪᠠᠨ ᠪᠠᠳᠤᠵᠢᠭᠤᠯᠬᠤ ᠶᠢ ᠠᠩᠬᠠᠷᠴᠤ᠂ ᠠᠵᠤ | ᠦᠢᠯᠡᠰᠵᠢᠯᠳᠡ ᠶᠢᠨ ᠰᠢᠰᠲ᠋ᠧᠮ ᠢᠶᠠᠨ ᠤᠯᠠᠮ ᠲᠡᠬᠦᠯᠳᠡᠷᠵᠢᠬᠦᠯᠦᠭᠰᠡᠨ ᠪᠢᠯᠡ᠃ ᠤᠷᠢᠶᠠᠩᠬᠠᠢ ᠬᠤᠨᠢ ᠪᠤᠯᠤᠨ ᠠᠪᠠᠭ᠎ᠠ | ᠬᠠᠷ᠎ᠠ ᠠᠳᠤᠭᠤ ᠪᠤᠯ ᠠᠪᠠᠭ᠎ᠠ ᠬᠤᠰᠢᠭᠤᠨ ᠤ ᠬᠢᠨ ᠤ ᠤᠳᠠᠭᠠᠨ ᠵᠢᠯ ᠪᠤᠶᠢᠵᠢᠭᠤᠯᠤᠬᠰᠠᠭᠠᠷ ᠢᠷᠡᠭᠰᠡᠨ ᠨᠤᠲᠤᠭ ᠤᠨ | ᠰᠢᠯᠢᠳᠡᠭ ᠡᠬᠦᠯᠳᠡᠷ ᠪᠤᠯᠤᠨ᠎ᠠ᠃ ᠤᠷᠢᠶᠠᠩᠬᠠᠢ ᠬᠤᠨᠢᠨ ᠤ ᠮᠢᠬ᠎ᠠ ᠪᠤᠯᠤᠨ ᠠᠪᠠᠭ᠎ᠠ ᠬᠠᠷ᠎ᠠ ᠠᠳᠤᠭᠤᠨ ᠤ ᠴᠡᠭᠡ ᠨᠢ | ᠪᠦᠬᠦ ᠤᠯᠤᠰ ᠤᠨ ᠡᠬᠡ ᠭᠠᠷᠤᠯᠳᠠ ᠶᠢᠨ ᠤᠷᠤᠨ ᠤ ᠪᠦᠳᠦᠭᠡᠭᠳᠡᠬᠦᠨ ᠤ ᠬᠢᠨᠠᠨ ᠳᠤᠭᠳᠠᠭᠠᠯᠳᠠ ᠳᠤ ᠬᠢᠷᠢ | ᠳᠡᠩᠴᠡᠭᠰᠡᠨ ᠦᠨᠡᠮᠯᠡᠯ ᠤᠯᠤᠭᠰᠠᠨ ᠶᠤᠮ᠃ ᠡᠨᠡ ᠪᠤᠯ ᠨᠤᠲᠤᠭ ᠤᠨ ᠰᠢᠯᠢᠳᠡᠭ ᠡᠬᠦᠯᠳᠡᠷ ᠪᠤᠯᠤᠭᠰᠠᠨ ᠤᠷᠢᠶᠠᠩᠬᠠᠢ | ᠬᠤᠨᠢ ᠪᠤᠯᠤᠨ ᠠᠪᠠᠭ᠎ᠠ ᠬᠠᠷ᠎ᠠ ᠠᠳᠤᠭᠤᠨ ᠤ ᠠᠰᠢᠭ ᠰᠢᠮ᠎ᠡ ᠶᠢᠨ ᠪᠦᠳᠦᠭᠡᠭᠳᠡᠬᠦᠨ ᠤᠯᠤᠰ ᠤᠨ ᠪᠠᠷᠢᠮᠵᠢᠶᠠᠨ ᠳᠤ | ᠬᠦᠷᠦᠭᠰᠡᠨ ᠤ ᠬᠡᠷᠡᠴᠢ ᠪᠤᠯᠬᠤ ᠨᠢ ᠳᠠᠮᠵᠢᠭ ᠦᠭᠡᠢ᠃ | 2022 ᠤᠨ ᠳᠤ ᠠᠪᠠᠭ᠎ᠠ ᠬᠤᠰᠢᠭᠤᠨ ᠤ ᠮᠠᠯ ᠤᠨ ᠵᠤᠬᠰᠤᠭ᠎ᠠ ᠲᠤᠭ᠎ᠠ 168 ᠳᠦᠮᠡ 8577 ᠳᠤ | ᠬᠦᠷᠦᠭᠰᠡᠨ ᠤ ᠲᠤᠳᠤᠷ᠎ᠠ ᠪᠤᠳᠠ ᠮᠠᠯ 27 ᠲᠦᠮᠡ 9232᠂ ᠪᠤᠭ ᠮᠠᠯ 140 ᠳᠦᠮᠡ 9345 ᠪᠠᠶᠢᠭ᠎ᠠ ᠶᠤᠮ | ᠪᠠᠶᠢᠨ᠎ᠠ᠃ ᠠᠪᠠᠭ᠎ᠠ ᠬᠤᠰᠢᠭᠤᠨ ᠤ ᠵᠠᠰᠠᠭ ᠤᠨ ᠤᠷᠳᠤᠨ ᠤ ᠬᠢᠨ ᠤᠷᠴᠢᠮ ᠤᠨ ᠵᠢᠯ ᠤᠳᠤᠬᠢᠴᠢᠯᠠᠭᠰᠠᠨ ᠮᠠᠯ ᠠᠵᠤ | ᠠᠬᠤᠢ ᠲᠠᠢ ᠬᠤᠯᠪᠤᠭᠳᠠᠬᠤ 56 ᠳᠦᠷᠦᠯ ᠵᠦᠢᠯ ᠢ ᠡᠬᠢᠯᠡᠬᠦᠯᠤᠬᠡᠳ 3.25 ᠳ᠋ᠦᠡᠭᠰᠢᠭᠤᠷ ᠳᠦᠬᠦᠷᠢᠭ ᠤᠨ ᠪᠡᠯᠡ | ᠤᠷᠤᠭᠤᠯᠤᠭᠰᠠᠨ ᠪᠠᠶᠢᠨ᠎ᠠ᠃ ︽ᠪᠠᠶᠠᠨ ᠳᠠᠩᠰᠤᠭ︾ ᠰᠢᠯᠢᠳᠡᠭ ᠡᠬᠦᠯᠳᠡᠷ ᠤᠨ ᠠᠯᠠᠰᠢᠨ ᠦᠭᠡᠷ ᠲᠡᠵᠢᠬᠡᠬᠦ | ᠰᠠᠭᠤᠷᠢᠨ᠂ ᠮᠠᠯ ᠡᠮᠨᠡᠯᠭᠡ ᠮᠠᠯ ᠤᠨ ᠡᠮ ᠤᠨ ᠨᠡᠶᠢᠭᠡᠮᠴᠢᠯᠡᠭᠰᠡᠨ ᠦᠢᠯᠡᠴᠢᠯᠡᠭᠡᠨ ᠤ ᠳᠦᠪ᠂ ᠭᠠᠮᠰᠢᠭ ᠠᠴᠠ | ᠰᠡᠷᠭᠡᠶᠢᠯᠡᠵᠦ ᠭᠠᠮᠰᠢᠭ ᠤᠨ ᠬᠤᠬᠢᠷᠠᠯ ᠢ ᠪᠠᠭᠠᠰᠬᠠᠬᠤ ᠳᠤ ᠵᠤᠷᠢᠭᠤᠯᠤᠭᠰᠠᠨ ᠡᠪᠡᠰᠦ ᠪᠤᠷᠳᠤᠭ᠎ᠠ ᠬᠠᠳᠠᠭᠠᠯᠠᠬᠤ | ᠰᠠᠭᠤᠷᠢᠨ᠂ ᠤᠯᠠᠮᠵᠢᠯᠠᠯᠳᠤ ᠴᠠᠭᠠᠨ ᠢᠳᠡᠭᠡᠨ ᠤ ᠬᠢᠨᠠᠨ ᠪᠠᠶᠢᠴᠠᠭᠠᠯᠳᠠ ᠶᠢᠨ ᠳᠦᠪ᠂ ᠮᠠᠯ ᠠᠵᠤ ᠠᠬᠤᠢ ᠶᠢᠨ ᠮᠠᠰᠢᠨ | ᠪᠠᠭᠠᠵᠢ ᠶᠢᠨ ᠬᠤᠳᠠᠯᠳᠤᠭᠠᠨ ᠤ ᠳᠦᠪ᠂ ᠮᠠᠯᠴᠢᠳ ᠲᠤ ᠮᠠᠯ ᠠᠵᠤ ᠠᠬᠤᠢ ᠶᠢᠨ ᠪᠤᠯᠪᠠᠰᠤᠷᠠᠯ ᠬᠦᠷᠳᠡᠬᠡᠬᠦ ᠲᠦᠪ | ᠵᠡᠷᠭᠡ ᠴᠢᠬᠤᠯᠠ ᠴᠢᠬᠤᠯᠠ ᠪᠦᠳᠦᠬᠡᠨ ᠪᠠᠶᠢᠭᠤᠯᠤᠯᠳᠠ ᠨᠢ ᠤᠳᠤᠬᠢᠴᠢᠯᠠᠭᠰᠠᠨ ᠮᠠᠯ ᠠᠵᠤ ᠠᠬᠤᠢ ᠶᠢ ᠬᠦᠭᠵᠢᠬᠦᠯᠬᠦ | ᠨᠦᠬᠦᠴᠡᠯ ᠬᠠᠨᠭ᠍ᠭᠠᠪᠠ᠃ ᠠᠪᠠᠭ᠎ᠠ ᠬᠤᠰᠢᠭᠤᠨ ᠤ ᠬᠢᠨ ᠪᠠᠰᠠ ᠪᠦᠬᠦ ᠤᠷᠤᠨ᠂ ᠪᠦᠬᠦ ᠠᠶᠢᠮᠠᠭ ᠤᠨ ᠮᠠᠯᠵᠢᠬᠤ | ᠤᠷᠤᠨ ᠤ ᠤᠳᠤᠬᠢᠴᠢᠯᠠᠭᠰᠠᠨ ᠮᠠᠯ ᠠᠵᠤ ᠠᠬᠤᠢ ᠶᠢᠨ ᠪᠦᠳᠦᠭᠡᠨ ᠪᠠᠶᠢᠭᠤᠯᠤᠯᠳᠠ ᠶᠢ ᠤᠶᠢᠯᠠᠭᠠᠭᠤᠯᠬᠤ ᠠᠬᠤᠢ | ᠳᠠᠯᠠᠪᠠᠢ ᠶᠢᠨ ᠬᠤᠷᠠᠯ ᠢ ᠠᠮᠵᠢᠯᠳᠠ ᠲᠠᠢ ᠡᠷᠬᠢᠯᠡᠭᠰᠡᠨ ᠪᠠᠶᠢᠨ᠎ᠠ᠃ ᠠᠪᠠᠭ᠎ᠠ ᠬᠠᠷ᠎ᠠ ᠠᠳᠤᠭᠤ ᠪᠤᠯ ᠠᠪᠠᠭ᠎ᠠ ᠨᠤᠲᠤᠭ | ᠤᠨ ᠡᠷᠳᠡᠨᠢ᠂ ᠡᠨᠡ ᠨᠤᠲᠤᠭ ᠤᠨ ᠬᠢᠨ ᠠᠪᠠᠭ᠎ᠠ ᠬᠠᠷ᠎ᠠ ᠠᠳᠤᠭᠤᠨ ᠤ ᠪᠠᠨ ᠴᠡᠭᠡ ᠶᠢ ᠵᠠᠬ᠎ᠠ ᠳᠤ ᠭᠠᠷᠭᠠᠨ ᠠᠵᠤ | ᠦᠢᠯᠡᠰᠵᠢᠬᠦᠯᠵᠦ ᠴᠠᠭ ᠦᠶ᠎ᠡ ᠶᠢᠨ ᠢᠶᠠᠨ ᠬᠡᠷᠡᠭᠴᠡᠭᠡ ᠱᠠᠭᠠᠷᠳᠠᠯᠭ᠎ᠠ ᠪᠠᠷ ᠬᠦᠭᠵᠢᠬᠦᠯᠵᠦ ᠪᠠᠶᠢᠭᠰᠠᠨ ᠪᠤᠯ ᠦᠨᠤ ᠵᠢᠯ | ᠤᠨ 7 ᠳ᠋ᠤᠭᠠᠷ ᠰᠠᠷ᠎ᠠ ᠶᠢᠨ 4᠂ 5 ᠤ ᠡᠳᠦᠷ ᠳᠤᠮᠳᠠᠳᠤ ᠤᠯᠤᠰ ᠤᠨ ᠦᠨᠳᠦᠰᠦᠳᠡᠨ ᠤ ᠠᠷᠠᠯᠵᠢᠶ᠎ᠠ | ᠬᠤᠳᠠᠯᠳᠤᠭ᠎ᠠ ᠶᠢ ᠬᠦᠭᠵᠢᠬᠦᠯᠬᠦ ᠵᠦᠪᠯᠡᠯ᠂ ᠳᠤᠮᠳᠠᠳᠤ ᠤᠯᠤᠰ ᠤᠨ ᠤᠨᠴᠠᠯᠢᠭᠳᠤ ᠠᠵᠤ ᠦᠢᠯᠡᠰ ᠤᠨ ᠤᠷᠤᠨ ᠢ | ᠬᠢᠨᠠᠨ ᠳᠤᠭᠳᠠᠭᠠᠬᠤ ᠵᠦᠪᠯᠡᠯ ᠤᠨ ᠬᠢᠨ ᠠᠪᠠᠭ᠎ᠠ ᠬᠤᠰᠢᠭᠤᠨ ᠤ ᠳᠤᠮᠳᠠᠳᠤ ᠤᠯᠤᠰ ᠤᠨ ᠴᠡᠭᠡ ᠶᠢᠨ ᠨᠤᠲᠤᠭ ᠢᠶᠠᠷ | ᠡᠷᠡᠮᠡᠯᠵᠡᠯᠡᠭᠰᠡᠨ ᠪᠠᠶᠢᠳᠠᠯ ᠢ ᠠᠬᠤᠢ ᠳᠠᠯᠠᠪᠠᠢ ᠳᠤ ᠬᠢᠨᠠᠨ ᠰᠢᠯᠭᠠᠵᠦ᠂ ᠪᠠᠷᠢᠮᠵᠢᠶᠠᠨ ᠳᠤ ᠨᠡᠶᠢᠴᠡᠭᠰᠡᠨ ᠪᠤᠯᠬᠤᠷ ︽ | ᠳᠤᠮᠳᠠᠳᠤ ᠤᠯᠤᠰ ᠤᠨ ᠴᠡᠭᠡ ᠶᠢᠨ ᠨᠤᠲᠤᠭ︾ ᠬᠡᠰᠡᠨ ᠡᠷᠬᠢᠮ ᠴᠤᠯᠨ ᠶᠢ ᠤᠯᠭᠤᠭᠰᠠᠨ ᠪᠠᠶᠢᠨ᠎ᠠ᠃ ᠲᠠᠯ᠎ᠠ ᠲᠠᠯ᠎ᠠ | ᠶᠢᠨ ᠰᠠᠶᠢᠬᠠᠨ ᠨᠦᠬᠦᠴᠡᠯ ᠪᠦᠷᠢᠯᠳᠦᠭᠰᠡᠨ ᠡᠶᠢᠮᠤᠬᠦᠤ ᠪᠠᠶᠢᠳᠠᠯ ᠳᠤ ᠡᠮᠦᠨ᠎ᠡ ᠹᠷᠤᠨᠲ ᠳᠤ ᠭᠠᠪᠰᠢᠭᠠᠶᠢᠯᠠᠨ ᠪᠤᠢ | ᠮᠠᠯᠴᠢᠳ ᠮᠠᠨᠢ ᠶᠠᠭᠠᠬᠢᠵᠦ ᠠᠵᠢᠯᠯᠠᠭ᠎ᠠ ᠪᠤᠯ︖ ᠬᠡᠳᠡᠭ ᠢ ᠠᠪᠠᠭ᠎ᠠ ᠬᠤᠰᠢᠭᠤᠨ ᠤ ᠬᠢᠯᠢ ᠶᠢᠨ ᠰᠤᠮᠤ ᠪᠤᠯᠬᠤ | ᠶᠡᠬᠡᠭᠤᠤᠯ᠂ ᠪᠠᠶᠠᠨᠳᠤᠭ᠂ ᠵᠢᠷᠭᠠᠯᠠᠩᠳᠦ ᠶᠢᠨ ᠭᠤᠷᠪᠠᠨ ᠮᠠᠯᠴᠢᠨ ᠠᠶᠢᠯ ᠲᠠ ᠨᠠᠷ ᠲᠤ ᠲᠠᠨᠢᠭᠤᠯᠬᠤ ᠪᠤᠯᠤᠨ᠎ᠠ᠃ | ᠰᠡᠩᠰᠡᠨ ᠪᠤᠯᠠᠭ ᠢᠶᠠᠷ ᠤᠮᠳᠠᠯᠠᠭᠰᠠᠨ ᠠᠳᠤᠭᠤᠳ ᠰᠡᠷᠬᠦᠯᠡᠩ ᠵᠤᠯᠪᠤᠭᠠᠳᠠᠢ | | | | | | | ᠠᠪᠠᠭ᠎ᠠ ᠬᠠᠷ᠎ᠠ ᠠᠳᠤᠭᠤ ᠶᠢ ᠡᠨᠡ ᠨᠤᠲᠤᠭ ᠤᠨ ᠬᠢᠨ ᠳᠡᠳᠦᠢ ᠦᠭᠡᠢ᠂ ᠬᠠᠷᠢ ᠭᠠᠳᠠᠨ᠎ᠠ ᠶᠢᠨ ᠬᠢᠨ ᠴᠤ ᠡᠰᠡ | ᠮᠡᠳᠡᠬᠦ ᠨᠢ ᠴᠦᠭᠡᠨ᠃ ᠠᠪᠠᠭ᠎ᠠ ᠨᠤᠲᠤᠭ ᠤᠨ ᠮᠠᠯᠴᠢᠳ ᠠᠪᠠᠭ᠎ᠠ ᠬᠠᠷ᠎ᠠ ᠠᠳᠤᠭᠤᠨ ᠤ ᠪᠠᠨ ᠬᠡᠶᠢᠮᠦᠷᠢ ᠶᠢ ᠳᠠᠭᠠᠵᠦ | ᠠᠮᠢᠳᠤᠷᠠᠯ ᠢᠶᠠᠨ ᠠᠵᠠ ᠵᠢᠷᠭᠠᠯ ᠲᠠᠢ᠂ ᠠᠵᠢᠯ ᠦᠢᠯᠡᠰ ᠢᠶᠠᠨ ᠦᠭᠡᠳᠡ ᠡᠰᠡᠷᠡᠭ ᠠᠪᠴᠤ ᠶᠠᠪᠤᠳᠠᠭ ᠨᠢ ᠤᠴᠢᠷᠳᠠᠢ᠃ | ᠡᠪᠡᠰᠦᠨ ᠤ ᠰᠤᠷᠭᠤᠭ ᠤᠰᠤᠨ ᠤ ᠳᠤᠩᠭᠠᠯᠠᠭ ᠢ ᠳᠠᠭᠠᠵᠦ ᠢᠳᠡᠰᠢᠯᠡᠳᠡᠭ ᠠᠳᠤᠭᠤ ᠬᠡᠮᠡᠬᠦ ᠰᠡᠷᠬᠦᠯᠡᠩ ᠠᠮᠢᠳᠠᠨ | ᠮᠤᠩᠭᠤᠯ ᠬᠦᠮᠦᠨ ᠬᠤᠶᠠᠷ ᠤᠨ ᠬᠤᠭᠤᠷᠤᠨᠳᠤ ᠠᠭᠤᠰᠤᠯᠴᠠᠨ ᠨᠢᠭᠡᠳᠦᠭᠰᠡᠨ ᠰᠠᠶᠢᠬᠠᠨ ᠳᠠᠯ᠎ᠠ ᠶᠡᠭᠡ ᠪᠠᠶᠢᠳᠠᠭ᠃ | ᠬᠦᠮᠦᠨ ᠠᠮᠢᠳᠠᠨ ᠪᠠᠶᠢᠭᠠᠯᠢ ᠭᠤᠷᠪᠠ ᠶᠢᠨ ᠡᠶ᠎ᠡ ᠵᠤᠬᠢᠴᠠᠯᠳᠤ ᠤᠷᠤᠰᠢᠯ ᠤᠨ ᠳᠤᠬᠠᠢ ᠳᠡᠤᠬᠡ ᠬᠠᠮᠢᠭ᠎ᠠ ᠰᠠᠢ ᠦᠭᠡᠢ | ᠪᠢᠴᠢᠭᠳᠡᠳᠡᠭ ᠪᠤᠯ ᠠᠬᠢ ᠳᠠᠭᠠᠨ᠎ᠠ ᠲᠠᠢ ᠡᠨᠡ ᠰᠠᠶᠢᠬᠠᠨ ᠨᠤᠲᠤᠭ ᠲᠤ ᠰᠡᠩᠰᠡᠨ ᠬᠠᠷ᠎ᠠ ᠠᠳᠤᠭᠤ ᠪᠤᠯᠤᠨ ᠮᠤᠩᠭᠤᠯ | ᠬᠦᠮᠦᠨ ᠤ ᠦᠯᠢᠭᠡᠷ ᠪᠢᠴᠢᠭᠳᠡᠨ ᠪᠢᠴᠢᠭᠳᠡᠭᠰᠡᠭᠡᠷ ᠦᠨᠦ ᠬᠦᠷᠴᠡᠢ᠃ | ᠠᠪᠠᠭ᠎ᠠ ᠬᠤᠰᠢᠭᠤᠨ ᠤ ᠪᠠᠶᠠᠨᠳᠤᠭ ᠰᠤᠮᠤᠨ ᠤ ᠴᠡᠩᠭᠡᠯᠪᠤᠯᠠᠭ ᠭᠠᠴᠠᠭᠠᠨ ᠤ ᠰᠦᠵᠢ ᠨᠤᠲᠤᠭ ᠠᠬᠢ ᠰᠠᠶᠢᠳᠠᠢ | ᠭᠠᠵᠠᠷ᠃ ᠵᠢᠷᠤᠭ ᠤᠨ ᠪᠠᠶᠢᠭᠠᠯᠢ ᠳᠤ ᠠᠳᠤᠭᠤᠨ ᠤ ᠬᠡᠶᠢᠮᠦᠷᠢ ᠳᠦᠰᠢᠵᠦ ᠠᠮᠢᠳᠤᠷᠠᠨ᠎ᠠ ᠭᠡᠳᠡᠭ ᠵᠢᠷᠭᠠᠯ ᠠᠵᠢ᠃ | ᠡᠨᠡ ᠨᠤᠲᠤᠭ ᠤᠨ ᠤᠤᠭᠠᠯ ᠬᠦᠭᠵᠢᠯᠳᠦ ᠬᠠᠷ᠎ᠠ ᠪᠠᠭ᠎ᠠ ᠠᠴᠠ ᠪᠠᠨ ᠠᠳᠤᠭᠤᠨ ᠳᠤ ᠪᠠᠭ᠋ᠠᠳᠠᠢ᠂ ᠨᠤᠲᠤᠭ ᠤᠰᠤ ᠨᠢ | ᠴᠤ ᠦᠭᠬᠦᠭᠡᠵᠢ ᠪᠤᠶᠠᠨ ᠢᠶᠠᠨ ᠢᠪᠡᠭᠡᠵᠦ ᠠᠳᠤᠭᠤ ᠮᠠᠯᠵᠢᠬᠤ ᠳᠤ ᠶᠡᠭᠡ ᠳᠤᠬᠢᠷᠠᠮᠵᠢᠳᠠᠢ ᠪᠠᠶᠢᠳᠠᠭ ᠠᠵᠢ᠃ | ᠬᠥᠭᠵᠢᠯᠳᠦ 1996 ᠤᠨ ᠳᠤ ᠠᠶᠢᠯ ᠭᠡᠷ ᠪᠤᠯᠵᠦ ᠳᠦᠪᠬᠢᠨᠡᠬᠦ ᠳᠤ 40 ᠭᠠᠷᠤᠢ ᠠᠳᠤᠭᠤ ᠲᠠᠢ ᠪᠠᠶᠢᠭᠰᠠᠨ ᠪᠤᠯ | ᠤᠳᠤ ᠪᠡᠯᠴᠢᠭᠡᠷ ᠤᠨ ᠳᠠᠭᠠᠭᠠᠴᠠ ᠳᠤ ᠪᠠᠨ ᠳᠤᠬᠢᠷᠠᠭᠤᠯᠤᠨ 100 ᠭᠠᠷᠤᠢ ᠠᠳᠤᠭᠤ ᠮᠠᠯᠵᠢᠵᠦ ᠪᠠᠶᠢᠭ᠎ᠠ ᠶᠤᠮ | ᠪᠠᠶᠢᠨ᠎ᠠ᠃ ᠳᠡᠳᠡᠨ ᠤ ᠦᠨᠤ ᠵᠢᠯ 40 ᠭᠠᠷᠤᠢ ᠭᠡᠭᠦᠦ ᠤᠨᠠᠭᠠᠯᠠᠵᠠᠢ᠃ 2022 ᠤᠨ ᠳᠤ ᠬᠥᠭᠵᠢᠯᠳᠤ ︽ | ᠰᠡᠩᠰᠡᠨ ᠬᠤᠷᠳᠤ︾ ᠭᠠᠯ ᠤᠶᠠᠭᠠᠨ ᠤ ᠨᠡᠶᠢᠭᠡᠮᠯᠢᠭ ᠢ ᠡᠭᠦᠰᠭᠡᠨ ᠪᠠᠶᠢᠭᠤᠯᠤᠭᠠᠳ 55 ᠭᠡᠰᠢᠭᠦᠨ ᠲᠠᠢ ᠪᠤᠯᠵᠦ᠂ | ᠵᠢᠯ ᠪᠤᠯᠭᠠᠨ ᠤ ᠪᠢᠯᠢᠭ ᠤᠨ ᠤᠯᠠᠷᠢᠯ ᠤᠨ 4 ᠳ᠋ᠦ᠋ᠭᠡᠷ ᠰᠠᠷ᠎ᠠ ᠶᠢᠨ 29 ᠤ ᠡᠳᠦᠷ ᠤᠷᠤᠯᠳᠤᠭᠠᠨ ᠡᠷᠬᠢᠯᠡᠬᠦ ᠪᠠᠷ | ᠳᠤᠭᠳᠠᠭᠰᠠᠨ ᠶᠤᠮ ᠪᠠᠶᠢᠨ᠎ᠠ᠃ ᠨᠢᠳᠤᠨᠤᠨ ᠪᠠ ᠦᠨᠤ ᠵᠢᠯ ᠨᠡᠶᠢᠭᠡᠮᠯᠢᠭ ᠤᠨ ᠬᠢᠨ ᠰᠡᠩᠰᠡᠨ ᠬᠠᠷ᠎ᠠ ᠠᠳᠤᠭᠤᠨ ᠤ | ᠤᠷᠤᠯᠳᠤᠭᠠᠨ ᠢᠶᠠᠨ ᠠᠮᠵᠢᠯᠳᠠᠳᠠᠢ ᠰᠠᠶᠢᠬᠠᠨ ᠶᠠᠪᠤᠭᠳᠠᠭᠤᠯᠤᠭᠰᠠᠨ ᠢᠶᠠᠷ ᠨᠤᠲᠤᠭ ᠤᠨ ᠰᠢᠯᠢᠳᠡᠭ ᠡᠬᠦᠯᠳᠡᠷ ᠪᠤᠯᠬᠤ | ᠠᠪᠠᠭ᠎ᠠ ᠬᠠᠷ᠎ᠠ ᠠᠳᠤᠭᠤᠨ ᠤ ᠠᠵᠤ ᠦᠢᠯᠡᠰ ᠤᠨ ᠬᠦᠭᠵᠢᠬᠦᠯᠤᠯᠳᠡ ᠳᠤ ᠨᠢᠭᠡ ᠬᠤᠪᠢ ᠶᠢᠨ ᠬᠦᠴᠦ ᠪᠠᠨ ᠡᠷᠬᠦᠭᠰᠡᠨ | ᠠᠵᠢ᠃ | ᠬᠥᠭᠵᠢᠯᠳᠦ ᠶᠢᠨ ᠡᠳᠡᠭᠡᠷ ᠵᠢᠯ ᠳᠤ ᠤᠯᠤᠭᠰᠠᠨ ᠠᠮᠵᠢᠯᠳᠠ ᠶᠢᠨ ᠠᠷᠤ ᠳᠤ ᠲᠦᠰᠢᠭ ᠪᠤᠯᠤᠭᠰᠠᠨ ᠠᠴᠢᠳᠠᠢ | ᠪᠤᠭᠤᠷᠤᠯ ᠠᠪᠤ ᠶᠢ ᠨᠢ ᠳᠤᠷᠠᠳᠬᠤ ᠶᠤᠰᠤᠳᠠᠢ᠃ ᠬᠠᠳᠠ ᠲᠠᠢ ᠰᠢᠷᠡᠭᠡᠨ ᠳᠤ ᠪᠠᠨ ᠬᠠᠷ᠎ᠠ ᠠᠳᠤᠭᠤ ᠪᠠᠨ | ᠮᠠᠯᠵᠢᠭᠰᠠᠭᠠᠷ ᠢᠷᠡᠭᠰᠡᠨ ᠬᠠᠰᠢᠷ ᠠᠳᠤᠭᠤᠴᠢᠨ ᠬᠠᠳᠠᠴᠢᠯᠠᠭᠤ ᠭᠤᠸᠠᠢ᠄ ︽ᠪᠢ ᠵᠢᠷᠠᠭᠠᠳ ᠤᠨ ᠠᠴᠠ ᠡᠬᠢᠯᠡᠵᠦ | ᠪᠠᠷᠢᠭᠠᠳᠠ ᠶᠢᠨ ᠠᠳᠤᠭᠤ ᠶᠢ ᠬᠠᠷᠢᠭᠤᠯᠵᠠᠢ᠂ ᠥᠪᠡᠷ ᠤᠨ ᠡᠭᠦᠷᠭᠡᠯᠡᠵᠦ ᠠᠪᠤᠭᠰᠠᠨ ᠠᠵᠢᠯ ᠢᠶᠠᠨ ᠰᠠᠶᠢᠨ | ᠪᠡᠶᠡᠯᠡᠭᠦᠯᠬᠦ ᠶᠢ ᠬᠢᠴᠢᠶᠡᠵᠦ ᠤᠯᠠᠨ ᠵᠢᠯ ᠶᠠᠪᠤᠭᠰᠠᠨ ᠤ ᠪᠠᠨ ᠬᠠᠷᠢᠭᠤ ᠳᠤ 10 ᠳᠠᠭ᠎ᠠ ᠪᠠᠷ ᠱᠠᠩᠨᠠᠭᠤᠯᠵᠦ ᠪᠠᠶᠢᠭᠰᠠᠨ | ᠰᠠᠶᠢᠬᠠᠨ ᠳᠤᠷᠠᠰᠤᠮᠵᠢ ᠲᠠᠢ᠃ ᠤᠤᠯ ᠤᠨ ᠴᠡᠩᠭᠡᠯᠪᠤᠯᠠᠭ ᠰᠤᠮᠤᠨ ᠳᠤ ᠪᠠᠨ ᠠᠷᠤᠪᠤᠯᠠᠭ ᠤᠨ ᠠᠳᠤᠭᠤᠴᠢᠨ | ᠴᠢᠯᠠᠭᠤ ᠶᠢᠨ ᠬᠢ ᠪᠤᠯᠤᠨ ᠴᠡᠩᠭᠡᠯᠪᠤᠯᠠᠭ ᠠᠴᠠ ᠮᠠᠨ ᠤ ᠬᠢ ᠬᠠᠷ᠎ᠠ ᠠᠳᠤᠭᠤᠨ ᠤ ᠪᠠᠨ ᠤᠳᠤᠮ ᠤᠭᠰᠢᠯ ᠢ | ᠳᠠᠰᠤᠯᠳᠠᠯ ᠦᠭᠡᠢ ᠮᠠᠯᠵᠢᠵᠦ ᠢᠷᠡᠭᠰᠡᠨ ᠶᠤᠮ︾ ᠭᠡᠵᠦ ᠤᠷᠮᠠᠳᠠᠢᠬᠠᠨ ᠶᠠᠷᠢᠪᠠ᠃ | ᠠᠪᠠᠭ᠎ᠠ ᠬᠠᠷ᠎ᠠ ᠠᠳᠤᠭᠤ ᠶᠢ ᠨᠤᠲᠤᠭ ᠤᠨ ᠬᠦᠮᠦᠰ ᠰᠡᠩᠰᠡᠨ ᠬᠠᠷ᠎ᠠ ᠠᠳᠤᠭᠤ ᠭᠡᠳᠡᠭ᠃ ᠠᠪᠠᠭ᠎ᠠ ᠬᠠᠷ᠎ᠠ ᠠᠳᠤᠭᠤ | ᠶᠢ ᠭᠤᠤᠯᠳᠠᠭᠤ ᠠᠪᠠᠭ᠎ᠠ ᠬᠤᠰᠢᠭᠤᠨ ᠤ ᠬᠤᠶᠢᠳᠦ ᠪᠠᠶ᠎ᠠ ᠶᠢᠨ ᠮᠠᠯᠴᠢᠳ ᠮᠠᠯᠵᠢᠵᠦ᠂ ᠤᠤᠯ ᠤᠨ ᠴᠡᠩᠭᠡᠯᠪᠤᠯᠠᠭ | ᠰᠤᠮᠤᠨ ᠤ ᠨᠤᠲᠤᠭ ᠢᠶᠠᠷ ᠲᠥᠪᠯᠡᠷᠡᠵᠦ ᠪᠠᠶᠢᠳᠠᠭ᠃ ᠴᠡᠩᠭᠡᠯᠪᠤᠯᠠᠭ ᠰᠤᠮᠤᠨ ᠤ ᠳᠦᠪ ᠤᠨ ᠪᠠᠷᠠᠭᠤᠨᠳᠠᠢ | ᠠᠭᠤᠯᠠ ᠶᠢᠨ ᠬᠤᠷᠮᠤᠢ ᠳᠤ ᠬᠤᠯᠠ ᠤᠶᠢᠷ᠎ᠠ ᠳᠤ ᠪᠠᠨ ᠠᠯᠳᠠᠷᠳᠠᠢ᠂ ᠲᠤᠩᠭᠠᠯᠠᠭ ᠰᠠᠶᠢᠬᠠᠨ ᠰᠡᠩᠰᠡᠨ ᠪᠤᠯᠠᠭ ᠲᠠᠢ | ᠪᠦᠭᠡᠳ ᠬᠠᠷ᠎ᠠ ᠠᠳᠤᠭᠤ ᠨᠢ ᠳᠡᠨᠳᠡ ᠬᠦᠷᠴᠤ ᠪᠤᠯᠠᠭ ᠤᠨ ᠤᠰᠤ ᠪᠠᠷ ᠤᠮᠳᠠᠯᠠᠳᠠᠭ ᠠᠵᠢ᠃ ᠡᠶᠢᠨ ᠬᠦ ︽ᠰᠡᠩᠰᠡᠨ | ᠬᠠᠷ᠎ᠠ ᠠᠳᠤᠭᠤ︾ ᠭᠡᠳᠡᠭ ᠰᠠᠶᠢᠬᠠᠨ ᠠᠯᠳᠠᠷ ᠨᠢ ᠤᠨᠳᠤᠷᠤᠮᠠᠯ ᠲᠤᠩᠭᠠᠯᠠᠭ ᠰᠡᠩᠰᠡᠨ ᠪᠤᠯᠠᠭ ᠤᠨ ᠨᠡᠷ᠎ᠡ ᠠᠴᠠ | ᠢᠷᠡᠯ ᠲᠠᠢ ᠭᠡᠵᠦ ᠶᠠᠷᠢᠭᠳᠠᠳᠠᠭ᠃ ᠨᠤᠲᠤᠭ ᠤᠨ ᠬᠦᠮᠦᠰ ᠤᠨ ᠳᠤᠮᠳᠠ ᠦᠨᠢ ᠤᠳᠠᠭᠠᠨ ᠤᠯᠠᠮᠵᠢᠯᠠᠭᠳᠠᠭᠰᠠᠨ | ᠬᠠᠭᠤᠴᠢ ᠶᠡᠷᠢᠶ᠎ᠡ ᠪᠠᠷ ᠪᠤᠯ ᠬᠢᠯᠢ ᠳᠠᠭᠠᠤ ᠪᠠᠶᠢᠷᠢᠯᠠᠭᠰᠠᠨ ᠴᠡᠩᠭᠡᠯᠪᠤᠯᠠᠭ ᠰᠤᠮᠤ ᠪᠠᠷ ᠨᠤᠲᠤᠭ ᠲᠠᠢ ᠠᠪᠠᠭ᠎ᠠ ᠬᠠᠷ᠎ᠠ | ᠠᠳᠤᠭᠤ ᠨᠢ ᠬᠡᠷᠤᠯᠦᠨ ᠭᠤᠤᠯ ᠤᠨ ᠬᠠᠷ᠎ᠠ ᠠᠳᠤᠭᠤ ᠲᠠᠢ ᠤᠳᠤᠮ ᠤᠨ ᠢᠵᠢᠯᠢᠰᠢᠯ ᠲᠠᠢ ᠭᠡᠳᠡᠭ᠃ ᠬᠠᠷ᠎ᠠ | ᠠᠳᠤᠭᠤᠨ ᠤ ᠪᠡᠶ᠎ᠡ ᠪᠢᠯᠳᠡᠷ ᠬᠦᠳᠡᠷ ᠪᠦᠲᠦᠭᠦᠨ᠂ ᠳᠦᠷᠪᠡᠨ ᠮᠦᠴᠢ ᠲᠤᠷᠪᠢ ᠬᠦᠴᠦᠲᠠᠢ᠂ ᠨᠢᠷᠤᠭᠤ ᠬᠤᠨᠳᠤᠯᠠᠢ | ᠤᠷᠳᠤ᠂ ᠰᠢᠷᠦᠭᠦᠨ ᠳᠠᠪᠬᠢᠭ᠎ᠠ ᠲᠠᠢ᠂ ᠳᠠᠭᠠᠭᠠᠴᠠ ᠰᠠᠶᠢᠳᠠᠢ᠂ ᠬᠦᠢᠳᠡᠨ ᠳᠤ ᠥᠯᠴᠢᠷ᠂ ᠠᠭᠠᠬᠢᠮ᠎ᠠ ᠬᠠᠯᠠᠭᠤᠨ᠂ | ᠭᠠᠨᠭ᠌ ᠬᠠᠭᠰᠠᠷᠠᠭᠠᠨ ᠰᠠᠯᠬᠢ ᠰᠢᠭᠤᠷᠭᠠᠨ ᠢ ᠠᠵᠢᠭ ᠦᠭᠡᠢ ᠳᠤᠭᠤᠯᠳᠠᠭ ᠰᠢᠯᠢᠳᠡᠭ ᠡᠬᠦᠯᠳᠡᠷ ᠪᠤᠯᠬᠤ ᠶᠤᠮ᠃ | ᠠᠪᠠᠭ᠎ᠠ ᠬᠤᠰᠢᠭᠤᠨ ᠤ ᠪᠠᠶᠠᠨᠳᠤᠭ ᠰᠤᠮᠤᠨ ᠤ ᠴᠡᠩᠭᠡᠯᠪᠤᠯᠠᠭ ᠭᠠᠴᠠᠭᠠᠨ ᠤ ᠴᠡᠭᠡ ᠨᠢ ᠤᠤᠭᠤᠬᠤ ᠳᠤ | ᠰᠠᠶᠢᠬᠠᠨ ᠪᠠᠶᠢᠳᠠᠭ ᠢᠶᠠᠷ ᠢᠶᠠᠨ ᠠᠯᠳᠠᠷᠲᠠᠢ ᠪᠠᠶᠢᠳᠠᠭ ᠨᠢ ᠰᠡᠩᠰᠠᠨ ᠪᠤᠯᠠᠭ ᠢᠶᠠᠷ ᠤᠮᠳᠠᠯᠠᠳᠠᠭ ᠤᠨ ᠬᠢ ᠨᠢ ᠴᠤ ᠶᠤᠮ | ᠤᠤ᠂ ᠶᠠᠭᠤ ᠴᠤ ᠬᠡᠰᠡᠨ ᠴᠡᠩᠭᠡᠯᠪᠤᠯᠠᠭ ᠤᠨ ᠴᠡᠭᠡ ᠨᠡᠷᠡᠳᠠᠢ ᠭᠡᠳᠡᠭ ᠨᠢ ᠠᠷᠭ᠎ᠠ ᠦᠭᠡᠢ︕ ᠡᠬᠦᠨ ᠢ ᠤᠰᠤ ᠨᠤᠲᠤᠭ | ᠤᠨ ᠬᠢᠨ ᠨᠢ ᠯᠨ ᠶᠠᠷᠢᠳᠠᠭ ᠪᠢᠰᠢ᠂ ᠤᠤᠭᠤᠭᠰᠠᠨ ᠪᠦᠬᠦᠨ ᠬᠡᠯᠡᠳᠡᠭ ᠨᠢ ᠦᠨᠡᠨᠳᠡᠢ᠃ ᠰᠦᠵᠢ ᠶᠢᠨ ᠰᠠᠶᠢᠬᠠᠨ | ᠨᠤᠲᠤᠭ ᠲᠤ ᠪᠠᠨ ᠰᠡᠩᠰᠡᠨ ᠬᠠᠷ᠎ᠠ ᠠᠳᠤᠭᠤ ᠪᠠᠨ ᠦᠶ᠎ᠡ ᠶᠢᠨ ᠦᠶ᠎ᠡ ᠰᠦᠰᠦᠭᠯᠡᠨ ᠮᠠᠯᠵᠢᠵᠦ ᠢᠷᠡᠭᠰᠡᠨ | ᠠᠳᠤᠭᠤᠴᠢᠨ ᠬᠥᠭᠵᠢᠯᠳᠤ ᠶᠢᠨ ᠬᠢᠨ ᠢᠰᠭᠡᠭᠰᠡᠨ ᠴᠡᠭᠡ ᠪᠠᠨ 2000 ᠤᠨ ᠤ ᠡᠬᠢ ᠪᠠᠷ ᠨᠤᠲᠤᠭ ᠤᠰᠤᠨ ᠤ ᠪᠠᠨ | ᠤᠪᠤᠭᠠᠨ ᠤ ᠳᠠᠬᠢᠯᠭ᠎ᠠ᠂ ᠨᠠᠶᠢᠷ ᠨᠠᠭᠠᠳᠤᠮ ᠢᠶᠠᠷ ᠠᠶᠠᠭ᠎ᠠ ᠪᠦᠷᠢ ᠶᠢ ᠳᠠᠪᠤᠨ ᠳᠦᠬᠦᠷᠢᠭ ᠢᠶᠠᠷ ᠬᠤᠳᠠᠯᠳᠤᠳᠠᠭ | ᠪᠠᠶᠢᠪᠠ᠃ ᠢᠡᠭᠬᠢᠵᠦ ᠪᠤᠳᠤᠪᠠᠯ ᠬᠦᠭᠵᠢᠯᠳᠦ ᠶᠢᠨ ᠬᠢ ᠴᠡᠭᠡ ᠪᠤᠷᠤᠯᠠᠭᠤᠯᠤᠭᠠᠳ ᠬᠤᠷᠢᠨ ᠵᠢᠯ ᠪᠤᠯᠵᠦ ᠪᠠᠶᠢᠭ᠎ᠠ ᠶᠤᠮ | ᠪᠠᠶᠢᠨ᠎ᠠ᠃ ᠶᠡᠭᠡ ᠡᠷᠳᠡ ᠠᠴᠠ ᠠᠳᠤᠭᠤᠨ ᠤ ᠪᠠᠨ ᠠᠰᠢᠭ ᠰᠢᠮ᠎ᠡ ᠶᠢ ᠵᠠᠬ᠎ᠠ ᠳᠡᠯᠭᠡᠬᠦᠷᠴᠢᠯᠡᠬᠦ ᠳᠤᠬᠠᠢ | ᠪᠤᠳᠤᠭᠰᠠᠨ ᠢᠶᠠᠷ ᠢᠶᠠᠨ ᠬᠤᠯᠨ ᠶᠢ ᠬᠠᠷᠠᠬᠰᠠᠨ ᠮᠠᠯᠴᠢᠨ ᠬᠡᠵᠦ ᠦᠨᠡᠯᠡᠬᠦ ᠳᠤ ᠪᠤᠯᠤᠨ᠎ᠠ᠃ ᠬᠥᠭᠵᠢᠯᠳᠤ ᠴᠡᠭᠡ | ᠬᠤᠳᠠᠯᠳᠤᠭᠰᠠᠨ ᠤᠷᠤᠯᠭ᠎ᠠ ᠠᠴᠠ ᠪᠠᠨ ᠰᠡᠩᠭᠡᠷᠡᠯ ᠤᠯᠵᠦ᠂ 2005 ᠤᠨ ᠳᠤ ᠠᠪᠠᠭ᠎ᠠ ᠬᠤᠰᠢᠭᠤᠨ ᠤ ᠪᠡᠯᠭᠦᠳᠠᠢ | ᠪᠠᠯᠭᠠᠰᠤᠨ ᠤ ᠡᠩᠭᠡᠷ ᠬᠤᠷᠢᠶᠠᠯᠠᠯ ᠤᠨ ᠬᠠᠵᠠᠭᠤ ᠳᠤ ᠴᠡᠭᠡᠨ ᠤ ᠪᠠᠭᠠᠷ ᠡᠷᠬᠢᠯᠡᠭᠰᠡᠨ ᠪᠢᠯᠡ᠃ ᠤᠳᠤ | ᠬᠥᠭᠵᠢᠯᠳᠦ ᠶᠢᠨ ᠬᠢ ᠵᠢᠯ ᠪᠦᠷᠢ ᠪᠠᠷᠤᠭ ᠭᠤᠴᠢᠭᠠᠳ ᠭᠡᠭᠦᠦ ᠰᠠᠭᠠᠵᠦ᠂ ᠴᠡᠭᠡᠨ ᠤ ᠪᠠᠭᠠᠷ ᠲᠤ ᠪᠠᠨ ᠪᠤᠷᠤᠯᠠᠭᠤᠯᠵᠦ | ᠪᠠᠶᠢᠨ᠎ᠠ᠃ ᠬᠥᠭᠵᠢᠯᠳᠦ ᠶᠢᠨ ᠠᠶᠠᠭ᠎ᠠ ᠪᠠᠷ ᠴᠡᠭᠡ ᠬᠤᠳᠠᠯᠳᠤᠵᠦ ᠪᠠᠶᠢᠭᠰᠠᠨ ᠠᠴᠠ ᠪᠠᠨ ᠠᠷᠠᠯᠵᠢᠶᠠᠨ ᠤ ᠶᠡᠭᠡ ᠵᠡᠭᠡᠯᠢ | ᠳᠤ ᠤᠷᠤᠭᠰᠠᠨ ᠦᠯᠢᠭᠡᠷ ᠤᠴᠢᠷ ᠡᠶᠢᠮᠦ ᠪᠤᠯᠠᠢ᠃ ᠤᠳᠤ ᠬᠦᠭᠵᠢᠯᠳᠦ ᠶᠢᠨ ᠴᠡᠭᠡᠨ ᠤ ᠤᠷᠤᠯᠭ᠎ᠠ ᠰᠠᠶᠢᠨ | ᠮᠦᠷᠳᠡᠭᠡᠨ ᠬᠠᠷ᠎ᠠ ᠮᠤᠷᠢ ᠪᠠᠷ ᠢᠶᠠᠨ ᠨᠠᠶᠢᠷ ᠤᠨ ᠵᠢᠠᠠᠰᠠᠭᠠᠯ ᠳᠤ ᠤᠷᠤᠬᠤ ᠪᠤᠶᠤ ᠪᠤᠰᠤᠳ ᠲᠤ ᠳᠦᠷᠢᠶᠡᠰᠦᠯᠡᠬᠦᠯᠦᠨ | ᠤᠨᠤᠭᠤᠯᠵᠦ ᠪᠠᠭ᠎ᠠ ᠦᠭᠡᠢ ᠤᠷᠤᠯᠭ᠎ᠠ ᠤᠯᠳᠠᠭ᠃ | ᠬᠥᠭᠵᠢᠯᠳᠦ ᠠᠳᠤᠭᠤᠴᠢᠨ ᠠᠪᠤ ᠪᠠᠨ ᠲᠤᠰᠤᠨ ᠬᠦᠶᠦᠵᠦ ᠡᠮᠡᠭᠡᠯ ᠤᠨ ᠪᠦᠬᠦᠷᠭᠡ ᠶᠢ ᠨᠢ ᠳᠡᠪᠡᠷᠢᠵᠦ ᠥᠰᠥᠭᠰᠡᠨ | ᠪᠤᠯᠬᠤᠷ ᠨᠢ᠋ᠮᠠᠳᠠᠢ ᠠᠴᠠ ᠪᠠᠨ ᠳᠠᠯ ᠲᠠᠢ ᠰᠢᠪᠠᠭᠤᠨ ᠳᠡᠭᠡᠷ᠎ᠡ ᠮᠤᠷᠳᠠᠵᠦ ᠠᠭᠳᠠ ᠶᠢᠨ ᠳᠤᠭᠤᠰᠤᠨ ᠠᠴᠠ ᠰᠤᠭᠤᠷᠠᠵᠦ | ᠂ ᠠᠳᠤᠭᠤᠨ ᠤ ᠬᠤᠷᠳᠤᠨ ᠢᠶᠠᠷ ᠢᠶᠠᠨ ᠪᠠᠭ᠋ᠠᠷᠬᠠᠵᠦ ᠶᠠᠪᠤᠭᠰᠠᠨ ᠶᠤᠮ᠃ ᠠᠪᠤ ᠶᠢᠨ ᠬᠢ ᠨᠢ ᠤᠶᠠᠭᠰᠠᠨ ᠤᠯᠠᠨ | ᠰᠠᠶᠢᠬᠠᠨ ᠮᠤᠷᠢᠳ ᠤᠰᠤ ᠨᠤᠲᠤᠭ ᠤᠨ ᠢᠶᠠᠨ ᠤᠷᠤᠯᠳᠤᠭᠠᠨ ᠢᠶᠠᠷ ᠤᠳᠤ ᠲᠠᠢ ᠳᠠᠪᠬᠢᠵᠦ ᠪᠠᠶᠢᠭᠰᠠᠨ ᠢᠶᠠᠷ ᠳᠡᠷᠡ | ᠤᠷᠤᠯᠳᠤᠭᠠᠨ ᠮᠤᠷᠢ ᠤᠶᠠᠬᠤ ᠳᠤᠬᠠᠢ ᠪᠠᠭ᠎ᠠ ᠠᠴᠠ ᠪᠠᠨ ᠤᠶᠢᠯᠠᠭᠠᠵᠦ ᠮᠡᠳᠡᠭᠰᠡᠨ ᠶᠤᠮ ᠪᠠᠶᠢᠨ᠎ᠠ᠃ | ᠬᠥᠭᠵᠢᠯᠳᠦ᠄ ︽ᠮᠢᠨᠦ ᠮᠤᠷᠢ ᠤᠶᠠᠬᠤ ᠡᠷᠳᠡᠮ ᠭᠡᠵᠦ ᠶᠠᠭᠤ ᠯᠡ ᠪᠠᠶᠢᠬᠤᠪ ᠳ᠋ᠠ︕ ᠤᠶᠠᠭ᠎ᠠ | ᠰᠤᠶᠢᠯᠭᠠ ᠶᠢ ᠨᠢ ᠰᠠᠶᠢᠬᠠᠨ ᠳᠡᠩᠴᠡᠬᠦᠯᠬᠦ ᠴᠢᠬᠤᠯᠠ᠂ ᠭᠤᠤᠯ ᠨᠢ ᠮᠤᠷᠢ ᠶᠢ ᠪᠠᠭ᠎ᠠ ᠠᠴᠠ ᠨᠢ ᠤᠨᠤᠵᠦ | ᠴᠠᠭᠠᠷᠠᠭᠤᠯᠬᠤ ᠳᠤ ᠪᠠᠶᠢᠨ᠎ᠠ᠃ ᠪᠢ ᠮᠤᠷᠢ ᠰᠤᠷᠭᠠᠵᠦ ᠤᠨᠤᠬᠤ ᠳᠤ ᠪᠠᠨ ᠪᠠᠭ᠎ᠠ ᠠᠴᠠ ᠨᠢ ᠬᠤᠯᠠ ᠶᠠᠪᠤᠭᠤᠯᠳᠠᠭ᠃ | ᠬᠤᠯᠠ ᠵᠠᠮ ᠶᠠᠪᠤᠭᠠᠳ ᠢᠷᠡᠬᠦ ᠳᠤ ᠰᠠᠶᠢᠨ ᠮᠤᠷᠢ ᠪᠤᠯᠬᠤ ᠦᠷᠢᠶ᠎ᠡ ᠳᠠᠭ᠎ᠠ ᠴᠢᠨᠢ ᠴᠠᠭᠠᠷᠠᠭᠠᠳ ᠢᠷᠡᠴᠢᠬᠡᠨ᠎ᠡ᠃ | ᠮᠠᠭᠤ ᠨᠢᠭᠡ ᠨᠢ ᠲᠡᠨᠳᠡ ᠪᠠᠨ ᠪᠠᠯᠠᠷᠠᠵᠦ ᠵᠤᠭᠰᠤᠨ᠎ᠠ᠃ ᠪᠢ ᠨᠢ᠋ᠮᠠᠨ ᠨᠠᠰᠤᠳᠠᠢ ᠠᠴᠠ ᠪᠠᠨ ᠡᠬᠢᠯᠡᠵᠦ ᠵᠢᠷᠭᠤᠭᠠᠨ | ᠰᠠᠷ᠎ᠠ ᠶᠢᠨ ᠨᠢᠭᠡᠨ ᠤ ᠪᠠᠭᠠᠴᠤᠳ ᠬᠡᠤᠬᠡᠳ ᠤᠨ ᠪᠠᠶᠠᠷ ᠢᠶᠠᠷ ᠮᠤᠷᠢ ᠤᠨᠤᠵᠦ 60 ᠭᠠᠵᠠᠷ ᠤᠨ ᠠᠯᠤᠰ ᠤᠨ ᠮᠤᠷᠢᠨ | ᠤ ᠤᠷᠤᠯᠳᠤᠭᠠᠨ ᠳᠤ ᠳᠠᠪᠬᠢᠭᠤᠯᠳᠠᠭ᠃ ᠦᠷ ᠴᠦᠷ ᠢᠶᠠᠷ ᠪᠤᠰᠴᠤ ᠬᠤᠶᠠᠷ ᠭᠤᠷᠪᠠᠨ ᠴᠠᠭ ᠢᠶᠠᠷ ᠮᠤᠷᠢ ᠤᠨᠤᠳᠠᠭ᠂ | ᠲᠡᠷᠡ ᠦᠶ᠎ᠡ ᠳᠤ ᠠᠪᠤ ᠶᠢᠨ ᠰᠢᠷᠭ᠎ᠠ ᠮᠤᠷᠢ᠂ ᠡᠷᠢᠶᠡᠨ ᠲᠠᠰᠢᠶ᠎ᠠ᠂ ᠪᠦᠭᠳᠦᠷ ᠬᠠᠷ᠎ᠠ ᠭᠡᠳ ᠬᠡᠳᠦᠨ ᠰᠠᠶᠢᠬᠠᠨ ᠮᠤᠷᠢ | ᠬᠤᠷᠳᠤᠯᠠᠵᠦ ᠪᠠᠶᠢᠭᠰᠠᠨ ᠳ᠋ᠠ︾ ᠭᠡᠪᠡ᠃ | ᠬᠥᠭᠵᠢᠯᠳᠦ ᠶᠢᠨ ᠬᠤᠯᠤᠭᠠᠷ ᠬᠠᠷ᠎ᠠ᠂ ᠰᠢᠷᠭ᠎ᠠ᠂ ᠪᠠᠭ᠎ᠠ ᠬᠠᠷ᠎ᠠ ᠨᠢ ᠤᠳᠤ ᠲᠠᠢ ᠬᠤᠷᠳᠤᠯᠠᠵᠦ ᠪᠠᠶᠢᠭᠰᠠᠨ ᠪᠤᠯ | ᠳᠡᠬᠦᠨ ᠤ ᠳᠤᠮᠳᠠ ᠤᠷᠠᠨ ᠬᠠᠷ᠎ᠠ ᠭᠡᠳᠡᠭ ᠰᠠᠶᠢᠬᠠᠨ ᠬᠦᠯᠦᠭ ᠢ ᠨᠢ ᠳᠤᠷᠠᠰᠤᠯᠳᠠᠢ᠃ ᠤᠷᠠᠨ ᠬᠠᠷ᠎ᠠ ᠪᠤᠯ | ᠬᠦᠭᠵᠢᠯᠳᠦ ᠶᠢᠨ ᠬᠠᠶᠢᠷᠠᠳᠠᠢ ᠬᠤᠷᠳᠤᠨ ᠪᠤᠶᠠᠨ ᠤ ᠨᠢᠭᠡ᠃ ︽ᠮᠢᠨᠦ ᠤᠷᠠᠨ ᠬᠠᠷ᠎ᠠ ᠶᠢᠨ ᠨᠢᠭᠡᠨ ᠰᠠᠶᠢᠬᠠᠨ ᠳᠠᠭᠤᠤ | ᠪᠠᠶᠢᠳᠠᠭ ᠶᠤᠮ︾ ᠭᠡᠳ ᠬᠦᠭᠵᠢᠯᠳᠦ ᠰᠠᠶᠢᠬᠠᠨ ᠵᠤᠭᠤᠭ ᠳᠡᠯᠭᠡᠯ᠎ᠡ᠃ | ︽ᠰᠠᠯᠬᠢ ᠰᠠᠯᠬᠢᠨ ᠤ ᠠᠮᠢᠰᠬᠤᠭᠠᠨ ᠳᠤ | ᠵᠠᠯᠡᠨ ᠤ ᠭᠤᠭᠴᠤᠭ᠎ᠠ ᠳᠠᠰᠤᠷᠠᠨ᠎ᠠ | ᠁ | ᠰᠠᠯᠬᠢ ᠳᠠᠪᠠᠮ᠎ᠠ ᠬᠦᠶᠦᠳᠡᠯ ᠲᠠᠢ | ᠵᠡᠬᠦᠳᠦᠨ ᠳᠤᠮᠤᠭ ᠲᠠᠢ ᠠᠵᠢᠨᠠᠢ ᠡ | ᠤᠮᠤᠭ ᠵᠠᠳᠠᠭᠠᠶᠢᠯᠠᠨ ᠶᠠᠪᠤᠬᠤ ᠳᠤ | ᠳᠤᠭᠤᠰᠤ ᠨᠢ ᠦᠭᠡᠢ ᠳᠠᠰᠤᠷᠠᠨ᠎ᠠ | ᠁ | ᠨᠢᠳᠦ ᠠᠯᠳᠠᠮ᠎ᠠ ᠬᠦᠶᠦᠳᠡᠯ ᠲᠠᠢ | ᠬᠡᠶᠢᠮᠦᠷᠢ ᠰᠡᠷᠭᠦᠭᠡᠬᠦ ᠠᠵᠢᠨᠠᠢ ᠡ︾ ᠬᠡᠮᠡᠨ ᠳᠠᠭᠤᠯᠠᠭᠳᠠᠳᠠᠭ ᠡᠨᠡ ᠳᠠᠭᠤᠤ ᠪᠤᠯ ᠬᠦᠭᠵᠢᠯᠳᠦ ᠶᠢᠨ ᠤᠷᠠᠨ ᠬᠠᠷ᠎ᠠ | ᠪᠠᠨ ᠳᠤᠷᠠᠰᠴᠦ ᠵᠤᠬᠢᠶᠠᠯᠭᠠᠭᠰᠠᠨ ᠳᠠᠭᠤᠤ ᠠᠵᠢ᠃ ᠪᠦᠰᠡᠬᠦᠢ ᠶᠢᠨ ᠬᠢ ᠨᠢ ᠢᠨᠵᠢᠨ ᠳᠤ ᠢᠷᠡᠭᠰᠡᠨ ᠬᠠᠷ᠎ᠠ | ᠳᠠᠭ᠎ᠠ ᠶᠢ ᠬᠦᠭᠵᠢᠯᠳᠦ ᠬᠤᠷᠳᠤᠨ ᠬᠦᠯᠦᠭ ᠪᠤᠯᠤᠨ᠎ᠠ ᠬᠡᠮᠡᠨ ᠳᠠᠨᠢᠵᠦ᠂ ᠰᠡᠳᠬᠢᠯ ᠵᠢᠳᠬᠦᠯ ᠭᠠᠷᠭᠠᠵᠦ ᠤᠶᠠᠵᠦ | ᠰᠤᠶᠢᠭᠰᠠᠨ ᠪᠤᠯᠬᠤᠷ ᠤᠯᠠᠨ ᠨᠠᠶᠢᠷ ᠲᠤ ᠤᠳᠤᠯᠠᠵᠦ ᠬᠤᠷᠳᠤᠯᠠᠭᠰᠠᠨ ᠶᠤᠮ᠃ ᠬᠦᠭᠵᠢᠯᠳᠦ ᠶᠢᠨ ᠪᠦᠰᠡᠬᠦᠢ ᠨᠢ | ᠤᠷᠠᠨᠴᠡᠴᠡᠭ ᠭᠡᠳᠡᠭ ᠪᠤᠯᠬᠤᠷ ᠳᠡᠷᠡ ᠡᠨᠡ ᠬᠤᠷᠳᠤᠨ ᠪᠤᠶᠠᠨ ᠢᠶᠠᠨ ᠤᠷᠠᠨ ᠬᠠᠷ᠎ᠠ ᠬᠡᠮᠡᠨ ᠨᠠᠷᠡᠯᠡᠭᠰᠡᠨ ᠪᠠᠶᠢᠪᠠ᠃ | ᠤᠷᠠᠨ ᠬᠠᠷ᠎ᠠ ᠴᠡᠩᠭᠡᠯᠪᠤᠯᠠᠭ ᠰᠤᠮᠤ᠂ ᠪᠠᠶᠠᠨᠳᠤᠭ ᠰᠤᠮᠤ᠂ ᠪᠡᠯᠭᠦᠳᠠᠢ ᠪᠠᠯᠭᠠᠰᠤ᠂ ᠶᠡᠬᠡᠭᠤᠤᠯ ᠰᠤᠮᠤ᠂ ᠡᠷᠢᠶᠡᠨ | ᠬᠤᠳᠠ ᠶᠢᠨ ᠬᠡᠷᠡᠯᠳᠦᠡᠤᠳᠤ ᠰᠤᠮᠤ᠂ ᠪᠤᠭᠳ᠋ᠬᠠᠭᠤᠯᠠ ᠰᠤᠮᠤ ᠵᠡᠷᠭᠡ ᠭᠠᠵᠠᠷ ᠤᠨ ᠤᠯᠠᠨ ᠰᠠᠶᠢᠬᠠᠨ ᠨᠠᠶᠢᠷ | ᠨᠠᠭᠠᠳᠤᠮ ᠢᠶᠠᠷ ᠤᠯᠠᠨᠳᠠ ᠳᠡᠷᠢᠬᠦᠯᠡᠵᠦ᠂ ᠤᠯᠠᠨᠳᠠ ᠠᠶᠢᠷᠠᠭᠳᠠᠵᠦ ᠪᠠᠶᠢᠭᠰᠠᠨ ᠢ ᠨᠢ ᠡᠨᠡ ᠨᠤᠲᠤᠭ ᠤᠨ ᠬᠢᠨ | ᠠᠨᠳᠠᠬᠤ ᠦᠭᠡᠢ ᠮᠡᠳᠡᠳᠡᠭ᠃ ᠤᠷᠠᠨ ᠬᠠᠷ᠎ᠠ ᠤᠴᠠᠷᠠᠯ ᠢᠷᠦᠭᠡᠯ ᠤᠨ ᠰᠠᠶᠢᠨ ᠰᠠᠶᠢᠬᠠᠨ ᠤ ᠳᠡᠮᠳᠡᠭ ᠪᠤᠯᠵᠦ ᠡᠨᠡ | ᠠᠶᠢᠯ ᠳᠤ ᠦᠯᠢᠭᠡᠷ ᠲᠠᠢ ᠳᠠᠭᠤᠤ ᠲᠠᠢ ᠠᠷᠪᠠᠨ ᠳᠠᠪᠤᠨ ᠵᠢᠯ ᠪᠤᠯᠵᠠᠢ᠃ ᠬᠦᠮᠦᠨ ᠬᠦᠯᠦᠭ ᠬᠤᠶᠠᠷ ᠤᠨ ᠬᠤᠪᠢ | ᠪᠠᠷᠢᠯᠳᠤᠯᠭ᠎ᠠ ᠡ ᠭᠡᠵᠢ᠂ ᠬᠡᠵᠢᠶ᠎ᠡ ᠳᠤᠷᠠᠰᠤᠭᠰᠠᠨ ᠴᠤ ᠰᠢᠨ᠎ᠡ ᠪᠠᠷ ᠢᠶᠠᠨ ᠦᠯᠡᠳᠡᠭᠰᠡᠨ ᠳᠤᠩᠭᠠᠯᠠᠭᠬᠠᠨ ᠳᠤᠷᠠᠰᠤᠮᠵᠢ | ᠪᠠᠶᠢᠳᠠᠭ ᠢ ᠠᠳᠤᠭᠤᠴᠢᠨ ᠬᠦᠮᠦᠨ ᠤ ᠶᠠᠷᠢᠶᠠᠨ ᠠᠴᠠ ᠤᠶᠢᠯᠠᠭᠠᠬᠤ ᠰᠠᠶᠢᠬᠠᠨ ᠪᠠᠶᠢᠯ᠎ᠠ᠃ | | ᠠᠬ᠎ᠠ ᠳᠡᠬᠦᠦ ᠬᠤᠶᠠᠷ ᠮᠠᠯᠴᠢᠨ ᠬᠢᠯᠢ ᠨᠤᠲᠤᠭ ᠲᠤ | | | | | | | ᠠᠪᠠᠭ᠎ᠠ ᠬᠤᠰᠢᠭᠤᠨ ᠤ ᠵᠢᠷᠭᠠᠯᠠᠩᠳᠤ ᠰᠤᠮᠤᠨ ᠤ ᠪᠠᠶᠠᠨᠵᠢᠷᠭᠠᠯᠠᠩᠳᠦ ᠭᠠᠴᠠᠭᠠᠨ ᠤ ᠵᠠᠯᠠᠭᠤ ᠮᠠᠯᠴᠢᠨ | ᠰᠢᠯᠢᠨᠵᠤᠷᠢᠭ᠂ ᠰᠢᠯᠢᠡᠡᠷᠳᠡᠨᠢ ᠬᠤᠶᠠᠷ ︽ᠬᠤᠨᠢ ᠶᠢ ᠳᠤᠭᠳᠠᠪᠤᠷᠢᠵᠢᠭᠤᠯᠵᠦ ᠦᠭᠡᠷ ᠢ ᠨᠡᠮᠡᠭᠳᠡᠬᠦᠯᠬᠦ︾ | ᠪᠤᠳᠤᠯᠭ᠎ᠠ ᠶᠢᠨ ᠳᠠᠭᠠᠤ ᠤᠯᠠᠨ ᠵᠢᠯ ᠤᠨ ᠳᠤᠷᠰᠢ ᠦᠭᠡᠷ ᠤᠨ ᠡᠬᠦᠯᠳᠡᠷ ᠢᠶᠠᠨ ᠰᠠᠶᠢᠵᠢᠷᠠᠭᠤᠯᠬᠤ ᠶᠢᠨ ᠳᠦᠯᠦᠭᠡ | ᠠᠵᠢᠯᠯᠠᠵᠦ ᠶᠠᠪᠤᠭ᠎ᠠ ᠠᠵᠢ᠃ ᠬᠤᠰᠢᠭᠤ ᠰᠤᠮᠤᠨ ᠤ ᠬᠢ ᠨᠢ ᠬᠠᠮᠢᠶ᠎ᠠ ᠪᠦᠬᠦᠢ ᠬᠠᠷᠢᠭᠤᠴᠠᠯᠭᠠᠳᠠᠨ ᠡᠳᠡᠨ ᠤ ᠬᠢ ᠶᠢ | ᠦᠭᠡᠷ ᠤᠨ ᠡᠬᠦᠯᠳᠡᠷ ᠢᠶᠠᠨ ᠰᠠᠶᠢᠵᠢᠷᠠᠭᠤᠯᠤᠭᠠᠳ ᠬᠤᠰᠢᠭᠤ ᠨᠤᠲᠤᠭ ᠳᠡᠳᠦᠢ ᠦᠭᠡᠢ ᠠᠶᠢᠮᠠᠭ ᠲᠤ ᠴᠤ ᠰᠢᠯᠢᠳᠡᠭ | ᠲᠤ ᠲᠤᠭᠠᠴᠢᠭᠳᠠᠬᠤ ᠪᠤᠯᠤᠭᠰᠠᠨ ᠢ ᠶᠠᠷᠢᠬᠤ ᠦᠶ᠎ᠡ ᠳᠤ ᠠᠬᠠᠮᠠᠳ ᠮᠠᠯᠴᠢᠨ ᠪᠠᠶᠢᠬ᠎ᠠ ᠭᠡᠵᠦ ᠳᠦᠰᠦᠭᠡᠯᠡᠭᠰᠡᠨ ᠮᠠᠨᠢ | ᠪᠤᠷᠤᠭᠤᠳᠠᠵᠦ ᠴᠡᠯ ᠵᠠᠯᠠᠭᠤ ᠠᠬ᠎ᠠ ᠳᠡᠬᠦᠦ ᠬᠤᠶᠠᠷ ᠲᠠᠢ ᠠᠭᠤᠯᠵᠠᠵᠢ ᠪᠢᠯᠡ᠃ | ᠭᠤᠷᠪᠠ ᠤᠳᠠᠭᠠᠨ ᠤ ᠳᠤᠬᠢᠷᠠᠭᠤᠯᠤᠯᠳᠠ ᠪᠤᠯ ᠳᠡᠳᠡᠨ ᠤ ᠵᠠᠮᠨᠠᠯ᠃ ᠬᠢᠯᠢ ᠶᠢᠨ ᠨᠤᠳᠤᠭ ᠵᠢᠷᠭᠠᠯᠠᠩᠳᠦ | ᠪᠡᠯᠴᠢᠬᠡᠷ ᠡᠪᠡᠰᠦ ᠦᠡᠭ ᠰᠢᠮᠡᠯᠢᠭ ᠰᠠᠶᠢᠬᠠᠨ ᠭᠠᠵᠠᠷ᠃ ᠰᠢᠯᠢᠨᠵᠤᠷᠢᠭ ᠰᠢᠯᠢᠡᠡᠷᠳᠡᠨᠢ ᠠᠬ᠎ᠠ ᠲᠡᠬᠦᠦ ᠬᠤᠶᠠᠷ ᠤᠨ ᠬᠢᠨ | ᠠᠩᠭᠠᠯᠳᠤ ᠠᠭᠤᠯᠠ ᠪᠠᠨ ᠪᠠᠷᠠᠳᠠᠨ᠂ ᠴᠠᠭᠠᠨ ᠲᠡᠯ ᠠᠭᠤᠯᠠ ᠶᠢᠨ ᠢᠶᠠᠨ ᠵᠡᠬᠦᠬᠡᠨ ᠡᠩᠭᠡᠷ ᠲᠤ ᠴᠢᠬᠢ ᠶᠢᠨ ᠬᠦᠨᠳᠡᠢ | ᠭᠡᠳᠡᠭ ᠨᠤᠳᠤᠭ ᠲᠡᠭᠡᠷ᠎ᠡ ᠠᠵᠦ ᠲᠦᠷᠦᠨ ᠠᠮᠢᠳᠤᠷᠠᠨ ᠰᠠᠭᠤᠷᠢᠰᠢᠭ᠎ᠠ ᠪᠢᠯᠡ᠃ ᠳᠡᠳᠡᠨ ᠤ ᠬᠢ ᠬᠤᠰᠢᠭᠤᠨ ᠤ | ᠲᠦᠪ ᠠᠴᠠ ᠪᠠᠨ 160 ᠺᠢᠯᠤᠮᠧᠲᠷ ᠵᠠᠶᠢᠳᠠᠢ ᠪᠠᠶᠢᠵᠦ᠂ ᠬᠠᠷᠢᠨ ᠬᠢᠯᠢ ᠶᠢᠨ ᠱᠤᠭᠤᠮ ᠠᠴᠠ ᠬᠤᠷᠢᠬᠠᠨ ᠭᠠᠵᠠᠷ ᠯᠡ | ᠵᠠᠶᠢᠳᠠᠢ ᠪᠠᠶᠢᠳᠠᠭ ᠪᠤᠯᠬᠤᠷ ᠵᠢᠪ ᠵᠢᠩᠬᠢᠨᠢ ᠤᠮᠠᠷᠠᠳᠦ ᠬᠢᠯᠢ ᠪᠠᠨ ᠰᠠᠬᠢᠭᠰᠠᠨ ᠮᠠᠯᠴᠢᠨ ᠠᠶᠢᠯ ᠤᠨ ᠨᠢᠭᠡ ᠶᠤᠮ ᠃ | ᠳᠡᠳᠡᠨ ᠤ ᠬᠢᠨ ᠳᠤ ᠡᠪᠦᠯ ᠳᠤ ᠪᠠᠨ ᠠᠪᠠᠭ᠎ᠠ ᠬᠤᠰᠢᠭᠤᠨ ᠤ ᠪᠠᠨ ᠳᠦᠪ ᠲᠠᠢ ᠬᠠᠷᠢᠴᠠᠭᠤᠯᠬᠤ ᠳᠤ ᠴᠤ ᠲᠠᠪᠤ | ᠵᠢᠷᠭᠤᠭᠠᠨ ᠭᠷᠡᠳᠦ᠋ᠰ ᠬᠦᠢᠳᠡᠨ ᠪᠠᠶᠢᠳᠠᠭ᠃ ᠰᠢᠮᠧᠨ᠋ᠲ᠋ᠡᠷ ᠦᠭᠡᠷ ᠮᠠᠯᠵᠢᠬᠤ ᠳᠤ ᠠᠷᠠᠴᠢᠯᠠᠭ᠎ᠠ ᠳᠤᠳᠤᠮᠳᠠᠯᠭ᠎ᠠ ᠶᠡᠭᠡ | ᠤᠷᠤᠳᠠᠭ᠃ ᠤᠨᠴᠠᠭᠠᠶᠢᠯᠠᠨ ᠬᠦᠢᠳᠡᠨ ᠭᠠᠵᠠᠷ ᠮᠠᠯᠵᠢᠬᠤ ᠳᠤ ᠢᠯᠡᠬᠦᠦ ᠳᠤᠳᠤᠮᠳᠠᠬᠤ ᠭᠡᠷᠡᠭᠳᠡᠢ᠃ ᠭᠡᠬᠦ ᠳᠤ ᠪᠠᠨ | ᠰᠢᠯᠢᠠᠵᠤᠷᠢᠭ ᠰᠢᠯᠢᠡᠡᠷᠳᠡᠨᠢ ᠠᠬ᠎ᠠ ᠳᠡᠬᠦᠦ ᠬᠤᠶᠠᠷ ᠪᠦᠬᠦ ᠳᠠᠯ᠎ᠠ ᠪᠠᠷ ᠵᠤᠬᠢᠴᠠᠭᠤᠯᠤᠨ᠂ ᠪᠠᠶᠢᠭᠠᠯᠢ ᠶᠢᠨ ᠨᠦᠬᠦᠴᠡᠯ | ᠬᠡᠳᠦᠢ ᠬᠠᠬᠢᠷ ᠬᠦᠢᠳᠡᠨ ᠪᠠᠶᠢᠭᠰᠠᠨ ᠴᠤ ᠦᠭᠡᠷ ᠢᠶᠠᠨ ᠦᠨᠢᠷ ᠦᠰᠭᠡᠨ᠂ ᠵᠢᠯ ᠠᠴᠠ ᠵᠢᠯ ᠡᠬᠦᠯᠳᠡᠷ ᠢ ᠨᠢ | ᠰᠠᠶᠢᠵᠢᠷᠠᠭᠤᠯᠵᠦ ᠶᠠᠪᠤᠭ᠎ᠠ ᠨᠢ ᠮᠠᠭᠳᠠᠭᠤᠰᠢᠳᠠᠢ᠃ | ᠰᠢᠯᠢᠨᠵᠤᠷᠢᠭ᠂ ᠰᠢᠯᠢᠡᠡᠷᠳᠡᠨᠢ ᠠᠬ᠎ᠠ ᠲᠡᠬᠦᠦ ᠬᠤᠶᠠᠷ ᠰᠤᠷᠭᠠᠭᠤᠯᠢ ᠪᠠᠨ ᠳᠡᠬᠦᠰᠦᠭᠡᠳ ᠬᠠᠷᠢᠭᠰᠠᠨ ᠤ ᠰᠡᠬᠦᠯᠡᠷ | ᠭᠤᠷᠪᠠ ᠤᠳᠠᠭᠠᠨ ᠤ ᠮᠠᠯ ᠠᠵᠦ ᠠᠬᠤᠢ ᠶᠢᠨ ᠪᠦᠳᠦᠴᠡ ᠶᠢᠨ ᠲᠤᠬᠢᠷᠠᠭᠤᠯᠤᠯᠳᠠ ᠪᠠᠷ ᠲᠠᠮᠵᠢᠨ᠂ ᠠᠶᠢᠠᠮᠭ ᠤᠨ ᠲᠡᠰ | ᠤᠨ ᠬᠤᠸᠠᠰᠢ ᠦᠬᠡᠷ ᠲᠡᠵᠢᠬᠡᠨ ᠦᠷᠡᠵᠢᠬᠦᠯᠵᠦ ᠦᠷ᠎ᠡ ᠶᠢᠨ ᠮᠠᠯ ᠰᠤᠩᠭᠤᠨ ᠪᠤᠶᠢᠵᠢᠭᠤᠯᠬᠤ ᠰᠠᠭᠤᠷᠢᠨ | ᠭᠠᠵᠠᠷ ᠢᠶᠠᠷ ᠳᠤᠭᠳᠠᠭᠠᠭᠳᠠᠵᠦ᠂ ᠤᠶᠢᠷ᠎ᠠ ᠬᠠᠪᠢ ᠶᠢᠨ ᠮᠠᠯᠴᠢᠨ ᠲᠦᠮᠡᠨ ᠤ ᠪᠠᠨ ᠠᠩᠬᠠᠷᠤᠯ ᠳᠠᠭᠠᠰᠢᠶᠠᠯ ᠳᠤ | ᠬᠦᠷᠦᠭᠰᠡᠨ ᠮᠦᠷᠳᠡᠭᠡᠨ ᠨᠠᠮ ᠵᠠᠰᠠᠭ ᠤᠨ ᠦᠨᠳᠦᠷ ᠦᠨᠡᠯᠡᠯᠳᠡ ᠶᠢ ᠤᠯᠪᠠ᠃ ᠤᠳᠤ ᠳᠡᠳᠡᠨ ᠤ ᠬᠢ ᠠᠴᠠ ᠰᠢᠯᠢᠳᠡᠭ | ᠡᠬᠦᠯᠳᠡᠷ ᠤᠨ ᠦᠭᠡᠷ ᠠᠪᠬᠤ ᠪᠠᠷ ᠢᠷᠡᠬᠦ ᠬᠦᠮᠦᠨ ᠤᠯᠠᠰᠢᠷᠠᠵᠦ ᠪᠠᠶᠢᠬᠤ ᠪᠦᠭᠡᠳ ᠭᠡᠭᠡᠯᠳᠦᠬᠦᠯᠭᠡ ᠶᠢᠨ ᠮᠡᠷᠭᠡᠵᠢᠯ | ᠰᠤᠷᠬᠤ ᠬᠦᠮᠦᠨ ᠴᠤ ᠪᠠᠶᠢᠡᠭᠭᠤ ᠢᠷᠡᠬᠦ ᠪᠤᠯᠪᠠ᠃ | ᠰᠢᠯᠢᠨᠵᠤᠷᠢᠭ᠂ ᠰᠢᠯᠢᠠᠡᠷᠳᠡᠨᠢ ᠠᠬ᠎ᠠ ᠲᠡᠬᠦᠦ ᠬᠤᠶᠠᠷ ᠠᠩᠬ᠎ᠠ ᠡᠬᠢᠯᠡᠬᠡᠳ 300 ᠭᠠᠷᠤᠢ ᠤᠷᠢᠶᠠᠩᠬᠠᠢ ᠬᠤᠨᠢ | ᠮᠠᠯᠵᠢᠵᠤ ᠪᠠᠶᠢᠭᠰᠠᠨ ᠶᠤᠮ᠃ ᠳᠡᠳᠡᠨ ᠤ ᠨᠤᠲᠤᠭ ᠲᠤ ᠬᠤᠨᠢ ᠮᠠᠯᠵᠢᠬᠤ ᠨᠢ ᠳᠤᠬᠢᠷᠠᠮᠵᠢ ᠦᠭᠡᠢ ᠶᠢ ᠮᠡᠳᠡᠭᠰᠡᠨ | ᠪᠤᠯᠬᠤᠷ ᠬᠤᠨᠢ ᠪᠠᠨ ᠬᠤᠳᠠ ᠪᠠᠷ ᠨᠢ ᠪᠤᠷᠤᠯᠠᠭᠤᠯᠬᠤ ᠠᠩᠬᠠᠨ ᠤ ᠠᠯᠬᠤᠮ ᠢᠶᠠᠨ ᠠᠯᠬᠤᠪᠠ᠃ ᠮᠠᠯ ᠤᠨ ᠪᠦᠳᠦᠴᠡ | ᠳᠤ ᠪᠠᠨ ᠢᠡᠭᠭᠢᠵᠤ ᠠᠩᠬ᠎ᠠ ᠳᠤᠬᠢᠷᠠᠭᠤᠯᠤᠯᠳᠠ ᠬᠢᠪᠡ᠃ ᠪᠤᠳᠤᠯ ᠳᠤᠭᠳᠠᠭᠰᠠᠨ ᠪᠠᠶᠢᠳᠠᠯ ᠳᠤᠤᠷ᠎ᠠ ᠵᠤᠷᠢᠭᠳᠠᠢ | ᠦᠭᠡᠷᠡᠴᠢᠯᠡᠯᠳᠡ ᠬᠢᠬᠦ ᠪᠤᠯ ᠵᠠᠯᠠᠭᠤ ᠬᠦᠮᠦᠨ ᠤ ᠠᠪᠳᠠᠯ ᠪᠢᠯᠡ᠃ ᠳᠡᠳᠡᠨ ᠤ ᠰᠤᠩᠭᠤᠯᠳᠠ ᠨᠢ ᠶᠠᠭᠠᠬᠢᠯᠳᠠ ᠴᠤ | ᠦᠭᠡᠢ ᠦᠭᠡᠷ ᠪᠠᠶᠢᠭᠰᠠᠨ ᠶᠤᠮ᠃ 2005 ᠤᠨ ᠠᠴᠠ ᠳᠡᠳᠡ ᠨᠤᠳᠤᠭ ᠤᠨ ᠦᠬᠡᠷ ᠮᠠᠯᠵᠢᠵᠤ ᠡᠬᠢᠯᠡᠪᠡ᠃ ᠦᠬᠡᠷ | ᠮᠠᠯᠵᠢᠬᠤ ᠨᠢ ᠦᠷ᠎ᠡ ᠠᠰᠢᠭ ᠢᠶᠠᠷ ᠦᠨᠳᠦᠷ᠂ ᠡᠪᠡᠰᠦ ᠪᠡᠯᠴᠢᠬᠡᠷ ᠲᠤ ᠭᠠᠮᠳᠠᠢ ᠪᠠᠶᠢᠳᠠᠭ ᠢ ᠭᠤᠴᠢ ᠬᠦᠷᠦᠭᠡ ᠦᠭᠡᠢ | ᠨᠠᠰᠤᠨ ᠳᠤ ᠪᠠᠨ ᠠᠬ᠎ᠠ ᠳᠡᠬᠦᠦ ᠬᠤᠶᠠᠷ ᠰᠤᠪᠢᠵᠦ ᠪᠤᠳᠤᠵᠦ ᠶᠠᠪᠤᠭᠰᠠᠨ ᠠᠵᠢ᠃ ᠰᠤᠷᠭᠠᠭᠤᠯᠢ ᠳᠡᠬᠦᠰᠦᠭᠡᠳ | ᠰᠢᠭᠤᠳ ᠮᠠᠯ ᠠᠵᠤ ᠠᠬᠤᠢ ᠶᠢᠨ ᠹᠷᠤᠨᠲ ᠲᠤ ᠭᠠᠷᠤᠭᠰᠠᠨ ᠠᠬ᠎ᠠ ᠳᠡᠬᠦᠦ ᠬᠤᠶᠠᠷ ᠲᠤ ᠳᠤᠷᠰᠢᠯᠭ᠎ᠠ ᠰᠤᠷᠭᠠᠮᠵᠢ | ᠮᠡᠬᠦᠰ ᠪᠠᠶᠢᠭᠰᠠᠨ ᠴᠤ ᠬᠢᠴᠢᠶᠡᠵᠦ ᠰᠤᠷᠬᠤ ᠢᠳᠡᠭᠡᠯ ᠴᠢᠷᠮᠠᠶᠢᠯᠭ᠎ᠠ ᠪᠤᠯᠤᠨ ᠬᠢᠵᠦ ᠪᠦᠳᠦᠭᠡᠬᠦ ᠵᠤᠷᠢᠭ ᠳᠤᠳᠠᠭ᠎ᠠ | ᠦᠭᠡᠢ᠃ ᠨᠤᠲᠤᠭ ᠤᠨ ᠦᠭᠡᠷ ᠮᠠᠯᠵᠢᠭᠠᠳ ᠬᠢᠷᠢ ᠳᠤ ᠪᠠᠨ ᠠᠮᠵᠢᠯᠳᠠ ᠲᠠᠢ ᠪᠠᠶᠢᠭᠰᠠᠨ ᠴᠤ ᠴᠠᠭ ᠦᠶ᠎ᠡ ᠶᠢᠨ | ᠬᠦᠭᠵᠢᠯᠳᠡ᠂ ᠵᠠᠬ᠎ᠠ ᠳᠡᠯᠭᠡᠬᠦᠷ ᠤᠨ ᠱᠠᠭᠠᠷᠳᠠᠯᠭ᠎ᠠ ᠶᠢ ᠳᠠᠭᠠᠭᠠᠳ ᠬᠤᠶᠡᠳᠡᠬᠢ ᠪᠦᠳᠦᠴᠡ ᠶᠢᠨ ᠳᠤᠬᠢᠷᠠᠭᠤᠯᠤᠯᠳᠠ | ᠬᠢᠬᠦ ᠱᠠᠭᠠᠷᠳᠠᠯᠭ᠎ᠠ ᠲᠠᠢ ᠪᠤᠯᠪᠠ᠃ ᠠᠵᠢᠭᠴᠢ ᠤᠬᠠᠭᠠᠯᠢᠭ ᠠᠬ᠎ᠠ ᠲᠡᠬᠦᠦ ᠬᠤᠶᠠᠷ ᠮᠠᠨᠢ 2018 ᠤᠨ ᠳᠤ ᠨᠤᠲᠤᠭ | ᠤᠨ ᠦᠭᠡᠷ ᠢᠶᠠᠨ ᠪᠤᠷᠤᠯᠠᠭᠤᠯᠵᠤ᠂ ᠮᠦᠨ ᠵᠢᠯ ᠳᠤ ᠪᠠᠨ ᠲᠦᠡᠭᠯᠢᠶᠤᠤ ᠬᠤᠳᠠ ᠠᠴᠠ 52 ᠰᠢᠯᠢᠳᠡᠭ ᠡᠬᠦᠯᠳᠡᠷ | ᠤᠨ ᠰᠢᠮᠧᠨ᠋ᠲ᠋ᠡᠷ ᠦᠬᠡᠷ ᠠᠪᠴᠢᠷᠠᠵᠤ᠂ ᠤᠳᠤ ᠪᠤᠯᠬᠤ ᠳᠤ ᠠᠶᠢᠮᠠᠭ ᠤᠨ ᠳᠡᠰ ᠤᠨ ᠬᠤᠸᠠᠰᠢ ᠦᠭᠡᠷ ᠤᠨ ᠰᠠᠭᠤᠷᠢᠨ | ᠪᠤᠯᠤᠭᠰᠠᠨ ᠪᠠᠶᠢᠨ᠎ᠠ᠃ ᠡᠨᠡ ᠪᠤᠯ ᠲᠡᠳᠡᠨ ᠤ ᠮᠠᠯ ᠤᠨ ᠪᠦᠳᠦᠴᠡ ᠳᠤ ᠪᠠᠨ ᠭᠤᠷᠪᠠᠨᠳᠡᠬᠢ ᠤᠳᠠᠭ᠎ᠠ | ᠳᠤᠬᠢᠷᠠᠭᠤᠯᠤᠯᠳᠠ ᠬᠢᠭᠰᠡᠨ ᠶᠠᠪᠤᠳᠠᠯ ᠪᠤᠯᠤᠨ᠎ᠠ᠃ | ᠮᠡᠷᠭᠡᠵᠢᠯ ᠡᠵᠡᠮᠰᠢᠬᠦ ᠪᠤᠯ ᠳᠡᠳᠡᠨ ᠤ ᠬᠦᠰᠡᠯ ᠬᠦᠭᠡᠭᠡᠴᠡᠯᠳᠦᠯ᠃ ᠵᠠᠯᠠᠭᠤᠴᠤᠳ ᠬᠦᠴᠦᠳᠡᠢ ᠪᠤᠯ ᠬᠦᠳᠡᠭᠡ | ᠨᠤᠲᠤᠭ ᠤᠨ ᠬᠦᠭᠵᠢᠯ ᠤᠯᠠᠮ ᠪᠠᠳᠠᠷᠠᠭᠤᠨ ᠪᠤᠯᠬᠤ ᠨᠢ ᠳᠠᠮᠵᠢᠭ ᠦᠭᠡᠢ᠃ ᠰᠢᠯᠢᠨᠵᠤᠷᠢᠭ᠂ ᠰᠢᠯᠢᠡᠡᠷᠳᠡᠨᠢ ᠠᠬ᠎ᠠ | ᠳᠡᠬᠦᠦ ᠬᠤᠶᠠᠷ ᠪᠤᠯ ᠤᠷᠤᠨ ᠨᠤᠲᠤᠭ ᠲᠤ ᠪᠠᠨ ᠮᠡᠷᠭᠡᠵᠢᠯᠳᠡᠨ ᠬᠡᠮᠡᠭᠳᠡᠭᠰᠡᠨ ᠵᠠᠯᠠᠭᠤᠴᠤᠳ ᠶᠤᠮ᠃ ᠳᠡᠳᠡ 2018 | ᠤᠨ ᠠᠴᠠ ᠡᠬᠢᠯᠡᠵᠦ ᠲᠤᠤᠷ ᠰᠦᠯᠵᠢᠶ᠎ᠡ ᠶᠢ ᠠᠰᠢᠭᠯᠠᠨ ᠭᠠᠷ ᠭᠡᠭᠡᠯᠳᠦᠬᠦᠯᠬᠡ ᠬᠢᠬᠦ ᠮᠡᠷᠭᠡᠵᠢᠯ᠂ ᠦᠨᠢᠶᠡᠨ ᠤ | ᠤᠷᠤᠭ᠎ᠠ ᠶᠢ ᠬᠡᠷᠬᠢᠨ ᠲᠤᠷᠰᠢᠬᠤ᠂ ᠪᠠᠭᠠᠵᠢ ᠬᠡᠷᠡᠭᠰᠡᠯ ᠢᠶᠠᠨ ᠠᠷᠢᠭᠤᠳᠬᠠᠨ ᠴᠡᠪᠡᠷᠯᠡᠬᠦ ᠵᠡᠷᠭᠡ ᠤᠯᠠᠨ ᠮᠡᠷᠭᠡᠵᠢᠯ ᠢ | ᠰᠢᠰᠲ᠋ᠧᠮ ᠲᠠᠢ ᠡᠵᠡᠮᠰᠢᠵᠦ᠂ ᠤᠷᠤᠨ ᠨᠤᠲᠤᠭ ᠤᠨ ᠢᠶᠠᠨ ᠠᠭᠤᠷ ᠠᠮᠢᠰᠬᠤᠯ ᠳᠤ ᠲᠤᠬᠢᠷᠠᠬᠤ ᠠᠯᠠᠰᠢᠨ ᠤ ᠦᠬᠡᠷ | ᠤᠨ ᠢᠴᠡᠬᠡᠯ ᠦᠷ᠎ᠡ ᠶᠢ ᠰᠤᠩᠭᠤᠵᠤ᠂ ᠦᠪᠡᠷ ᠤᠨ ᠨᠤᠳᠤᠭ ᠤᠨ ᠦᠨᠢᠶᠡᠨ ᠳᠤ ᠪᠠᠨ ᠢᠴᠡᠬᠡᠯ ᠦᠷ᠎ᠡ ᠶᠢᠨ ᠭᠠᠷ | ᠬᠡᠬᠡᠯᠳᠦᠬᠦᠯᠬᠡ ᠬᠢᠭᠰᠡᠨ ᠪᠦᠭᠡᠳ ᠭᠠᠳᠠᠨ᠎ᠠ ᠠᠴᠠ ᠨᠢᠭᠡ ᠪᠦᠯᠦᠭ ᠰᠢᠯᠢᠳᠡᠭ ᠡᠬᠦᠯᠳᠡᠷ ᠤᠨ ᠦᠭᠡᠷ ᠠᠪᠤᠭᠰᠠᠨ ᠢᠶᠠᠷ | ᠤᠳᠤ ᠪᠤᠯᠬᠤ ᠳᠤ ᠭᠤᠷᠪᠠᠳᠤᠭᠠᠷ ᠦᠶ᠎ᠡ ᠶᠢᠨ ᠬᠤᠸᠠᠰᠢ ᠡᠬᠦᠯᠳᠡᠷ ᠤᠨ ᠦᠬᠡᠷ ᠢ ᠪᠤᠶᠢᠵᠢᠭᠤᠯᠵᠠᠢ᠃ ᠤᠳᠤ ᠡᠳᠡᠨ | ᠤ ᠬᠢ ᠠᠴᠠ ᠰᠢᠯᠢᠳᠡᠭ ᠡᠬᠦᠯᠳᠡᠷ ᠤᠨ ᠳᠤᠭᠤᠯ ᠠᠪᠤᠪᠠᠯ ᠠᠪᠤᠭᠰᠠᠨ ᠠᠶᠢᠯ ᠳᠤ ᠨᠢ 3000 ᠳᠦᠬᠦᠷᠢᠭ ᠤᠨ | ᠨᠦᠬᠦᠪᠦᠷᠢ ᠲᠠᠢ ᠪᠤᠯᠤᠭᠰᠠᠨ ᠪᠤᠯᠬᠤᠷ ᠠᠬ᠎ᠠ ᠳᠡᠬᠦᠦ ᠬᠤᠶᠠᠷ ᠤᠨ ᠦᠭᠡᠷ ᠤᠨ ᠪᠤᠷᠤᠯᠠᠭᠤᠯᠭ᠎ᠠ ᠳᠤ ᠠᠰᠢᠭᠳᠠᠢ | ᠪᠤᠯᠤᠭᠰᠠᠨ ᠪᠦᠭᠡᠳ ᠬᠤᠳᠠᠯᠳᠤᠵᠦ ᠠᠪᠤᠭᠰᠠᠨ ᠠᠶᠢᠯ ᠳᠤ ᠴᠤ ᠠᠰᠢᠭᠳᠠᠢ ᠪᠤᠯᠤᠭᠰᠠᠨ ᠶᠤᠮ ᠪᠠᠶᠢᠨ᠎ᠠ᠃ 2019 | ᠤᠨ ᠳᠤ ᠬᠤᠰᠢᠭᠤ ᠱᠠᠳᠤᠨ ᠤ ᠪᠠᠨ ᠰᠢᠮᠧᠨ᠋ᠲ᠋ᠡᠷ ᠦᠭᠡᠷ ᠮᠠᠯᠵᠢᠬᠤ ᠭᠤᠤᠯᠳᠠᠯᠭᠠᠳᠤ ᠰᠦᠷᠦᠭ ᠤᠨ ᠡᠷᠦᠭᠡ ᠪᠠᠷ | ᠦᠨᠡᠯᠡᠭᠳᠡᠭᠰᠡᠨ ᠡᠳᠡᠨ ᠤ ᠬᠢᠨ ᠳᠤ ᠬᠤᠰᠢᠭᠤᠨ ᠤ ᠡᠬᠦᠯᠳᠡᠷ ᠰᠠᠶᠢᠵᠢᠷᠠᠭᠤᠯᠬᠤ ᠦᠷᠳᠡᠭᠡᠨ ᠠᠴᠠ ᠵᠢᠯ ᠪᠦᠷᠢ | ᠰᠢᠯᠢᠳᠡᠭ ᠴᠢᠨᠠᠷ ᠤᠨ ᠦᠷ᠎ᠡ ᠶᠢ ᠦᠨ᠎ᠡ ᠳᠦᠯᠦᠪᠦᠷᠢ ᠦᠭᠡᠢ ᠬᠠᠨᠭ᠍ᠭᠠᠵᠦ ᠦᠭᠳᠡᠭ ᠪᠦᠭᠡᠳ ᠪᠤᠰᠤᠳ ᠡᠯ᠎ᠡ | ᠳᠠᠯ᠎ᠠ ᠶᠢᠨ ᠳᠡᠮᠵᠢᠯᠭᠡ ᠦᠵᠡᠬᠦᠯᠳᠡᠭ᠃ ᠮᠡᠷᠭᠡᠵᠢᠯ ᠡᠵᠡᠮᠰᠢᠬᠦ ᠳᠤᠬᠠᠢ ᠶᠠᠷᠢᠬᠤ ᠳᠤ ᠠᠬ᠎ᠠ ᠳᠡᠬᠦᠦ ᠬᠤᠶᠠᠭᠤᠯᠠ | 2007 ᠤᠨ ᠳᠤ ᠰᠤᠮᠤᠨ ᠤ ᠪᠠᠨ ᠡᠷᠬᠢᠯᠡᠭᠰᠡᠨ ᠭᠡᠭᠡᠯᠳᠦᠬᠦᠯᠭᠡ ᠶᠢᠨ ᠮᠡᠷᠭᠡᠵᠢᠯ ᠤᠨ ᠪᠤᠯᠪᠠᠰᠤᠷᠠᠯ ᠳᠤ ᠤᠷᠤᠯᠴᠠᠵᠦ | ᠪᠠᠶᠢᠭᠰᠠᠨ ᠪᠦᠭᠡᠳ 2018 ᠤᠨ ᠠᠴᠠ ᠬᠤᠶᠠᠷ ᠤᠳᠠᠭ᠎ᠠ ᠳᠤᠰᠬᠠᠢ ᠪᠤᠯᠪᠠᠰᠤᠷᠠᠯ ᠳᠤ ᠤᠷᠤᠯᠴᠠᠭᠰᠠᠨ ᠪᠠᠶᠢᠪᠠ᠃ | ᠳᠡᠳᠡ ᠰᠤᠮᠤ ᠭᠠᠴᠠᠭᠠᠨ ᠠᠴᠠ ᠪᠠᠨ ᠵᠤᠬᠢᠶᠠᠨ ᠪᠠᠶᠢᠭᠤᠯᠤᠭᠰᠠᠨ ᠮᠡᠷᠭᠡᠵᠢᠯ ᠤᠨ ᠪᠤᠯᠪᠠᠰᠤᠷᠠᠯ ᠳᠤ ᠤᠷᠤᠯᠴᠠᠳᠠᠭ | ᠪᠦᠭᠡᠳ ᠦᠪᠡᠷᠰᠡᠳ ᠢᠶᠠᠨ ᠳᠤᠤᠷ ᠰᠦᠯᠵᠢᠶᠡᠨ ᠠᠴᠠ ᠮᠡᠳᠡᠯᠭᠡ ᠮᠡᠷᠭᠡᠵᠢᠯ ᠬᠠᠶᠢᠨ ᠰᠤᠷᠤᠯᠴᠠᠳᠠᠭ᠃ ᠡᠨᠡ ᠨᠢ ᠴᠠᠭ | ᠦᠶ᠎ᠡ ᠶᠢᠨ ᠨᠦᠬᠦᠴᠡᠯ ᠪᠤᠯᠤᠮᠵᠢ ᠪᠠᠨ ᠴᠢᠳᠠᠮᠠᠭᠠᠢ ᠠᠰᠢᠭᠯᠠᠵᠦ ᠴᠢᠳᠠᠵᠦ ᠪᠠᠶᠢᠭ᠎ᠠ ᠵᠠᠯᠠᠭᠤ ᠬᠦᠮᠦᠰ ᠤᠨ ᠳᠠᠪᠠᠭᠤᠯᠢᠭ | ᠳᠠᠯ᠎ᠠ ᠶᠤᠮ᠃ | ᠰᠢᠯᠢᠨᠵᠤᠷᠢᠭ᠂ ᠰᠢᠯᠢᠡᠡᠷᠳᠡᠨᠢ ᠠᠬ᠎ᠠ ᠲᠡᠬᠦᠦ ᠬᠤᠶᠠᠭᠤᠯᠠ 2022 ᠤᠨ ᠳᠤ ᠠᠶᠢᠮᠠᠭ ᠤᠨ ᠳᠠᠷᠢᠶᠠᠯᠠᠩ ᠮᠠᠯ | ᠠᠵᠤ ᠠᠬᠤᠢ ᠶᠢᠨ ᠳᠤᠪᠴᠢᠶᠠᠨ ᠠᠴᠠ ᠤᠯᠭᠤᠭᠰᠠᠨ ᠠᠶᠢᠮᠠᠭ ᠤᠨ ᠲᠡᠰ ᠤᠨ ᠬᠤᠸᠠᠰᠢ ᠦᠬᠡᠷ ᠲᠡᠵᠢᠬᠡᠨ | ᠦᠷᠡᠵᠢᠬᠦᠯᠵᠦ ᠦᠷ᠎ᠡ ᠶᠢᠨ ᠮᠠᠯ ᠰᠤᠩᠭᠤᠨ ᠪᠤᠶᠢᠵᠢᠭᠤᠯᠬᠤ ᠰᠠᠭᠤᠷᠢᠨ ᠭᠠᠵᠠᠷ ᠤᠨ ᠵᠦᠪᠰᠢᠶᠡᠷᠡᠯ ᠤᠨ ᠦᠨᠡᠮᠯᠡᠯ ᠢ | ᠭᠠᠷᠳᠠᠵᠠᠢ᠃ ᠡᠨᠡ ᠪᠤᠯ ᠳᠡᠳᠡ ᠬᠤᠶᠠᠭᠤᠯᠠ ᠶᠢᠨ ᠬᠡᠴᠢᠨᠡᠬᠡᠨ ᠵᠢᠯ ᠤᠨ ᠴᠢᠷᠮᠠᠶᠢᠯᠭ᠎ᠠ ᠶᠢᠨ ᠦᠷ᠎ᠡ ᠳ᠋ᠦᠡᠭ ᠶᠤᠮ᠃ | ᠳᠡᠬᠦᠨ ᠠᠴᠠ ᠡᠮᠦᠨ᠎ᠡ ᠰᠢᠯᠢᠡᠡᠷᠳᠡᠨᠢ 2019 ᠤᠨ ᠳᠤ ᠪᠦᠬᠦ ᠤᠷᠤᠨ ᠤ ᠵᠠᠯᠠᠭᠤᠴᠤᠳ ᠤᠨ ᠠᠵᠢᠯ ᠤᠯᠬᠤ ᠤᠷ᠎ᠠ | ᠮᠡᠷᠭᠡᠵᠢᠯ ᠢ ᠳᠡᠭᠡᠭᠰᠢᠯᠡᠬᠦᠯᠬᠦ ᠪᠤᠯᠪᠠᠰᠤᠷᠠᠯ ᠤᠨ ᠠᠩᠬᠢ ᠳᠤ ᠤᠷᠤᠯᠴᠠᠭᠠᠳ ᠠᠮᠵᠢᠯᠳᠠ ᠲᠠᠢ ᠰᠤᠷᠤᠯᠭ᠎ᠠ | ᠳᠡᠬᠦᠰᠦᠭᠰᠡᠨ ᠪᠤᠯ 2020 ᠤᠨ ᠤ 9 ᠰᠠᠷ᠎ᠠ ᠳᠤ ᠵᠢᠷᠭᠠᠯᠠᠩᠳᠦ ᠰᠤᠮᠤᠨ ᠤ ᠪᠠᠨ ᠰᠢᠯᠢᠳᠡᠭ ᠵᠠᠯᠠᠭᠤ ᠭᠡᠬᠦ ᠱᠠᠩᠨᠠᠯ ᠢ | ᠳᠤᠰᠤᠭᠰᠠᠨ ᠪᠠᠢᠨ᠎ᠠ᠃ ᠰᠢᠯᠢᠨᠵᠤᠷᠢᠭ 2022 ᠤᠨ ᠳᠤ ᠵᠢᠷᠭᠠᠯᠠᠩᠳᠦ ᠰᠤᠮᠤᠨ ᠤ ᠪᠠᠨ ᠬᠦᠳᠡᠯᠮᠦᠷᠢ ᠶᠢᠨ | ᠵᠢᠱᠢᠶᠡᠴᠢ ᠪᠠᠷ ᠬᠦᠬᠢᠬᠦᠯᠦᠭᠳᠡᠵᠦ᠂ 2021 ᠤᠨ ᠳᠤ ᠳᠡᠳᠡᠨ ᠤ ᠬᠢ ᠪᠠᠰᠠ ᠰᠤᠮᠤᠨ ᠤ ᠪᠠᠨ ᠳᠠᠩᠰᠠ ᠪᠤᠳᠤᠵᠦ | ᠮᠠᠯ ᠮᠠᠯᠵᠢᠭᠰᠠᠨ ᠵᠢᠱᠢᠶᠡᠴᠢ ᠡᠷᠦᠭᠡ ᠪᠠᠷ ᠬᠦᠬᠢᠬᠦᠯᠦᠭᠳᠡᠭᠰᠡᠨ ᠪᠠᠶᠢᠨ᠎ᠠ᠃ | ᠡᠶ᠎ᠡ ᠡᠪᠳᠡᠢ ᠪᠠᠶᠢᠬᠤ ᠪᠤᠯ ᠳᠡᠳᠡᠨ ᠤ ᠪᠠᠷᠢᠮᠳᠠᠯᠠᠯ᠃ ︽ᠨᠢᠭᠡ ᠬᠦᠮᠦᠨ ᠤ ᠤᠬᠠᠭᠠᠨ ᠬᠦᠷᠬᠦ ᠦᠭᠡᠢ᠂ ᠬᠤᠶᠠᠷ | ᠬᠦᠮᠦᠨ ᠤ ᠤᠬᠠᠭᠠᠨ ᠪᠠᠷᠠᠬᠤ ᠦᠭᠡᠢ︾ ᠭᠡᠳᠡᠭ ᠦᠭᠡ ᠪᠤᠢ᠃ ᠶᠠᠮᠠᠷ ᠨᠢᠭᠡᠨ ᠠᠵᠢᠯ ᠳᠦᠷᠦᠯ ᠢ ᠰᠠᠨᠠᠭ᠎ᠠ ᠤᠨᠤᠭ᠎ᠠ | ᠨᠡᠶᠢᠯᠡᠳᠡᠭ ᠬᠦᠮᠦᠨ ᠲᠠᠢ ᠪᠠᠨ ᠬᠢᠪᠡᠯ ᠬᠤᠯᠠ ᠶᠢᠨ ᠠᠶᠠᠨ ᠳᠤ ᠬᠦᠳᠦᠯᠦᠭᠡ ᠮᠤᠷᠢ ᠲᠠᠢ ᠶᠠᠪᠤᠵᠦ ᠪᠠᠶᠢᠭ᠎ᠠ ᠲᠠᠢ | ᠠᠳᠠᠯᠢ ᠪᠢᠯᠡ᠃ ᠠᠬ᠎ᠠ ᠲᠡᠭᠦᠣ ᠬᠤᠶᠠᠭᠤᠯᠠ ᠪᠠᠨ ᠮᠠᠯᠵᠢᠬᠤ ᠠᠮᠢᠳᠣᠷᠠᠯ ᠳᠤ ᠪᠠᠨ ᠰᠠᠨᠠᠭ᠎ᠠ ᠵᠠᠶᠠᠭ᠎ᠠ ᠨᠡᠶᠢᠯᠡᠵᠦ᠂ | ᠡᠷᠳᠡᠯᠡᠵᠣ ᠤᠷᠤᠶᠢᠯᠠᠨ ᠴᠢᠷᠮᠠᠶᠢᠨ ᠠᠵᠢᠯᠯᠠᠵᠣ᠂ ᠭᠡᠷ ᠵᠠᠭᠤᠷ᠎ᠠ ᠶᠢᠨ ᠠᠷᠰᠠᠷ ᠠᠵᠢᠯ ᠠᠴᠠ ᠡᠭᠢᠯᠡᠭᠡᠳ᠂ ᠮᠠᠯ | ᠰᠦᠷᠦᠭ ᠲᠣᠳᠣᠮᠳᠠᠬᠤ ᠵᠡᠷᠭᠡ ᠭᠠᠳᠠᠨ᠎ᠠ ᠲᠣᠳᠣᠨ᠎ᠠ ᠶᠢᠨ ᠠᠯᠢᠪᠠ ᠠᠵᠢᠯ ᠳᠤ ᠶᠡᠷᠦ ᠠᠴᠠ ᠬᠤᠶᠢᠰᠢ ᠰᠠᠭᠤᠳᠠᠭ | ᠦᠭᠡᠢ᠃ ᠠᠵᠢᠯ ᠠᠴᠠ ᠵᠠᠶᠢᠯᠠᠵᠦ ᠠᠮᠠᠷ ᠢᠶᠠᠨ ᠪᠤᠳᠤᠳᠠᠭ ᠵᠠᠩ ᠡᠳᠠ ᠬᠤᠶᠠᠭᠤᠯᠠ ᠳᠤ ᠪᠠᠶᠢᠳᠠᠭ ᠦᠭᠡᠢ ᠮᠦᠷᠳᠡᠭᠡᠠ | ᠲᠣᠣᠭᠠᠷᠪᠠᠯ ᠲᠠᠭᠤ ᠨᠢᠭᠡᠳᠠᠢ᠂ ᠳᠤᠭᠳᠤᠷᠪᠠᠯ ᠭᠦᠴᠣ ᠨᠢᠭᠡᠳᠡᠢ ᠪᠠᠶᠢᠵᠦ ᠴᠢᠳᠠᠳᠠᠭ ᠢ ᠳᠡᠳᠡᠨ ᠤ ᠶᠠᠷᠢᠶᠠᠨ ᠠᠴᠠ | ᠤᠶᠢᠯᠠᠭᠠᠯ᠎ᠠ᠃ ︽ᠤᠨᠴᠠᠭᠠᠢ ᠶᠠᠷᠢᠮᠠᠷ ᠶᠠᠭᠤᠮ᠎ᠠ ᠶᠠᠭᠤ ᠪᠠᠶᠢᠬᠤ ᠪᠤᠢ︾ ᠭᠡᠵᠦ ᠬᠡᠳᠦᠨᠳᠡ ᠶᠠᠷᠢᠭᠰᠠᠨ ᠳᠠᠷᠤᠤᠬᠠᠨ | ᠳᠡᠳᠡ ᠬᠤᠶᠠᠷ ᠠᠵᠢᠯ ᠳᠤ ᠬᠠᠷᠢᠨ ᠬᠤᠶᠢᠰᠢ ᠦᠭᠡᠢ ᠪᠠᠶᠢᠳᠠᠭ᠃ ᠪᠦᠳᠦᠭᠡᠨ ᠪᠠᠶᠢᠭᠤᠯᠤᠯᠳᠠ ᠬᠢᠬᠦ᠂ ᠦᠭᠡᠷ ᠮᠠᠯ | ᠪᠤᠷᠤᠯᠠᠭᠤᠯᠬᠤ᠂ ᠳᠡᠵᠢᠭᠡᠯ ᠡᠪᠡᠰᠦ ᠠᠪᠬᠤ ᠠᠯᠢᠪᠠ ᠠᠵᠢᠯ ᠢ ᠬᠠᠷᠢᠯᠴᠠᠨ ᠵᠦᠪᠳᠡᠯᠴᠡᠵᠦ ᠬᠢᠳᠡᠭ ᠪᠤᠯᠬᠤᠷ ᠤᠯᠠᠩᠬᠢ | ᠪᠠᠶᠢᠳᠠᠯ ᠳᠤ ᠵᠦᠪ ᠰᠤᠩᠭᠤᠯᠳᠠ ᠬᠢᠭᠰᠡᠨ ᠪᠠᠶᠢᠳᠠᠭ᠃ ︽ ᠮᠠᠨ ᠤ ᠬᠤᠶᠠᠷ ᠭᠠᠳᠠᠭᠰᠢ ᠭᠠᠷᠬᠤ ᠣᠴᠢᠷ ᠲᠠᠢ ᠪᠤᠯᠪᠠᠯ | ᠡᠭᠡᠯᠵᠢᠯᠠᠠ ᠭᠠᠷᠳᠠᠭ᠃ ᠵᠢᠯ ᠤᠨ ᠣᠷᠣᠯᠭ᠎ᠠ ᠵᠠᠷᠣᠯᠭ᠎ᠠ ᠪᠣᠶᠣ ᠪᠣᠰᠣᠳ ᠵᠣᠭᠤᠰ ᠮᠦᠡᠭᠬᠦᠨ ᠤ ᠲᠠᠯ᠎ᠠ ᠶᠢᠨ | ᠠᠮᠢᠳᠣᠷᠠᠯ ᠤᠨ ᠵᠢᠵᠢᠭ ᠰᠠᠵᠢᠭ ᠤᠴᠢᠷ ᠠᠴᠠ ᠠᠮᠢᠳᠣᠷᠠᠯ ᠤᠨ ᠶᠡᠭᠡ ᠳᠠᠩᠰᠠ ᠳᠤ ᠭᠦᠷᠳᠡᠯ᠎ᠠ ᠶᠠᠮᠠᠷ ᠴᠦ ᠵᠦᠷᠢᠴᠡᠯ | ᠮᠠᠷᠭᠤᠯᠳᠣᠭᠠᠠ ᠭᠡᠵᠤ ᠪᠠᠶᠢᠳᠠᠭ ᠦᠭᠡᠢ᠂ ᠴᠢ ᠲᠣᠳᠠᠭᠤ ᠠᠵᠢᠯᠯᠠᠭᠰᠠᠨ᠂ ᠪᠢ ᠢᠯᠡᠭᠦᠣ ᠠᠵᠢᠯᠯᠠᠭᠰᠠᠨ ᠭᠡᠭᠦ ᠪᠣᠳᠣᠯ | ᠶᠡᠷᠣ ᠪᠠᠶᠢᠳᠠᠭ ᠦᠭᠡᠢ᠂ ᠨᠡᠩ ᠴᠦ ᠡᠯᠳᠡᠪ ᠵᠦᠢᠯ ᠤᠨ ᠲᠤᠭᠯᠠᠭᠠᠮ ᠨᠠᠭᠠᠳᠣᠮ᠂ ᠠᠷᠢᠭᠢ ᠲᠠᠷᠠᠰᠣ᠂ ᠲᠠᠮᠠᠬᠢᠨ ᠳᠤ | ᠰᠢᠨᠤᠯ ᠦᠭᠡᠢ ᠪᠠᠶᠢᠳᠠᠭ ᠪᠤᠯᠬᠤᠷ ᠪᠢᠳᠡᠨ ᠳᠤ ᠳᠡᠶᠢᠮᠦ ᠶᠡᠭᠡ ᠵᠣᠭᠤᠰ ᠮᠦᠡᠭᠬᠦᠨ ᠤ ᠱᠠᠭᠠᠷᠳᠠᠯᠭ᠎ᠠ ᠪᠠᠶᠢᠬᠤ ᠦᠭᠡᠢ᠃ | ᠪᠢᠳᠡ ᠤᠯᠠᠩᠬᠢ ᠳᠤ ᠪᠠᠨ ᠮᠠᠯ ᠤᠨᠤᠭᠠᠨ ᠳᠤ ᠪᠠᠨ ᠯᠨ ᠶᠠᠭᠠᠷᠠᠳᠠᠭ᠂ ᠡᠨᠡᠬᠦᠷ ᠳᠡᠨᠡᠬᠦᠷ ᠶᠠᠪᠤᠭᠠᠳ ᠪᠠᠶᠢᠬᠤ ᠤᠴᠢᠷ | ᠴᠦᠭᠡᠨ︾ ᠭᠡᠵᠦ ᠠᠬ᠎ᠠ ᠲᠡᠬᠦᠦ ᠬᠤᠶᠠᠷ ᠶᠠᠷᠢᠨ᠎ᠠ᠃ | ᠪᠦᠳᠦᠭᠡᠨ ᠪᠠᠢᠭᠤᠯᠤᠯᠳᠠ ᠪᠠᠨ ᠰᠠᠶᠢᠨ ᠬᠢᠬᠦ ᠪᠤᠯ ᠳᠡᠳᠡᠨ ᠤ ᠪᠠᠳᠤᠯᠠᠭ᠎ᠠ᠃ 2016 ᠤᠨ ᠳᠤ ᠠᠬ᠎ᠠ ᠲᠡᠬᠦᠦ | ᠬᠤᠶᠠᠭᠤᠯᠠ ᠦᠪᠡᠷ ᠤᠨ ᠬᠦᠴᠦ ᠴᠢᠷᠮᠠᠶᠢᠯᠭ᠎ᠠ ᠪᠠᠷ ᠢᠶᠠᠨ 280 ᠬᠠᠪᠳᠠᠭᠠᠢ ᠲᠦᠷᠪᠡᠯᠵᠢᠨ ᠮᠧᠲᠷ ᠤᠨ ᠲᠤᠯᠠᠭᠠᠨ | ᠫᠸᠡᠭ ᠪᠠᠷᠢᠭᠰᠠᠨ ᠪᠠᠶᠢᠨ᠎ᠠ᠃ ᠡᠨᠡ ᠪᠤᠯ ᠳᠡᠳᠡᠨ ᠤ ᠠᠩᠬ᠎ᠠ ᠦᠪᠡᠷᠰᠡᠳ ᠢᠶᠠᠨ ᠪᠠᠶᠢᠭᠤᠯᠤᠭᠰᠠᠨ ᠪᠦᠳᠦᠭᠡᠨ | ᠪᠠᠢᠭᠤᠯᠤᠯᠳᠠ ᠪᠤᠯᠤᠨ᠎ᠠ᠃ ᠰᠢᠯᠢᠳᠡᠭ ᠡᠬᠦᠯᠳᠡᠷ ᠤᠨ ᠦᠭᠡᠷ ᠮᠠᠯᠵᠢᠬᠤ ᠶᠢᠨ ᠳᠦᠯᠦᠭᠡ ᠡᠶᠢᠮᠦᠷᠬᠦᠦ ᠪᠡᠯᠡᠳᠭᠡᠯ ᠢᠶᠠᠨ | ᠵᠠᠪᠠᠯ ᠰᠠᠶᠢᠨ ᠬᠢᠭᠰᠡᠨ ᠪᠠᠶᠢᠬᠤ ᠭᠡᠷᠡᠭᠳᠡᠢ ᠠᠵᠢ᠃ ᠬᠢᠯᠢ ᠨᠤᠲᠤᠭ ᠤᠨ ᠬᠦᠢᠳᠡᠨ ᠳᠤ ᠠᠷᠠᠴᠢᠯᠠᠭ᠎ᠠ ᠳᠤᠳᠤᠮᠳᠠᠯᠭ᠎ᠠ | ᠶᠡᠭᠡ ᠤᠷᠤᠳᠠᠭ ᠰᠢᠮᠧᠨ᠋ᠲ᠋ᠡᠷ ᠦᠭᠡᠷ ᠮᠠᠯᠵᠢᠬᠤ ᠳᠤ ᠰᠠᠭᠤᠷᠢ ᠪᠦᠳᠦᠭᠡᠨ ᠪᠠᠶᠢᠭᠤᠯᠤᠯᠳᠠ ᠦᠨᠳᠦᠰᠦ ᠪᠤᠯᠤᠨ᠎ᠠ᠃ | ᠰᠢᠯᠢᠨᠵᠤᠷᠢᠭ᠂ ᠰᠢᠯᠢᠡᠡᠷᠳᠡᠨᠢ ᠠᠬ᠎ᠠ ᠳᠡᠬᠦᠦ ᠬᠤᠶᠠᠷ ᠪᠦᠳᠦᠭᠡᠨ ᠪᠠᠶᠢᠭᠤᠯᠤᠯᠳᠠ ᠪᠠᠨ ᠰᠠᠶᠢᠨ ᠬᠢᠭᠰᠡᠨ ᠪᠤᠯᠬᠤᠷ | ᠦᠭᠡᠷ ᠢᠶᠠᠨ ᠦᠨᠢᠷ ᠦᠰᠭᠡᠵᠦ᠂ ᠬᠤᠬᠢᠷᠠᠯ ᠰᠦᠢᠳᠦᠯ ᠦᠭᠡᠢ ᠶᠠᠪᠤᠭ᠎ᠠ ᠠᠵᠢ᠃ | ᠡᠳᠡᠨ ᠤ ᠪᠦᠳᠦᠭᠡᠨ ᠪᠠᠶᠢᠭᠤᠯᠤᠯᠳᠠ ᠶᠢ ᠳᠤᠷᠠᠳᠪᠠᠯ ᠲᠠᠷᠢᠶᠠᠯᠠᠩ ᠤᠨ ᠮᠠᠰᠢᠨ ᠤ ᠬᠦᠮᠦᠷᠬᠡ 144 ᠬᠠᠪᠳᠠᠭᠠᠢ | ᠲᠦᠷᠪᠡᠯᠵᠢᠨ ᠮᠧᠲᠷ ᠂ ᠬᠡᠬᠡᠯᠳᠦᠬᠦᠯᠬᠡ ᠶᠢᠨ ᠦᠷᠦᠬᠡ 20 ᠬᠠᠪᠳᠠᠭᠠᠢ ᠲᠦᠷᠪᠡᠯᠵᠢᠨ ᠮᠧᠲᠷ ᠪᠠᠶᠢᠭ᠎ᠠ ᠶᠤᠮ | ᠪᠠᠶᠢᠨ᠎ᠠ᠃ ᠦᠨᠢᠶᠡᠨ ᠤ ᠫᠸᠡᠭ 200 ᠬᠠᠪᠳᠠᠭᠠᠢ ᠲᠦᠷᠪᠡᠯᠵᠢᠨ ᠮᠧᠲᠷ᠂ ᠰᠠᠷᠠᠪᠴᠢ 140 ᠬᠠᠪᠳᠠᠭᠠᠢ | ᠲᠦᠷᠪᠡᠯᠵᠢᠨ ᠮᠧᠲᠷ ᠢ ᠦᠨᠦ ᠵᠢᠯ ᠰᠢᠨ᠎ᠡ ᠪᠠᠷ ᠪᠠᠷᠢᠭᠤᠯᠤᠭᠰᠠᠨ ᠶᠤᠮ᠃ ᠲᠤᠭᠤᠯ ᠤᠨ ᠲᠤᠯᠠᠭᠠᠨ ᠫᠸᠡᠭ ᠨᠢ 280 | ᠬᠠᠪᠳᠠᠭᠠᠢ ᠲᠦᠷᠪᠡᠯᠵᠢᠨ ᠮᠧᠲᠷ ᠪᠠᠶᠢᠵᠦ᠂ ᠤᠷᠢᠳᠦ ᠲᠤᠤᠷ᠎ᠠ ᠨᠢ 2019 ᠤᠨ ᠳᠤ ᠪᠠᠶᠢᠭᠤᠯᠤᠭᠰᠠᠨ 500 | ᠬᠠᠪᠳᠠᠭᠠᠢ ᠲᠦᠷᠪᠡᠯᠵᠢᠨ ᠮᠧᠲᠷ ᠤᠨ ᠦᠬᠡᠷ ᠪᠤᠷᠳᠤᠵᠤ ᠲᠡᠵᠢᠬᠡᠬᠦ ᠫᠸᠡᠭ᠂ 500 ᠬᠠᠪᠳᠠᠭᠠᠢ ᠲᠦᠷᠪᠡᠯᠵᠢᠨ | ᠮᠧᠲᠷ ᠤᠨ ᠦᠬᠡᠷ ᠤᠨ ᠰᠠᠷᠠᠪᠴᠢ ᠪᠠᠶᠢᠭ᠎ᠠ ᠶᠤᠮ ᠪᠠᠶᠢᠨ᠎ᠠ᠃ ᠬᠡᠷ ᠤᠨ ᠢᠶᠠᠨ ᠠᠷᠤ ᠪᠠᠷ ᠵᠡᠬᠦᠨᠰᠢ ᠪᠠᠷᠠᠭᠤᠨᠰᠢ ᠪᠠᠨ | ᠴᠠᠰᠦ ᠰᠢᠭᠤᠷᠭ᠎ᠠ ᠬᠠᠯᠬᠠᠯᠠᠬᠤ ᠵᠠᠭᠤ ᠭᠠᠷᠤᠢ ᠮᠧᠲᠷ ᠤᠨ ᠤᠷᠳᠤ ᠴᠠᠷᠠᠭᠠᠨ ᠴᠢᠯᠠᠭᠤᠨ ᠬᠡᠷᠡᠮ ᠪᠠᠶᠢᠭᠤᠯᠤᠭᠰᠠᠨ | ᠪᠦᠬᠡᠳ ᠨᠤᠳᠤᠭ ᠢᠶᠠᠨ ᠪᠦᠬᠦᠨ ᠢ ᠲᠤᠤᠷᠯᠠᠨ ᠬᠦᠷᠢᠶᠡᠯᠡᠵᠦ᠂ ᠲᠤᠭᠤᠯ ᠢᠶᠠᠨ ᠬᠢᠬᠦ ᠪᠠᠭ᠎ᠠ ᠲᠤᠤᠷ ᠠᠴᠠ ᠭᠠᠳᠠᠨ᠎ᠠ | ᠶᠡᠭᠡ ᠲᠤᠤᠷ ᠢᠶᠠᠨ ᠭᠤᠷᠪᠠᠨ ᠬᠡᠰᠡᠭ ᠬᠤᠪᠢᠶᠠᠵᠤ᠂ ᠰᠡᠯᠬᠦᠨ ᠮᠠᠯᠵᠢᠬᠤ ᠪᠦᠳᠦᠬᠡᠨ ᠪᠠᠶᠢᠭᠤᠯᠤᠯᠳᠠ ᠬᠢᠭᠰᠡᠨ ᠪᠠᠶᠢᠨ᠎ᠠ᠃ | ᠮᠠᠰᠢᠨ ᠪᠠᠭᠠᠵᠢ᠂ ᠬᠤᠳᠳᠤᠭ ᠤᠰᠤᠨ ᠤ ᠬᠤᠪᠢ ᠳᠤ ᠢᠵᠢ ᠪᠦᠷᠢᠳᠦᠬᠦᠯᠵᠦ ᠦᠭᠡᠷ ᠮᠠᠯᠵᠢᠬᠤ ᠪᠦᠷᠢᠨ | ᠪᠡᠯᠡᠳᠭᠡᠯ ᠬᠢᠭᠰᠡᠨ ᠳᠡᠳᠡᠨ ᠳᠤ ᠤᠳᠤ ᠳᠤᠳᠠᠬᠤ ᠶᠠᠭᠤᠮ᠎ᠠ ᠦᠭᠡᠢ ᠰᠠᠨᠠᠭᠳᠠᠨ᠎ᠠ᠃ | ᠰᠢᠯᠢᠨᠵᠤᠷᠢᠭ᠄ ︽ᠦᠨᠦ ᠵᠢᠯ ᠪᠦᠳᠦᠬᠡᠨ ᠪᠠᠶᠢᠭᠤᠯᠤᠯᠳᠠ ᠪᠠᠨ ᠰᠠᠶᠢᠨ ᠬᠢᠭᠡᠳ ᠠᠪᠴᠢᠬᠠᠪᠠᠯ ᠦᠬᠡᠷ ᠤᠨ | ᠡᠬᠦᠯᠳᠡᠷ ᠢᠶᠠᠨ ᠤᠯᠠᠮ ᠰᠠᠶᠢᠵᠢᠷᠠᠭᠤᠯᠬᠤ ᠶᠢ ᠯᠡ ᠪᠤᠳᠤᠵᠤ ᠪᠠᠢᠨ᠎ᠠ︾ ᠭᠡᠯᠡ᠃ ᠳᠡᠳᠡ ᠬᠤᠶᠠᠭᠤᠯᠠ ᠪᠠᠨ ᠪᠠᠰᠠ | ᠬᠦᠳᠡᠭᠡ ᠪᠡᠯᠴᠢᠬᠡᠷ᠂ ᠫᠸᠡᠭ ᠬᠤᠷᠤᠭᠠᠨ ᠳᠤ ᠪᠠᠨ ᠬᠡᠳᠦ ᠬᠡᠳᠦᠨ ᠲᠤᠷᠠᠨ ᠤᠭᠰᠠᠷᠠᠴᠢᠬᠠᠭᠰᠠᠨ ᠪᠠᠶᠢᠯ᠎ᠠ᠃ ᠵᠠᠯᠠᠭᠤ | ᠬᠦᠮᠦᠨ ᠪᠤᠯᠬᠤᠷ ᠵᠠᠬ᠎ᠠ ᠳᠡᠭᠡᠷ᠎ᠡ ᠶᠠᠮᠠᠷ ᠬᠡᠷᠡᠭᠳᠡᠢ ᠵᠦᠢᠯᠡᠰ ᠭᠠᠷᠴᠤ ᠯᠡ ᠪᠠᠶᠢᠪᠠᠯ ᠮᠠᠯᠵᠢᠬᠤ ᠦᠢᠯᠡᠳᠪᠤᠷᠢᠯᠡᠯ ᠳᠤ | ᠨᠢ ᠳᠤᠬᠢᠷᠠᠬᠤ ᠶᠢ ᠳᠤᠤᠷ᠎ᠠ ᠨᠢ ᠠᠪᠴᠤ ᠬᠡᠷᠡᠭᠯᠡᠳᠡᠭ ᠶᠤᠮ ᠪᠠᠶᠢᠨ᠎ᠠ᠃ ᠰᠢᠨᠵᠢᠯᠡᠬᠦ ᠤᠬᠠᠭᠠᠨᠴᠢ ᠠᠷᠭ᠎ᠠ ᠪᠠᠷᠢᠯ ᠢᠶᠠᠷ | ᠮᠠᠯ ᠰᠦᠷᠦᠭ ᠢᠶᠠᠨ ᠠᠷᠠᠴᠢᠯᠠᠨ ᠮᠠᠯᠵᠢᠵᠤ ᠪᠠᠶᠢᠭ᠎ᠠ ᠨᠢ ᠰᠢᠨ᠎ᠡ ᠴᠠᠭ ᠦᠶ᠎ᠡ ᠶᠢᠨ ᠰᠢᠯᠢᠳᠡᠭ ᠮᠠᠯᠴᠢᠨ ᠤ ᠲᠠᠭᠤᠷᠢᠶᠠᠯ | ᠪᠤᠯᠵᠤ ᠤᠨᠴᠠᠯᠢᠭᠳᠠᠨ᠎ᠠ᠃ | | | ᠮᠢᠩᠭᠠᠨ ᠢᠮᠠᠭᠠᠨ ᠤ ᠦᠯᠢᠭᠡᠷ ᠪᠤᠶᠤ ᠽᠠᠨᠳᠠᠨ ᠱᠠᠳᠤ ᠮᠢᠯᠢᠶᠠᠬᠤ ᠨᠠᠶᠢᠷ ᠤᠨ ᠰᠠᠶᠢᠬᠠᠨ ᠰᠤᠨᠤᠰᠬᠤᠯᠠᠩ | | | | | ︽ᠠᠶ᠎ᠠ︕ ᠴᠢᠯᠠᠭᠤ ᠴᠢ ᠶᠢᠷᠳᠢᠨᠴᠦ ᠶᠢᠨ ᠬᠦᠷᠦᠰᠦᠨ ᠳᠤ ᠤᠷᠭᠤᠭᠰᠠᠨ ᠬᠠᠳᠠᠭᠤ ᠴᠡᠴᠡᠭ ᠶᠤᠮ ᠪᠢᠯᠡ︾ | ᠭᠡᠳᠡᠭ ᠰᠠᠶᠢᠬᠠᠨ ᠳᠦᠷᠰᠦᠯᠡᠯ ᠡᠷᠭᠡ ᠦᠭᠡᠢ ᠪᠤᠳᠤᠭᠳᠠᠭᠰᠠᠨ ᠵᠠᠮ ᠢᠶᠠᠷ ᠠᠶᠠᠯᠠᠨ ᠠᠪᠠᠭ᠎ᠠ ᠬᠤᠰᠢᠭᠤᠨ ᠤ | ᠶᠡᠬᠡᠭᠤᠤᠯ ᠰᠤᠮᠤᠨ ᠤ ᠶᠡᠬᠡᠨ᠋ᠤᠰᠤ ᠨᠤᠲᠤᠭ ᠲᠤ ᠬᠦᠷᠦᠯ᠎ᠡ᠃ ᠳᠡᠷᠭᠡᠨ ᠤ ᠮᠠᠨᠢ ᠬᠦᠷᠳᠦ ᠬᠠᠭᠠᠷᠠᠴᠢᠬᠠᠪᠠ ᠪᠤᠢ ᠳ᠋ᠧ | ᠭᠡᠳᠡᠭ ᠰᠠᠨᠠᠭᠠᠰᠢᠷᠠᠯ ᠢᠶᠠᠨ ︽ᠴᠡᠴᠡᠭ ᠢᠶᠠᠨ ᠳᠡᠪᠢᠰᠦᠨ ᠪᠠᠶᠢᠵᠦ ᠤᠭᠳᠤᠭᠰᠠᠨ ᠨᠤᠲᠤᠭ ᠶᠤᠮ ᠳ᠋ᠠ︾ ᠭᠡᠵᠦ | ᠵᠦᠭᠡᠯᠡᠷᠡᠬᠦᠯᠦᠨ ᠪᠤᠳᠤᠬᠤ ᠰᠠᠶᠢᠬᠠᠨ ᠪᠠᠶᠢᠪᠠ᠃ ᠦᠨᠡᠨᠴᠢ᠂ ᠦᠨᠢᠷᠴᠡᠴᠡᠭ ᠪᠤᠯ ᠳᠠᠪᠢᠨ ᠢᠮᠠᠭ᠎ᠠ ᠲᠠᠢ ᠪᠠᠶᠢᠭᠰᠠᠨ | ᠠᠴᠠ ᠪᠠᠨ ᠮᠢᠩᠭᠠᠨ ᠢᠮᠠᠭ᠎ᠠ ᠲᠠᠢ ᠪᠤᠯᠵᠦ ᠪᠤᠢ ᠬᠤᠶᠠᠷ ᠶᠤᠮ᠃ ︽ᠮᠠᠯᠴᠢᠨ ᠬᠦᠮᠦᠨ ᠮᠠᠯ ᠳᠤ ᠪᠠᠨ ᠬᠠᠶᠢᠷᠠᠳᠠᠢ᠂ | ᠶᠡᠷᠦ ᠠᠴᠠ ᠪᠠᠨ ᠮᠠᠭᠤ ᠮᠠᠯ ᠭᠡᠵᠦ ᠪᠠᠶᠢᠳᠠᠭ ᠦᠭᠡᠢ ᠰᠢᠳᠡ᠂ ᠦᠭᠬᠦᠭᠡᠵᠢ ᠪᠤᠶᠠᠨ ᠢ ᠨᠢ ᠡᠳᠦᠢ ᠤᠯᠠᠨ ᠵᠢᠯ ᠡᠳ᠋ᠯᠡᠵᠦ | ᠶᠠᠪᠤᠭᠰᠠᠨ ᠤ ᠪᠠᠨ ᠬᠤᠪᠢ ᠳᠤ ᠮᠠᠯ ᠳᠤ ᠪᠠᠨ ᠳᠠᠯᠠᠷᠬᠠᠬᠤ ᠯᠡ ᠶᠤᠰᠤᠳᠠᠢ᠃ ᠮᠠᠨ ᠤ ᠬᠢ ᠢᠮᠠᠭᠠᠨ ᠳᠤ ᠪᠠᠨ | ᠳᠤᠷᠠᠳᠠᠢ ᠪᠤᠯᠬᠤᠷ ᠦᠰᠬᠡᠭᠰᠡᠨ ᠶᠤᠮ︾ ᠭᠡᠵᠦ ᠶᠠᠷᠢᠭᠰᠠᠨ ᠦᠨᠢᠷᠴᠡᠴᠡᠭ ᠨᠢᠬᠡ ᠯᠨᠨ ᠰᠡᠳᠭᠢᠯ ᠢᠶᠠᠷ ᠢᠮᠠᠭ᠎ᠠ ᠪᠠᠨ | ᠦᠰᠭᠡᠬᠦ ᠪᠠᠷ ᠵᠣᠷᠢᠭ ᠰᠢᠢᠳᠦᠭᠰᠡᠨ ᠨᠢ ᠠᠯᠢ ᠳᠡᠭᠡᠷ᠎ᠡ ᠵᠠᠭᠤᠨ ᠤ ᠶᠡᠷᠡᠭᠡᠳ ᠤᠨ ᠤ ᠡᠬᠢᠨ ᠦᠶ᠎ᠡ ᠶᠢᠨ ᠤᠴᠢᠷ ᠶᠤᠮ | ᠃ 1991 ᠤᠨ ᠳᠤ ᠲᠠᠪᠢᠭᠠᠳ ᠢᠮᠠᠭ᠎ᠠ ᠲᠠᠢ ᠪᠠᠶᠢᠬᠤ ᠳᠤ ᠪᠠᠨ ᠢᠮᠠᠭ᠎ᠠ ᠪᠠᠨ ᠵᠠᠭᠤ ᠬᠦᠷᠭᠡᠬᠦ ᠶᠢ ᠵᠣᠷᠢᠵᠣ | ᠪᠠᠶᠢᠭᠰᠠᠨ ᠪᠤᠯ 2000 ᠤᠨ ᠳᠤ ᠬᠦᠰᠡᠯ ᠨᠢ ᠪᠡᠶᠡᠯᠡᠭᠳᠡᠵᠦ ᠵᠠᠭᠤᠠ ᠢᠮᠠᠭ᠎ᠠ ᠲᠠᠢ ᠪᠣᠯᠪᠠ᠃ ᠡᠨᠠ ᠰᠠᠭᠤᠷᠢᠠ | ᠲᠡᠭᠡᠷ᠎ᠠ ᠪᠠᠨ ᠢᠮᠠᠭᠠᠨ ᠤ ᠪᠠᠨ ᠡᠬᠦᠯᠳᠡᠷ ᠢ ᠰᠠᠶᠢᠵᠢᠷᠠᠭᠤᠯᠵᠦ᠂ ᠵᠢᠯ ᠪᠦᠷᠢ ᠢᠮᠠᠭᠠᠠ ᠤ ᠰᠦᠷᠦᠭ ᠠᠴᠠ ᠪᠠᠨ ᠪᠡᠶ᠎ᠠ | ᠭᠠᠯᠪᠢᠷ ᠰᠠᠶᠢᠳᠠᠢ ᠦᠭᠢᠠ ᠢᠰᠢᠭᠡ ᠶᠢ ᠦᠯᠡᠳᠡᠭᠡᠵᠣ᠂ ᠡᠭᠡ ᠮᠠᠯ ᠤᠨ ᠲᠤᠭ᠎ᠠ ᠪᠠᠨ ᠨᠡᠮᠡᠭᠳᠡᠬᠦᠯᠦᠭᠰᠡᠭᠡᠷ ᠪᠠᠶᠢᠵᠦ | ᠵᠠᠭᠤ ᠠᠴᠠ ᠪᠠᠨ ᠬᠤᠶᠠᠷ ᠵᠠᠭᠤ ᠬᠦᠷᠭᠡᠭᠰᠡᠨ ᠠᠵᠢ᠃ ᠳᠡᠳᠡᠨ ᠤ ᠬᠢ ᠬᠢᠯᠢ ᠳᠠᠭᠠᠤ ᠨᠤᠲᠤᠭ ᠲᠤ ᠠᠮᠢᠳᠤᠷᠠᠳᠠᠭ | ᠪᠤᠯᠬᠤᠷ ᠬᠦᠢᠳᠡᠨ ᠳᠤ ᠳᠠᠭᠠᠭᠠᠴᠠ ᠲᠠᠢ ᠨᠤᠲᠤᠭ ᠢᠮᠠᠭ᠎ᠠ ᠮᠠᠯᠵᠢᠬᠤ ᠶᠢ ᠪᠠᠷᠢᠮᠳᠠᠯᠠᠭᠰᠠᠭᠠᠷ ᠢᠷᠡᠵᠡᠢ᠃ ᠳᠤᠬᠠᠢ | ᠶᠢᠨ ᠦᠶ᠎ᠡ ᠳᠤ ᠨᠦᠭᠦᠴᠡᠯ ᠠᠨᠠᠢ ᠪᠠᠶᠢᠭᠰᠠᠨ ᠪᠣᠯᠬᠤᠷ ᠢᠳᠡᠭ ᠢᠳᠡᠭ ᠢᠶᠠᠷ ᠦᠰᠭᠡᠵᠦ᠂ ᠢᠮᠠᠭᠠᠠ ᠰᠦᠷᠦᠭ ᠨᠢ | ᠲᠠᠪᠣᠠ ᠵᠠᠭᠤ ᠬᠦᠷᠦᠭᠡᠳ ᠲᠦᠷᠪᠡ ᠳᠠᠪᠤᠨ ᠵᠢᠯ ᠪᠤᠯᠤᠭᠰᠠᠨ ᠪᠠᠶᠢᠪᠠ᠃ ᠲᠡᠳᠡᠨ ᠤ ᠬᠢ ᠨᠢᠳᠤᠨᠣᠠ 900 | ᠢᠮᠠᠭ᠎ᠠ ᠲᠠᠢ ᠪᠤᠯᠵᠦ᠂ ᠦᠨᠤ ᠵᠢᠯ 1100 ᠢᠮᠠᠭ᠎ᠠ ᠲᠠᠢ ᠪᠤᠯᠤᠭᠰᠠᠨ ᠢᠶᠠᠷ ᠽᠠᠨᠳᠠᠨ ᠱᠠᠳᠤ ᠪᠡᠯᠡᠳᠭᠡᠵᠦ ᠨᠠᠶᠢᠷ | ᠬᠢᠭᠰᠡᠨ ᠶᠤᠮ ᠪᠠᠶᠢᠨ᠎ᠠ᠃ | ᠦᠨᠡᠨᠴᠢ ᠶᠢᠨ ᠬᠢ ᠡᠪᠦᠯ ᠣᠠᠳᠣᠷᠤᠭᠤᠯᠬᠤ ᠢᠮᠠᠭ᠎ᠠ ᠭᠡᠵᠤ 500 ᠭᠠᠷᠣᠢ ᠡᠭᠡ ᠮᠠᠯ ᠦᠯᠡᠳᠡᠭᠡᠳᠡᠭ ᠪᠠᠶᠢᠵᠦ᠂ | ᠨᠠᠮᠣᠷ ᠣᠬᠤᠨ᠎ᠠ ᠳᠠᠯᠪᠢᠬᠤ ᠳᠤ ᠪᠠᠨ ᠰᠢᠳᠦᠯᠠᠩ ᠢᠶᠠᠨ ᠢᠯᠭᠠᠵᠣ᠂ ᠨᠠᠰᠣ ᠬᠦᠢᠴᠡᠭᠰᠡᠨ ᠢᠮᠠᠭᠠᠳ ᠲᠤ ᠪᠠᠨ | ᠣᠬᠤᠨ᠎ᠠ ᠲᠠᠯᠪᠢᠳᠠᠭ᠃ ᠰᠢᠳᠦᠯᠡᠩ ᠢᠶᠠᠨ ᠢᠯᠭᠠᠵᠦ ᠳᠠᠯᠪᠢᠳᠠᠭ ᠤᠨ ᠰᠢᠯᠳᠠᠭᠠᠨ ᠨᠢ ᠰᠢᠳᠦᠯᠡᠬᠦ ᠢᠰᠢᠭᠡᠯᠡᠪᠡᠯ | ᠪᠡᠶ᠎ᠠ ᠨᠢ ᠦᠰᠭᠦ ᠦᠭᠡᠢ ᠵᠢᠵᠢᠭᠷᠡᠭᠡᠳ ᠪᠠᠶᠢᠳᠠᠭ ᠠᠴᠠ ᠪᠤᠯᠤᠭᠰᠠᠨ ᠠᠵᠢ᠃ ᠢᠮᠠᠭ᠎ᠠ ᠪᠠᠨ ᠵᠢᠵᠢᠭᠷᠡᠬᠦᠯᠬᠦ ᠦᠭᠡᠢ ᠶᠢᠨ | ᠳᠦᠯᠦᠭᠡ ᠣᠬᠤᠨ᠎ᠠ ᠲᠠᠯᠪᠢᠬᠤ ᠦᠶ᠎ᠠ ᠳᠤ ᠰᠢᠳᠦᠯᠡᠬᠦ ᠪᠠᠨ ᠠᠰ ᠲᠤ ᠨᠢ ᠬᠠᠷᠢᠭᠤᠯᠳᠠᠭ ᠨᠢ ᠳᠡᠳᠡᠨ ᠤ ᠮᠠᠯᠵᠢᠯ ᠤᠨ | ᠠᠷᠭ᠎ᠠ ᠠᠵᠢ᠃ ᠬᠠᠪᠣᠷ ᠪᠦᠳᠦᠭᠦᠠ ᠢᠮᠠᠭᠠᠳ ᠢᠶᠠᠷ ᠭᠤᠣᠯᠳᠠᠵᠣ ᠲᠦᠯ ᠲᠣᠰᠪᠠᠯ ᠴᠠᠳᠬᠤᠯᠳᠠ ᠰᠠᠶᠢᠳᠠᠢ | ᠮᠦᠷᠳᠡᠭᠡᠠ ᠢᠰᠢᠭᠡ ᠲᠣᠷᠨᠢᠵᠣ ᠪᠤᠶᠢᠵᠢᠬᠤ ᠨᠢ ᠴᠦ ᠲᠦᠷᠭᠡᠠ ᠪᠠᠶᠢᠵᠦ᠂ ᠬᠦᠳᠡᠯᠮᠦᠷᠢ ᠬᠦᠴᠦ ᠠᠴᠠ ᠡᠬᠢᠯᠡᠭᠡᠳ | ᠪᠦᠬᠦ ᠳᠠᠯ᠎ᠠ ᠳᠤ ᠠᠰᠢᠭᠳᠠᠢ ᠪᠠᠶᠢᠳᠠᠭ ᠶᠤᠮ ᠪᠠᠶᠢᠨ᠎ᠠ᠃ ᠲᠦᠯᠯᠡᠬᠦ ᠢᠮᠠᠭᠠᠨ ᠤ ᠲᠤᠭ᠎ᠠ ᠣᠯᠠᠠ ᠪᠣᠯᠬᠤᠷ ᠲᠦᠯ | ᠳᠤᠰᠬᠤ ᠳᠤ ᠵᠤᠷᠢᠭᠤᠯᠤᠭᠰᠠᠨ ᠵᠢᠵᠢᠭ ᠬᠠᠰᠢᠶ᠎ᠠ ᠵᠠᠭᠤ ᠭᠠᠷᠣᠢ ᠶᠢ ᠪᠡᠯᠡᠳᠭᠡᠭᠰᠡᠨ ᠪᠠᠶᠢᠯ᠎ᠠ᠃ ᠢᠰᠢᠭᠡᠯᠡᠭᠰᠡᠨ | ᠢᠮᠠᠭᠠᠳ ᠢᠶᠠᠨ ᠳᠤᠰᠬᠠᠢ ᠬᠠᠰᠢᠶᠠᠨ ᠳᠤ ᠭᠢᠵᠣ ᠠᠰ ᠠᠰ ᠲᠤ ᠨᠢ ᠲᠡᠵᠢᠭᠡᠭᠡᠳ ᠲᠠᠪᠤ ᠲᠣᠯᠤᠭ᠎ᠠ ᠬᠤᠨᠣᠪᠠᠯ | ᠪᠡᠯᠴᠢᠭᠡᠷ ᠲᠤ ᠭᠠᠷᠭᠠᠳᠠᠭ᠃ ᠢᠩᠭᠢᠵᠣ ᠨᠢᠭᠡ ᠬᠠᠪᠣᠷ ᠵᠢᠵᠢᠭ ᠬᠠᠰᠢᠶᠠᠨ ᠳᠤ ᠡᠭᠡᠯᠵᠢᠯᠡᠨ ᠬᠠᠰᠢᠵᠦ ᠪᠠᠶᠢᠵᠦ᠂ | ᠢᠮᠠᠭᠠᠠ ᠤ ᠲᠦᠯ ᠢᠶᠠᠨ ᠪᠦᠬᠦᠨ ᠢ ᠮᠠᠠᠳᠣ ᠲᠣᠰᠴᠣ ᠠᠪᠬᠤ ᠨᠢ ᠳᠡᠳᠡᠨ ᠤ ᠬᠠᠰᠢᠷ ᠳᠤᠷᠰᠢᠯᠭ᠎ᠠ ᠪᠤᠯᠤᠭᠰᠠᠨ ᠶᠤᠮ᠃ | ᠳᠡᠳᠡᠨ ᠤ ᠮᠠᠯᠵᠢᠯ ᠤᠨ ᠪᠠᠰᠠ ᠨᠢᠭᠡᠨ ᠪᠠᠷᠢᠮᠳᠠᠯᠠᠯ ᠭᠡᠪᠡᠯ ᠲᠦᠯ ᠳᠤᠰᠬᠤ ᠦᠶ᠎ᠠ ᠳᠤ ᠬᠦᠯᠦᠰᠦᠨ ᠠᠵᠢᠯᠴᠢᠨ | ᠬᠦᠯᠦᠰᠦᠯᠡᠳᠡᠭ ᠦᠭᠡᠢ᠂ ᠴᠦᠮ ᠦᠪᠡᠷ ᠢᠶᠠᠨ ᠲᠣᠳᠣᠮᠳᠠᠵᠣ᠂ ᠮᠠᠯ ᠤᠨ ᠢᠶᠠᠨ ᠦᠨᠢᠷ ᠦᠰᠦᠯᠳᠡ ᠶᠢ ᠪᠠᠳᠣᠯᠠᠳᠠᠭ᠃ | ︽ᠢᠮᠠᠭ᠎ᠠ ᠭᠠᠭᠴᠠ ᠦᠡᠭᠭᠡ ᠪᠠᠷ ᠦᠰᠳᠡᠭ ᠦᠭᠡᠢ ᠭᠡᠵᠤ ᠨᠠᠰᠤᠳᠠᠳ ᠶᠠᠷᠢᠳᠠᠭ ᠨᠢ ᠶᠡᠭᠡᠭᠡᠠ ᠤᠷᠤ ᠲᠠᠢ ᠦᠭᠡ᠃ | ᠭᠠᠭᠴᠠ ᠴᠠᠭᠠᠠ ᠢᠮᠠᠭ᠎ᠠ ᠦᠰᠭᠦ ᠪᠢᠰᠢ᠂ ᠬᠠᠷᠢᠠ ᠬᠠᠷ᠎ᠠ᠂ ᠣᠯᠠᠭᠠᠠ᠂ ᠰᠢᠷ᠎ᠠ᠂ ᠪᠣᠷᠣ᠂ ᠭᠦᠭᠡ ᠁ ᠭᠡᠵᠤ | ᠣᠯᠠᠠ ᠦᠡᠭᠭᠡ ᠪᠠᠷ ᠠᠯᠠᠭᠯᠠᠵᠦ ᠭᠠᠷᠪᠠᠯ ᠢᠮᠠᠭ᠎ᠠ ᠦᠰᠬᠦ ᠶᠢᠨ ᠪᠡᠯᠭᠡ ᠲᠡᠮᠳᠡᠭ ᠭᠡᠳᠡᠭ᠃ ᠡᠨᠠ ᠵᠢᠯ ᠮᠠᠨ ᠤ ᠳᠤ | ᠲᠣᠯᠣᠭᠠᠠ ᠦᠡᠭᠭᠡ ᠶᠢᠨ ᠢᠰᠢᠭᠡ ᠭᠠᠷᠤᠭᠰᠠᠨ ᠶᠤᠮ᠃ ᠣᠣᠯ ᠨᠢ ᠮᠠᠨ ᠤ ᠨᠢᠭᠡ ᠢᠮᠠᠭ᠎ᠠ ᠭᠤᠷᠪᠠᠨ ᠦᠬᠢᠨ ᠢᠰᠢᠭᠡ | ᠭᠠᠷᠭᠠᠭᠰᠠᠨ ᠶᠤᠮ᠃ ᠲᠡᠷᠠ ᠭᠤᠷᠪᠠᠠ ᠢᠮᠠᠭᠠᠨ ᠤ ᠤᠳᠤᠮ ᠠᠴᠠ ᠮᠠᠨ ᠤ ᠢᠮᠠᠭ᠎ᠠ ᠦᠨᠢᠷ ᠦᠰᠴᠠᠢ᠃ ᠡᠨᠠ | ᠬᠠᠪᠣᠷ ᠪᠠᠰᠠ ᠭᠤᠷᠪᠠᠠ ᠪᠣᠷᠣ ᠢᠰᠢᠭᠡ ᠭᠠᠷᠤᠭᠰᠠᠨ ᠶᠤᠮ᠃ ᠭᠤᠷᠪᠠᠭᠤᠯᠠ ᠪᠠᠨ ᠪᠠᠰᠠ ᠦᠭᠢᠠ ᠢᠰᠢᠭᠡ᠂ ᠪᠢ | ᠶᠡᠭᠡ ᠪᠡᠯᠭᠡᠰᠢᠶᠡᠵᠦ ᠪᠤᠳᠤᠯ᠎ᠠ︾ ᠭᠡᠵᠦ ᠦᠨᠢᠷᠴᠡᠴᠡᠭ ᠳᠤᠭᠳᠤᠯᠤᠨ ᠶᠠᠷᠢᠨ᠎ᠠ᠃ | ᠡᠳᠡᠨ ᠤ ᠬᠢ ᠡᠪᠦᠯ ᠤᠨ ᠣᠯᠠᠷᠢᠯ ᠳᠤ ᠢᠮᠠᠭᠠᠠ ᠰᠦᠷᠦᠭ ᠤᠨ ᠢᠶᠠᠨ ᠲᠡᠵᠢᠭᠡᠯ ᠢ ᠣᠠᠴᠠ ᠠᠩᠬᠠᠷᠴᠣ᠂ | ᠢᠮᠠᠭᠠᠨ ᠤ ᠪᠠᠨ ᠡᠪᠡᠰᠣ ᠪᠣᠷᠳᠤᠭ᠎ᠠ ᠶᠢ ᠰᠠᠶᠢᠳᠦᠷ ᠳᠤᠬᠢᠷᠠᠭᠤᠯᠳᠠᠭ᠃ 11 ᠰᠠᠷ᠎ᠠ ᠠᠴᠠ ᠡᠭᠢᠯᠡᠨ ᠪᠣᠷᠳᠤᠭ᠎ᠠ | ᠦᠭᠴᠦ᠂ ᠢᠮᠠᠭᠠᠨ ᠤ ᠪᠠᠨ ᠲᠠᠷᠭᠤ ᠬᠦᠴᠦ ᠶᠢ ᠪᠠᠳᠣᠯᠠᠵᠣ᠂ ᠨᠢᠭᠡ ᠡᠪᠦᠯ ᠪᠠᠷᠤᠭ 25 — 30 ᠲᠣᠠ ᠰᠢᠷ᠎ᠠ | ᠪᠣᠷᠴᠠᠭ ᠨᠦᠭᠡᠴᠡᠯᠡᠨ ᠪᠡᠯᠡᠳᠭᠡᠳᠡᠭ᠃ ᠢᠮᠠᠭᠠᠨ ᠤ ᠪᠠᠨ ᠡᠭᠦᠯᠳᠡᠷ ᠢ ᠰᠠᠶᠢᠵᠢᠷᠠᠭᠤᠯᠬᠤ ᠶᠢ ᠪᠣᠳᠣᠯᠭᠢᠯᠠᠵᠣ᠂ ᠤᠷᠴᠢᠮ | ᠤᠨ ᠵᠢᠯ ᠭᠠᠳᠠᠨ᠎ᠠ ᠠᠴᠠ ᠤᠬᠤᠨ᠎ᠠ ᠰᠣᠩᠭᠤᠵᠣ ᠲᠠᠯᠪᠢᠳᠠᠭ ᠪᠤᠯᠵᠦ ᠨᠢᠳᠤᠨᠣᠠ ᠵᠡᠭᠦᠠ ᠦᠵᠦᠮᠦᠴᠢᠨ | ᠬᠤᠰᠢᠭᠤᠨ ᠠᠴᠠ 4 ᠮᠣᠬᠤᠷ ᠣᠬᠤᠨ᠎ᠠ ᠠᠪᠴᠢᠷᠠᠭᠰᠠᠨ ᠪᠠᠶᠢᠪᠠ᠃ ᠡᠬᠦᠨ ᠠᠴᠠ ᠭᠠᠳᠠᠨ᠎ᠠ ᠵᠢᠯ ᠳᠤ ᠬᠤᠶᠠᠷ | ᠣᠳᠠᠭ᠎ᠠ ᠢᠮᠠᠭ᠎ᠠ ᠪᠠᠨ ᠣᠭᠢᠶᠠᠵᠣ᠂ ᠢᠮᠠᠭᠠᠠ ᠰᠦᠷᠦᠭ ᠤᠨ ᠢᠶᠠᠨ ᠭᠢᠵᠢᠭ ᠰᠡᠷᠭᠡᠶᠢᠯᠡᠯᠳᠡ ᠪᠣᠶᠣ ᠣᠭᠢᠶᠠᠯᠳᠠ | ᠴᠢᠳᠬᠤᠯᠳᠠ ᠶᠢ ᠴᠠᠭ ᠳᠠᠷᠤᠢ ᠳᠤ ᠨᠢ ᠪᠡᠶᠡᠯᠡᠭᠦᠯᠳᠡᠭ ᠪᠣᠯᠬᠤᠷ ᠢᠮᠠᠭᠠᠳ ᠨᠢ ᠭᠢᠵᠢᠭ ᠭᠡᠮ ᠳᠤ ᠨᠡᠷᠪᠡᠭᠳᠡᠳᠡᠭ | ᠦᠭᠡᠢ ᠃ | ᠲᠦᠷᠪᠡᠨ ᠤᠯᠠᠷᠢᠯ ᠢᠶᠠᠷ ᠨᠡᠬᠦᠬᠦ ᠨᠢ ᠡᠳᠡᠨ ᠤ ᠮᠠᠯᠵᠢᠯ ᠤᠨ ᠠᠷᠭ᠎ᠠ᠃ ᠠᠵᠠ ᠶᠢᠨ ᠭᠤᠪᠢ ᠶᠢᠨ ᠵᠤᠰᠠᠯᠠᠩ ᠳᠤ | ᠮᠢᠩᠭᠠᠨ ᠴᠠᠭᠠᠨ ᠨᠤᠳᠤᠭ ᠢᠮᠠᠭ᠎ᠠ ᠨᠤᠭᠤᠭᠠᠨ ᠲᠠᠯ᠎ᠠ ᠳᠤ ᠮᠦᠡᠭᠬᠦᠨ ᠱᠠᠭ᠎ᠠ ᠠᠰᠬᠠᠭᠰᠠᠨ ᠰᠢᠭ᠋ ᠢᠷᠡᠶᠢᠨ ᠲᠤᠭᠳᠠᠨ᠎ᠠ | ᠃ ᠤᠯᠠᠮᠵᠢᠯᠠᠯ ᠶᠤᠰᠤᠭᠠᠷ ᠳᠦᠷᠪᠡᠨ ᠤᠯᠠᠷᠢᠯ ᠢᠶᠠᠷ ᠢᠶᠠᠨ ᠨᠡᠬᠦᠳᠡᠯᠯᠡᠳᠡᠭ ᠨᠢ ᠦᠨᠡᠨᠴᠢ᠂ ᠦᠨᠢᠷᠴᠡᠴᠡᠭ ᠬᠤᠶᠠᠷ ᠤᠨ | ᠪᠠᠷᠢᠮᠳᠠᠯᠠᠯ ᠪᠠᠶᠢᠯ᠎ᠠ᠃ ᠲᠠᠪᠤᠨ ᠲᠤᠯᠤᠭᠠᠢ ᠶᠢᠨ ᠰᠢᠯᠢ ᠶᠢᠨ ᠡᠪᠦᠯᠵᠢᠶ᠎ᠡ ᠠᠴᠠ ᠨᠡᠬᠦᠳᠡᠯ ᠤᠨ ᠠᠴᠢᠶ᠎ᠠ ᠲᠠᠪᠤᠨ | ᠰᠠᠷ᠎ᠠ ᠶᠢᠨ ᠨᠢᠬᠡᠨ ᠠᠴᠠ ᠬᠦᠳᠡᠯᠵᠦ᠂ ᠴᠢᠯᠠᠭᠤᠳᠤ ᠬᠤᠨᠭ᠍ᠬᠤᠷ ᠢ ᠲᠠᠮᠵᠢᠨ᠂ ᠪᠤᠭᠤᠭ ᠤᠨ ᠰᠢᠷᠡᠭᠡ ᠶᠢ ᠲᠠᠭᠠᠷᠢᠵᠤ᠂ | ᠬᠤᠶᠠᠷ ᠬᠤᠨᠤᠭ ᠤᠨ ᠨᠡᠬᠦᠳᠡᠯ ᠳᠠᠭᠠᠨ᠎ᠠ᠃ ᠭᠤᠭᠤᠳ᠂ ᠬᠢᠶᠠᠭ᠂ ᠪᠤᠳᠠᠷᠭᠠᠨ᠎ᠠ᠂ ᠠᠬᠢ ᠲᠠᠢ ᠠᠵᠠ ᠶᠢᠨ | ᠭᠤᠪᠢ ᠶᠢᠨ ᠵᠤᠰᠠᠯᠠᠩ ᠳᠤᠨᠢ ᠪᠤᠷᠤᠭᠠᠨ ᠬᠤᠷ᠎ᠠ ᠡᠯᠪᠡᠭᠰᠢᠭᠰᠡᠨ ᠢᠶᠠᠷ ᠬᠦᠮᠦᠨ ᠤ ᠰᠡᠳᠬᠢᠯ ᠰᠡᠷᠬᠦᠵᠦ ᠮᠠᠯ ᠤᠨ ᠵᠤ | ᠳᠡᠨᠢᠢᠭᠰᠡᠨ ᠪᠠᠶᠢᠯ᠎ᠠ᠃ ︽ᠤᠳᠤ ᠨᠡᠬᠦᠳᠡᠯ ᠤᠨ ᠳᠤᠬᠠᠢ ᠶᠠᠷᠢᠬᠤ ᠳᠤ ᠪᠠᠭ᠎ᠠ ᠶᠢᠨ ᠦᠶ᠎ᠡ ᠶᠢᠨ ᠨᠡᠬᠦᠳᠡᠯ ᠦᠪᠡᠷ ᠤᠨ | ᠡᠷᠬᠡ ᠦᠬᠡᠢ ᠰᠠᠨᠠᠭᠳᠠᠬᠤ ᠨᠢ ᠲᠠᠩᠴᠤ ᠭᠤᠶᠤ᠃ ᠤᠳᠤ ᠶᠢᠨ ᠴᠠᠭ ᠲᠤ ᠠᠶᠢᠯ ᠪᠦᠬᠦᠳᠡ ᠲᠡᠷᠭᠡ ᠤᠨᠤᠭ᠎ᠠ ᠲᠠᠢ | ᠪᠤᠯᠤᠭᠰᠠᠨ ᠪᠤᠯᠬᠤᠷ ᠲᠡᠭᠡᠭᠡᠭᠡᠳ ᠯᠡ ᠶᠠᠪᠤᠴᠢᠬᠠᠨ᠎ᠠ᠃ ᠨᠢᠬᠡ ᠨᠤᠳᠤᠭ ᠲᠡᠭᠡᠷ᠎ᠡ ᠪᠠᠨ ᠬᠤᠶᠠᠷ ᠰᠠᠭᠤᠬᠤ ᠦᠬᠡᠢ | ᠨᠡᠬᠦᠨ᠎ᠡ᠃ ᠨᠢᠬᠡ ᠵᠢᠯ ᠳᠤ ᠲᠤᠯᠤᠭᠠᠨ ᠨᠡᠬᠦᠳᠡᠯ ᠪᠠᠭᠤᠬᠤ ᠠᠶᠢᠯ ᠴᠤ ᠪᠠᠶᠢᠨ᠎ᠠ ᠰᠢᠦ᠃ ᠢᠡᠭᠬᠢᠵᠦ ᠨᠡᠬᠦᠵᠦ | ᠪᠠᠭᠤᠭᠠᠳ ᠢᠷᠡᠬᠦ ᠳᠤ ᠨᠤᠲᠤᠭ ᠤᠨ ᠬᠦᠷᠦᠰᠦᠨ ᠤ ᠡᠪᠳᠡᠭᠳᠡᠬᠦ ᠶᠢ ᠰᠡᠷᠭᠡᠶᠢᠯᠡᠵᠦ᠂ ᠡᠪᠡᠰᠦ ᠪᠡᠯᠴᠢᠬᠡᠷ ᠬᠤᠷᠳᠤᠨ | ᠤᠷᠭᠤᠵᠤ᠂ ᠨᠤᠳᠤᠭ ᠪᠡᠯᠴᠢᠬᠡᠷ ᠤᠨ ᠳᠠᠭᠠᠭᠠᠴᠠ ᠳᠤ ᠲᠤᠩ ᠠᠰᠢᠭᠳᠠᠢ︾ ᠭᠡᠵᠦ ᠦᠨᠡᠨᠴᠢ ᠭᠤᠸᠠᠢ ᠶᠠᠷᠢᠵᠢ ᠪᠢᠯᠡ | ᠃ ᠨᠤᠲᠤᠭ ᠤᠰᠤ ᠪᠠᠨ ᠨᠢᠳᠦᠨ ᠤ ᠴᠡᠴᠡᠭᠡᠢ ᠪᠠᠨ ᠰᠢᠭ ᠬᠠᠶᠢᠷᠠᠯᠠᠳᠠᠭ ᠬᠦᠮᠦᠰ ᠮᠠᠯ ᠮᠠᠯᠵᠢᠯ ᠤᠨ ᠢᠶᠠᠨ ᠳᠤᠮᠳᠠ ᠮᠠᠯ | ᠪᠡᠯᠴᠢᠭᠡᠷ ᠤᠨ ᠵᠤᠬᠢᠴᠠᠯ ᠢ ᠤᠨᠴᠠ ᠠᠩᠬᠠᠷᠳᠠᠭ ᠨᠢ ᠡᠬᠦᠨ ᠠᠴᠠ ᠮᠡᠳᠡᠭᠳᠡᠨ᠎ᠡ᠃ | ᠪᠤᠭᠤᠭ ᠤᠨ ᠰᠢᠷᠡᠭᠡ ᠳᠤ ᠡᠪᠦᠯ ᠴᠠᠰᠦ ᠶᠡᠭᠡ ᠪᠠᠭᠤᠵᠤ᠂ ᠵᠠᠮ ᠨᠡᠪᠳᠡᠷᠡᠯᠭᠡ ᠶᠢ ᠬᠠᠭᠠᠵᠤ ᠪᠤᠭᠤᠳᠠᠭ ᠠᠴᠠ | ᠲᠡᠭᠡᠵᠦ ᠨᠡᠷᠡᠯᠡᠭᠰᠡᠨ ᠭᠡᠳᠡᠭ᠃ ᠤᠯᠠᠭᠠᠨ ᠰᠤᠩᠬᠢᠨ᠎ᠠ᠂ ᠠᠬᠢ ᠳᠠᠭᠠᠨ᠎ᠠ ᠤᠷᠭᠤᠳᠠᠭ ᠢᠶᠠᠷ ᠢᠶᠠᠨ ᠰᠢᠮ᠎ᠡ ᠰᠠᠶᠢᠳᠠᠢ᠃ | ᠭᠠᠴᠠᠭᠠᠨ ᠠᠴᠠ ᠠᠶᠢᠯ ᠪᠤᠯᠭᠠᠨ ᠳᠤ ᠬᠠᠮᠳᠤ ᠶᠢᠨ ᠨᠤᠳᠤᠭ ᠠᠴᠠ ᠬᠤᠶᠠᠷ ᠮᠢᠩᠭᠠᠨ ᠮᠤ᠋ ᠶᠢ ᠭᠤᠷᠪᠠᠨ | ᠲᠦᠭᠦᠷᠢᠭ ᠢᠶᠠᠷ ᠲᠦᠷᠢᠶᠡᠰᠦᠯᠡᠵᠦ ᠦᠭᠳᠡᠭ ᠨᠢ ᠳᠡᠳᠡᠨ ᠤ ᠳᠤ ᠮᠠᠰᠢ ᠳᠤᠰᠠ ᠪᠤᠯᠳᠠᠭ ᠶᠤᠮ ᠪᠠᠶᠢᠨ᠎ᠠ᠃ | ᠤᠷᠢᠶᠠᠩᠬᠠᠶᠢᠴᠤᠳ ᠤᠨ ᠤᠷᠤᠯᠳᠤᠭᠠᠨ ᠨᠡᠬᠦᠳᠡᠯ ᠭᠡᠳᠡᠭ ᠨᠢ ᠠᠯᠢ ᠨᠢᠭᠡ ᠠᠶᠢᠯ ᠨᠢ ᠨᠡᠬᠦᠵᠦ ᠡᠬᠢᠯᠡᠪᠡᠯ ᠬᠤᠶᠠᠷᠬᠠᠨ | ᠡᠳᠦᠷ ᠲᠤ ᠪᠦᠷ ᠵᠤᠰᠠᠯᠠᠩ ᠳᠤ ᠪᠠᠨ ᠨᠡᠬᠦᠵᠦ ᠪᠠᠭᠤᠳᠠᠭ ᠢᠶᠠᠷ ᠢᠶᠠᠨ ᠳᠡᠭᠡᠵᠦ ᠶᠠᠷᠢᠭᠳᠠᠳᠠᠭ ᠶᠤᠮ ᠭᠡᠨ᠎ᠡ᠃ ᠡᠳᠡᠨ | ᠤ ᠬᠢ ᠢᠡᠭᠬᠢᠵᠦ ᠳᠦᠷᠪᠡᠨ ᠤᠯᠠᠷᠢᠯ ᠢᠶᠠᠷ ᠨᠡᠬᠦᠵᠦ ᠪᠠᠭᠤᠬᠤ ᠪᠠᠨ ᠪᠠᠷᠢᠮᠳᠠᠯᠠᠭᠰᠠᠭᠠᠷ ᠠᠵᠢ᠃ | ᠦᠨᠢᠷᠴᠡᠴᠡᠭ ᠢᠮᠠᠭᠠᠨ ᠤ ᠰᠦ ᠪᠠᠷ ᠢᠶᠠᠨ ᠤᠷᠤᠯᠭ᠎ᠠ ᠤᠯᠵᠦ ᠪᠠᠶᠢᠭ᠎ᠠ ᠶᠤᠮ᠃ ᠳᠡᠷᠡ᠄ ︽ᠶᠠᠭᠤᠮ᠎ᠠ ᠰᠤᠷᠬᠤ | ᠳᠤ ᠨᠠᠰᠤᠨ ᠳᠤ ᠬᠢᠵᠠᠭᠠᠷᠯᠠᠭᠳᠠᠬᠤ ᠦᠬᠡᠢ᠂ ᠵᠠᠪᠳᠤᠨ ᠰᠢᠮᠳᠠᠪᠠᠯ ᠪᠦᠷ ᠠᠮᠵᠢᠯᠳᠠ ᠳᠤ ᠬᠦᠷᠴᠦ ᠪᠤᠯᠬᠤ ᠶᠤᠮ | ᠪᠠᠶᠢᠨ᠎ᠠ︾ ᠭᠡᠵᠦ ᠶᠠᠷᠢᠯ᠎ᠠ᠃ ᠮᠠᠯᠴᠢᠨ ᠦᠷᠨᠢᠴᠡᠴᠡᠭ ᠴᠢᠮᠡᠭᠡ ᠵᠠᠩᠬᠢ ᠲᠤᠤᠷ ᠰᠦᠯᠵᠢᠶ᠎ᠡ ᠶᠢ ᠠᠰᠢᠭᠯᠠᠨ᠂ | ᠸᠢᠴᠠᠲ ᠢᠶᠠᠷ ᠬᠤᠯᠪᠤᠭ᠎ᠠ ᠪᠠᠷᠢᠵᠤ ᠰᠤᠷᠤᠯᠴᠠᠭᠰᠠᠨ ᠨᠢ ᠳᠡᠬᠦᠨ ᠤ ᠤᠷᠴᠢᠮ ᠤᠨ ᠵᠢᠯ ᠤᠨ ᠰᠢᠨ᠎ᠡ ᠠᠮᠵᠢᠯᠳᠠ | ᠪᠠᠶᠢᠯ᠎ᠠ᠃ ᠠᠯᠠᠱᠠ ᠠᠶᠢᠮᠠᠭ᠂ ᠬᠦᠯᠦᠨ ᠪᠤᠶᠢᠷ ᠬᠤᠳᠠ ᠵᠡᠷᠭᠡ ᠭᠠᠵᠠᠷ ᠤᠨ ᠢᠮᠠᠭ᠎ᠠ ᠠᠷᠪᠢᠨ ᠮᠠᠯᠵᠢᠳᠠᠭ ᠲᠤᠷᠰᠢᠯᠭ᠎ᠠ | ᠰᠠᠶᠢᠳᠠᠢ ᠮᠠᠯᠴᠢᠳ ᠢᠶᠠᠷ ᠪᠠᠭᠰᠢ ᠪᠠᠷᠢᠨ᠂ ᠢᠮᠠᠭᠠᠨ ᠤ ᠰᠦ ᠶᠢ ᠬᠡᠷᠬᠢᠨ ᠡᠳ᠋ᠰᠢᠬᠦᠯᠬᠦ᠂ ᠢᠮᠠᠭᠠᠨ ᠤ ᠲᠦᠯᠯᠡᠬᠦ ᠠᠴᠠ | ᠡᠮᠦᠨᠡᠬᠢ ᠠᠷᠠᠴᠢᠯᠠᠭ᠎ᠠ ᠪᠤᠯᠤᠨ ᠲᠦᠯ ᠤᠨ ᠪᠤᠶᠢᠵᠢᠯᠳᠠ ᠶᠢ ᠪᠠᠳᠤᠯᠠᠬᠤ ᠵᠡᠷᠭᠡ ᠤᠯᠠᠨ ᠲᠠᠯ᠎ᠠ ᠪᠠᠷ ᠦᠪᠡᠷ ᠦᠪᠡᠷ | ᠤᠨ ᠲᠤᠷᠰᠢᠯᠭ᠎ᠠ ᠪᠠᠨ ᠰᠤᠯᠢᠯᠴᠠᠬᠤ ᠶᠢᠨ ᠲᠠᠭᠠᠤ ᠪᠤᠰᠤᠳ ᠤᠨ ᠲᠠᠪᠠᠭᠤᠯᠢᠭ ᠢᠶᠠᠷ ᠦᠪᠡᠷ ᠤᠨ ᠲᠤᠳᠠᠭᠳᠠᠯ ᠢᠶᠠᠨ | ᠨᠦᠬᠦᠪᠦᠷᠢᠯᠡᠭᠰᠡᠭᠡᠷ ᠢᠷᠡᠵᠡᠢ᠃ | ᠦᠨᠢᠷᠴᠡᠴᠡᠭ ᠢᠮᠠᠭᠠᠨ ᠤ ᠰᠦ ᠪᠠᠷ ᠢᠰᠭᠡᠵᠦ ᠭᠠᠷᠭᠠᠭᠰᠠᠨ ᠠᠷᠢᠬᠢ᠂ ᠢᠮᠠᠭᠠᠨ ᠤ ᠰᠦᠨ ᠤ ᠪᠢᠰᠢᠯᠠᠭ᠂ | ᠰᠢᠷ᠎ᠠ ᠤᠰᠤᠨ ᠤ ᠰᠢᠬᠢᠷ᠂ ᠰᠦᠨ ᠤ ᠰᠢᠬᠢᠷ᠂ ᠵᠦᠭᠡᠭᠡᠢ ᠶᠢᠨ ᠰᠢᠬᠢᠷ᠂ ᠵᠦᠭᠡᠭᠡᠢ ᠰᠢᠷ᠎ᠠ ᠳᠤᠰᠤ ᠪᠤᠯᠤᠨ ᠰᠦᠨ | ᠳᠠᠯᠬ᠎ᠠ ᠪᠠᠷ ᠬᠢᠭᠰᠡᠨ ᠬᠦᠪᠤᠡᠭ ᠰᠢᠬᠢᠷ ᠵᠡᠷᠭᠡ ᠬᠡᠳᠦᠨ ᠳᠦᠷᠦᠯ ᠤᠨ ᠪᠦᠳᠦᠭᠡᠭᠳᠡᠬᠦᠨ ᠬᠢᠳᠡᠭ᠃ ᠦᠨᠢᠷᠴᠡᠴᠡᠭ | ᠢᠮᠠᠭᠠᠨ ᠤ ᠰᠦᠨ ᠤ ᠪᠦᠳᠦᠭᠡᠭᠳᠡᠬᠦᠨ ᠳᠤ ᠪᠠᠨ ︽ᠪᠤᠳᠠᠷᠭᠠᠨ᠎ᠠ︾ ᠬᠡᠮᠡᠬᠦ ᠳᠠᠸᠠᠷ ᠤᠨ ᠳᠡᠮᠳᠡᠭ | ᠳᠠᠩᠰᠠᠯᠠᠭᠤᠯᠤᠭᠰᠠᠨ ᠪᠠᠶᠢᠯ᠎ᠠ᠃ ᠢᠮᠠᠭᠠᠨ ᠤ ᠰᠦᠨ ᠤ ᠠᠷᠢᠬᠢ ᠪᠠᠨ ᠵᠢᠩ ᠪᠦᠷᠢ ᠶᠢ 70 ᠲᠦᠭᠦᠷᠢᠭ ᠢᠶᠠᠷ᠂ | ᠢᠮᠠᠭᠠᠨ ᠤ ᠰᠦᠨ ᠤ ᠪᠢᠰᠢᠯᠠᠭ᠂ ᠰᠢᠷ᠎ᠡ ᠤᠰᠤᠨ ᠤ ᠰᠢᠬᠢᠷ ᠢᠶᠠᠨ ᠵᠢᠩ ᠪᠦᠷᠢ ᠶᠢ ᠨᠢ 45 ᠲᠦᠭᠦᠷᠢᠭ ᠢᠶᠠᠷ᠂ | ᠰᠦᠨ ᠤ ᠰᠢᠬᠢᠷ᠂ ᠵᠦᠭᠡᠭᠡᠢ ᠶᠢᠨ ᠰᠢᠬᠢᠷ ᠢᠶᠠᠨ 50 ᠲᠦᠭᠦᠷᠢᠭ ᠢᠶᠠᠷ᠂ ᠵᠦᠬᠡᠬᠡᠢ᠂ ᠰᠢᠷ᠎ᠡ ᠲᠤᠰᠤ᠂ ᠰᠦᠨ | ᠲᠠᠯᠬ᠎ᠠ ᠪᠠᠷ ᠬᠢᠭᠰᠡᠨ ᠬᠦᠪᠤᠡᠭ ᠰᠢᠬᠢᠷ ᠢᠶᠠᠨ 30 ᠲᠦᠭᠦᠷᠢᠭ ᠢᠶᠠᠷ ᠬᠤᠳᠠᠯᠳᠤᠳᠠᠭ᠃ ᠭᠤᠤᠯᠳᠠᠭᠤ ᠬᠦᠬᠡᠨ᠋ᠠᠤᠳᠠ | ᠪᠤᠯᠤᠨ ᠪᠤᠰᠤᠳ ᠠᠶᠢᠮᠠᠭ ᠬᠤᠳᠠ ᠪᠠᠷ ᠪᠤᠷᠤᠯᠠᠭᠤᠯᠤᠨ ᠠᠰᠢᠭ ᠤᠷᠤᠯᠭ᠎ᠠ ᠬᠠᠨᠭ᠍ᠬᠢ ᠪᠠᠶᠢᠵᠦ᠂ ᠬᠠᠨᠭ᠍ᠭᠠᠯᠭ᠎ᠠ ᠨᠢ | ᠬᠡᠷᠡᠭᠴᠡᠭᠡᠨ ᠳᠤ ᠪᠠᠨ ᠬᠦᠷᠬᠦ ᠦᠬᠡᠢ ᠪᠠᠶᠢᠳᠠᠯ ᠪᠠᠶᠢᠡᠭᠭᠤ ᠭᠠᠷᠳᠠᠭ᠃ ᠢᠮᠠᠭᠠᠨ ᠤ ᠰᠦᠨ ᠤ ᠠᠷᠢᠬᠢ ᠢᠰᠭᠡᠬᠦ ᠳᠤ | ᠪᠠᠨ 10 ᠵᠢᠩ ᠰᠢᠷ᠎ᠡ ᠤᠰᠤᠨ ᠳᠤ 2 ᠵᠢᠩ ᠤᠯᠠᠭᠠᠨ ᠴᠢᠪᠠᠭ᠎ᠠ᠂ 2 ᠵᠢᠩ ᠦᠵᠦᠮ ᠬᠢᠬᠡᠳ ᠨᠢᠬᠡ ᠰᠠᠷ᠎ᠠ | ᠢᠰᠭᠡᠬᠦ ᠳᠤ 6 ᠵᠢᠩ ᠤᠷᠴᠢᠮ ᠠᠷᠢᠬᠢ ᠭᠠᠷᠳᠠᠭ ᠠᠵᠢ᠃ ᠢᠮᠠᠭᠠᠨ ᠤ ᠰᠦᠨ ᠤ ᠠᠷᠢᠬᠢ ᠨᠢ ᠪᠡᠶ᠎ᠡ ᠶᠢ | ᠰᠢᠮᠡᠵᠢᠬᠦᠯᠬᠦ᠂ ᠰᠢᠷ᠎ᠡ ᠶᠢ ᠲᠠᠷᠤᠵᠤ᠂ ᠬᠤᠳᠤᠭᠤᠳᠤ ᠶᠢ ᠲᠦᠯᠵᠢᠬᠦᠯᠤᠨᠨ ᠰᠠᠭᠤᠯᠭᠠᠬᠤ ᠶᠢ ᠵᠤᠭᠰᠤᠭᠠᠬᠤ᠂ ᠴᠢᠰᠦ ᠶᠢ | ᠨᠦᠬᠦᠬᠦ ᠦᠢᠯᠡᠳᠦᠯ ᠲᠠᠢ ᠪᠠᠶᠢᠵᠦ᠂ ᠠᠭᠤᠰᠬᠢᠨ ᠤ ᠬᠠᠯᠠᠭᠤᠨ ᠢ ᠠᠷᠢᠯᠭᠠᠵᠤ᠂ ᠬᠠᠨᠢᠶᠠᠳᠤ ᠶᠢ ᠵᠤᠭᠰᠤᠭᠠᠨ | ᠠᠮᠢᠰᠬᠤᠭᠠᠳᠠᠬᠤ ᠶᠢ ᠵᠦᠬᠡᠯᠡᠷᠡᠬᠦᠯᠳᠡᠭ᠃ | ᠢᠮᠠᠭᠠᠨ ᠤ ᠰᠦᠨ ᠤ ᠠᠷᠢᠬᠢᠨ ᠤ ᠬᠦᠷᠦᠩᠭᠡ ᠨᠢ ᠰᠠᠶᠢᠨ ᠪᠤᠯ ᠢᠰᠦᠯᠳᠡ ᠨᠢ ᠴᠦ ᠰᠠᠶᠢᠨ ᠪᠤᠯᠳᠠᠭ᠃ ᠢᠰᠭᠡᠬᠦ | ᠳᠤ ᠨᠢ ᠤᠷᠴᠢᠨ ᠳᠤᠭᠤᠷᠢᠨ ᠤ ᠠᠷᠢᠭᠤᠨ ᠴᠡᠪᠡᠷ ᠢ ᠠᠩᠬᠠᠷᠬᠤ᠂ ᠴᠢᠮᠡᠭᠡ ᠱᠤᠤᠬᠢᠶᠠᠨ᠂ ᠲᠠᠮᠠᠬᠢᠨ ᠤ ᠤᠳᠤᠭ᠎ᠠ | ᠬᠦᠷᠬᠡᠬᠦ ᠦᠬᠡᠢ᠂ ᠰᠠᠶᠢᠨ ᠤᠯᠠᠭᠠᠨ ᠴᠢᠪᠠᠭ᠎ᠠ᠂ ᠦᠵᠦᠮ ᠢ ᠬᠡᠷᠡᠭᠯᠡᠪᠡᠯ ᠢᠰᠦᠯᠳᠠ ᠨᠢ ᠤᠯᠠᠮ ᠴᠢᠩᠭ᠎ᠠ ᠪᠤᠯᠵᠤ᠂ | 32 ᠭᠷᠠᠳᠦ᠋ᠰ ᠤᠨ ᠰᠠᠶᠢᠨ ᠠᠷᠢᠬᠢ ᠭᠠᠷᠬᠤ ᠮᠦᠷᠳᠡᠬᠡᠨ ᠰᠡᠷᠢᠬᠦᠨ ᠭᠠᠵᠠᠷ ᠤᠳᠠᠭᠠᠨ ᠬᠠᠳᠠᠭᠠᠯᠠᠬᠤ ᠳᠤ ᠡᠪᠳᠡᠷᠡᠬᠦ | ᠦᠬᠡᠢ᠂ ᠦᠨᠦᠷ ᠠᠮᠳᠠ ᠨᠢ ᠰᠠᠶᠢᠬᠠᠨ ᠪᠠᠶᠢᠳᠠᠭ᠃ ᠮᠠᠯᠴᠢᠨ ᠦᠨᠡᠨᠴᠢ ᠦᠨᠢᠷᠴᠡᠴᠡᠭ ᠬᠤᠶᠠᠷ ᠢᠮᠠᠭ᠎ᠠ ᠪᠠᠨ ᠵᠢᠯ ᠳᠤ | ᠪᠠᠨ ᠬᠤᠷᠢᠭᠠᠳ ᠬᠤᠨᠤᠭ ᠰᠠᠭᠠᠳᠠᠭ᠃ 8 ᠬᠤᠨᠤᠭ ᠲᠠᠷᠠᠭᠠᠯᠠᠨ 100 ᠢᠮᠠᠭ᠎ᠠ ᠰᠠᠭᠠᠵᠤ ᠪᠠᠶᠢᠭᠰᠠᠨ᠂ ᠬᠠᠮᠤᠭ | ᠠᠷᠪᠢᠨ ᠬᠤᠨᠤᠭ ᠲᠤ 200 ᠢᠮᠠᠭ᠎ᠠ ᠰᠠᠭᠠᠵᠤ ᠪᠠᠶᠢᠭᠰᠠᠨ ᠰᠠᠶᠢᠬᠠᠨ ᠲᠤᠷᠠᠰᠤᠮᠵᠢ ᠪᠠᠨ ᠬᠤᠪᠢᠶᠠᠯᠴᠠᠯ᠎ᠠ᠃ | ᠮᠤᠩᠭᠤᠯᠴᠤᠳ ᠮᠠᠯ ᠰᠦᠷᠦᠭ ᠤᠨ ᠢᠶᠠᠨ ᠦᠨᠢᠷ ᠦᠰᠦᠯᠳᠡ ᠶᠢ ᠵᠦᠡᠭᠨᠡᠨ ᠪᠡᠯᠬᠡᠰᠢᠶᠡᠵᠦ᠂ ᠮᠠᠯ ᠤᠨ ᠬᠡᠰᠢᠭ | ᠬᠤᠷᠤᠶᠢᠯᠠᠭᠰᠠᠨ ᠨᠠᠶᠢᠷ ᠨᠠᠭᠠᠳᠤᠮ ᠬᠢᠬᠦ ᠤᠯᠠᠮᠵᠢᠯᠠᠯᠳᠤ ᠰᠠᠶᠢᠬᠠᠨ ᠵᠠᠩ ᠵᠠᠩᠰᠢᠯ ᠲᠠᠢ ᠪᠠᠶᠢᠳᠠᠭ᠃ ᠮᠠᠯᠴᠢᠨ | ᠦᠨᠢᠷᠴᠡᠴᠡᠭ ᠤᠨ ︽ᠢᠮᠠᠭ᠎ᠠ ᠪᠤᠯ ᠪᠤᠶᠠᠨ ᠤ ᠴᠢᠭᠳᠠᠭ᠎ᠠ᠂ ᠢᠮᠠᠭ᠎ᠠ ᠪᠤᠯ ᠪᠤᠶᠠᠨ ᠤ ᠠᠷᠭᠠᠮᠵᠢᠶ᠎ᠠ︾ ᠭᠡᠵᠦ ᠬᠡᠯᠡᠭᠰᠡᠨ | ᠦᠬᠡ ᠪᠠᠷ ᠮᠢᠩᠭᠠᠨ ᠢᠮᠠᠭ᠎ᠠ ᠲᠠᠢ ᠪᠤᠯᠬᠤ ᠬᠦᠰᠡᠯ ᠮᠦᠷᠦᠬᠡᠳᠦᠯ ᠨᠢ ᠪᠡᠶᠡᠯᠡᠭᠳᠡᠭᠰᠡᠨ ᠠᠵᠢ᠃ ᠡᠳᠡᠨ ᠤ ᠬᠢ | ᠮᠢᠩᠭᠠᠨ ᠢᠮᠠᠭᠠᠨ ᠤ ᠮᠢᠯᠢᠶᠠᠯᠭ᠎ᠠ ᠶᠢᠨ ᠨᠠᠶᠢᠷ ᠤᠨ ᠢᠶᠠᠨ ᠵᠠᠷᠢᠮ ᠠᠭᠤᠯᠭ᠎ᠠ ᠶᠢ ᠬᠠᠪᠤᠷ ᠶᠠᠪᠤᠭᠳᠠᠭᠤᠯᠤᠭᠰᠠᠨ ᠪᠠᠶᠢᠯ᠎ᠠ | ᠃ ᠤᠶᠢᠷ᠎ᠠ ᠬᠠᠪᠢ ᠶᠢᠨ ᠲᠠᠯ᠎ᠠ ᠭᠠᠷᠤᠢ ᠡᠷᠡᠭᠳᠡᠢ ᠡᠮᠡᠭᠳᠡᠢ ᠮᠠᠯᠴᠢᠨ ᠵᠠᠯᠠᠭᠤᠴᠤᠳ ᠢ ᠬᠡᠳᠦᠨ ᠳᠤᠭᠤᠶᠢᠯᠠᠩ | ᠬᠤᠪᠢᠶᠠᠨ ᠢᠮᠠᠭ᠎ᠠ ᠰᠠᠮᠨᠠᠬᠤ ᠤᠷᠤᠯᠳᠤᠭᠠᠨ ᠡᠷᠬᠢᠯᠡᠭᠰᠡᠨ ᠨᠢ ᠽᠠᠨᠳᠠᠨ ᠱᠠᠳᠤ ᠮᠢᠯᠢᠶᠠᠬᠤ ᠨᠠᠶᠢᠷ ᠤᠨ ᠨᠢᠭᠡᠨ | ᠠᠭᠤᠯᠭ᠎ᠠ ᠪᠠᠶᠢᠪᠠ᠃ ᠤᠷᠤᠯᠳᠤᠭᠠᠨ ᠳᠤ ᠳᠡᠷᠢᠬᠦᠯᠡᠭᠰᠡᠨ ᠵᠠᠯᠠᠭᠤᠰ ᠢᠶᠠᠨ ᠨᠠᠶᠢᠷ ᠤᠨ ᠢᠶᠠᠨ ᠬᠤᠭᠤᠴᠠᠭᠠᠨ ᠳᠤ | ᠱᠠᠩᠨᠠᠵᠦ ᠵᠤᠷᠢᠭᠵᠢᠭᠤᠯᠤᠭᠰᠠᠨ ᠶᠤᠮ᠃ ᠠᠵᠠ ᠶᠢᠨ ᠭᠤᠪᠢ ᠬᠡᠮᠡᠬᠦ ᠵᠤᠰᠠᠯᠠᠩ ᠤᠨ ᠰᠠᠶᠢᠬᠠᠨ ᠨᠤᠲᠤᠭ ᠲᠤ ᠦᠨᠤ | ᠵᠢᠯ ᠤᠨ 7 ᠳ᠋ᠤᠭᠠᠷ ᠰᠠᠷ᠎ᠠ ᠶᠢᠨ 31 ᠤ ᠡᠳᠦᠷ ᠮᠢᠩᠭᠠᠨ ᠢᠮᠠᠭᠠᠨ ᠤ ᠮᠢᠯᠢᠶᠠᠯᠭ᠎ᠠ ᠶᠢᠨ ᠨᠠᠶᠢᠷ ᠪᠤᠶᠤ ᠽᠠᠨᠳᠠᠨ | ᠱᠠᠳᠤ ᠮᠢᠯᠢᠶᠠᠬᠤ ᠨᠠᠶᠢᠷ ᠶᠠᠪᠤᠭᠳᠠᠭᠰᠠᠨ ᠨᠢ ᠬᠤᠯᠠ ᠤᠶᠢᠷ᠎ᠠ ᠶᠢᠨ ᠬᠢᠨ ᠤ ᠰᠠᠶᠢᠬᠠᠨ ᠰᠤᠨᠤᠰᠬᠠᠯ ᠪᠤᠯᠤᠭᠰᠠᠨ ᠶᠤᠮ | ᠃ ᠨᠠᠶᠢᠷ ᠲᠤ ᠪᠠᠨ ᠡᠷ᠎ᠡ ᠶᠢᠨ ᠭᠤᠷᠪᠠᠨ ᠨᠠᠭᠠᠳᠤᠮ ᠠᠴᠠ ᠭᠠᠳᠠᠨ᠎ᠠ ᠢᠮᠠᠭ᠎ᠠ ᠰᠠᠭᠠᠬᠤ ᠤᠷᠤᠯᠳᠤᠭᠠᠨ᠂ ᠴᠡᠴᠡᠷᠯᠢᠭ | ᠤᠨ ᠬᠡᠤᠬᠡᠳ ᠤᠨ ᠪᠤᠷᠭᠠᠰᠤᠨ ᠮᠤᠷᠢ ᠤᠨᠤᠬᠤ ᠤᠷᠤᠯᠳᠤᠭᠠᠨ᠂ 60 ᠨᠠᠰᠤᠨ ᠠᠴᠠ ᠲᠡᠭᠡᠭᠰᠢᠬᠢ ᠨᠠᠰᠤᠳᠠᠶᠢᠴᠦᠳ | ᠤᠨ ᠲᠦᠷᠪᠡᠨ ᠪᠡᠷᠭᠡ ᠤᠷᠬᠢᠬᠤ ᠤᠷᠤᠯᠳᠤᠭᠠᠨ ᠢ ᠶᠠᠪᠤᠭᠳᠠᠭᠤᠯᠤᠭᠰᠠᠨ ᠪᠠᠶᠢᠯ᠎ᠠ᠃ ᠳᠡᠳᠡ ᠪᠠᠰᠠ ᠮᠢᠩᠭᠠᠨ ᠢᠮᠠᠭᠠᠨ | ᠤ ᠪᠠᠨ ᠦᠨᠢᠷ ᠦᠰᠦᠯᠳᠡ ᠶᠢ ᠵᠦᠡᠭᠨᠡᠨ ᠪᠡᠯᠭᠡᠰᠢᠶᠡᠵᠦ᠂ ᠬᠠᠶᠢᠷᠠᠳᠠᠢ ᠬᠠᠷ᠎ᠠ ᠢᠮᠠᠭ᠎ᠠ ᠪᠠᠨ ᠰᠡᠳᠡᠷᠯᠡᠵᠡᠢ᠃ ᠮᠠᠯ | ᠰᠡᠳᠡᠷᠯᠡᠬᠦ ᠪᠤᠯ ᠮᠤᠩᠭᠤᠯᠴᠤᠳ ᠤᠨ ᠮᠠᠯ ᠰᠦᠷᠦᠭ ᠢᠶᠠᠨ ᠬᠠᠶᠢᠷᠠᠯᠠᠵᠦ ᠪᠠᠶᠢᠭ᠎ᠠ ᠡᠷᠬᠢᠮ ᠲᠡᠭᠡᠳᠦ ᠶᠤᠰᠤᠨ ᠤ ᠨᠢᠬᠡᠨ | ᠪᠢᠯᠡ᠃ ᠽᠠᠨᠳᠠᠨ ᠱᠠᠳᠤ ᠶᠢᠨ ᠲᠤᠬᠠᠢ ᠴᠤᠬᠤᠰ ᠲᠤᠷᠠᠳᠪᠠᠯ ᠰᠠᠶᠢᠨ ᠨᠠᠶᠢᠵᠠ ᠨᠠᠶᠠᠷ ᠨᠢ ᠰᠡᠳᠦᠵᠦ ᠲᠦᠯᠦᠪᠯᠡᠭᠰᠡᠨ᠂ | ᠮᠤᠳᠤ ᠪᠠᠷ ᠤᠷᠠᠯᠠᠵᠤ ᠬᠢᠭᠰᠡᠨ᠂ ᠨᠢ᠋ᠮᠠᠨ ᠲᠠᠯ᠎ᠠ ᠲᠠᠢ᠂ ᠲᠠᠪᠤᠨ ᠲᠠᠪᠬᠤᠷ ᠱᠠᠳᠤ ᠲᠠᠢ᠂ 1.5 ᠮᠧᠲᠷ ᠦᠨᠳᠦᠷ᠂ | ᠤᠷᠤᠢ ᠲᠡᠭᠡᠷ᠎ᠡ ᠪᠠᠨ ᠬᠡᠶᠢᠮᠦᠷᠢ ᠶᠢᠨ ᠰᠦᠯᠳᠡ ᠲᠠᠢ ᠱᠠᠳᠤ ᠶᠤᠮ ᠪᠠᠶᠢᠨ᠎ᠠ᠃ ︽ᠢᠮᠠᠭ᠎ᠠ ᠮᠢᠨᠢ ᠡᠷᠭᠡᠯᠡᠵᠦ ᠲᠤᠭᠯᠠᠨ | ᠦᠰᠦᠨ ᠦᠷᠡᠵᠢᠬᠦ ᠪᠡᠯᠭᠡ ᠲᠡᠮᠪᠡᠷᠢᠯ ᠤᠨ ᠰᠠᠶᠢᠬᠠᠨ ᠱᠠᠳᠤ ᠶᠤᠮ ᠡ︾ ᠬᠡᠮᠡᠨ ᠦᠨᠢᠷᠴᠡᠴᠡᠭ ᠤᠴᠢᠷᠯᠠᠨ ᠶᠠᠷᠢᠵᠤ | ᠪᠠᠶᠢᠯ᠎ᠠ᠃ | ︽ᠬᠦᠭᠰᠢᠳ ᠨᠠᠰᠤᠳᠠᠶᠢᠴᠦᠳ ᠪᠠᠶᠠᠷᠯᠠᠬᠤ ᠪᠠᠷ ᠬᠦᠬᠡ ᠲᠡᠭᠷᠢ ᠪᠠᠶᠠᠰᠴᠤ᠂ ᠬᠡᠦᠬᠡᠳ ᠪᠠᠭᠠᠴᠤᠳ ᠬᠦᠭᠰᠡᠬᠦ ᠪᠠᠷ | ᠬᠦᠷᠦᠰᠦᠳᠦ ᠲᠡᠯᠡᠬᠡᠢ ᠪᠠᠶᠠᠰᠳᠠᠭ︾ ᠤᠨ ᠵᠢᠮ᠎ᠡ ᠪᠠᠷ ᠮᠢᠩᠭᠠᠨ ᠢᠮᠠᠭᠠᠨ ᠤ ᠮᠢᠯᠢᠶᠠᠯᠭ᠎ᠠ ᠶᠢᠨ ᠨᠠᠶᠢᠷ ᠲᠤ ᠪᠠᠨ 60 | ᠨᠠᠰᠤᠨ ᠠᠴᠠ ᠲᠡᠭᠡᠭᠰᠢᠬᠢ ᠨᠠᠰᠤᠳᠠᠶᠢᠴᠤᠳ ᠤᠨ ᠲᠦᠷᠪᠡᠨ ᠪᠡᠷᠭᠡ ᠤᠷᠬᠢᠬᠤ ᠤᠷᠤᠯᠳᠤᠭᠠᠨ᠂ ᠴᠡᠴᠡᠷᠯᠢᠭ ᠤᠨ | ᠬᠡᠤᠬᠡᠳ ᠤᠨ ᠪᠤᠷᠭᠠᠰᠤᠨ ᠮᠤᠷᠢ ᠤᠨᠤᠬᠤ ᠤᠷᠤᠯᠳᠤᠭᠠᠨ ᠢ ᠶᠠᠪᠤᠭᠳᠠᠭᠤᠯᠤᠭᠰᠠᠨ ᠨᠢ ᠬᠡᠦᠬᠡᠳ | ᠨᠠᠰᠤᠳᠠᠶᠢᠴᠦᠳ ᠢᠶᠠᠨ ᠪᠠᠶᠠᠷᠯᠠᠭᠤᠯᠵᠤ᠂ ᠮᠠᠯ ᠤᠨ ᠬᠡᠰᠢᠭ ᠢ ᠲᠠᠯᠠᠯᠤᠭᠰᠠᠨ ᠰᠠᠶᠢᠬᠠᠨ ᠨᠠᠶᠢᠷ ᠪᠤᠯᠤᠭᠰᠠᠨ ᠢᠶᠠᠷ | ᠪᠠᠷᠠᠬᠤ ᠦᠭᠡᠢ᠂ ᠭᠡᠭᠡᠭᠳᠡᠵᠦ ᠪᠠᠶᠢᠭ᠎ᠠ ᠤᠯᠠᠮᠵᠢᠯᠠᠯᠳᠤ ᠵᠠᠩ ᠦᠢᠯᠡ ᠪᠤᠯᠬᠤ ᠢᠮᠠᠭ᠎ᠠ ᠰᠠᠮᠨᠠᠬᠤ᠂ ᠢᠮᠠᠭ᠎ᠠ ᠶᠢ | ᠬᠤᠯᠪᠤᠵᠤ ᠰᠠᠭᠠᠬᠤ᠂ ᠢᠮᠠᠭ᠎ᠠ ᠰᠡᠳᠡᠷᠯᠡᠬᠦ᠂ ᠮᠢᠩᠭᠠᠨ ᠢᠮᠠᠭᠠᠨ ᠤ ᠽᠠᠨᠳᠠᠨ ᠱᠠᠳᠤ ᠶᠢᠨ ᠮᠢᠯᠢᠶᠠᠯᠭ᠎ᠠ ᠶᠢᠨ ᠶᠤᠰᠤ | ᠵᠠᠩᠰᠢᠯ᠂ ᠦᠯᠢᠬᠡᠷ ᠤᠴᠢᠷᠯᠠᠯ ᠢ ᠨᠡᠶᠢᠭᠡᠮ ᠨᠡᠶᠢᠳᠡ ᠳᠤ ᠮᠡᠳᠡᠷᠡᠬᠦᠯᠵᠦ᠂ ᠬᠡᠦᠬᠡᠳ ᠪᠠᠭᠠᠴᠤᠳ ᠲᠤ | ᠤᠶᠢᠯᠠᠭᠠᠭᠤᠯᠬᠤ ᠠᠵᠢᠯᠯᠠᠭ᠎ᠠ ᠪᠤᠯᠤᠭᠰᠠᠨ ᠨᠢ ᠵᠠᠶᠢᠯᠠᠰᠢ ᠦᠬᠡᠢ᠃ ᠠᠳᠤᠭᠤ ᠮᠢᠩᠭ᠎ᠠ ᠬᠦᠷᠪᠡᠯ ᠮᠢᠨᠳᠠᠰᠤᠨ ᠬᠤᠶᠢᠪᠢ | ᠳᠤᠮᠤᠵᠦ᠂ ᠦᠭᠡᠷ ᠮᠢᠩᠭ᠎ᠠ ᠬᠦᠷᠪᠡᠯ ᠭᠠᠨᠭ᠌ ᠳᠤᠯᠭ᠎ᠠ ᠳᠤᠯᠵᠦ᠂ ᠳᠡᠮᠡᠭᠡ ᠮᠢᠩᠭ᠎ᠠ ᠬᠦᠷᠪᠡᠯ ᠮᠦᠡᠭᠬᠦᠨ ᠪᠤᠶᠢᠯᠠ ᠬᠢᠵᠦ | ᠂ ᠬᠤᠨᠢ ᠮᠢᠩᠭ᠎ᠠ ᠬᠦᠷᠪᠡᠯ ᠠᠯᠳᠠᠨ ᠳᠡᠪᠰᠢ ᠬᠢᠵᠦ᠂ ᠢᠮᠠᠭ᠎ᠠ ᠮᠢᠩᠭ᠎ᠠ ᠬᠦᠷᠪᠡᠯ ᠽᠠᠨᠳᠠᠨ ᠱᠠᠳᠤ ᠪᠤᠰᠬᠠᠳᠠᠭ | ᠤᠯᠠᠮᠵᠢᠯᠠᠯ ᠢ ᠠᠪᠠᠭ᠎ᠠ ᠨᠤᠲᠤᠭ ᠤᠨ ᠬᠢᠯᠢ ᠶᠢᠨ ᠮᠠᠯᠴᠢᠨ ᠠᠶᠢᠯ ᠡᠶᠢᠨ ᠬᠦ ᠰᠠᠶᠢᠬᠠᠨ ᠪᠡᠶᠡᠯᠡᠬᠦᠯᠦᠭᠰᠡᠨ ᠪᠢᠯᠡ ᠃ | ᠪᠠᠶᠠᠨᠳᠤᠭ᠂ ᠵᠢᠷᠭᠠᠯᠠᠩᠳᠦ᠂ ᠶᠡᠬᠡᠭᠤᠤᠯ ᠵᠡᠷᠭᠡ ᠰᠤᠮᠤ ᠨᠢ ᠠᠪᠠᠭ᠎ᠠ ᠬᠤᠰᠢᠭᠤᠨ ᠤ ᠬᠢᠯᠢ ᠶᠢᠨ ᠰᠤᠮᠤ ᠶᠤᠮ᠃ ᠬᠢᠯᠢ | ᠨᠤᠲᠤᠭ ᠤᠨ ᠭᠤᠷᠪᠠᠨ | ᠮᠠᠯᠴᠢᠨ ᠠᠶᠢᠯ ᠤᠨ ᠠᠮᠢᠳᠤᠷᠠᠯ ᠤᠨ ᠰᠠᠶᠢᠨ ᠰᠠᠶᠢᠬᠠᠨ ᠤᠮᠠᠷᠠᠳᠤ ᠶᠢᠨ ᠬᠢᠯᠢ ᠶᠢᠨ ᠵᠢᠷᠤᠭ ᠪᠤᠯᠵᠦ ᠤᠯᠠᠮ ᠠᠴᠠ | ᠤᠯᠠᠮ ᠦᠡᠭᠭᠡᠵᠢᠨ ᠳᠤᠳᠤᠷᠠᠬᠤ ᠨᠢ ᠳᠠᠮᠵᠢᠭ ᠦᠭᠡᠢ᠃ | | ᠵᠤᠬᠢᠶᠠᠭᠴᠢ ᠶᠢᠨ ᠬᠠᠶ᠋ᠢᠭ᠄ ︽ᠰᠢᠯᠢ ᠶᠢᠨ ᠭᠤᠤᠯ ᠤᠨ ᠡᠳᠤᠷ ᠤᠨ ᠰᠤᠨᠢᠨ︾ ᠤ ᠬᠤᠷᠢᠶ᠎ᠠ | |