ᠤᠷᠠᠨ ᠪᠦᠲᠦᠭᠡᠯ ᠤᠨ ᠮᠢᠨᠢ ᠤᠨᠠᠭᠠᠨ ᠪᠠᠭᠤᠴᠠ
ᠨᠡᠶᠢᠲᠡᠯᠡᠭᠰᠡᠨ ᠴᠠᠭ᠄
2023/12/28
   1985 ᠤᠨ ᠤ 12  ᠳ᠋ᠤᠭᠠᠷ ᠰᠠᠷ᠎ᠠ ᠶᠢᠨ 25 ᠤ ᠡᠳᠤᠷ ᠤᠨ ︽ᠵᠢᠷᠢᠮ ᠤᠨ ᠰᠤᠨᠢᠨ︾ ᠤ ᠬᠡᠦᠬᠡᠳ ᠪᠠᠭᠠᠴᠤᠳ ᠲᠤ ᠵᠤᠷᠢᠭᠤᠯᠤᠭᠰᠠᠨ ︽ᠨᠢᠯᠬ᠎ᠠ ᠴᠢᠬᠢ︾ ᠪᠤᠯᠤᠩ ᠳᠤ ︽ᠰᠢᠯᠦᠭ ᠭᠤᠷᠪᠠᠨ ᠪᠠᠳᠠᠭ︾ ᠬᠡᠬᠦ ᠰᠢᠯᠦᠭ  ᠢᠶᠠᠨ ᠨᠡᠶᠢᠲᠡᠯᠡᠭᠦᠯᠦᠭᠰᠡᠨ ᠠᠴᠠ 2023 ᠤᠨ ᠤ 8 ᠳ᠋ᠤᠭᠠᠷ ᠰᠠᠷ᠎ᠠ ᠶᠢᠨ 26 ᠤ ᠡᠳᠤᠷ ᠤᠨ ︽  ᠲᠦᠩᠯᠢᠶᠤᠤ ᠡᠳᠤᠷ ᠤᠨ ᠰᠤᠨᠢᠨ︾  ᠤ ︽ᠬᠤᠤᠯᠢᠨ ᠭᠤᠤᠯ︾ ᠤᠷᠠᠨ ᠵᠤᠬᠢᠶᠠᠯ ᠤᠨ ᠨᠢᠭᠤᠷ ᠲᠤ ︽ᠡᠶᠢᠮᠤ ᠤᠯᠠᠨ ᠴᠠᠭ ᠲᠤ︾ ᠭᠡᠬᠦ ᠰᠢᠯᠦᠭ ᠢᠶᠠᠨ ᠨᠡᠶᠢᠲᠡᠯᠡᠭᠦᠯᠬᠦ ᠪᠣᠯᠲᠠᠯᠠᠬᠢ 38 ᠵᠢᠯ ᠤᠨ ᠲᠤᠷᠰᠢ ᠪᠢ ︽ᠲᠦᠩᠯᠢᠶᠤᠤ ᠡᠳᠤᠷ ᠤᠨ ᠰᠤᠨᠢᠨ︾  ᠳᠤ 483 ᠰᠢᠯᠦᠭ ᠨᠡᠶᠢᠷᠠᠭᠤᠯᠤᠯ ᠨᠡᠶᠢᠲᠡᠯᠡᠭᠦᠯᠵᠤ ᠪᠠᠶᠢᠨ᠎ᠠ᠃ ᠨᠢᠭᠡ ᠰᠤᠨᠢᠨ ᠨᠢᠭᠡ ᠰᠢᠯᠦᠭᠴᠢ ᠶᠢᠨ ᠪᠦᠲᠦᠭᠡᠯ ᠢ ᠢᠩᠭᠢᠵᠤ ᠤᠯᠠᠨ ᠨᠡᠶᠢᠲᠡᠯᠡᠨ᠎ᠡ ᠭᠡᠳᠡᠭ ᠨᠢᠭᠡ ᠪᠤᠳᠤᠪᠠᠯ ᠬᠤᠪᠤᠷᠬᠠᠨ ᠶᠠᠪᠤᠲᠠᠯ᠂ ᠨᠢᠭᠡ ᠰᠢᠯᠦᠭᠴᠢ ᠨᠢᠭᠡ ᠰᠤᠨᠢᠨ ᠳᠤ ᠡᠶᠢᠮᠤ ᠤᠯᠠᠨ ᠰᠢᠯᠦᠭ ᠦᠭᠭᠦᠨ᠎ᠠ ᠭᠡᠳᠡᠭ  ᠪᠠᠰᠠ ᠰᠤᠨᠢᠬᠠᠨ ᠤᠴᠢᠷ᠃ ︽ᠲᠦᠩᠯᠢᠶᠤᠤ ᠡᠳᠤᠷ ᠤᠨ ᠰᠤᠨᠢᠨ︾  ᠲᠠᠢ ᠪᠢ ᠢᠩᠭᠢᠵᠤ ᠭᠤᠴᠢ ᠭᠠᠷᠤᠢ ᠵᠢᠯ ᠤᠨ ᠢᠷᠦᠭᠡᠯ ᠲᠤᠭᠳᠠᠵᠤ᠂ ︽ᠲᠦᠩᠯᠢᠶᠤᠤ ᠡᠳᠤᠷ ᠤᠨ ᠰᠤᠨᠢᠨ︾ ᠤ ᠬᠡᠳᠦᠨ ᠦᠶ᠎ᠡ ᠶᠢᠨ ᠤᠳᠤᠷᠢᠳᠤᠯᠭ᠎ᠠ ᠪᠤᠯᠤᠨ ᠨᠠᠶᠢᠷᠠᠭᠤᠯᠤᠭᠴᠢ  ᠪᠠᠭᠰᠢ ᠨᠠᠷ ᠲᠠᠢ ᠲᠡᠭᠡᠵᠤ ᠭᠤᠶᠢᠪᠢᠰᠢ ᠦᠭᠡᠢ ᠢᠲᠡᠭᠡᠯ ᠵᠢᠷᠦᠮ ᠤᠨ ᠪᠠᠷᠢᠯᠳᠤᠯᠭ᠎ᠠ ᠲᠠᠢ ᠪᠤᠯᠤᠭᠰᠠᠨ ᠶᠤᠮ᠃                               ᠬᠤᠶᠠᠷ                     ᠨᠠᠮ᠎ᠠ ᠶᠢ ᠦᠨᠳᠤᠷ ᠲᠤᠮᠳᠠᠳᠤ ᠶᠢᠨ ᠬᠤᠶᠠᠳᠤᠭᠠᠷ ᠤᠨ ᠤ ᠰᠤᠷᠤᠭᠴᠢ ᠪᠠᠶᠢᠬᠤ ᠳᠤ ᠵᠠᠷᠤᠳ ᠬᠤᠰᠢᠭᠤᠨ ᠤ ᠨᠤᠮ ᠤᠨ ᠰᠠᠩ ᠠᠴᠠ ᠰᠢᠯᠦᠭ ᠤᠩᠰᠢᠯᠭ᠎ᠠ ᠶᠢᠨ ᠤᠷᠤᠯᠳᠤᠭᠠᠨ ᠡᠷᠬᠢᠯᠡᠵᠡᠢ᠃  ᠰᠢᠯᠦᠭ ᠵᠤᠬᠢᠶᠠᠯ ᠭᠡᠪᠡᠯ ᠰᠦᠨᠡᠰᠤ ᠶᠢ ᠲᠠᠭᠤᠲᠠᠵᠤ ᠪᠠᠶᠢᠭᠰᠠᠨ ᠴᠠᠭ᠂ ᠡᠶᠢᠮᠤ ᠰᠠᠶᠢᠬᠠᠨ ᠲᠤᠬᠢᠶᠠᠯ  ᠨᠠᠳᠠ ᠳᠤ ᠬᠠᠨᠠᠰᠠ ᠤᠯᠳᠠᠨ᠎ᠠ︕ ᠪᠢ ᠪᠠᠭᠰᠢ ᠪᠠᠨ ᠭᠤᠶᠤᠵᠤ ᠪᠠᠶᠢᠭᠠᠳ ᠲᠡᠷᠡ ᠤᠷᠤᠯᠳᠤᠭᠠᠨ   ᠳᠤ ᠨᠢ ᠠᠵᠠ ᠪᠠᠷ ᠤᠯᠵᠤ ᠤᠷᠤᠯᠴᠠᠭᠰᠠᠨ ᠶᠤᠮ᠃  ᠮᠠᠨ ᠤ ᠬᠤᠰᠢᠭᠤᠨ ᠤ ᠬᠡᠳᠦᠨ ᠦᠶ᠎ᠡ ᠶᠢᠨ ᠰᠢᠯᠦᠭᠴᠢ ᠵᠤᠬᠢᠶᠠᠯᠴᠢ ᠨᠢᠭᠡ ᠲᠢᠩᠬᠢᠮ ᠳᠤ ᠴᠤᠭᠯᠠᠷᠠᠭᠰᠠᠨ  ᠨᠢᠵᠢᠭᠢᠷ ᠰᠠᠶᠢᠬᠠᠨ ᠨᠠᠶᠢᠷ ᠪᠠᠶᠢᠭᠰᠠᠨ ᠶᠤᠮ᠃ ᠬᠢᠨᠠᠭᠴᠢ ᠶᠢᠨ ᠲᠤᠳᠤᠷ᠎ᠠ᠂ ᠭᠡᠵᠢᠭᠡ ᠪᠠᠨ ᠮᠦᠯᠶᠢᠲᠡᠯ᠎ᠡ ᠰᠠᠶᠢᠬᠠᠨ ᠰᠠᠮᠨᠠᠵᠤ᠂ ᠱᠠᠬᠠᠢ ᠪᠠᠨ ᠭᠢᠯᠠᠯᠵᠠᠲᠠᠯ᠎ᠠ ᠰᠠᠶᠢᠬᠠᠨ ᠲᠤᠰᠤᠯᠠᠭᠰᠠᠨ ᠬᠦᠮᠦᠰᠬᠡ ᠠᠷᠢᠭᠤᠨ ᠨᠢᠳᠤ ᠲᠤᠩᠭᠠᠯᠠᠭ᠂ ᠪᠠᠶ᠎ᠠ ᠭᠠᠳᠠᠷ ᠲᠡᠷᠢ ᠲᠡᠭᠰᠢ ᠨᠢᠭᠡᠨ ᠵᠠᠯᠠᠭᠤ ᠪᠠᠭᠰᠢᠲᠠᠨ ᠮᠢᠨᠤ ᠠᠩᠬᠠᠷᠤᠯ ᠢ ᠰᠤᠷᠢᠨᠵᠢᠨ ᠮᠡᠳᠤ ᠲᠠᠲᠠᠯ᠎ᠠ᠃ ᠡᠨᠡ ᠬᠦᠮᠦᠨ ᠬᠡᠨ ᠪᠤᠯᠴᠢᠬᠠᠪᠠ ᠳ᠋ᠠ ᠬᠡᠵᠤ ᠪᠢ ᠶᠡᠭᠡ ᠭᠠᠶᠢᠬᠠᠵᠤ ᠪᠠᠶᠢᠲᠠᠯ᠎ᠠ ᠬᠦᠲᠦᠯᠦᠭᠴᠢ ᠠᠴᠠ ︽  ᠵᠢᠷᠢᠮ ᠤᠨ ᠰᠤᠨᠢᠨ︾ ᠤ  ᠰᠤᠷᠪᠤᠯᠵᠢᠯᠠᠭᠴᠢ ᠬᠦᠷᠡᠯᠵᠢᠷᠦᠬᠡ ᠭᠡᠵᠤ ᠲᠠᠨᠢᠯᠴᠠᠭᠤᠯᠬᠤ ᠪᠠᠷ ᠲᠡᠷᠡ ᠬᠦᠮᠦᠨ ᠦᠨᠲᠡᠶᠢᠨ ᠪᠤᠰᠴᠤ ᠤᠯᠠᠨ ᠲᠠᠢ ᠮᠡᠨᠳᠤᠴᠢᠯᠡᠵᠤ ᠪᠠᠶᠢᠭᠰᠠᠨ ᠶᠤᠮ᠃ ᠲᠤᠬᠠᠢ ᠶᠢᠨ ᠦᠶ᠎ᠡ ᠳᠤ ᠪᠢ ᠲᠡᠭᠦᠨ ᠢ ᠮᠠᠨ ᠤ ᠵᠠᠷᠤᠳ ᠤᠨ ᠬᠦᠮᠦᠨ ᠭᠡᠵᠤ ᠮᠡᠳᠡᠬᠦ ᠦᠭᠡᠢ᠃ ᠲᠡᠷᠡ ᠲᠠᠯᠠᠪᠠᠢ ᠳᠤ ᠪᠢ ᠲᠡᠭᠦᠨ ᠲᠠᠢ ᠬᠡᠳᠦᠢ ᠲᠠᠨᠢᠯᠴᠠᠶ᠎ᠠ ᠭᠡᠵᠤ ᠵᠤᠷᠢᠭᠯᠠᠭᠰᠠᠨ ᠪᠤᠯᠪᠠᠴᠤ ᠠᠶᠤᠮᠰᠢᠭ ᠦᠭᠡᠢ  ᠣᠶᠢᠷᠠᠳᠴᠤ ᠴᠢᠳᠠᠭᠰᠠᠨ ᠦᠭᠡᠢ᠃ ᠬᠤᠶᠠᠷ ᠵᠢᠯ ᠤᠨ ᠲᠠᠷᠠᠭ᠎ᠠ ᠪᠢ ᠵᠤᠤ ᠤᠳᠠ ᠶᠢᠨ ᠪᠠᠭᠰᠢ  ᠶᠢᠨ ᠲᠤᠰᠬᠠᠢ ᠮᠡᠷᠭᠡᠵᠢᠯ ᠤᠨ ᠰᠤᠷᠭᠠᠭᠤᠯᠢ ᠳᠤ ᠰᠢᠯᠭᠠᠵᠤ ᠤᠷᠤᠭᠠᠳ ᠬᠦᠷᠡᠯᠵᠢᠷᠦᠬᠡ᠂ ᠮᠠᠨᠵᠢᠯᠠ ᠭᠡᠭᠴᠢ ᠨᠢ ᠮᠠᠨ  ᠤ ᠵᠠᠷᠤᠳ ᠤᠨ ᠭᠡᠷᠴᠢᠯᠠᠭᠤ ᠰᠤᠮᠤ ᠶᠢᠨ ᠬᠦᠮᠦᠨ᠂ ᠬᠤᠶᠠᠭᠤᠯᠠ ᠪᠠᠨ ᠨᠢᠭᠡ ᠯᠡ ᠵᠢᠯ ᠲᠦᠪ ᠤᠨ ᠦᠨᠳᠤᠰᠤᠲᠡᠨ ᠤ ᠲᠡᠭᠡᠳᠤ ᠰᠤᠷᠭᠠᠭᠤᠯᠢ ᠳᠤ ᠰᠢᠯᠭᠠᠵᠤ ᠤᠷᠤᠭᠠᠳ ᠲᠡᠭᠦᠰᠦᠭᠰᠡᠨ ᠤ ᠬᠤᠶᠢᠨ᠎ᠠ ᠨᠢᠭᠡ ᠨᠢ ᠰᠤᠨᠢᠨ ᠤ ᠬᠤᠷᠢᠶ᠎ᠠ᠂ ᠨᠢᠭᠡ  ᠨᠢ ᠷᠠᠳᠢᠤ᠋ ᠬᠤᠷᠢᠶ᠎ᠠ ᠳᠤ ᠠᠵᠢᠯ ᠤᠨ ᠭᠠᠷᠤᠭ᠎ᠠ ᠠᠪᠤᠭᠰᠠᠨ ᠢ ᠤᠯᠵᠤ ᠮᠡᠳᠡᠭᠰᠡᠨ ᠶᠤᠮ᠃1986 ᠤᠨ ᠤ ᠡᠪᠦᠯ  ᠤᠨ ᠠᠮᠠᠷᠠᠯᠲᠠ ᠪᠠᠷ ᠭᠡᠷ  ᠲᠤ ᠪᠠᠨ ᠢᠷᠡᠬᠦ  ᠳᠤ ᠪᠠᠨ ᠪᠢ ᠲᠦᠩᠯᠢᠶᠤᠤ ᠳᠤ ᠪᠠᠭᠤᠵᠤ ︽ᠵᠢᠷᠢᠮ ᠤᠨ ᠰᠤᠨᠢᠨ︾ ᠤ ᠨᠠᠶᠢᠷᠠᠭᠤᠯᠤᠭᠴᠢ ᠪᠠᠶᠢᠭᠰᠠᠨ ᠬᠦᠷᠡᠯᠵᠢᠷᠦᠬᠡ ᠠᠬ᠎ᠠ ᠶᠢ ᠲᠤᠰᠬᠠᠶᠢᠯᠠᠨ ᠡᠷᠢᠵᠤ ᠤᠴᠢᠯ᠎ᠠ᠃ ᠲᠤᠬᠠᠢ ᠶᠢᠨ ᠦᠶ᠎ᠡ ᠳᠤ ︽ᠵᠢᠷᠢᠮ ᠤᠨ ᠰᠤᠨᠢᠨ ᠤ ᠬᠤᠷᠢᠶ᠎ᠠ︾ ᠶᠢᠨ ᠡᠭᠦᠲᠡᠨ ᠬᠠᠷᠠᠭᠤᠯ ᠤᠨ ᠴᠢᠩᠭ᠎ᠠ ᠭᠡᠳᠡᠭ ᠨᠢ ᠬᠡᠷᠡᠭ᠂ ᠵᠢᠰᠤ ᠪᠤᠷᠤᠭᠤ ᠬᠦᠮᠦᠨ ᠤᠷᠤᠨ᠎ᠠ  ᠭᠡᠭᠴᠢ ᠰᠠᠨᠠᠭ᠎ᠠ ᠪᠠᠨ ᠬᠤᠷᠢᠶᠠ ᠭᠡᠪᠡᠯ ᠨᠢᠭᠡ ᠯᠡ ᠦᠭᠡ᠃ ᠪᠢ   ᠡᠭᠦᠲᠡᠨ ᠬᠠᠷᠠᠭᠤᠯ ᠳᠤ ᠬᠦᠷᠡᠯᠵᠢᠷᠦᠭᠡ ᠪᠠᠭᠰᠢ ᠶᠢ ᠡᠷᠢᠨ᠎ᠡ ᠭᠡᠪᠡᠯ ᠲᠡᠷᠡ ᠰᠠᠶ᠋ᠢ ᠦᠢᠰᠢᠶᠠᠬᠤ ᠬᠦᠮᠦᠨ ᠪᠢᠰᠢ᠂ ᠬᠤᠶᠠᠷ ᠬᠡᠯᠡᠭᠡᠳ ᠪᠠᠰᠠ ᠲᠤᠰᠠ ᠭᠠᠷᠤᠭᠰᠠᠨ ᠦᠭᠡᠢ ᠲᠤᠯᠠ ᠶᠠᠪᠤᠬᠤ ᠤᠤ ᠬᠦᠯᠢᠶᠡᠬᠦ ᠤᠤ ᠭᠡᠵᠤ ᠲᠦᠲᠡᠭᠡᠯᠵᠡᠵᠤ ᠪᠠᠶᠢᠲᠠᠯ᠎ᠠ ︽ᠵᠠᠶᠠᠭ᠎ᠠ ᠲᠠᠢ ᠬᠦᠮᠦᠨ ᠵᠠᠮ ᠲᠡᠭᠡᠷ᠎ᠡ︾ ᠭᠡᠭᠴᠢ ᠪᠠᠷ ᠬᠦᠷᠡᠯᠵᠢᠷᠦᠬᠡ ᠪᠠᠭᠰᠢ ᠶᠠᠭ ᠭᠠᠷᠴᠤ ᠢᠷᠡᠬᠦ  ᠲᠠᠢ ᠲᠤᠬᠢᠶᠠᠯᠳᠤᠯ᠎ᠠ᠃ ᠲᠡᠭᠡᠭᠡᠳ ᠰᠠᠶ᠋ᠢ ᠪᠢ  ᠡᠨᠡ ᠬᠦ ᠠᠷᠢᠭᠤᠨ ᠲᠠᠭᠰᠢᠨ ᠬᠦᠷᠢᠶᠡᠨ ᠳᠤ ᠠᠩᠬ᠎ᠠ ᠤᠳᠠᠭ᠎ᠠ ᠠᠯᠬᠤᠵᠤ ᠤᠷᠤᠵᠤ ᠴᠢᠳᠠᠭᠰᠠᠨ ᠪᠢᠯᠡ᠃ ᠲᠡᠷᠡ ᠤᠳᠠᠭ᠎ᠠ ᠬᠦᠷᠡᠯᠵᠢᠷᠦᠬᠡ ᠠᠬ᠎ᠠ ᠮᠢᠨᠤ ᠵᠠᠷᠤᠳ ᠤᠨ ᠰᠢᠯᠦᠭ ᠤᠩᠰᠢᠯᠭ᠎ᠠ ᠶᠢᠨ ᠤᠷᠤᠯᠳᠤᠭᠠᠨ ᠳᠤ ᠬᠤᠶᠠᠳᠤᠭᠠᠷ ᠲᠡᠰ ᠲᠤ ᠤᠷᠤᠭᠰᠠᠨ ᠢ ᠴᠡᠭᠡᠵᠢᠯᠡᠵᠤ ᠪᠠᠶᠢᠭᠰᠠᠨ ᠮᠦᠷᠲᠡᠭᠡᠨ ᠮᠢᠨᠤ ᠢᠯᠡᠭᠡᠭᠰᠡᠨ ᠰᠢᠯᠦᠭ ᠢ ᠬᠡᠳᠤ ᠶᠢ ᠨᠡᠶᠢᠲᠡᠯᠡᠴᠢᠬᠡᠭᠡᠳ ᠪᠠᠶᠢᠵᠠᠢ᠃ ᠬᠦᠷᠡᠯᠵᠢᠷᠦᠬᠡ ᠠᠬ᠎ᠠ  ᠨᠠᠳᠠ ᠳᠤ ︽ᠲᠠᠰᠤᠷᠠᠯᠳᠠ ᠦᠭᠡᠢ ᠪᠢᠴᠢᠭᠡᠳ ᠪᠠᠢ᠂ ᠰᠢᠯᠦᠭ ᠵᠤᠬᠢᠶᠠᠯ ᠢᠶᠠᠨ ᠮᠠᠨ ᠤ ᠰᠤᠨᠢᠨ ᠳᠤ ᠢᠯᠡᠭᠦᠬᠡᠨ ᠦᠭᠭᠦᠭᠡᠷᠡᠢ︾ ᠭᠡᠵᠤ ᠡᠩ ᠤᠨ ᠬᠡᠳᠦᠬᠡᠨ ᠦᠬᠡ ᠪᠠᠷ ᠵᠤᠷᠢᠭᠵᠢᠭᠤᠯᠵᠤ ᠪᠠᠶᠢᠭᠰᠠᠨ ᠶᠤᠮ᠃ ᠲᠡᠷᠡ ᠵᠤᠷᠢᠭᠵᠢᠭᠤᠯᠤᠯ ᠤᠨ ᠠᠴᠢ ᠪᠠᠷ ᠪᠢ ᠦᠨᠦᠳᠦᠷ ᠲᠤ ᠲᠤᠯᠲᠠᠯ᠎ᠠ  ᠪᠢᠯᠢᠭ ᠮᠤᠬᠤᠭ᠎ᠠ ᠦᠭᠡᠢ ᠰᠢᠯᠦᠭ ᠢᠶᠠᠨ ᠪᠢᠴᠢᠭᠰᠡᠭᠡᠷ᠂ ᠪᠢᠷ ᠵᠢᠪᠡᠷᠡᠭᠡ  ᠦᠭᠡᠢ ᠨᠠᠶᠢᠷᠠᠭ ᠢᠶᠠᠨ ᠲᠠᠲᠠᠯᠠᠭᠰᠠᠭᠠᠷ  ᠡ︕                                                          ᠭᠤᠷᠪᠠ                    ᠮᠢᠨᠤ ᠰᠢᠯᠦᠭ ᠪᠦᠲᠦᠭᠡᠯ ᠢ ᠨᠢᠭᠡ ᠪᠢᠴᠢᠬᠠᠨ ᠭᠤᠷᠤᠬ᠎ᠠ ᠭᠡᠵᠤ ᠪᠤᠳᠤᠪᠠᠯ ︽ᠵᠢᠷᠢᠮ ᠤᠨ ᠰᠤᠨᠢᠨ︾ ᠪᠤᠯ ᠡᠨᠡ ᠭᠤᠷᠤᠬ᠎ᠠ ᠶᠢᠨ ᠡᠬᠢ ᠠᠪᠤᠭᠰᠠᠨ ᠭᠠᠵᠠᠷ ᠭᠡᠯᠲᠠᠢ᠃ ᠭᠤᠴᠢ ᠭᠠᠷᠤᠢ ᠵᠢᠯ ᠮᠡᠯᠮᠡᠯᠵᠡᠨ ᠲᠤᠨᠤᠯᠵᠠᠬᠤ ᠡᠨᠡ ᠪᠤᠯᠠᠭ ᠤᠨ ᠡᠬᠢᠨ ᠲᠡᠭᠡᠷ᠎ᠡ ᠪᠢ ᠰ᠊ · ᠨᠠᠨᠳᠢᠨ᠂ ᠬᠦᠷᠡᠯᠵᠢᠷᠦᠬᠡ᠂ ᠲᠡᠮᠴᠢᠭ ᠵᠡᠷᠭᠡ  ︽ᠬᠤᠤᠯᠢᠨ ᠭᠤᠤᠯ︾ ᠤᠷᠠᠨ ᠵᠤᠬᠢᠶᠠᠯ ᠤᠨ ᠨᠢᠭᠤᠷ ᠤᠨ ᠨᠠᠶᠢᠷᠠᠭᠤᠯᠤᠭᠴᠢ ᠠᠬ᠎ᠠ ᠨᠠᠷ ᠤᠨ ᠬᠠᠷᠠᠮ ᠦᠭᠡᠢ ᠬᠠᠪᠰᠤᠷᠤᠯᠭ᠎ᠠ ᠶᠢ ᠬᠦᠷᠲᠡᠵᠤ ᠶᠠᠪᠤᠭᠰᠠᠨ ᠮᠦᠷᠲᠡᠭᠡᠨ ᠤᠳᠤ ᠴᠦ ᠭᠡᠰᠡᠨ ᠠᠯᠲᠠᠷᠳᠤ᠂ ᠬ᠋᠊ · ᠬᠢᠩᠭᠠᠨ ᠵᠡᠷᠭᠡ  ᠳᠡᠭᠦᠦ ᠨᠠᠷ ᠤᠨ ᠬᠤᠶᠢᠰᠢ ᠦᠭᠡᠢ ᠲᠡᠮᠵᠢᠯᠭᠡ ᠶᠢ ᠬᠦᠷᠲᠡᠵᠤ ᠶᠠᠪᠤᠨ᠎ᠠ᠃  ᠵᠠᠷᠢᠮ ᠬᠦᠮᠦᠨ  ᠨᠠᠳᠠ ᠳᠤ  ᠡᠷᠡᠭᠡ ᠦᠭᠡᠢ ᠪᠠᠷ ︽ᠲᠠ ᠴᠢᠨᠢ ᠨᠡᠷᠡᠳᠤ ᠰᠢᠯᠦᠭᠴᠢ ᠪᠤᠯᠴᠢᠬᠠᠭᠠᠳ  ᠶᠠᠭᠤᠨ ᠳᠤ ᠪᠠᠰᠠ ᠰᠤᠨᠢᠨ ᠳᠤ ᠪᠠᠰᠠ ᠰᠢᠯᠦᠭ ᠢᠶᠠᠨ ᠦᠭᠭᠦᠭᠡᠳ ᠪᠠᠶᠢᠬᠤ ᠪᠤᠢ︾ ᠭᠡᠵᠤ ᠰᠠᠨᠠᠭᠤᠯᠬᠤ ᠬᠤᠷᠢᠭᠯᠠᠬᠤ ᠶᠢᠨ ᠤᠷᠤᠨ ᠳᠤ ᠬᠡᠯᠡᠬᠦ ᠳᠤ᠂ ᠪᠢ ᠨᠢᠭᠡ ᠶᠤᠰᠤᠨ ᠳᠤ ᠪᠠᠨ ᠪᠢ ︽ᠵᠢᠷᠢᠮ ᠤᠨ ᠰᠤᠨᠢᠨ︾ ᠠᠴᠠ ᠰᠢᠯᠦᠭᠴᠢ ᠪᠤᠯᠤᠭᠰᠠᠨ ᠬᠦᠮᠦᠨ᠃ ᠤᠷᠠᠨ ᠵᠤᠬᠢᠶᠠᠯ ᠡᠬᠢᠯᠡᠨ ᠤᠷᠤᠯᠳᠤᠵᠤ ᠪᠠᠶᠢᠭᠰᠠᠨ ᠦᠶ᠎ᠡ ᠳᠤ ︽ᠵᠢᠷᠢᠮ ᠤᠨ ᠰᠤᠨᠢᠨ︾ ᠳᠤ ᠪᠠᠨ ᠨᠢᠭᠡ ᠪᠦᠲᠦᠭᠡᠯ ᠤᠯᠤᠭᠠᠳ ᠨᠠᠶᠢᠲᠡᠯᠡᠪᠡᠯ ᠬᠦᠯ ᠭᠠᠵᠠᠷ ᠬᠦᠷᠬᠦ ᠦᠭᠡᠢ ᠪᠠᠶᠠᠷᠯᠠᠵᠤ᠂ ᠲᠡᠷᠡ ᠡᠳᠦᠷ ᠤᠨ ᠰᠡᠳᠬᠢᠯᠭᠡ ᠬᠠᠮᠤᠭ ᠤᠨ ᠪᠠᠶᠠᠰᠤᠩᠭᠤᠢ ᠰᠠᠨᠠᠭᠲᠠᠵᠤ᠂ ᠲᠡᠷᠡ ᠡᠳᠦᠷ ᠤᠨ ᠬᠡᠢ ᠮᠤᠷᠢ ᠬᠠᠮᠤᠭ ᠲᠡᠭᠳᠡᠭᠰᠡᠨ ᠰᠢᠭ ᠪᠤᠳᠤᠭᠳᠠᠳᠠᠭ ᠢ ᠶᠠᠭᠤ ᠭᠡᠬᠦ ᠪᠤᠢ᠃ ︽ᠬᠤᠤᠯᠢᠨ ᠭᠤᠤᠯ︾ ᠭᠡᠬᠦ ᠤᠷᠠᠨ ᠵᠤᠬᠢᠶᠠᠯ ᠤᠨ ᠨᠢᠭᠤᠷ ᠨᠠᠮ᠎ᠠ ᠶᠢ ᠬᠦᠮᠦᠵᠢᠭᠦᠯᠦᠭᠰᠡᠨ ᠦᠭᠡᠢ ᠪᠤᠯ ᠮᠢᠨᠤ ᠦᠨᠦᠳᠦᠷ ᠤᠨ ᠦᠴᠦᠬᠡᠨ ᠠᠮᠵᠢᠯᠲᠠ ᠪᠠᠶᠢᠵᠤ ᠴᠢᠲᠠᠬᠤ ᠦᠭᠡᠢ ᠂ ᠬᠡᠵᠢᠶ᠎ᠡ ᠬᠠᠮᠢᠭ᠎ᠠ ᠴᠦ ᠭᠡᠰᠡᠨ ᠪᠢ ︽ᠲᠦᠩᠯᠢᠶᠤᠤ ᠡᠳᠤᠷ ᠤᠨ ᠰᠤᠨᠢᠨ︾ ᠢᠶᠠᠨ ᠮᠠᠷᠲᠠᠵᠤ ᠴᠢᠲᠠᠬᠤ ᠦᠭᠡᠢ᠂ ᠮᠠᠷᠲᠠᠵᠤ ᠴᠦ ᠪᠤᠯᠬᠤ ᠦᠭᠡᠢ ᠡ᠃ ᠦᠨᠡᠨ ᠳᠤ ᠪᠠᠨ ᠴᠦ ᠲᠡᠶᠢᠮᠤ᠃ ᠡᠴᠢᠨᠡᠬᠡᠨ ᠵᠢᠯ ᠤᠨ ᠲᠤᠷᠰᠢ ᠡᠬᠡ ᠪᠢᠴᠢᠭ ᠤᠨ ᠬᠠᠷᠠᠮᠵᠢ ᠲᠠᠢ ᠴᠦ ᠪᠤᠯᠤᠭ᠂ ᠬᠠᠷᠠᠮᠵᠢ ᠦᠭᠡᠢ ᠴᠦ ᠪᠤᠯᠤᠭ᠂ ᠡᠳᠦᠢ  ᠳᠤ ᠲᠤᠯᠳᠠᠯ᠎ᠠ ᠪᠢ ︽ᠲᠦᠩᠯᠢᠶᠤᠤ ᠡᠳᠤᠷ ᠤᠨ ᠰᠤᠨᠢᠨ︾ ᠳᠤ ᠪᠠᠨ ᠡᠬᠡ ᠪᠢᠴᠢᠭ ᠢᠶᠠᠨ ᠦᠭᠭᠦᠭᠰᠡᠭᠡᠷ᠂  ᠮᠦᠨ ᠴᠤ ︽ᠲᠦᠩᠯᠢᠶᠤᠤ ᠡᠳᠤᠷ ᠤᠨ ᠰᠤᠨᠢᠨ︾  ᠢᠶᠠᠨ ᠵᠢᠯ ᠪᠤᠯᠭᠠᠨ ᠵᠠᠬᠢᠶᠠᠯᠠᠨ ᠡᠳᠦᠷ ᠪᠤᠯᠭᠠᠨ ᠤᠩᠰᠢᠭᠰᠠᠭᠠᠷ᠃ ᠵᠠᠷᠢᠮ  ᠳᠤ ᠪᠠᠨ ᠰᠢᠦᠲᠠᠨ ᠬᠦᠷᠭᠡᠭᠴᠢ ᠶᠢᠨ  ᠬᠠᠯᠭᠤᠤ ᠶᠤᠮ ᠤᠤ ᠡᠰᠡᠬᠦᠯ᠎ᠡ ᠶᠠᠮᠠᠷ ᠨᠢᠭᠡ ᠰᠢᠯᠲᠠᠭᠠᠨ ᠢᠶᠠᠷ  ᠭᠠᠷᠠᠭ ᠲᠤᠵᠢ ᠬᠦᠰᠡᠵᠤ ᠬᠦᠯᠢᠶᠡᠵᠤ ᠪᠠᠶᠢᠭᠰᠠᠨ ᠭᠠᠷᠠᠭ ᠤᠨ ᠵᠢᠷᠭᠤᠭᠠᠨ ᠤ ᠰᠤᠨᠢᠨ ᠭᠡᠭᠡᠭᠳᠡᠬᠦ ᠶᠠᠪᠤᠲᠠᠯ ᠭᠠᠷᠲᠠᠭ᠃ ᠲᠡᠭᠡᠪᠡᠯ ᠪᠢ ᠶᠠᠮᠠᠷ ᠨᠢᠭᠡ ᠦᠨᠡᠳᠤ ᠶᠠᠭᠤᠮ᠎ᠠ ᠪᠠᠨ ᠭᠡᠭᠡᠴᠢᠭᠰᠡᠨ ᠶᠤᠮ ᠰᠢᠭ ᠰᠠᠭᠤᠲᠠᠯ ᠦᠭᠡᠢ ᠪᠤᠯᠵᠤ ᠬᠠᠵᠠᠭᠤ ᠬᠠᠪᠢ ᠶᠢᠨ ᠪᠠᠶᠢᠭᠤᠯᠭ᠎ᠠ ᠪᠠᠷ ᠲᠤᠰ ᠰᠤᠨᠢᠨ ᠢᠷᠡᠭᠰᠡᠨ ᠡᠰᠡᠬᠦ ᠶᠢ ᠨᠢ ᠡᠷᠢᠵᠤ ᠭᠠᠷᠲᠠᠭ᠃ ᠨᠠᠰᠤ ᠶᠠᠪᠤᠲᠠᠯ ᠳᠤ ᠪᠠᠨ ᠵᠤᠬᠢᠴᠠᠮ᠎ᠠ ᠦᠭᠡᠢ  ᠡᠨᠡ ᠬᠦ ᠬᠦᠲᠡᠯᠦᠯ  ᠢᠶᠠᠨ  ᠶᠡᠭᠡ ᠭᠠᠶᠢᠬᠠᠲᠠᠭ ᠪᠢᠯᠡ᠃  ᠲᠦᠷᠦᠭᠦᠬᠡᠨ ᠨᠠᠶᠢᠷᠠᠭᠤᠯᠤᠭᠴᠢ ᠲᠡᠭᠦᠦ ᠬ᠋᠊ · ᠬᠢᠩᠭᠠᠨ ᠮᠢᠨᠤ ᠤᠯᠵᠤ ᠤᠩᠰᠢᠭᠰᠠᠨ ᠦᠭᠡᠢ ᠭᠠᠷᠠᠭ ᠤᠨ ᠵᠢᠷᠭᠤᠭᠠᠨ ᠤ ᠰᠤᠨᠢᠨ ᠢ  ᠨᠠᠳᠠ ᠳᠤ ᠭᠤᠪᠢᠭᠤᠯᠵᠤ ᠦᠭᠭᠦᠭᠡᠳ ᠮᠢᠨᠤ ᠰᠡᠳᠬᠢᠯ ᠢ ᠲᠤᠭᠳᠤᠯᠤᠭᠤᠯᠵᠤ ᠪᠠᠶᠢᠭᠰᠠᠨ ᠳ᠋ᠠ᠃                                                  ᠲᠦᠷᠪᠡ                         ︽ᠲᠦᠩᠯᠢᠶᠤᠤ ᠡᠳᠤᠷ ᠤᠨ ᠰᠤᠨᠢᠨ︾ ᠤ ᠮᠤᠩᠭᠤᠯ ᠬᠡᠪᠯᠡᠯ ᠮᠢᠨᠢ ᠤᠳᠤ 67 ᠨᠠᠰᠤᠯᠠᠴᠢᠬᠠᠯ᠎ᠠ᠃ 67 ᠨᠠᠰᠤ ᠭᠡᠵᠤ ᠨᠢᠭᠡ ᠬᠦᠮᠦᠨ ᠳᠤ ᠠᠪᠴᠤ ᠬᠡᠯᠡᠪᠡᠯ ᠨᠡᠯᠢᠶᠡᠳ ᠤᠷᠳᠤ ᠬᠤᠭᠤᠴᠠᠭ᠎ᠠ᠂ ᠭᠡᠳᠡᠯ᠎ᠡ ᠲᠡᠦᠬᠡ ᠶᠢᠨ ᠲᠤᠮᠤ ᠤᠷᠤᠰᠬᠠᠯ ᠳᠤ ᠠᠪᠴᠤ ᠬᠡᠯᠡᠪᠡᠯ ᠬᠤᠷᠤᠭᠤ ᠢᠨᠴᠢᠳᠬᠦ ᠶᠢᠨ ᠬᠤᠷᠤᠮᠬᠠᠨ ᠵᠠᠭᠤᠷ᠎ᠠ ᠡ︕ ᠵᠢᠷᠠᠨ ᠵᠢᠯ ᠢ ᠮᠠᠨ ᠤ ᠮᠤᠩᠭᠤᠯᠴᠤᠳ ᠨᠢᠭᠡ ᠶᠡᠭᠡ ᠡᠷᠬᠢᠯᠲᠠ ᠭᠡᠵᠤ ᠮᠠᠰᠢ ᠪᠡᠯᠭᠡᠰᠢᠶᠡᠵᠤ ᠦᠵᠡᠳᠡᠭ ᠰᠠᠨ᠃ ᠤᠨ ᠵᠢᠯ ᠤᠨ ᠤᠷᠤᠰᠬᠠᠯ ᠳᠤ ᠪᠢ ᠪᠠᠰᠠ ᠵᠢᠷᠠ ᠪᠠᠨ ᠰᠢᠬᠠᠵᠤ ᠲᠠᠷ ᠢᠶᠠᠨ ᠬᠡᠮᠡᠯᠢᠭᠰᠡᠨ  ᠨᠠᠰᠤᠨ  ᠳᠤ ᠪᠠᠨ ᠤᠷᠤᠬᠤ ᠳᠤ ︽ᠲᠦᠩᠯᠢᠶᠤᠤ ᠡᠳᠤᠷ ᠤᠨ ᠰᠤᠨᠢᠨ︾ ᠤ ᠵᠢᠷᠠ ᠭᠠᠷᠤᠢ ᠵᠢᠯ ᠬᠠᠷᠢᠨ ᠴᠠᠭ ᠦᠶ᠎ᠡ ᠶᠢᠨ ᠤᠷᠤᠰᠬᠠᠯ ᠢ ᠲᠠᠭᠠᠵᠤ ᠂ ᠴᠠᠯ ᠵᠠᠯᠠᠭᠤ ᠪᠠᠷ ᠢᠶᠠᠨ ᠪᠢᠲᠡᠨ ᠤ ᠬᠠᠷᠠᠭᠠᠨ ᠳᠤ ᠨᠤᠭᠤᠭᠠᠷᠠᠭᠰᠠᠭᠠᠷ ᠪᠠᠶᠢᠨᠠᠮ᠃            ︽ᠦᠴᠦᠭᠡᠳᠦᠷ ᠰᠠᠶ᠋ᠢ ᠦᠴᠠᠩ ᠤᠨ ᠵᠢᠭᠠᠰᠤ ᠶᠢ ᠠᠮᠳᠠᠯᠠᠲᠠᠯ᠎ᠠ᠂ ᠦᠨᠦᠳᠦᠷ ᠠᠬᠢᠨ ᠴᠠᠩᠱᠠ ᠶᠢᠨ ᠤᠰᠤ ᠶᠢ ᠤᠤᠭᠤᠯᠤᠭ᠎ᠠ︾  ᠭᠡᠵᠤ  ᠠᠭᠤᠤ ᠶᠡᠭᠡ ᠤᠳᠤᠷᠢᠳᠤᠭᠴᠢ  ᠮᠠᠦ ᠽᠧ ᠳ᠋ᠦᠡᠭ ᠨᠦᠬᠦᠷ ᠤᠨ ᠰᠢᠯᠦᠭ ᠲᠤ ᠦᠭᠦᠯᠡᠭᠰᠡᠨ ᠰᠢᠭ  ᠢᠶᠠᠷ ᠂ ᠡᠤ ᠶᠢᠨ ᠭᠠᠩ ᠠᠬ᠎ᠠ ᠶᠢᠨ ᠳᠤ ᠪᠤᠷᠴᠠᠭ ᠤᠨ ᠱᠦᠯᠦ ᠤᠤᠭᠤᠵᠤ ᠪᠠᠶᠢᠭᠰᠠᠨ ᠵᠠᠯᠠᠭᠤ ᠨᠠᠰᠤ ᠬᠠᠮᠢᠭᠠᠰᠢ ᠤᠳᠤᠭᠰᠠᠨ ᠢ ᠮᠡᠳᠡᠬᠦ ᠦᠭᠡᠢ ᠂  ᠦᠨᠡᠨᠴᠢ ᠭᠤᠸᠠᠢ ᠲᠠᠢ ᠠᠷᠤ ᠬᠦᠨᠲᠡᠯᠡᠨ᠂ ᠬᠤᠤᠯᠢᠨ ᠭᠤᠤᠯ  ᠳᠤ ᠰᠤᠷᠪᠤᠯᠵᠢᠯᠠᠵᠤ ᠶᠠᠪᠤᠭᠰᠠᠨ ᠤᠨ ᠰᠠᠷ᠎ᠠ ᠬᠠᠮᠢᠭ᠎ᠠ ᠡᠴᠢᠭᠰᠡᠨ ᠢ ᠮᠡᠳᠡᠬᠦ ᠦᠭᠡᠢ᠃ ᠨᠢᠭᠡ ᠮᠡᠳᠡᠬᠦ ᠳᠤ ᠮᠢᠨᠤ ᠬᠠᠶᠢᠷ᠎ᠠ ᠬᠠᠶᠢᠷ᠎ᠠ ᠶᠢᠨ ︽ᠲᠦᠩᠯᠢᠶᠤᠤ ᠡᠳᠤᠷ ᠤᠨ ᠰᠤᠨᠢᠨ︾  ᠮᠢᠨᠢ ᠬᠡᠪᠯᠡᠯ ᠡᠬᠢᠯᠡᠭᠰᠡᠨ 67 ᠵᠢᠯ ᠤᠨ ᠤᠢ ᠪᠠᠨ ᠤᠭᠳᠤᠵᠤ ᠪᠠᠶᠢᠨ᠎ᠠ᠃           ᠠᠯᠬᠤᠵᠤ ᠶᠠᠪᠤᠭᠰᠠᠨ ᠮᠦᠷ ᠠᠴᠠ ᠲᠤᠷᠠᠶᠢᠵᠤ ᠭᠠᠷᠤᠭᠰᠠᠨ ᠵᠠᠮ᠃          ᠠᠲᠠᠯ ᠪᠤᠰᠬᠠᠭᠰᠠᠨ ᠲᠡᠦᠬᠡ ᠠᠴᠠ ᠠᠮᠵᠢᠯᠲᠠ ᠰᠤᠯᠤᠩᠭᠠᠷᠠᠭᠰᠠᠨ ᠦᠢᠯᠡᠰ᠃         ︽ᠲᠦᠩᠯᠢᠶᠤᠤ ᠡᠳᠤᠷ ᠤᠨ ᠰᠤᠨᠢᠨ︾ ᠤ ᠮᠤᠩᠭᠤᠯ ᠬᠡᠪᠯᠡᠯ ᠢ ᠬᠠᠷᠢᠭᠤᠴᠠᠵᠤ ᠪᠠᠶᠢᠭᠰᠠᠨ  ᠴᠤᠭ ᠪᠠᠭᠰᠢᠲᠠᠨ ︵ᠮᠢᠨᠤ ᠶᠡᠭᠡ ᠨᠠᠭᠠᠴᠤ︶᠂ ᠨᠤᠮᠢᠨ ᠪᠠᠭᠰᠢᠲᠠᠨ᠂ ᠲᠡᠭᠰᠢ ᠪᠠᠭᠰᠢᠲᠠᠨ᠂ ᠤᠷᠳᠤᠨᠠᠰᠤᠳᠤ ᠪᠠᠭᠰᠢᠲᠠᠨ᠂ ᠲᠠᠯᠠᠢ ᠪᠠᠭᠰᠢᠲᠠᠨ ᠵᠢᠴᠢ ᠤᠳᠤ ᠶᠢᠨ ᠬᠠᠷᠢᠭᠤᠴᠠᠯᠭᠠᠲᠠᠨ ᠡᠤ ᠶᠢᠨ ᠭᠠᠩ ᠠᠬ᠎ᠠ ᠵᠡᠷᠭᠡ ᠤᠳᠤᠷᠢᠳᠤᠯᠭ᠎ᠠ ᠨᠠᠷ   ᠰᠤᠨᠢᠨ ᠤ ᠪᠠᠨ ᠤᠨᠢ ᠶᠢ ᠡᠷᠭᠦᠵᠤ ᠲᠤᠭᠤᠷᠭ᠎ᠠ ᠶᠢ ᠲᠤᠯᠵᠤ  ᠶᠠᠪᠤᠭᠰᠠᠨ ᠡᠷᠡᠮᠡᠬᠡᠢ ᠵᠢᠳᠬᠦᠯ  ᠢ ᠶᠠᠭᠠᠬᠢᠬᠤ ᠶᠢᠨ ᠠᠷᠭ᠎ᠠ ᠦᠭᠡᠢ ᠪᠢᠰᠢᠷᠡᠨᠡᠮ ᠪᠢ᠃         ᠤᠷᠠᠢ ᠵᠠᠯᠠᠭᠤ ᠨᠠᠰᠤ ᠪᠠᠨ ᠰᠤᠨᠢᠨ ᠤ ᠦᠢᠯᠡᠰ ᠲᠤ ᠵᠤᠷᠢᠭᠤᠯᠵᠤ᠂ ᠤᠨᠲᠠᠵᠤ ᠠᠮᠠᠷᠠᠬᠤ ᠴᠠᠭ ᠢᠶᠠᠨ ᠰᠤᠷᠪᠤᠯᠵᠢᠯᠠᠵᠤ ᠨᠠᠶᠢᠷᠠᠭᠤᠯᠬᠤ ᠳᠤ ᠵᠠᠷᠤᠴᠠᠭᠤᠯᠤᠭᠰᠠᠨ᠂  ᠠᠵᠢᠯ ᠦᠢᠯᠡᠰ ᠤᠨ ᠠᠷᠠᠯ ᠤᠨ ᠱᠠᠷ ᠰᠢᠭ᠋᠂ ᠠᠯᠲᠠᠨ ᠵᠢᠷᠢᠮ ᠤᠨ ᠢᠶᠠᠨ ᠲᠠᠶᠢᠴᠢᠨ ᠬᠤᠰᠢᠭᠤᠴᠢ ᠰᠢᠭ᠋ ᠠᠬᠠᠮᠠᠳ ᠰᠤᠷᠪᠤᠯᠵᠢᠯᠠᠭᠴᠢ᠂ ᠭᠠᠪᠢᠶᠠᠳᠤ ᠨᠠᠶᠢᠷᠠᠭᠤᠯᠤᠭᠴᠢ᠂ ᠦᠰᠦᠭ ᠬᠠᠷᠭᠤᠭᠤᠯᠤᠭᠴᠢ᠂  ᠪᠠᠷᠯᠠᠭᠴᠢ ᠨᠠᠷ  ᠤᠨ ᠰᠢᠨᠠ ᠶᠢ ᠲᠠᠭᠠᠵᠤ ᠤᠷᠤᠰᠤᠭᠰᠠᠨ ᠬᠦᠯᠦᠰᠤ ᠪᠤᠯᠤᠨ ᠰᠢᠷᠡᠭᠡᠨ ᠢᠷᠮᠡᠭ ᠢᠶᠠᠷ ᠡᠯᠡᠭᠲᠡᠵᠤ ᠶᠠᠪᠤᠭᠰᠠᠨ ᠵᠠᠯᠠᠭᠤ ᠨᠠᠰᠤ ᠶᠢ ᠨᠢ  ᠪᠢ ᠰᠢᠳᠦᠨ ᠬᠦᠨᠳᠤᠳᠬᠡᠨᠡᠮ᠃       ᠴᠠᠭ ᠦᠶ᠎ᠡ ᠶᠢᠨ ᠲᠠᠭᠤᠨ ᠬᠤᠭᠤᠯᠠᠢ ᠪᠤᠯᠵᠤ᠂ ᠴᠠᠳᠢᠭ ᠲᠡᠦᠬᠡ ᠶᠢᠨ ᠤᠯᠪᠠᠭ᠎ᠠ ᠮᠦᠷ ᠢ ᠲᠡᠮᠳᠡᠭᠯᠡᠭᠰᠡᠨ ︽ᠲᠦᠩᠯᠢᠶᠤᠤ ᠡᠳᠤᠷ ᠤᠨ ᠰᠤᠨᠢᠨ︾ ᠮᠢᠨᠢ  ᠡᠷᠢᠨ ᠴᠠᠭ ᠤᠨ ᠬᠦᠭ ᠠᠶᠠᠯᠭᠤ ᠶᠢ  ᠴᠤᠤᠷᠢᠶᠠᠲᠤᠭᠤᠯᠤᠨ᠂  ᠬᠡᠯᠡᠨ  ᠤ ᠲᠠᠩᠰᠤᠭ ᠭᠠᠶᠢᠬᠠᠮᠰᠢᠭ ᠢ ᠬᠠᠷᠠᠭᠤᠯᠤᠨ ᠲᠡᠦᠬᠡ ᠠᠴᠠ ᠤᠳᠤ ᠳᠤ ᠲᠤᠯᠳᠠᠯ᠎ᠠ᠂ ᠤᠳᠤ ᠠᠴᠠ ᠢᠷᠡᠭᠡᠳᠦᠢ ᠳᠤ ᠬᠦᠷᠲᠡᠯ᠎ᠡ ᠮᠢᠷᠠᠯᠵᠠᠨ ᠰᠤᠯᠤᠩᠭᠠᠷᠠᠵᠤ ᠶᠠᠪᠤᠭ᠎ᠠ ᠳᠤ  ᠪᠢ   ᠤᠮᠤᠭᠰᠢᠨᠠᠮ᠃                              ᠲᠠᠪᠤ                  67 ᠵᠢᠯ ᠤᠨ ᠲᠤᠷᠰᠢ ︽ᠲᠦᠩᠯᠢᠶᠤᠤ ᠡᠳᠤᠷ ᠤᠨ ᠰᠤᠨᠢᠨ︾ ᠮᠢᠨᠢ ᠪᠠᠭ᠎ᠠ ᠪᠠᠶᠢᠭᠰᠠᠨ ᠠᠴᠠ ᠪᠠᠨ ᠶᠡᠭᠡ ᠪᠤᠯᠵᠤ᠂ ᠪᠠᠭᠤᠷᠠᠢ ᠪᠠᠶᠢᠭᠰᠠᠨ ᠠᠴᠠ ᠪᠠᠨ ᠬᠦᠴᠦᠷᠬᠡᠭ ᠪᠤᠯᠵᠤ᠂ ᠲᠦᠩᠯᠢᠶᠤᠤ ᠬᠤᠲᠠ ᠶᠢᠨ ᠨᠠᠮ ᠤᠨ ᠬᠤᠷᠢᠶ᠎ᠠ᠂ ᠵᠠᠰᠠᠭ ᠤᠨ ᠤᠷᠳᠤᠨ ᠤ ᠰᠤᠨᠢᠨ ᠮᠡᠳᠡᠭᠡ  ᠶᠠᠷᠢᠶ᠎ᠠ ᠬᠡᠯᠡᠯᠴᠡᠭᠡᠨ ᠤ ᠭᠤᠤᠯ ᠪᠤᠯᠬᠤ ᠵᠠᠭᠤᠴᠢᠯᠠᠭᠤᠷ ᠪᠤᠯᠵᠤ᠂ ᠤᠩᠰᠢᠭᠴᠢ ᠲᠦᠮᠡᠨ ᠤ ᠤᠶᠤᠨ ᠲᠠᠷᠢᠬᠢᠨ ᠳᠤ ᠤᠶᠤᠨ ᠮᠡᠳᠡᠯᠭᠡ ᠶᠢᠨ ᠰᠢᠮ᠎ᠠ ᠶᠢ ᠡᠳᠦᠷ ᠡᠳᠦᠷ  ᠴᠣ ᠰᠢᠨ᠎ᠠ ᠪᠠᠷ ᠬᠠᠩᠭᠠᠭᠰᠠᠭᠠᠷ ᠪᠠᠶᠢᠨ᠎ᠠ᠃                  ᠠᠯᠠᠭᠠᠨ ᠲᠡᠭᠡᠷ᠎ᠡ ᠮᠢᠨᠢ ᠠᠵᠠ ᠶᠢᠨ ᠴᠡᠩᠭᠡᠷ ᠲᠠᠭᠲᠠᠭ᠎ᠠ ᠰᠢᠭ᠋ ᠡᠳᠦᠷ ᠡᠳᠦᠷ ᠲᠡᠪᠬᠡᠷᠤᠨ ᠪᠠᠭᠤᠬᠤ  ︽ᠲᠦᠩᠯᠢᠶᠤᠤ ᠡᠳᠤᠷ ᠤᠨ ᠰᠤᠨᠢᠨ︾ ᠢᠶᠠᠨ ᠪᠢ ᠬᠠᠶᠢᠷᠠᠯᠠᠬᠤ ᠦᠭᠡᠢ ᠪᠠᠶᠢᠬᠤ ᠶᠢᠨ ᠤᠴᠢᠷ ᠦᠭᠡᠢ᠃ ᠰᠢᠷᠡᠭᠡᠨ ᠲᠡᠭᠡᠷ᠎ᠡ ᠮᠢᠨᠢ ᠰᠢᠨ᠎ᠠ ᠬᠠᠪᠤᠷ ᠤᠨ ᠴᠠᠰᠤ ᠰᠢᠭ᠋ ᠴᠠᠭ ᠤᠨ ᠴᠠᠭ  ᠲᠤ ᠪᠠᠨ ᠨᠠᠮᠢᠷᠠᠨ ᠪᠠᠭᠤᠬᠤ  ︽ᠲᠦᠩᠯᠢᠶᠤᠤ ᠡᠳᠤᠷ ᠤᠨ ᠰᠤᠨᠢᠨ︾ ᠢᠶᠠᠨ ᠪᠢ ᠲᠡᠭᠡᠵᠢᠯᠡᠬᠦ ᠦᠭᠡᠢ ᠪᠠᠶᠢᠬᠤ ᠶᠢᠨ ᠠᠷᠭ᠎ᠠ ᠦᠭᠡᠢ᠃             ᠵᠢᠷᠠᠨ ᠵᠢᠯ᠂ ᠵᠠᠭᠤᠨ ᠵᠢᠯ᠂ ᠮᠢᠩᠭᠠᠨ ᠵᠢᠯ ᠢᠶᠠᠷ ᠮᠢᠨᠤ  ︽ᠲᠦᠩᠯᠢᠶᠤᠤ ᠡᠳᠤᠷ ᠤᠨ ᠰᠤᠨᠢᠨ︾   ᠤᠩᠰᠢᠭᠴᠢ ᠶᠢᠨ ᠢᠶᠠᠨ ᠰᠡᠳᠬᠢᠯ ᠳᠤ ᠤᠶᠤᠨ ᠤ ᠵᠤᠯᠠ ᠪᠤᠯᠵᠤ ᠪᠠᠳᠮᠠᠯᠠᠨ ᠭᠡᠷᠡᠯᠳᠦᠬᠦ ᠶᠢ ᠪᠢ ᠢᠲᠡᠭᠡᠨ᠎ᠡ᠃            ᠬᠤᠷᠴᠢᠨ ᠨᠤᠳᠤᠭ ᠠᠴᠠ ᠬᠤᠷᠸ᠎ᠠ ᠲᠡᠯᠡᠬᠡᠢ ᠳᠤ᠂ ᠬᠤᠨᠤᠭ ᠤᠨ ᠭᠠᠵᠠᠷ ᠠᠴᠠ ᠬᠤᠯᠠ ᠶᠢᠨ ᠲᠢᠪ ᠬᠦᠷᠲᠡᠯ᠎ᠡ  ᠮᠠᠨ ᠤ ︽ᠲᠦᠩᠯᠢᠶᠤᠤ ᠡᠳᠤᠷ ᠤᠨ ᠰᠤᠨᠢᠨ︾  ᠬᠦᠮᠦᠨ ᠵᠤᠨ ᠤ ᠰᠡᠳᠬᠢᠯ ᠳᠤ ᠪᠤᠳᠤᠯ ᠤᠨ ᠴᠠᠮᠬᠠᠭ ᠪᠤᠯᠵᠤ ᠲᠤᠶᠠᠭᠠᠷᠠᠨ ᠰᠠᠴᠤᠷᠠᠬᠤ ᠶᠢ ᠪᠢᠲᠡ ᠢᠲᠡᠭᠡᠨ᠎ᠡ︕              ᠮᠢᠨᠤ ︽ᠲᠦᠩᠯᠢᠶᠤᠤ ᠡᠳᠤᠷ ᠤᠨ ᠰᠤᠨᠢᠨ︾ ——              ᠮᠢᠨᠤ ᠠᠮᠢ ᠠᠮᠢᠳᠤᠷᠠᠯ᠂ ᠤᠷᠠᠨ ᠪᠦᠲᠦᠭᠡᠯ ᠤᠨ ᠮᠢᠨᠢ ᠤᠨᠠᠭᠠᠨ ᠪᠠᠭᠤᠴᠠ ᠡ︕                         ︽ᠶᠠᠭᠷᠠᠢ ᠬᠤᠳᠤᠭᠤᠷ︾  ᠬᠡᠮᠡᠬᠦ ᠢᠷᠠᠭᠤ ᠨᠠᠶᠢᠷᠠᠭ ᠤᠨ ᠦᠷᠦᠭᠡᠨ᠎ᠡ 
 
ᠢᠷᠡᠯᠲᠡ᠄ ᠦᠪᠤᠷ ᠮᠤᠩᠭᠤᠯ ᠤᠨ ︽ᠨᠡᠶᠢᠬᠡᠮ︾ ᠰᠡᠳᠬᠦᠯ ᠤᠨ ᠬᠤᠷᠢᠶ᠎ᠠ
 
 
ᠬᠠᠮᠢᠶ᠎ᠡ ᠪᠦᠬᠦᠢ ᠰᠣᠨᠢᠨ
 
2014-2015 ©  ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备05070829号