ᠢᠨᠢᠶᠡᠮᠰᠦᠭᠯᠡᠵᠤ ᠶᠠᠪᠤᠶ᠎ᠠ᠂ ᠶᠢᠷᠳᠢᠨᠴᠦ ᠪᠠᠶᠠᠰᠤᠭ
ᠨᠡᠶᠢᠲᠡᠯᠡᠭᠰᠡᠨ ᠴᠠᠭ᠄
2023/5/25
                                        ᠴᠠᠬᠠᠷ ᠠᠯᠲᠠᠨ᠋ᠧᠴᠢᠷ ᠵᠤᠬᠢᠶᠠᠪᠠ           ᠬᠠᠭᠤᠴᠢᠨ ᠨᠤᠮ ᠪᠢᠴᠢᠭ ᠢᠶᠠᠨ ᠲᠢᠭᠯᠡᠵᠣ ᠪᠠᠶᠢᠲᠠᠯ᠎ᠠ ᠬᠠᠭᠤᠳᠠᠰᠤ ᠴᠠᠭᠠᠰᠣ ᠤᠨᠠᠬᠰᠠᠨ ᠢ ᠠᠪᠤᠭᠠᠳ ᠦᠵᠡᠪᠡᠯ ᠤᠯᠠᠨ ᠵᠢᠯ ᠤᠨ ᠲᠡᠷᠲᠡᠭᠡᠬᠢ ᠡᠳᠦᠷ ᠤᠨ ᠲᠡᠮᠳᠡᠭᠯᠡᠯ ᠪᠠᠶᠢᠯ᠎ᠠ᠃ ᠦᠲᠦ ᠬᠤᠷᠤᠬᠠᠢ ᠭᠦᠶᠦᠭᠰᠡᠨ ᠶᠤᠮ ᠰᠢᠭ ᠪᠠᠯᠴᠢᠷ ᠦᠶ᠎ᠡ ᠶᠢᠨ ᠮᠠᠨᠢ ᠭᠠᠷ ᠤᠨ ᠲᠢᠭ ᠲᠠᠢ ᠮᠠᠷᠲᠠᠵᠣ ᠤᠷᠬᠢᠭᠰᠠᠨ ᠲᠡᠮᠳᠡᠭᠯᠡᠯ ᠢᠶᠠᠨ ᠰᠤᠨᠢᠷᠬᠠᠨ ᠤᠡᠭᠰᠢᠬᠤᠯ᠎ᠠ ᠪᠤᠳᠤᠯ  ᠤᠨ ᠮᠢᠨᠢ ᠤᠴᠢᠭ ᠬᠤᠯᠠ ᠶᠢᠨ ᠬᠤᠯᠠ ᠳᠤ ᠬᠦᠪᠦᠷᠡᠭᠡᠳ ᠶᠠᠪᠤᠴᠢᠬᠠᠯ᠎ᠠ  ᠁    ᠲᠡᠷᠡ ᠦᠶ᠎ᠡ ᠳᠤ ᠪᠢ ᠰᠤᠮᠤᠨ ᠤ ᠪᠠᠭ᠎ᠠ ᠰᠤᠷᠭᠠᠭᠤᠯᠢ ᠳᠤ ᠭᠦᠶᠦᠵᠦ ᠪᠠᠶᠢᠭᠰᠠᠨ᠃ ᠪᠠᠷᠤᠭ ᠳᠦᠷᠪᠡᠳᠦᠭᠡᠷ ᠤᠨ ᠳᠤ  ᠪᠠᠶᠢᠬ᠎ᠠ ᠡ᠃     ᠬᠢᠴᠢᠶᠡᠯ ᠲᠠᠷᠬᠠᠭᠠᠳ ᠪᠢ ᠬᠡᠷ ᠤᠷᠤᠭᠤ ᠪᠠᠨ ᠳᠦᠭᠦᠷᠡᠩ ᠪᠢᠴᠢᠭ ᠲᠠᠢ ᠬᠦᠨᠳᠦ ᠪᠣᠬᠴᠣ ᠪᠠᠨ ᠲᠠᠭᠠᠭᠠᠵᠣ ᠶᠠᠳᠠᠨ ᠮᠠᠶᠢᠵᠢᠭᠢᠨᠠᠨ᠎ᠠ᠃ ᠳᠤᠤᠷ᠎ᠠ ᠤᠨ ᠤ ᠬᠡᠳᠦᠨ ᠠᠯᠢᠶ᠎ᠠ ᠵᠢᠭᠠᠯ ᠂ ᠠᠷᠪᠠᠨ ᠳᠦᠷᠪᠡ ᠲᠠᠪᠤᠨ ᠨᠠᠰᠤᠨ ᠤ ᠲᠦᠯᠦᠪᠲᠡᠢ ᠬᠡᠯᠡᠨ ᠤ ᠪᠡᠷᠬᠡᠳᠡᠯ ᠲᠠᠢ ᠡᠬᠡᠴᠢᠮᠡᠳ ᠦᠬᠢᠨ ᠢ ᠡᠯᠡᠭ ᠪᠠᠷᠢᠨ ᠠᠷᠤ ᠠᠴᠠ ᠨᠢ ᠲᠠᠭᠠᠵᠣ ᠱᠣᠣᠭᠢᠯᠳᠣᠨ ᠬᠦᠬᠦᠷᠡᠯᠳᠦᠨ᠎ᠡ᠃ ︽ᠡ ᠪᠠ᠂ ᠠ ᠪᠠ︾ ︽ᠦ ᠠ᠂ ᠦ ᠠ︾ ᠭᠡᠳ ᠪᠤᠴᠠᠵᠤ ᠮᠤᠳᠤ ᠴᠢᠯᠠᠭᠤ ᠨᠡᠭᠦᠯᠭᠡᠨ ᠲᠦᠢᠳᠬᠡᠷ ᠵᠤᠯᠢᠭ ᠤᠳ ᠢ ᠡᠯᠳᠡᠨ ᠲᠠᠭᠤᠵᠤ ᠶᠠᠪᠤᠭ᠎ᠠ ᠶᠠᠪᠠ ᠦᠬᠢᠨ ᠢ ᠬᠠᠷᠠᠭᠠᠳ ᠳᠤᠲᠤᠷ᠎ᠠ ᠶᠡᠭᠡ ᠯᠠ ᠡᠪ ᠦᠭᠡᠶᠢᠷᠡᠬᠡᠳᠡᠭ᠂ ᠦᠷᠦ ᠡᠪᠡᠳᠦᠳᠡᠭ ᠴᠤ ᠪᠠᠶᠢᠯ᠎ᠠ᠃     ᠲᠦᠢᠳᠬᠡᠷ ᠳᠠᠮᠰᠢᠭ ᠤᠳ ᠵᠠᠷᠢᠮ ᠳᠤ ᠪᠠᠨ ᠮᠢᠨᠤ ᠬᠤᠶᠢᠨ᠎ᠠ ᠠᠴᠠ ᠴᠤ ᠲᠠᠭᠠᠵᠣ ᠵᠡᠮᠳᠡᠭ ᠮᠠᠭᠤ ᠮᠠᠶᠢᠭ ᠭᠦᠯ ᠢ ᠮᠢᠨᠢ ᠳᠠᠭᠤᠷᠢᠶᠠᠨ ᠠᠯᠴᠠᠭᠠᠨᠠᠵᠣ ᠡᠯᠡᠭ ᠪᠠᠷᠢᠳᠠᠭ ᠪᠤᠯᠪᠠᠴᠤ ᠮᠢᠨᠤ ᠨᠢᠰᠬᠡᠳᠡᠭ ᠴᠢᠯᠠᠭᠤᠨ ᠤ ᠠᠮᠲᠠ ᠶᠢ ᠬᠡᠳᠤᠨᠳᠡ ᠠᠮᠲᠠᠯᠠᠬᠰᠠᠨ ᠲᠤᠯᠠ ᠨᠠᠳᠠ ᠠᠴᠠ ᠠᠶᠤᠵᠤ ᠴᠡᠷᠪᠡᠳᠡᠭ ᠪᠤᠯᠤᠭᠰᠠᠨ᠃ ᠲᠡᠳᠡᠨᠣᠰ ᠬᠡᠰᠡᠭ ᠪᠤᠵᠢᠬᠢᠨᠠᠯᠳᠤᠭᠠᠳ ᠰᠠᠯᠪᠠ     ᠦᠨᠦ ᠶᠠᠪᠠ ᠦᠬᠢᠨ ᠬᠠᠵᠠᠭᠤ ᠪᠠᠷ ᠦᠡᠭᠭᠡᠷᠡᠬᠦ ᠳᠤ ᠪᠠᠨ ᠦᠬᠡᠳᠡ ᠠᠴᠠ ᠱᠤᠬᠳᠠᠶᠢᠬᠠᠨ ᠢᠨᠢᠶᠡᠭᠰᠡᠨ ᠢᠶᠠᠨ ᠨᠠᠮ᠎ᠠ ᠶᠢ ᠳᠠᠭᠤᠷᠢᠶᠠᠨ ᠮᠠᠶᠢᠵᠢᠭᠢᠨᠠᠵᠤ ᠠᠯᠬᠤᠭᠠᠳ ᠬᠡᠳᠡᠬᠡᠨᠡᠨ ᠢᠨᠢᠶᠡᠬᠦ ᠳᠤ ᠨᠢ ᠠᠭᠤᠷ ᠬᠦᠷᠴᠦ᠂ ᠮᠠᠭᠤ ᠰᠡᠪᠡᠭᠡᠷ  ᠤᠨ ᠲᠤᠶᠢᠭ ᠶᠢ ᠨᠢ ᠮᠣᠯᠲᠣᠷᠠᠲᠠᠯ᠎ᠠ ᠴᠣᠬᠢᠶ᠎ᠠ ᠭᠡᠵᠦ ᠴᠢᠯᠠᠭᠤ ᠰᠢᠭᠦᠷᠠᠭᠡᠳ ᠲᠠᠯᠠᠶᠢᠬᠰᠠᠨ ᠪᠤᠯᠪᠠᠴᠤ ᠡᠵᠢ ᠶᠢᠨ ᠮᠢᠨᠢ ︽ᠬᠦᠮᠦᠨ ᠲᠠᠢ ᠡᠶ᠎ᠡ ᠡᠪ ᠲᠠᠢ ᠶᠠᠪᠤ︕ ᠪᠤᠰᠤᠳ ᠲᠤ ᠪᠤᠤ ᠯᠠ ᠬᠤᠤᠷ ᠬᠢ︕  ᠨᠡᠩ ᠴᠤ  ᠲᠤᠷᠤᠢ ᠪᠠᠭᠤᠷᠠᠢ ᠬᠦᠮᠦᠰ ᠢ ᠲᠠᠷᠤᠯᠠᠵᠤ ᠪᠤᠯᠬᠤ ᠦᠭᠡᠢ᠂ ᠲᠤᠰᠠᠯᠠᠵᠤ ᠴᠢᠳᠠᠬᠤ ᠦᠬᠡᠢ ᠪᠤᠯᠪᠠᠴᠤ ᠬᠤᠤᠷᠯᠠᠵᠤ ᠪᠤᠯᠬᠤ ᠦᠬᠡᠢ ᠶᠤᠮ ᠰᠢᠦ ︾ ᠭᠡᠰᠡᠨ ᠦᠭᠡ ᠴᠢᠬᠢᠨ ᠳᠤ ᠬᠠᠨᠭ᠍ᠬᠢᠨᠠᠭᠤᠯᠠᠷ ᠪᠠᠷᠢᠭᠰᠠᠨ ᠴᠢᠯᠠᠭᠤ ᠪᠠᠨ ᠳᠠᠩᠴᠦ ᠨᠡᠭᠦᠯᠭᠡᠵᠦ ᠴᠢᠳᠠᠭᠰᠠᠨ ᠦᠬᠡᠢ᠃        ᠲᠡᠭᠡᠬᠦ ᠳᠤ ᠡᠬᠡᠴᠢᠮᠡᠳᠬᠡᠨ ᠪᠤᠯᠪᠠᠴᠤ ᠲᠦᠬᠦᠭᠡ ᠮᠠᠭᠤᠲᠠᠢ ᠨᠦᠭᠦᠭᠡ ᠦᠬᠢᠨ ᠨᠠᠳᠠ ᠠᠴᠠ ᠵᠠᠢ ᠪᠠᠷᠢᠨ ᠮᠦᠨ ᠯᠠ ᠲᠠᠭᠤᠷᠢᠶᠠᠵᠣ ᠠᠯᠬᠤᠭᠰᠠᠭᠠᠷ ᠯᠠ ᠪᠠᠶᠢᠪᠠ ᠁     ᠡᠨᠡ ᠦᠵᠢᠷᠡᠭᠰᠡᠨ ᠬᠠᠭᠤᠳᠠᠰᠤᠨ ᠳᠤ ᠡᠭᠦᠨ ᠢ ᠯᠠ ᠲᠡᠮᠳᠡᠭᠯᠡᠭᠰᠡᠨ ᠶᠤᠮ ᠪᠠᠶᠢᠨ᠎ᠠ᠃     ᠤᠳᠤ ᠪᠤᠳᠤᠪᠠᠯ ᠮᠢᠨᠦ ᠠᠯᠬᠤᠬᠤ ᠲᠡᠳᠡᠬᠡᠷ ᠬᠡᠤᠬᠡᠳ ᠤᠳ ᠲᠠᠢ ᠠᠳᠠᠯᠢ ᠦᠬᠡᠢ ᠪᠤᠯᠬᠤᠷ ᠰᠤᠨᠢᠷᠬᠠᠭᠠᠳ ᠲᠠᠭᠤᠷᠢᠶᠠᠵᠤ ᠠᠭᠠᠰᠢᠯᠠᠳᠠᠬ ᠪᠠᠶᠢᠬ᠎ᠠ᠃ ᠬᠦᠭᠡᠷᠦᠬᠦᠢ ᠳ᠋ᠡ᠂ ᠬᠡᠤᠬᠡᠳ ᠨᠠᠰᠤ ᠭᠡᠵᠤ ᠶᠠᠮᠠᠷ ᠴᠦ ᠬᠡᠨᠡᠨ ᠴᠠᠶᠢᠯᠭᠠᠨ ᠪᠢᠯᠨ ᠳ᠋ᠠ᠂ ᠲᠤᠷᠠᠰᠤᠭᠠᠳ ᠰᠠᠭᠤᠬᠤ ᠳᠤ ᠴᠦ ᠰᠠᠶᠢᠬᠠᠨ ᠡ᠃     ᠪᠠᠭ᠎ᠠ ᠰᠤᠷᠭᠠᠭᠤᠯᠢ ᠪᠠᠨ ᠲᠡᠭᠦᠰᠦᠭᠡᠳ ᠠᠩᠬ᠎ᠠ ᠳᠤᠮᠳᠠᠳᠤ ᠰᠤᠷᠭᠠᠭᠤᠯᠢ ᠳᠤ ᠲᠡᠪᠰᠢᠵᠣ ᠬᠤᠰᠢᠭᠤᠨ ᠲᠦᠪ  ᠲᠤ ᠪᠠᠶᠢᠷᠢ ᠳᠤ ᠰᠠᠭᠤᠬᠤ ᠪᠤᠯᠬᠤ ᠳᠤ ᠪᠠᠭᠰᠢ ᠮᠢᠨᠢ ᠨᠠᠮ᠎ᠠ ᠶᠢ ᠦᠪᠡᠷ ᠤᠨ ᠬᠡᠤᠭᠡᠳ ᠢᠶᠠᠨ ᠰᠢᠭ ᠬᠠᠯᠠᠮᠵᠢᠯᠠᠵᠤ᠂ ᠬᠠᠮᠳᠦ ᠰᠤᠷᠤᠬᠴᠢᠳ ᠮᠢᠨᠢ ᠲᠦᠷᠦᠭᠰᠡᠨ ᠠᠬ᠎ᠠ ᠲᠡᠬᠦᠦ ᠪᠠᠨ ᠰᠢᠭ ᠲᠤᠳᠤᠨᠤ ᠬᠠᠨᠳᠤᠵᠤ ᠬᠠᠪᠰᠤᠷᠴᠤ ᠲᠤᠰᠠᠯᠠᠳᠠᠬ ᠲᠡᠳᠤᠢ ᠦᠬᠡᠢ᠂ ᠠᠩᠭᠢ ᠶᠢᠨ ᠬᠡᠷ᠂ ᠪᠠᠶᠢᠷᠢ ᠶᠢᠨ ᠬᠡᠷ ᠴᠡᠪᠡᠷᠯᠡᠬᠦ ᠵᠢᠵᠢᠭᠦᠷ ᠴᠤ ᠲᠤᠬᠢᠷᠠᠭᠤᠯᠳᠠᠭ ᠦᠬᠡᠢ᠃ ᠲᠡᠷᠡ ᠦᠶ᠎ᠡ ᠳᠤ ᠪᠢᠳᠡ ᠬᠤᠷᠢ ᠭᠤᠴᠢᠭᠤᠯᠠ ᠨᠢᠭᠡ ᠪᠠᠶᠢᠷᠢ ᠳᠤ ᠰᠠᠭᠤᠵᠤ᠂ ᠬᠤᠶᠠᠷ ᠬᠦᠮᠦᠨ ᠨᠢᠭᠡ ᠵᠢᠵᠢᠭᠦᠷ ᠪᠤᠯᠵᠤ ᠬᠤᠭᠤᠯᠠ ᠪᠠᠨ ᠪᠠᠶᠢᠷᠢ ᠳᠤ ᠪᠠᠨ ᠵᠦᠭᠡᠭᠡᠵᠣ ᠠᠪᠴᠢᠷᠠᠭᠠᠳ ᠬᠤᠪᠢᠶᠠᠵᠤ ᠦᠭᠳᠡᠭ᠂ ᠬᠠᠷᠢᠨ ᠨᠠᠳᠠ ᠪᠠᠷ ᠬᠤᠭᠤᠯᠠ ᠵᠦᠭᠡᠭᠡᠬᠦ ᠵᠢᠵᠢᠭᠦᠷ ᠬᠢᠯᠭᠡᠳᠡᠭ ᠦᠬᠡᠢ᠃ ᠢᠩᠭᠢᠭᠡᠳ ᠯᠠ ᠪᠢ ᠨᠦᠬᠦᠳ ᠤᠨ ᠢᠶᠠᠨ ᠳᠡᠮᠵᠢᠯᠭᠡ ᠶᠢ ᠬᠦᠷᠲᠡᠭᠡᠳ ᠯᠠ ᠶᠠᠪᠤᠳᠠᠭ ᠪᠠᠶᠢᠯ᠎ᠠ᠃    ᠲᠡᠷᠡ ᠨᠢᠭᠡ ᠵᠤᠨ ᠮᠠᠨ ᠤ ᠠᠩᠭᠢ ᠶᠢᠨ ᠬᠢᠨ ᠬᠦᠢᠲᠡᠨ ᠰᠢᠯᠢ ᠳᠤ ᠵᠤᠭᠠᠴᠠᠬᠤ ᠪᠠᠷ ᠶᠠᠪᠤᠯ᠎ᠠ᠃ ︽ᠪᠢ ᠶᠠᠪᠤᠬᠤ ᠦᠭᠡᠢ︾ ᠭᠡᠬᠦ ᠳᠤ ᠨᠦᠬᠦᠳ ᠮᠢᠨᠢ ︽ᠶᠠᠪᠤᠶ᠎ᠠ︕ ᠮᠠᠰᠢᠨ ᠲᠡᠷᠭᠡ ᠪᠠᠷ ᠶᠠᠪᠤᠬᠤ ᠬᠡᠵᠣ ᠪᠠᠶᠢᠬᠤ ᠶᠤᠮ ᠴᠢᠨᠢ ᠁︾ ᠬᠡᠭᠰᠡᠭᠡᠷ ᠪᠠᠶᠢᠭᠠᠳ ᠨᠠᠮ᠎ᠠ ᠶᠢ ᠲᠠᠭᠠᠭᠤᠯᠵᠣ ᠶᠠᠪᠤᠪᠠ ᠃     ᠠᠭᠤᠯᠠᠨ ᠳᠤ ᠪᠠᠷᠤᠭ ᠪᠦᠲᠦᠨ ᠡᠳᠦᠷ ᠰᠢᠬᠠᠭᠤ ᠨᠠᠭᠠᠳᠤᠭᠠᠳ ᠪᠤᠴᠠᠬᠤ ᠦᠶ᠎ᠡ ᠳᠤ ᠮᠠᠨᠤᠰ ᠢ ᠬᠦᠷᠭᠡᠵᠣ ᠢᠷᠡᠭᠰᠡᠨ ᠰᠤᠷᠭᠠᠭᠤᠯᠢ ᠶᠢᠨ  ᠴᠢᠷᠦᠭᠦᠯ ᠲᠠᠢ ᠮᠠᠰᠢᠨ ᠲᠤᠰᠬᠤ ᠪᠠᠷ ᠢᠷᠡᠬᠡᠳ ᠪᠠᠶᠢᠮ᠎ᠠ ᠴᠠᠭᠠᠨ᠎ᠠ ᠬᠦᠯᠢᠶᠡᠵᠣ ᠪᠠᠶᠢᠯ᠎ᠠ᠃     ᠶᠠᠳᠠᠷᠠᠵᠤ ᠲᠣᠶᠢᠯᠳᠠᠵᠣ ᠬᠦᠯ ᠡᠪᠡᠳᠦᠭᠡᠳ ᠨᠦᠬᠦᠳ ᠢᠶᠠᠨ ᠲᠠᠭᠠᠵᠤ ᠳᠡᠶᠢᠯᠬᠦ ᠦᠬᠡᠢ ᠠᠷᠤ ᠳᠤ ᠨᠢ ᠮᠠᠶᠢᠵᠢᠭᠢᠨᠠᠬᠤ ᠳᠤ ᠨᠠᠶᠢᠵᠠ ᠪᠦᠬᠡ ᠮᠠᠨᠢ ᠨᠠᠮ᠎ᠠ ᠶᠢ ᠡᠭᠦᠷᠦᠨ᠎ᠡ ᠭᠡᠳ ᠡᠮᠦᠨ᠎ᠡ ᠮᠢᠨᠢ ᠤᠴᠤᠶᠢᠬᠤ ᠨᠢ ᠲᠡᠷᠡ᠃ ᠪᠢ ᠶᠡᠭᠡ ᠯᠠ  ᠡᠪ ᠦᠭᠡᠶᠢᠷᠬᠡᠵᠦ ᠦᠪᠡᠷ ᠢᠶᠠᠨ ᠴᠢᠷᠮᠠᠶᠢᠨ ᠠᠯᠬᠤᠶ᠎ᠠ ᠭᠡᠪᠡᠯ ︽ᠬᠠᠮᠢᠶ᠎ᠠ ᠦᠬᠡᠢ᠂ ᠡᠭᠦᠷᠦᠭᠦᠯᠴᠢᠬᠡ ᠡ᠃ ᠪᠢᠳᠡ ᠴᠤ ᠴᠢᠮ᠎ᠠ ᠶᠢ ᠡᠭᠡᠯᠵᠢ ᠪᠠᠷ ᠡᠭᠦᠷᠦᠶ᠎ᠡ︾ ᠭᠡᠳ ᠪᠠᠲᠤᠴᠡᠩᠬᠡᠯ᠂ ᠳᠠᠶᠢᠴᠢᠨ᠂ ᠠᠮᠤᠭᠤᠯᠠᠩ ᠭᠤᠷᠪᠠᠭᠤᠯᠠ ᠨᠠᠮ᠎ᠠ ᠶᠢ ᠲᠦᠯᠬᠢᠨ ᠪᠦᠬᠡ ᠶᠢᠨ  ᠨᠢᠷᠤᠭᠤᠨ ᠳᠡᠭᠡᠷ᠎ᠡ ᠨᠠᠭᠠᠯᠳᠣᠭᠤᠯᠪᠠ᠃ ᠲᠡᠭᠡᠭᠡᠳ ᠯᠠ ᠲᠡᠳᠡ ᠳᠦᠷᠪᠡᠭᠦᠯᠡ ᠨᠠᠮ᠎ᠠ ᠶᠢ ᠡᠭᠡᠯᠵᠢᠯᠡᠨ ᠡᠭᠦᠷᠴᠦ ᠲᠡᠷᠭᠡᠨ ᠳᠡᠭᠡᠷ᠎ᠡ ᠭᠠᠷᠭᠠᠯ᠎ᠠ᠃     ᠢᠡᠭᠭᠢᠭᠳ ᠯᠠ ᠪᠢ ᠪᠡᠶ᠎ᠡ ᠵᠡᠮᠳᠡᠭ ᠪᠤᠯᠪᠠᠴᠤ ᠪᠠᠭᠰᠢ᠂ ᠨᠠᠶᠢᠵᠡ ᠨᠦᠬᠦᠳ ᠤᠨ ᠢᠶᠠᠨ ᠬᠠᠶᠢᠷ᠎ᠠ ᠬᠠᠯᠠᠮᠵᠢᠯᠠᠯ ᠢ ᠬᠦᠷᠳᠡᠵᠦ ᠠᠩᠬ᠎ᠠ ᠳᠤᠮᠳᠠᠳᠤ ᠶᠢᠨ ᠭᠤᠷᠪᠠᠨ ᠵᠢᠯ ᠢᠶᠠᠨ ᠪᠠᠶᠠᠷ ᠬᠦᠷ ᠲᠠᠢ ᠦᠩᠭᠡᠷᠡᠭᠡᠭᠰᠡᠨ ᠢᠶᠠᠨ ᠪᠤᠳᠤᠬᠤᠯᠠᠷ ︽ᠶᠠᠮᠠᠷ ᠰᠠᠶᠢᠬᠠᠨ ᠬᠦᠮᠦᠰ ᠢ ᠪᠤᠷᠬᠠᠨ  ᠨᠠᠳᠠ ᠳᠤ ᠵᠠᠶᠠᠭᠠᠭᠰᠠᠨ ᠢ᠂ ᠢᠯᠠᠭᠤᠨ ᠰᠠᠷᠠᠨ ᠤ ᠳᠤᠤᠷ᠎ᠠ ᠦᠭᠡ ᠪᠠᠷ ᠢᠯᠡᠳᠬᠡᠬᠦ ᠶᠢᠨ ᠠᠷᠭ᠎ᠠ ᠦᠬᠡᠢ ᠁︾ ᠬᠡᠵᠦ ᠦᠪᠡᠷ ᠤᠨ ᠡᠷᠭᠡ ᠦᠬᠡᠢ ᠠᠶᠠᠯᠤᠨ ᠲᠠᠭᠤᠯᠠᠳᠠᠬ ᠰᠠᠨ᠃      ᠬᠦᠮᠦᠨ ᠡ ᠭᠡᠵᠢ︕ ᠤᠬᠠᠭᠠᠷᠠᠵᠤ ᠠᠮᠢᠳᠤᠷᠠᠬᠤ ᠬᠤᠷᠸ᠎ᠠ ᠭᠡᠵᠤ ᠁     ᠦᠢᠯᠨ ᠶᠢᠨ ᠦᠷ᠎ᠡ ᠪᠠᠷ ᠨᠠᠳᠠ ᠳᠤ ᠲᠤᠬᠢᠶᠠᠬᠰᠠᠨ  ᠳᠠᠩᠴᠣ ᠬᠠᠳᠠᠭᠤ ᠬᠤᠪᠢ ᠲᠠᠪᠢᠯᠠᠩ ᠶᠤᠮ ᠳ᠋ᠠ᠃ ᠬᠡᠯ᠎ᠡ ᠬᠡᠬᠦ ᠳᠤ ᠲᠠᠪᠢᠯᠠᠩ ᠵᠠᠶᠠᠭᠠᠨ ᠳᠤ ᠪᠠᠨ ᠲᠠᠰᠬᠤ ᠯᠠ ᠠᠯᠪᠠ ᠲᠠᠢ᠂ ᠡᠭᠦᠷᠬᠦ ᠯᠠ ᠶᠤᠰᠤᠲᠠᠢ ᠲᠠᠢ ᠠᠴᠠ ᠬᠤᠶᠢᠰᠢ᠃ ᠬᠡᠪᠡᠴᠦ ᠬᠦᠮᠦᠨ ᠦᠪᠡᠷ ᠤᠨ ᠬᠢ ᠪᠠᠷ ᠢᠶᠠᠨ ᠠᠮᠢᠳᠤᠷᠠᠬᠤ ᠬᠡᠵᠦ ᠪᠠᠰᠠ ᠰᠠᠶᠢᠬᠠᠨ ᠪᠠᠶᠢᠳᠠᠬ᠃ ᠰᠠᠶᠢᠨ ᠢ ᠪᠤᠳᠤᠵᠤ᠂ ᠰᠠᠶᠢᠨ ᠰᠡᠳᠬᠢᠯ ᠢᠶᠠᠷ᠂ ᠰᠠᠶᠢᠨ ᠦᠢᠯᠨ ᠳᠤ ᠰᠢᠮᠳᠠᠶ᠎ᠠ ᠭᠡᠵᠤ ᠴᠢᠳᠠᠯ ᠢᠶᠠᠷ ᠢᠶᠠᠨ ᠴᠢᠷᠮᠠᠶᠢᠵᠤ ᠯᠠ ᠶᠠᠪᠤᠬᠤ ᠨᠢ ᠵᠦᠢᠳᠡᠢ ᠪᠤᠯᠪᠠ ᠤᠤ ᠳ᠋ᠠ᠃ ᠲᠡᠭᠡᠬᠦ ᠳᠤ ᠠᠮᠢᠳᠤᠷᠠᠯ ᠮᠢᠨᠢ ᠪᠤᠰᠤᠳ ᠤᠨ ᠬᠠᠷᠠᠭᠠᠯᠵᠠᠯ ᠦᠭᠡᠢ ᠪᠠᠷ ᠤᠷᠤᠰᠢᠵᠤ ᠴᠢᠳᠠᠬᠤ ᠦᠬᠡᠢ ᠤᠴᠢᠷ ᠠᠴᠠ ᠨᠠᠮ᠎ᠠ ᠶᠢ ᠲᠦᠷᠦᠬᠦᠯᠵᠦ ᠦᠰᠭᠡᠭᠰᠡᠨ ᠠᠴᠢᠳᠦ ᠠᠪᠤ ᠡᠵᠢ᠂ ᠠᠰᠠᠷᠠᠵᠤ ᠬᠠᠷᠠᠭᠠᠯᠵᠠᠳᠠᠬ ᠠᠬ᠎ᠠ ᠳᠡᠭᠦᠤ᠂ ᠲᠤᠰᠠᠯᠠᠵᠦ ᠲᠡᠮᠵᠢᠵᠦ ᠶᠠᠪᠤᠬᠰᠠᠨ ᠨᠠᠶᠢᠵᠠ ᠨᠦᠬᠦᠳ ᠲᠤ ᠪᠠᠨ ᠪᠠᠶᠠᠷᠯᠠᠵᠦ ᠲᠠᠯᠠᠷᠬᠠᠵᠦ ᠶᠠᠪᠤᠨᠠᠮ᠃     ᠰᠠᠶᠢᠬᠠᠨ ᠰᠠᠨᠠᠬ᠋᠎ᠠ  ᠲᠠᠢ ᠠᠴᠢᠳᠦ ᠬᠦᠮᠦᠰ ᠢᠶᠠᠨ ᠰᠠᠨᠠᠨ ᠲᠤᠷᠠᠰᠴᠦ ᠰᠠᠭᠤᠬᠤ ᠳᠤ ᠰᠡᠳᠬᠢᠯ ᠨᠢᠬᠡ ᠯᠨ ᠬᠡᠭᠡᠯᠵᠡᠭᠡᠳ ᠰᠢᠯᠦᠭ ᠤᠨ ᠬᠡᠮᠡᠷ ᠱᠠᠳ ᠮᠦᠷ ᠤᠳ ᠲᠠᠰᠤᠷᠠᠨ ᠪᠠᠭᠤᠬᠤ ᠶᠢ ᠢᠳᠡᠭᠡᠯ ᠵᠤᠷᠢᠭ ᠪᠤᠯᠭᠠᠨ ᠬᠡᠯᠬᠢᠵᠦ ᠦᠯᠡᠳᠡᠭᠡᠶ᠎ᠡ᠄     ᠡᠨᠡ ᠰᠠᠶᠢᠬᠠᠨ ᠲᠡᠯᠡᠬᠡᠢ ᠳᠤ        ᠡᠷᠡᠮᠳᠡᠭ ᠵᠠᠶᠠᠭᠠᠭᠰᠠᠨ ᠴᠦ  ᠶᠠᠭᠠᠬᠢᠬᠤ ᠪᠣᠢ     ᠢᠨᠢᠶᠡᠮᠰᠦᠭᠯᠡᠵᠤ ᠶᠠᠪᠤᠶ᠎ᠠ᠂ ᠶᠢᠷᠲᠢᠨᠴᠤ ᠪᠠᠶᠠᠰᠤᠭ      ᠡᠯᠢᠭᠡ ᠪᠦᠲᠦᠨ ᠬᠤᠷᠸ᠎ᠠ ᠳᠤ        ᠵᠡᠮᠳᠡᠭ ᠪᠤᠯᠤᠭᠰᠠᠨ ᠴᠦ ᠶᠠᠭᠠᠬᠢᠬᠤ ᠪᠣᠢ     ᠢᠨᠢᠶᠡᠮᠰᠦᠭᠯᠡᠵᠤ ᠶᠠᠪᠤᠶ᠎ᠠ᠂ ᠶᠢᠷᠲᠢᠨᠴᠤ ᠪᠠᠶᠠᠰᠤᠭ       ᠡᠷᠡᠭᠦᠯ ᠪᠡᠶ᠎ᠡ ᠦᠭᠡᠢ ᠴᠦ        ᠰᠠᠷᠠᠭᠤᠯ ᠤᠬᠠᠭᠠᠨ ᠲᠠᠢ ᠪᠤᠯᠬᠤᠷ ᠶᠠᠭᠠᠬᠢᠬᠤ ᠪᠣᠢ      ᠢᠨᠢᠶᠡᠮᠰᠦᠭᠯᠡᠵᠤ ᠶᠠᠪᠤᠶ᠎ᠠ᠂ ᠶᠢᠷᠲᠢᠨᠴᠤ ᠪᠠᠶᠠᠰᠤᠭ         ᠤᠳᠤ ᠲᠠᠢ ᠰᠦᠨᠢ ᠶᠢᠨ ᠭᠦᠨ ᠳᠤ      ᠤᠶᠢᠳᠬᠠᠷ ᠲᠤ ᠵᠢᠪᠦᠳᠡᠭ ᠴᠤ ᠶᠠᠭᠠᠬᠢᠬᠤ ᠪᠣᠢ                  ᠢᠨᠢᠶᠡᠮᠰᠦᠭᠯᠡᠵᠤ ᠶᠠᠪᠤᠶ᠎ᠠ᠂ ᠶᠢᠷᠲᠢᠨᠴᠤ ᠪᠠᠶᠠᠰᠤᠭ      ᠭᠦᠶᠦᠬᠦ ᠲᠡᠩᠭᠡᠭᠡ ᠦᠭᠡᠢ ᠴᠦ        ᠬᠦᠷᠳᠦᠲᠦ ᠲᠡᠷᠭᠡᠨᠴᠢᠷ ᠲᠠᠢ ᠪᠤᠯᠬᠤᠷ ᠶᠠᠭᠠᠬᠢᠬᠤ ᠪᠣᠢ       ᠢᠨᠢᠶᠡᠮᠰᠦᠭᠯᠡᠵᠤ ᠶᠠᠪᠤᠶ᠎ᠠ᠂ ᠶᠢᠷᠲᠢᠨᠴᠤ ᠪᠠᠶᠠᠰᠤᠭ        ᠬᠦᠯ ᠢᠶᠠᠷ ᠬᠦᠷᠬᠦ ᠦᠭᠡᠢ ᠭᠠᠵᠠᠷ ᠲᠤ        ᠬᠡᠯᠡ ᠪᠠᠷ ᠬᠦᠷᠳᠡᠭ ᠲᠤ ᠪᠠᠨ ᠪᠠᠶᠠᠰᠳᠠᠭ ᠪᠤᠯᠬᠤᠷ ᠶᠠᠭᠠᠬᠢᠬᠤ ᠪᠣᠢ     ᠢᠨᠢᠶᠡᠮᠰᠦᠭᠯᠡᠵᠤ ᠶᠠᠪᠤᠶ᠎ᠠ᠂ ᠶᠢᠷᠲᠢᠨᠴᠤ ᠪᠠᠶᠠᠰᠤᠭ         ᠬᠤᠷᠸ᠎ᠠ ᠶᠢᠨ ᠠᠭᠤᠳᠠᠮ ᠳᠤ        ᠬᠠᠶᠠ ᠪᠠᠰᠠ ᠰᠡᠳᠬᠢᠯ ᠳᠠᠪᠴᠢᠭᠤᠳᠠᠳᠠᠭ ᠴᠦ ᠶᠠᠭᠠᠬᠢᠬᠤ ᠪᠣᠢ     ᠢᠨᠢᠶᠡᠮᠰᠦᠭᠯᠡᠵᠤ ᠶᠠᠪᠤᠶ᠎ᠠ᠂ ᠶᠢᠷᠲᠢᠨᠴᠤ ᠪᠠᠶᠠᠰᠤᠭ       ᠬᠦᠬᠡ ᠲᠡᠭᠷᠢ ᠶᠢᠨ ᠳᠤᠤᠷ᠎ᠠ        ᠬᠦᠮᠦᠨ ᠤ ᠲᠠᠶᠢᠲᠠᠢ ᠶᠠᠪᠤᠬᠤ ᠪᠠᠷ ᠴᠢᠷᠮᠠᠶᠢᠳᠠᠭ ᠪᠤᠯᠬᠤᠷ ᠶᠠᠭᠠᠬᠢᠬᠤ ᠪᠣᠢ     ᠢᠨᠢᠶᠡᠮᠰᠦᠭᠯᠡᠵᠤ ᠶᠠᠪᠤᠶ᠎ᠠ᠂ ᠶᠢᠷᠲᠢᠨᠴᠤ ᠪᠠᠶᠠᠰᠤᠭ      ᠬᠦᠮᠦᠨ ᠠᠴᠠ ᠲᠤᠳᠠᠭᠤ ᠴᠦ        ᠬᠦᠰᠡᠯ ᠢᠶᠠᠷ ᠲᠤᠯᠢᠮᠠᠭ ᠪᠢᠰᠢ ᠪᠤᠯᠬᠤᠷ ᠶᠠᠭᠠᠬᠢᠬᠤ ᠪᠣᠢ     ᠢᠨᠢᠶᠡᠮᠰᠦᠭᠯᠡᠵᠤ ᠶᠠᠪᠤᠶ᠎ᠠ᠂ ᠶᠢᠷᠲᠢᠨᠴᠤ ᠪᠠᠶᠠᠰᠤᠭ       ᠨᠠᠶᠢᠷᠲᠠᠢ ᠬᠠᠶᠢᠷᠠᠲᠠᠢ ᠪᠦᠮᠪᠦᠷᠴᠡᠭ ᠲᠤ ᠪᠠᠨ      ᠨᠢᠰᠴᠤ ᠲᠡᠪᠳᠡᠷᠢᠵᠤ ᠴᠢᠳᠠᠬᠤ ᠦᠭᠡᠢ ᠴᠦ ᠶᠠᠭᠠᠬᠢᠬᠤ ᠪᠣᠢ      ᠢᠨᠢᠶᠡᠮᠰᠦᠭᠯᠡᠵᠤ ᠶᠠᠪᠤᠶ᠎ᠠ᠂ ᠶᠢᠷᠲᠢᠨᠴᠤ ᠪᠠᠶᠠᠰᠤᠭ        ᠨᠠᠷᠠᠨ ᠤ ᠰᠠᠶᠢᠬᠠᠨ ᠮᠦᠰᠢᠶᠡᠯ ᠳᠤ        ᠨᠢᠳᠦᠨ ᠳᠤ ᠪᠠᠨ ᠨᠢᠯᠪᠤᠰᠤ ᠲᠠᠢ ᠴᠦ ᠶᠠᠭᠠᠬᠢᠬᠤ ᠪᠣᠢ     ᠢᠨᠢᠶᠡᠮᠰᠦᠭᠯᠡᠵᠤ ᠶᠠᠪᠤᠶ᠎ᠠ᠂ ᠶᠢᠷᠳᠢᠨᠴᠦ ᠪᠠᠶᠠᠰᠤᠭ ᠡ           ᠬᠤᠷᠸ᠎ᠠ ᠶᠢᠨ ᠠᠮᠢᠳᠤᠷᠠᠯ ᠰᠠᠶᠢᠬᠠᠨ ᠪᠠᠶᠢᠳᠠᠬ᠂ ᠬᠠᠳᠠᠭᠤ ᠲᠠᠪᠢᠯᠠᠩ ᠢ ᠢᠳᠡᠭᠡᠯ ᠰᠡᠳᠬᠢᠯ ᠢᠶᠠᠷ ᠰᠦᠯᠡᠵᠤ ᠵᠦᠬᠡᠯᠡᠯᠡᠨ ᠢᠨᠢᠶᠡᠮᠰᠦᠭᠯᠡᠵᠤ ᠠᠮᠢᠳᠤᠷᠠᠶ᠎ᠠ᠂ ᠶᠢᠷᠳᠢᠨᠴᠦ ᠶᠢ ᠪᠠᠶᠠᠰᠳᠠᠯ᠎ᠠ ᠵᠢᠷᠭᠠᠵᠤ ᠠᠮᠢᠳᠤᠷᠠᠶ᠎ᠠ ᠡ᠃      ᠵᠤᠬᠢᠶᠠᠬᠴᠢ ᠶᠢᠨ ᠬᠠᠶ᠋ᠢᠭ᠄ ᠤᠯᠠᠭᠠᠨᠴᠠᠪ ᠬᠤᠲᠠ ᠶᠢᠨ ᠴᠠᠬᠠᠷ ᠪᠠᠷᠠᠭᠤᠨ ᠭᠠᠷᠤᠨ ᠲᠤᠮᠲᠠᠲᠤ ᠬᠤᠰᠢᠭᠤᠨ ᠤ ᠬᠦᠷᠢᠶ᠎ᠡ ᠰᠤᠮᠤ          ᠦᠪᠤᠷ ᠮᠤᠩᠭᠤᠯ ᠤᠨ ︽ᠨᠡᠶᠢᠬᠡᠮ ︾ ᠰᠡᠳᠬᠦᠯ                           
 
ᠢᠷᠡᠯᠲᠡ᠄ ᠦᠪᠤᠷ ᠮᠤᠩᠭᠤᠯ ᠤᠨ ︽ᠨᠡᠶᠢᠬᠡᠮ ︾ ᠰᠡᠳᠬᠦᠯ
 
 
ᠬᠠᠮᠢᠶ᠎ᠡ ᠪᠦᠬᠦᠢ ᠰᠣᠨᠢᠨ
 
2014-2015 ©  ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备05070829号