ᠳᠤᠮᠳᠠᠳᠤ ᠶᠢᠨ ᠰᠢᠯᠢᠳᠡᠭ ᠤᠯᠠᠮᠵᠢᠯᠠᠯᠲᠤ ᠰᠣᠶᠤᠯ ᠤᠨ ᠦᠯᠢᠭᠡᠷ  ᠤᠨ ᠰᠢᠨ᠎ᠡ ᠣᠷᠴᠢᠭᠤᠯᠭ᠎ᠠ᠄  ᠯᠤᠤ ᠬᠤᠪᠢᠯᠤᠭᠰᠠᠨ ᠮᠦᠷᠬᠦ ᠵᠢᠭᠠᠰᠤ
ᠨᠡᠶᠢᠲᠡᠯᠡᠭᠰᠡᠨ ᠴᠠᠭ᠄
2023/11/22
    ᠡᠷᠲᠡ ᠤᠷᠢᠳᠦ ᠶᠢᠨ ᠴᠠᠭ ᠲᠤ ᠪᠤᠮᠪᠤᠭᠤᠷ ᠰᠢᠷ᠎ᠠ᠂ ᠪᠦᠯᠳᠡᠭᠡᠷ ᠤᠯᠠᠭᠠᠨ᠂ ᠮᠡᠯᠳᠡᠭᠡᠷ ᠬᠠᠷ᠎ᠠ ᠭᠡᠳᠡᠭ ᠨᠡᠷ᠎ᠡ ᠲᠠᠢ ᠭᠤᠷᠪᠠᠨ ᠮᠦᠷᠬᠦ ᠵᠢᠭᠠᠰᠤ ᠭᠤᠤᠯ ᠳᠤ ᠡᠪ ᠨᠠᠶᠢᠷᠲᠠᠢ ᠠᠮᠢᠳᠤᠷᠠᠵᠤ ᠪᠠᠶᠢᠵᠢ ᠭᠡᠨ᠎ᠡ᠃ ᠭᠤᠷᠪᠠᠭᠤᠯᠨ ᠢᠵᠢᠯᠢᠭᠡᠨ ᠪᠡᠶ᠎ᠡ ᠵᠢᠰᠦ ᠲᠠᠢ ᠴᠤ ᠦᠭᠡᠷ᠎ᠡ ᠦᠭᠡᠷ᠎ᠡ ᠦᠡᠭᠭᠡ ᠲᠠᠢ ᠪᠤᠯᠬᠤᠷ ᠢᠯᠭᠠᠬᠤ ᠳᠤ ᠠᠮᠠᠷᠬᠠᠨ ᠶᠤᠮ ᠪᠠᠶᠢᠨ᠎ᠠ᠃     ᠭᠤᠷᠪᠠᠨ ᠮᠦᠷᠬᠦ ᠶᠢᠨ ᠡᠮᠡᠭᠡ ᠨᠢ᠄     ︽ᠭᠤᠤᠯ ᠪᠤᠯᠭᠠᠨ ᠤᠷᠤᠰᠤᠨ ᠤᠷᠤᠰᠤᠭᠰᠠᠭᠠᠷ ᠡᠴᠦᠰ ᠲᠤ ᠪᠠᠨ ᠳᠠᠯᠠᠢ ᠳᠤ ᠴᠢᠳᠬᠤᠳᠠᠭ᠃ ᠭᠤᠤᠯ ᠪᠤᠯᠤᠨ ᠳᠠᠯᠠᠢ ᠶᠢᠨ ᠠᠭᠤᠯᠵᠠᠷ ᠲᠤ ᠯᠤᠤᠳᠤ ᠡᠬᠦᠳᠡ ᠪᠤᠢ᠃ ᠮᠦᠷᠬᠦ ᠵᠢᠭᠠᠰᠤ ᠯᠤᠤᠳᠤ ᠡᠬᠦᠳᠡ ᠪᠠᠷ ᠦᠰᠤᠷᠤᠬᠡᠳ ᠤᠷᠤᠪᠠᠯ ᠯᠤᠤ ᠬᠤᠪᠢᠯᠵᠤ᠂ ᠤᠬᠳᠠᠷᠭᠤᠢ ᠳᠤ ᠡᠬᠦᠯᠨ  ᠮᠡᠳᠤ ᠲᠡᠭᠳᠡᠨ ᠨᠢᠰᠬᠦ ᠪᠤᠯᠤᠨ᠎ᠠ︾ ᠬᠡᠪᠡᠯ ᠪᠤᠮᠪᠤᠭᠤᠷ ᠰᠢᠷ᠎ᠠ     ︽ᠠᠬᠠᠯᠠᠢ᠂ ᠶᠠᠮᠠᠷ ᠭᠤᠶᠤ ᠶᠤᠮ ᠪᠤᠢ︕ ᠪᠢᠳᠡ ᠲᠡᠷᠨ ᠡᠬᠦᠳᠡ ᠪᠠᠷ ᠦᠰᠦᠷᠦᠨ ᠤᠷᠤᠵᠤ ᠯᠤᠤ  ᠬᠤᠪᠢᠯᠪᠠᠯ‌‍ᠯ ᠤᠰᠤᠨ ᠳᠤ ᠤᠮᠪᠠᠳᠠᠭ ᠠᠴᠠ ᠪᠠᠨ ᠲᠡᠭᠷᠢ ᠳᠤ ᠨᠢᠰᠬᠦ ᠪᠤᠯᠴᠢᠬᠠᠨ᠎ᠠ︾ ᠭᠡᠬᠦ ᠳᠤ ᠪᠦᠯᠲᠡᠭᠡᠷ ᠤᠯᠠᠭᠠᠨ ᠴᠤ ᠬᠦᠭᠰᠡᠵᠦ᠄    ︽ᠲᠡᠶᠢᠮᠦ ᠡ᠂ ᠲᠡᠶᠢᠮᠦ ᠡ᠃ ᠪᠢᠳᠡ ᠬᠠᠮᠳᠤ ᠪᠠᠷ ᠯᠤᠤ ᠬᠤᠪᠢᠯᠤᠭᠠᠳ ᠲᠡᠭᠷᠢ ᠳᠤ ᠨᠢᠰᠪᠡᠯ ᠤᠰᠤᠨ ᠤ ᠠᠮᠢᠲᠠᠨ ᠪᠤᠯᠭᠠᠨ ᠮᠠᠨ ᠢ ᠪᠠᠭ᠋ᠠᠷᠬᠠᠬᠤ ᠪᠠᠶᠢᠬ᠎ᠠ︾ ᠭᠡᠪᠡ᠃    ᠮᠡᠯᠲᠡᠭᠡᠷ ᠬᠠᠷ᠎ᠠ ᠴᠤ ᠬᠡᠶᠢᠷᠭᠡᠵᠦ ᠰᠡᠬᠦᠯ ᠢᠶᠠᠨ ᠰᠠᠵᠢᠯᠠᠭᠤᠯᠤᠨ ᠰᠡᠯᠢᠬᠦᠷ ᠢᠶᠠᠨ ᠪᠦᠵᠢᠭᠯᠡᠬᠦᠯᠵᠦ᠄    ︽ᠡᠮᠡᠭᠡ ᠡ᠂ ᠪᠢᠳᠡ ᠤᠳᠤᠬᠠᠨ ᠮᠤᠷᠳᠠᠶ᠎ᠠ᠂ ᠪᠤᠯᠬᠤ ᠤᠤ︖︾ ᠬᠡᠬᠦᠯ᠎ᠡ ᠡᠮᠡᠭᠡ ᠨᠢ᠄    ︽ᠪᠤᠯᠤᠯ ᠦᠭᠡᠢ ᠶᠠᠭᠠᠬᠢᠬᠤ ᠪᠤᠢ᠃ ᠪᠤᠲᠤᠵᠤ ᠬᠦᠰᠡᠭᠰᠡᠨ ᠢᠶᠠᠨ ᠳᠤᠤᠷ᠎ᠠ ᠳᠤᠤᠷ᠎ᠠ ᠨᠢ ᠪᠡᠶᠡᠯᠡᠬᠦᠯᠬᠦ ᠭᠡᠵᠤ ᠵᠢᠳᠬᠦᠬᠦ ᠴᠢᠨᠢ ᠰᠠᠶᠢᠨ ᠤᠴᠢᠷ ᠡ︾ ᠭᠡᠵᠤ ᠤᠷᠮᠠᠰᠢᠭᠤᠯᠪᠠ᠃    ‍ᠤᠷᠪᠠᠨ ᠮᠦᠷᠬᠦ ᠵᠢᠭᠠᠰᠤ ᠯᠤᠤ ᠪᠤᠯᠬᠤ ᠬᠦᠰᠡᠯ ᠳᠤ ᠪᠠᠨ ᠬᠦᠲᠦᠯᠦᠭᠳᠡᠨ᠄    ︽ᠪᠠᠶᠠᠷᠲᠠᠢ᠂ ᠡᠮᠡᠭᠡ ᠡ︾ ᠭᠡᠭᠰᠡᠭᠡᠷ ᠡᠮᠡᠭᠡ ᠠᠴᠠ ᠪᠠᠨ ᠠᠶᠠᠷᠯᠠᠨ ᠬᠤᠯᠠᠬᠢ ᠳᠠᠯᠠᠢ ᠶᠢ ᠵᠤᠷᠢᠨ ᠤᠮᠪᠠᠯ᠎ᠠ᠃    ᠲᠡᠳᠡ ᠭᠤᠤᠯ ᠤᠨ ᠤᠷᠤᠰᠬᠠᠯ ᠢ ᠲᠠᠭᠠᠨ ᠡᠳᠦᠷᠵᠢᠨ ᠰᠦᠨᠢᠵᠢᠨ ᠤᠮᠪᠠᠭᠰᠠᠭᠠᠷ ᠶᠠᠪᠤᠲᠠᠯ᠎ᠠ ᠦᠷᠭᠡᠨ ᠮᠦᠷᠡᠨ ᠲᠠᠭᠠᠷᠠᠯᠳᠤᠵᠤ᠂ ᠦᠷᠭᠡᠨ ᠮᠦᠷᠡᠨ ᠳᠤ ᠬᠢ ᠵᠢᠭᠠᠰᠤ ᠠᠴᠠ ᠳᠠᠯᠠᠢ ᠭᠡᠳᠦᠢ ᠬᠤᠯᠨ ᠪᠠᠶᠢᠬᠤ ᠶᠢ ᠠᠰᠠᠭᠤᠬᠤ ᠳᠤ ᠬᠡᠳᠦᠨ ᠮᠢᠩᠭᠠᠨ ᠭᠠᠵᠠᠷ ᠤᠨ ᠦᠵᠦᠬᠦᠷ ᠲᠤ ᠭᠡᠵᠡᠢ᠃ ᠲᠦᠢᠯᠳᠡᠳᠡᠯ᠎ᠡ ᠶᠠᠲᠠᠷᠠᠭᠰᠠᠨ ᠪᠦᠯᠲᠡᠭᠡᠷ ᠤᠯᠠᠭᠠᠨ᠄    ︽ᠳᠠᠯᠠᠢ ᠬᠦᠷᠲᠡᠯ᠎ᠡ ᠪᠠᠰᠠ ᠭᠡᠴᠢᠨᠡᠭᠡᠨ ᠬᠤᠨᠤᠭ ᠶᠠᠪᠤᠬᠤ ᠶᠢ ᠪᠤᠤ ᠮᠡᠳᠡ᠃ ᠶᠡᠷᠦ ᠨᠢ ᠯᠤᠤᠳᠤ ᠡᠬᠦᠳᠡ ᠭᠡᠵᠤ ᠪᠠᠶᠢᠳᠠᠭ ᠡᠰᠡᠬᠦ ᠶᠢ ᠴᠤ ᠪᠤᠤ ᠮᠡᠳᠡ︾ ᠭᠡᠵᠤ ᠴᠦᠬᠦᠷᠡᠭᠰᠡᠨ ᠠᠶᠠᠲᠠᠢ ᠬᠡᠯᠡᠬᠦ ᠳᠤ ᠪᠤᠮᠪᠤᠭᠤᠷ ᠰᠢᠷ᠎ᠠ᠄    ︽ᠠᠢ᠂ ᠲᠡᠶᠢᠮᠦ ᠬᠤᠯᠨ ᠪᠠᠶᠢᠬᠤ ᠶᠢ ᠮᠡᠳᠡᠭᠰᠡᠨ ᠪᠤᠯ ᠨᠤᠲᠤᠭ ᠤᠨ ᠢᠶᠠᠨ ᠭᠤᠤᠯ ᠳᠤ ᠠᠮᠤᠷ ᠵᠢᠷᠭᠠᠵᠤ ᠰᠠᠭᠤᠬᠤ ᠠᠴᠠ ᠪᠢᠰᠢ᠂ ᠠᠭᠠᠰᠢ ᠠᠯᠲᠠᠨ ᠨᠠᠭᠠᠰᠢ ᠭᠠᠷᠴᠦ ᠢᠷᠡᠮᠡᠷ ᠦᠭᠡᠢ ᠪᠠᠶᠢᠭᠰᠠᠨ᠃ ᠢᠡᠭᠭᠢᠵᠤ ᠦᠢᠯᠨ ᠲᠠᠮᠤ  ᠪᠠᠨ ᠦᠵᠡᠬᠦ ᠪᠠᠷ ᠪᠤᠴᠠᠭᠰᠠᠨ ᠨᠢ ᠳᠡᠭᠡᠷ᠎ᠡ ᠪᠠᠶᠢᠬ᠎ᠠ︾ ᠬᠡᠪᠡᠯ ᠮᠡᠯᠲᠡᠭᠡᠷ ᠬᠠᠷ᠎ᠠ ᠨᠢᠳᠦ ᠪᠠᠨ ᠪᠦᠯᠲᠡᠯᠵᠡᠬᠦᠯᠦᠨ᠄    ︽ᠵᠤᠷᠢᠭ ᠪᠠᠶᠢᠪᠠᠯ ᠪᠦᠳᠤᠨ᠎ᠡ᠂ ᠵᠠᠮ ᠪᠠᠶᠢᠪᠠᠯ  ᠬᠦᠷᠤᠨ᠎ᠡ ᠭᠡᠳᠡᠭ ᠰᠢᠤ ᠳ᠋ᠠ᠃ ᠪᠢᠳᠡ ᠵᠠᠮ ᠲᠤᠮᠳᠠ ᠠᠴᠠ ᠪᠠᠨ ᠪᠤᠴᠠᠪᠠᠯ ᠬᠠᠮᠤᠭ ᠤᠯᠠᠨ ᠤ ᠡᠯᠡᠭ ᠪᠤᠯᠤᠨ᠎ᠠ ᠰᠢᠤ᠃ ᠵᠤᠷᠢᠭᠲᠠᠢ ᠪᠠᠶᠢᠭᠠᠴᠢ︾ ᠭᠡᠳ ᠡᠮᠦᠨ᠎ᠡ ᠨᠢ ᠤᠷᠤᠵᠤ ᠦᠷᠬᠦᠯᠵᠢᠯᠡᠨ ᠤᠮᠪᠠᠪᠠ᠃    ᠲᠡᠭᠦᠨ ᠤ ᠬᠡᠯᠡᠬᠦ ᠵᠦᠢᠲᠡᠢ ᠪᠤᠯᠬᠤᠷ ᠨᠦᠬᠦᠭᠡ ᠬᠤᠶᠠᠷ ᠨᠢ ᠵᠤᠷᠢᠭ ᠢᠶᠠᠨ ᠬᠦᠪᠴᠢᠯᠡᠨ ᠳᠠᠭᠠᠯᠴᠠᠨ ᠤᠮᠪᠠᠪᠠ᠃    ᠭᠡᠴᠢᠨᠡᠭᠡᠨ ᠬᠤᠨᠤᠭ ᠠᠶᠠᠯᠠᠭᠰᠠᠨ ᠢ ᠪᠤᠤ ᠮᠡᠳᠡ᠂ ᠮᠦᠨ ᠭᠡᠴᠢᠨᠡᠭᠡᠨ ᠤᠷᠳᠤ ᠵᠠᠮ ᠡᠯᠡᠭᠡᠭᠰᠡᠨ ᠢ ᠴᠤ ᠪᠤᠤ ᠮᠡᠳᠡ ᠂ ᠨᠢᠬᠡ ᠮᠡᠳᠡᠬᠦ ᠳᠤ ᠦᠡᠳᠦᠷ ᠰᠦᠷᠯᠢᠭ ᠯᠤᠤᠳᠤ ᠡᠬᠦᠳᠡ ᠴᠠᠭᠠᠨᠠᠬᠠᠨ ᠳᠤ ᠬᠠᠷᠠᠬᠳᠠᠪᠠ᠃    ᠭᠤᠷᠪᠠᠨ ᠮᠦᠷᠬᠦ ᠵᠢᠭᠠᠰᠤ ᠪᠠᠶᠠᠷᠯᠠᠬᠤ ᠳᠤ ᠪᠠᠨ ᠶᠠᠲᠠᠷᠠᠯ ᠢᠶᠠᠨ ᠮᠠᠷᠳᠠᠵᠤ᠄    ︽ᠤᠤᠬᠠᠢ᠂ ᠯᠤᠤᠳᠤ ᠡᠬᠦᠳᠡ ᠬᠦᠷᠦᠭᠡᠳ ᠢᠷᠡᠴᠢᠬᠡᠯ᠎ᠡ᠃ ᠶᠠᠮᠠᠷ ᠰᠠᠶᠢᠬᠠᠨ ᠪᠤᠢ︾ ᠬᠡᠯᠴᠡᠨ ᠬᠦᠭᠡᠷᠦᠯᠳᠦᠪᠡ᠃     ᠬᠠᠷ᠎ᠠ ᠮᠦᠷᠬᠦ ᠵᠢᠭᠠᠰᠤ ᠬᠠᠮᠤᠭ ᠤᠨ ᠤᠷᠢᠳ ᠢᠶᠠᠷ ᠯᠤᠤᠳᠤ ᠡᠬᠦᠳᠡ ᠪᠠᠷ ᠦᠰᠦᠷᠴᠠᠢ᠃ ᠨᠢᠭᠡ᠂ ᠬᠤᠶᠠᠷ᠂ ᠭᠤᠷᠪᠠ ᠁ ᠤᠳᠠᠭ᠎ᠠ ᠪᠤᠯᠭᠠᠨ ᠳᠠᠯᠠᠢ ᠶᠢᠨ ᠳᠠᠪᠠᠯᠭᠠᠨ ᠳᠤ ᠴᠤᠬᠢᠭᠳᠠᠨ ᠯᠤᠤᠳᠤ ᠡᠬᠦᠳᠡᠨ ᠤ ᠨᠠᠭᠠᠨᠠᠬᠢ ᠬᠦᠨ ᠤᠰᠤᠨ ᠳᠤ ᠤᠨᠠᠭᠠᠳ ᠢᠷᠡᠴᠢᠬᠡᠨ᠎ᠡ᠃    ᠨᠠᠭᠠᠨ᠎ᠠ ᠠᠴᠠ ᠨᠢ ᠬᠠᠷᠠᠵᠤ ᠪᠠᠶᠢᠭᠰᠠᠨ ᠪᠦᠯᠲᠡᠭᠡᠷ ᠤᠯᠠᠭᠠᠨ᠄    ︽ᠬᠦᠤᠱᠢ᠂ ᠪᠠᠶᠢᠵᠨ᠂ ᠪᠢ ᠦᠰᠦᠷᠴᠦ ᠦᠵᠡᠶ᠎ᠡ︾ ᠭᠡᠵᠤ ᠬᠡᠯᠡᠭᠡᠳ ᠬᠦᠴᠦ ᠪᠠᠨ ᠰᠢᠪᠬᠠᠨ ᠯᠤᠤᠳᠤ ᠡᠬᠦᠳᠡ ᠵᠦᠭ ᠴᠢᠨᠡᠭᠡ ᠮᠡᠳᠡᠨ ᠦᠰᠦᠷᠲᠡᠯ᠎ᠡ ᠳᠠᠯᠠᠢ ᠶᠢᠨ ᠲᠤᠭᠰᠢᠨ ᠳᠠᠪᠠᠯᠭᠠᠨ ᠭᠠᠭᠴᠠᠬᠠᠨ ᠲᠡᠯᠡᠰᠤᠬᠡᠳ ᠬᠠᠳᠠᠨ ᠳᠡᠭᠡᠷ᠎ᠡ ᠤᠨᠠᠭᠠᠵᠠᠢ᠃ ᠪᠦᠯᠲᠡᠭᠡᠷ ᠤᠯᠠᠭᠠᠨ ᠤ ᠬᠠᠶᠢᠷ ᠨᠢ ᠬᠤᠭᠵᠤᠷᠠᠨ ᠪᠡᠶ᠎ᠡ ᠨᠢ ᠰᠢᠯᠪᠤᠷᠠᠵᠤ ᠴᠢᠰᠦ ᠲᠠᠭᠠᠭᠠᠪᠤᠷᠢᠯᠠᠪᠠ᠃    ᠡᠨᠡ ᠦᠶ᠎ᠡ ᠳᠤ ᠪᠤᠮᠪᠤᠭᠤᠷ ᠰᠢᠷ᠎ᠠ ᠡᠮᠢᠶᠡᠭᠰᠡᠨ ᠴᠢᠷᠠᠶᠢᠯᠠᠵᠤ᠄    ︽ᠲᠠ ᠬᠤᠶᠠᠷ ᠦᠰᠦᠷᠦᠨ ᠭᠠᠷᠴᠦ ᠴᠢᠳᠠᠭ᠎ᠠ ᠦᠭᠡᠢ ᠶᠤᠮ ᠴᠢᠨᠢ ᠪᠢ ᠦᠰᠦᠷᠦᠭᠰᠡᠨ ᠴᠤ ᠱᠠᠯ ᠳᠡᠮᠡᠢ ᠶᠤᠮ ᠪᠠᠶᠢᠨ᠎ᠠ︾ ᠭᠡᠵᠡᠢ᠃    ᠮᠡᠯᠲᠡᠭᠡᠷ ᠬᠠᠷ᠎ᠠ ᠬᠤᠶᠠᠷ ᠨᠠᠶᠢᠵᠨ ᠪᠠᠨ ᠲᠡᠷᠭᠡᠳᠡ ᠪᠠᠨ ᠲᠠᠭᠤᠳᠠᠭᠠᠳ᠄    ︽ᠪᠢᠳᠡ ᠬᠠᠷ᠎ᠠ ᠬᠦᠴᠦ ᠪᠠᠷ ᠳᠡᠶᠢᠯᠬᠦ ᠦᠭᠡᠢ ᠰᠢᠭ᠂ ᠠᠷᠭ᠎ᠠ ᠰᠡᠳᠤᠶ᠎ᠡ᠃ ᠨᠢᠭᠡᠨ ᠢᠶᠠᠨ ᠯᠤᠤᠳᠤ ᠡᠬᠦᠳᠡ ᠪᠠᠷ ᠦᠰᠦᠷᠬᠦ ᠦᠶ᠎ᠡ ᠳᠤ ᠨᠦᠬᠦᠭᠡ ᠨᠢ ᠳᠤᠤᠷ᠎ᠠ ᠠᠴᠠ ᠨᠢ ᠦᠰᠦᠷᠦᠨ ᠲᠤᠯᠤᠭᠠᠰᠤ ᠪᠤᠯᠵᠤ ᠦᠭᠭᠦᠶ᠎ᠡ᠂ ᠲᠡᠭᠡᠵᠦ ᠳᠠᠪᠰᠢᠨ ᠦᠰᠦᠷᠪᠡᠯ ᠯᠤᠤᠳᠤ ᠡᠬᠦᠳᠡ ᠪᠠᠷ ᠦᠰᠦᠷᠦᠭᠡᠳ ᠤᠷᠤᠴᠢᠬᠠᠬᠤ ᠪᠠᠶᠢᠬ᠎ᠠ︾ ᠭᠡᠬᠦ ᠳᠤ ᠪᠦᠯᠲᠡᠭᠡᠷ ᠤᠯᠠᠭᠠᠨ ᠪᠤᠮᠪᠤᠭᠤᠷ ᠰᠢᠷ᠎ᠠ ᠬᠤᠶᠠᠷ ᠵᠦᠪᠰᠢᠶᠡᠷᠡᠪᠡ᠃    ᠮᠡᠯᠲᠡᠭᠡᠷ ᠬᠠᠷ᠎ᠠ᠂ ᠪᠦᠯᠲᠡᠭᠡᠷ ᠤᠯᠠᠭᠠᠨ ᠢᠶᠠᠷ ᠲᠤᠯᠤᠭᠠᠰᠤ ᠪᠤᠯᠭᠠᠨ ᠴᠢᠨᠡᠭᠡ ᠮᠡᠳᠡᠨ ᠳᠡᠭᠡᠭᠰᠢ ᠲᠠᠪᠰᠢᠨ ᠦᠰᠦᠷᠦᠭᠰᠡᠨ ᠴᠢᠨᠢ ᠯᠤᠤᠳᠤ ᠡᠬᠦᠳᠡ ᠪᠠᠷ ᠦᠰᠦᠷᠦᠨ ᠤᠷᠤᠮᠠᠭᠴᠠ ᠫᠠᠳ ᠬᠠᠷ᠎ᠠ ᠯᠤᠤ ᠬᠤᠪᠢᠯᠴᠢᠬᠠᠵᠠᠢ᠃    ᠪᠦᠯᠲᠡᠭᠡᠷ ᠤᠯᠠᠭᠠᠨ ᠳᠡᠭᠡᠭᠰᠢ ᠦᠰᠦᠷᠬᠦ ᠳᠤ ᠪᠤᠮᠪᠤᠭᠤᠷ ᠰᠢᠷ᠎ᠠ ᠴᠤ ᠬᠤᠶᠢᠨ᠎ᠠ ᠠᠴᠠ ᠨᠢ ᠦᠰᠦᠷᠪᠡ᠃ ᠪᠦᠯᠲᠡᠭᠡᠷ ᠤᠯᠠᠭᠠᠨ ᠤᠨᠠᠬᠤ ᠶᠢ ᠵᠠᠪᠲᠤᠲᠠᠯ᠎ᠠ ᠪᠤᠮᠪᠤᠭᠤᠷ ᠰᠢᠷ᠎ᠠ ᠳᠤᠤᠷ᠎ᠠ ᠠᠴᠠ ᠨᠢ ᠲᠤᠯᠤᠭᠠᠰᠤ ᠪᠤᠯᠵᠤ ᠦᠭᠪᠡ᠃ ᠪᠦᠯᠲᠡᠭᠡᠷ ᠤᠯᠠᠭᠠᠨ ᠴᠢᠨᠡᠭᠡ ᠮᠡᠳᠡᠨ ᠳᠠᠪᠰᠢᠨ ᠦᠰᠦᠷᠦᠭᠰᠡᠨ ᠴᠢᠨᠢ ᠮᠦᠨ ᠯᠤᠤᠳᠤ ᠡᠬᠦᠳᠡ ᠪᠠᠷ ᠤᠷᠤᠭᠠᠳ ᠭᠠᠯ ᠤᠯᠠᠭᠠᠨ ᠯᠤᠤ ᠬᠤᠪᠢᠯᠪᠠ᠃    ᠪᠤᠮᠪᠤᠭᠤᠷ ᠰᠢᠷ᠎ᠠ ᠶᠢ ᠬᠠᠪᠰᠤᠷᠬᠤ ᠵᠢᠭᠠᠰᠤ ᠠᠯᠠᠭ᠎ᠠ ᠪᠤᠯᠵᠠᠢ᠃ ᠭᠠᠭᠴᠠᠭᠠᠷ ᠦᠯᠡᠳᠡᠭᠰᠡᠨ ᠪᠤᠮᠪᠤᠭᠤᠷ ᠰᠢᠷ᠎ᠠ ᠯᠤᠤᠳᠤ ᠡᠬᠦᠳᠡ ᠵᠦᠭ ᠴᠢᠨᠡᠭᠡ ᠮᠡᠳᠡᠨ ᠦᠰᠦᠷᠦᠭᠰᠡᠨ ᠪᠤᠯᠪᠠᠴᠦ ᠳᠠᠪᠠᠯᠭᠠᠨ ᠳᠤ ᠭᠤᠶᠠᠳᠠᠭᠳᠠᠨ ᠤᠰᠤᠨ ᠳᠤ ᠤᠨᠠᠬᠤ ᠠᠴᠠ ᠴᠠᠭᠠᠰᠢ ᠦᠬᠡᠢ᠃    ᠮᠡᠯᠲᠡᠭᠡᠷ ᠬᠠᠷ᠎ᠠ ᠠᠴᠠ ᠬᠤᠪᠢᠯᠤᠭᠰᠠᠨ ᠪᠡᠭᠡᠨ ᠬᠠᠷ᠎ᠠ ᠯᠤᠤ ᠪᠤᠯᠤᠨ ᠪᠦᠯᠲᠡᠭᠡᠷ ᠤᠯᠠᠭᠠᠨ ᠠᠴᠠ ᠬᠤᠪᠢᠯᠤᠭᠰᠠᠨ ᠭᠠᠯ ᠤᠯᠠᠭᠠᠨ ᠯᠤᠤ ᠤᠰᠤᠨ ᠤ ᠳᠡᠭᠡᠬᠦᠷ ᠡᠷᠬᠢᠯᠳᠦᠨ ᠨᠢᠰᠴᠦ ᠪᠤᠮᠪᠤᠭᠤᠷ ᠰᠢᠷ᠎ᠠ ᠶᠢ ᠵᠤᠷᠢᠭᠵᠢᠭᠤᠯᠤᠭᠰᠠᠭᠠᠷ ᠪᠠᠶᠢᠯ᠎ᠠ    ᠪᠤᠮᠪᠤᠭᠤᠷ ᠰᠢᠷ᠎ᠠ ᠬᠤᠶᠠᠷ ᠨᠠᠶᠢᠵᠨ ᠶᠢᠨ ᠢᠶᠠᠨ ᠬᠦᠴᠦᠲᠦ ᠵᠤᠷᠢᠭᠵᠢᠭᠤᠯᠤᠯ ᠢᠶᠠᠷ ᠠᠬᠢᠨ ᠳᠠᠬᠢᠨ ᠦᠰᠦᠷᠦᠭᠰᠡᠭᠡᠷ ᠪᠠᠶᠢᠭᠠᠳ ᠡᠴᠦᠰ ᠲᠤ ᠪᠠᠨ ᠯᠤᠤᠳᠤ ᠡᠬᠦᠳᠡ ᠪᠠᠷ ᠦᠰᠦᠷᠦᠨ ᠤᠷᠤᠭᠠᠳ ᠠᠯᠲᠠᠨ ᠰᠢᠷ᠎ᠠ ᠯᠤᠤ ᠬᠤᠪᠢᠯᠵᠠᠢ᠃   
 
ᠢᠷᠡᠯᠲᠡ᠄ ᠦᠪᠤᠷ ᠮᠤᠩᠭᠤᠯ ᠤᠨ ︽ᠨᠡᠶᠢᠬᠡᠮ︾ ᠰᠡᠳᠬᠦᠯ ᠤᠨ ᠬᠤᠷᠢᠶ᠎ᠠ
 
 
ᠬᠠᠮᠢᠶ᠎ᠡ ᠪᠦᠬᠦᠢ ᠰᠣᠨᠢᠨ
 
2014-2015 ©  ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备05070829号