ᠲᠦᠷᠦᠭᠦᠬᠡᠨ᠂ ᠬᠤᠷᠴᠢᠨ ᠵᠡᠭᠦᠨ ᠭᠠᠷᠤᠨ ᠲᠤᠮᠳᠠᠳᠦ ᠬᠤᠰᠢᠭᠤᠨ ᠤ ᠬᠤᠸᠠᠬᠤᠰᠢᠭᠤ ᠰᠤᠮᠤᠨ ᠤ ᠬᠤᠶᠢᠲᠤ | ᠲᠡᠮᠡᠭᠡᠨ ᠲᠠᠯᠠᠪᠠᠢ ᠭᠠᠴᠠᠭ᠎ᠠ ᠶᠢᠨ ᠨᠠᠮ ᠤᠨ ᠡᠭᠦᠷ ᠤᠨ ᠱᠦᠵᠢ ᠲᠦᠡᠭ ᠯᠢᠶᠠᠩ ︽2022 ᠣᠨ ᠤ ︿ᠲᠦᠩᠯᠢᠶᠣᠣ | ᠬᠤᠳᠠ ᠶᠢᠨ ᠰᠠᠶᠢᠨ ᠬᠥᠮᠥᠨ﹀︾ ᠭᠡᠬᠦ ᠬᠤᠯᠪᠣᠭᠠᠰᠤ ᠶᠢ ᠭᠠᠴᠠᠭᠠᠨ ᠤ ᠪᠠᠨ ᠸᠢᠴᠠᠲ ᠴᠤᠭᠯᠠᠷᠠᠯ ᠳᠤ ᠳᠠᠮᠵᠢᠭᠤᠯᠪᠠ | ᠃ ᠡᠨᠡ ᠬᠤᠯᠪᠣᠭᠠᠰᠤ ᠶᠢ ᠦᠵᠡᠭᠰᠡᠨ ᠬᠥᠮᠥᠰ ᠬᠤᠶᠢᠨ᠎ᠠ ᠬᠤᠶᠢᠨ᠎ᠠ ᠠᠴᠠ ᠪᠠᠨ ᠡᠷᠡᠬᠡᠢ ᠭᠠᠷᠭᠠᠵᠤ᠂ ︽ᠮᠠᠨ ᠤ ᠯᠤᠤ | ᠪᠤᠤ ᠴᠢᠨᠢ ᠦᠨᠡᠬᠡᠷ ᠲᠡᠮᠦᠷ ᠡᠷ᠎ᠡ ᠰᠢᠦ︕︾ ᠭᠡᠵᠡᠭᠡᠨ᠎ᠡ᠃ | ᠊᠊᠊᠊᠊᠊ ᠯᠤᠤ ᠪᠤᠤ ᠥᠪᠡᠷ ᠢᠶᠠᠨ ᠬᠦᠦ ᠥᠬᠢᠨ ᠲᠠᠢ ᠬᠥᠮᠥᠨ᠂ ᠳᠡᠭᠡᠷ᠎ᠡ ᠨᠢ ᠪᠠᠰᠠ ᠲᠦᠷᠪᠡᠨ ᠥᠨᠥᠴᠢᠨ | ᠬᠡᠦᠬᠡᠳ ᠢ ᠦᠷᠡᠴᠢᠯᠡᠵᠦ ᠲᠡᠵᠢᠭᠡᠨ᠎ᠡ ᠭᠡᠳᠡᠭ ᠴᠢᠨᠢ ᠭᠢᠯᠪᠡᠷ ᠪᠤᠰᠤ ᠠᠵᠤ ᠠ᠋︕ | ᠊᠊᠊᠊᠊᠊ ᠲᠡᠶᠢᠮᠦ ᠦᠭᠡᠢ ᠶᠠᠭᠠᠬᠢᠬᠤ ᠪᠤᠢ⁈ ᠲᠡᠭᠡᠭᠡᠳ ᠲᠡᠵᠢᠭᠡᠭᠰᠡᠨ ᠲᠡᠷᠡ ᠲᠦᠷᠪᠡᠨ ᠬᠡᠦᠬᠡᠳ ᠤᠨ ᠬᠢᠨᠢ ᠬᠤᠶᠠᠷ | ᠨᠢ ᠲᠥᠷᠥᠯᠬᠢ ᠶᠢᠨ ᠵᠡᠮᠳᠡᠭ ᠡᠪᠡᠳᠴᠢᠨ ᠲᠠᠢ᠂ ᠨᠦᠭᠦᠭᠡ ᠬᠤᠶᠠᠷ ᠨᠢ ᠪᠠᠰᠠ ᠬᠤᠶᠢᠨ᠎ᠠ ᠬᠤᠶᠢᠨ᠎ᠠ ᠠᠴᠠ ᠪᠠᠨ | ᠬᠦᠨᠳᠦ ᠡᠪᠡᠳᠴᠢᠨ ᠳᠤ ᠨᠡᠷᠪᠡᠭᠳᠡᠯᠡ᠃ ᠯᠤᠤ ᠪᠤᠤ ᠲᠡᠳᠡᠨᠤᠰ ᠢ ᠡᠮᠨᠡᠭᠦᠯᠭᠦ ᠭᠡᠵᠦ ᠴᠣᠬᠤᠮ ᠦᠢᠯᠡ ᠪᠠᠨ ᠦᠵᠡᠭᠰᠡᠨ | ᠰᠢᠦ᠃ | ᠊᠊᠊᠊᠊᠊ ᠢᠩᠭᠢᠵᠦ ᠪᠠᠶᠢᠲᠠᠯ᠎ᠠ ᠡᠬᠡᠨᠡᠷ ᠨᠢ ᠡᠪᠡᠳᠴᠢᠨ ᠢᠶᠠᠷ ᠨᠠᠰᠤ ᠪᠠᠷᠠᠵᠤ᠂ ᠳᠡᠮᠡᠢ ᠤᠳᠠᠭᠰᠠᠨ ᠦᠭᠡᠢ ᠨᠠᠰᠤᠲᠠᠨ | ᠡᠵᠢ ᠪᠠ ᠥᠪᠡᠷ ᠤᠨ ᠬᠦᠦ ᠨᠢ ᠴᠦ ᠲᠡᠷᠭᠡᠨ ᠠᠳᠡᠯ ᠢᠶᠠᠷ ᠨᠠᠰᠤ ᠪᠠᠷᠠᠪᠠ᠃ ᠪᠤᠷᠬᠠᠨ ᠠ᠋ ᠁ | ᠲᠡᠳᠡᠨᠤᠰ ᠤᠨ ᠬᠡᠯᠡᠵᠦ ᠪᠠᠶᠢᠭ᠎ᠠ ︽ᠯᠤᠤ ᠪᠤᠤ︾ ᠶᠢᠨ ᠨᠡᠷ᠎ᠡ ᠶᠢ ᠪᠤᠤ ᠳ᠋ᠠ ᠰᠢ ᠭᠡᠳᠡᠭ᠃ ᠲᠡᠷᠡ 1957 | ᠣᠨ ᠳᠤ ᠬᠤᠷᠴᠢᠨ ᠵᠡᠭᠦᠨ ᠭᠠᠷᠤᠨ ᠲᠤᠮᠳᠠᠳᠦ ᠬᠤᠰᠢᠭᠤᠨ ᠤ ᠬᠤᠸᠠᠬᠤᠰᠢᠭᠤ ᠰᠤᠮᠤᠨ ᠤ ᠬᠤᠶᠢᠲᠤ ᠲᠡᠮᠡᠭᠡᠨ | ᠲᠠᠯᠠᠪᠠᠢ ᠭᠠᠴᠠᠭᠠᠨ ᠤ ᠵᠢᠷ ᠤᠨ ᠨᠢᠭᠡᠨ ᠲᠠᠷᠢᠶᠠᠴᠢᠨ ᠤ ᠭᠡᠷ ᠪᠦᠯᠢ ᠳᠤ ᠵᠠᠶᠠᠭᠠᠵᠠᠢ᠃ ᠪᠤᠤ ᠳ᠋ᠠ ᠰᠢ ᠪᠠᠭ᠎ᠠ ᠠᠴᠠ | ᠪᠠᠨ ᠤᠬᠠᠭᠠᠨ ᠲᠣᠮᠤᠭ᠎ᠠ ᠲᠠᠢ ᠰᠡᠴᠡᠨ ᠰᠡᠷᠭᠦᠯᠡᠩ ᠬᠡᠦᠬᠡᠳ ᠪᠠᠶᠢᠵᠤ᠂ ᠦᠷᠭᠦᠯᠵᠢ ᠪᠠᠭᠰᠢ ᠭᠡᠷ ᠤᠨ ᠠᠬᠠᠮᠠᠳ ᠤᠨ | ᠢᠶᠠᠨ ᠮᠠᠭᠲᠠᠭᠠᠯ ᠰᠠᠶᠢᠰᠢᠶᠠᠯ ᠢ ᠭᠦᠷᠲᠡᠲᠡᠭ ᠪᠠᠶᠢᠪᠠ᠃ ᠤᠯᠠᠨ ᠤ ᠬᠠᠶᠢᠷ᠎ᠠ ᠶᠢ ᠣᠯᠣᠭᠰᠠᠨ ᠪᠤᠤ ᠳ᠋ᠠ ᠰᠢ ᠴᠦ ᠨᠣᠮ | ᠪᠢᠴᠢᠭ ᠢᠶᠠᠨ ᠰᠢᠮᠳᠠᠨ ᠰᠤᠷᠤᠯᠴᠠᠵᠦ᠂ ᠬᠤᠵᠢᠮ ᠨᠢᠭᠡᠨ ᠠᠷᠠᠳ ᠤᠯᠠᠨ ᠳᠤ ᠪᠠᠨ ᠲᠤᠰᠠᠲᠠᠢ ᠬᠥᠮᠥᠨ ᠪᠤᠯᠬᠤ ᠶᠢ | ᠬᠦᠰᠡᠵᠦ ᠪᠠᠶᠢᠪᠠ᠃ ᠭᠡᠶ᠎ᠡ᠂ ᠰᠠᠨᠠᠭᠰᠠᠨ ᠪᠦᠭᠦᠨ ᠰᠠᠨᠠᠭ᠎ᠠ ᠪᠠᠷ ᠪᠦᠲᠦᠳᠡᠭ ᠦᠭᠡᠢ᠂ ᠲᠡᠷᠡ ᠠᠮᠢᠳᠤᠷᠠᠯ ᠤᠨ | ᠬᠦᠴᠢᠷᠳᠡᠯ ᠠᠴᠠ ᠪᠣᠯᠵᠤ ᠠᠩᠬ᠎ᠠ ᠲᠤᠮᠳᠠᠳᠦ ᠪᠠᠨ ᠴᠦ ᠲᠡᠭᠦᠰᠴᠦ ᠳᠡᠶᠢᠯᠦᠭᠰᠡᠨ ᠦᠭᠡᠢ ᠰᠤᠷᠭᠠᠭᠤᠯᠢ ᠠᠴᠠ | ᠭᠠᠷᠴᠠᠢ᠃ ᠲᠡᠭᠦᠨ ᠤ ᠰᠡᠳᠬᠢᠯ ᠢ ᠮᠡᠳᠡᠭᠰᠡᠨ ᠠᠪᠤ ᠡᠵᠢ ᠨᠢ ︽ᠬᠥᠮᠥᠨ ᠪᠦᠭᠦᠨ ᠤ ᠠᠮᠢᠳᠤᠷᠠᠯ ᠤᠨ ᠵᠠᠮ ᠠᠳᠠᠯᠢ | ᠦᠭᠡᠢ᠂ ᠢᠳᠡᠪᠬᠢ ᠥᠭᠡᠳᠡᠷᠬᠡᠭ ᠰᠡᠳᠬᠢᠯᠭᠡ ᠲᠠᠢ ᠶᠠᠪᠤᠵᠤ ᠯᠡ ᠪᠠᠶᠢᠪᠠᠯ ᠬᠠᠮᠢᠭ᠎ᠠ ᠶᠠᠪᠤᠵᠤ ᠶᠠᠭᠤ ᠬᠢᠭᠰᠡᠨ ᠴᠦ | ᠤᠯᠠᠨ ᠤ ᠳᠤᠮᠳᠠ ᠪᠠᠨ ᠤᠳᠤ ᠪᠣᠯᠵᠤ ᠭᠢᠯᠠᠯᠵᠠᠨ᠎ᠠ ᠰᠢᠦ︾ ᠭᠡᠵᠦ ᠰᠤᠷᠭᠠᠵᠠᠢ᠃ | ᠡᠨᠡ ᠦᠭᠡ ᠠᠴᠠ ᠵᠣᠷᠢᠭᠵᠢᠭᠰᠠᠨ ᠪᠤᠤ ᠳ᠋ᠠ ᠰᠢ ᠬᠥᠳᠡᠭᠡ ᠭᠡᠷ ᠲᠤ ᠪᠠᠨ ᠪᠤᠴᠠᠵᠤ᠂ ᠥᠪᠡᠷ ᠢᠶᠠᠨ ᠡᠷᠳᠡᠮ | ᠰᠣᠶᠣᠯ ᠤᠨ ᠮᠥᠷ ᠢ ᠬᠥᠭᠡᠭᠡᠵᠦ ᠳᠡᠶᠢᠯᠦᠭᠰᠡᠨ ᠦᠭᠡᠢ ᠴᠦ ᠬᠤᠶᠠᠷ ᠳᠡᠭᠦᠦ ᠨᠢᠭᠡ ᠥᠬᠢᠨ ᠳᠡᠭᠦᠦ ᠪᠠᠨ ᠡᠷᠳᠡᠮ | ᠮᠡᠳᠡᠯᠭᠡ ᠲᠠᠢ ᠬᠥᠮᠥᠨ ᠪᠤᠯᠭᠠᠬᠤ ᠪᠠᠷ ᠵᠣᠷᠢᠭ ᠰᠢᠭᠤᠳᠪᠠ᠃ ᠲᠡᠷᠡ ᠵᠢᠯ ᠪᠤᠤ ᠳ᠋ᠠ ᠰᠢ 17 ᠨᠠᠰᠤᠲᠠᠢ᠂ ᠲᠡᠭᠦᠨ ᠤ | ᠠᠪᠤ ᠨᠢ ᠡᠪᠡᠳᠴᠢᠨ ᠠᠷᠬᠠᠭ ᠲᠠᠢ ᠪᠠᠶᠢᠭᠰᠠᠨ ᠠᠴᠠ ᠠᠯᠢᠪᠠ ᠬᠦᠨᠳᠦ ᠠᠵᠢᠯ ᠴᠥᠮ ᠲᠡᠭᠦᠨ ᠤ ᠮᠥᠷᠥ ᠳᠡᠭᠡᠷ᠎ᠡ | ᠳᠠᠷᠤᠵᠤ ᠪᠠᠭᠤᠪᠠ᠃ ᠲᠠᠷᠢᠶ᠎ᠠ ᠲᠠᠷᠢᠵᠦ ᠲᠠᠷᠢᠶ᠎ᠠ ᠠᠷᠴᠢᠬᠤ ᠠᠴᠠ ᠲᠠᠷᠢᠶ᠎ᠠ ᠬᠤᠷᠢᠶᠠᠬᠤ ᠭᠦᠷᠲᠡᠯ᠎ᠠ ᠪᠦᠷ ᠯᠠ ᠪᠤᠤ | ᠳ᠋ᠠ ᠰᠢ ᠭᠠᠭᠴᠠᠭᠠᠷ ᠪᠠᠶᠢᠯᠳᠤᠬᠤ ᠯᠠ ᠬᠡᠷᠡᠭᠲᠡᠢ ᠪᠣᠯᠵᠠᠢ᠃ ᠲᠤᠬᠠᠢ ᠶᠢᠨ ᠦᠶ᠎ᠡ ᠳᠤ ᠴᠥᠮ ᠬᠥᠮᠥᠨ ᠤ | ᠬᠦᠴᠦᠨ ᠳᠤ ᠲᠦᠰᠢᠭᠯᠡᠳᠡᠭ ᠪᠣᠯᠬᠤᠷ ᠪᠤᠤ ᠳ᠋ᠠ ᠰᠢ ᠲᠠᠷᠢᠶ᠎ᠠ ᠪᠠᠨ ᠰᠠᠶᠢᠲᠤᠷ ᠠᠷᠠᠴᠢᠯᠠᠵᠤ ᠳᠣᠳᠣᠮᠳᠠᠬᠤ ᠶᠢᠨ | ᠲᠥᠯᠥᠭᠡ ᠡᠷᠲᠡᠯᠡᠵᠦ ᠣᠷᠣᠶᠢᠯᠠᠨ ᠵᠠᠷᠢᠮ ᠳᠤ ᠪᠠᠨ ᠰᠥᠨᠢ ᠶᠢᠨ ᠰᠠᠷᠠᠨ ᠤ ᠭᠡᠷᠡᠯ ᠳᠤ ᠴᠦ ᠲᠠᠷᠢᠶᠠᠨ ᠭᠠᠵᠠᠷ ᠤᠨ | ᠢᠶᠠᠨ ᠡᠪᠡᠰᠦ ᠶᠢ ᠦᠭᠲᠡᠭᠡᠳᠡᠭ ᠪᠠᠶᠢᠪᠠ᠃ ᠢᠩᠭᠢᠭᠡᠳ ᠵᠢᠯ ᠪᠦᠷᠢ ᠪᠤᠰᠤᠳ ᠠᠴᠠ ᠪᠠᠭ᠎ᠠ ᠠᠮᠤ ᠪᠤᠳᠠᠭ᠎ᠠ | ᠬᠤᠷᠢᠶᠠᠳᠠᠭ ᠲᠠᠷᠢᠶᠠᠨ ᠭᠠᠵᠠᠷ ᠨᠢ ᠠᠩᠬ᠎ᠠ ᠤᠳᠠᠭ᠎ᠠ ᠪᠤᠰᠤᠳ ᠲᠠᠢ ᠠᠳᠠᠯᠢ ᠠᠮᠤ ᠪᠤᠳᠠᠭ᠎ᠠ ᠬᠤᠷᠢᠶᠠᠵᠤ ᠴᠢᠳᠠᠪᠠ᠃ | ᠬᠦᠦ ᠶᠢᠨ ᠢᠶᠠᠨ ᠶᠠᠭᠠᠷᠠᠯᠲᠠᠢ ᠠᠵᠢᠯᠯᠠᠵᠤ ᠦᠢᠯᠡ ᠪᠠᠨ ᠪᠠᠷᠠᠵᠤ ᠪᠠᠶᠢᠬᠤ ᠶᠢ ᠬᠠᠷᠠᠭᠰᠠᠨ ᠪᠤᠤ ᠳ᠋ᠠ ᠰᠢ ᠶᠢᠨ ᠠᠪᠤ ᠨᠢ | ᠄ ︽ᠮᠠᠨ ᠤ ᠭᠡᠷ ᠤᠨ ᠬᠥᠮᠥᠨ ᠤᠯᠠᠨ ᠭᠦᠳᠡᠯᠮᠦᠷᠢ ᠬᠦᠴᠦᠨ ᠪᠠᠭ᠎ᠠ᠂ ᠬᠠᠷ᠎ᠠ ᠭᠦᠳᠡᠯᠮᠦᠷᠢ ᠳᠤ ᠲᠦᠰᠢᠭᠯᠡᠭᠡᠳ | ᠠᠮᠢᠳᠤᠷᠠᠯ ᠢᠶᠠᠨ ᠥᠭᠡᠳᠡ ᠲᠠᠲᠠᠬᠤ ᠳᠤ ᠬᠦᠴᠢᠷ ᠰᠢᠦ︕︾ ᠭᠡᠪᠡ᠃ ᠡᠨᠡ ᠦᠭᠡ ᠠᠴᠠ ᠰᠡᠩᠬᠡᠷᠡᠭᠦᠯᠦᠯ | ᠣᠯᠣᠭᠰᠠᠨ ᠪᠤᠤ ᠳ᠋ᠠ ᠰᠢ ᠰᠢᠨᠵᠢᠯᠡᠬᠦ ᠤᠬᠠᠭᠠᠨᠴᠢ ᠪᠠᠷ ᠲᠠᠷᠢᠶᠠᠯᠠᠬᠤ ᠪᠠᠷ ᠬᠦᠴᠦᠯᠡᠵᠦ᠂ ᠰᠠᠶᠢᠨ ᠲᠠᠷᠢᠶᠠᠨ ᠦᠷ᠎ᠡ | ᠪᠠ ᠬᠢᠮᠢ ᠶᠢᠨ ᠪᠣᠷᠳᠣᠭᠤᠷ ᠣᠷᠣᠭᠤᠯᠤᠨ ᠲᠤᠷᠰᠢᠵᠤ ᠲᠠᠷᠢᠪᠠ᠃ ᠨᠠᠮᠤᠷ ᠪᠤᠯᠬᠤ ᠳᠤ᠂ ᠲᠠᠷᠢᠶᠠᠨ ᠤ ᠤᠨᠠᠯᠳᠠ ᠨᠢ | ᠦᠨᠡᠬᠡᠷ ᠮᠡᠳᠡᠭᠳᠡᠮ᠎ᠡ ᠳᠡᠭᠡᠭᠰᠢᠯᠡᠵᠦ᠂ ᠠᠶᠢᠯ ᠠᠶᠢᠮᠠᠭ ᠤᠨ ᠬᠢᠨ ᠴᠦ ᠲᠡᠭᠦᠨ ᠢ ︽ᠲᠠᠷᠢᠶᠠᠯᠠᠩ ᠤᠨ ᠮᠡᠷᠭᠡᠵᠢᠯᠲᠡᠨ︾ | ᠭᠡᠵᠡᠭᠡᠬᠦ ᠪᠣᠯᠵᠠᠢ᠃ | ᠪᠤᠤ ᠳ᠋ᠠ ᠰᠢ ᠶᠢᠨ ᠬᠢᠨ ᠤ ᠠᠳᠠᠯ ᠠᠮᠢᠳᠤᠷᠠᠯ ᠨᠢ ᠠᠭᠠᠵᠢᠮ ᠢᠶᠠᠷ ᠰᠠᠶᠢᠵᠢᠷᠠᠬᠤ ᠶᠢ ᠳᠠᠭᠠᠯᠳᠤᠨ ᠠᠪᠤ ᠡᠵᠢ ᠨᠢ | ᠲᠡᠭᠦᠨ ᠢ ᠡᠷᠲᠡᠬᠡᠨ ᠪᠡᠶ᠎ᠡ ᠪᠦᠲᠦᠨ ᠪᠤᠯᠭᠠᠵᠦ᠂ ᠣᠮᠪᠣᠯᠣ ᠳᠣᠮᠪᠣᠯᠤ ᠲᠠᠢ ᠵᠢᠷᠭᠠᠬᠤ ᠶᠢ ᠰᠠᠨᠠᠵᠤ᠂ ᠵᠡᠷᠭᠡᠯᠡᠳᠡᠭᠡ | ᠠᠶᠢᠯ ᠠᠴᠠ ᠪᠠᠨ ᠪᠡᠷᠢ ᠭᠤᠶᠤᠵᠦ ᠥᠭᠴᠡᠢ᠃ ᠪᠤᠤ ᠳ᠋ᠠ ᠰᠢ ᠰᠢᠨ᠎ᠡ ᠠᠮᠢᠳᠤᠷᠠᠯ ᠢᠶᠠᠨ ᠡᠬᠢᠯᠡᠭᠦᠯᠦᠭᠡᠳ ᠳᠡᠮᠡᠢ | ᠤᠳᠠᠯ ᠦᠭᠡᠢ ᠡᠬᠡᠨᠡᠷ ᠨᠢ ᠭᠡᠨᠡᠳᠲᠡ ᠪᠠᠷ ᠡᠪᠡᠳᠴᠢᠨ ᠳᠤ ᠨᠡᠷᠪᠡᠭᠳᠡᠪᠡ᠂ ᠲᠡᠷᠡ ᠪᠠᠷ ᠡᠬᠡᠨᠡᠷ ᠢᠶᠠᠨ ᠡᠷᠡᠭᠦᠯᠵᠢᠭᠦᠯᠬᠦ | ᠶᠢᠨ ᠲᠥᠯᠥᠭᠡ ᠲᠠᠷᠢᠶᠠᠨ ᠠᠵᠢᠯ ᠢᠶᠠᠨ ᠲᠠᠶᠠᠭᠳᠠᠵᠤ᠂ ᠭᠠᠵᠠᠷ ᠲᠠᠷᠢᠶ᠎ᠠ ᠪᠠᠨ ᠪᠤᠰᠤᠳ ᠲᠤ ᠲᠦᠷᠢᠶᠡᠰᠦᠯᠡᠭᠦᠯᠵᠦ᠂ | ᠭᠠᠴᠠᠭᠠᠨ ᠤ ᠵᠥᠪᠯᠡᠯ ᠤᠨ ᠭᠡᠷ ᠢ ᠰᠠᠬᠢᠬᠤ ᠳᠥᠭᠦᠮᠬᠡᠨ ᠠᠵᠢᠯ ᠢ ᠡᠷᠢᠵᠦ ᠬᠢᠭᠰᠡᠨ ᠪᠠᠶᠢᠨ᠎ᠠ᠃ | 2004 ᠣᠨ ᠳᠤ᠂ ᠬᠤᠶᠢᠲᠤ ᠲᠡᠮᠡᠭᠡᠨ ᠲᠠᠯᠠᠪᠠᠢ ᠭᠠᠴᠠᠭᠠᠨ ᠤ ᠲᠠᠷᠢᠶᠠᠴᠢᠨ ᠲᠤᠷᠵᠢᠰᠠᠩᠪᠤ᠂ ᠵᠢᠦ ᠶᠦᠸᠧ ᠡᠷ᠎ᠡ | ᠡᠮ᠎ᠡ ᠬᠤᠶᠠᠭᠤᠯᠠ ᠡᠪᠡᠳᠴᠢᠨ ᠢᠶᠠᠷ ᠬᠤᠶᠢᠨ᠎ᠠ ᠬᠤᠶᠢᠨ᠎ᠠ ᠠᠴᠠ ᠪᠠᠨ ᠨᠠᠰᠤ ᠪᠠᠷᠠᠵᠤ᠂ ᠬᠤᠶᠠᠷ ᠬᠦᠦ ᠵᠠᠯᠭᠠᠪᠠᠶᠠᠷ | ᠪᠠ ᠳᠠᠪᠬᠤᠷᠪᠠᠶᠠᠷ ᠨᠢ ᠥᠨᠥᠴᠢᠷᠡᠵᠦ ᠬᠤᠴᠣᠷᠪᠠ᠃ ᠲᠡᠷᠡ ᠦᠶ᠎ᠡ ᠳᠤ ᠨᠢᠭᠡ ᠨᠢ ᠳᠦᠩᠭᠡᠵᠦ 8 ᠨᠠᠰᠤᠲᠠᠢ᠂ | ᠨᠦᠭᠦᠭᠡ ᠨᠢ 12 ᠨᠠᠰᠤᠲᠠᠢ ᠪᠠᠶᠢᠵᠤ᠂ ᠥᠨᠥᠴᠢᠨ ᠬᠤᠴᠣᠷᠤᠭᠰᠠᠨ ᠲᠡᠷᠡ ᠬᠤᠶᠠᠷ ᠬᠦᠦ ᠬᠠᠷᠠᠬᠠᠨ ᠠᠮᠢᠨ ᠳᠤ ᠪᠠᠨ | ᠵᠥᠪ ᠪᠣᠯᠣᠭᠠᠳᠤᠢ ᠪᠠᠶᠢᠪᠠ᠃ ᠪᠤᠤ ᠳ᠋ᠠ ᠰᠢ ᠭᠠᠴᠠᠭᠠᠨ ᠤ ᠨᠣᠮ ᠤᠨ ᠦᠷᠦᠭᠡ ᠶᠢᠨ ᠨᠣᠮ ᠳᠡᠪᠲᠡᠷ ᠢ ᠲᠢᠭᠯᠡᠵᠦ | ᠪᠠᠶᠢᠬᠤ ᠳᠤ ᠪᠠᠨ ᠰᠤᠷᠤᠯᠴᠠᠬᠤ ᠳᠤᠷᠠᠲᠠᠢ ᠪᠣᠯᠬᠤᠷ ᠤᠯᠠᠨ ᠨᠣᠮ ᠵᠣᠬᠢᠶᠠᠯ ᠤᠩᠰᠢᠵᠤ ᠠᠮᠵᠢᠵᠠᠢ᠃ ᠡᠭᠦᠨ ᠳᠤ | ᠲᠡᠷᠡ ᠨᠠᠰᠤᠲᠠᠨ ᠢᠶᠠᠨ ᠬᠦᠨᠳᠦᠯᠡᠵᠦ ᠨᠢᠯᠬᠠᠰ ᠢᠶᠠᠨ ᠬᠠᠷᠠᠭᠠᠯᠵᠠᠬᠤ ᠲᠤᠬᠠᠢ ᠠᠭᠤᠯᠭ᠎ᠠ ᠶᠢ ᠴᠤ ᠠᠷᠪᠢᠨ ᠣᠯᠵᠤ | ᠦᠵᠡᠵᠡᠢ᠃ ᠲᠡᠷᠡ ᠪᠠᠰᠠ ᠷᠠᠳᠢᠣ᠋ ᠳᠡᠭᠡᠷ᠎ᠡ ᠠᠴᠠ ᠠᠨᠾᠦ᠋ᠢ ᠮᠤᠵᠢ ᠶᠢᠨ ᠨᠢᠭᠡᠨ ᠲᠠᠷᠢᠶᠠᠴᠢᠨ ᠡᠪᠦᠭᠡᠨ ᠥᠪᠡᠷ ᠢᠶᠠᠨ | ᠬᠦᠴᠢᠷᠲᠡᠢ ᠪᠠᠶᠢᠭᠰᠠᠨ ᠴᠦ ᠥᠨᠥᠴᠢᠨ ᠬᠡᠦᠬᠡᠳ ᠢ ᠠᠷᠠᠴᠢᠯᠠᠵᠤ ᠲᠡᠵᠢᠭᠡᠭᠰᠡᠨ ᠨᠢᠭᠡ ᠦᠯᠢᠭᠡᠷ ᠢ ᠰᠣᠨᠣᠰᠪᠠ᠃ | ᠬᠥᠮᠥᠰ ᠲᠡᠷᠡ ᠲᠠᠷᠢᠶᠠᠴᠢᠨ ᠡᠪᠦᠭᠡᠨ ᠠᠴᠠ᠄ ︽ᠲᠠ ᠥᠪᠡᠷ ᠢᠶᠠᠨ ᠴᠦ ᠬᠦᠴᠢᠷᠲᠡᠢ ᠪᠠᠶᠢᠲᠠᠯ᠎ᠠ ᠪᠠᠨ ᠶᠠᠭᠤᠨ ᠳᠤ | ᠪᠠᠰᠠ ᠨᠢᠭᠡ ᠬᠡᠦᠬᠡᠳ ᠢ ᠬᠠᠷᠠᠭᠠᠯᠵᠠᠵᠤ ᠪᠠᠶᠢᠬᠤ ᠪᠤᠢ︖︾ ᠭᠡᠬᠦ ᠳᠤ᠂ ᠲᠡᠷᠡ ᠲᠠᠷᠢᠶᠠᠴᠢᠨ ᠡᠪᠦᠭᠡᠨ᠄ ︽ᠨᠢᠭᠡ | ᠬᠡᠦᠬᠡᠳ ᠢ ᠬᠠᠪᠰᠤᠷᠬᠤ ᠨᠢ ᠨᠢᠭᠡ ᠭᠡᠷ ᠪᠦᠯᠢ ᠶᠢᠨ ᠬᠥᠮᠥᠰ ᠢ ᠬᠠᠪᠰᠤᠷᠤᠬᠰᠠᠨ ᠲᠠᠢ ᠠᠳᠠᠯᠢ᠂ ᠮᠥᠨ ᠴᠦ | ᠬᠡᠦᠬᠡᠳ ᠤᠨ ᠨᠢᠭᠡ ᠨᠠᠰᠤ ᠶᠢ ᠨᠥᠯᠥᠭᠡᠯᠡᠬᠦ ᠶᠠᠪᠤᠳᠠᠯ ᠰᠢᠦ︕︾ ᠭᠡᠵᠦ ᠬᠡᠯᠡᠭᠰᠡᠨ ᠭᠡᠳᠡᠭ᠃ ᠡᠨᠡ ᠦᠭᠡᠨ ᠳᠤ | ᠪᠤᠤ ᠳ᠋ᠠ ᠰᠢ ᠰᠡᠳᠬᠢᠯ ᠳᠣᠭᠳᠣᠯᠵᠤ᠂ ᠥᠨᠥᠴᠢᠷᠡᠵᠦ ᠬᠤᠴᠣᠷᠤᠭᠰᠠᠨ ᠵᠠᠯᠭᠠᠪᠠᠶᠠᠷ ᠪᠠ ᠳᠠᠪᠬᠤᠷᠪᠠᠶᠠᠷ ᠢ ᠬᠠᠷᠠᠵᠤ | ᠬᠠᠷᠠᠭᠠᠯᠵᠠᠬᠤ ᠪᠠᠷ ᠪᠣᠯᠵᠠᠢ᠃ ᠢᠩᠭᠢᠭᠡᠳ ᠪᠤᠤ ᠳ᠋ᠠ ᠰᠢ ᠲᠡᠷᠡ ᠬᠤᠶᠠᠭᠤᠯᠠ ᠶᠢ ᠭᠡᠷ ᠲᠤ ᠪᠠᠨ ᠲᠤᠰᠴᠤ | ᠠᠪᠴᠢᠷᠠᠭᠠᠳ ᠵᠠᠯᠭᠠᠭᠠᠳ ᠰᠤᠷᠭᠠᠭᠤᠯᠢ ᠳᠤ ᠨᠢ ᠶᠠᠪᠤᠭᠤᠯᠪᠠ᠃ ᠲᠤᠬᠠᠢ ᠶᠢᠨ ᠦᠶ᠎ᠡ ᠳᠤ᠂ ᠪᠤᠤ ᠳ᠋ᠠ ᠰᠢ ᠶᠢᠨ | ᠭᠡᠷ ᠲᠤ 70 ᠨᠠᠰᠤ ᠶᠢ ᠳᠠᠪᠠᠵᠤ ᠪᠠᠶᠢᠭᠰᠠᠨ ᠵᠢᠷᠦᠬᠡᠨ ᠡᠪᠡᠳᠴᠢᠨ ᠲᠠᠢ ᠨᠠᠰᠤᠲᠠᠨ ᠡᠵᠢ ᠪᠠ ᠤᠯᠠᠨ ᠵᠦᠢᠯ ᠤᠨ | ᠡᠪᠡᠳᠴᠢᠨ ᠠᠷᠬᠠᠭ ᠲᠠᠢ ᠡᠬᠡᠨᠡᠷ ᠨᠢ ᠪᠠᠶᠢᠭᠰᠠᠨ ᠪᠥᠭᠡᠳ ᠬᠦᠦ ᠥᠬᠢᠨ ᠬᠤᠶᠠᠷ ᠨᠢ ᠰᠤᠷᠭᠠᠭᠤᠯᠢ ᠳᠤ ᠰᠤᠷᠤᠯᠴᠠᠵᠦ | ᠪᠠᠶᠢᠪᠠ᠃ ᠡᠳᠡᠭᠡᠷ ᠠᠮᠢᠳᠤᠷᠠᠯ ᠤᠨ ᠬᠦᠴᠢᠷᠳᠡᠯ ᠨᠢ ᠪᠤᠤ ᠳ᠋ᠠ ᠰᠢ ᠶᠢ ᠬᠤᠶᠢᠰᠢ ᠤᠬᠤᠷᠢᠭᠤᠯᠵᠤ ᠴᠢᠳᠠᠭᠰᠠᠨ ᠦᠭᠡᠢ | ᠂ ᠲᠡᠷᠡ ᠦᠷᠡᠴᠢᠯᠡᠵᠦ ᠲᠡᠵᠢᠭᠡᠭᠰᠡᠨ ᠬᠤᠶᠠᠷ ᠬᠡᠦᠬᠡᠳ ᠢᠶᠠᠨ ᠰᠠᠶᠢᠲᠤᠷ ᠰᠤᠷᠤᠯᠴᠠᠭᠤᠯᠬᠤ ᠶᠢᠨ ᠲᠥᠯᠥᠭᠡ | ᠲᠣᠭᠲᠠᠭᠰᠠᠨ ᠬᠤᠭᠤᠴᠠᠭᠠᠨ ᠳᠤ ᠰᠢᠨ᠎ᠡ ᠬᠤᠪᠴᠠᠰᠤ ᠬᠤᠨᠠᠷ ᠬᠤᠳᠠᠯᠳᠤᠨ ᠠᠪᠴᠤ ᠥᠭᠴᠦ ᠪᠠᠶᠢᠭᠰᠠᠨ ᠮᠥᠷᠲᠡᠭᠡᠨ | ᠬᠢᠴᠢᠶᠡᠯ ᠰᠤᠷᠤᠯᠭ᠎ᠠ ᠳᠤ ᠪᠠᠨ ᠰᠠᠶᠢᠨ ᠬᠢᠷᠢ ᠪᠦᠳᠦᠮᠵᠢ ᠣᠯᠪᠠᠯ ᠠᠮᠲᠠᠲᠠᠢ ᠢᠳᠡᠭᠡᠨ ᠤᠮᠳᠠᠭᠠᠨ ᠢᠶᠠᠷ ᠱᠠᠩᠨᠠᠵᠤ | ᠪᠠᠶᠢᠪᠠ᠃ | 2006 ᠣᠨ ᠳᠤ᠂ ᠬᠤᠶᠢᠲᠤ ᠲᠡᠮᠡᠭᠡᠨ ᠲᠠᠯᠠᠪᠠᠢ ᠭᠠᠴᠠᠭᠠᠨ ᠤ ᠲᠠᠷᠢᠶᠠᠴᠢᠨ ᠦ᠋ ᠲᠡᠮᠦᠷᠪᠠᠭᠠᠨ᠎ᠠ ᠴᠦ ᠭᠡᠷᠭᠡᠢ | ᠲᠠᠢ ᠪᠠᠨ ᠬᠤᠶᠠᠭᠤᠯᠠ ᠡᠪᠡᠳᠴᠢᠨ ᠢᠶᠠᠷ ᠨᠠᠰᠤ ᠪᠠᠷᠠᠵᠤ᠂ ᠠᠷᠪᠠ ᠭᠠᠷᠴᠤ ᠪᠠᠶᠢᠭᠰᠠᠨ ᠬᠤᠶᠠᠷ ᠵᠡᠮᠳᠡᠭ ᠬᠡᠦᠬᠡᠳ ᠨᠢ | ᠥᠨᠥᠴᠢᠷᠡᠵᠦ ᠬᠤᠴᠣᠷᠪᠠ᠃ ᠲᠡᠷᠡ ᠦᠶ᠎ᠡ ᠳᠤ᠂ ᠥᠪᠡᠷ ᠤᠨ ᠪᠡᠶ᠎ᠡ ᠪᠠᠨ ᠴᠦ ᠬᠠᠷᠠᠭᠠᠯᠵᠠᠵᠤ ᠲᠡᠶᠢᠯᠭᠦ ᠦᠭᠡᠢ | ᠬᠤᠶᠠᠷ ᠵᠡᠮᠳᠡᠭ ᠬᠡᠦᠬᠡᠳ ᠢ ᠬᠡᠨ ᠬᠥᠮᠥᠨ ᠴᠦ ᠦᠷᠡᠴᠢᠯᠡᠵᠦ ᠲᠡᠵᠢᠭᠡᠬᠦ ᠰᠠᠨᠠᠭ᠎ᠠ ᠦᠭᠡᠢ ᠪᠠᠶᠢᠭᠰᠠᠨ ᠨᠢ ᠦᠨᠡᠨ᠃ | ᠡᠭᠦᠨ ᠢ ᠦᠵᠡᠭᠰᠡᠨ ᠪᠤᠤ ᠳ᠋ᠠ ᠰᠢ᠄ ︽ᠶᠠᠭᠠᠬᠢᠯ᠎ᠠ ᠭᠡᠰᠡᠨ ᠴᠦ ᠬᠡᠦᠬᠡᠳ ᠲᠤ ᠪᠤᠷᠤᠭᠤ ᠦᠭᠡᠢ᠂ ᠬᠠᠷᠠᠵᠤ ᠪᠠᠶᠢᠭᠠᠳ | ᠦᠯᠪᠡᠷᠣᠭᠦᠯᠵᠦ ᠪᠤᠯᠬᠤ ᠦᠭᠡᠢ ᠪᠠ︕︾ ᠭᠡᠳ ᠲᠡᠷᠡ ᠬᠤᠶᠠᠷ ᠬᠡᠦᠬᠡᠳ ᠢ ᠭᠡᠷ ᠲᠡᠭᠡᠨ ᠠᠪᠴᠢᠷᠠᠵᠤ | ᠦᠷᠡᠴᠢᠯᠡᠪᠡ᠃ ᠡᠭᠦᠨ ᠠᠴᠠ ᠬᠤᠶᠢᠰᠢ ᠲᠡᠭᠦᠨ ᠳᠤ ᠪᠠᠰᠠ ᠵᠡᠮᠳᠡᠭ ᠬᠡᠦᠬᠡᠳ ᠬᠠᠷᠠᠭᠠᠯᠵᠠᠬᠤ ᠠᠵᠢᠯ ᠨᠡᠮᠡᠭᠳᠡᠵᠦ᠂ | ᠥᠷᠯᠥᠭᠡ ᠨᠢᠭᠤᠷ ᠭᠠᠷ ᠢ ᠨᠢ ᠤᠬᠢᠶᠠᠬᠤ᠂ ᠬᠤᠭᠤᠯᠠ ᠤᠮᠳᠠ ᠶᠢ ᠨᠢ ᠪᠡᠯᠡᠳᠬᠡᠬᠦ᠂ ᠥᠳᠬᠡᠨ ᠰᠢᠩᠭᠡᠨ ᠢ ᠨᠢ | ᠭᠠᠳᠠᠭᠰᠢᠯᠠᠭᠤᠯᠬᠤ᠂ ᠬᠤᠪᠴᠠᠰᠤ ᠬᠤᠨᠠᠷ ᠢ ᠨᠢ ᠤᠬᠢᠶᠠᠬᠤ ᠵᠡᠷᠭᠡ ᠳᠤ ᠪᠣᠷᠪᠢ ᠪᠣᠬᠢᠰᠬᠢᠯ ᠦᠭᠡᠢ ᠶᠠᠭᠠᠷᠠᠬᠤ ᠪᠣᠯᠪᠠ᠃ | ᠢᠩᠭᠢᠵᠦ 4 ᠵᠢᠯ ᠥᠩᠭᠡᠷᠡᠭᠰᠡᠨ ᠤ ᠲᠠᠷᠠᠭ᠎ᠠ᠂ ᠪᠤᠤ ᠳ᠋ᠠ ᠰᠢ ᠶᠢᠨ ᠡᠬᠡᠨᠡᠷ ᠨᠢ ᠡᠪᠡᠳᠴᠢᠨ ᠢᠶᠠᠷ ᠨᠠᠰᠤ ᠪᠠᠷᠠᠵᠤ᠂ | ᠬᠤᠶᠠᠷ ᠵᠡᠮᠳᠡᠭ ᠬᠡᠦᠬᠡᠳ ᠤᠨ ᠨᠢᠭᠡ ᠪᠣᠯᠬᠤ ᠥᠬᠢᠨ ᠨᠢ ᠡᠪᠡᠳᠴᠢᠨ ᠢᠶᠠᠷ ᠨᠠᠰᠤ ᠪᠠᠷᠠᠵᠤ᠂ ᠨᠡᠯᠢᠶᠡᠳ ᠡᠷᠡᠭᠦᠯᠵᠢᠵᠦ | ᠲᠣᠮᠤᠭᠠᠵᠢᠭᠰᠠᠨ ᠵᠡᠮᠳᠡᠭ ᠬᠦᠦ ᠶᠢ ᠲᠡᠷᠡ ᠬᠡᠦᠬᠡᠳ ᠤᠨ ᠠᠪᠠᠭ᠎ᠠ ᠠᠪᠤ ᠨᠢ ᠲᠡᠵᠢᠭᠡᠬᠦ ᠪᠠᠷ ᠠᠪᠠᠴᠢᠵᠠᠢ᠃ | ᠪᠤᠤ ᠳ᠋ᠠ ᠰᠢ ᠶᠢᠨ ᠨᠠᠰᠤᠲᠠᠨ ᠡᠵᠢ ᠨᠢ ᠠᠮᠢᠳᠤᠷᠠᠯ ᠳᠤ ᠳᠠᠷᠤᠭᠳᠠᠭᠰᠠᠨ ᠬᠦᠦ ᠪᠠᠨ ᠥᠷᠦ ᠡᠪᠡᠳᠬᠦ ᠳᠤ ᠪᠠᠨ | ᠵᠢᠷᠦᠬᠡ ᠮᠠᠯᠵᠢᠯ ᠤᠨ ᠲᠠᠯᠠᠪᠠᠢ ᠪᠠᠷ ᠨᠤᠲᠤᠭ ᠲᠠᠢ ᠡᠯ ᠶᠠ ᠶᠢ ᠲᠡᠭᠦᠨ ᠳᠤ ᠲᠠᠨᠢᠯᠴᠠᠭᠤᠯᠵᠤ ᠥᠭᠪᠡ᠃ ᠲᠡᠷᠡ | ᠬᠤᠶᠠᠭᠤᠯᠠ ᠪᠠᠨ ᠠᠳᠠᠯᠢᠬᠠᠨ ᠠᠮᠢᠳᠤᠷᠠᠯ ᠤᠨ ᠥᠩᠭᠡᠷᠡᠯᠲᠡ ᠲᠠᠢ ᠪᠠᠶᠢᠭᠰᠠᠨ ᠠᠴᠠ ᠤᠳᠠᠯ ᠦᠭᠡᠢ ᠰᠡᠳᠬᠢᠯ | ᠰᠠᠨᠠᠭ᠎ᠠ ᠪᠠᠨ ᠣᠯᠣᠯᠴᠠᠵᠤ᠂ ᠬᠠᠮᠲᠤ ᠳᠤ ᠪᠠᠨ ᠲᠦᠷᠪᠡᠨ ᠬᠡᠦᠬᠡᠳ ᠪᠠ ᠨᠠᠰᠤᠲᠠᠨ ᠡᠵᠢ ᠪᠠᠨ ᠠᠰᠠᠷᠠᠬᠤ ᠡᠭᠦᠷᠭᠡ | ᠶᠢ ᠡᠭᠦᠷᠭᠡᠯᠡᠵᠦ ᠠᠪᠴᠠᠢ᠃ | ᠲᠡᠳᠡᠨᠤᠰ ᠤᠨ ᠰᠢᠨ᠎ᠡ ᠠᠮᠢᠳᠤᠷᠠᠯ ᠡᠬᠢᠯᠡᠭᠡᠳ ᠳᠡᠮᠡᠢ ᠤᠳᠠᠯ ᠦᠭᠡᠢ ᠦᠷᠡᠴᠢᠯᠡᠵᠦ ᠲᠡᠵᠢᠭᠡᠭᠰᠡᠨ ᠬᠡᠦᠬᠡᠳ | ᠳᠠᠪᠬᠤᠷᠪᠠᠶᠠᠷ ᠨᠢ ᠬᠤᠸᠠᠬᠤᠰᠢᠭᠤ ᠰᠤᠮᠤᠨ ᠤ ᠰᠤᠷᠭᠠᠭᠤᠯᠢ ᠳᠤ ᠰᠤᠷᠤᠯᠴᠠᠵᠦ ᠪᠠᠶᠢᠬᠤ ᠳᠤ ᠪᠠᠨ ᠭᠡᠨᠡᠳᠲᠡ ᠪᠠᠷ | ᠡᠪᠡᠳᠴᠢᠯᠡᠪᠡ᠃ ᠪᠤᠤ ᠳ᠋ᠠ ᠰᠢ ᠬᠦᠦ ᠪᠠᠨ ᠥᠪᠥᠷ ᠮᠣᠩᠭᠤᠯ ᠤᠨ ᠦᠨᠳᠦᠰᠦᠲᠡᠨ ᠤ ᠶᠡᠭᠡ ᠰᠤᠷᠭᠠᠭᠤᠯᠢ ᠶᠢᠨ | ᠬᠠᠷᠢᠶᠠᠲᠤ ᠡᠮᠨᠡᠯᠭᠡ ᠶᠢᠨ ᠬᠤᠷᠢᠶ᠎ᠠ ᠳᠤ ᠬᠦᠷᠭᠡᠵᠦ ᠪᠠᠶᠢᠴᠠᠭᠠᠯᠭᠠᠭᠠᠳ ᠠᠭᠤᠰᠬᠢᠨ ᠡᠪᠡᠳᠴᠢᠨ ᠲᠠᠢ ᠪᠣᠯᠤᠭᠰᠠᠨ ᠢ | ᠨᠢ ᠮᠠᠲᠠᠵᠠᠢ᠃ ︽ᠪᠢ ᠦᠷᠡᠴᠢᠯᠡᠵᠦ ᠲᠡᠵᠢᠭᠡᠭᠰᠡᠨ ᠲᠦᠷᠪᠡᠨ ᠬᠡᠦᠬᠡᠳ ᠢᠶᠠᠨ ᠥᠪᠡᠷ ᠤᠨ ᠬᠦᠦ ᠥᠬᠢᠨ ᠠᠴᠠ ᠪᠠᠨ | ᠳᠤᠲᠠᠭᠤ ᠦᠭᠡᠢ ᠰᠠᠨᠠᠵᠤ ᠬᠠᠷᠠᠭᠠᠯᠵᠠᠵᠠᠢ᠃ ᠳᠠᠪᠬᠤᠷᠪᠠᠶᠠᠷ ᠠᠭᠤᠰᠬᠢᠨ ᠡᠪᠡᠳᠴᠢᠨ ᠣᠯᠣᠭᠰᠠᠨ ᠤ ᠲᠠᠷᠠᠭ᠎ᠠ᠂ ᠮᠡᠰᠡ | ᠵᠠᠰᠠᠯ ᠤᠨ ᠵᠣᠭᠤᠰ 2 ᠲᠦᠮᠡᠨ ᠲᠥᠭᠦᠷᠢᠭ ᠢ ᠨᠢ ᠴᠤᠭᠯᠠᠭᠤᠯᠬᠤ ᠶᠢᠨ ᠲᠥᠯᠥᠭᠡ ᠠᠶᠢᠯ ᠰᠠᠭᠠᠬᠠᠯᠲᠠ᠂ ᠰᠠᠳᠤᠨ | ᠲᠦᠷᠦᠯ ᠢᠶᠠᠨ ᠪᠠᠷᠠᠲᠠᠯ᠎ᠠ ᠭᠤᠶᠣᠭᠰᠠᠨ ᠶᠤᠮ᠃ ᠮᠠᠨ ᠤ ᠭᠡᠷ ᠤᠨ ᠬᠥᠮᠥᠨ ᠴᠦ ᠶᠡᠭᠡ ᠪᠠᠷ ᠳᠡᠮᠵᠢᠵᠡᠢ᠂ ᠡᠮᠨᠡᠯᠭᠡ | ᠶᠢᠨ ᠬᠤᠷᠢᠶ᠎ᠠ ᠳᠤ ᠪᠠᠶᠢᠭᠰᠠᠨ 2 ᠰᠠᠷ᠎ᠠ ᠢᠯᠡᠭᠦᠦ ᠶᠢᠨ ᠬᠤᠭᠤᠴᠠᠭᠠᠨ ᠳᠤ ᠲᠡᠷᠡ ᠭᠠᠭᠴᠠᠭᠠᠷ ᠢᠶᠠᠨ ᠭᠡᠷ ᠤᠨ | ᠠᠵᠢᠯ ᠢ ᠬᠢᠵᠦ᠂ ᠨᠠᠰᠤᠲᠠᠨ ᠡᠵᠢ ᠶᠢ ᠮᠢᠨᠢ ᠴᠣᠬᠤᠮ ᠰᠠᠶᠢᠨ ᠠᠰᠠᠷᠠᠭᠰᠠᠨ ᠶᠤᠮ︾ ᠭᠡᠵᠦ ᠪᠤᠤ ᠳ᠋ᠠ ᠰᠢ ᠬᠡᠯᠡᠨ᠎ᠡ᠃ | | ᠳᠠᠪᠬᠤᠷᠪᠠᠶᠠᠷ ᠴᠦ ᠠᠪᠤ ᠡᠵᠢ ᠶᠢᠨ ᠢᠶᠠᠨ ᠲᠥᠯᠥᠭᠡ ᠲᠤᠩ ᠰᠠᠨᠠᠭᠠᠰᠢᠷᠠᠳᠠᠭ ᠪᠠᠶᠢᠪᠠ᠃ ᠲᠡᠷᠡ ᠪᠠᠷ ᠠᠪᠤ ᠶᠢᠨ | ᠢᠶᠠᠨ ᠵᠣᠭᠤᠰ ᠵᠢᠭᠡᠯᠡᠭᠰᠡᠨ ᠤᠴᠢᠷ ᠢ ᠮᠡᠳᠡᠮᠡᠭᠴᠡ ᠰᠤᠷᠭᠠᠭᠤᠯᠢ ᠳᠤ ᠶᠠᠪᠤᠬᠤ ᠪᠠᠨ ᠪᠣᠯᠢᠵᠤ᠂ ᠠᠪᠤ ᠳᠤ ᠪᠠᠨ ᠲᠤᠰᠠ | ᠪᠣᠯᠵᠤ ᠬᠥᠳᠡᠭᠡ ᠭᠡᠷ ᠲᠤ ᠪᠠᠨ ᠬᠠᠮᠵᠢᠨ ᠠᠵᠢᠯ ᠬᠢᠬᠦ ᠪᠠᠷ ᠵᠣᠷᠢᠭ ᠰᠢᠭᠤᠳᠪᠠ᠃ ᠪᠤᠤ ᠳ᠋ᠠ ᠰᠢ ᠢᠳᠬᠠᠵᠤ | ᠲᠡᠶᠢᠯᠭᠦ ᠦᠭᠡᠢ ᠪᠤᠯᠬᠤ ᠳᠤ ᠪᠠᠨ ᠨᠠᠮ ᠵᠠᠰᠠᠭ ᠠᠴᠠ ᠭᠤᠶᠤᠴᠢᠯᠠᠯ ᠬᠦᠰᠡᠵᠡᠢ᠃ ᠡᠭᠦᠨ ᠤ ᠬᠠᠷᠢᠭᠤ ᠳᠤ᠂ | ᠬᠤᠸᠠᠬᠤᠰᠢᠭᠤ ᠰᠤᠮᠤᠨ ᠤ ᠳᠡᠳ᠋ ᠰᠤᠮᠤᠨ ᠳᠠᠷᠤᠭ᠎ᠠ ᠪᠠᠶᠢᠭᠰᠠᠨ ᠮᠠ᠊ ᠊ ᠰᠡᠷᠭᠦᠯᠡᠩ ᠠᠴᠠ ᠳᠠᠪᠬᠤᠷᠪᠠᠶᠠᠷ ᠢ | ᠲᠦᠩᠯᠢᠶᠣᠣ ᠬᠤᠳᠠ ᠶᠢᠨ ᠬᠤᠷᠴᠢᠨ ᠲᠣᠭᠤᠷᠢᠭ ᠤᠨ ᠱᠤᠸᠠᠩ ᠫᠣᠣᠽᠢ ᠪᠠᠯᠭᠠᠰᠤᠨ ᠤ ᠠᠵᠢᠯ ᠮᠡᠷᠭᠡᠵᠢᠯ ᠤᠨ | ᠰᠤᠷᠭᠠᠭᠤᠯᠢ ᠲᠠᠢ ᠬᠠᠷᠢᠴᠠᠵᠤ᠂ ᠶᠠᠮᠠᠷ ᠴᠤ ᠰᠦᠢᠳᠬᠡᠯ ᠬᠤᠷᠢᠶᠠᠬᠤ ᠦᠭᠡᠢ ᠪᠠᠷ ᠮᠡᠷᠭᠡᠵᠢᠯ ᠰᠤᠷᠭᠠᠬᠤ ᠪᠠᠷ | ᠶᠠᠪᠤᠭᠤᠯᠪᠠ᠃ 2013 ᠣᠨ ᠳᠤ ᠪᠤᠤ ᠳ᠋ᠠ ᠰᠢ ᠶᠢᠨ ᠬᠦᠦ ᠨᠢ ᠪᠠᠢ ᠰᠦᠢ ᠪᠠᠶᠠᠨᠨᠠᠭᠤᠷ ᠲᠤ ᠬᠦᠴᠦᠨ ᠤ ᠠᠵᠢᠯ | ᠬᠢᠵᠦ ᠪᠠᠶᠢᠭᠠᠳ ᠲᠡᠷᠭᠡᠨ ᠠᠳᠡᠯ ᠭᠠᠷᠴᠤ᠂ ᠬᠡᠳᠦᠢ ᠡᠮᠨᠡᠭᠦᠯᠵᠦ ᠰᠤᠪᠢᠯᠠᠭᠰᠠᠨ ᠪᠤᠯᠪᠠᠴᠦ ᠲᠤᠰᠠ ᠪᠣᠯᠤᠭᠰᠠᠨ | ᠦᠭᠡᠢ 2016 ᠣᠨ ᠳᠤ ᠨᠠᠰᠤ ᠪᠠᠷᠠᠵᠠᠢ᠃ ᠡᠨᠡ ᠮᠡᠲᠦ ᠪᠠᠷ ᠦᠬᠦᠯ ᠬᠠᠭᠠᠴᠠᠯ᠂ ᠡᠪᠡᠳᠴᠢᠨ ᠵᠤᠪᠠᠯᠠᠩ ᠪᠤᠤ ᠳ᠋ᠠ | ᠰᠢ ᠶᠢ ᠤᠳᠠᠭ᠎ᠠ ᠳᠠᠷᠠᠭᠠᠯᠠᠨ ᠨᠢᠭᠤᠷ ᠨᠢᠳᠦ ᠦᠭᠡᠢ ᠳᠠᠭᠠᠷᠢᠵᠦ ᠪᠠᠶᠢᠭᠰᠠᠨ ᠴᠤ ᠲᠡᠷᠡ ︽ᠲᠡᠮᠦᠷ ᠡᠷ᠎ᠡ︾ ᠶᠢᠨ | ᠬᠠᠲᠠᠭᠤ ᠵᠣᠷᠢᠭ ᠢᠶᠠᠷ ᠲᠠᠭᠠᠷᠠᠬᠰᠠᠨ ᠶᠠᠪᠤᠳᠠᠯ ᠪᠦᠭᠦᠨ ᠢ ᠲᠠᠮᠢᠷ ᠢᠶᠠᠨ ᠰᠢᠪᠬᠠᠨ ᠲᠤᠭᠤᠯᠵᠦ ᠪᠠᠶᠢᠪᠠ᠃ | ᠊᠊᠊᠊᠊᠊ 2016 ᠣᠨ ᠳᠤ᠂ ᠤᠯᠠᠭᠠᠨ ᠵᠠᠭᠠᠯᠮᠠᠶᠢᠳᠠᠨ ᠤ ᠨᠡᠶᠢᠭᠡᠮᠯᠢᠭ ᠠᠴᠠ ᠱᠸᠪᠡᠷᠲᠦ ᠳᠤ ᠬᠢ ᠮᠣᠩᠭᠤᠯ | ᠲᠤᠮᠳᠠᠳᠦ ᠰᠤᠷᠭᠠᠭᠤᠯᠢ ᠶᠢᠨ ᠰᠤᠷᠤᠬᠴᠢᠳ ᠲᠤ ᠦᠨ᠎ᠡ ᠲᠥᠯᠥᠪᠦᠷᠢ ᠦᠭᠡᠢ ᠪᠠᠷ ᠪᠡᠶ᠎ᠡ ᠶᠢᠨ ᠪᠠᠶᠢᠴᠠᠭᠠᠯᠲᠠ ᠬᠢᠵᠦ | ᠥᠭᠴᠡᠢ᠃ ᠡᠨᠡ ᠪᠠᠶᠢᠴᠠᠭᠠᠯᠲᠠ ᠶᠢᠨ ᠲᠠᠷᠠᠭ᠎ᠠ ᠳᠡᠮᠡᠢ ᠤᠳᠠᠯ ᠦᠭᠡᠢ᠂ ᠱᠸᠪᠡᠷᠲᠦ ᠳᠤ ᠬᠢ ᠮᠣᠩᠭᠤᠯ ᠲᠤᠮᠳᠠᠳᠦ | ᠰᠤᠷᠭᠠᠭᠤᠯᠢ ᠠᠴᠠ ᠨᠠᠳᠠ ᠳᠤ ᠤᠲᠠᠰᠤ ᠢᠷᠡᠭᠦᠯᠵᠦ᠂ ᠨᠠᠮ᠎ᠠ ᠶᠢ ᠳᠠᠷᠤᠶᠢᠬᠠᠨ ᠳᠠᠪᠬᠤᠷᠪᠠᠶᠠᠷ ᠪᠠ ᠵᠠᠯᠭᠠᠪᠠᠶᠠᠷ ᠤᠨ | ᠲᠡᠵᠢᠭᠡᠭᠰᠡᠨ ᠠᠪᠤ ᠪᠤᠤ ᠳ᠋ᠠ ᠰᠢ ᠲᠠᠢ ᠬᠠᠷᠢᠯᠴᠠᠵᠤ᠂ ᠡᠨᠡ ᠬᠡᠦᠬᠡᠳ ᠲᠤ ᠤᠯᠠᠮ ᠨᠢᠭᠡ ᠠᠯᠬᠤᠮ ᠪᠠᠶᠢᠴᠠᠭᠠᠯᠲᠠ | ᠬᠢᠯᠭᠡᠬᠦ ᠶᠢ ᠨᠠᠶᠢᠳᠠᠵᠠᠢ᠃ ᠡᠨᠡ ᠴᠢᠮᠡᠭᠡ ᠪᠠᠷ ᠪᠤᠤ ᠳ᠋ᠠ ᠰᠢ ᠲᠦᠩᠯᠢᠶᠣᠣ ᠳᠤ ᠬᠦᠷᠴᠦ ᠪᠠᠶᠢᠴᠠᠭᠠᠯᠲᠠ ᠬᠢᠯᠭᠡᠭᠡᠳ | ᠵᠠᠯᠭᠠᠪᠠᠶᠠᠷ ᠲᠤ ᠲᠥᠷᠥᠯᠬᠢ ᠶᠢᠨ ᠵᠢᠷᠦᠬᠡᠨ ᠡᠪᠡᠳᠴᠢᠨ ᠲᠠᠢ ᠪᠠᠶᠢᠬᠤ ᠶᠢ ᠮᠡᠳᠡᠵᠡᠢ᠃ ᠡᠭᠦᠨ ᠢ ᠰᠣᠨᠣᠰᠤᠭᠠᠳ ᠪᠢ | ᠴᠦ ᠮᠠᠰᠢ ᠰᠡᠳᠬᠢᠯ ᠵᠣᠪᠠᠵᠤ᠂ ᠤᠯᠠᠭᠠᠨ ᠵᠠᠭᠠᠯᠮᠠᠶᠢᠳᠠᠨ ᠤ ᠨᠡᠶᠢᠭᠡᠮᠯᠢᠭ ᠠᠴᠠ ᠳᠡᠮᠵᠢᠯᠭᠡ ᠭᠤᠶᠤᠴᠢᠯᠠᠪᠠ᠃ ᠤᠯᠠᠭᠠᠨ | ᠵᠠᠭᠠᠯᠮᠠᠶᠢᠳᠠᠨ ᠤ ᠨᠡᠶᠢᠭᠡᠮᠯᠢᠭ ᠴᠦ ᠲᠡᠳᠡᠨᠤᠰ ᠤᠨ ᠪᠠᠶᠢᠳᠠᠯ ᠢ ᠪᠠᠶᠢᠴᠠᠭᠠᠵᠤ ᠮᠡᠳᠡᠭᠡᠳ᠂ ᠵᠠᠯᠭᠠᠪᠠᠶᠠᠷ ᠲᠤ ᠦᠨ᠎ᠡ | ᠲᠥᠯᠥᠪᠦᠷᠢ ᠦᠭᠡᠢ ᠪᠠᠷ ᠮᠡᠰᠡ ᠵᠠᠰᠠᠯ ᠬᠢᠵᠦ ᠥᠭᠬᠦ ᠪᠠᠷ ᠪᠣᠯᠵᠠᠢ ᠭᠡᠵᠦ ᠬᠤᠶᠢᠲᠤ ᠲᠡᠮᠡᠭᠡᠨ ᠲᠠᠯᠠᠪᠠᠢ ᠭᠠᠴᠠᠭᠠᠨ ᠤ | ᠨᠠᠮ ᠤᠨ ᠡᠭᠦᠷ ᠤᠨ ᠱᠦᠵᠢ ᠲᠦᠡᠭ ᠯᠢᠶᠠᠩ ᠬᠡᠯᠡᠵᠦ ᠪᠠᠶᠢᠯ᠎ᠠ᠃ | ᠢᠩᠭᠢᠭᠡᠳ ᠲᠦᠡᠭ ᠯᠢᠶᠠᠩ ᠂ ᠪᠤᠤ ᠳ᠋ᠠ ᠰᠢ ᠪᠣᠯᠣᠨ ᠤᠯᠠᠭᠠᠨ ᠵᠠᠭᠠᠯᠮᠠᠶᠢᠳᠠᠨ ᠤ ᠨᠡᠶᠢᠭᠡᠮᠯᠢᠭ ᠤᠨ ᠠᠵᠢᠯᠲᠠᠨ | ᠲᠠᠢ ᠬᠠᠮᠲᠤ ᠪᠠᠷ ᠪᠡᠭᠡᠵᠢᠩ ᠤᠨ ᠵᠡᠪᠰᠡᠭᠲᠦ ᠴᠠᠭᠳᠠᠭᠠᠨ ᠤ ᠡᠮᠨᠡᠯᠭᠡ ᠶᠢᠨ ᠬᠤᠷᠢᠶ᠎ᠠ ᠳᠤ ᠭᠦᠷᠪᠠ᠃ ᠵᠠᠯᠭᠠᠪᠠᠶᠠᠷ ᠤᠨ | ᠡᠪᠡᠳᠴᠢᠨ ᠨᠢ ᠪᠤᠰᠤᠳ ᠬᠥᠮᠥᠨ ᠤ ᠡᠪᠡᠳᠴᠢᠨ ᠠᠴᠠ ᠬᠦᠨᠳᠦ ᠪᠠᠶᠢᠭᠰᠠᠨ ᠪᠣᠯᠬᠤᠷ ᠭᠤᠷᠪᠠ ᠤᠳᠠᠭ᠎ᠠ ᠮᠡᠰᠡ ᠵᠠᠰᠠᠯ | ᠬᠢᠭᠡᠳ ᠰᠠᠶ᠋ᠢ ᠡᠷᠡᠭᠦᠯᠵᠢᠪᠡ᠃ ᠪᠤᠤ ᠳ᠋ᠠ ᠰᠢ ᠶᠢᠨ ᠦᠢᠯᠡ ᠠᠵᠢᠯᠯᠠᠭ᠎ᠠ ᠶᠢ ᠮᠡᠳᠡᠭᠰᠡᠨ ᠡᠮᠨᠡᠯᠭᠡ ᠶᠢᠨ ᠬᠤᠷᠢᠶᠠᠨ ᠤ | ᠠᠵᠢᠯᠲᠠᠨ ᠴᠦ ᠲᠡᠳᠡᠨᠤᠰ ᠢ ᠮᠠᠭᠲᠠᠨ ᠰᠠᠶᠢᠰᠢᠶᠠᠵᠤ ᠲᠤᠰᠠᠯᠠᠨ ᠲᠠᠮᠵᠢᠵᠦ ᠪᠠᠶᠢᠭᠰᠠᠨ ᠭᠡᠳᠡᠭ᠃ ᠡᠨᠡ ᠦᠶ᠎ᠡ ᠳᠤ᠂ | ᠬᠤᠶᠢᠲᠤ ᠲᠡᠮᠡᠭᠡᠨ ᠲᠠᠯᠠᠪᠠᠢ ᠭᠠᠴᠠᠭᠠᠨ ᠤ ᠠᠷᠠᠳ ᠤᠯᠠᠨ ᠴᠦ ᠰᠠᠶᠢᠨ ᠳᠤᠷ᠎ᠠ ᠠᠴᠠ ᠪᠠᠨ ᠵᠣᠭᠤᠰ ᠬᠠᠨᠳᠢᠪᠯᠡᠵᠤ᠂ | ᠪᠤᠤ ᠳ᠋ᠠ ᠰᠢ ᠳᠤ 5000 ᠲᠥᠭᠦᠷᠢᠭ ᠲᠤᠰᠠᠯᠠᠮᠵᠢ ᠶᠢᠨ ᠮᠥᠩᠭᠦ ᠬᠦᠷᠭᠡᠵᠦ ᠥᠭᠴᠡᠢ᠃ | ᠪᠤᠤ ᠳ᠋ᠠ ᠰᠢ ᠤᠯᠠᠨ ᠤ ᠳᠡᠮᠵᠢᠯᠭᠡ ᠪᠠᠷ ᠬᠦᠦ ᠪᠠᠨ ᠡᠮᠨᠡᠯᠭᠡ ᠶᠢᠨ ᠬᠤᠷᠢᠶ᠎ᠠ ᠳᠤ ᠬᠤᠶᠠᠷ ᠰᠠᠷ᠎ᠠ ᠭᠠᠷᠤᠢ | ᠰᠤᠪᠢᠯᠠᠵᠤ ᠡᠷᠡᠭᠦᠯᠵᠢᠭᠦᠯᠦᠭᠡᠳ ᠦᠷᠭᠦᠯᠵᠢᠯᠡᠨ ᠰᠤᠷᠭᠠᠭᠤᠯᠢ ᠳᠤ ᠨᠢ ᠰᠤᠷᠤᠯᠴᠠᠭᠤᠯᠪᠠ᠃ ᠬᠤᠵᠢᠮ ᠨᠢ᠂ | ᠳᠠᠪᠬᠤᠷᠪᠠᠶᠠᠷ ᠱᠤᠸᠠᠩ ᠫᠣᠣᠽᠢ ᠪᠠᠯᠭᠠᠰᠤᠨ ᠤ ᠠᠵᠢᠯ ᠮᠡᠷᠭᠡᠵᠢᠯ ᠤᠨ ᠰᠤᠷᠭᠠᠭᠤᠯᠢ ᠠᠴᠠ ᠲᠡᠭᠦᠰᠴᠦ᠂ ᠵᠠᠯᠭᠠᠪᠠᠶᠠᠷ | ᠠᠩᠬ᠎ᠠ ᠲᠤᠮᠳᠠᠳᠦ ᠪᠠᠨ ᠲᠡᠭᠦᠰᠦᠭᠡᠳ ᠬᠤᠶᠠᠭᠤᠯᠠ ᠪᠠᠨ ᠪᠠᠶᠠᠨᠨᠠᠭᠤᠷ ᠬᠤᠳᠠ ᠳᠤ ᠰᠠᠨᠠᠭᠠᠨ ᠳᠤ ᠪᠠᠨ ᠲᠣᠬᠢᠷᠠᠭᠰᠠᠨ | ᠠᠵᠢᠯ ᠣᠯᠵᠤ ᠨᠤᠲᠤᠭᠰᠢᠨ ᠠᠮᠢᠳᠤᠷᠠᠵᠠᠢ᠃ ᠦᠷ᠎ᠡ ᠶᠢᠨ ᠲᠥᠯᠥᠭᠡ ᠥᠲᠡᠯᠵᠦ᠂ ᠵᠤᠯᠵᠠᠭ᠎ᠠ ᠶᠢᠨ ᠲᠥᠯᠥᠭᠡ | ᠵᠤᠲᠠᠨᠠ ᠭᠡᠳᠡᠭ ᠢᠶᠠᠷ᠂ ᠡᠳᠡᠭᠡᠷ ᠵᠢᠯ ᠤᠨ ᠲᠤᠷᠰᠢ ᠦᠷ᠎ᠡ ᠬᠡᠦᠬᠡᠳ ᠢᠶᠠᠨ ᠥᠪᠡᠷ ᠤᠨ ᠬᠥᠮᠥᠨ ᠤ ᠭᠡᠵᠦ ᠢᠯᠭᠠᠯ | ᠦᠭᠡᠢ ᠨᠢᠭᠡ ᠯᠠ ᠰᠡᠳᠬᠢᠯ ᠢᠶᠠᠷ ᠬᠥᠮᠥᠨ ᠪᠤᠯᠭᠠᠬᠤ ᠭᠡᠵᠦ ᠥᠷᠯᠥᠭᠡ ᠦᠳᠡᠰᠢ ᠶᠢ ᠲᠡᠮᠡᠴᠡᠨ ᠵᠢᠷᠦᠬᠡᠨ ᠲᠠᠮᠢᠷ ᠢᠶᠠᠨ | ᠰᠢᠪᠬᠠᠵᠤ ᠶᠠᠪᠤᠭᠰᠠᠨ ᠪᠤᠤ ᠳ᠋ᠠ ᠰᠢ ᠡᠨᠡ ᠵᠢᠯ ᠤᠨ ᠬᠠᠪᠤᠷ ᠪᠡᠶ᠎ᠡ ᠨᠢ ᠪᠠᠭᠠᠬᠠᠨ ᠡᠪ ᠦᠭᠡᠢ ᠪᠣᠯᠤᠭᠰᠠᠨ ᠢᠶᠠᠷ | ᠡᠮᠨᠡᠯᠭᠡ ᠳᠤ ᠬᠦᠷᠴᠦ ᠪᠠᠶᠢᠴᠠᠭᠠᠯᠭᠠᠭᠰᠠᠨ ᠳᠤ ᠤᠯᠠᠭᠠᠨ ᠬᠤᠭᠤᠯᠠᠢ ᠶᠢᠨ ᠦᠮᠠᠨ ᠭᠡᠵᠦ ᠣᠨᠣᠰᠢᠯᠠᠵᠠᠢ᠃ ᠮᠡᠰᠡ | ᠵᠠᠰᠠᠯ ᠬᠢᠪᠡᠯ ᠠᠷᠪᠠᠨ ᠲᠦᠮᠡᠨ ᠲᠥᠭᠦᠷᠢᠭ ᠬᠡᠷᠡᠭᠰᠡᠬᠦ ᠶᠤᠮ ᠭᠡᠨ᠎ᠡ᠃ ᠠᠷᠪᠠᠨ ᠲᠦᠮᠡᠨ ᠲᠥᠭᠦᠷᠢᠭ︕ ᠪᠤᠤ ᠳ᠋ᠠ | ᠰᠢ ᠶᠢᠨ ᠬᠢᠨ ᠳᠤ ᠠᠪᠴᠤ ᠬᠡᠯᠡᠪᠡᠯ ᠲᠡᠭᠷᠢ ᠶᠢᠨ ᠲᠤᠭ᠎ᠠ᠂ ᠲᠡᠷᠡ ᠵᠣᠭᠤᠰ ᠢ ᠬᠡᠷᠬᠢᠨ ᠭᠠᠷᠭᠠᠬᠤ ᠪᠠᠨ ᠣᠯᠵᠤ | ᠶᠠᠳᠠᠨ ᠠᠷᠭ᠎ᠠ ᠪᠠᠷᠠᠭᠳᠠᠨ ᠵᠣᠪᠠᠵᠤ ᠪᠠᠶᠢᠲᠠᠯ᠎ᠠ ᠥᠪᠡᠷ ᠤᠨ ᠬᠢ ᠨᠢ ᠥᠬᠢᠨ ᠪᠠ ᠲᠡᠵᠢᠭᠡᠭᠰᠡᠨ ᠬᠦᠦ ᠳᠠᠪᠬᠤᠷᠪᠠᠶᠠᠷ᠂ | ᠵᠠᠯᠭᠠᠪᠠᠶᠠᠷ ᠨᠠᠷ ᠳᠠᠷᠤᠶᠢᠬᠠᠨ ᠵᠣᠭᠤᠰ ᠮᠥᠩᠭᠦ ᠶᠢ ᠨᠢ ᠪᠦᠷᠢᠳᠦᠭᠦᠯᠵᠦ ᠥᠭᠭᠦᠭᠰᠡᠨ ᠢᠶᠠᠷ ᠡᠪᠡᠳᠴᠢᠨ ᠤ ᠬᠤᠣᠷ ᠨᠢ | ᠲᠠᠷᠬᠠᠬᠤ ᠠᠴᠠ ᠡᠮᠦᠨ᠎ᠡ ᠮᠡᠰᠡ ᠵᠠᠰᠠᠯ ᠬᠢᠵᠦ ᠠᠮᠵᠢᠵᠠᠢ᠃ ᠦᠢᠯᠡ ᠪᠠᠨ ᠪᠠᠷᠠᠵᠤ ᠦᠰᠦ ᠪᠠᠨ ᠲᠡᠭᠦᠵᠦ ᠥᠰᠬᠡᠭᠰᠡᠨ | ᠦᠷ᠎ᠡ ᠬᠡᠦᠬᠡᠳ ᠨᠢ ᠥᠨᠥᠳᠥᠷ ᠪᠦᠷ ᠬᠥᠮᠥᠨ ᠤ ᠵᠡᠷᠭᠡ ᠳᠤ ᠬᠦᠷᠴᠦ ᠲᠠᠮᠤ ᠶᠢᠨ ᠡᠭᠦᠳᠡ ᠶᠢ ᠲᠣᠭᠰᠢᠭᠰᠠᠨ | ᠲᠡᠭᠦᠨ ᠢ ᠡᠷᠯᠢᠭ ᠤᠨ ᠣᠷᠣᠨ ᠠᠴᠠ ᠡᠭᠡᠭᠦᠯᠵᠦ ᠠᠪᠴᠢᠷᠠᠯ᠎ᠠ᠃ | ᠊ ᠊᠊᠊᠊᠊ ᠦᠷ᠎ᠡ ᠬᠡᠦᠬᠡᠳ ᠮᠠᠨᠢ ᠥᠰᠴᠦ ᠥᠭᠡᠯᠡᠢ ᠥᠨᠳᠥᠷ ᠪᠣᠯᠵᠤ ᠥᠪᠡᠷ ᠥᠪᠡᠷ ᠤᠨ ᠠᠵᠢᠯ ᠠᠮᠢᠳᠤᠷᠠᠯ ᠲᠠᠢ | ᠪᠣᠯᠤᠭᠰᠠᠨ ᠴᠤ ᠬᠤᠪᠢᠨ ᠳᠤ ᠪᠠᠨ ᠪᠦᠷ ᠠᠷᠠᠢ ᠴᠢᠷᠠᠢ᠂ ᠥᠲᠡᠯᠬᠦ ᠶᠢᠨ ᠦᠵᠦᠭᠦᠷ ᠲᠤ ᠦᠷ᠎ᠡ ᠬᠡᠦᠬᠡᠳ ᠲᠤ ᠪᠠᠨ | ᠳᠠᠷᠤᠭᠠᠰᠤ ᠪᠤᠤ ᠪᠣᠯᠣᠶ᠎ᠠ ᠭᠡᠵᠦ ᠪᠤᠳᠤᠬᠰᠠᠨ ᠪᠢ ᠡᠶᠢᠮᠦ ᠮᠠᠭᠤ ᠡᠪᠡᠳᠴᠢᠨ ᠳᠤ ᠨᠡᠷᠪᠡᠭᠳᠡᠴᠢᠬᠡᠬᠦ ᠭᠡᠵᠦ ᠦᠨᠡᠬᠡᠷ | ᠰᠠᠨᠠᠭᠰᠠᠨ ᠦᠭᠡᠢ ᠠ᠋᠃ ᠰᠠᠶᠢᠨ ᠰᠠᠨᠠᠭ᠎ᠠ ᠴᠠᠭᠠᠪᠤᠷ ᠰᠡᠳᠬᠢᠯ ᠢᠶᠠᠷ ᠶᠠᠪᠤᠭᠰᠠᠨ ᠶᠤᠮ ᠬᠤᠶᠢᠨ᠎ᠠ ᠵᠦᠭᠡᠷ ᠪᠠᠶᠢᠯᠭᠦᠢ | ᠳ᠋ᠠ ᠭᠡᠵᠦ ᠪᠤᠤ ᠳ᠋ᠠ ᠰᠢ ᠰᠣᠷᠪᠤᠯᠵᠢᠯᠠᠭ᠎ᠠ ᠬᠦᠯᠢᠶᠡᠬᠦ ᠳᠤ ᠪᠠᠨ ᠬᠡᠯᠡᠵᠦ ᠪᠠᠶᠢᠯ᠎ᠠ᠃ | ᠦᠷᠭᠦᠯᠵᠢ ᠥᠷᠥᠭᠡᠯ ᠪᠤᠰᠤᠳ ᠢ ᠲᠤᠰᠠᠯᠠᠵᠤ ᠶᠠᠪᠤᠭᠰᠠᠨ ᠥᠷᠥᠪᠴᠢ ᠰᠡᠳᠬᠢᠯᠲᠡᠨ ᠪᠤᠤ ᠳ᠋ᠠ ᠰᠢ ᠲᠠᠢ | ᠠᠮᠢᠳᠤᠷᠠᠯ ᠦᠨᠡᠬᠡᠷ ᠬᠠᠲᠠᠭᠤ ᠲᠣᠭᠯᠠᠵᠠᠢ᠃ ᠲᠡᠷᠡ ᠪᠦᠭᠦᠨ ᠢ ᠠᠵᠢᠭ ᠦᠭᠡᠢ ᠢᠯᠠᠨ ᠳᠠᠪᠠᠭ᠋ᠤ ᠢᠲᠡᠭᠡᠯ ᠵᠣᠷᠢᠭ | ᠲᠡᠭᠦᠨ ᠳᠤ ᠪᠤᠢ ᠭᠡᠳᠡᠭ ᠢ ᠪᠤᠤ ᠳ᠋ᠠ ᠰᠢ ᠶᠢ ᠲᠠᠨᠢᠳᠠᠭ ᠬᠥᠮᠥᠨ ᠪᠣᠯᠭᠠᠨ ᠨᠢ ᠪᠠᠷᠳᠠᠮ ᠢᠲᠡᠭᠡᠨ᠎ᠡ᠃ ᠤᠴᠢᠷ ᠨᠢ | ᠲᠡᠷᠡ ᠪᠣᠯ ᠬᠡᠵᠢᠶᠡᠳᠡ ᠬᠥᠮᠥᠨ ᠵᠤᠨ ᠤ ᠪᠠᠨ ᠰᠡᠳᠬᠢᠯ ᠳᠤ ᠰᠦᠨᠳᠡᠷᠯᠡᠬᠦ ︽ᠲᠡᠮᠦᠷ ᠡᠷ᠎ᠡ︾ ᠰᠢᠦ ᠳ᠋ᠠ᠃ | | |