ᠨᠠᠶᠢᠷᠠᠭᠤᠯᠬᠤ ᠬᠡᠯᠲᠡᠰ ᠪᠤᠶᠤ ᠲᠡᠭᠦᠨ ᠤ ᠲᠣᠭᠤᠷᠢᠨ ᠳᠤ ᠬᠢ ᠥᠯᠢᠭᠡᠷ
ᠨᠡᠶᠢᠲᠡᠯᠡᠭᠰᠡᠨ ᠴᠠᠭ᠄
2023/11/22
                     ᠪᠠ᠊ · ᠪᠦᠷᠢᠨᠵᠢᠷᠭᠠᠯ ᠵᠤᠬᠢᠶᠠᠪᠠ       ᠤᠳᠬ᠎ᠠ ᠤᠷᠠᠯᠢᠭ ᠤᠨ ᠬᠢᠨ ᠤ ᠬᠤᠯᠪᠤᠭ᠎ᠠ᠂ ᠵᠤᠬᠢᠶᠠᠯᠴᠢᠳ ᠤᠨ ᠡᠪᠯᠡᠯ ᠪᠤᠯ ᠵᠤᠬᠢᠶᠠᠯᠴᠢ ᠤᠷᠠᠯᠢᠭᠴᠢᠳ ᠤᠨ ᠤᠶᠤᠨ ᠰᠠᠨᠠᠭᠠᠨ ᠤ ᠭᠤᠸᠠᠯᠢᠭ ᠰᠠᠶᠢᠬᠠᠨ ᠬᠡᠷ ᠤᠷᠤᠨ ᠭᠡᠳᠡᠭ ᠶᠤᠮ᠃ ᠪᠢ ᠡᠨᠡ ᠬᠦ ᠬᠠᠯᠠᠭᠤᠨ ᠳᠤᠯᠠᠭᠠᠨ ᠪᠦᠭᠡᠳ ᠬᠠᠶᠢᠷ᠎ᠠ ᠬᠠᠯᠠᠮᠵᠢ ᠲᠠᠢ ᠶᠡᠭᠡ ᠬᠡᠷ ᠪᠦᠯᠢ ᠶᠢᠨ ᠦᠨᠳᠦᠰᠦᠨ ᠱᠠᠲᠤ ᠪᠤᠶᠤ ᠠᠶᠢᠮᠠᠭ ᠬᠤᠲᠠ ᠶᠢᠨ ᠱᠠᠳᠤᠨ ᠤ ᠬᠡᠰᠢᠬᠦᠨ ᠪᠤᠯᠵᠦ᠂ ᠳᠤᠷ᠎ᠠ ᠰᠤᠨᠢᠷᠬᠠᠯ ᠲᠠᠢ ᠠᠵᠢᠯ ᠦᠢᠯᠡᠰ ᠢᠶᠠᠨ  ᠭᠤᠴᠢᠭᠠᠳ ᠵᠢᠯ ᠬᠢᠭᠰᠡᠨ ᠳᠤ ᠪᠠᠨ ᠳᠤᠶᠢᠯ ᠤᠨ ᠶᠡᠭᠡ ᠪᠠᠷ ᠤᠮᠤᠭᠰᠢᠵᠦ ᠶᠠᠪᠤᠳᠠᠭ ᠰᠠᠨ᠃ ᠤᠨᠴᠠᠭᠠᠶᠢᠯᠠᠨ ᠡᠨᠡ ᠬᠦ ᠪᠠᠶᠢᠭᠤᠯᠭ᠎ᠠ ᠶᠢᠨ ᠭᠤᠣᠯᠯᠠᠨ ᠡᠷᠬᠢᠯᠡᠵᠦ ᠪᠠᠶᠢᠭ᠎ᠠ ᠮᠤᠩᠭᠤᠯ ᠤᠷᠠᠨ ᠵᠤᠬᠢᠶᠠᠯ ᠤᠨ ᠰᠡᠳᠭᠦᠯ ᠳᠤ 15 ᠵᠢᠯ ᠰᠢᠬᠠᠮ ᠠᠵᠢᠯᠯᠠᠵᠤ᠂ ᠨᠠᠶᠢᠷᠠᠭᠤᠯᠤᠭᠴᠢ ᠭᠡᠳᠡᠭ ᠰᠠᠶᠢᠬᠠᠨ ᠨᠡᠷ᠎ᠡ ᠪᠠ ᠮᠡᠷᠭᠡᠵᠢᠯ ᠤᠨ ᠴᠤᠯᠠ ᠶᠢ ᠶᠡᠭᠡ ᠡᠷᠲᠡ ᠬᠦᠷᠲᠡᠭᠰᠡᠨ ᠳᠤ ᠪᠠᠨ ᠮᠠᠰᠢᠳᠠ ᠪᠠᠶᠠᠷᠬᠠᠵᠦ ᠰᠠᠭᠤᠳᠠᠭ ᠮᠦᠷᠳᠡᠭᠡᠨ ᠨᠠᠶᠢᠷᠠᠭᠤᠯᠬᠤ ᠬᠡᠯᠲᠡᠰ ᠪᠤᠶᠤ ᠲᠡᠭᠦᠨ ᠤ ᠲᠣᠭᠤᠷᠢᠨ ᠳᠤ ᠬᠢ ᠵᠠᠷᠢᠮ ᠤᠴᠢᠷ ᠤᠳ ᠣᠳᠣ ᠬᠦᠷᠲᠡᠯ᠎ᠡ ᠴᠢᠬᠢᠨ ᠳᠤ ᠰᠣᠨᠣᠰᠳᠠᠵᠦ ᠨᠢᠳᠤᠨ ᠳᠤ ᠬᠠᠷᠠᠭᠳᠠᠵᠤ ᠪᠠᠶᠢᠳᠠᠭ ᠰᠠᠨ᠃         ᠨᠢᠭᠡ   ᠳᠡᠭᠡᠷ᠎ᠡ ᠵᠠᠭᠤᠨ ᠤ ᠨᠠᠶᠠᠭᠠᠳ ᠣᠨ ᠤ ᠡᠬᠢᠨ ᠪᠤᠶᠤ 1982 ᠣᠨ ᠤ 11 ᠳ᠋ᠤᠬᠡᠷ ᠰᠠᠷ᠎ᠠ ᠳᠤ ᠪᠢ ᠪᠠᠶᠠᠨᠨᠠᠭᠤᠷ ᠠᠶᠢᠮᠠᠭ ᠤᠨ ᠤᠳᠬ᠎ᠠ ᠤᠷᠠᠯᠢᠭ ᠤᠨ ᠬᠢᠨ ᠤ ᠬᠤᠯᠪᠤᠭ᠎ᠠ ᠳᠤ ᠠᠵᠢᠯ ᠰᠢᠯᠵᠢᠨ ᠢᠷᠡᠬᠦ ᠳᠤ᠂ ᠡᠨᠡ ᠪᠠᠶᠢᠭᠤᠯᠭ᠎ᠠ ᠨᠢ 18 ᠵᠠᠰᠠᠭ ᠵᠠᠬᠢᠷᠭᠠᠨ ᠤ ᠤᠷᠤᠨ ᠳᠤᠭ᠎ᠠ᠂ 40 ᠠᠵᠢᠯ ᠦᠢᠯᠡᠰ ᠤᠨ ᠣᠷᠣᠨ ᠳᠤᠭ᠎ᠠ ᠲᠠᠢ ᠪᠦᠭᠡᠳ 5 ᠭᠠᠵᠠᠷ ᠤᠨ ᠳᠡᠰ ᠤᠨ ᠤᠳᠤᠷᠢᠳᠤᠯᠭ᠎ᠠ᠂ 3 ᠰᠠᠯᠠᠭᠠᠨ ᠳᠡᠰ ᠤᠨ ᠲᠤᠳᠤᠭᠠᠳᠤ ᠪᠠᠶᠢᠭᠤᠯᠤᠮᠵᠢ᠂ 4 ᠤᠳᠬ᠎ᠠ ᠤᠷᠠᠯᠢᠭ ᠤᠨ ᠡᠪᠯᠡᠯ ᠲᠠᠢ ᠲᠤᠮᠤᠬᠠᠨ ᠨᠢᠭᠡᠴᠢ ᠪᠠᠶᠢᠭᠰᠠᠨ ᠶᠤᠮ᠃ ᠲᠡᠷᠡ ᠦᠶ᠎ᠡ ᠳᠤ ᠲᠣᠰ ᠪᠠᠶᠢᠭᠤᠯᠭ᠎ᠠ ᠨᠢ ᠬᠤᠭᠤᠰᠤᠨ ᠣᠷᠣᠨ ᠲᠤᠭ᠎ᠠ ᠲᠠᠢ ᠪᠦᠭᠡᠳ ᠤᠳᠬ᠎ᠠ ᠤᠷᠠᠯᠢᠭ ᠲᠤ ᠠᠪᠢᠶᠠᠰ ᠲᠠᠢ ᠵᠠᠯᠠᠭᠤᠰ ᠢ    ᠤᠯᠠᠮ ᠤᠯᠠᠨ ᠢᠶᠠᠷ ᠤᠷᠠᠶᠢᠯᠠᠨ ᠳᠠᠭᠤᠳᠠᠵᠦ ᠪᠠᠶᠢᠭᠰᠠᠨ ᠪᠤᠯᠬᠤᠷ ᠦᠪᠦᠷ ᠮᠤᠩᠭᠤᠯ ᠤᠨ ︽1962 — 1980 ᠣᠨ ᠤ ᠤᠳᠬ᠎ᠠ ᠵᠤᠬᠢᠶᠠᠯ ᠰᠢ ᠵᠦᠴᠦᠭᠡ ᠺᠢᠨᠤ᠋ ᠵᠦᠴᠦᠭᠡ ᠶᠢᠨ ᠱᠠᠩᠨᠠᠯ ︾ ᠳᠤ ︽ᠬᠠᠪᠤᠷ ᠤᠨ ᠴᠠᠰᠤ︾ ᠭᠡᠬᠦ ᠦᠭᠦᠯᠡᠯᠭᠡ ᠪᠠᠷ ᠢᠶᠠᠨ ᠱᠠᠩᠨᠠᠯ ᠭᠠᠷᠳᠠᠭᠰᠠᠨ ᠢ᠊ · ᠪᠦᠷᠭᠦᠳ ᠪᠣᠯᠣᠨ ︽ᠮᠡᠳᠡᠯᠭᠡ ᠲᠠᠢ ᠬᠦᠷᠭᠡᠨ︾ ᠭᠡᠬᠦ ᠳ᠋ᠸ᠊ · ᠳᠠᠯᠠᠨᠲᠠᠢ ᠲᠠᠢ ᠬᠠᠮᠳᠤᠷᠠᠨ ᠪᠢᠴᠢᠭᠰᠡᠨ ᠶᠠᠷᠢᠶᠠᠲᠤ ᠵᠦᠴᠦᠭᠡ ᠪᠠᠷ ᠢᠶᠠᠨ ᠱᠠᠩᠨᠠᠯ ᠭᠠᠷᠳᠠᠭᠰᠠᠨ ᠪᠠ᠊ · ᠪᠦᠷᠢᠨᠵᠢᠷᠭᠠᠯ ᠭᠡᠬᠦ ᠬᠤᠷᠢᠨ ᠵᠢᠷᠭᠤᠭ᠎ᠠ ᠳᠣᠯᠣᠭᠠᠲᠠᠢ ᠬᠤᠶᠠᠷ ᠮᠤᠩᠭᠤᠯ ᠵᠠᠯᠠᠭᠤ ᠠᠷᠤ ᠠᠷᠤ ᠠᠴᠠ ᠪᠠᠨ ᠠᠵᠢᠯ ᠰᠢᠯᠵᠢᠨ ᠢᠷᠡᠨ᠎ᠡ ᠭᠡᠬᠦ ᠳᠤ ᠠᠪ ᠠᠮᠠᠷᠬᠠᠨ ᠵᠦᠪᠰᠢᠶᠡᠷᠦᠭᠰᠡᠨ ᠶᠤᠮ ᠭᠡᠨ᠎ᠡ᠃ ᠭᠡᠪᠡᠴᠤ ᠠᠵᠢᠯ ᠦᠢᠯᠡᠰ ᠤᠨ ᠬᠢᠨ ᠤ ᠣᠷᠣᠨ ᠲᠤᠭ᠎ᠠ ᠨᠢ 40 ᠠᠴᠠ 1ᠳᠠᠪᠠᠭ᠋ᠤ ᠰᠢᠨᠵᠢ ᠭᠠᠷᠴᠤ᠂ ᠠᠶᠢᠮᠠᠭ ᠤᠨ ᠬᠦᠳᠡᠯᠮᠦᠷᠢ ᠠᠵᠢᠯᠳᠠᠨ ᠤ ᠳᠤᠪᠴᠢᠶ᠎ᠠ  ᠶᠢᠨ ᠬᠢᠨ ᠬᠡᠨ ᠠᠯᠢ ᠶᠢ ᠨᠢ ᠵᠠᠰᠠᠭ ᠵᠠᠬᠢᠷᠭᠠᠨ ᠤ ᠣᠷᠣᠨ ᠳᠤᠭ᠎ᠠ ᠳᠤ ᠤᠷᠤᠭᠤᠯᠬᠤ ᠪᠠᠨ ᠠᠬᠢᠨ ᠳᠠᠬᠢᠨ ᠯᠠᠪᠯᠠᠵᠤ ᠪᠠᠶᠢᠯ᠎ᠠ ᠭᠡᠵᠦ ᠠᠶᠢᠮᠠᠭ ᠤᠨ ᠰᠤᠶᠤᠯ ᠤᠨ ᠳᠤᠪᠴᠢᠶᠠᠨ ᠤ ᠲᠠᠷᠤᠭ᠎ᠠ ᠪᠠ ᠤᠳᠬ᠎ᠠ ᠤᠷᠠᠯᠢᠭ ᠤᠨ ᠬᠤᠯᠪᠤᠭᠠᠨ ᠤ ᠲᠡᠷᠢᠭᠦᠯᠡᠭᠴᠢ ᠶᠢᠨ ᠲᠤᠰᠢᠶᠠᠯ ᠢ ᠳᠠᠪᠬᠤᠷ ᠬᠠᠷᠢᠭᠤᠴᠠᠵᠦ ᠪᠠᠶᠢᠭᠰᠠᠨ ᠰᠤᠶᠤᠯ ᠤᠨ ᠠᠬᠠᠮᠠᠳ  ᠵᠢᠳᠭᠦᠯᠲᠡᠨ ᠪᠦᠭᠡᠳ ᠤᠷᠤᠨ ᠤ ᠱᠠᠩᠨᠠᠯᠲᠤ ᠵᠦᠴᠦᠭᠡ ᠶᠢᠨ ᠵᠤᠬᠢᠶᠠᠯᠴᠢ ᠯᠢᠤ ᠪᠢᠩ ᡂᠢ ᠭᠤᠸᠠᠢ ᠰᠣᠶᠣᠯ ᠤᠨ ᠳᠤᠪᠴᠢᠶᠠᠨ ᠤ ᠠᠯᠪᠠᠨ ᠭᠡᠷ ᠲᠤ ᠪᠠᠨ ᠶᠠᠷᠢᠵᠦ ᠦᠩᠭᠡᠷᠡᠭᠰᠡᠨ ᠮᠦᠷᠲᠡᠭᠡᠨ ᠤᠷᠤᠨ ᠤ ᠱᠠᠩᠨᠠᠯᠲᠤ ᠳᠠᠭᠤᠷ ᠦᠨᠳᠦᠰᠦᠳᠡᠨ ᠤ ᠪᠦᠵᠢᠭᠴᠢᠨ ᠪᠦᠭᠡᠳ ᠠᠶᠢᠮᠠᠭ ᠤᠨ ᠤᠳᠬ᠎ᠠ ᠤᠷᠠᠯᠢᠭ ᠤᠨ ᠬᠢᠨ ᠤ ᠬᠤᠯᠪᠤᠭ᠎ᠠ ᠶᠢᠨ ᠪᠠᠶᠢᠩᠭᠤ ᠶᠢᠨ ᠲᠡᠳ᠋ ᠲᠡᠷᠢᠭᠦᠯᠡᠭᠴᠢ ᠪᠠᠲᠤᠸ᠋ᠴᠢᠷ ᠭᠤᠸᠠᠢ ᠳᠤ ᠪᠠᠷᠢᠨ ᠤᠲᠠᠰᠤ ᠠᠪᠴᠤ ᠡᠪᠲᠠᠢ ᠰᠠᠶᠢᠬᠠᠨ ᠰᠢᠢᠳᠪᠦᠷᠢᠯᠠᠨ᠎ᠠ ᠭᠡᠰᠡᠨ ᠪᠢᠯᠡ᠃    ᠡᠬᠦᠨ ᠢ ᠪᠢᠳᠡ ᠬᠤᠶᠠᠷ ᠤᠨ ᠬᠡᠨ ᠠᠯᠢ ᠨᠢ ᠴᠤ ᠶᠠᠭᠤᠮ᠎ᠠ ᠪᠣᠯᠭᠠᠭᠰᠠᠨ ᠦᠭᠡᠢ᠃ ᠶᠠᠮᠠᠷ ᠣᠷᠣᠨ ᠳᠤᠭ᠎ᠠ ᠡᠵᠡᠯᠡᠭᠦᠯᠬᠦ ᠨᠢ ᠲᠠᠨ ᠤ ᠶᠠᠪᠤᠳᠠᠯ᠂ ᠶᠠᠭᠠᠬᠢᠵᠦ ᠲᠣᠷ᠎ᠠ ᠲᠠᠢ ᠠᠵᠢᠯ ᠢᠶᠠᠨ ᠬᠢᠬᠦ ᠨᠢ ᠮᠢᠨᠤ ᠶᠠᠪᠤᠳᠠᠯ ᠬᠡᠮᠡᠨ ᠰᠠᠨᠠᠵᠦ᠂ ᠨᠢᠭᠡ ᠨᠢᠭᠡ ᠶᠢ ᠪᠠᠨ ︽41︾ ᠭᠡᠮᠡᠨ ᠨᠠᠭᠠᠳᠤᠨ ᠢᠷᠡᠵᠦ ᠨᠡᠷ᠎ᠡ ᠮᠡᠳᠡᠭᠦᠯᠦᠭᠰᠡᠨ ᠶᠤᠮ᠃ ᠭᠡᠬᠦ ᠳᠤ ᠪᠠᠨ ᠪᠢ ᠮᠤᠩᠭᠤᠯ ᠬᠡᠯᠨ ᠳᠤ ᠳᠠᠪᠠᠭᠤᠯᠢᠭ ᠢᠶᠠᠷ ᠢᠶᠠᠨ ᠤᠳᠬ᠎ᠠ ᠤᠷᠠᠯᠢᠭ ᠤᠨ ᠬᠢᠨ ᠤ ᠬᠤᠯᠪᠤᠭ᠎ᠠ ᠶᠢᠨ ᠲᠡᠳ᠋ ᠳᠡᠷᠢᠭᠦᠯᠡᠭᠴᠢ ᠪᠦᠭᠡᠳ ᠤᠷᠤᠨ ᠤ ᠱᠠᠩᠨᠠᠯᠲᠤ ᠡᠮᠡᠭᠲᠡᠢ ᠵᠤᠬᠢᠶᠠᠯᠴᠢ ᠴᠢ᠊ · ᠤᠳᠬᠠᠨᠴᠢᠮᠡᠭ ᠤᠨ ᠳᠠᠷᠤᠭᠠᠯᠠᠵᠤ ᠪᠠᠶᠢᠭ᠎ᠠ ︽ᠰᠠᠷᠠᠨ᠎ᠠ ︾ ᠰᠡᠳᠭᠦᠯ ᠳᠤ ᠠᠵᠢᠯᠯᠠᠬᠤ ᠪᠠᠷ ᠭᠤᠶᠤᠴᠢᠯᠠᠵᠤ᠂ ᠲᠡᠷᠡ ᠬᠢᠲᠠᠳ ᠬᠡᠯᠨ ᠳᠤ ᠳᠠᠪᠠᠭᠤᠯᠢᠭ ᠢᠶᠠᠷ ᠢᠶᠠᠨ ᠤᠳᠬ᠎ᠠ ᠤᠷᠠᠯᠢᠭ ᠤᠨ ᠬᠢᠨ ᠤ ᠬᠤᠯᠪᠤᠭ᠎ᠠ ᠶᠢᠨ ᠲᠡᠳ᠋ ᠳᠡᠷᠢᠭᠦᠯᠡᠭᠴᠢ ᠪᠦᠭᠡᠳ ᠣᠷᠣᠨ ᠤ ᠱᠠᠩᠨᠠᠯᠲᠤ ᠰᠢᠯᠦᠭᠴᠢ ᠶᠠᠩ ᠷᠥᠸᠧ ᠹᠸᠢ ᠶᠢᠨ ᠲᠠᠷᠤᠭᠠᠯᠠᠵᠤ ᠪᠠᠶᠢᠭ᠎ᠠ ︽ᠴᠡᠴᠡᠭ ᠤᠨ ᠪᠤᠷᠤᠭ᠎ᠠ︾ ᠰᠡᠳᠭᠦᠯ ᠪᠤᠶᠤ ᠤᠳᠬ᠎ᠠ ᠤᠷᠠᠯᠢᠭ ᠤᠨ ᠬᠢᠨ ᠤ ᠬᠤᠯᠪᠤᠭ᠎ᠠ ᠶᠢᠨ ᠲᠡᠳ᠋ ᠳᠡᠷᠢᠭᠦᠯᠡᠭᠴᠢ ᠪᠦᠭᠡᠳ ᠤᠯᠤᠰ ᠣᠷᠣᠨ ᠤ ᠱᠠᠩᠨᠠᠯᠳᠤ ᠵᠤᠬᠢᠶᠠᠯᠴᠢ ᠹᠧᠩ ᠯᠢᠩ ᡁᠢ  ᠶᠢᠨ ᠳᠠᠷᠤᠭᠠᠯᠠᠵᠤ ᠦᠩᠭᠡᠷᠡᠭᠰᠡᠨ ᠰᠢ ᠵᠦᠴᠦᠭᠡ ᠺᠢᠨᠤ᠋ ᠤᠷᠠᠯᠢᠭᠴᠢᠳ ᠤᠨ ᠡᠪᠯᠡᠯ ᠳᠤ ᠠᠵᠢᠯᠯᠠᠬᠤ ᠪᠠᠷ ᠵᠢᠱᠢᠵᠠᠢ᠃    ᠡᠨᠡ ᠪᠠᠶᠢᠭᠤᠯᠭ᠎ᠠ ᠳᠤ ᠠᠩᠬ᠎ᠠ ᠢᠷᠡᠭᠡᠳ ᠠᠵᠢᠯᠯᠠᠬᠤ ᠭᠠᠵᠠᠷ᠂ ᠠᠯᠪᠠᠨ ᠭᠡᠷ᠂ ᠰᠢᠷᠡᠭᠡ ᠰᠠᠨᠳᠠᠯᠢ ᠪᠤᠶᠤ ᠨᠢᠳᠦᠨ ᠳᠤ ᠦᠵᠡᠭᠳᠡᠬᠦ ᠡᠳ᠋ ᠪᠤᠳᠠᠰ ᠨᠢ ᠮᠢᠨᠤ 10 ᠰᠠᠷ᠎ᠠ ᠪᠠᠭᠰᠢᠯᠠᠵᠤ ᠦᠩᠭᠡᠷᠡᠭᠰᠡᠨ ᠪᠠᠶᠠᠨᠨᠠᠭᠤᠷ ᠤᠨ ᠰᠤᠷᠭᠠᠨ ᠬᠦᠮᠦᠵᠢᠯ ᠤᠨ ᠳᠡᠭᠡᠳᠤ ᠰᠤᠷᠭᠠᠭᠤᠯᠢ ᠶᠢ ᠬᠤᠯᠠ ᠬᠦᠷᠬᠦ ᠦᠭᠡᠢ ᠰᠢᠭ ᠰᠠᠨᠠᠭᠳᠠᠭᠰᠠᠨ ᠪᠤᠯᠪᠠᠴᠤ᠂ ᠲᠠᠯ᠎ᠠ ᠲᠠᠯ᠎ᠠ ᠶᠢᠨ ᠤᠳᠬ᠎ᠠ ᠤᠷᠠᠯᠢᠭ ᠤᠨ ᠲᠣᠷ᠎ᠠ ᠪᠠᠭ᠋ᠠᠲᠠᠨ ᠢ ᠬᠤᠷᠢ ᠭᠤᠴᠢ ᠪᠠᠷ ᠨᠢ ᠬᠤᠷᠢᠶᠠᠨ ᠴᠤᠭᠯᠠᠭᠤᠯᠵᠤ ᠠᠪᠢᠶᠠᠰ ᠪᠢᠯᠢᠭ ᠢ ᠨᠢ ᠪᠠᠳᠠᠷᠠᠭᠤᠯᠤᠨ᠂ ᠵᠦᠭ ᠵᠦᠭ ᠤᠨ ᠰᠤᠶᠤᠯ ᠤᠨ ᠵᠢᠳᠭᠦᠯᠳᠡᠳ ᠤᠨ ᠬᠡᠤᠬᠡᠳ ᠠᠴᠢᠷ ᠢ ᠠᠷᠪᠠ ᠬᠤᠷᠢ ᠪᠠᠷ ᠨᠢ ᠬᠦᠯᠢᠶᠡᠨ ᠠᠪᠴᠤ ᠨᠠᠮ ᠵᠠᠰᠠᠭ ᠤᠨ ᠬᠠᠯᠠᠮᠵᠢ ᠶᠢ ᠭᠠᠶᠢᠬᠠᠭᠤᠯᠤᠨ᠂ ᠡᠯ᠎ᠡ ᠲᠦᠷᠦᠯ ᠤᠨ ᠵᠤᠬᠢᠶᠠᠯ ᠪᠦᠳᠦᠭᠡᠯ ᠤᠨ ᠬᠤᠷᠠᠯ  ᠰᠤᠷᠤᠯᠴᠠᠯᠭ᠎ᠠ ᠪᠤᠶᠤ ᠵᠤᠬᠢᠶᠠᠯᠴᠢ ᠤᠷᠠᠯᠢᠭᠴᠢᠳ ᠤᠨ ᠠᠮᠢᠳᠤᠷᠠᠯ ᠳᠤ ᠬᠦᠨᠵᠡᠭᠡᠶᠢᠷᠡᠬᠦ ᠠᠵᠢᠯᠯᠠᠭ᠎ᠠ ᠶᠢ ᠦᠷᠬᠦᠯᠵᠢ ᠶᠢᠨ ᠴᠢᠨᠠᠷ ᠲᠠᠢ ᠦᠷᠨᠢᠭᠦᠯᠦᠨ ᠪᠠᠶᠢᠭ᠎ᠠ ᠦᠢᠯᠡ ᠪᠠᠶᠢᠳᠠᠯ ᠨᠢ ᠪᠢᠰᠢᠷᠡᠵᠦ ᠪᠠᠭ᠋ᠠᠷᠬᠠᠬᠤ ᠰᠡᠳᠭᠢᠯᠭᠡ ᠶᠢ ᠦᠪᠡᠷ ᠤᠨ ᠡᠷᠬᠡ ᠦᠭᠡᠢ ᠬᠦᠳᠡᠯᠭᠡᠭᠰᠡᠨ ᠶᠤᠮ᠃    ᠬᠡᠯᠡᠬᠦ ᠠᠴᠠ ᠠᠴᠢᠶ᠎ᠠ ᠲᠡᠭᠡᠭᠡᠪᠦᠷᠢ ᠶᠢᠨ ᠭᠡᠬᠦ ᠤᠷᠲᠤ ᠴᠢᠷᠤᠬᠦᠯ ᠲᠠᠢ ᠲᠤᠮᠤ ᠮᠠᠰᠢᠨ ᠬᠢᠭᠡᠳ ᠤᠨᠤᠭ᠎ᠠ ᠤᠯᠠᠭᠠᠨ ᠤ ᠭᠡᠬᠦ ᠵᠢᠵᠢᠭ ᠮᠠᠰᠢᠨ ᠤ ᠳᠤᠮᠳᠠ ᠪᠠᠨ ᠳᠤᠰᠬᠠᠢ ᠪᠢᠰᠢ ᠡᠭᠡᠯᠵᠢ ᠬᠠᠯᠠᠭᠠᠨ ᠤ ᠭᠡᠬᠦ ᠲᠠᠪᠤ ᠵᠢᠷᠭᠤᠭᠠᠨ ᠵᠢᠯᠤᠭᠤᠴᠢ ᠲᠤᠬᠢᠷᠠᠭᠤᠯᠵᠤ ᠪᠠᠶᠢᠳᠠᠭ ᠨᠢ ︽ᠵᠠᠭᠤᠨ ᠢᠮᠠᠭᠠᠨ ᠳᠤ ᠵᠢᠷᠠᠨ ᠤᠬᠤᠨ᠎ᠠ︾ ᠬᠡᠳᠡᠭ ᠰᠢᠭ ᠢᠨᠢᠶᠡᠳᠦᠮ  ᠲᠠᠢ ᠦᠵᠡᠭᠳᠡᠵᠦ ᠪᠠᠶᠢᠯ᠎ᠠ᠃         ᠬᠤᠶᠠᠷ   ᠨᠢᠭᠡ ᠨᠢᠭᠡ ᠶᠢ ᠪᠠᠨ ︽41︾ ᠭᠡᠵᠤ ᠨᠠᠭᠠᠳᠤᠨ ᠢᠷᠡᠵᠦ ᠨᠡᠷ᠎ᠡ ᠮᠡᠳᠡᠭᠦᠯᠦᠭᠰᠡᠨ ᠠᠴᠠ ᠬᠤᠶᠢᠰᠢ ᠪᠢ ᠰᠠᠨᠠᠭ᠎ᠠ ᠪᠠᠷ ᠢᠶᠠᠨ ᠨᠠᠶᠢᠷᠠᠭᠤᠯᠤᠭᠴᠢ ᠪᠤᠯᠵᠤ᠂ ᠵᠤᠬᠢᠶᠠᠯᠴᠢ ᠴᠢ᠊ · ᠣᠳᠬᠠᠨᠴᠢᠮᠡᠭ ᠪᠠᠭᠰᠢ᠂ ᠵᠤᠬᠢᠶᠠᠯᠴᠢ ᠰᠦᠷᠦᠩᠪᠠᠲᠤ ᠪᠠᠭᠰᠢ᠂ ᠰᠢᠯᠦᠭᠴᠢ ᠴᠠᠭᠠᠨᠪᠠᠷᠰ ᠪᠠᠭᠰᠢ ᠪᠤᠯᠤᠨ ᠰᠢᠭᠦᠮᠵᠢᠯᠡᠭᠴᠢ ᠴᠢ᠊ · ᠡᠩᠬᠡ ᠠᠬ᠎ᠠ ᠲᠠᠢ ᠬᠠᠮᠲᠤ ︽ᠰᠠᠷᠠᠨ᠎ᠠ︾ ᠰᠡᠳᠭᠦᠯ ᠤᠨ ᠨᠠᠶᠢᠷᠠᠭᠤᠯᠵᠤ ᠬᠡᠪᠯᠡᠵᠦ ᠲᠠᠷᠬᠠᠭᠠᠬᠤ ᠠᠵᠢᠯ ᠳᠤ ᠪᠠᠶᠠᠷᠲᠠᠶᠢᠬᠠᠨ ᠤᠷᠤᠯᠴᠠᠵᠠᠢ᠃ ᠢ᠊ · ᠪᠦᠷᠭᠦᠳ ᠰᠢ ᠵᠦᠴᠦᠭᠡ ᠺᠢᠨᠤ᠋ ᠤᠷᠠᠯᠢᠭᠴᠢᠳ ᠤᠨ ᠡᠪᠯᠡᠯ ᠳᠤ ᠳᠣᠰᠬᠠᠢ ᠵᠤᠬᠢᠶᠠᠯᠴᠢ ᠪᠠᠷ ᠠᠵᠢᠯᠯᠠᠵᠤ᠂ ᠬᠤᠶᠢᠳᠤᠨ ᠬᠠᠪᠤᠷ ᠨᠢ ᠪᠡᠭᠡᠵᠢᠩ ᠳᠤ ᠰᠤᠷᠤᠯᠴᠠᠬᠤ ᠪᠠᠷ ᠮᠣᠷᠳᠠᠭᠰᠠᠨ ᠪᠢᠯᠡ᠃    ᠶᠠᠭ ᠦᠨᠡᠨ ᠢ ᠬᠡᠯᠡᠬᠦ ᠳᠤ ︽ᠰᠠᠷᠠᠨ᠎ᠠ︾ ᠭᠡᠳᠡᠭ ᠰᠡᠳᠭᠦᠯ ᠪᠣᠯ 1972 ᠣᠨ ᠳᠤ ᠡᠮᠡᠭᠳᠡᠢ ᠵᠤᠬᠢᠶᠠᠯᠴᠢ ᠴᠢ᠊·ᠣᠳᠬᠠᠨᠴᠢᠮᠡᠭ ᠤᠨ ᠭᠠᠷ ᠲᠡᠭᠡᠷ᠎ᠡ ᠬᠡᠪᠯᠡᠯ ᠡᠬᠢᠯᠡᠵᠦ᠂ 1974 ᠣᠨ ᠳᠤ ᠵᠤᠬᠢᠶᠠᠯᠴᠢ ᠰᠦᠷᠦᠩᠪᠠᠲᠤ ᠶᠢᠨ ᠭᠠᠷ ᠢ ᠳᠠᠮᠵᠢᠭᠰᠠᠨ ︽ᠲᠠᠯ᠎ᠠ ᠨᠤᠲᠤᠭ ᠤᠨ ᠰᠢᠨ᠎ᠡ ᠳᠠᠭᠤᠯᠠᠯ︾ ᠭᠡᠬᠦ 32 ᠵᠢᠰᠦᠮ ᠤᠨ ᠵᠢᠯ ᠤᠨ ᠬᠡᠪᠯᠡᠯ ᠤᠨ ᠰᠠᠭᠤᠷᠢ ᠳᠡᠭᠡᠷ᠎ᠡ 1976 ᠤᠨ ᠳᠤ ᠵᠤᠬᠢᠶᠠᠯᠴᠢ ᠴᠢ᠊ ·ᠣᠳᠬᠠᠨᠴᠢᠮᠡᠭ᠂ ᠰᠦᠷᠦᠩᠪᠠᠲᠤ᠂ ᠵᠢᠷᠠᠨᠳᠠᠢ ︵ᠮᠤᠨᠠᠬᠡᠤᠭᠡᠨ︶ ᠨᠠᠷ ︽ᠪᠠᠶᠠᠨᠨᠠᠭᠤᠷ ᠤᠨ ᠤᠷᠠᠨ ᠵᠤᠬᠢᠶᠠᠯ︾ ᠭᠡᠬᠦ 16 ᠵᠢᠰᠦᠮ ᠤᠨ ᠬᠠᠭᠠᠰ ᠵᠢᠯ ᠤᠨ ᠬᠡᠪᠯᠡᠯ ᠪᠣᠯᠭᠠᠵᠦ᠂ 1978 ᠤᠨ ᠳᠤ ᠵᠤᠬᠢᠶᠠᠯᠴᠢ ᠴᠢ᠊ ·ᠣᠳᠬᠠᠨᠴᠢᠮᠡᠭ ᠨᠠᠷ ᠪᠠᠰᠠ ︽ᠰᠠᠷᠠᠨ᠎ᠠ︾ ᠭᠡᠬᠦ 16 ᠵᠢᠰᠦᠮ ᠤᠨ ᠳᠤᠭᠳᠠᠮᠠᠯ ᠪᠤᠰᠤ ᠪᠤᠶᠤ ᠤᠯᠠᠷᠢᠯ ᠤᠨ ᠬᠡᠪᠯᠡᠯ ᠪᠣᠯᠭᠠᠭᠰᠠᠨ ᠤᠷᠠᠨ ᠵᠤᠬᠢᠶᠠᠯ ᠤᠨ ᠳᠤᠳᠤᠭᠠᠳᠤ ᠳᠤ ᠪᠠᠨ ᠰᠣᠯᠢᠯᠴᠠᠬᠤ ᠮᠠᠲ᠋ᠧᠷᠢᠶᠠᠯ ᠶᠤᠮ᠃     ᠡᠨᠡ ᠬᠦ ᠳᠣᠳᠣᠭᠠᠳᠣ ᠮᠠᠲ᠋ᠧᠷᠢᠶᠠᠯ ᠤᠨ ᠬᠡᠪᠯᠡᠯ ᠡᠬᠢᠯᠡᠭᠰᠡᠨ ᠡᠬᠢᠨ ᠤ 10 ᠵᠢᠯ ᠤᠨ ᠤᠴᠢᠷ ᠢ ᠪᠢ ᠰᠠᠶᠢᠨ ᠮᠡᠳᠡᠬᠦ ᠦᠭᠡᠢ᠃ ᠭᠡᠪᠡᠴᠤ᠂ ᠲᠠᠷᠠᠭᠠᠴᠢ ᠶᠢᠨ 3 ᠵᠢᠯ ᠨᠢ ᠬᠠᠷᠢᠨ ᠲᠣᠳᠣᠭᠠᠳᠤ ᠳᠤ ᠪᠠᠨ ᠰᠣᠯᠢᠯᠴᠠᠳᠠᠭ ᠤᠯᠠᠷᠢᠯ ᠤᠨ ᠬᠡᠪᠯᠡᠯ ᠳᠡᠳᠦᠢ ᠪᠣᠯᠪᠠᠴᠤ ︽ᠭᠤᠷᠪᠠᠨ ᠳᠡᠰ ᠤᠨ ᠬᠢᠨᠠᠯᠲᠠ︾ ᠶᠢ ᠴᠢᠩᠭ᠎ᠠ ᠵᠢᠷᠤᠮᠯᠠᠳᠠᠭ ᠪᠦᠭᠡᠳ ᠦᠪᠦᠷ ᠮᠤᠩᠭᠤᠯ ᠤᠨ ︽1962 — 1980 ᠣᠨ ᠤ ᠱᠠᠩᠨᠠᠯ ︾ ᠳᠤ ︽ᠭᠤᠪᠢ ᠶᠢᠨ ᠮᠦᠩᠬᠡ ᠬᠠᠷᠭᠠᠨ᠎ᠠ︾ ᠭᠡᠬᠦ ᠦᠭᠦᠯᠡᠯᠭᠡ ᠪᠠᠷ ᠢᠶᠠᠨ ᠱᠠᠩᠨᠠᠯ ᠭᠠᠷᠳᠠᠭᠰᠠᠨ ᠣᠷᠤᠨ ᠤ ᠱᠠᠩᠨᠠᠯᠲᠣ ᠵᠤᠬᠢᠶᠠᠯᠴᠢ ᠴᠢ᠊ ·ᠣᠳᠬᠠᠨᠴᠢᠮᠡᠭ ᠪᠠᠭᠰᠢ ᠡᠴᠦᠰ ᠤᠨ ᠬᠢᠨᠠᠯᠲᠠ ᠶᠢ ᠭᠦᠢᠴᠡᠳᠭᠡᠵᠦ᠂ ︽ᠪᠢᠳᠡᠭᠦᠨ ᠤ ᠪᠠᠩᠰᠢ︾ ᠭᠡᠬᠦ ᠦᠭᠦᠯᠡᠯᠭᠡ ᠪᠠᠷ ᠢᠶᠠᠨ ᠱᠠᠩᠨᠠᠯ ᠭᠠᠷᠳᠠᠭᠰᠠᠨ ᠣᠷᠤᠨ ᠤ ᠱᠠᠩᠨᠠᠯᠲᠣ ᠵᠤᠬᠢᠶᠠᠯᠴᠢ ᠰᠦᠷᠦᠩᠪᠠᠲᠤ ᠪᠠᠭᠰᠢ ᠬᠤᠶᠠᠳᠠᠬᠢ ᠬᠢᠨᠠᠯᠲᠠ ᠶᠢ ᠭᠦᠢᠴᠡᠳᠭᠡᠨ᠂ ᠰᠢᠯᠦᠭ ᠤᠨ ᠨᠠᠶᠢᠷᠠᠭᠤᠯᠤᠭᠴᠢ ᠴᠠᠭᠠᠨᠪᠠᠷᠰ ᠪᠠᠭᠰᠢ᠂ ᠰᠢᠭᠦᠮᠵᠢ ᠨᠠᠶᠢᠷᠠᠭᠤᠯᠤᠯ ᠤᠨ ᠨᠠᠶᠢᠷᠠᠭᠤᠯᠤᠭᠴᠢ ᠴᠢ᠊ ·ᠡᠩᠬᠡ ᠠᠬ᠎ᠠ᠂ ᠦᠭᠦᠯᠡᠯᠭᠡ ᠲᠤᠭᠤᠵᠢ ᠶᠢᠨ ᠨᠠᠶᠢᠷᠠᠭᠤᠯᠤᠭᠴᠢ ᠪᠠ᠊ · ᠪᠦᠷᠢᠨᠵᠢᠷᠭᠠᠯ ᠪᠢ ᠪᠠᠷ ᠲᠣᠰ ᠲᠣᠰ ᠤᠨ ᠠᠵᠢᠯ ᠤᠨ ᠬᠤᠪᠢᠶᠠᠷᠢᠯᠠᠯ ᠢᠶᠠᠷ ᠢᠶᠠᠨ ᠠᠩᠬᠠᠨ ᠤ ᠬᠢᠨᠠᠯᠲᠠ ᠶᠢ ᠬᠦᠢᠴᠡᠳᠭᠡᠭᠰᠡᠨ ᠭᠡᠳᠡᠭ ᠢᠶᠠᠨ ᠲᠣᠪ ᠲᠣᠳᠣᠷᠬᠠᠢ ᠴᠡᠭᠡᠵᠢᠯᠡᠵᠦ ᠪᠠᠶᠢᠨ᠎ᠠ᠃    ᠲᠡᠷᠡ ᠦᠶ᠎ᠡ ᠳᠤ ᠤᠷᠤᠨ ᠤ ︽1962 — 1980 ᠣᠨ ᠤ ᠱᠠᠩᠨᠠᠯ︾ ᠳᠤ ︽ᠭᠠᠩᠭᠠᠩ ᠤᠯᠠᠭᠠᠨ ᠲᠡᠮᠡᠭᠡ︾ ᠭᠡᠬᠦ ᠦᠭᠦᠯᠡᠯᠭᠡ ᠪᠠᠷ ᠢᠶᠠᠨ ᠱᠠᠩᠨᠠᠯ ᠭᠠᠷᠳᠠᠭᠰᠠᠨ ᠣᠷᠤᠨ ᠤ ᠱᠠᠩᠨᠠᠯᠲᠣ ᠵᠤᠬᠢᠶᠠᠯᠴᠢ ᠮᠠᠭᠰᠠᠷᠵᠠᠪ ᠪᠠᠭᠰᠢ᠂ ︽ᠬᠦᠯᠦᠨ ᠤ ᠬᠦᠪᠡᠭᠡᠨ ᠳᠤ︾ ᠭᠡᠬᠦ ᠷᠤᠮᠠᠨ ᠢᠶᠠᠷ ᠢᠶᠠᠨ ᠱᠠᠩᠨᠠᠯ ᠭᠠᠷᠳᠠᠭᠰᠠᠨ ᠣᠷᠤᠨ ᠤ ᠱᠠᠩᠨᠠᠯᠲᠣ ᠵᠤᠬᠢᠶᠠᠯᠴᠢ ᠪᠠ᠊ · ᠮᠠᠨᠳᠤᠬᠤ ᠪᠠᠭᠰᠢ᠂ ᠨᠠᠷᠠᠨ ᠲᠠᠯ᠎ᠠ ᠶᠢᠨ ᠨᠢᠭᠤᠷᠯᠠᠭᠰᠠᠨ ᠠᠯᠪᠠᠨ ᠭᠡᠷ ᠲᠤ ᠵᠤᠬᠢᠶᠠᠯᠴᠢᠳ ᠤᠨ ᠡᠪᠯᠡᠯ ᠤᠨ ᠲᠡᠷᠢᠭᠦᠯᠡᠭᠴᠢ᠂ ᠳᠡᠳ᠋ ᠲᠡᠷᠢᠭᠦᠯᠡᠭᠴᠢ ᠪᠠᠷ ᠠᠵᠢᠯᠯᠠᠳᠠᠭ ᠪᠦᠭᠡᠳ ︽ᠴᠠᠭᠠᠨ ᠡᠭᠦᠯᠡᠨ ᠤ ᠨᠤᠲᠤᠭ︾ ᠭᠡᠬᠦ ᠰᠢᠯᠦᠭ ᠢᠶᠠᠷ ᠢᠶᠠᠨ ᠱᠠᠩᠨᠠᠯ ᠠᠪᠤᠭᠰᠠᠨ ᠣᠷᠤᠨ ᠤ ᠱᠠᠩᠨᠠᠯᠲᠣ ᠰᠢᠯᠦᠭᠴᠢ ᠶᠠᠩ ᠷᠥᠸᠧ ᠹᠸᠢ ᠪᠠᠭᠰᠢ᠂ ︽ᠲᠠᠯ᠎ᠠ ᠨᠤᠲᠤᠭ ᠤᠨ ᠠᠶᠠᠯᠠᠯ︾ ᠭᠡᠬᠦ ᠰᠢᠯᠦᠭ ᠢᠶᠠᠷ ᠢᠶᠠᠨ ᠱᠠᠩᠨᠠᠯ ᠠᠪᠤᠭᠰᠠᠨ ᠣᠷᠤᠨ ᠤ ᠱᠠᠩᠨᠠᠯᠲᠣ ᠰᠢᠯᠦᠭᠴᠢ ᠯᠢ ᠽᠢ ᠡᠸ᠋ᠨ ᠪᠠᠭᠰᠢ᠂ ︽ᠭᠠᠶᠢᠬᠠᠮᠰᠢᠭᠲᠤ ᠠᠶᠠᠨ︾ ᠭᠡᠬᠦ ᠲᠤᠭᠤᠵᠢ ᠪᠠᠷ ᠢᠶᠠᠨ ᠱᠠᠩᠨᠠᠯ ᠠᠪᠤᠭᠰᠠᠨ ᠣᠷᠤᠨ ᠤ ᠱᠠᠩᠨᠠᠯᠲᠣ ᠵᠤᠬᠢᠶᠠᠯᠴᠢ ᠯᠢ ᠲᠢᠩ ᠹᠠᠩ ᠪᠠᠭᠰᠢ ᠨᠠᠷ ᠵᠡᠭᠦᠨ ᠪᠡᠶ᠎ᠡ ᠶᠢᠨ ᠠᠯᠪᠠᠨ ᠭᠡᠷ ᠲᠤ ︽ᠴᠡᠴᠡᠭ ᠤᠨ ᠪᠣᠷᠤᠭ᠎ᠠ︾ ᠭᠡᠬᠦ ᠬᠢᠲᠠᠳ ᠰᠡᠳᠭᠦᠯ ᠢ ᠨᠠᠶᠢᠷᠠᠭᠤᠯᠵᠦ ᠪᠠᠶᠢᠭᠰᠠᠨ ᠨᠢ ᠰᠠᠨᠠᠭᠠᠨ ᠳᠤ ᠦᠢᠷᠠᠬᠠᠨ ᠬᠠᠷᠠᠭᠳᠠᠵᠤ ᠪᠠᠶᠢᠨ᠎ᠠ᠃    ᠬᠠᠷᠢᠨ ︽ᠨᠣᠳᠤᠭ ᠤᠨ ᠮᠢᠨᠢ ᠨᠠᠷᠢᠨ ᠭᠤᠣᠯ︾ ︵ᠢ᠊᠂ ᠪᠠᠳᠠᠷᠠᠩᠭᠤᠢ ᠲᠠᠢ ᠬᠠᠮᠲᠤ︶ ᠭᠡᠬᠦ ᠳᠠᠭᠤᠤ ᠪᠠᠷ ᠢᠶᠠᠨ ᠤᠯᠤᠰ ᠤᠨ ᠱᠠᠲᠤᠨ ᠤ ᠱᠠᠩᠨᠠᠯ ᠠᠪᠣᠭᠰᠠᠨ ᠠᠶᠠᠯᠭᠤ ᠶᠢᠨ ᠵᠤᠬᠢᠶᠠᠯᠴᠢ ᠷᠧᠨ ᠢ ᠭᠤᠸᠠᠩ ᠪᠠᠭᠰᠢ᠂ ︽ᠰᠢᠨ᠎ᠡ ᠬᠥᠮᠥᠨ ᠢ ᠰᠠᠷᠨ ᠭᠡᠶᠢᠭᠦᠯᠦᠨᠡᠮ︾ ᠭᠡᠬᠦ ᠣᠬᠤᠷ ᠵᠦᠴᠦᠭᠡ ᠪᠠᠷ ᠢᠶᠠᠨ ᠤᠯᠤᠰ ᠤᠨ ᠱᠠᠲᠤᠨ ᠤ ᠱᠠᠩᠨᠠᠯ ᠠᠪᠤᠭᠰᠠᠨ ᠵᠦᠴᠦᠭᠡ ᠶᠢᠨ ᠵᠤᠬᠢᠶᠠᠯᠴᠢ ᠯᠦ ᠽᠢ ᠷᠤᠩ ᠪᠠᠭᠰᠢ ᠪᠤᠯᠤᠨ ᠤᠷᠤᠨ ᠤ ᠱᠠᠩᠨᠠᠯᠳᠤ ᠵᠦᠴᠦᠭᠡ ᠶᠢᠨ ᠵᠤᠬᠢᠶᠠᠯᠴᠢ᠂ ᠵᠢᠶᠠ ᠴᠧᠨ ᠶᠢᠩ᠂ ᠵᠣᠣ ᠵᠢᠦ ᠴᠢᠨ᠂ ᠢᠤᠢ ᡁᠢ ᠰᠢᠶᠠᠩ᠂ ᠶᠧ ᠽᠦ ᠰᠢᠶᠦ᠋ᠨ᠂ ᠤᠷᠤᠨ ᠤ ᠱᠠᠩᠨᠠᠯᠳᠤ ᠪᠦᠵᠢᠭᠴᠢᠨ ᠵᠸᠤ ᠮᠢᠩ ᠭᠤᠸᠠᠩ᠂ ᠣᠷᠣᠨ ᠤ ᠱᠠᠩᠨᠠᠯᠲᠤ ᠵᠤᠬᠢᠶᠠᠯᠴᠢ ᠶᠡᠨ ᠵᠢᠢ ᠸᠧᠨ᠂ ᠯᠢᠤ ᠵᠸᠡᠩ ᠬᠤᠸᠠ᠂ ᠤᠷᠤᠨ ᠤ ᠱᠠᠩᠨᠠᠯᠳᠤ ᠭᠡᠷᠡᠯ ᠵᠢᠷᠤᠭᠴᠢᠨ ᠯᠢᠤ ᠭᠤᠣ ᠹᠧᠩ ᠵᠡᠷᠭᠡ ᠶᠢᠨ ᠨᠡᠷᠡᠳᠤ ᠬᠦᠮᠦᠰ ᠠᠯᠢ ᠠᠯᠢ ᠠᠯᠪᠠᠨ ᠭᠡᠷ ᠲᠤ ᠠᠵᠢᠯᠯᠠᠵᠤ ᠪᠠᠶᠢᠭᠰᠠᠨ ᠨᠢ ᠪᠠᠯᠠᠷᠬᠠᠢ ᠪᠤᠯᠤᠭᠰᠠᠨ ᠴᠤ ᠲᠡᠳᠡ ᠨᠠᠷ ᠤᠨ ᠵᠢᠰᠦ ᠳᠥᠷᠬᠦ ᠨᠢ ᠵᠤᠬᠢᠶᠠᠯ ᠪᠦᠳᠦᠭᠡᠯ ᠲᠠᠢ ᠪᠠᠨ ᠴᠤᠭ ᠵᠢᠷᠦᠬᠡᠨ ᠳᠤ ᠮᠢᠨᠢ ᠰᠦᠮᠪᠤᠷᠯᠡᠭᠰᠡᠬᠡᠷ᠃    ᠤᠳᠬ᠎ᠠ ᠤᠷᠠᠯᠢᠭ ᠤᠨ ᠬᠢᠨ ᠤ ᠬᠤᠯᠪᠤᠭ᠎ᠠ ᠭᠡᠵᠦ ᠮᠢᠨᠤ ᠭᠠᠯ ᠵᠠᠯᠠᠭᠤ ᠨᠠᠰᠤᠨ ᠤ ᠣᠮᠤᠭᠰᠢᠯ ᠪᠤᠶᠤ᠃ ᠥᠭᠡᠷ᠎ᠡ ᠶᠢ ᠪᠠᠶᠢᠴᠢᠬ᠎ᠠ᠂ ᠳᠣᠬᠠᠢ ᠶᠢᠨ ᠦᠶ᠎ᠡ ᠳᠤ ᠲᠤᠰ ᠪᠠᠶᠢᠭᠤᠯᠭ᠎ᠠ ᠨᠢ ᠠᠯᠪᠠᠨ ᠤ ᠵᠠᠷᠤᠳᠠᠯ ᠤᠨ ᠬᠦᠴᠢᠷᠳᠡᠯ ᠡᠨᠡ ᠲᠡᠷᠡ ᠭᠡᠬᠦ ᠶᠠᠷᠰᠢᠭ ᠤᠭᠳᠤ ᠭᠠᠷᠴᠤ ᠦᠩᠭᠡᠷᠡᠭᠡ ᠦᠭᠡᠢ ᠮᠦᠷᠲᠡᠭᠡᠨ ᠵᠠᠷᠤᠵᠤ ᠪᠠᠷᠠᠬᠤ ᠦᠭᠡᠢ ᠠᠯᠪᠠᠨ ᠵᠠᠷᠤᠳᠠᠯ ᠢᠶᠠᠨ ᠵᠢᠯ ᠤᠨ ᠡᠴᠦᠰ ᠲᠤ ᠠᠷᠪᠠ ᠲᠠᠪᠤᠨ ᠲᠦᠮᠡ ᠪᠠᠷ ᠨᠢ ᠡᠳ᠋ ᠤᠨ ᠵᠠᠰᠠᠭ ᠲᠤ ᠪᠤᠴᠠᠭᠠᠳᠠᠭ ᠰᠠᠶᠢᠬᠠᠨ ᠳᠠᠳᠬᠠᠯ ᠲᠠᠢ ᠪᠣᠯᠬᠤᠷ ᠮᠤᠩᠭᠤᠯ ᠰᠡᠳᠭᠦᠯ ᠪᠠᠶᠢᠲᠣᠭᠠᠢ ᠬᠢᠲᠠᠳ ᠰᠡᠳᠭᠦᠯ᠂ ᠳᠡᠭᠦᠨᠴᠢᠯᠡᠨ ᠵᠤᠬᠢᠶᠠᠯᠴᠢᠳ ᠤᠨ ᠡᠪᠯᠡᠯ᠂ ᠰᠢ ᠵᠦᠴᠦᠭᠡᠴᠢᠳ ᠤᠨ ᠡᠪᠯᠡᠯ᠂ ᠳᠠᠭᠤᠤ ᠪᠦᠵᠢᠭᠴᠢᠳ ᠤᠨ ᠡᠪᠯᠡᠯ ᠤᠨ ᠨᠠᠶᠢᠷᠠᠭᠤᠯᠤᠨ ᠬᠡᠪᠯᠡᠳᠡᠭ ︽ᠪᠠᠶᠠᠨᠨᠠᠭᠤᠷ ᠤᠨ ᠵᠦᠴᠦᠭᠡ ᠶᠢᠨ ᠴᠤᠪᠤᠷᠠᠯ︾ ︽ᠪᠠᠶᠠᠨᠨᠠᠭᠤᠷ ᠤᠨ ᠠᠷᠠᠳ ᠤᠨ ᠲᠠᠭᠤᠤ︾ ︽ᠪᠠᠶᠠᠨᠨᠠᠭᠤᠷ ᠤᠨ ᠱᠠᠩᠨᠠᠯ ᠠᠪᠤᠭᠰᠠᠨ ᠵᠤᠬᠢᠶᠠᠯ︾ ︽ᠪᠠᠶᠠᠨᠨᠠᠭᠤᠷ ᠤᠨ ᠪᠦᠵᠢᠭ ᠤᠨ ᠪᠦᠲᠦᠭᠡᠯ︾ ᠭᠡᠬᠦ ᠮᠡᠲᠤ ᠶᠢᠨ ᠳᠤᠳᠤᠭᠠᠳᠤ ᠮᠠᠲ᠋ᠧᠷᠢᠶᠠᠯ ᠨᠢ ᠬᠦᠷᠲᠡᠯ᠎ᠡ ᠠᠳᠠᠭ ᠪᠠᠭ᠎ᠠ ᠳᠤ ᠪᠠᠨ ᠲᠠᠪᠤᠨ ᠮᠢᠩᠭ᠎ᠠ ᠪᠠᠷ ᠬᠡᠪᠯᠡᠭᠳᠡᠵᠦ ᠪᠠᠶᠢᠵᠠᠢ᠃ ᠲᠡᠭᠡᠬᠦᠯᠡᠷ ᠬᠤᠭᠤᠴᠠᠭ᠎ᠠ ᠪᠣᠯᠭᠠᠨ ᠤ ᠬᠡᠪᠯᠡᠵᠦ ᠭᠠᠷᠭᠠᠭᠰᠠᠨ ︽5000︾ ᠲᠡᠪᠲᠡᠷ ᠢ ᠨᠢᠭᠡ ᠨᠢᠭᠡ ᠪᠠᠷ ᠨᠢ ᠵᠠᠬᠢᠲᠠᠯ ᠤᠨ ᠲᠣᠮᠣ ᠳᠤᠭᠳᠤᠢ ᠳᠤ ᠰᠠᠪᠠᠯᠠᠵᠤ ᠠᠮᠠ ᠶᠢ ᠨᠢ ᠬᠠᠳᠠᠭᠠᠳ᠂ ᠨᠡᠷ᠎ᠡ ᠬᠠᠶ᠋ᠢᠭ ᠢ ᠨᠢ ᠪᠢᠴᠢᠭᠡᠳ᠂ ᠡᠰᠡᠬᠦᠯ᠎ᠡ ᠳᠤᠭᠲᠠᠮᠠᠯ ᠳᠤᠰᠤᠨ ᠪᠠᠷ ᠤᠨ ᠨᠡᠷ᠎ᠡ ᠬᠠᠶ᠋ᠢᠭ ᠢ ᠨᠢ ᠡᠰᠭᠡᠵᠦ ᠨᠠᠭᠠᠭᠠᠳ᠂ ᠳᠤᠭᠳᠤᠢ ᠶᠢᠨ ᠲᠡᠭᠡᠷ᠎ᠡ ᠦᠨᠴᠦᠭ ᠢ ᠨᠢ ᠬᠠᠶᠢᠴᠢᠯᠠᠨ᠂ ᠪᠠᠶᠢᠭᠤᠯᠭ᠎ᠠ ᠶᠢᠨ ᠠᠴᠢᠶᠠᠨ ᠤ ᠲᠣᠮᠣ ᠮᠠᠰᠢᠨ ᠪᠤᠶᠤ ᠤᠨᠤᠭᠠᠨ ᠤ ᠪᠠᠭ᠎ᠠ ᠮᠠᠰᠢᠨ ᠢᠶᠠᠷ ᠰᠢᠤᠳᠡᠨ ᠳᠤ ᠬᠦᠷᠭᠡᠬᠦ ᠮᠡᠲᠤ ᠶᠢᠨ ᠨᠡᠶᠢᠲᠡ ᠶᠢᠨ ᠠᠮᠢᠳᠤᠷᠠᠯ ᠤᠨ ᠵᠢᠷᠤᠭ ᠦᠷᠬᠦᠯᠵᠢ ᠬᠠᠷᠠᠭᠳᠠᠵᠤ ᠪᠠᠶᠢᠳᠠᠭ ᠰᠠᠨ᠃ ᠣᠨᠴᠠᠭᠠᠶᠢᠯᠠᠨ᠂ ᠨᠠᠰᠤ ᠪᠠᠷ ᠬᠤᠯᠠ ᠳᠡᠭᠦᠦ ᠬᠠᠢ ᠬᠤᠸᠠ᠂ ᠬᠠᠨ ᠾᠧ ᠹᠧᠩ᠂ ᠼᠣᠣ ᠹᠠᠩ ᠮᠡᠲᠤ ᠶᠢᠨ ᠮᠤᠩᠭᠤᠯ ᠬᠢᠳᠡᠳ ᠬᠡᠤᠬᠡᠨᠴᠤᠤᠯ᠂ ᠰᠢᠤᠳᠡᠨ ᠳᠤᠪᠴᠢᠶᠠᠨ ᠤ ᠬᠠᠲᠠᠭᠤ ᠪᠣᠷᠣ ᠱᠠᠯᠠ ᠲᠡᠭᠡᠷ᠎ᠡ ᠡᠪᠦᠳᠦᠭᠯᠡᠨ ᠰᠠᠭᠤᠭᠠᠳ᠂ ᠰᠡᠳᠭᠦᠯ ᠤᠨ ᠳᠤᠭᠳᠤᠢ ᠳᠡᠭᠡᠷ᠎ᠡ ᠰᠢᠤᠳᠡᠨ ᠤ ᠴᠠᠩᠭᠡᠷ ᠲᠠᠮᠠᠭ᠎ᠠ ᠶᠢ ᠰᠠᠯᠬᠢ ᠲᠠᠲᠠᠲᠠᠯ᠎ᠠ ᠲᠠᠷᠣᠵᠣ ᠪᠠᠶᠢᠭ᠎ᠠ ᠬᠠᠮᠢᠭ᠎ᠠ ᠬᠤᠯᠠ ᠶᠢᠨ ᠵᠢᠷᠤᠭ ᠣᠳᠣ ᠴᠤ ᠭᠡᠰᠡᠨ ᠨᠢᠳᠤᠨ ᠳᠤ ᠢᠯᠡᠬᠡᠨ᠃     1985 ᠣᠨ ᠳᠤ ᠮᠠᠨ ᠤ ᠰᠡᠳᠭᠦᠯ ︽ᠵᠠᠯᠠᠭᠤ ᠵᠤᠬᠢᠶᠠᠯᠴᠢ︾ ᠭᠡᠬᠦ ᠨᠡᠷ᠎ᠡ ᠪᠠᠷ ᠤᠯᠤᠰ ᠤᠨ ᠬᠡᠪᠴᠢᠶᠡᠨ ᠳᠤ ᠢᠯᠡ ᠪᠠᠷ ᠳᠠᠷᠬᠠᠭᠠᠬᠤ ᠪᠣᠯᠣᠭᠰᠠᠨ ᠠᠴᠠ ᠬᠤᠶᠢᠰᠢ ᠡᠳᠡᠭᠡᠷ ᠵᠢᠷᠤᠭ ᠨᠢ ᠥᠭᠡᠷ᠎ᠡ ᠦᠵᠡᠭᠳᠡᠯ ᠢᠶᠠᠷ ᠰᠤᠯᠢᠭᠳᠠᠵᠠᠢ᠃ ᠤᠴᠢᠷ ᠨᠢ ︽ᠵᠠᠯᠠᠭᠤ ᠵᠤᠬᠢᠶᠠᠯᠴᠢ︾ ᠶᠢᠨ ᠡᠬᠢᠨ ᠤ ᠵᠢᠯ ᠤᠨ ᠰᠢᠤᠳᠡᠨ ᠵᠠᠬᠢᠶᠠᠯᠠᠭ᠎ᠠ ᠨᠢ ᠭᠤᠷᠪᠠᠨ ᠮᠢᠩᠭ᠎ᠠ ᠶᠢ ᠳᠠᠪᠠᠵᠤ᠂ ᠬᠤᠶᠢᠳᠤᠨ ᠵᠢᠯ ᠨᠢ ᠲᠠᠪᠤᠨ ᠮᠢᠩᠭ᠎ᠠ  ᠣᠶᠢᠷᠠᠲᠤᠨ᠂ ᠬᠠᠮᠤᠭ ᠤᠷᠬᠢᠯ ᠳᠤ ᠪᠠᠨ ᠲᠤᠯᠤᠭᠠᠨ ᠮᠢᠩᠭ᠎ᠠ ᠲᠤᠯᠬᠤ ᠰᠢᠬᠠᠭᠰᠠᠨ ᠪᠦᠭᠡᠳ 1994 ᠣᠨ ᠳᠤ ︽ᠲᠤᠷᠤᠭ ᠰᠠᠷᠠᠨ᠎ᠠ︾ ᠭᠡᠮᠡᠨ ᠦᠭᠡᠷᠡᠴᠢᠯᠡᠭᠰᠡᠨ ᠠᠴᠠ ᠬᠤᠶᠢᠰᠢ ᠴᠤ ᠭᠤᠷᠪᠠᠨ ᠮᠢᠩᠭ᠎ᠠ ᠶᠢᠨ ᠨᠠᠭᠠᠭᠤᠷ ᠴᠠᠭᠠᠭᠤᠷ ᠲᠤᠭᠲᠠᠪᠦᠷᠢᠵᠢᠭ᠌ᠰᠠᠨ ᠪᠤᠯᠬᠤᠷ ᠵᠦᠪᠬᠡᠨ ᠬᠤᠶᠠᠷ ᠰᠠᠷ᠎ᠠ ᠳᠤ ᠨᠢᠭᠡ ᠤᠳᠠᠭ᠎ᠠ ᠰᠢᠤᠳᠡᠨ ᠳᠤᠪᠴᠢᠶᠠᠨ ᠳᠤ ᠪᠦᠭᠡᠮ ᠢᠶᠠᠷ ᠬᠦᠷᠭᠡᠬᠦ ᠬᠡᠳᠦᠬᠡᠨ ᠬᠦᠮᠦᠨ ᠤ ᠵᠢᠷᠤᠭ ᠦᠵᠡᠭᠳᠡᠯ ᠬᠠᠷᠠᠭᠳᠠᠬᠤ ᠪᠣᠯᠵᠠᠢ᠃ ᠭᠡᠬᠦ ᠳᠤ ᠪᠠᠨ 1986 ᠣᠨ ᠳᠤ ᠡᠷᠳᠡᠨᠢᠴᠤᠭᠲᠤ ᠭᠡᠬᠦ᠂1987 ᠣᠨ ᠳᠤ ᠠᠨ ᠭᠥᠢ ᠯᠢᠶᠡᠨ ︵ᠨᠠᠮᠢᠰ ︶᠂ ᠪᠠᠭᠠᠳᠤᠷ ᠭᠡᠬᠦ᠂ ᠴᠢ᠊· ᠡᠩᠬᠡ ᠪᠢᠳᠡ ᠬᠤᠶᠠᠭᠤᠯᠠ ᠠᠴᠠ ᠨᠠᠢᠮᠠ ᠶᠢᠰᠦ ᠳᠡᠭᠦᠦ ᠤᠶᠤᠲᠠᠨ ᠵᠠᠯᠠᠭᠤᠰ ᠨᠠᠶᠢᠷᠠᠭᠤᠯᠤᠭᠴᠢ ᠪᠠᠷ ᠢᠷᠡᠭᠰᠡᠨ ᠪᠤᠯᠬᠤᠷ ᠰᠡᠳᠬᠦᠯ ᠬᠤᠭᠤᠷᠣᠨᠳᠤ ᠪᠠᠨ ᠰᠤᠯᠢᠯᠴᠠᠬᠤ᠂ ᠨᠡᠷᠡᠲᠤ ᠵᠤᠬᠢᠶᠠᠯᠴᠢᠳ ᠲᠤ ᠪᠡᠯᠡᠭᠯᠡᠬᠦ ᠪᠤᠶᠤ ᠨᠡᠶᠢᠳᠡᠯᠡᠭᠰᠡᠨ ᠵᠤᠬᠢᠶᠠᠯ ᠤᠨ ᠶᠠᠩᠵᠦ ᠭᠡᠬᠦ ᠨᠡᠷ᠎ᠡ ᠪᠠᠷ ᠢᠯᠡᠭᠦᠦ ᠬᠡᠪᠯᠡᠭᠰᠡᠨ ︽200 — 300︾ ᠳᠡᠪᠲᠡᠷ ᠢᠶᠠᠨ ᠵᠠᠬᠢᠲᠠᠯ ᠤᠨ ᠳᠤᠭᠳᠤᠢ ᠳᠤ ᠰᠠᠪᠠᠯᠠᠵᠤ ᠠᠮᠠ ᠶᠢ ᠨᠢ ᠬᠠᠳᠠᠭᠠᠳ᠂ ᠨᠡᠷ᠎ᠡ ᠬᠠᠶ᠋ᠢᠭ ᠢ ᠨᠢ ᠪᠢᠴᠢᠭᠡᠳ ᠪᠤᠶᠤ ᠨᠠᠭᠠᠭᠠᠳ᠂ ᠰᠢᠤᠳᠡᠨ ᠳᠤ ᠬᠦᠷᠭᠡᠬᠦ ᠠᠵᠢᠯ ᠨᠢ ᠨᠠᠳᠠ ᠠᠴᠠ ᠠᠷᠪᠠ ᠢᠯᠡᠬᠦᠦ ᠠᠬ᠎ᠠ ᠪᠠᠭᠰᠢ ᠨᠠᠷ ᠪᠠᠶᠢᠲᠤᠭᠠᠢ᠂ ᠴᠢ᠊ ·ᠡᠩᠬᠡ ᠪᠢᠳᠡ ᠬᠤᠶᠠᠷ ᠲᠤ ᠴᠤ ᠬᠥᠷᠲᠡᠬᠦ ᠪᠠᠨ ᠪᠤᠯᠢᠬᠰᠠᠨ ᠶᠤᠮ᠃     ᠭᠠᠯ ᠵᠠᠯᠠᠭᠤ ᠨᠠᠰᠤ ᠭᠡᠵᠦ ᠬᠡᠳᠦᠢ ᠴᠤ ᠰᠠᠶᠢᠬᠠᠨ ᠪᠠᠶᠢᠯ᠎ᠠ ᠳ᠋ᠠ᠃      ᠴᠢ᠊ ·ᠡᠩᠬᠡ ᠪᠢᠳᠡ ᠬᠤᠶᠠᠭᠤᠯᠠ ᠶᠢᠨ ᠨᠠᠰᠤ ᠰᠠᠨᠠᠭ᠎ᠠ ᠲᠠᠭᠠᠷᠠᠵᠤ ᠪᠠᠶᠢᠭᠤᠯᠭ᠎ᠠ ᠶᠢᠨ ᠲᠣᠬᠠᠢ᠂ ᠰᠡᠳᠭᠦᠯ ᠤᠨ ᠲᠣᠬᠠᠢ᠂ ᠪᠠᠰᠠ ᠳᠠᠬᠢᠭᠠᠳ ᠬᠤᠵᠢᠮ ᠬᠤᠶᠢᠰᠢ ᠶᠢᠨ ᠲᠣᠬᠠᠢ ᠤᠩᠰᠢᠯᠭ᠎ᠠ ᠪᠣᠯᠣᠭᠰᠠᠭᠠᠷ ᠪᠠᠶᠢᠳᠠᠭ ᠬᠤᠯᠠ ᠶᠢᠨ ᠰᠠᠶᠢᠬᠠᠨ ᠵᠤᠭᠤᠭ᠂ ᠡᠷᠳᠡᠨᠢᠴᠤᠭᠲᠤ ᠪᠢᠳᠠ ᠭᠤᠷᠪᠠ ᠶᠢᠨ ᠨᠠᠶᠢᠷ ᠲᠠᠢ ᠡᠬᠢᠯᠡᠵᠦ ᠳᠠᠭᠤᠤ ᠲᠠᠢ ᠵᠠᠯᠭᠠᠨ ᠬᠠᠷᠢᠶᠠᠯ  ᠲᠠᠢ ᠵᠠᠪᠰᠠᠷᠯᠠᠵᠦ ᠢᠷᠦᠭᠡᠯ ᠲᠠᠢ ᠳᠡᠭᠦᠰᠳᠡᠭ ᠠᠯᠢ ᠣᠯᠠᠨ ᠨᠠᠩᠵᠢᠳ ᠤᠨ ᠰᠢᠷᠡᠭᠡ᠂ ᠨᠠᠮᠢᠰ᠂ ᠪᠠᠭᠠᠲᠤᠷ ᠪᠢᠳᠡ ᠳᠠᠪᠤᠭᠤᠯᠡ ᠶᠢᠨ ᠲᠠᠭᠤᠤ ᠰᠢᠯᠦᠭ ᠪᠢᠴᠢᠯᠭᠡ ᠵᠢᠷᠤᠭ ᠤᠩᠰᠢᠯᠭ᠎ᠠ ᠶᠢᠨ ᠠᠯᠢ ᠨᠢᠭᠡᠨ ᠪᠤᠶᠤ ᠬᠡᠳᠦᠨ ᠲᠠᠯ᠎ᠠ ᠶᠢᠨ ᠣᠨᠴᠠᠯᠢᠭ ᠢᠶᠠᠷ ᠢᠶᠠᠨ ᠪᠠᠶᠢᠭᠤᠯᠭ᠎ᠠ ᠶᠢᠨ ᠪᠠᠶᠢᠲᠤᠭᠠᠢ ᠨᠡᠶᠢᠭᠡᠮ ᠤᠨ ᠣᠯᠠᠨ ᠵᠠᠯᠠᠭᠤᠰ ᠢ ᠬᠦᠷᠲᠡᠯ᠎ᠡ ᠪᠢᠰᠢᠷᠡᠭᠦᠯᠵᠦ ᠭᠠᠶᠢᠬᠠᠭᠤᠯᠵᠤ ᠪᠠᠶᠢᠭᠰᠠᠨ ᠰᠠᠶᠢᠬᠠᠨ ᠬᠠᠷᠠᠴᠠ ᠪᠠ ᠰᠠᠨᠠᠭ᠎ᠠ ᠠᠯᠳᠠᠯᠲᠠ ᠁ ᠲᠡᠭᠦᠨᠴᠢᠯᠡᠨ ᠴᠢ᠊ ·ᠣᠳᠬᠠᠨᠴᠢᠮᠡᠭ᠂ ᠮᠠᠭᠰᠠᠷᠵᠠᠪ᠂ ᠰᠦᠷᠦᠩᠪᠠᠲᠤ ᠵᠡᠷᠭᠡ ᠪᠠᠭᠰᠢ ᠪᠠᠨ ᠳᠠᠭᠠᠵᠤ᠂ ᠠᠯᠢ ᠣᠯᠠᠨ ᠬᠤᠷᠠᠯ ᠰᠤᠷᠤᠯᠭ᠎ᠠ ᠪᠤᠶᠤ ᠤᠳᠬ᠎ᠠ ᠤᠷᠠᠯᠢᠭ ᠤᠨ ᠬᠦᠳᠡᠯᠭᠡᠭᠡᠨ ᠳᠤ ᠣᠷᠣᠯᠴᠠᠵᠦ ᠪᠠᠶᠢᠭᠰᠠᠨ ᠮᠠᠷᠲᠠᠬᠤ ᠶᠢᠨ ᠠᠷᠭ᠎ᠠ ᠦᠭᠡᠢ ᠰᠠᠶᠢᠬᠠᠨ ᠲᠣᠷᠠᠳᠬᠠᠯ  ᠤᠳ ᠁ ᠮᠠᠨᠢ ᠴᠤ ᠬᠤᠪᠢᠷᠠᠯᠲᠠ ᠦᠭᠡᠢ ᠶᠠᠩᠵᠤ ᠪᠠᠷ ᠢᠶᠠᠨ ᠯᠡ ᠬᠠᠷᠠᠭᠳᠠᠵᠤ ᠪᠠᠶᠢᠨᠠᠮ︕   ᠬᠡᠯᠡᠬᠦ ᠠᠴᠠ ᠡᠳᠡᠭᠡᠷ ᠵᠢᠯ ᠤᠨ ᠬᠤᠭᠤᠷᠤᠨᠳᠤ ᠨᠠᠶᠢᠷᠠᠭᠤᠯᠬᠤ ᠬᠡᠯᠲᠡᠰ ᠲᠤ ᠭᠠᠷᠤᠭᠰᠠᠨ ᠬᠤᠪᠢᠷᠠᠯᠲᠠ ᠭᠡᠪᠡᠯ᠄ 1985 ᠣᠨ ᠳᠤ ᠠᠶᠢᠮᠠᠭ ᠤᠨ ᠤᠳᠬ᠎ᠠ ᠣᠷᠠᠯᠢᠭ ᠤᠨ ᠬᠢᠨ ᠤ ᠬᠤᠯᠪᠤᠭ᠎ᠠ ᠶᠢᠨ ᠳᠡᠳ᠋ ᠳᠡᠷᠢᠭᠦᠯᠡᠭᠴᠢ ᠴᠢ᠊᠂ ᠤᠳᠬᠠᠨᠴᠢᠮᠡᠭ ︽ᠵᠠᠯᠠᠭᠤ ᠵᠤᠬᠢᠶᠠᠯᠴᠢ︾ ᠰᠡᠳᠭᠦᠯ ᠤᠨ ᠶᠡᠷᠦᠩᠬᠡᠢ ᠨᠠᠶᠢᠷᠠᠭᠤᠯᠤᠭᠴᠢ ᠪᠠᠷ᠂ ᠰᠦᠷᠦᠩᠪᠠᠲᠤ ᠳᠡᠳ᠋ ᠶᠡᠷᠦᠩᠬᠡᠢ ᠨᠠᠶᠢᠷᠠᠭᠤᠯᠤᠭᠴᠢ ᠪᠠᠷ ᠲᠤᠮᠢᠯᠠᠭᠳᠠᠪᠠ᠃ ᠴᠢ᠊᠂ ᠡᠩᠬᠡ ᠵᠤᠬᠢᠶᠠᠯᠴᠢᠳ ᠤᠨ ᠡᠪᠯᠡᠯ ᠤᠨ ᠨᠠᠷᠢᠨ ᠪᠢᠴᠢᠭᠡᠴᠢ ᠪᠦᠭᠡᠳ ᠪᠠᠶᠢᠭᠤᠯᠭ᠎ᠠ ᠶᠢᠨ ᠳᠤᠰᠬᠠᠢ ᠠᠵᠢᠯ ᠤᠨ ᠣᠷᠴᠢᠭᠤᠯᠤᠭᠴᠢ ᠪᠠᠷ ᠰᠢᠯᠵᠢᠨ ᠠᠵᠢᠯᠯᠠᠪᠠ᠃  ᠮᠥᠨ 1980 ᠣᠨ ᠪᠤᠶᠤ ᠬᠤᠭᠤᠴᠠᠭ᠎ᠠ ᠰᠤᠯᠢᠬᠤ ᠶᠢᠨ ᠡᠮᠦᠨ᠎ᠡ ᠬᠤᠶᠢᠨ᠎ᠠ ᠪᠠᠶᠢᠵᠤ ᠦᠩᠭᠡᠷᠡᠭᠰᠡᠨ ᠪᠠᠶᠢᠭᠤᠯᠭ᠎ᠠ ᠶᠢᠨ ᠠᠯᠪᠠᠨ ᠭᠡᠷ᠂ ᠤᠳᠬ᠎ᠠ ᠵᠤᠬᠢᠶᠠᠯ ᠤᠨ ᠬᠡᠯᠲᠡᠰ᠂ ᠤᠷᠠᠯᠢᠭ ᠤᠨ ᠬᠡᠯᠲᠡᠰ ᠭᠡᠬᠦ 3 ᠳᠣᠳᠣᠭᠠᠳᠣ ᠪᠠᠶᠢᠭᠤᠯᠤᠮᠵᠢ ᠶᠢ ᠠᠯᠪᠠᠨ ᠭᠡᠷ᠂ ᠮᠤᠩᠭᠤᠯ ᠨᠠᠶᠢᠷᠠᠭᠤᠯᠬᠤ ᠬᠡᠯᠲᠡᠰ᠂ ᠬᠢᠲᠠᠳ ᠨᠠᠶᠢᠷᠠᠭᠤᠯᠬᠤ ᠬᠡᠯᠲᠡᠰ ᠭᠡᠮᠡᠨ ᠦᠭᠡᠷᠡᠴᠢᠯᠡᠵᠠᠢ᠃    1992 ᠣᠨ ᠳᠤ ᠠᠶᠢᠮᠠᠭ ᠤᠨ ᠤᠳᠬ᠎ᠠ ᠣᠷᠠᠯᠢᠭ ᠤᠨ ᠬᠢᠨ ᠤ ᠬᠤᠯᠪᠤᠭ᠎ᠠ ᠶᠢᠨ ᠳᠡᠳ᠋ ᠳᠡᠷᠢᠭᠦᠯᠡᠭᠴᠢ ᠮᠠᠭᠰᠠᠷᠵᠠᠪ ︽ᠵᠠᠯᠠᠭᠤ ᠵᠤᠬᠢᠶᠠᠯᠴᠢ︾ ᠰᠡᠳᠭᠦᠯ ᠤᠨ ᠶᠡᠷᠦᠩᠬᠡᠢ ᠨᠠᠶᠢᠷᠠᠭᠤᠯᠤᠭᠴᠢ ᠪᠠᠷ᠂ ᠪᠠ᠊ · ᠪᠦᠷᠢᠨᠵᠢᠷᠭᠠᠯ ᠳᠡᠳ᠋ ᠶᠡᠷᠦᠩᠬᠡᠢ ᠨᠠᠶᠢᠷᠠᠭᠤᠯᠤᠭᠴᠢ ᠪᠠᠷ ᠲᠤᠮᠢᠯᠠᠭᠳᠠᠪᠠ᠃ ᠴᠢ᠊ · ᠤᠳᠬᠠᠨᠴᠢᠮᠡᠭ ᠠᠶᠢᠮᠠᠭ ᠤᠨ ᠤᠳᠬ᠎ᠠ ᠣᠷᠠᠯᠢᠭ ᠤᠨ ᠬᠢᠨ ᠤ ᠬᠤᠯᠪᠤᠭ᠎ᠠ ᠶᠢᠨ ᠪᠠᠶᠢᠩᠭᠤ ᠶᠢᠨ ᠳᠡᠳ᠋ ᠳᠡᠷᠢᠭᠦᠯᠡᠭᠴᠢ ᠪᠦᠭᠡᠳ ᠨᠠᠷᠢᠨ ᠪᠢᠴᠢᠭ ᠤᠨ ᠲᠠᠷᠤᠭ᠎ᠠ ᠪᠠᠷ ᠰᠢᠯᠵᠢᠨ ᠠᠵᠢᠯᠯᠠᠪᠠ᠃ ᠰᠦᠷᠦᠩᠪᠠᠲᠤ ᠠᠶᠢᠮᠠᠭ ᠤᠨ ᠵᠠᠬᠢᠷᠭᠠᠨ ᠤ ᠬᠢᠯᠢ ᠶᠢᠨ ᠠᠷᠠᠯᠵᠢᠶᠠᠨ ᠤ ᠶᠠᠪᠤᠳᠠᠯ ᠤᠨ ᠣᠷᠴᠢᠭᠤᠯᠤᠭᠴᠢ ᠢᠶᠠᠷ ᠵᠢᠭᠡᠯᠡᠭᠳᠡᠨ ᠠᠵᠢᠯᠯᠠᠪᠠ᠃ ᠲᠦᠷᠤᠬᠦᠤ ᠵᠢᠯ ᠤᠨ ᠡᠴᠦᠰ ᠬᠤᠭᠤᠴᠠᠭ᠎ᠠ ᠰᠤᠯᠢᠬᠤ ᠳᠤ ᠪᠠᠶᠢᠭᠤᠯᠭ᠎ᠠ ᠶᠢᠨ ᠭᠠᠵᠠᠷ ᠤᠨ ᠳᠡᠰ ᠤᠨ ᠤᠳᠤᠷᠢᠳᠤᠯᠭ᠎ᠠ ᠶᠢ 7 ᠪᠣᠯᠭᠠᠨ ᠦᠷᠭᠡᠳᠭᠡᠵᠡᠢ᠃    1994 ᠣᠨ ᠠᠴᠠ ᠡᠬᠢᠯᠡᠵᠤ ᠰᠡᠳᠭᠦᠯ ᠤᠨ ᠨᠡᠷ᠎ᠡ ᠪᠠᠨ ︽ᠲᠣᠷᠤᠭ ᠰᠠᠷᠠᠨ᠎ᠠ︾ ᠭᠡᠮᠡᠨ ᠥᠭᠡᠷᠡᠴᠢᠯᠡᠪᠡ᠃ ᠭᠡᠬᠦ ᠳᠤ ᠪᠠᠨ ᠴᠢ᠊· ᠤᠳᠬᠠᠨᠴᠢᠮᠡᠭ᠂ ᠮᠠᠭᠰᠠᠷᠵᠠᠪ ᠬᠤᠶᠠᠷ ᠲᠡᠷᠢᠭᠦᠯᠡᠭᠴᠢ ᠲᠦᠷᠦᠭᠦᠦ ᠵᠢᠯ ᠤᠨ ᠬᠢ ᠨᠢ ᠳᠤᠮᠳᠠᠴᠢ ᠪᠠᠷ ᠲᠤᠰᠬᠠᠢ ᠬᠤᠷᠠᠯ ᠡᠷᠬᠢᠯᠡᠵᠦ᠂ ᠠᠶᠢᠮᠠᠭ ᠤᠨ ᠠᠷᠠᠳ ᠤᠨ ᠠᠮᠠᠨ ᠤᠷᠠᠯᠢᠭᠴᠢᠳ ᠤᠨ ᠡᠪᠯᠡᠯ ᠤᠨ ᠲᠡᠷᠢᠭᠦᠯᠡᠭᠴᠢ ᠵᠢᠷᠠᠨᠲᠠᠢ ︵ᠮᠤᠨᠠᠬᠡᠤᠬᠡᠨ︶᠂ ᠵᠤᠬᠢᠶᠠᠯᠴᠢᠳ ᠤᠨ ᠡᠪᠯᠡᠯ ᠤᠨ ᠳᠡᠳ᠋ ᠲᠡᠷᠢᠭᠦᠯᠡᠭᠴᠢ ᠴᠢ᠊ · ᠡᠩᠬᠡ ᠪᠤᠯᠤᠨ ᠠᠶᠢᠮᠠᠭ ᠤᠨ ᠰᠤᠨᠢᠨ ᠤ ᠬᠤᠷᠢᠶ᠎ᠠ ᠶᠢᠨ ᠳᠡᠳ᠋ ᠳᠠᠷᠤᠭ᠎ᠠ ᠬᠠᠷᠠᠬᠦᠦ᠂ ᠲᠧᠯᠸᠢᠰ ᠬᠤᠷᠢᠶ᠎ᠠ ᠶᠢᠨ ᠳᠡᠳ᠋ ᠲᠠᠷᠤᠭ᠎ᠠ ᠰᠡᠴᠡᠨᠲᠤᠶᠠᠭ᠎ᠠ᠂ ᠰᠣᠶᠣᠯ ᠤᠨ ᠲᠤᠪᠴᠢᠶᠠᠨ ᠤ ᠤᠷᠠᠯᠢᠭ ᠤᠨ ᠵᠦᠪᠯᠡᠭᠴᠢ ᠵᠢᠷᠠᠨᠲᠠᠢ ︵ᠡᠷᠳᠡᠨᠢᠬᠦᠦ︶᠂ ᠤᠷᠠᠳ ᠤᠨ ᠬᠤᠶᠢᠲᠤ ᠬᠤᠰᠢᠭᠤᠨ ᠤ ᠪᠠᠶᠢᠩᠭᠤ ᠶᠢᠨ ᠳᠡᠳ᠋ ᠲᠠᠷᠤᠭ᠎ᠠ ᠠ᠊ · ᠲᠣᠷᠵᠢ᠂ ᠤᠷᠠᠳ ᠤᠨ ᠳᠣᠮᠲᠠᠲᠤ ᠬᠤᠰᠢᠭᠤᠨ ᠤ ᠤᠯᠤᠰ ᠲᠥᠷᠥ ᠶᠢᠨ ᠵᠥᠪᠯᠡᠯᠭᠡᠨ ᠤ ᠳᠡᠳ᠋ ᠲᠡᠷᠢᠭᠦᠯᠡᠭᠴᠢ ᠳ᠋ᠠᠩ᠂ ᠴᠠᠬᠳᠠᠷᠰᠦ᠋ᠷᠤᠩ᠂ ᠷᠠᠳᠢᠤ᠋ ᠬᠤᠷᠢᠶ᠎ᠠ ᠶᠢᠨ ᠲᠠᠷᠤᠭ᠎ᠠ ᠪᠣᠳᠢ ᠁ ᠵᠡᠷᠭᠡ ᠵᠤᠬᠢᠶᠠᠯᠴᠢ ᠰᠢᠯᠦᠭᠴᠢ ᠪᠤᠶᠤ ᠮᠤᠩᠭᠤᠯ ᠰᠣᠶᠣᠯ ᠤᠨ ᠵᠢᠳᠭᠦᠯᠲᠡᠨ ᠢ ᠤᠷᠢᠨ ᠠᠪᠴᠢᠷᠠᠵᠦ ᠰᠠᠨᠠᠯ ᠬᠤᠷᠢᠶᠠᠭᠠᠳ ᠭᠠᠷ ᠬᠦᠢᠴᠡᠳᠭᠡᠯ ᠢ ᠨᠢ ᠬᠢᠯᠭᠡᠵᠡᠢ᠃ ᠣᠳᠤᠷᠢᠳᠬᠤ ᠪᠠᠭ ᠨᠢ ᠬᠤᠪᠢᠷᠠᠭᠰᠠᠨ ᠦᠭᠡᠢ᠃   1997 ᠣᠨ ᠳᠤ ᠠᠶᠢᠮᠠᠭ ᠤᠨ ᠤᠳᠬ᠎ᠠ ᠣᠷᠠᠯᠢᠭ ᠤᠨ ᠬᠢᠨ ᠤ ᠬᠤᠯᠪᠤᠭ᠎ᠠ ᠶᠢᠨ ᠳᠡᠳ᠋ ᠳᠡᠷᠢᠭᠦᠯᠡᠭᠴᠢ ᠪᠠ᠊ · ᠪᠦᠷᠢᠨᠵᠢᠷᠭᠠᠯ 3 ᠬᠤᠭᠤᠴᠠᠭ᠎ᠠ ᠶᠡᠷᠦᠩᠬᠡᠢ ᠨᠠᠶᠢᠷᠠᠭᠤᠯᠤᠭᠴᠢ ᠤᠨ ᠳᠤᠰᠢᠶᠠᠯ ᠬᠠᠷᠢᠭᠤᠴᠠᠪᠠ᠃ ᠳᠠᠷᠠᠭ᠎ᠠ ᠨᠢ ᠴᠢ᠊·ᠡᠩᠬᠡ ︽ᠲᠤᠷᠤᠭ ᠰᠠᠷᠠᠨ᠎ᠠ︾ ᠰᠡᠳᠭᠦᠯ ᠤᠨ ᠶᠡᠷᠦᠩᠬᠡᠢ ᠨᠠᠶᠢᠷᠠᠭᠤᠯᠤᠭᠴᠢ ᠪᠠᠷ᠂ ᠡᠷᠳᠡᠨᠢᠴᠤᠭᠲᠤ᠂ ᠴᠠᠭᠠᠨᠪᠠᠷᠰ ᠳᠡᠳ᠋ ᠶᠡᠷᠦᠩᠬᠡᠢ ᠨᠠᠶᠢᠷᠠᠭᠤᠯᠤᠭᠴᠢ ᠪᠠᠷ ᠲᠤᠮᠢᠯᠠᠭᠳᠠᠪᠠ᠃ ᠴᠢ᠊ ·ᠣᠳᠬᠠᠨᠴᠢᠮᠡᠭ᠂ ᠮᠠᠭᠰᠠᠷᠵᠠᠪ᠂ ᠰᠦᠷᠦᠩᠪᠠᠲᠤ ᠠᠵᠢᠯ ᠤᠨ ᠠᠮᠠᠷᠠᠯᠲᠠ ᠪᠠᠨ ᠬᠦᠯᠢᠶᠡᠵᠤ ᠠᠷᠤ ᠳᠤ ᠨᠢ ᠰᠠᠭᠤᠵᠢ᠃ ᠬᠤᠭᠤᠴᠠᠭ᠎ᠠ ᠰᠤᠯᠢᠬᠤ ᠳᠤ ᠪᠠᠶᠢᠭᠤᠯᠭ᠎ᠠ ᠶᠢᠨ ᠭᠠᠵᠠᠷ ᠤᠨ ᠳᠡᠰ ᠤᠨ ᠤᠳᠤᠷᠢᠳᠤᠯᠭ᠎ᠠ ᠶᠢ 3 ᠪᠣᠯᠭᠠᠨ ᠴᠦᠭᠡᠳᠭᠡᠵᠡᠢ᠃    ᠢᠩᠬᠢᠭᠡᠳ ᠯᠡ ᠮᠢᠨᠤ ᠨᠠᠶᠢᠷᠠᠭᠤᠯᠤᠭᠴᠢ ᠶᠢᠨ ᠠᠮᠢᠳᠤᠷᠠᠯ ᠤᠨ ᠵᠢᠷᠤᠭ ᠲᠦᠷᠰᠦ ︽ᠪᠠᠶᠠᠨᠨᠠᠭᠤᠷ ᠤᠨ ᠵᠤᠴᠢᠳ ᠤᠨ ᠪᠠᠭᠤᠳᠠᠯ︾ ᠤᠨ ᠡᠮᠦᠨ᠎ᠡ ᠡᠭᠦᠳᠡᠨ ᠤ ᠵᠡᠭᠦᠨ ᠲᠠᠯ᠎ᠠ ᠳᠤ ᠬᠢ ᠮᠠᠶᠢᠬᠠᠨ ᠤᠷᠦᠢ ᠲᠠᠢ ᠨᠢᠬᠡ ᠮᠦᠷ ᠭᠥᠬᠡ ᠳᠤᠭᠤᠰᠬᠠᠨ ᠪᠠᠶᠢᠰᠢᠩ ᠤᠨ ᠰᠡᠭᠦᠳᠡᠷ ᠲᠠᠯ᠎ᠠ ᠶᠢᠨ ᠠᠯᠪᠠᠨ ᠭᠡᠷ ᠪᠠ ︽ᠪᠠᠶᠠᠨᠨᠠᠭᠤᠷ ᠤᠨ ᠮᠠᠯᠴᠢᠳ ᠤᠨ ᠪᠠᠭᠤᠳᠠᠯ︾ ᠤᠨ ᠮᠠᠶᠢᠬᠠᠨ ᠤᠷᠦᠢ ᠲᠠᠢ ᠨᠢᠬᠡ ᠮᠦᠷ ᠤᠯᠠᠭᠠᠨ ᠳᠤᠭᠤᠰᠬᠠᠨ ᠪᠠᠶᠢᠰᠢᠩ ᠤᠨ ᠨᠠᠷᠠᠨ ᠲᠠᠯ᠎ᠠ ᠶᠢᠨ ᠠᠯᠪᠠᠨ ᠭᠡᠷ ᠲᠤ ᠡᠭᠦᠷᠢᠳᠡ ᠦᠯᠡᠳᠡᠭᠰᠡᠨ ᠰᠠᠨ᠃    ᠲᠡᠷᠡ ᠠᠯᠪᠠᠨ ᠭᠡᠷ ᠤᠨ ᠠᠩᠬ᠎ᠠ ᠡᠬᠢᠨ ᠤ ᠤᠲᠠᠰᠤᠨ ᠨᠣᠮᠧᠷ ᠨᠢ ︽4411︾᠂ ᠰᠡᠭᠦᠯᠡᠷ ᠡᠮᠦᠨ᠎ᠡ ᠨᠢ ︽0478 — 821︾ ᠨᠡᠮᠡᠵᠦ᠂ ︽0478 — 8214411︾ ᠪᠣᠯᠭᠠᠭᠰᠠᠨ ᠪᠢᠯᠡ᠃       ᠭᠤᠷᠪᠠ     ᠮᠢᠨᠤ 15 ᠵᠢᠯ ᠠᠵᠢᠯᠯᠠᠵᠤ ᠥᠩᠭᠡᠷᠡᠭᠰᠡᠨ ︽ᠰᠠᠷᠠᠨ᠎ᠠ︾ ︽ᠵᠠᠯᠠᠭᠤ ᠵᠤᠬᠢᠶᠠᠯᠴᠢ︾ ᠪᠤᠶᠤ ︽ᠲᠤᠷᠤᠭ ᠰᠠᠷᠠᠨ᠎ᠠ︾ ᠰᠡᠳᠭᠦᠯ ᠤᠨ ᠬᠠᠮᠤᠭ ᠤᠨ ᠦᠪᠡᠷᠮᠢᠴᠡ ᠪᠦᠭᠡᠳ ᠡᠭᠦᠳᠦᠯᠳᠡ ᠶᠢᠨ ᠴᠢᠨᠠᠷ ᠲᠠᠢ ᠨᠢᠭᠡᠨ ᠤᠨᠴᠠᠯᠢᠭ ᠭᠡᠪᠡᠯ᠂ ᠮᠢᠨᠤ ᠦᠵᠡᠬᠦ ᠪᠠᠷ ᠨᠡᠷ᠎ᠡ ᠪᠠᠨ ᠳᠠᠬᠢᠨ ᠳᠤᠯᠤᠭ᠎ᠠ ᠬᠠᠯᠠᠭᠰᠠᠨ ᠳᠡᠭᠡᠷ᠎ᠡ ᠪᠠᠶᠢᠬᠤ ᠪᠢᠰᠢ᠂ ᠬᠠᠷᠢᠨ ᠦᠪᠦᠷ ᠮᠤᠩᠭᠤᠯ ᠤᠨ ᠡᠯ᠎ᠡ ᠠᠶᠢᠮᠠᠭ ᠬᠤᠳᠠ ᠶᠢᠨ ᠬᠠᠮᠤᠭ ᠳᠦᠷᠦᠭᠦᠴᠢ ᠶᠢᠨ ᠮᠤᠩᠭᠤᠯ ᠤᠷᠠᠨ ᠵᠤᠬᠢᠶᠠᠯ ᠤᠨ ᠰᠡᠳᠭᠦᠯ ᠪᠤᠯᠵᠦ ᠤᠩᠰᠢᠭᠴᠢᠳ ᠤᠨ ᠬᠠᠷᠠᠭᠠᠨ ᠳᠤ ᠠᠮᠢᠯᠠᠭᠰᠠᠨ ᠳᠡᠭᠡᠷ᠎ᠡ ᠪᠠᠶᠢᠬᠤ ᠶᠤᠮ᠃ ᠤᠴᠢᠷ ᠨᠢ 20 ᠳ᠋ᠤᠭᠠᠷ ᠵᠠᠭᠤᠨ  ᠤ  ᠳᠠᠯᠠᠭᠠᠳ ᠤᠨ ᠤ ᠡᠬᠢᠨ ᠤ ᠦᠶ᠎ᠡ ᠪᠠᠷ ︽ᠬᠦᠯᠦᠨ ᠪᠤᠶᠢᠷ ᠤᠨ ᠤᠷᠠᠨ ᠵᠤᠬᠢᠶᠠᠯ︾ ᠭᠡᠳᠡᠭ ᠮᠤᠩᠭᠤᠯ ᠰᠡᠳᠭᠦᠯ ᠲ᠊ ·ᠰᠠᠶᠢᠨᠪᠠᠶᠠᠷ᠂ ᠪᠠ᠊ · ᠳ᠋ᠠᠮᠪᠠᠷᠢᠨᠴᠢᠨ᠂ ᠰᠤᠳᠨᠠᠮᠸᠠᠩᠵᠢᠯ ᠭᠡᠬᠦ ᠭᠤᠷᠪᠠᠨ ᠵᠤᠬᠢᠶᠠᠯᠴᠢ ᠶᠢᠨ ᠭᠠᠷ ᠳᠡᠭᠡᠷ᠎ᠡ ᠢᠯᠡᠷᠡᠭᠰᠡᠨ ᠪᠤᠯᠪᠠᠴᠤ᠂ ᠬᠠᠷᠠᠮᠦ᠋ᠷᠡᠨ ᠮᠤᠵᠢ ᠶᠢᠨ ᠬᠠᠷᠢᠶᠠᠨ ᠳᠤ 3 ᠬᠤᠭᠤᠴᠠᠭ᠎ᠠ ᠬᠡᠪᠯᠡᠭᠳᠡᠭᠡᠳ ᠬᠡᠪᠯᠡᠯ ᠵᠤᠭᠰᠤᠭᠰᠠᠨ ᠮᠦᠷᠳᠡᠭᠡᠨ ᠤᠳᠤ ᠶᠢᠨ ︽ᠬᠦᠯᠦᠨ ᠪᠦᠢᠷ︾ ᠰᠡᠳᠭᠦᠯ ᠤᠨ ᠶᠡᠷᠦᠩᠬᠡᠢ ᠳ᠋ᠤᠭᠠᠷ ᠲᠤ ᠴᠤ ᠤᠷᠤᠭᠰᠠᠨ ᠦᠭᠡᠢ ᠭᠡᠨ᠎ᠡ᠃ ᠡᠶᠢᠮᠦ ᠠᠴᠠ ︽ᠳᠤᠷᠤᠭ ᠰᠠᠷᠠᠨ᠎ᠠ︾ ᠰᠡᠳᠭᠦᠯ ᠪᠤᠶᠤ ᠳᠡᠭᠦᠨ ᠤ ᠨᠡᠷᠡᠶᠢᠳᠦᠯ ᠤᠨᠳᠤᠤ ᠡᠬᠢᠨ ᠤ ᠳ᠋ᠤᠭᠠᠷ ᠨᠢ ᠨᠢᠭᠡ ᠶᠤᠰᠤᠨ ᠤ ᠳᠡᠤᠬᠡ ᠶᠢᠨ ᠬᠤᠭᠤᠰᠤᠨ ᠢ ᠨᠦᠭᠦᠭᠰᠡᠨ ᠰᠢᠨᠵᠢ ᠲᠠᠢ ᠪᠦᠭᠡᠳ ᠨᠠᠭᠠᠳᠤ ᠵᠠᠬ᠎ᠠ ᠳᠤ  ᠪᠠᠨ ᠳᠤᠬᠠᠢ ᠶᠢᠨ ᠦᠶ᠎ᠡ ᠶᠢᠨ ᠦᠪᠦᠷ ᠮᠤᠩᠭᠤᠯ ᠤᠨ ᠠᠳᠠᠯᠢ ᠱᠠᠳᠤ ᠳᠡᠰ᠂ ᠠᠳᠠᠯᠢ ᠳᠦᠷᠦᠯ ᠵᠦᠢᠯ᠂ ᠠᠳᠠᠯᠢ ᠦᠰᠦᠭ ᠪᠢᠴᠢᠭ ᠤᠨ ᠰᠡᠳᠭᠦᠯ ᠠᠷᠤ ᠠᠷᠤ ᠠᠴᠠ ᠪᠠᠨ ᠤᠷᠭᠤᠨ ᠮᠡᠨᠳᠦᠯᠡᠭᠦ ᠳᠤ ᠳᠦᠷᠢᠮ ᠳᠠᠭᠤᠷᠢᠶᠠᠯ ᠪᠤᠶᠤ ᠬᠤᠰᠢᠭᠤᠴᠢ ᠦᠢᠯᠡᠳᠦᠯ ᠭᠠᠷᠭᠠᠭᠰᠠᠨ ᠪᠠᠶᠢᠵᠦ ᠪᠤᠯᠬᠤ ᠶᠤᠮ᠃ ᠠᠳᠡ ᠴᠢ᠊ ·ᠤᠳᠬᠠᠨᠴᠢᠮᠡᠭ ᠭᠤᠸᠠᠢ ᠶᠢ ᠪᠠᠭᠳᠠᠭᠠᠭᠰᠠᠨ ᠡᠳᠡᠭᠡᠷ ᠪᠠᠭᠰᠢᠳᠠᠨ ᠪᠤᠯᠤᠨ ᠤᠳᠤᠷᠢᠳᠤᠯᠭ᠎ᠠ ᠨᠠᠷ ᠤᠨ ᠠᠯᠤᠰ ᠤᠨ ᠪᠤᠳᠤᠯ ᠬᠤᠯᠠ ᠶᠢᠨ ᠬᠠᠷᠠᠴᠠ  ᠳᠤ ᠴᠢᠩ ᠰᠡᠳᠬᠢᠯ ᠤᠨ ᠪᠢᠰᠢᠷᠡᠯ ᠪᠠᠭ᠋ᠠᠷᠬᠠᠯ ᠢᠶᠠᠨ ᠢᠯᠡᠳᠭᠡᠵᠦ ᠪᠠᠶᠢᠨ᠎ᠠ︕     ᠳᠤᠰ ᠰᠡᠳᠭᠦᠯ ᠤᠨ ᠪᠠᠰᠠ ᠨᠢᠭᠡᠨ ᠦᠪᠡᠷᠮᠢᠴᠡ ᠪᠤᠰᠤ ᠴᠤ ᠦᠨᠡᠬᠡᠷ ᠳᠤᠷᠠᠳᠤᠭᠤᠰᠢᠳᠠᠢ ᠰᠢᠯᠢᠳᠡᠭ ᠬᠡᠪ ᠰᠤᠷᠳᠠᠯ ᠭᠡᠪᠡᠯ᠂ ᠨᠠᠮ ᠤᠨ ᠤᠳᠬ᠎ᠠ ᠤᠷᠠᠯᠢᠭ ᠤᠨ ︽ᠬᠤᠶᠠᠷ ᠲᠤ ᠦᠢᠯᠡᠴᠢᠯᠡᠬᠦ︾ ᠬᠠᠨᠳᠤᠯᠭ᠎ᠠ ᠪᠤᠯᠤᠨ ︽ᠬᠤᠤᠰ ᠪᠦᠬᠦᠨ︾ ᠤ ᠴᠢᠭᠯᠡᠯᠳᠡ ᠶᠢ ᠭᠤᠶᠢᠪᠢᠰᠢ ᠦᠭᠡᠢ ᠪᠠᠷᠢᠮᠳᠠᠯᠠᠬᠤ ᠤᠷᠢᠳᠠᠯ ᠳᠤᠤᠷ᠎ᠠ ᠨᠤᠳᠤᠭ ᠤᠰᠤᠨ ᠤ ᠤᠨᠴᠠᠯᠢᠭ ᠰᠢᠨᠵᠢ ᠪᠠᠷ ᠨᠡᠷ᠎ᠡ ᠨᠦᠯᠦᠭᠡ ᠪᠠᠨ ᠡᠷᠭᠦᠵᠦ ᠶᠠᠪᠤᠬᠤ ᠶᠢ ᠬᠦᠰᠡᠨ ᠵᠦᠩᠨᠡᠳᠡᠭ ᠶᠠᠪᠤᠳᠠᠯ ᠪᠤᠯᠤᠨ᠎ᠠ᠃ ᠡᠭᠦᠨ ᠢ ᠪᠢᠳᠡ ᠡᠨᠡ ᠰᠡᠳᠭᠦᠯ ᠤᠨ ᠡᠭᠦᠰᠭᠡᠨ ᠪᠠᠶᠢᠭᠤᠯᠤᠭᠴᠢ ᠠᠴᠠ ᠡᠬᠢᠯᠡᠭᠡᠳ ᠡᠬᠢᠨ ᠤ ᠦᠶ᠎ᠡ ᠶᠢᠨ ᠨᠠᠶᠢᠷᠠᠭᠤᠯᠤᠭᠴᠢ ᠨᠢ ᠬᠦᠷᠳᠡᠯ᠎ᠡ ᠪᠤᠰᠤᠳ ᠨᠤᠳᠤᠭ ᠤᠨ ᠬᠦᠮᠦᠨ ᠵᠤᠩᠭᠢᠯᠠᠬᠤ ᠤᠯᠠᠨ ᠳᠤᠭ᠎ᠠ ᠠᠳᠠᠯ᠎ᠠ ᠡᠨᠡ ᠨᠤᠳᠤᠭ  ᠤᠨ ᠵᠤᠬᠢᠶᠠᠯᠴᠢ᠂ ᠡᠨᠡ ᠨᠤᠳᠤᠭ ᠤᠨ ᠨᠠᠶᠢᠷᠠᠭᠤᠯᠤᠭᠴᠢ ᠶᠢ ᠰᠠᠨᠠᠭᠠᠴᠢᠯᠭ᠎ᠠ ᠲᠠᠢ ᠬᠦᠮᠦᠵᠢᠭᠦᠯᠬᠦ ᠶᠢ ᠳᠤᠶᠢᠯ ᠤᠨ ᠴᠢᠬᠤᠯᠠᠴᠢᠯᠠᠨ ᠦᠵᠡᠳᠡᠭ ᠪᠠᠶᠢᠭᠰᠠᠨ ᠠᠴᠠ ᠴᠤ ᠮᠠᠰᠢ ᠠᠮᠠᠷᠬᠠᠨ ᠤᠶᠢᠯᠠᠭᠠᠵᠦ ᠪᠤᠯᠬᠤ ᠶᠤᠮ᠃ ᠡᠶᠢᠮᠦ ᠠᠴᠠ ᠪᠠᠭᠠᠷᠢᠨ ᠨᠤᠳᠤᠭ ᠲᠠᠢ ᠴᠢ᠊ ·ᠤᠳᠬᠠᠨᠴᠢᠮᠡᠭ ᠪᠠᠭᠰᠢᠳᠠᠨ᠂ ᠪᠠᠷᠭᠤ ᠨᠤᠳᠤᠭ ᠲᠠᠢ ᠰᠦᠷᠦᠩᠪᠡᠳᠤ ᠪᠠᠭᠰᠢᠳᠠᠨ᠂ ᠤᠷᠠᠳ ᠨᠤᠳᠤᠭ ᠲᠠᠢ ᠵᠢᠷᠠᠨᠳᠠᠢ ︵ᠮᠤᠨᠠᠬᠡᠤᠭᠡᠨ︶ ᠪᠠᠭᠰᠢᠳᠠᠨ ᠬᠢᠭᠡᠳ ᠬᠤᠷᠴᠢᠨ ᠨᠤᠳᠤᠭ ᠲᠠᠢ ᠮᠠᠭᠰᠠᠷᠵᠠᠪ ᠪᠠᠭᠰᠢᠳᠠᠨ᠂ ᠪᠠ᠊ · ᠮᠠᠨᠳᠤᠬᠤ ᠪᠠᠭᠰᠢᠳᠠᠨ᠂ ᠴᠠᠭᠠᠨᠪᠠᠷᠰ ᠪᠠᠭᠰᠢᠳᠠᠨ ᠮᠠᠨᠢ ᠳᠠᠯ᠎ᠠ ᠳᠠᠯ᠎ᠠ ᠠᠴᠠ ᠨᠢ ᠳᠡᠮᠵᠢᠵᠦ ᠪᠠᠶᠢᠭᠰᠠᠨ ᠦᠭᠡᠢ ᠪᠤᠯ ᠳᠤᠰ ᠰᠡᠳᠭᠦᠯ ᠤᠨ 10 ᠵᠢᠯ ᠤᠨ ᠬᠢ ᠨᠢ ᠠᠷᠤ ᠳᠤ ᠪᠤᠶᠤ ᠳᠡᠭᠦᠨ ᠠᠴᠠ ᠬᠤᠶᠢᠰᠢ ᠤᠷᠠᠳ ᠨᠤᠳᠤᠭ ᠲᠠᠢ ᠤᠶᠤᠳᠠᠨ ᠵᠠᠯᠠᠭᠤ ᠪ᠊ · ᠪᠦᠷᠢᠨᠵᠢᠷᠭᠠᠯ᠂ ᠴᠢ᠊᠂ ᠡᠩᠬᠡ᠂ ᠡ᠊ ·ᠡᠷᠳᠡᠨᠢᠴᠤᠭᠳᠤ ᠡᠨᠡ ᠰᠡᠳᠭᠦᠯ᠂ ᠡᠨᠡ ᠪᠠᠶᠢᠭᠤᠯᠭ᠎ᠠ ᠳᠤ ᠬᠤᠷᠠᠨ ᠴᠤᠭᠯᠠᠬᠤ ᠶᠤᠰᠤᠨ ᠦᠭᠡᠢ᠃ ᠨᠡᠩᠳᠡ ᠪᠠᠰᠠ ᠨᠢᠭᠡ ᠨᠢᠭᠡ ᠪᠠᠨ ᠵᠠᠯᠭᠠᠵᠦ ᠡᠨᠡ ᠰᠡᠳᠭᠦᠯ᠂ ᠡᠨᠡ ᠪᠠᠶᠢᠭᠤᠯᠭ᠎ᠠ ᠶᠢᠨ ᠤᠳᠤᠷᠢᠳᠬᠤ ᠪᠠᠶᠢᠷᠢᠨ ᠳᠤ ᠭᠠᠷᠬᠤ ᠶᠤᠰᠤᠨ ᠦᠭᠡᠢ᠃     ᠲᠠ ᠨᠠᠷ ᠪᠠᠨ ᠦᠨᠢ ᠮᠦᠩᠬᠡ ᠶᠢᠨ ᠬᠦᠨᠳᠦᠳᠭᠡᠯ ᠳᠠᠯᠠᠷᠬᠠᠯ ᠢᠶᠠᠨ ᠲᠡᠪᠰᠢᠬᠦᠯᠤᠶ᠎ᠡ︕       
 
ᠢᠷᠡᠯᠲᠡ᠄ ᠦᠪᠤᠷ ᠮᠤᠩᠭᠤᠯ ᠤᠨ ︽ᠨᠡᠶᠢᠬᠡᠮ︾ ᠰᠡᠳᠬᠦᠯ ᠤᠨ ᠬᠤᠷᠢᠶ᠎ᠠ
 
 
ᠬᠠᠮᠢᠶ᠎ᠡ ᠪᠦᠬᠦᠢ ᠰᠣᠨᠢᠨ
 
2014-2015 ©  ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备05070829号