ᠵᠡᠮᠳᠡᠭ ᠬᠡᠦᠬᠡᠳ ᠢ ᠬᠠᠯᠠᠮᠵᠢᠯᠠᠵᠦ  ᠡᠷᠡᠭᠦᠯ ᠢᠶᠠᠷ  ᠦᠰᠦᠨ ᠲᠤᠷᠨᠢᠬᠤ ᠳᠤ ᠨᠢ ᠬᠦᠴᠦᠨ ᠨᠡᠮᠡᠷᠢᠯᠡᠶ᠎ᠡ
ᠨᠡᠶᠢᠲᠡᠯᠡᠭᠰᠡᠨ ᠴᠠᠭ᠄
2023/5/25
                             ᠨᠤᠮᠢᠨ   ᠴᠣᠯᠮᠣᠨ    ᠮᠡᠳᠡᠭᠡᠯᠡᠪᠡ    ︽ᠲᠠᠨ ᠤ  ᠣᠮᠪᠤᠯ ᠴᠢᠨᠢ ᠨᠠᠭᠠᠲᠤ ᠵᠠᠬ᠎ᠠ ᠶᠢᠨ ᠠᠮᠢᠳᠤᠷᠠᠯ ᠤᠨ ᠪᠠᠲᠤᠯᠠᠭᠠᠲᠤ ᠡᠷᠦᠬᠡ ᠶᠢᠨ ᠨᠦᠬᠦᠪᠦᠷᠢ ᠬᠦᠷᠳᠡᠵᠦ ᠪᠠᠶᠢᠨ᠎ᠠ ᠦᠦ ᠦᠦ︖︾    ︽ᠬᠦᠷᠲᠡᠵᠦ ᠪᠠᠶᠢᠬᠤ ᠦᠭᠡᠢ ︕︾   ︽ᠲᠡᠭᠡᠪᠡᠯ ᠣᠰᠣᠯ ᠪᠣᠯᠣᠯ᠎ᠠ᠂ ᠨᠠᠭᠠᠲᠤ ᠵᠠᠬ᠎ᠠ ᠶᠢᠨ ᠠᠮᠢᠳᠤᠷᠠᠯ ᠤᠨ ᠪᠠᠲᠤᠯᠠᠭᠠᠲᠤ ᠡᠷᠦᠬᠡ ᠪᠠᠶᠢᠮᠠᠨᠵᠢᠨ ᠲᠦᠯᠦᠪᠦᠷᠢ ᠦᠭᠡᠢ ᠪᠠᠷ ᠮᠡᠰᠡ ᠵᠠᠰᠠᠯ ᠬᠢᠬᠦ ᠪᠠᠷ ᠳᠠᠩᠰᠠᠯᠠᠵᠦ ᠪᠣᠯᠣᠨ᠎ᠠ︕︾    ︽  ᠣᠣ᠂ ᠲᠡᠶᠢᠮᠦ ᠦᠦ…︾    ……  ︽ᠡᠷᠡᠬᠦᠯᠵᠢᠯ ᠳᠤ ᠲᠤᠰᠠᠯᠠᠬᠤ ᠢᠨᠵᠧᠨᠧᠷᠢᠩ︾ ᠤᠨ ᠵᠦᠸᠧᠽᠢ ᠰᠢᠶᠠᠨ ᠳᠤ ᠬᠢ ᠠᠵᠢᠯᠯᠠᠭᠠᠨ ᠤ ᠲᠠᠯᠠᠪᠦᠷ ᠲᠤ᠂  ᠠᠵᠢᠯᠲᠠᠳ ᠤᠨ ᠢᠩᠬᠢᠵᠦ ᠬᠡᠯᠡᠬᠦ ᠶᠢ ᠰᠣᠨᠣᠰᠣᠭᠰᠠᠨ ᠨᠠᠰᠤᠲᠠᠨ ᠦᠭᠡ ᠳᠠᠭᠤᠨ ᠦᠭᠡᠢ  ᠬᠠᠵᠠᠭᠤ ᠳᠤ ᠬᠢ ᠰᠠᠭᠤᠳᠠᠯ  ᠳᠤ ᠰᠠᠭᠤᠯ᠎ᠠ᠃ ᠥᠪᠡᠷᠲᠡᠭᠡᠨ ᠵᠠᠰᠠᠬᠤ ᠣᠷᠣᠨ ᠤ ᠡᠷᠡᠭᠦᠯᠵᠢᠯ ᠤᠨ ᠲᠤᠰᠠᠯᠠᠬᠤ ᠪᠠᠭᠠᠵᠢ ᠶᠢᠨ ᠲᠥᠪ ᠤᠨ ᠠᠵᠢᠯᠲᠠᠳ ᠨᠠᠰᠤᠲᠠᠨ ᠤ ᠵᠣᠪᠠᠨᠢᠩᠭᠤᠢ ᠴᠢᠷᠠᠢ ᠶᠢ ᠬᠠᠷᠠᠵᠦ ᠦᠯᠦ ᠲᠥᠪᠳᠡᠨ᠂ ᠳᠠᠷᠤᠢ ᠳᠤ ᠨᠢ ᠲᠤᠬᠠᠢ ᠶᠢᠨ ᠭᠠᠵᠠᠷ ᠤᠨ ᠠᠷᠠᠳ ᠤᠨ ᠶᠠᠪᠤᠳᠠᠯ ᠤᠨ ᠲᠣᠪᠴᠢᠶ᠎ᠠ ᠶᠢᠨ ᠠᠵᠢᠯᠲᠠᠨ ᠢ ᠡᠷᠢᠵᠦ ᠨᠠᠰᠤᠲᠠᠨ ᠤ ᠣᠮᠪᠤᠯ ᠤᠨ ᠬᠢ ᠨᠢ ᠪᠠᠶᠢᠳᠠᠯ ᠢ ᠨᠢ ᠬᠢᠨᠠᠨ  ᠬᠠᠷᠭᠤᠭᠤᠯᠤᠭᠠᠳ᠂ ᠨᠠᠰᠤᠲᠠᠨ ᠤ ᠣᠮᠪᠤᠯ ᠨᠢ ᠬᠡᠳᠦᠶᠢᠪᠡᠷ ᠨᠠᠭᠠᠲᠤ ᠵᠠᠬ᠎ᠠ ᠶᠢᠨ ᠠᠮᠢᠳᠤᠷᠠᠯ ᠤᠨ ᠪᠠᠲᠤᠯᠠᠭᠠᠲᠤ ᠡᠷᠦᠬᠡ ᠶᠢᠨ ᠨᠦᠬᠦᠪᠦᠷᠢ ᠬᠦᠷᠳᠡᠵᠦ ᠦᠭᠡᠢ ᠪᠣᠯᠪᠠᠴᠦ ᠵᠢᠯ ᠪᠦᠷᠢ ︽ᠡᠪᠡᠳᠴᠢᠨ ᠪᠣᠶᠣ ᠵᠡᠮᠳᠡᠭ ᠠᠴᠠ ᠪᠣᠯᠵᠦ ᠶᠠᠳᠠᠭᠤᠷᠠᠭᠰᠠᠨ︾ ᠬᠡᠦᠬᠡᠳ ᠤᠨ ᠠᠮᠢᠳᠤᠷᠠᠯ ᠤᠨ ᠨᠦᠬᠦᠪᠦᠷᠢ ᠬᠦᠷᠳᠡᠵᠦ ᠪᠣᠢ ᠶᠢ ᠣᠶᠢᠯᠠᠭᠠᠵᠤ᠂ ᠲᠤᠬᠠᠢ ᠶᠢᠨ ᠭᠠᠵᠠᠷ ᠤᠨ ᠠᠷᠠᠳ ᠤᠨ ᠶᠠᠪᠤᠳᠠᠯ ᠤᠨ ᠲᠣᠪᠴᠢᠶ᠎ᠠ ᠶᠢᠨ ᠠᠵᠢᠯᠲᠠᠨ ᠢᠶᠠᠷ ᠭᠡᠷᠡᠴᠢ ᠪᠢᠴᠢᠭ ᠭᠠᠷᠭᠠᠯᠭᠠᠨ ᠮᠡᠰᠡ ᠵᠠᠰᠠᠯ ᠬᠢᠬᠦ ᠪᠠᠷ ᠳᠠᠩᠰᠠᠯᠠᠵᠠᠢ᠃      ᠣᠶᠢᠯᠠᠭᠠᠭᠰᠠᠨ ᠢᠶᠠᠷ᠂ ᠮᠥᠴᠢ ᠵᠥᠭᠰᠢᠷᠡᠭᠦᠯᠬᠦ ᠮᠡᠰᠡ ᠵᠠᠰᠠᠯ ᠬᠢᠬᠦ ᠪᠠᠷ ᠳᠠᠩᠰᠠᠯᠠᠭᠤᠯᠤᠭᠰᠠᠨ ᠵᠢᠭᠠᠯ ᠬᠦᠦ ᠶᠢᠨ ᠨᠡᠷ᠎ᠡ ᠶᠢ ᠰᠦᠩ ᠯᠸᠢ ᠭᠡᠳᠡᠭ᠂  ᠥᠨᠥ ᠵᠢᠯ ᠠᠷᠪᠠᠨ ᠬᠤᠶᠠᠷ ᠨᠠᠰᠤᠲᠠᠢ᠂ ᠤᠯᠠᠭᠠᠨᠴᠠᠪ ᠬᠤᠲᠠ ᠶᠢᠨ ᠵᠦᠸᠧᠽᠢ ᠰᠢᠶᠠᠨ ᠤ ᠳ᠋ᠠ ᠢᠦᠢ ᠱᠤ᠋ ᠰᠢᠶᠠᠩ ᠳᠤ ᠨᠤᠲᠤᠭ ᠲᠠᠢ᠂  ᠲᠡᠭᠦᠨ ᠤ ᠵᠡᠭᠦᠨ ᠬᠥᠯ ᠨᠢ ᠲᠥᠷᠥᠯᠬᠢ ᠵᠡᠮᠳᠡᠭ ᠡᠪᠡᠳᠴᠢᠨ ᠲᠠᠢ᠃ ᠰᠦᠩ ᠯᠧᠢ ᠶᠢᠨ ᠠᠪᠤ ᠡᠵᠢ ᠨᠢ ᠲᠡᠭᠦᠨ ᠢ ᠳᠥᠷᠪᠡᠨ ᠨᠠᠰᠤᠲᠠᠢ ᠳᠤ ᠨᠢ ᠤᠷᠤᠭ ᠰᠠᠯᠤᠭᠰᠠᠨ ᠤᠴᠢᠷ ᠠᠴᠠ ᠲᠡᠷᠡ ᠣᠳᠣ ᠡᠪᠦᠭᠡ ᠡᠮᠡᠭᠡ ᠲᠠᠢ ᠪᠠᠨ ᠴᠤᠭ ᠠᠮᠢᠳᠤᠷᠠᠵᠦ ᠪᠣᠢ᠃ ᠰᠦᠩ ᠯᠸᠢ ᠶᠢᠨ ᠠᠪᠤ ᠨᠢ ᠲᠡᠷᠭᠡᠨ ᠠᠳᠡᠯ ᠠᠴᠠ ᠪᠣᠯᠵᠦ ᠬᠠᠷ᠎ᠠ ᠪᠦᠭᠡᠷᠡᠨ ᠳᠤ ᠨᠢ ᠤᠰᠤ ᠬᠤᠷᠠᠵᠦ᠂ ᠶᠡᠷᠦ ᠶᠢᠨ ᠴᠠᠭ ᠲᠤ ᠪᠠᠨ ᠭᠤᠤᠷᠰᠤ  ᠬᠠᠳᠬᠤᠭᠤᠯᠬᠤ ᠴᠢᠬᠤᠯᠠᠲᠠᠢ ᠲᠠᠢ ᠪᠠᠶᠢᠵᠦ᠂ ᠬᠦᠴᠦᠨ ᠤ ᠠᠵᠢᠯ ᠬᠢᠵᠦ ᠳᠡᠶᠢᠯᠬᠦ ᠦᠭᠡᠢ᠂  ᠵᠥᠪᠬᠡᠨ ᠠᠷᠰᠠᠷ ᠠᠵᠢᠯ ᠣᠯᠵᠦ ᠬᠢᠭᠡᠳ ᠠᠮᠢᠳᠤᠷᠠᠯ ᠢᠶᠠᠨ ᠠᠷᠭᠠᠴᠠᠭᠠᠳᠠᠭ᠃  ᠡᠶᠢᠨ ᠬᠦ  ᠲᠡᠳᠡ ᠬᠤᠶᠠᠷ ᠨᠠᠰᠤᠲᠠᠨ ᠤ ᠨᠠᠭᠠᠲᠤ ᠵᠠᠬ᠎ᠠ ᠶᠢᠨ ᠠᠮᠢᠳᠤᠷᠠᠯ ᠤᠨ ᠪᠠᠲᠤᠯᠠᠭᠠᠲᠤ ᠡᠷᠦᠬᠡ ᠶᠢᠨ ᠨᠦᠬᠦᠪᠦᠷᠢ ᠪᠣᠯᠣᠨ ︽ᠡᠪᠡᠳᠴᠢᠨ ᠪᠣᠶᠣ ᠵᠡᠮᠳᠡᠭ ᠠᠴᠠ ᠪᠣᠯᠵᠦ ᠶᠠᠳᠠᠭᠤᠷᠠᠭᠰᠠᠨ︾ ᠬᠡᠦᠬᠡᠳ ᠤᠨ ᠠᠮᠢᠳᠤᠷᠠᠯ ᠤᠨ ᠨᠦᠬᠦᠪᠦᠷᠢ ᠪᠠᠨ ᠯᠠ ᠲᠦᠰᠢᠵᠦ ᠨᠢᠭᠡ ᠭᠡᠷ ᠤᠨ ᠬᠦᠮᠦᠰ ᠤᠨ ᠢᠶᠠᠨ ᠡᠳᠦᠷ ᠳᠣᠲᠣᠮ ᠤᠨ ᠵᠠᠷᠤᠳᠠᠯ ᠢ ᠰᠢᠢᠳᠪᠦᠷᠢᠯᠡᠳᠡᠭ ᠪᠠᠶᠢᠨ᠎ᠠ᠃ ᠡᠳᠡᠨ ᠤ ᠬᠢᠨ ᠠᠮᠢᠳᠤᠷᠠᠯ ᠤᠨ ᠨᠦᠬᠦᠴᠡᠯ ᠨᠢ ᠠᠷᠭ᠎ᠠ ᠦᠭᠡᠢ  ᠠᠨᠠᠢ ᠤᠴᠢᠷ ᠠᠴᠠ ᠰᠦᠩ ᠯᠸᠢ ᠶᠡᠷᠦ ᠡᠮᠨᠡᠯᠭᠡ ᠶᠢᠨ ᠬᠤᠷᠢᠶᠠᠨ ᠳᠤ ᠣᠴᠢᠵᠦ ᠪᠠᠶᠢᠴᠠᠭᠠᠯᠲᠠ ᠬᠢᠭᠰᠡᠨ ᠦᠭᠡᠢ ᠮᠥᠷᠲᠡᠭᠡᠨ ᠬᠠᠮᠢᠶ᠎ᠠ ᠪᠦᠬᠦᠢ ᠵᠠᠰᠠᠯᠭ᠎ᠠ ᠬᠢᠵᠦ ᠥᠩᠭᠡᠷᠡᠭᠰᠡᠨ ᠦᠭᠡᠢ ᠭᠡᠵᠦ ᠨᠠᠰᠤᠲᠠᠨ ᠶᠠᠷᠢᠵᠦ ᠪᠠᠶᠢᠯ᠎ᠠ᠃     ︽ᠪᠢᠳᠡ ᠪᠦᠷ ᠨᠠᠰᠤ ᠶᠠᠪᠤᠭᠰᠠᠨ ᠤᠯᠤᠰ᠂ ︿ ᠡᠷᠡᠬᠦᠯᠵᠢᠯ ᠳᠤ ᠲᠤᠰᠠᠯᠠᠬᠤ ᠢᠨᠵᠧᠨᠧᠷᠢᠩ ﹀ ᠢ ᠰᠣᠨᠣᠰᠴᠦ ᠥᠩᠭᠡᠷᠡᠭᠰᠡᠨ ᠦᠭᠡᠢ᠂ ᠬᠡᠷᠬᠢᠨ ᠭᠤᠶᠤᠴᠢᠯᠠᠬᠤ ᠶᠢ ᠪᠠᠰᠠ ᠮᠡᠳᠡᠬᠦ ᠦᠭᠡᠢ᠂ ᠠᠳᠡᠬᠢ ᠠᠵᠢᠯᠲᠠᠨ ᠨᠠᠳᠠ ᠳᠤ ᠤᠲᠠᠰᠤ ᠢᠷᠡᠭᠦᠯᠵᠦ ᠲᠦᠯᠦᠪᠦᠷᠢ ᠦᠭᠡᠢ ᠮᠡᠰᠡ ᠵᠠᠰᠠᠯ ᠬᠢᠬᠦ ᠪᠣᠯᠣᠮᠵᠢ ᠲᠠᠢ ᠭᠡᠳᠡᠭ ᠢ ᠮᠡᠳᠡᠭᠳᠡᠮᠡᠭᠴᠡ ᠪᠢ ᠡᠪᠦᠭᠡᠨ ᠲᠠᠢ ᠪᠠᠨ ᠬᠤᠶᠠᠭᠤᠯᠠ  ᠣᠮᠪᠤᠯ ᠢᠶᠠᠨ ᠳᠠᠭᠠᠭᠤᠯᠤᠭᠠᠳ ᠶᠠᠭᠠᠷᠠᠤ  ᠢᠷᠡᠭᠰᠡᠨ ᠶᠤᠮ᠃ ᠥᠪᠡᠷᠲᠡᠭᠡᠨ ᠵᠠᠰᠠᠬᠤ ᠣᠷᠣᠨ ᠤ ᠡᠷᠡᠭᠦᠯᠵᠢᠯ ᠤᠨ ᠲᠤᠰᠠᠯᠠᠬᠤ ᠪᠠᠭᠠᠵᠢ ᠶᠢᠨ ᠲᠥᠪ ᠤᠨ ᠠᠵᠢᠯᠲᠠᠳ ᠤᠨ ᠶᠠᠷᠢᠬᠤ ᠪᠠᠷ᠂ ᠳᠠᠩᠰᠠᠯᠠᠭᠰᠠᠨ ᠤ ᠳᠠᠷᠠᠭ᠎ᠠ ᠤᠷᠢᠳ ᠢᠶᠠᠷ ᠡᠮᠴᠢ ᠪᠠᠷ ᠪᠠᠶᠢᠴᠠᠭᠠᠯᠭᠠᠵᠦ᠂ ᠤᠷᠤᠭᠰᠢᠲᠠᠢ ᠪᠣᠯᠪᠠᠯ ᠪᠡᠭᠡᠵᠢᠩ ᠤᠨ ᠤᠯᠤᠰ ᠤᠨ ᠡᠷᠡᠭᠦᠯᠵᠢᠬᠦ ᠪᠠᠭᠠᠵᠢ ᠶᠢ ᠰᠣᠳᠣᠯᠬᠤ ᠲᠥᠪ ᠤᠨ ᠬᠠᠷᠢᠶᠠᠲᠤ ᠡᠷᠡᠭᠦᠯᠵᠢᠯ ᠤᠨ ᠡᠮᠨᠡᠯᠭᠡ ᠶᠢᠨ ᠬᠤᠷᠢᠶ᠎ᠠ ᠳᠤ ᠣᠴᠢᠵᠦ ᠮᠥᠴᠢ ᠵᠥᠭᠰᠢᠷᠡᠭᠦᠯᠬᠦ ᠮᠡᠰᠡ ᠵᠠᠰᠠᠯ ᠬᠢᠬᠦ ᠭᠡᠨ᠎ᠡ᠂ ᠰᠠᠶᠢᠨ ᠪᠣᠯ ᠡᠩ ᠤᠨ ᠬᠡᠦᠬᠡᠳ ᠲᠠᠢ ᠳᠡᠮᠡᠢ ᠶᠡᠭᠡ ᠵᠦᠷᠢᠶ᠎ᠡ ᠦᠭᠡᠢ ᠪᠣᠯᠴᠢᠬᠠᠨ᠎ᠠ᠃ ᠣᠮᠪᠣᠯᠣ ᠮᠢᠨᠢ ᠠᠷᠪᠠᠨ ᠬᠤᠶᠠᠷᠬᠠᠨ ᠨᠠᠰᠤᠲᠠᠢ᠂ ᠵᠠᠮ ᠤᠨ ᠬᠦᠵᠦᠭᠦᠦ ᠤᠷᠲᠤ ᠪᠠᠶᠢᠨ᠎ᠠ᠂ ᠮᠡᠰᠡ ᠵᠠᠰᠠᠯ ᠬᠢᠭᠡᠳ ᠬᠡᠪ ᠤᠨ ᠪᠠᠶᠢᠳᠠᠯ ᠳᠤ ᠣᠷᠣᠴᠢᠬᠠᠪᠠᠯ ᠪᠢᠳᠡ ᠪᠠᠰᠠ ᠰᠠᠨᠠᠭ᠎ᠠ ᠠᠮᠠᠷᠠᠨ᠎ᠠ ᠳ᠋ᠠ︾ ᠭᠡᠵᠦ ᠰᠦᠩ ᠯᠸᠢ ᠶᠢᠨ ᠡᠮᠡᠭᠡ ᠨᠢ ᠰᠡᠳᠬᠢᠯ ᠳᠤᠭᠳᠤᠯᠤᠨ ᠶᠠᠷᠢᠨ᠎ᠠ᠃   ᠬᠡᠦᠬᠡᠳ ᠪᠣᠯ ᠨᠢᠭᠡ ᠭᠡᠷ ᠪᠦᠯᠢ ᠶᠢᠨ ᠬᠦᠰᠡᠯ᠂ ᠦᠨᠳᠦᠰᠦᠲᠡᠨ ᠤ ᠢᠷᠡᠭᠡᠳᠦᠢ ᠪᠣᠯᠣᠨ᠎ᠠ᠂ ᠵᠡᠮᠳᠡᠭ ᠬᠡᠦᠬᠡᠳ ᠨᠢ ᠨᠡᠶᠢᠭᠡᠮ ᠤᠨ ᠣᠨᠴᠠᠠᠭᠠᠢ ᠬᠠᠮᠲᠤ ᠴᠣᠭᠴᠠ ᠪᠣᠯᠣᠭᠰᠠᠨ ᠤ ᠬᠤᠪᠢ ᠳᠤ᠂ ᠬᠠᠮᠤᠭ ᠤᠨ ᠠᠩᠬᠠᠷᠤᠨ ᠬᠠᠯᠠᠮᠵᠢᠯᠠᠬᠤ ᠴᠢᠬᠤᠯᠠ ᠲᠠᠢ ᠬᠠᠮᠲᠤ ᠴᠣᠭᠴᠠ ᠶᠢᠨ ᠨᠢᠭᠡ ᠨᠢ ᠶᠤᠮ᠃ ᠥᠪᠡᠷᠲᠡᠭᠡᠨ ᠵᠠᠰᠠᠬᠤ ᠣᠷᠣᠨ ᠤ ᠡᠷᠡᠭᠦᠯᠵᠢᠯ ᠤᠨ ᠲᠤᠰᠠᠯᠠᠬᠤ ᠪᠠᠭᠠᠵᠢ ᠶᠢᠨ ᠲᠥᠪ ᠤᠨ ᠬᠢᠨ ᠵᠡᠮᠳᠡᠭ ᠬᠡᠦᠬᠡᠳ ᠢ ᠬᠠᠪᠰᠤᠷᠤᠨ ᠳᠡᠮᠵᠢᠵᠦ᠂ ᠡᠷᠡᠭᠦᠯ ᠢᠶᠠᠷ ᠦᠰᠦᠨ ᠲᠤᠷᠨᠢᠬᠤ ᠳᠤ ᠨᠢ ᠬᠦᠴᠦᠨ   ᠨᠡᠮᠡᠷᠢᠯᠡᠭᠰᠡᠭᠡᠷ ᠢᠷᠡᠭᠰᠡᠨ ᠶᠤᠮ᠃   ᠵᠡᠮᠳᠡᠭ ᠬᠡᠦᠬᠡᠳ ᠢ ᠬᠠᠯᠠᠮᠵᠢᠯᠠᠵᠦ᠂ ᠬᠠᠮᠠᠭᠠᠯᠠᠵᠦ᠂ ᠬᠠᠶᠢᠷᠠᠯᠠᠵᠦ᠂ ᠲᠡᠳᠡ ᠨᠠᠷ ᠲᠤ ᠨᠡᠶᠢᠭᠡᠮ ᠤᠨ ᠶᠡᠭᠡ ᠭᠡᠷ ᠪᠦᠯᠢ ᠶᠢᠨ ᠬᠠᠶᠢᠷ᠎ᠠ ᠬᠠᠯᠠᠮᠵᠢ ᠪᠣᠯᠣᠨ ᠬᠠᠯᠠᠭᠤᠨ ᠳᠤᠯᠠᠭᠠᠨ ᠢ ᠮᠡᠳᠡᠷᠡᠭᠦᠯᠬᠦ ᠨᠢ ᠪᠢᠳᠡ ᠪᠦᠬᠦᠨ ᠤ ᠬᠠᠮᠲᠤ ᠶᠢᠨ ᠬᠠᠷᠢᠭᠤᠴᠠᠯᠭ᠎ᠠ ᠪᠠᠶᠢᠭ᠎ᠠ ᠶᠤᠮ᠃                  ᠮᠡᠳᠡᠭᠡᠯᠡᠭᠴᠢ ᠶᠢᠨ ᠬᠠᠶ᠋ᠢᠭ᠄  ᠬᠦᠬᠡᠬᠤᠲᠠ ᠶᠢᠨ ᠰᠠᠶᠢᠬᠠᠨ ᠲᠤᠭᠤᠷᠢᠭ 
 
ᠢᠷᠡᠯᠲᠡ᠄ ᠦᠪᠤᠷ ᠮᠤᠩᠭᠤᠯ ᠤᠨ ︽ᠨᠡᠶᠢᠬᠡᠮ ︾ ᠰᠡᠳᠬᠦᠯ
 
 
ᠬᠠᠮᠢᠶ᠎ᠡ ᠪᠦᠬᠦᠢ ᠰᠣᠨᠢᠨ
 
2014-2015 ©  ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备05070829号