ᠨᠢᠩᠵᠢᠨ ᠰᠡᠳᠬᠢᠯ ᠤᠨ ᠲᠡᠮᠡᠦᠯᠦᠯ | — ᠵᠤᠬᠢᠶᠠᠯᠴᠢ ᠪᠦᠷᠢᠨᠪᠠᠶᠠᠷ ᠤᠨ ᠤᠷᠠᠨ ᠵᠤᠬᠢᠶᠠᠯ ᠵᠤᠬᠢᠶᠠᠨ ᠪᠦᠳᠦᠭᠡᠭᠰᠡᠨ ᠲᠠᠪᠢᠨ ᠵᠢᠯ ᠤᠨ ᠤᠢ | ᠳᠤ ᠵᠤᠷᠢᠭᠤᠯᠪᠠ | ᠨᠠ᠊ · ᠬᠦᠬᠡᠰᠢᠭᠤᠢ ᠵᠤᠬᠢᠶᠠᠪᠠ | ᠨᠢᠭᠡ | 2022 ᠤᠨ ᠪᠤᠯ ᠨᠤᠳᠤᠭ ᠤᠨ ᠠᠬ᠎ᠠ᠂ ᠵᠤᠬᠢᠶᠠᠯᠴᠢ ᠪᠦᠷᠢᠨᠪᠠᠶᠠᠷ ᠤᠨ ᠤᠷᠠᠨ ᠵᠤᠬᠢᠶᠠᠯ ᠲᠤᠭᠤᠷᠪᠢᠭᠰᠠᠨ | ᠲᠠᠪᠢᠨ ᠵᠢᠯ ᠤᠨ ᠤᠢ ᠪᠤᠯᠤᠨ᠎ᠠ᠃ ᠨᠤᠳᠤᠭ ᠤᠨ ᠠᠬ᠎ᠠ ᠴᠦ ᠲᠡᠷᠡ᠂ ᠨᠠᠶᠢᠷᠠᠭ ᠤᠨ ᠪᠠᠭᠰᠢ ᠴᠦ ᠲᠡᠷᠡ᠂ ᠤᠯᠤᠰ | ᠤᠷᠤᠨ ᠳᠤ ᠠᠯᠲᠠᠷ ᠲᠠᠢ ᠵᠤᠬᠢᠶᠠᠯᠴᠢ ᠶᠢᠨ ᠵᠤᠬᠢᠶᠠᠨ ᠪᠦᠲᠦᠭᠡᠯᠭᠡ ᠶᠢᠨ ᠲᠠᠪᠢᠨ ᠵᠢᠯ ᠤᠨ ᠤᠢ ᠶᠢ | ᠲᠤᠬᠢᠶᠠᠯᠳᠤᠭᠤᠯᠤᠨ ᠪᠢ ᠨᠢᠭᠡ ᠶᠠᠭᠤᠮ᠎ᠠ ᠪᠢᠴᠢᠮᠡᠷ ᠪᠠᠶᠢᠨ᠎ᠠ᠃ ᠨᠡᠶᠢᠲᠡ ᠤᠩᠰᠢᠭᠴᠢ ᠳᠤ ᠮᠡᠳᠡᠷᠡᠭᠳᠡᠭᠰᠡᠨ | ᠪᠦᠷᠢᠨᠪᠠᠶᠠᠷ ᠪᠠᠭᠰᠢ ᠶᠢᠨ ᠤᠷᠠᠨ ᠵᠤᠬᠢᠶᠠᠯ ᠤᠨ ᠵᠠᠮ ᠪᠤᠯ ᠬᠠᠶᠢᠷ᠎ᠠ ᠬᠠᠷᠢᠭᠤᠴᠠᠯᠭ᠎ᠠ ᠲᠠᠢ ᠵᠤᠬᠢᠶᠠᠯᠴᠢ ᠶᠢᠨ ᠨᠢᠩᠵᠢᠨ | ᠰᠡᠳᠬᠢᠯ ᠤᠨ ᠲᠡᠮᠡᠦᠯᠦᠯ ᠬᠡᠯᠲᠡᠢ︕ | | ᠬᠤᠶᠠᠷ | | ᠪᠦᠷᠢᠨᠪᠠᠶᠠᠷ ᠪᠠᠭᠰᠢ 1972 ᠤᠨ ᠳᠤ ︽ᠲᠡᠦᠬᠡ ᠶᠢ ᠪᠦᠳᠦᠭᠡᠭᠴᠢ ᠬᠦᠲᠡᠯᠮᠦᠷᠢᠴᠢᠨ︾ ᠬᠡᠰᠡᠨ ᠤᠤᠭᠠᠨ | ᠪᠦᠳᠦᠭᠡᠯ ᠢᠶᠠᠨ ︽ᠵᠢᠷᠢᠮ ᠤᠨ ᠰᠤᠨᠢᠨ︾ ᠤ ︽ᠠᠭᠤᠯᠠᠨ ᠴᠡᠴᠡᠭ ᠪᠠᠲᠠᠷᠠᠨ ᠲᠡᠯᠭᠡᠷᠡᠨᠡᠮ︾ ᠭᠡᠰᠡᠨ ᠤᠷᠠᠨ | ᠵᠤᠬᠢᠶᠠᠯ ᠤᠨ ᠲᠤᠰᠬᠠᠢ ᠪᠤᠯᠤᠩ ᠳᠤ ᠨᠡᠶᠢᠲᠡᠯᠡᠭᠰᠡᠨ ᠠᠴᠠ ᠤᠳᠤ ᠪᠤᠯᠲᠠᠯ᠎ᠠ ᠲᠠᠪᠢᠨ ᠵᠢᠯ ᠤᠨ ᠤᠢ ᠶᠢ ᠤᠭᠳᠤᠵᠤ | ᠪᠠᠶᠢᠨ᠎ᠠ᠃ ᠲᠠᠪᠢᠨ ᠵᠢᠯ ᠬᠡᠳᠡᠭ ᠬᠠᠭᠠᠰ ᠵᠠᠭᠤᠨ᠃ ᠲᠡᠦᠬᠡ ᠶᠢᠨ ᠤᠷᠤᠰᠬᠠᠯ ᠳᠤ ᠬᠤᠷᠤᠮ ᠵᠠᠭᠤᠷ᠎ᠠ ᠶᠢᠨ ᠮᠦᠴᠡ | ᠪᠤᠯᠪᠠᠴᠤ ᠬᠦᠮᠦᠨ ᠤ ᠠᠮᠢᠳᠤᠷᠠᠯ ᠤᠨ ᠬᠤᠪᠢ ᠳᠤ ᠤᠷᠳᠤᠬᠠᠨ ᠬᠦᠪᠦᠷᠡᠭᠰᠡᠨ ᠤᠨ ᠵᠢᠯ ᠤᠳ ᠰᠠᠨ᠃ ᠨᠢᠭᠡ | ᠦᠢᠯᠡᠰ ᠤᠨ ᠲᠦᠯᠦᠭᠡ ᠨᠢᠭᠡ ᠯᠡ ᠰᠡᠳᠬᠢᠯ ᠢᠶᠠᠷ ᠲᠠᠪᠢᠨ ᠵᠢᠯ ᠭᠤᠶᠠᠴᠢ ᠦᠭᠡᠢ ᠵᠢᠳᠬᠦᠨ᠎ᠡ ᠭᠡᠳᠡᠭ ᠨᠡᠭᠡᠷᠡᠨ | ᠵᠤᠬᠢᠶᠠᠯᠴᠢ ᠲ᠊ ·ᠭᠤᠮᠪᠤᠵᠠᠪ ᠠᠬ᠎ᠠ ᠶᠢᠨ ᠬᠡᠯᠡᠭᠰᠡᠨ ᠰᠢᠭ ︽ᠰᠠᠷᠠᠪᠴᠢᠨ ᠤ ᠤᠰᠤ ᠶᠡᠨᠲᠡᠷ ᠤᠨ ᠴᠢᠯᠠᠭᠤ ᠶᠢ | ᠴᠤᠭᠤᠯᠬᠤ ᠤᠴᠢᠷ︾᠂ ᠶᠠᠰᠤ ᠬᠠᠳᠠᠭᠤ ᠪᠠᠷᠢᠮᠲᠠᠯᠠᠯ᠂ ᠶᠤᠰᠤ ᠬᠠᠳᠠᠭᠤ ᠴᠢᠷᠮᠠᠶᠢᠯᠭ᠎ᠠ ᠠᠵᠤᠭᠤ᠃ ᠶᠠᠮᠠᠷ ᠶᠡᠭᠡ | ᠬᠠᠶᠢᠷ᠎ᠠ ᠲᠠᠪᠢᠨ ᠵᠢᠯ ᠢᠶᠠᠷ ᠰᠡᠳᠬᠢᠯ ᠬᠤᠪᠢᠷᠠᠬᠤ ᠦᠭᠡᠢ ᠲᠠᠪᠠᠯᠭᠠᠯᠠᠵᠤ᠂ ᠶᠠᠮᠠᠷ ᠶᠡᠭᠡ ᠬᠠᠷᠢᠭᠤᠴᠠᠯᠭ᠎ᠠ ᠲᠠᠪᠢᠨ ᠵᠢᠯ | ᠢᠶᠠᠷ ᠪᠢᠷ ᠬᠠᠶᠠᠬᠤ ᠦᠭᠡᠢ ᠵᠢᠳᠬᠦᠯᠡᠭᠰᠡᠨ ᠢ ᠪᠤᠳᠤᠬᠤᠶ᠎ᠠ ᠨᠠᠳᠠ ᠳᠤ ᠪᠢᠰᠢᠷᠡᠯ ᠬᠦᠨᠳᠦᠳᠭᠡᠯ ᠲᠦᠷᠦᠭᠲᠡᠨᠡ᠃ | ᠡᠬᠡ ᠤᠷᠤᠨ ᠠᠷᠠᠳ ᠲᠦᠮᠡᠨ ᠳᠤ ᠪᠠᠨ ᠡᠩ ᠦᠭᠡᠢ ᠶᠡᠭᠡ ᠬᠠᠶᠢᠷ᠎ᠠ ᠲᠠᠢ ᠪᠤᠯᠬᠤᠷ᠂ ᠤᠯᠤᠰ ᠦᠨᠳᠤᠰᠦᠲᠡᠨ ᠤ | ᠦᠪ ᠰᠤᠶᠤᠯ ᠳᠤ ᠪᠠᠨ ᠦᠵᠦᠭᠦᠷ ᠦᠭᠡᠢ ᠦᠷᠢ ᠲᠠᠢ ᠪᠤᠯᠬᠤᠷ᠂ ᠤᠷᠤᠰᠢᠨ ᠠᠮᠢᠳᠤᠷᠠᠵᠤ ᠪᠠᠶᠢᠭ᠎ᠠ ᠡᠨᠡ ᠰᠠᠶᠢᠬᠠᠨ | ᠵᠢᠷᠭᠠᠯᠳᠤ ᠨᠡᠶᠢᠭᠡᠮ ᠳᠤ ᠪᠠᠨ ᠬᠢᠵᠠᠭᠠᠯᠠᠰᠢ ᠦᠭᠡᠢ ᠪᠠᠶᠠᠰᠤᠯ ᠲᠠᠢ ᠪᠤᠯᠬᠤᠷ ᠯᠡ ᠡᠪᠤᠭᠡᠨ ᠠᠬ᠎ᠠ ᠮᠢᠨᠢ ᠦᠢᠯᠡ ᠲᠠᠢ | ᠮᠦᠷᠲᠡᠭᠡᠨ ᠵᠢᠷᠭᠠᠯ ᠲᠠᠢ᠂ ᠬᠠᠯᠠ ᠲᠠᠢ ᠮᠦᠷᠲᠡᠭᠡᠨ ᠠᠵᠠ ᠲᠠᠢ ᠤᠷᠠᠨ ᠵᠤᠬᠢᠶᠠᠯ ᠤᠨ ᠪᠠᠷᠲᠠᠭᠠᠳᠤ ᠵᠦᠷᠢᠭ ᠢᠶᠠᠷ | ᠲᠤᠶᠠᠭᠠᠳᠤ ᠤᠷᠬᠢᠯ ᠵᠦᠭ ᠲᠤ ᠨᠢ ᠬᠠᠭᠠᠰ ᠵᠠᠭᠤᠨ ᠢᠶᠠᠷ ᠲᠡᠮᠡᠦᠯᠦᠭᠰᠡᠭᠡᠷ ᠢᠷᠡᠭᠰᠡᠨ ᠠᠵᠢ᠃ | ᠭᠤᠷᠪᠠ | ᠪᠦᠷᠢᠨᠪᠠᠶᠠᠷ ᠪᠠᠭᠰᠢ ᠡᠬᠢᠯᠡᠭᠡᠳ ᠰᠢᠯᠦᠭ ᠨᠠᠶᠢᠷᠠᠭᠤᠯᠤᠯ ᠪᠢᠴᠢᠵᠤ ᠪᠠᠶᠢᠭᠰᠠᠨ ᠢᠶᠠᠨ ᠤᠳᠠᠬᠰᠠᠨ ᠦᠬᠡᠢ | ᠮᠡᠳᠡᠭᠡᠯᠡᠯ ᠤᠨ ᠤᠷᠠᠨ ᠵᠤᠬᠢᠶᠠᠯ ᠪᠢᠴᠢᠬᠦ ᠪᠤᠯᠵᠤ᠂ ᠤᠯᠠᠨ ᠰᠢᠯᠢᠲᠡᠭ ᠪᠦᠲᠦᠬᠡᠯ ᠲᠤᠭᠤᠷᠪᠢᠵᠠᠢ᠃ ᠵᠤᠬᠢᠬᠤ | ᠤᠳᠬ᠎ᠠ ᠠᠴᠠ ᠬᠡᠯᠡᠪᠡᠯ ᠪᠦᠷᠢᠨᠪᠠᠶᠠᠷ ᠪᠠᠭᠰᠢ ᠦᠪᠦᠷ ᠮᠤᠩᠭᠤᠯ ᠤᠨ ᠮᠤᠩᠭᠤᠯ ᠮᠡᠳᠡᠬᠡᠯᠡᠯ ᠤᠨ ᠤᠷᠠᠨ ᠵᠤᠬᠢᠶᠠᠯ ᠤᠨ | ᠡᠷᠦᠬᠡ ᠶᠢ ᠰᠡᠭᠦᠭᠰᠡᠨ ᠬᠦᠮᠦᠨ ᠤ ᠨᠢᠭᠡ ᠮᠦᠷᠳᠡᠬᠡᠨ ᠲᠤᠯᠭ᠎ᠠ ᠶᠢᠨ ᠭᠠᠯ ᠢ ᠪᠠᠳᠠᠷᠠᠭᠠᠵᠤ ᠠᠮᠵᠢᠯᠲᠠ ᠶᠢᠨ ᠦᠨᠳᠦᠷ | ᠲᠤ ᠬᠦᠷᠦᠭᠰᠡᠨ ᠬᠦᠮᠦᠨ ᠪᠢᠯᠠ᠃ ᠡᠬᠡ ᠤᠯᠤᠰ ᠤᠨ ᠢᠶᠠᠨ ᠡᠰᠡᠨᠢᠨ ᠮᠡᠨᠳᠦᠯᠡᠭᠰᠡᠨ ᠲᠠᠯᠠᠨ ᠵᠢᠯ ᠤᠨ ᠤᠢ ᠳᠤ | ᠪᠡᠯᠡᠭ ᠪᠤᠯᠭᠠᠨ ᠲᠡᠭᠡᠵᠢᠯᠡᠭᠰᠡᠨ ︽ᠪᠦᠷᠢᠨᠪᠠᠶᠠᠷ ᠤᠨ ᠵᠤᠬᠢᠶᠠᠯ ᠪᠦᠳᠦᠬᠡᠯ ᠤᠨ ᠬᠤᠷᠢᠶᠠᠩᠭᠤᠢ︾ ᠭᠡᠬᠦ ᠠᠷᠪᠠᠨ ᠪᠤᠳᠢ | ᠨᠤᠮ ᠨᠢ ᠮᠢᠨᠤ ᠨᠤᠮ ᠤᠨ ᠬᠤᠷᠭᠤ ᠶᠢ ᠴᠢᠮᠡᠭᠯᠡᠵᠤ ᠪᠠᠶᠢᠨ᠎ᠠ᠃ ᠡᠨᠡ ᠨᠢ ᠪᠠᠭᠰᠢᠲᠠᠨ ᠤ ᠲᠠᠪᠢᠨ ᠵᠢᠯ ᠤᠨ ᠬᠦᠴᠦ | ᠬᠦᠯᠦᠰᠦ᠂ ᠲᠠᠪᠢᠨ ᠵᠢᠯ ᠤᠨ ᠦᠷ᠎ᠡ ᠵᠢᠮᠢᠰ᠂ ᠲᠠᠪᠢᠨ ᠵᠢᠯ ᠤᠨ ᠠᠮᠵᠢᠯᠲᠠ ᠪᠦᠳᠦᠭᠡᠯ ᠢ ᠭᠡᠷᠡᠴᠢᠯᠡᠬᠦ ᠶᠢᠨ ᠲᠠᠭᠠᠤ | ᠦᠨᠳᠦᠰᠦᠲᠡᠨ ᠤ ᠰᠤᠶᠤᠯ ᠤᠨ ᠠᠯᠲᠠᠨ ᠬᠦᠮᠦᠷᠬᠡ ᠳᠤ ᠨᠡᠮᠡᠷᠢᠯᠡᠭᠰᠡᠨ ᠦᠨᠡᠯᠡᠰᠢ ᠦᠭᠡᠢ ᠡᠳ᠋ ᠡᠷᠳᠡᠨᠢᠰ ᠪᠤᠯᠬᠤ | ᠶᠤᠮ᠃ ᠦᠰᠦᠨ ᠠᠴᠠ ᠤᠯᠠᠨ ᠠᠯᠪᠠᠨ ᠠᠵᠢᠯ ᠳᠤ ᠡᠭᠦᠷᠲᠡᠵᠤ ᠵᠦᠳᠡᠷᠡᠵᠤ ᠶᠠᠪᠤᠬᠤ ᠳᠤ ᠪᠠᠨ ᠡᠶᠢᠮᠤ ᠤᠯᠠᠨ | ᠵᠤᠬᠢᠶᠠᠯ ᠪᠦᠳᠦᠬᠡᠯ ᠢ ᠶᠠᠮᠠᠷ ᠴᠢᠯᠦᠭᠡ ᠪᠠᠷ ᠲᠤᠭᠤᠷᠪᠢᠭᠰᠠᠨ ᠢ ᠪᠢᠰᠢᠷᠡᠬᠦ ᠦᠭᠡᠢ ᠪᠠᠶᠢᠬᠤ ᠶᠢᠨ ᠠᠷᠭ᠎ᠠ ᠦᠭᠡᠢ᠃ | ᠡᠨᠡ ᠦᠨᠡᠭᠡᠷ ᠶᠡᠭᠡ ᠵᠤᠬᠢᠶᠠᠯᠴᠢ ᠢᠨᠵᠠᠨᠨᠠᠰᠢ ᠶᠢᠨ ︽ᠴᠢᠷᠠᠢ ᠡᠴᠡᠵᠤ᠂ ᠮᠢᠬ᠎ᠠ ᠲᠤᠷᠠᠵᠤ᠂ ᠰᠢᠷᠪᠤᠰᠤ ᠰᠤᠩᠬᠤ︾ | ᠳᠤ ᠡᠰᠡ ᠬᠦᠷᠪᠡᠴᠤ ᠰᠦᠷ ᠶᠡᠭᠡ ᠪᠠᠷᠢᠮᠲᠠᠯᠠᠯ᠂ ᠨᠦᠷᠢ ᠶᠡᠭᠡ ᠬᠦᠲᠡᠯᠮᠤᠷᠢ᠂ ᠰᠡᠳᠬᠢᠯ ᠤᠨ ᠶᠡᠭᠡ ᠲᠡᠩᠭᠡᠭᠡ᠂ | ᠪᠤᠳᠤᠯ ᠤᠨ ᠬᠠᠳᠠᠭᠤ ᠵᠠᠭᠤᠳᠠᠯ ᠬᠡᠷᠡᠭᠰᠡᠨ᠎ᠡ᠃ ᠵᠤᠬᠢᠶᠠᠯᠴᠢ ᠬᠦᠮᠦᠨ ᠳᠤ ᠢᠯᠡᠭᠦᠴᠡ ᠭᠠᠷᠤᠭᠰᠠᠨ ᠴᠠᠭ ᠭᠡᠵᠤ | ᠪᠠᠶᠢᠳᠠᠭ ᠦᠭᠡᠢ᠃ ᠪᠤᠰᠤᠳ ᠬᠦᠮᠦᠨ ᠤ ᠠᠮᠠᠷᠠᠬᠤ ᠴᠠᠭ᠂ ᠦᠭᠡᠷ᠎ᠡ ᠬᠦᠮᠦᠨ ᠤ ᠰᠡᠯᠡᠬᠦᠦ ᠦᠶ᠎ᠡ ᠶᠢ ᠪᠦᠷ ᠠᠵᠢᠯ | ᠳᠤ ᠪᠠᠨ ᠵᠠᠷᠤᠴᠠᠭᠤᠯᠵᠤ᠂ ᠨᠤᠶᠢᠷ ᠬᠤᠭᠤᠯᠠ ᠪᠠᠨ ᠬᠠᠰᠤᠵᠤ᠂ ᠤᠨᠳᠠᠵᠤ ᠬᠡᠪᠳᠡᠬᠦ ᠪᠠᠨ ᠮᠠᠷᠲᠠᠨ ᠪᠠᠶᠢᠵᠤ ᠰᠠᠶ᠋ᠢ | ᠵᠤᠬᠢᠶᠠᠯ ᠪᠦᠳᠦᠭᠡᠯ ᠢᠶᠠᠨ ᠲᠤᠭᠤᠷᠪᠢᠵᠤ ᠲᠡᠶᠢᠯᠤᠨ᠎ᠠ᠃ ᠪᠦᠷᠢᠨᠪᠠᠶᠠᠷ ᠪᠠᠭᠰᠢ ᠰᠢᠭ᠋ ᠠᠶᠢᠮᠠᠭ ᠬᠤᠲᠠ ᠶᠢᠨ ᠤᠷᠠᠨ | ᠵᠤᠬᠢᠶᠠᠯ ᠤᠨ ᠰᠡᠳᠬᠦᠯ ᠤᠨ ᠶᠡᠷᠦᠩᠭᠡᠢ ᠨᠠᠶᠢᠷᠠᠭᠤᠯᠤᠭᠴᠢ᠂ ᠠᠶᠢᠮᠠᠭ᠂ ᠬᠤᠲᠠ ᠶᠢᠨ ᠤᠳᠬ᠎ᠠ ᠤᠷᠠᠯᠢᠭ ᠤᠨ ᠬᠢᠨ ᠤ | ᠬᠤᠯᠪᠤᠭ᠎ᠠ ᠶᠢᠨ ᠪᠠᠶᠢᠩᠭᠤ ᠶᠢᠨ ᠲᠡᠳ᠋ ᠲᠡᠷᠢᠭᠦᠯᠡᠭᠴᠢ᠂ ᠤᠷᠤᠨ ᠤ ᠵᠤᠬᠢᠶᠠᠯᠴᠢᠳ ᠤᠨ ᠡᠪᠯᠡᠯ ᠤᠨ ᠪᠠᠶᠢᠩᠭᠤ ᠶᠢᠨ | ᠲᠡᠳ᠋ ᠲᠡᠷᠢᠬᠦᠯᠡᠭᠴᠢ ᠪᠠᠷ ᠭᠢᠯᠠᠷᠠᠭᠤᠯᠵᠤ ᠶᠠᠪᠤᠭᠰᠠᠨ ᠬᠦᠮᠦᠨ ᠳᠤ ᠠᠵᠢᠯ ᠤᠨ ᠡᠭᠦᠷᠭᠡ ᠲᠠᠷᠤᠭᠠᠰᠤ ᠬᠡᠴᠢᠨᠡᠬᠡᠨ | ᠬᠦᠨᠳᠤ᠂ ᠠᠯᠲᠠᠩᠬᠠᠨ ᠴᠠᠭ ᠮᠦᠴᠡ ᠬᠡᠴᠢᠨᠡᠬᠡᠨ ᠬᠤᠪᠤᠷ ᠪᠠᠶᠢᠭᠰᠠᠨ ᠢ ᠬᠦᠮᠦᠰ ᠲᠠᠷᠢᠬᠢ ᠬᠦᠲᠡᠯᠬᠡᠭᠦ ᠦᠭᠡᠢ ᠪᠠᠷ | ᠮᠡᠳᠡᠵᠤ ᠪᠤᠯᠤᠨ᠎ᠠ᠃ ︽ᠮᠡᠳᠡᠭᠡᠯᠡᠯ ᠤᠨ ᠤᠷᠠᠨ ᠵᠤᠬᠢᠶᠠᠯ ᠤᠨ ᠵᠤᠬᠢᠶᠠᠯᠴᠢ ᠲᠤᠭᠤᠵᠢᠰ ᠤᠨ ᠵᠤᠬᠢᠶᠠᠯᠴᠢ ᠰᠢᠭ᠋ | ᠠᠵᠢᠯᠯᠠᠬᠤ ᠭᠡᠷ ᠲᠤ ᠪᠠᠨ ᠰᠠᠭᠤᠵᠤ ᠬᠡᠶᠢᠰᠪᠤᠷᠢ ᠰᠡᠳᠬᠢᠬᠦᠢ ᠶᠢᠨ ᠵᠢᠭᠦᠷ ᠤᠷᠭᠤᠭᠤᠯᠤᠨ ᠲᠡᠯᠭᠡᠵᠤ ᠦᠯᠦ ᠪᠤᠯᠳᠠᠭ᠃ | ᠡᠶᠢᠨ ᠬᠦ ᠮᠡᠳᠡᠭᠡᠯᠡᠯ ᠤᠨ ᠤᠷᠠᠨ ᠵᠤᠬᠢᠶᠠᠯ ᠢ ︿ᠵᠢᠷᠭᠤᠭᠠᠨ ᠬᠤᠪᠢ ᠶᠢᠨ ᠰᠤᠷᠪᠤᠯᠵᠢᠯᠠᠭ᠎ᠠ᠂ ᠭᠤᠷᠪᠠᠨ ᠬᠤᠪᠢ ᠶᠢᠨ | ᠰᠡᠳᠬᠢᠮᠵᠢ᠂ ᠨᠢᠭᠡ ᠬᠤᠪᠢ ᠶᠢᠨ ᠪᠢᠴᠢᠯᠭᠡ﹀ ᠬᠡᠷᠡᠭᠰᠡᠨ᠎ᠡ᠃ ᠮᠡᠳᠡᠭᠡᠯᠡᠯ ᠤᠨ ᠤᠷᠠᠨ ᠵᠤᠬᠢᠶᠠᠯ ᠪᠤᠯ ᠦᠨᠡᠨ ᠳᠤ ᠪᠠᠨ | ᠶᠠᠪᠤᠵᠤ ᠪᠠᠶᠢᠭᠠᠳ ᠪᠢᠴᠢᠲᠡᠭ ᠤᠷᠠᠨ ᠵᠤᠬᠢᠶᠠᠯ︾ ᠭᠡᠵᠤ ᠪᠦᠷᠢᠨᠪᠠᠶᠠᠷ ᠪᠠᠭᠰᠢ ᠬᠡᠯᠡᠳᠡᠭ᠃ ᠮᠡᠳᠡᠭᠡᠯᠡᠯ ᠤᠨ ᠤᠷᠠᠨ | ᠵᠤᠬᠢᠶᠠᠯ ᠭᠡᠳᠡᠭ ᠪᠤᠳᠠᠳᠤ ᠠᠮᠢᠳᠤᠷᠠᠯ ᠢ ᠲᠤᠰᠬᠠᠵᠤ᠂ ᠴᠠᠭ ᠡᠷᠢᠨ ᠤ ᠬᠦᠭ ᠠᠶᠠᠰ ᠢ ᠴᠢᠪᠬᠠᠲᠠᠨ᠂ ᠤᠯᠤᠰ | ᠦᠨᠳᠦᠰᠦᠲᠡᠨ ᠤ ᠰᠢᠳᠤᠷᠭᠤ ᠶᠤᠰᠤᠨ ᠤ ᠲᠠᠭᠤᠨ ᠢ ᠡᠭᠡᠰᠢᠭᠯᠡᠵᠤ᠂ ᠠᠷᠠᠳ ᠲᠦᠮᠡᠨ ᠤ ᠰᠡᠳᠬᠢᠯ ᠤᠨ ᠦᠭᠡ ᠶᠢ | ᠢᠯᠡᠳᠬᠡᠳᠡᠭ ᠪᠤᠯᠬᠤᠷ ᠮᠡᠳᠡᠭᠡᠯᠡᠯ ᠤᠨ ᠤᠷᠠᠨ ᠵᠤᠬᠢᠶᠠᠯ ᠪᠢᠴᠢᠬᠦ ᠳᠤ ᠮᠠᠰᠢ ᠤᠯᠠᠨ ᠦᠨᠡᠨ ᠪᠤᠳᠠᠳᠠᠢ ᠦᠯᠢᠭᠡᠷ | ᠵᠢᠱᠢᠶ᠎ᠡ᠂ ᠰᠡᠳᠬᠢᠯ ᠬᠦᠲᠡᠯᠭᠡᠮᠡ ᠡᠰᠢ ᠪᠠᠷᠢᠮᠳᠠ᠂ ᠬᠦᠮᠦᠰ ᠢ ᠢᠲᠡᠭᠡᠭᠦᠯᠬᠦ ᠲᠤᠭ᠎ᠠ ᠨᠤᠷᠮ᠎ᠠ ᠱᠠᠭᠠᠷᠲᠠᠭᠳᠠᠨᠠ᠃ | ᠲᠤᠬᠠᠢ ᠶᠢᠨ ᠭᠠᠵᠠᠷ᠂ ᠲᠤᠬᠠᠢ ᠶᠢᠨ ᠬᠦᠮᠦᠨ᠂ ᠲᠤᠬᠠᠢ ᠶᠢᠨ ᠦᠢᠯᠡ ᠶᠠᠪᠤᠲᠠᠯ ᠢ ᠦᠪᠡᠷᠲᠡᠭᠡᠨ ᠤᠴᠢᠵᠤ | ᠰᠤᠷᠪᠤᠯᠵᠠᠯᠠᠬᠤ ᠦᠭᠡᠢ ᠪᠠᠷ ᠬᠤᠭᠤᠰᠤᠨ ᠰᠡᠳᠬᠢᠵᠤ᠂ ᠬᠡᠢ ᠤᠷᠭᠤᠭᠤᠯᠤᠭᠠᠳ ᠪᠤᠯᠬᠤ ᠶᠠᠭᠤᠮ᠎ᠠ ᠪᠢᠰᠢ᠃ ᠦᠨᠡᠨ ᠢ | ᠬᠡᠯᠡᠪᠡᠯ᠂ ᠮᠡᠳᠡᠭᠡᠯᠡᠯ ᠤᠨ ᠤᠷᠠᠨ ᠵᠤᠬᠢᠶᠠᠯ ᠪᠢᠴᠢᠨ᠎ᠠ ᠭᠡᠳᠡᠭ ᠪᠤᠰᠤᠳ ᠲᠦᠷᠦᠯ ᠤᠨ ᠤᠷᠠᠨ ᠵᠤᠬᠢᠶᠠᠯ ᠠᠴᠠ ᠬᠤᠪᠢ | ᠲᠠᠬᠢᠨ ᠴᠠᠭ ᠮᠦᠴᠡ᠂ ᠬᠦᠴᠦ ᠬᠦᠯᠦᠰᠦ᠂ ᠤᠶᠤᠨ ᠤᠬᠠᠭᠠᠨ ᠵᠠᠷᠤᠴᠠᠭᠤᠯᠳᠠᠭ᠃ ᠨᠢᠭᠡ ᠵᠤᠬᠢᠶᠠᠯ ᠤᠨ ᠪᠠᠭᠠᠳᠤᠷ | ᠲᠠᠢ ᠪᠠᠨ ᠠᠭᠤᠯᠵᠠᠬᠤ ᠶᠢᠨ ᠲᠦᠯᠦᠭᠡ ᠠᠯᠪᠠᠨ ᠭᠡᠷ ᠤᠨ ᠬᠢ ᠨᠢ ᠡᠭᠦᠲᠡᠨ ᠳᠤ ᠬᠡᠳᠦᠨ ᠴᠠᠭ ᠢᠶᠠᠷ ᠬᠦᠯᠢᠶᠡᠬᠦ ᠴᠢᠨᠢ | ᠡᠩ ᠤᠨ ᠤᠴᠢᠷ᠃ ᠲᠡᠰᠪᠦᠷᠢ ᠬᠠᠲᠠᠭᠤᠵᠢᠯ ᠦᠭᠡᠢ ᠬᠦᠮᠦᠨ ᠪᠤᠯ ᠮᠡᠳᠡᠭᠡᠯᠡᠯ ᠤᠨ ᠤᠷᠠᠨ ᠵᠤᠬᠢᠶᠠᠯ ᠪᠢᠴᠢᠨ᠎ᠠ | ᠭᠡᠳᠡᠭ ᠭᠤᠨᠵᠢ ᠶᠢᠨ ᠵᠤᠭᠤᠭ᠃ ᠦᠭᠡ ᠬᠠᠮᠠᠷ ᠲᠤ ᠪᠠᠨ ᠰᠠᠶᠢᠨ᠂ ᠢᠯᠡᠳᠬᠡᠬᠦ ᠴᠢᠲᠠᠪᠤᠷᠢ ᠨᠢ ᠵᠦᠭᠡᠷ ᠬᠦᠮᠦᠨ ᠪᠤᠯ | ᠰᠤᠷᠪᠤᠯᠵᠢᠯᠠᠭ᠎ᠠ ᠰᠢᠯᠦᠭᠤᠨ ᠶᠠᠪᠤᠭᠳᠠᠴᠢᠬᠠᠨᠠ᠂ ᠬᠢᠭᠰᠡᠨ ᠢᠶᠠᠨ ᠬᠡᠯᠡᠵᠤ ᠴᠢᠲᠠᠬᠤ ᠦᠭᠡᠢ ᠬᠦᠮᠦᠨ ᠲᠠᠢ ᠤᠴᠠᠷᠠᠪᠠᠯ | ᠰᠤᠷᠪᠤᠯᠵᠢᠯᠠᠭ᠎ᠠ ᠪᠡᠷᠬᠡᠳᠡᠵᠤ ᠬᠡᠨ ᠠᠯᠢᠨ ᠨᠢ ᠡᠪ ᠦᠭᠡᠶᠢᠷᠡᠨ᠎ᠡ᠃ ᠶᠠᠩᠵᠤ ᠪᠦᠷᠢ ᠶᠢᠨ ᠵᠤᠬᠢᠶᠠᠯ ᠤᠨ ᠪᠠᠭᠠᠳᠤᠷ | ᠲᠠᠢ ᠶᠠᠩᠵᠤ ᠪᠦᠷᠢ ᠶᠢᠨ ᠠᠷᠭ᠎ᠠ ᠪᠠᠷ ᠬᠡᠯᠡᠯᠴᠡᠵᠤ᠂ ᠦᠯᠢᠭᠡᠷ ᠤᠨ ᠤᠭᠤᠲᠠ ᠶᠢ ᠨᠢ ᠨᠡᠬᠡᠬᠡᠨ᠎ᠡ ᠬᠡᠳᠡᠭ ᠬᠢᠯᠪᠠᠷ | ᠪᠢᠰᠢ᠃ ᠲᠠᠪᠢᠨ ᠵᠢᠯ ᠤᠨ ᠲᠤᠷᠰᠢ ᠪᠦᠷᠢᠨᠪᠠᠶᠠᠷ ᠪᠠᠭᠰᠢ ᠰᠤᠷᠪᠤᠯᠵᠢᠯᠠᠭ᠎ᠠ ᠬᠢᠭᠰᠡᠭᠡᠷ ᠪᠠᠷᠤᠭ ᠰᠡᠳᠬᠢᠴᠡ ᠶᠢᠨ | ᠤᠬᠠᠭᠠᠨᠲᠠᠨ ᠪᠤᠯᠴᠢᠬᠠᠭᠰᠠᠨ ᠬᠡᠮᠡᠷ᠃ ︽ᠲᠡᠯᠡᠬᠡᠢ ᠶᠢ ᠲᠤᠩᠰᠤᠯᠭᠠᠭᠰᠠᠨ ᠰᠤᠳᠤᠯᠭᠠᠨ︾ ᠲᠤᠳᠤᠷᠠᠬᠢ ᠡᠷᠲᠡᠮᠳᠡᠨ | ᠰᠢᠭᠤᠷᠭᠠᠨ᠂ ︽ᠲᠡᠭ ᠠᠴᠠ ᠡᠬᠢᠯᠡᠭᠰᠡᠨ ᠰᠤᠳᠤᠯᠤᠯ︾ ᠲᠤᠳᠤᠷᠠᠬᠢ ᠡᠷᠲᠡᠮᠳᠡᠨ ᠦᠯᠵᠠᠢ᠂ ︽ᠦᠵᠦᠭᠦᠷ ᠰᠡᠳᠬᠢᠯ | ᠤᠨ ᠲᠡᠮᠡᠦᠯᠦᠯ︾ ᠲᠤᠳᠤᠷᠠᠬᠢ ᠡᠷᠲᠡᠮᠳᠡᠨ ᠨᠦᠩᠨᠠᠶᠢᠵᠠᠪ᠂ ︽ᠨᠢᠩᠵᠢᠨ ᠰᠡᠳᠬᠢᠯ︾ ᠲᠤᠳᠤᠷᠠᠬᠢ ᠤᠶᠤᠨ ᠪᠠᠭᠰᠢ᠂ | ︽ᠬᠢᠮᠢ ᠶᠢᠨ ᠶᠢᠷᠲᠢᠨᠴᠤ︾ ᠲᠤᠳᠤᠷᠠᠬᠢ ᠡᠷᠲᠡᠮᠳᠡᠨ ᠪᠠᠭᠠᠳᠤᠷ᠂ ︽ᠵᠢᠷᠦᠬᠡᠨ ᠰᠢᠭᠢᠳᠭᠡᠭᠡᠷᠢ ᠲᠠᠢ ᠡᠮᠡᠭᠡᠯ︾ | ᠲᠤᠳᠤᠷᠠᠬᠢ ᠨᠢᠩᠪᠦ ᠡᠪᠦᠭᠡᠨ᠂ ︽ᠬᠤᠭᠤᠷ ᠤᠨ ᠰᠠᠬᠢᠭᠤᠯᠰᠤᠨ︾ ᠲᠤᠳᠤᠷᠠᠬᠢ ᠲᠦᠷᠪᠡᠨ ᠤᠳᠠᠰᠤᠳᠤ ᠬᠤᠭᠤᠷᠴᠢ | ᠡᠤ ᠶᠦᠨ ᠯᠦᠩ᠂ ︽ᠲᠡᠭᠷᠢᠯᠢᠭ ᠲᠤᠳᠤᠷ ᠲᠠᠢ ᠲᠠᠭᠠᠭᠠᠮᠠᠯ︾ ᠲᠤᠳᠤᠷᠠᠬᠢ ᠠᠵᠤ ᠠᠬᠤᠶᠢᠯᠠᠯᠲᠠᠨ ᠪᠤᠤ ᠲᠡᠮᠤᠷ᠂ ︽ | ᠠᠯᠲᠠ ᠲᠤᠩᠭᠠᠭᠰᠠᠨ ᠵᠠᠮ︾ ᠲᠤᠳᠤᠷᠠᠬᠢ ᠠᠷᠠᠳ ᠤᠨ ᠤᠷᠠᠯᠢᠭᠴᠢᠨ ᠪᠤᠤ ᠱᠢ ᠵᠤ᠋᠂ ︽ᠮᠠᠯᠴᠢᠨ ᠠᠶᠢᠯ ᠤᠨ ᠵᠠᠮ︾ | ᠲᠤᠳᠤᠷᠠᠬᠢ ᠭᠠᠴᠠᠭᠠᠨ ᠤ ᠱᠦᠵᠢ ᠡᠤ ᠶᠦᠨ ᠪᠦᠸᠧ᠂ ︽ᠳ᠋ᠢᠩ ᠰᠢᠨ ᠮᠢᠨ ᠬᠢᠭᠡᠳ ᠲᠡᠭᠦᠨ ᠤ ᠠᠵᠢᠯᠴᠢᠨ ᠠᠬ᠎ᠠ | ᠲᠠᠭᠦᠦ︾ ︽ᠡᠷᠲᠡᠨᠢ ᠶᠢᠨ ᠤᠯᠠ ᠮᠦᠷ︾ ︽ᠨᠠᠷᠠ ᠡᠷᠭᠦᠭᠰᠡᠨ ᠨᠤᠳᠤᠭ︾ ᠦᠪᠦᠷ ᠮᠤᠩᠭᠤᠯ ᠤᠨ ︽ᠭᠤᠷᠪᠠᠨ | ᠠ᠊︾ ᠭᠡᠵᠤ ᠠᠯᠲᠠᠷᠰᠢᠭᠰᠠᠨ ᠰᠢᠷᠢᠰ ᠪᠠᠷᠢᠮᠳᠠᠳᠤ ᠵᠤᠬᠢᠶᠠᠯ ︽ᠮᠢᠨᠤ ᠲᠠᠨᠢᠳᠠᠭ ᠠᠶᠤᠩᠭ᠎ᠠ︾᠂ ︽ᠮᠢᠨᠤ ᠮᠡᠳᠡᠳᠡᠭ | ᠠᠷᠲᠠᠢ︾᠂ ︽ᠮᠢᠨᠤ ᠪᠢᠰᠢᠷᠡᠳᠡᠭ ᠠᠭᠤᠯᠠ︾ ᠁ ᠡᠳᠡᠭᠡᠷ ᠤᠩᠰᠢᠵᠤ ᠴᠡᠭᠡᠵᠢᠯᠡᠭᠰᠡᠨ ᠮᠡᠳᠡᠭᠡᠯᠡᠯ ᠤᠨ ᠤᠷᠠᠨ | ᠵᠤᠬᠢᠶᠠᠯ ᠤᠨ ᠪᠠᠭᠠᠳᠤᠷ ᠨᠢᠳᠦᠨ ᠡᠮᠤᠨ᠎ᠠ ᠨᠢᠭᠡ ᠨᠢᠭᠡ ᠪᠠᠷ ᠲᠤᠳᠤᠷᠠᠨ᠎ᠠ᠃ ᠲᠡᠳᠡ ᠪᠤᠯ ᠴᠠᠭ ᠦᠶ᠎ᠡ ᠶᠢᠨ | ᠲᠠᠭᠤᠷᠢᠶᠠᠯ᠂ ᠤᠯᠤᠰ ᠦᠨᠳᠦᠰᠦᠲᠡᠨ ᠤ ᠤᠮᠤᠭᠰᠢᠯ᠂ ᠨᠡᠶᠢᠲᠡ ᠲᠦᠮᠡᠨ ᠤ ᠪᠠᠭ᠋ᠠᠷᠬᠠᠯ ᠶᠤᠮ᠃ ᠡᠳᠡᠭᠡᠷ ᠵᠤᠬᠢᠶᠠᠯ | ᠤᠨ ᠪᠠᠭᠠᠳᠤᠷ ᠤᠳ ᠦᠶ᠎ᠡ ᠦᠶ᠎ᠡ ᠶᠢᠨ ᠬᠦᠮᠦᠰ ᠢ ᠨᠦᠯᠦᠭᠡᠯᠡᠵᠤ᠂ ᠬᠦᠮᠦᠰ ᠲᠤ ᠰᠠᠶᠢᠨ ᠰᠠᠶᠢᠬᠠᠨ ᠬᠦᠰᠡᠯ | ᠮᠦᠷᠦᠬᠡᠳᠦᠯ ᠢ ᠠᠪᠴᠢᠷᠠᠬᠤ ᠶᠢᠨ ᠲᠠᠭᠠᠤ ᠠᠮᠢᠳᠤᠷᠠᠯ ᠤᠨ ᠬᠡᠷᠡᠯ ᠭᠡᠬᠡ ᠶᠢ ᠣᠯᠭᠤᠬᠰᠠᠭᠠᠷ᠃ | ᠵᠤᠬᠢᠶᠠᠯᠴᠢ ᠲᠢᠶᠧ ᠨᠢᠩ ︽ᠤᠷᠠᠨ ᠵᠤᠬᠢᠶᠠᠯ ᠪᠤᠯ ᠳ᠋ᠧᠩ ᠶᠤᠮ᠂ ᠲᠡᠷᠡ ᠨᠢ ᠬᠦᠮᠦᠨ ᠤ ᠠᠮᠢᠳᠤᠷᠠᠯ | ᠤᠨ ᠵᠠᠮ ᠤᠨ ᠲᠦᠨᠡᠷ ᠬᠠᠷᠠᠩᠭᠤᠢ ᠶᠢ ᠬᠡᠷᠡᠯᠳᠦᠬᠦᠯᠬᠦ ᠪᠠᠷ ᠦᠯᠦ ᠪᠠᠷᠠᠮ ᠦᠪᠡᠷ ᠤᠨ ᠲᠤᠳᠤᠭᠠᠳᠤ ᠰᠡᠳᠬᠢᠯ ᠢ | ᠭᠡᠷᠡᠯᠳᠦᠭᠦᠯᠲᠡᠭ︾ ᠭᠡᠵᠤ ᠬᠡᠯᠡᠭᠰᠡᠨ ᠰᠢᠭ ᠪᠦᠷᠢᠨᠪᠠᠶᠠᠷ ᠪᠠᠭᠰᠢ ᠵᠤᠬᠢᠶᠠᠯ ᠪᠦᠲᠦᠬᠡᠯ ᠢᠶᠠᠷ ᠢᠶᠠᠨ ᠬᠦᠮᠦᠰ ᠤᠨ | ᠰᠡᠳᠬᠢᠯ ᠢ ᠲᠤᠩᠭᠠᠯᠠᠭᠰᠢᠭᠤᠯᠤᠭᠰᠠᠨ ᠢᠶᠠᠷ ᠪᠠᠷᠠᠬᠤ ᠦᠭᠡᠢ ᠦᠪᠡᠷ ᠢᠶᠠᠨ ᠴᠦ ᠰᠡᠳᠬᠢᠯ ᠲᠤᠩᠭᠠᠯᠠᠭᠰᠢᠭᠰᠠᠨ | ᠬᠦᠮᠦᠨ᠃ ᠦᠷᠦᠪᠴᠢ ᠪᠤᠳᠤᠯ ᠲᠠᠢ᠂ ᠨᠢᠩᠵᠢᠨ ᠰᠡᠳᠬᠢᠯ ᠲᠠᠢ ᠵᠤᠬᠢᠶᠠᠯᠴᠢ ᠬᠦᠮᠦᠨ ᠰᠠᠶ᠋ᠢ ︽ᠨᠢᠩᠵᠢᠨ | ᠰᠡᠳᠬᠢᠯ︾ ᠬᠡᠭᠦ ᠮᠡᠳᠦ ᠶᠢᠨ ᠰᠢᠯᠢᠲᠡᠭ ᠪᠦᠳᠦᠭᠡᠯ ᠤᠳ ᠢ ᠪᠢᠴᠢᠵᠤ ᠲᠡᠶᠢᠯᠤᠨ᠎ᠠ ᠭᠡᠵᠤ ᠪᠢ ᠪᠤᠳᠤᠳᠠᠭ ᠪᠢᠯᠡ᠃ | ᠪᠦᠷᠢᠨᠪᠠᠶᠠᠷ ᠪᠠᠭᠰᠢ ᠶᠢᠨ ︽ᠨᠢᠩᠵᠢᠨ ᠰᠡᠳᠬᠢᠯ︾ ᠭᠡᠬᠦ ᠮᠡᠳᠡᠭᠡᠯᠡᠯ ᠤᠨ ᠤᠷᠠᠨ ᠵᠤᠬᠢᠶᠠᠯ ᠨᠡᠶᠢᠲᠡᠯᠡᠭᠳᠡᠭᠰᠡᠨ ᠤ | ᠲᠠᠷᠠᠭ᠎ᠠ ᠨᠡᠶᠢᠭᠡᠮ ᠲᠡᠭᠡᠷ᠎ᠡ ᠦᠷᠭᠡᠨ ᠨᠦᠯᠦᠭᠡ ᠭᠠᠷᠴᠤ ᠤᠩᠰᠢᠭᠴᠢ ᠶᠢᠨ ᠲᠤᠮᠳᠠ ᠴᠢᠩᠭ᠎ᠠ ᠲᠤᠰᠬᠠᠯ ᠤᠯᠵᠠᠢ᠃ | ᠪᠡᠭᠡᠵᠢᠩ ᠶᠡᠭᠡ ᠰᠤᠷᠭᠠᠭᠤᠯᠢ ᠶᠢᠨ ᠫᠷᠦᠫᠡᠰᠰᠡᠷ ᠡᠷᠲᠡᠮᠳᠡᠨ ᠲᠤᠯᠠᠭᠠᠨ ᠨᠠᠳᠠ ᠲᠠᠢ ᠵᠤᠭᠤᠭ ᠬᠠᠭᠤᠴᠢᠯᠠᠬᠤ ᠳᠤ ᠪᠠᠨ | ᠄ ︽ᠬᠡᠦᠬᠡᠨ ᠲᠠᠢ ᠪᠤᠯᠤᠭᠠᠳ ᠶᠠᠮᠠᠷ ᠨᠡᠷ᠎ᠡ ᠦᠭᠭᠦ ᠪᠠᠨ ᠤᠯᠬᠤ ᠦᠭᠡᠢ ᠮᠡᠩᠳᠡᠭᠦᠷᠡᠵᠤ ᠪᠠᠶᠢᠬᠤ ᠳᠤ ᠭᠡᠨᠡᠳᠲᠡ | ᠪᠦᠷᠢᠨᠪᠠᠶᠠᠷ ᠪᠠᠭᠰᠢ ᠶᠢᠨ ︿ᠨᠢᠩᠵᠢᠨ ᠰᠡᠳᠬᠢᠯ﹀ ᠬᠡᠭᠦ ᠵᠤᠬᠢᠶᠠᠯ ᠠᠴᠠ ᠰᠡᠭᠡᠭᠡᠷᠡᠭᠦᠯᠦᠯ ᠤᠯᠵᠤ᠂ ︿ᠨᠢᠩᠵᠢᠨ﹀ | ᠭᠡᠳᠡᠭ ᠨᠠᠷᠠ ᠬᠠᠶᠢᠷᠠᠯᠠᠭᠰᠠᠨ ᠶᠤᠮ ᠳ᠋ᠠ︾ ᠭᠡᠵᠤ ᠶᠠᠷᠢᠭᠰᠠᠨ ᠪᠢᠯᠡ᠃ ᠶᠠᠫᠦᠨ ᠤ ᠰᠢᠨᠤᠤ᠋ ᠮᠦᠽᠦᠮᠢ ᠲᠡᠭᠡᠳᠦ | ᠲᠤᠮᠳᠠᠳᠤ ᠰᠤᠷᠭᠠᠭᠤᠯᠢ ᠶᠢᠨ ᠪᠠᠭᠰᠢ᠂ ᠲᠤᠮᠳᠠᠳᠤ ᠤᠯᠤᠰ ᠤᠨ ᠲᠦᠪ ᠤᠨ ᠦᠨᠳᠦᠰᠦᠲᠡᠨ ᠤ ᠶᠡᠭᠡ ᠰᠤᠷᠭᠠᠭᠤᠯᠢ | ᠳᠤ ᠮᠤᠩᠭᠤᠯ ᠤᠷᠠᠨ ᠵᠤᠬᠢᠶᠠᠯ ᠤᠨ ᠰᠤᠳᠤᠯᠤᠯ ᠢᠶᠠᠷ ᠲᠡᠳ᠋ ᠡᠷᠲᠡᠮᠳᠡᠨ ᠴᠤᠯᠠ ᠬᠠᠮᠠᠭᠠᠯᠠᠭᠰᠠᠨ ᠲᠠᠪᠤᠤᠴᠢ | ᠡᠾᠢᠲ᠋ᠤᠰᠢ ᠶᠠᠫᠤᠨ ᠤ ᠰᠡᠳᠬᠦᠯ ᠳᠤ ︽ᠲᠤᠮᠳᠠᠳᠤ ᠤᠯᠤᠰ ᠲᠤ ᠲᠠᠶᠢᠨ ᠠᠴᠠ ᠦᠯᠡᠳᠡᠭᠰᠡᠨ ᠦᠨᠦᠴᠢᠨ ᠬᠡᠦᠬᠡᠳ ᠢ | ᠪᠢᠴᠢᠭᠰᠡᠨ ᠮᠤᠩᠭᠤᠯ ᠮᠡᠳᠡᠭᠡᠯᠡᠯ ᠤᠨ ᠤᠷᠠᠨ ᠵᠤᠬᠢᠶᠠᠯ — ᠪᠦᠷᠢᠨᠪᠠᠶᠠᠷ ᠤᠨ ︿ᠨᠢᠩᠵᠢᠨ ᠰᠡᠳᠬᠢᠯ﹀ ᠪᠤᠯᠤᠨ | ᠲᠡᠭᠦᠨ ᠤ ᠰᠤᠷᠭᠠᠨ ᠬᠦᠮᠦᠵᠢᠭᠦᠯᠬᠦ ᠠᠴᠢ ᠬᠤᠯᠪᠤᠭᠳᠠᠯ︾ ᠭᠡᠰᠡᠨ ᠦᠭᠦᠯᠡᠯ ᠨᠡᠶᠢᠲᠡᠯᠡᠭᠰᠡᠨ ᠢ ᠨᠢ ︽ᠠᠯᠲᠠᠨ | ᠲᠦᠯᠬᠢᠬᠦᠷ︾ ᠰᠡᠳᠬᠦᠯ ᠤᠨ 2012 ᠤᠨ ᠤ 1 ᠳ᠋ᠤᠬᠡᠷ ᠬᠤᠭᠤᠴᠠᠭᠠᠨ ᠳᠤ ᠢᠷᠠᠭᠤ ᠨᠠᠶᠢᠷᠠᠭᠴᠢ ᠴ᠊᠂ ᠴᠤᠯᠮᠤᠨ | ᠭᠤᠸᠠᠢ ᠣᠷᠴᠢᠭᠤᠯᠤᠨ ᠨᠡᠶᠢᠲᠡᠯᠡᠵᠤ ᠪᠠᠶᠢᠭᠰᠠᠨ ᠨᠢ ︽ ᠨᠢᠩᠵᠢᠨ ᠰᠡᠳᠬᠢᠯ︾ ᠭᠡᠬᠦ ᠮᠡᠳᠡᠭᠡᠯᠡᠯ ᠤᠨ ᠤᠷᠠᠨ | ᠵᠤᠬᠢᠶᠠᠯ ᠤᠨ ᠤᠯᠤᠰ ᠤᠨ ᠲᠤᠳᠤᠭᠠᠳᠤ ᠭᠠᠳᠠᠭᠠᠳᠤ ᠶᠢᠨ ᠨᠦᠯᠦᠭᠡ ᠲᠤᠰᠬᠠᠯ ᠢ ᠪᠦᠷᠢᠨ ᠬᠠᠷᠠᠭᠤᠯᠵᠤ ᠲᠡᠶᠢᠯᠬᠦ ᠶᠤᠮ | ᠃ | ᠲᠦᠷᠪᠡ | ᠪᠦᠷᠢᠨᠪᠠᠶᠠᠷ ᠪᠠᠭᠰᠢ ᠬᠦᠬᠡᠬᠤᠲᠠ ᠳᠤ ᠠᠵᠢᠯ ᠰᠢᠯᠵᠢᠭᠰᠡᠨ ᠤ ᠰᠡᠭᠦᠯᠡᠷ ᠠᠭᠤᠯᠵᠠᠵᠤ ᠤᠴᠠᠷᠠᠬᠤ ᠲᠤᠬᠢᠶᠠᠯ | ᠦᠩᠭᠡᠷᠡᠭᠰᠡᠨ ᠢ ᠪᠤᠳᠤᠪᠠᠯ ᠴᠦᠬᠡᠨ ᠪᠤᠯᠵᠠᠢ᠃ ᠬᠠᠶᠠ ᠨᠤᠳᠤᠭ ᠢᠶᠠᠷ ᠢᠶᠠᠨ ᠢᠷᠡᠬᠦ ᠪᠤᠯᠭᠠᠨ ᠨᠤᠳᠤᠭ ᠤᠨ ᠢᠶᠠᠨ | ᠰᠢᠯᠦᠭᠴᠢ ᠵᠤᠬᠢᠶᠠᠯᠴᠢ ᠲᠠᠢ ᠴᠠᠢ ᠶᠢᠨ ᠵᠤᠭᠤᠭ ᠪᠠᠷᠢᠬᠤ ᠨᠢ ᠮᠠᠨ ᠳᠤ ᠬᠡᠮᠵᠢᠶᠡᠯᠡᠰᠢ ᠦᠭᠡᠢ ᠠᠵᠠ ᠵᠢᠷᠭᠠᠯ ᠲᠠᠢ | ᠤᠴᠢᠷ᠃ ᠮᠠᠨ ᠤ ᠬᠢᠨ ᠤ ᠬᠡᠨ ᠬᠡᠨ ᠤ ᠪᠦᠳᠦᠬᠡᠯ ᠨᠢ ᠬᠠᠮᠢᠭ᠎ᠠ ᠬᠠᠮᠢᠭ᠎ᠠ ᠨᠡᠶᠢᠲᠡᠯᠡᠭᠳᠡᠭᠰᠡᠨ ᠢ ᠬᠡᠶᠢᠳᠡᠯᠡ ᠮᠡᠳᠡᠨ᠎ᠡ | ᠃ ᠨᠠᠮ᠎ᠠ ᠶᠢ ᠤᠯᠤᠰ ᠲᠦᠷᠦ ᠶᠢᠨ ᠵᠦᠪᠯᠡᠯᠭᠡᠨ ᠳᠤ ᠠᠵᠢᠯ ᠰᠢᠯᠵᠢᠭᠰᠡᠨ ᠤ ᠲᠠᠷᠠᠭ᠎ᠠ ᠪᠦᠷᠢᠨᠪᠠᠶᠠᠷ ᠪᠠᠭᠰᠢ ᠮᠢᠨᠢ | ᠲᠤᠰᠬᠠᠶᠢᠯᠠᠨ ᠤᠳᠠᠰᠤ ᠢᠷᠡᠭᠦᠯᠵᠤ ᠄ ︽ᠬᠤᠰᠢᠭᠤᠨ ᠤ ᠤᠯᠤᠰ ᠲᠦᠷᠦ ᠶᠢᠨ ᠵᠦᠪᠯᠡᠯᠭᠡᠨ ᠤ ᠲᠡᠳ᠋ ᠲᠡᠷᠢᠭᠦᠯᠡᠭᠴᠢ | ᠭᠡᠳᠡᠭ ᠴᠢᠨᠢ ᠤᠷᠤᠨ ᠨᠤᠳᠤᠭ ᠲᠤ ᠪᠠᠨ ᠪᠤᠯ ᠲᠦᠷᠪᠡᠨ ᠶᠡᠭᠡ ᠤᠳᠤᠷᠢᠳᠬᠤ ᠪᠠᠭ ᠤᠨ ᠤᠳᠤᠷᠢᠳᠤᠯᠭ᠎ᠠ ᠰᠢᠦ᠃ | ᠨᠠᠮ ᠠᠷᠠᠳ ᠲᠦᠮᠡᠨ ᠤ ᠪᠠᠨ ᠢᠲᠡᠭᠡᠯ ᠨᠠᠶᠢᠲᠠᠯᠭ᠎ᠠ ᠶᠢ ᠬᠦᠰᠡᠷᠲᠡᠭᠦᠯᠵᠤ ᠪᠤᠯᠬᠤ ᠦᠭᠡᠢ᠃ ᠠᠵᠢᠯ ᠶᠠᠮᠠᠷ ᠶᠠᠭᠠᠷᠠᠤ | ᠪᠤᠯᠤᠯ᠎ᠠ ᠴᠦ ᠤᠷᠠᠨ ᠵᠤᠬᠢᠶᠠᠯ ᠢᠶᠠᠨ ᠪᠤᠤ ᠯᠡ ᠬᠠᠶᠠ ᠳ᠋ᠠ᠂ ᠬᠤᠵᠢᠮ ᠦᠯᠡᠳᠡᠬᠦ ᠨᠢ ᠬᠠᠰᠢ ᠯᠨ ᠲᠡᠷᠡ ᠰᠢᠦ︾ | ᠭᠡᠵᠤ ᠴᠠᠭᠠᠨ᠎ᠠ ᠪᠠᠨ ᠤᠴᠢᠷᠲᠠᠢ ᠰᠤᠷᠭᠠᠵᠢ ᠪᠢᠯᠡ᠃ ᠦᠪᠦᠷ ᠮᠤᠩᠭᠤᠯ ᠤᠨ ᠮᠤᠩᠭᠤᠯ ᠤᠷᠠᠨ ᠵᠤᠬᠢᠶᠠᠯ ᠤᠨ | ᠰᠢᠨ᠎ᠠ ᠪᠦᠲᠦᠭᠡᠯ ᠰᠢᠨ᠎ᠠ ᠵᠤᠬᠢᠶᠠᠯᠴᠢ ᠶᠢ ᠢᠯᠡᠷᠡᠭᠦᠯᠵᠤ ᠬᠦᠮᠦᠵᠢᠭᠦᠯᠬᠦ ᠲᠡᠭᠡᠷ᠎ᠡ ᠪᠦᠷᠢᠨᠪᠠᠶᠠᠷ ᠪᠠᠭᠰᠢ ᠶᠢᠨ ᠵᠢᠳᠭᠦᠯ | ᠶᠡᠭᠡ ᠭᠠᠪᠢᠶ᠎ᠠ ᠦᠯᠡᠮᠵᠢ᠃ ᠮᠠᠨ ᠤ ᠰᠢᠯᠦᠭᠴᠢ ᠵᠤᠬᠢᠶᠠᠯᠴᠢ ᠶᠠᠮᠠᠷ ᠲᠦᠪᠡᠭ ᠬᠦᠴᠢᠷᠲᠡᠯ᠂ ᠮᠠᠳᠠᠭ ᠡᠷᠡᠭᠡᠯᠵᠡᠭᠡᠨ ᠲᠠᠢ | ᠤᠴᠢᠷ ᠪᠠᠶᠢᠪᠠᠯ ᠪᠦᠷᠢᠨᠪᠠᠶᠠᠷ ᠪᠠᠭᠰᠢ ᠳᠤ ᠪᠠᠨ ᠡᠷᠡᠭᠡ ᠦᠬᠡᠢ ᠤᠳᠠᠰᠤᠳᠠᠨ᠎ᠠ᠂ ᠡᠷᠢᠭᠡᠳ ᠬᠦᠷᠦᠨ᠎ᠠ᠂ ᠡᠪ ᠳ᠋ᠦᠢ | ᠲᠠᠢ ᠰᠠᠶᠢᠬᠠᠨ ᠰᠢᠢᠳᠪᠦᠷᠢᠯᠡᠭᠡᠳ ᠢᠷᠠᠨ᠎ᠠ᠃ ᠨᠠᠮ᠎ᠠ ᠶᠢ ᠪᠠᠭᠲᠠᠭᠠᠭᠰᠠᠨ ᠨᠤᠳᠤᠭ ᠤᠨ ᠰᠢᠯᠦᠭᠴᠢ ᠵᠤᠬᠢᠶᠠᠯᠴᠢ | ᠷᠠᠰᠢᠠᠤᠳᠽᠡᠷ᠂ ᠯᠤᠤᠽᠡᠷ᠂ ᠪ᠊ · ᠠᠰᠬ᠎ᠠ᠂ ᠰ᠊ · ᠤᠯᠠᠭᠠᠨᠪᠠᠳᠤ᠂ ᠲᠤ᠋ · ᠨᠠᠰᠤᠨᠵᠢᠷᠭᠠᠯ ᠤᠨ ᠰᠢᠯᠦᠭ | ᠪᠦᠲᠦᠬᠡᠯ ᠳᠤ ᠤᠷᠤᠰᠢᠯ ᠪᠢᠴᠢᠵᠤ ᠤᠷᠮᠠᠰᠢᠭᠤᠯᠵᠤ ᠪᠠᠶᠢᠭᠰᠠᠨ ᠢ ᠵᠠᠬ᠎ᠠ ᠠᠴᠠ ᠲᠤᠷᠠᠳᠬᠤ ᠦᠭᠡᠢ᠃ ᠲᠠᠪᠢᠨ ᠵᠢᠯ | ᠤᠨ ᠵᠤᠬᠢᠶᠠᠯ ᠪᠦᠲᠦᠭᠡᠯ ᠤᠨ ᠠᠶᠠᠨ ᠳᠤ ᠪᠠᠨ ᠪᠦ᠊ ᠪᠠᠭᠰᠢ ᠮᠢᠨᠢ ᠬᠡᠴᠢᠨᠡᠬᠡᠨ ᠤᠯᠠᠨ ᠤᠷᠠᠨ ᠵᠤᠬᠢᠶᠠᠯ ᠤᠨ ᠵᠠᠯᠠᠭᠤᠰ | ᠢ ᠵᠢᠭᠠᠨ ᠵᠢᠯᠤᠭᠤᠳᠴᠤ᠂ ᠵᠠᠮ ᠳᠤ ᠨᠢ ᠤᠷᠤᠭᠤᠯᠵᠤ᠂ ᠪᠦᠳᠦᠭᠡᠯ ᠢ ᠨᠢ ᠵᠠᠰᠠᠨ ᠨᠡᠶᠢᠲᠡᠯᠡᠵᠤ᠂ ᠠᠮᠢᠳᠤᠷᠠᠯ ᠦᠢᠯᠡᠰ | ᠡᠯ᠎ᠡ ᠲᠠᠯ᠎ᠠ ᠪᠠᠷ ᠬᠠᠪᠰᠤᠷᠴᠤ ᠲᠡᠮᠵᠢᠵᠤ ᠶᠠᠪᠤᠭᠰᠠᠨ ᠢ ᠪᠦᠷᠢᠳᠬᠡᠬᠦ ᠶᠢᠨ ᠠᠷᠭ᠎ᠠ ᠦᠭᠡᠢ᠃ ᠬᠦᠴᠢᠷ ᠵᠤᠪᠠᠭᠤᠷᠢ | ᠲᠠᠢ ᠪᠠᠭ᠎ᠠ ᠨᠠᠰᠤ ᠨᠢ ᠲᠡᠭᠦᠨ ᠢ ᠠᠮᠢᠳᠤᠷᠠᠯ ᠳᠤ ᠤᠯᠠᠮ ᠬᠠᠶᠢᠷ᠎ᠠ ᠲᠠᠢ ᠪᠤᠯᠭᠠᠵᠤ᠂ ᠪᠤᠰᠤᠳ ᠤᠨ ᠬᠦᠴᠢᠷ | ᠵᠤᠪᠠᠭᠤᠷᠢ ᠶᠢ ᠦᠵᠡᠵᠤ ᠲᠦᠪᠲᠡᠬᠦ ᠦᠭᠡᠢ ᠦᠭᠬᠢᠶᠡᠮᠤᠷ ᠰᠡᠳᠬᠢᠯ ᠲᠠᠢ᠂ ᠰᠠᠨᠠᠭ᠎ᠠ ᠠᠭᠤᠳᠠᠮ ᠂ ᠦᠢᠯᠡᠰᠴᠢ | ᠪᠦᠳᠦᠭᠡᠯᠴᠢ ᠬᠦᠮᠦᠨ ᠳᠤ ᠲᠤᠰᠠᠷᠬᠠᠤ ᠵᠠᠩ ᠠᠷᠠᠨᠰᠢᠨ ᠢ ᠨᠢ ᠪᠤᠢ ᠪᠤᠯᠭᠠᠵᠠᠢ᠃ ᠪᠦᠷᠢᠨᠪᠠᠶᠠᠷ ᠪᠠᠭᠰᠢ ᠮᠢᠨᠢ ᠨᠢᠭᠡ | ᠪᠤᠳᠤᠪᠠᠯ ᠡᠭᠡᠭᠡ ᠯᠡ ᠬᠦᠮᠦᠨ ᠤ ᠲᠦᠯᠦᠭᠡ ᠲᠦᠷᠦᠭᠰᠡᠨ ᠬᠦᠮᠦᠨ ᠬᠡᠮᠡᠷ ᠡ᠃ ᠮᠠᠦ ᠲᠡᠷᠢᠬᠦᠯᠡᠭᠴᠢ ᠶᠢᠨ ︽ | ᠪᠧᠲ᠋ᠢᠶᠦᠨ ᠢ ᠲᠤᠷᠠᠰᠬᠠᠶ᠎ᠠ︾ ᠭᠡᠰᠡᠨ ᠵᠤᠬᠢᠶᠠᠯ ᠤᠨ ︽ᠬᠦᠮᠦᠨ ᠤ ᠴᠢᠲᠠᠪᠤᠷᠢ ᠶᠡᠭᠡ ᠲᠠᠢ ᠪᠠᠭ᠎ᠠ ᠲᠠᠢ᠂ ᠭᠡᠪᠡᠴᠦ | ᠡᠶᠢᠮᠤ ᠵᠤᠷᠢᠭ ᠰᠠᠨᠠᠭ᠎ᠠ ᠲᠠᠢ ᠯᠡ ᠶᠤᠮ ᠪᠤᠯ ᠡᠷᠬᠢᠮ ᠲᠡᠭᠡᠳᠦ ᠬᠦᠮᠦᠨ᠂ ᠵᠢᠩᠭᠢᠨᠢ ᠬᠦᠮᠦᠨ᠂ ᠶᠤᠰᠤ ᠰᠤᠷᠲᠠᠬᠤᠨ | ᠲᠠᠢ ᠬᠦᠮᠦᠨ᠂ ᠲᠤᠤᠷᠠᠳᠤ ᠲᠤᠷᠠᠰᠢᠯ ᠠᠴᠠ ᠠᠩᠭᠢᠵᠢᠷᠠᠭᠰᠠᠨ ᠬᠦᠮᠦᠨ᠂ ᠠᠷᠠᠳ ᠲᠦᠮᠡᠨ ᠳᠤ ᠲᠤᠰᠠᠳᠠᠢ ᠬᠦᠮᠦᠨ︾ | ᠭᠡᠰᠡᠨ ᠠᠯᠲᠠᠨ ᠪᠠᠳᠠᠭ ᠪᠢᠲᠡᠨ ᠳᠤ ᠶᠠᠭᠤ ᠨᠢᠭᠡ ᠶᠢ ᠪᠤᠳᠤᠭᠳᠠᠭᠤᠯᠤᠨ᠎ᠠ᠃ | ︽ᠵᠠᠷᠤᠳ ᠨᠤᠳᠤᠭ ᠤᠨ ᠠᠭᠤᠯᠠ ᠨᠢ ᠱᠤᠷᠤᠩ ᠪᠤᠯᠬᠤᠷ ᠬᠦᠮᠦᠨ ᠨᠢ ᠰᠡᠴᠡᠨ ᠮᠡᠷᠭᠡᠨ᠂ ᠵᠠᠷᠤᠳ ᠨᠤᠳᠤᠭ ᠤᠨ | ᠤᠰᠤ ᠨᠢ ᠲᠤᠩᠭᠠᠯᠠᠭ ᠪᠤᠯᠬᠤᠷ ᠬᠦᠮᠦᠨ ᠨᠢ ᠰᠡᠳᠬᠢᠯ ᠴᠠᠶᠢᠯᠭᠠᠨ︾ ᠭᠡᠵᠤ ᠪᠦᠷᠢᠨᠪᠠᠶᠠᠷ ᠪᠠᠭᠰᠢ ᠮᠢᠨᠢ ᠦᠷᠬᠦᠢ | ᠶᠠᠷᠢᠳᠠᠭ ᠪᠢᠯᠡ᠃ 2002 ᠤᠨ ᠳᠤ ᠨᠤᠳᠤᠭ ᠲᠤ ᠮᠢᠨᠢ ᠶᠠᠪᠤᠭᠳᠠᠭᠰᠠᠨ ︽ᠲᠠᠭᠤᠷᠢᠯᠢᠭ ᠤᠨ ᠲᠠᠷᠬᠠᠨ ᠫᠠᠵᠠᠢ ᠶᠢᠨ | ᠮᠡᠨᠳᠦᠯᠡᠭᠰᠡᠨ ᠵᠠᠭᠤᠨ ᠵᠢᠯ ᠤᠨ ᠤᠢ ᠶᠢ ᠲᠤᠷᠠᠰᠬᠠᠬᠤ ᠬᠤᠷᠠᠯ ᠵᠢᠴᠢ ︿ᠫᠠᠵᠠᠢ ᠬᠤᠨᠳᠠᠭᠠᠳᠤ﹀ ᠪᠦᠬᠦ ᠤᠯᠤᠰ ᠤᠨ | ᠦᠯᠢᠭᠡᠷ ᠬᠤᠯᠪᠤᠭ᠎ᠠ ᠶᠢᠨ ᠤᠷᠤᠯᠳᠤᠭᠠᠨ︾᠂ 2003 ᠤᠨ ᠤ ︽ᠪᠢᠴᠢᠭᠲᠡᠨ ᠬᠤᠭᠤᠷᠴᠢ ᠵᠠᠭᠠᠨ᠎ᠠ ᠶᠢᠨ | ᠮᠡᠨᠳᠦᠯᠡᠭᠰᠡᠨ ᠵᠠᠭᠤᠨ ᠵᠢᠯ ᠤᠨ ᠤᠢ ᠶᠢ ᠲᠤᠷᠠᠰᠬᠠᠬᠤ ᠬᠤᠷᠠᠯ ᠵᠢᠴᠢ ᠪᠦᠬᠦ ᠬᠤᠰᠢᠭᠤᠨ ᠤ ︿ᠵᠠᠭᠠᠨ᠎ᠠ ᠬᠤᠨᠳᠠᠭᠠᠳᠤ﹀ | ᠦᠯᠢᠭᠡᠷ ᠬᠤᠯᠪᠤᠭ᠎ᠠ ᠶᠢᠨ ᠤᠷᠤᠯᠳᠤᠭᠠᠨ︾᠂ 2006 ᠤᠨ ᠤ ︽ ᠲᠠᠭᠤᠷᠢᠯᠢᠭ ᠤᠨ ᠲᠠᠷᠬᠠᠨ ᠮᠤᠤᠡᠦ᠋ᠬᠢᠨ ᠤ | ᠮᠡᠨᠳᠦᠯᠡᠭᠰᠡᠨ ᠵᠠᠭᠤᠨ ᠵᠢᠯ ᠤᠨ ᠤᠢ ᠶᠢ ᠲᠤᠷᠠᠰᠬᠠᠬᠤ ᠬᠤᠷᠠᠯ ᠵᠢᠴᠢ ︿ ᠮᠤᠤᠡᠦ᠋ᠬᠢᠨ﹀ ᠬᠤᠨᠳᠠᠭᠠᠳᠤ ᠪᠦᠬᠦ ᠤᠯᠤᠰ | ᠤᠨ ᠦᠯᠢᠭᠡᠷ ᠬᠤᠯᠪᠤᠭ᠎ᠠ ᠶᠢᠨ ᠤᠷᠤᠯᠳᠤᠭᠠᠨ︾ ᠵᠡᠷᠭᠡ ᠵᠢᠯ ᠲᠠᠷᠠᠭᠠᠯᠠᠨ ᠶᠠᠪᠤᠭᠳᠠᠭᠰᠠᠨ ᠰᠤᠶᠤᠯ ᠤᠨ ᠲᠤᠮᠤ | ᠠᠵᠢᠯᠯᠠᠭᠠᠨ ᠳᠤ ᠪᠦᠷᠢᠨᠪᠠᠶᠠᠷ ᠪᠠᠭᠰᠢ ᠮᠢᠨᠢ ᠶᠤᠰᠤᠲᠠᠢ ᠵᠢᠷᠦᠬᠡᠨ ᠤ ᠴᠢᠰᠤ ᠪᠠᠨ ᠰᠢᠪᠬᠠᠵᠤ᠂ ᠡᠯᠢᠭᠡᠨ ᠬᠠᠶᠢᠷ᠎ᠠ ᠪᠠᠨ | ᠶᠡᠭᠦᠯᠡᠵᠤ ᠶᠠᠪᠤᠭᠰᠠᠨ ᠬᠦᠮᠦᠨ᠃ ᠲᠤᠮᠤ ᠬᠦᠲᠡᠯᠬᠡᠬᠡᠨ ᠢ ᠲᠦᠰᠦᠪᠯᠡᠬᠦ ᠠᠴᠠ ᠠᠪᠤᠭᠠᠳ ᠲᠡᠭᠦᠰᠦᠨ ᠲᠡᠭᠦᠰᠲᠡᠯ᠎ᠡ | ᠠᠯᠢ ᠤᠯᠠᠨ ᠨᠠᠷᠢᠨ ᠰᠢᠷᠢᠨ ᠤᠴᠢᠷ ᠢ ᠨᠢᠭᠡ ᠨᠢᠭᠡ ᠪᠠᠷ ᠤᠴᠢᠭ ᠰᠦᠪᠡᠭᠴᠢ ᠢ ᠨᠢ ᠭᠠᠷᠭᠠᠵᠤ ᠤᠬᠠᠭᠠᠨ ᠬᠦᠯ ᠢ | ᠨᠢ ᠲᠡᠩᠨᠡᠭᠦᠯᠵᠤ ᠂ ᠡᠬᠡ ᠶᠢ ᠨᠢ ᠡᠴᠡᠬᠡᠭᠦ ᠦᠭᠡᠢ ᠲᠤᠭᠤᠯ ᠢ ᠨᠢ ᠲᠤᠷᠠᠭᠠᠬᠤ ᠦᠭᠡᠢ ᠡᠪ ᠵᠦᠢ ᠲᠠᠢ | ᠵᠤᠬᠢᠴᠠᠭᠤᠯᠤᠨ᠎ᠠ ᠭᠡᠳᠡᠭ ᠡᠩ ᠤᠨ ᠬᠦᠮᠦᠨ ᠤ ᠬᠢᠵᠤ ᠲᠡᠶᠢᠯᠬᠦ ᠠᠵᠢᠯ ᠪᠢᠰᠢ᠃ ᠪᠠᠷᠤᠭ ᠤᠨ ᠬᠦᠮᠦᠨ ᠢ ᠪᠢᠰᠢᠷᠡᠲᠡᠭ | ᠦᠭᠡᠢ ᠲᠤᠬᠠᠢ ᠶᠢᠨ ᠦᠶ᠎ᠡ ᠶᠢᠨ ᠮᠠᠨ ᠤ ᠬᠤᠰᠢᠭᠤᠨ ᠤ ᠰᠤᠶᠤᠯ ᠤᠨ ᠲᠤᠪᠴᠢᠶᠠᠨ ᠤ ᠲᠠᠷᠤᠭ᠎ᠠ ᠰᠢᠦᠢ ᠸᠧᠨ ᠶᠠᠨ | ᠬᠦᠷᠲᠡᠯ᠎ᠡ ᠡᠷᠡᠬᠡᠢ ᠭᠠᠷᠭᠠᠵᠤ᠂ ︽ᠡᠨᠡ ᠶᠡᠭᠡ ᠪᠠᠭᠰᠢ ᠵᠤᠬᠢᠶᠠᠯ ᠪᠢᠴᠢᠭᠰᠡᠨ ᠦᠭᠡᠢ ᠲᠠᠷᠤᠭ᠎ᠠ ᠰᠠᠭᠤᠭᠰᠠᠨ ᠪᠤᠯ | ᠨᠡᠩ ᠡᠨᠡ ᠲᠤᠤᠷ᠎ᠠ ᠲᠤᠭᠳᠠᠬᠤ ᠬᠦᠮᠦᠨ ᠪᠢᠰᠢ︾ ᠭᠡᠵᠤ ᠬᠦᠨᠳᠦᠳᠬᠡᠨ ᠪᠢᠰᠢᠷᠡᠳᠡᠭ ᠰᠠᠨ᠃ | ᠪᠦᠢᠲᠡ ᠪᠦᠭᠯᠡᠭᠦᠦ ᠮᠠᠩᠬᠠᠨ ᠨᠤᠳᠤᠭ ᠲᠤ ᠲᠦᠷᠦᠵᠤ ᠦᠰᠦᠭᠰᠡᠨ ᠪᠦᠷᠢᠨᠪᠠᠶᠠᠷ ᠪᠠᠭᠰᠢ ᠨᠤᠳᠤᠭ ᠤᠨ | ᠬᠡᠦᠬᠡᠳ ᠤᠨ ᠢᠶᠠᠨ ᠮᠠᠩᠬᠠᠨ ᠠᠴᠠ ᠶᠠᠭᠠᠬᠢᠵᠤ ᠬᠦᠯ ᠢᠶᠠᠨ ᠰᠤᠭᠤᠯᠬᠤ ᠶᠢ ᠮᠠᠰᠢ ᠠᠩᠬᠠᠷᠴᠤ ᠰᠠᠨᠠᠭ᠎ᠠ ᠰᠡᠳᠬᠢᠯ | ᠵᠦᠲᠡᠭᠡᠵᠠᠢ᠃ ︽ᠮᠤᠩᠬᠠᠭ ᠤᠨ ᠴᠦᠯ ᠢ ᠮᠤᠷᠢ ᠪᠠᠷ ᠪᠢᠰᠢ ᠨᠤᠮ ᠢᠶᠠᠷ ᠲᠤᠭᠤᠯᠳᠠᠭ︾ ᠭᠡᠭᠴᠢ ᠪᠠᠷ ᠬᠡᠴᠢᠨᠡᠬᠡᠨ ᠵᠢᠯ | ᠢᠶᠠᠷ ᠴᠤᠭᠯᠠᠭᠤᠯᠤᠭᠰᠠᠨ ᠬᠡᠳᠦᠨ ᠲᠦᠮᠡᠨ ᠲᠦᠭᠦᠷᠢᠭ ᠤᠨ ᠦᠷᠲᠡᠭ ᠪᠦᠬᠦᠢ ᠨᠤᠮ ᠢᠶᠠᠨ ᠡᠬᠡ ᠰᠤᠷᠭᠠᠭᠤᠯᠢ | —— ᠵᠠᠷᠤᠳ ᠬᠤᠰᠢᠭᠤᠨ ᠤ ᠪᠠᠶᠠᠨᠮᠠᠩᠬ᠎ᠠ ᠰᠤᠷᠭᠠᠭᠤᠯᠢ ᠳᠤ ᠬᠠᠨᠳᠢᠪᠯᠠᠵᠤ ︽ᠪᠦᠷᠢᠨᠪᠠᠶᠠᠷ ᠨᠤᠮ ᠤᠨ | ᠦᠷᠦᠭᠡ︾ ᠭᠠᠷᠭᠠᠭᠰᠠᠨ ᠨᠢ ᠮᠠᠩᠬᠠᠨ ᠨᠤᠳᠤᠭ ᠤᠨ ᠬᠡᠦᠬᠡᠳ ᠤᠨ ᠮᠠᠷᠭᠠᠰᠢ ᠶᠢᠨ ᠨᠠᠷᠠ ᠶᠢ ᠲᠡᠪᠡᠷᠢᠵᠤ ᠪᠤᠰᠬᠤ ᠳᠤ | ᠦᠯᠦᠭᠡᠢ ᠰᠠᠵᠢᠯᠠᠭᠰᠠᠨ ᠮᠦᠷᠲᠡᠭᠡᠨ ᠲᠡᠯᠡᠬᠡᠢ ᠲᠠᠨᠢᠭᠤᠯᠤᠭᠰᠠᠨ ᠶᠠᠪᠤᠲᠠᠯ ᠪᠤᠯᠵᠠᠢ᠃ ᠲᠡᠷᠡ ᠤᠳᠠᠭᠠᠨ ᠤ ᠨᠤᠮ | ᠬᠦᠷᠭᠡᠬᠦ ᠶᠤᠰᠤᠯᠠᠯ ᠳᠤ ᠪᠢ ᠴᠦ ᠪᠠᠶᠢᠯᠴᠠᠭᠰᠠᠨ ᠪᠤᠯᠬᠤᠷ ᠰᠡᠳᠬᠢᠯ ᠬᠦᠲᠡᠯᠭᠡᠮᠡ ᠠᠬᠤᠢ ᠲᠠᠯᠠᠪᠠᠢ ᠳᠤ ︽ ᠨᠤᠳᠤᠭ | ᠤᠨ ᠬᠦᠦ ᠶᠢᠨ ᠰᠡᠳᠬᠢᠯ︾ ᠭᠡᠰᠡᠨ ᠰᠢᠯᠦᠭ ᠲᠡᠷᠯᠡᠵᠤ ᠠᠬᠤᠢ ᠲᠠᠯᠠᠪᠠᠢ ᠳᠤ ᠤᠶᠠᠩᠭᠠᠯᠠᠭᠰᠠᠨ ᠢᠶᠠᠨ ᠦᠨᠤ ᠠᠳᠡ | ᠰᠡᠶᠢᠷᠡᠬᠦᠯᠬᠦ ᠳᠤ ᠤᠷᠮ᠎ᠠ ᠲᠡᠬᠦᠯᠳᠡᠷ ᠪᠠᠶᠢᠨ᠎ᠠ᠃ | ︽ ᠡᠯᠢᠭᠡᠳᠡᠵᠤ ᠤᠨᠠᠭᠰᠠᠨ ᠮᠠᠩᠬᠠᠨ ᠤ ᠪᠠᠨ ᠡᠯᠡᠰᠦᠨ ᠤ ᠬᠢ ᠨᠢ ᠨᠢᠭᠡ ᠮᠦᠬᠦᠯᠢᠭ | ᠡᠷᠬᠢᠵᠤ ᠰᠠᠨᠠᠭᠳᠠᠬᠤ ᠨᠤᠳᠤᠭ ᠤᠨ ᠢᠶᠠᠨ ᠡᠪᠡᠰᠦᠨ ᠤ ᠬᠢ ᠨᠢ ᠨᠢᠭᠡ ᠰᠢᠷᠭᠡᠭ | ᠡᠯᠢᠭᠡᠨ ᠬᠠᠶᠢᠷᠠᠳᠤ ᠰᠤᠶᠤᠯ ᠢᠶᠠᠨ ᠲᠡᠭᠡᠳᠦᠯᠡᠵᠤ ᠶᠠᠪᠤᠭᠰᠠᠨ ᠡᠷ᠎ᠡ | ᠡᠬᠡ ᠨᠤᠳᠤᠭ ᠤᠨ ᠢᠶᠠᠨ ᠠᠯᠲᠠᠷ ᠢ ᠲᠡᠯᠡᠬᠡᠢ ᠳᠤ ᠲᠠᠨᠢᠭᠤᠯᠤᠭᠰᠠᠨ ᠨᠠᠷᠠ | ᠰᠤᠷᠬᠤ ᠶᠢᠨ ᠬᠦᠰᠡᠯᠡᠩ ᠡᠪᠤᠷᠯᠡᠭᠡᠳ ᠡᠷᠢᠯ ᠳᠤ ᠮᠤᠷᠲᠠᠭᠰᠠᠨ ᠬᠦᠦ | ᠰᠤᠳᠤᠨ ᠪᠦᠳᠦᠭᠡᠯ ᠢᠶᠠᠨ ᠭᠠᠨᠵᠤᠭᠠᠯᠠᠭᠠᠳ ᠡᠷᠬᠢᠵᠤ ᠢᠷᠡᠭᠰᠡᠨ ᠦᠷ᠎ᠡ | ᠰᠤᠶᠤᠯ ᠤᠨ ᠬᠤᠷ᠎ᠠ ᠱᠠᠬᠢᠭᠤᠯᠤᠭᠠᠳ ᠨᠤᠳᠤᠭ ᠢᠶᠠᠨ ᠡᠷᠭᠢᠭᠰᠡᠨ ᠵᠤᠬᠢᠶᠠᠯᠴᠢ | ᠰᠡᠳᠬᠢᠯ ᠤᠨ ᠬᠠᠳᠠᠭ ᠨᠠᠮᠢᠷᠠᠭᠤᠯᠤᠭᠠᠳ ᠬᠤᠳᠤᠭ ᠢᠶᠠᠨ ᠮᠢᠯᠢᠶᠠᠭᠰᠠᠨ ᠰᠢᠯᠦᠭᠴᠢ | ᠪᠠᠶᠠᠨᠮᠠᠩᠬ᠎ᠠ ᠰᠤᠷᠭᠠᠭᠤᠯᠢ ᠳᠤ ᠪᠠᠨ ᠪᠡᠯᠡᠭ ᠪᠠᠷᠢᠭᠰᠠᠨ ᠨᠤᠮ | ᠪᠠᠶᠠᠨ ᠴᠠᠭᠠᠨ ᠡᠯᠡᠰᠦᠨ ᠳᠤ ᠪᠠᠨ ᠪᠡᠷᠬᠡ ᠶᠢ ᠲᠤᠭᠤᠯᠤᠭᠰᠠᠨ ᠵᠠᠮ | ᠪᠢᠯᠢᠭ ᠤᠨ ᠨᠤᠭᠤᠭᠠᠨ ᠠᠲᠠᠷ ᠲᠤ ᠰᠦ ᠲᠤᠰᠤᠭᠠᠭᠰᠠᠨ ᠲᠤᠮ | ᠪᠢᠴᠢᠭ ᠤᠨ ᠡᠷᠢᠶᠡᠨ ᠴᠤᠬᠤᠷ ᠲᠤ ᠬᠦ᠋ ᠠᠷᠢᠯᠭᠠᠭᠰᠠᠨ ᠤᠮ | ᠨᠢᠩᠵᠢᠨ ᠬᠠᠶᠢᠷ᠎ᠠ ᠲᠠᠢ ᠦᠷ᠎ᠡ ᠶᠢᠨ ᠦᠵᠦᠭᠦᠷ ᠰᠡᠳᠬᠢᠯ ᠤᠨ ᠲᠡᠮᠡᠦᠯᠦᠯ | ᠨᠢᠮᠭᠡᠨ ᠦᠷᠦ ᠲᠠᠢ ᠵᠤᠬᠢᠶᠠᠯᠴᠢ ᠶᠢᠨ ᠦᠨᠡᠨ ᠵᠢᠷᠦᠬᠡᠨ ᠤ ᠬᠠᠷᠢᠭᠤᠴᠠᠯᠭ᠎ᠠ | ᠨᠡᠶᠢᠭᠡᠮ ᠤᠨ ᠰᠡᠳᠬᠢᠯ ᠢ ᠬᠦᠲᠡᠯᠬᠡᠭᠰᠡᠨ ᠦᠷᠦᠪᠴᠢ ᠬᠠᠯᠠᠭᠤᠨ ᠲᠡᠮᠵᠢᠯᠭᠡ | ᠨᠡᠶᠢᠲᠡᠮ ᠲᠠᠶᠠᠭᠠᠷ ᠲᠤᠷᠠᠰᠤᠭᠳᠠᠬᠤ ᠦᠯᠢᠭᠡᠷ ᠲᠠᠭᠤᠷᠢᠶᠠᠯᠳᠤ ᠬᠠᠯᠠᠮᠵᠢᠯᠠᠭ᠎ᠠ | ᠨᠤᠳᠤᠭ ᠤᠨ ᠬᠦᠦ ᠶᠢᠨ ᠰᠡᠳᠬᠢᠯ ᠨᠤᠳᠤᠭ ᠢᠶᠠᠨ ᠦᠨᠦᠰᠦᠭᠡᠳ ᠵᠢᠷᠭᠠᠨ᠎ᠠ | ᠨᠤᠷᠤᠮ ᠮᠠᠨᠠᠭᠰᠠᠨ ᠬᠠᠶᠢᠷ᠎ᠠ ᠨᠢ ᠤᠷᠮ᠎ᠠ ᠲᠡᠳᠬᠦᠭᠡᠳ ᠭᠡᠲᠡᠶᠢᠨᠠ | ᠨᠤᠷ᠎ᠠ ᠴᠠᠭᠠᠨ ᠡᠯᠡᠰᠦᠨ ᠳᠤ ᠨᠤᠮ ᠤᠨ ᠠᠭᠤᠯᠠ ᠪᠤᠰᠤᠨ᠎ᠠ | ᠨᠤᠮᠢᠨ ᠨᠤᠭᠤᠭᠠᠨ ᠰᠡᠭᠦᠲᠡᠷ ᠲᠤ ᠨᠢ ᠨᠠᠶᠢᠷᠠᠭ ᠤᠨ ᠰᠢᠪᠠᠭᠤᠳ ᠵᠢᠷᠬᠢᠨ᠎ᠠ︾ ᠁ | ︽ᠬᠦᠮᠦᠨ ᠤ ᠰᠠᠶᠢᠬᠠᠨ ᠨᠢ ᠰᠡᠳᠬᠢᠯ ᠳᠤ ᠪᠠᠨ᠂ ᠰᠡᠳᠬᠢᠯ ᠤᠨ ᠰᠠᠶᠢᠬᠠᠨ ᠨᠢ ᠦᠢᠯᠡᠰ ᠲᠤ ᠪᠠᠨ︾ ︽ | ᠬᠦᠮᠦᠨ ᠨᠠᠮ᠎ᠠ ᠶᠢ ᠬᠦᠮᠦᠨ ᠢᠶᠠᠷ ᠦᠵᠡᠪᠡᠯ ᠬᠦᠮᠦᠨ ᠢ ᠪᠢ ᠪᠤᠷᠬᠠᠨ ᠢᠶᠠᠷ ᠦᠵᠡᠨ᠎ᠡ︾ ᠨᠢ ᠪᠦᠷᠢᠨᠪᠠᠶᠠᠷ ᠪᠠᠭᠰᠢ | ᠶᠢᠨ ᠶᠡᠷᠦ ᠳᠤ ᠪᠠᠨ ᠬᠡᠯᠡᠳᠡᠭ ᠦᠭᠡ ᠡᠨᠡ᠃ ᠬᠦᠮᠦᠨ ᠤ ᠰᠠᠶᠢᠨ ᠬᠦᠮᠦᠨ ᠪᠤᠯ ᠬᠦᠮᠦᠨ ᠤ ᠮᠠᠭᠤ ᠶᠢ ᠮᠠᠷᠲᠠᠭᠠᠳ᠂ | ᠬᠦᠮᠦᠨ ᠤ ᠰᠠᠶᠢᠨ ᠢ ᠴᠡᠭᠡᠵᠢᠯᠡᠳᠡᠭ ᠭᠡᠳᠡᠭ ᠨᠢ ᠤᠷᠤ ᠲᠠᠢ ᠦᠬᠡ᠃ ᠪᠦᠷᠢᠨᠪᠠᠶᠠᠷ ᠪᠠᠭᠰᠢ ᠨᠤᠳᠤᠭ ᠲᠤ ᠪᠠᠨ | ᠢᠷᠡᠬᠦ ᠪᠤᠯᠭᠠᠨ ᠶᠠᠮᠠᠷ ᠶᠠᠭᠠᠷᠡᠤ ᠪᠠᠶᠢᠯ᠎ᠠ ᠴᠦ ᠮᠠᠨ ᠤ ᠬᠤᠰᠢᠭᠤᠨ ᠤ ᠠᠬᠠᠮᠠᠳ ᠤᠷᠠᠯᠢᠭᠴᠢᠨ ᠷᠠᠰᠢᠡᠳᠳᠽᠡᠷ᠂ | ᠠᠬᠠᠮᠠᠳ ᠲᠠᠷᠤᠭ᠎ᠠ ᠰᠠᠶᠢᠨᠪᠠᠶᠠᠷ ᠤᠨ ᠬᠢ ᠪᠠᠷ ᠬᠦᠷᠴᠤ ᠠᠮᠤᠷ ᠮᠡᠨᠳᠤ ᠠᠰᠠᠭᠤᠵᠤ ᠪᠤᠯᠭᠤᠭᠠᠨ ᠲᠤᠬᠤᠨᠢᠭᠤᠯᠤᠭᠠᠳ | ᠶᠠᠪᠤᠳᠠᠭ᠃ ︽ ᠲᠡᠭᠡ ᠶᠢᠨ ᠬᠠᠨ ᠤ ᠬᠤᠶᠠᠷ ᠰᠠᠷᠢᠳᠠᠭ︾ ᠬᠡᠵᠤ ᠲᠡᠷᠡ ᠬᠤᠶᠠᠷ ᠠᠬᠠᠮᠠᠳ ᠢ ᠮᠡᠳᠡᠭᠡᠯᠡᠯ ᠤᠨ | ᠤᠷᠠᠨ ᠵᠤᠬᠢᠶᠠᠯ ᠪᠢᠴᠢᠭᠰᠡᠨ ᠮᠦᠷᠲᠡᠭᠡᠨ ᠬᠤᠰᠢᠭᠤ ᠨᠤᠳᠤᠭ ᠤᠨ ᠮᠢᠨᠢ ᠨᠠᠪᠳᠠᠭ ᠰᠠᠪᠳᠠᠭ ᠰᠢᠦ ᠲᠠ ᠨᠠᠷ ᠭᠡᠵᠤ | ᠬᠦᠨᠳᠦᠳᠬᠡᠨ ᠪᠢᠰᠢᠷᠡᠳᠡᠭ ᠪᠢᠯᠡ᠃ 2016 ᠤᠨ ᠳᠤ ᠠᠯᠢ ᠤᠯᠠᠨ ᠠᠵᠢᠯ ᠢᠶᠠᠨ ᠠᠷᠤ ᠳᠤ ᠪᠠᠨ ᠤᠷᠬᠢᠵᠤ | ᠷᠠᠰᠢᠡᠳᠳᠽᠡᠷ ᠪᠠᠭᠰᠢ ᠶᠢᠨ ᠵᠤᠬᠢᠶᠠᠯ ᠪᠦᠳᠦᠭᠡᠯ ᠤᠨ ᠴᠢᠭᠤᠯᠭᠠᠨ —— ᠠᠷᠪᠠᠨ ᠭᠤᠷᠪᠠᠨ ᠪᠤᠳᠢ ᠶᠢ | ᠲᠠᠷᠬᠠᠭᠠᠬᠤ ᠶᠤᠰᠤᠯᠠᠯ ᠳᠤ ᠤᠷᠤᠯᠴᠠᠭᠠᠳ ᠰᠡᠳᠬᠢᠯ ᠬᠦᠳᠡᠯᠭᠡᠮ᠎ᠡ ᠶᠠᠷᠢᠶ᠎ᠠ ᠲᠠᠯᠪᠢᠵᠤ ᠪᠠᠶᠢᠭᠰᠠᠨ ᠨᠢ | ᠦᠴᠤᠬᠡᠳᠤᠷᠬᠡᠨ ᠰᠢᠭ ᠰᠠᠨᠠᠭᠳᠠᠪᠠᠴᠤ ᠦᠩᠭᠡᠷᠡᠭᠡᠳ ᠨᠡᠯᠢᠶᠡᠳ ᠵᠢᠯ ᠪᠤᠯᠴᠢᠬᠠᠵᠠᠢ᠃ | ᠲᠠᠯ᠎ᠠ ᠰᠢᠬᠠᠭᠰᠠᠨ ᠡᠪᠤᠭᠡᠨ ᠪᠠᠭᠰᠢ ᠮᠢᠨᠢ ᠨᠢᠳᠤᠨᠤᠨ ᠵᠢᠯ ᠨᠤᠳᠤᠭ ᠲᠤ ᠪᠠᠨ ᠢᠷᠡᠵᠤ᠂ ᠪᠦᠬᠦ ᠤᠯᠤᠰ ᠤᠨ | ᠠᠷᠠᠳ ᠤᠨ ᠲᠦᠯᠦᠭᠡᠯᠡᠭᠴᠢᠳ ᠤᠨ ᠶᠡᠭᠡ ᠬᠤᠷᠠᠯ ᠤᠨ ᠲᠦᠯᠦᠭᠡᠯᠡᠭᠴᠢ᠂ ᠵᠠᠷᠤᠳ ᠬᠤᠰᠢᠭᠤᠨ ᠤ ᠪᠠᠶᠠᠨᠲᠠᠯ᠎ᠠ ᠰᠤᠮᠤ | ᠶᠢᠨ ᠵᠡᠭᠦᠨ ᠰᠠᠯᠠᠭ᠎ᠠ ᠭᠠᠴᠠᠭᠠᠨ ᠤ ᠨᠠᠮ ᠤᠨ ᠡᠭᠦᠷ ᠤᠨ ᠱᠦᠵᠢ᠂ ︽ᠮᠠᠯᠴᠢᠨ ᠠᠶᠢᠯ ᠦᠬᠡᠷ ᠲᠡᠵᠢᠭᠡᠬᠦ | ᠬᠤᠷᠰᠢᠶᠠᠵᠢᠯ ︾ ᠤᠨ ᠲᠠᠭᠠᠭᠠᠮᠠᠯ ᠡᠤ ᠶᠦᠨ ᠪᠦᠸᠧ ᠨᠦᠬᠦᠷ ᠤᠨ ᠦᠢᠯᠡ ᠠᠵᠢᠯᠯᠠᠭ᠎ᠠ ᠪᠠᠷ ᠮᠡᠳᠡᠭᠡᠯᠡᠯ ᠤᠨ ᠤᠷᠠᠨ | ᠵᠤᠬᠢᠶᠠᠯ ᠪᠢᠴᠢᠬᠦ ᠪᠠᠷ ᠰᠤᠷᠪᠤᠯᠵᠢᠯᠠᠭ᠎ᠠ ᠪᠠᠨ ᠡᠬᠢᠯᠡᠭᠦᠯᠵᠠᠢ᠃ ᠪᠦᠷᠢᠨᠪᠠᠶᠠᠷ ᠪᠠᠭᠰᠢ ᠴᠠᠭ ᠢ ᠠᠷᠪᠢᠯᠠᠵᠤ | ᠰᠤᠷᠪᠤᠯᠵᠢᠯᠠᠭ᠎ᠠ ᠪᠠᠨ ᠠᠬᠢᠭᠤᠯᠬᠤ ᠶᠢᠨ ᠲᠦᠯᠦᠭᠡ ᠬᠤᠰᠢᠭᠤᠨ ᠲᠡᠭᠡᠷ᠎ᠡ ᠨᠢᠭᠡ ᠯᠡ ᠬᠤᠨᠤᠭᠯᠠᠮᠠᠭᠴᠠ ᠰᠢᠭᠤᠳ | ᠭᠠᠴᠠᠭᠠᠨ ᠲᠡᠭᠡᠷ᠎ᠡ ᠬᠦᠷᠦᠭᠡᠳ ᠪᠠᠶᠢᠷᠢᠯᠠᠴᠢᠬᠠᠯᠠ᠃ ᠭᠠᠴᠠᠭᠠᠨ ᠤ ᠨᠦᠬᠦᠴᠡᠯ ᠬᠡᠳᠦᠢ ᠰᠠᠶᠢᠵᠢᠷᠠᠯ᠎ᠠ ᠭᠡᠳ | ᠶᠠᠭᠠᠬᠢᠪᠠᠴᠤ ᠬᠤᠰᠢᠭᠤᠨ ᠲᠦᠪ ᠲᠡᠭᠡᠷ᠎ᠡ ᠬᠤᠨᠤᠵᠤ ᠬᠡᠪᠲᠡᠵᠤ ᠢᠲᠡᠵᠤ ᠤᠤᠭᠤᠬᠤ ᠶᠢ ᠬᠦᠷᠬᠦ ᠦᠭᠡᠢ᠃ ᠭᠡᠳᠡᠯ᠎ᠡ | ᠪᠦ᠊ ᠪᠠᠭᠰᠢ ᠮᠢᠨᠢ ᠄ ︽ ᠠᠢ᠂ ᠮᠠᠨ ᠤ ᠵᠤᠬᠢᠶᠠᠯᠴᠢ ᠬᠦᠮᠦᠨ ᠳᠤ ᠬᠠᠨᠠᠰᠠ ᠲᠡᠶᠢᠮᠤ ᠤᠯᠠᠨ ᠶᠠᠷᠰᠢᠭ ᠪᠠᠶᠢᠬᠤ ᠪᠤᠢ᠂ | ᠲᠤ᠋᠂ ᠨᠠᠰᠤᠨᠵᠢᠷᠭᠠᠯ ᠤᠨ ᠲᠤᠭᠤᠢ ᠶᠢᠨ ᠠᠷᠤ ᠳᠤ ᠰᠤᠨᠳᠠᠯᠠᠭᠠᠳ ᠭᠡᠷᠴᠢᠯᠠᠭᠤ ᠳᠤ ᠬᠦᠲᠡᠭᠡ ᠪᠠᠭᠤᠵᠤ ᠪᠠᠶᠢᠭᠰᠠᠨ ᠢ | ᠪᠤᠳᠤᠪᠠᠯ ᠡᠨᠡ ᠴᠢᠨᠢ ᠪᠤᠯᠬᠤ ᠯᠡ ᠨᠦᠭᠦᠴᠡᠯ ᠳ᠋ᠠ︾ ᠭᠡᠵᠤ ᠢᠨᠢᠶᠡᠪᠬᠢᠯᠡᠨ ᠶᠠᠷᠢᠨ᠎ᠠ᠃ ᠰᠤᠷᠪᠤᠯᠵᠢᠯᠠᠨ ᠪᠢᠴᠢᠬᠦ | ᠶᠠᠪᠤᠴᠠ ᠳᠤ ᠪᠠᠨ ᠡᠤ ᠶᠦᠨ ᠪᠦᠸᠧ ᠨᠦᠬᠦᠷ ᠭᠠᠴᠠᠭᠠᠨ ᠤ ᠲᠡᠦᠬᠡ ᠪᠠᠨ ᠪᠢᠴᠢᠬᠦ ᠰᠠᠨᠠᠭᠠᠲᠠᠢ ᠡᠨᠡ ᠡᠪᠤᠭᠡᠨ ᠠᠬ᠎ᠠ | ᠪᠠᠨ ᠭᠤᠶᠤᠬᠤ ᠳᠤ ᠲᠡᠷᠡ ᠮᠦᠨ ᠯᠡ ᠬᠦᠯᠢᠶᠡᠨ ᠠᠪᠤᠭᠠᠳ᠂ ᠬᠠᠩᠳᠠᠭᠤᠳ ᠤᠰᠤᠨᠪᠤᠳᠤᠭ ᠲᠠᠢ ᠬᠠᠮᠵᠢᠯᠴᠠᠨ | ᠲᠡᠷᠡ ᠡᠭᠦᠷᠭᠡ ᠶᠢ ᠨᠢ ᠬᠢᠯᠠᠯᠵᠠᠲᠠᠯᠠ ᠰᠠᠶᠢᠬᠠᠨ ᠪᠡᠶᠡᠯᠡᠭᠦᠯᠵᠤ ᠦᠭᠴᠠᠢ᠃ ᠲᠡᠷᠡ ᠬᠡᠵᠢᠶᠡᠳᠡ ᠬᠦᠮᠦᠨ ᠳᠤ | ᠶᠠᠷᠰᠢᠭ ᠲᠠᠷᠤᠭᠠᠰᠤ ᠨᠡᠮᠡᠶ᠎ᠡ ᠭᠡᠵᠤ ᠪᠤᠳᠤᠬᠤ ᠦᠭᠡᠢ᠂ ᠮᠠᠨᠤᠰ ᠲᠠᠢ ᠬᠠᠮᠳᠤ ᠬᠤᠭᠤᠯᠠ ᠢᠲᠡᠪᠡᠴᠤ ︽ᠲᠦᠭᠦᠮᠬᠡᠨ | ᠪᠤᠯ ᠪᠤᠯᠴᠢᠬᠠᠨ᠎ᠠ ᠰᠢᠦ᠂ ᠵᠤᠭᠤᠭᠳᠠᠵᠤ ᠰᠠᠭᠤᠬᠤ ᠨᠢ ᠴᠢᠬᠤᠯᠡ᠃ ᠨᠢᠭᠡ ᠬᠦᠮᠦᠨ ᠤ ᠨᠢᠭᠡ ᠠᠶᠠᠭ᠎ᠠ ᠴᠦᠷᠮ᠎ᠡ ︵ | ᠾᠧ ᠯᠧ ︶ ᠪᠠᠨ ᠢᠲᠡᠴᠢᠬᠡᠶᠡ ︾ ᠭᠡᠳ ᠬᠤᠷᠢᠭᠯᠠᠵᠤ ᠯᠡ ᠪᠠᠶᠢᠳᠠᠭ᠃ ᠨᠢᠭᠡ ᠬᠦᠮᠦᠨ ᠤ ᠡᠷᠬᠢᠮ ᠲᠡᠭᠡᠳᠦ ᠵᠠᠩ | ᠴᠢᠨᠠᠷ ᠶᠡᠷᠦ ᠨᠢ ᠲᠤᠭᠰᠢᠨ ᠰᠠᠯᠬᠢᠨ ᠰᠢᠷᠦᠬᠦᠨ ᠪᠤᠷᠤᠭᠠᠨ ᠤ ᠲᠤᠮᠳᠠ ᠢᠯᠡᠷᠡᠬᠦ ᠪᠢᠰᠢ᠂ ᠬᠠᠷᠢᠨ ᠵᠢᠵᠢᠭ ᠰᠠᠵᠢᠭ | ᠠᠷᠰᠠᠷ ᠤᠴᠢᠷ ᠢᠶᠠᠷ ᠲᠠᠮᠵᠢᠵᠤ ᠬᠦᠮᠦᠨ ᠮᠦᠰᠦ ᠶᠢᠨ ᠭᠡᠷᠡᠯ ᠭᠡᠭᠡ ᠨᠢ ᠰᠠᠴᠤᠷᠠᠨ ᠲᠤᠸᠠᠯᠠᠵᠤ ᠪᠠᠶᠢᠳᠠᠭ ᠡ᠃ | ᠲᠠᠪᠤ | | ᠲᠠᠪᠢᠨ ᠵᠢᠯ ᠤᠨ ᠤᠳᠬ᠎ᠠ ᠵᠤᠬᠢᠶᠠᠯ ᠤᠨ ᠠᠶᠠᠨ ᠳᠤ ᠪᠠᠨ ᠪᠦᠷᠢᠨᠪᠠᠶᠠᠷ ᠪᠠᠭᠰᠢ ᠶᠢᠨ ᠤᠯᠤᠭᠰᠠᠨ ᠱᠠᠩᠨᠠᠯ | ᠬᠦᠬᠢᠭᠦᠯᠦᠯ ᠢ ᠪᠢ ᠨᠢᠭᠡᠳ ᠨᠢᠭᠡ ᠪᠠᠷ ᠲᠤᠷᠠᠳᠬᠤ ᠦᠭᠡᠢ᠃ ᠵᠤᠬᠢᠶᠠᠯ ᠪᠦᠲᠦᠭᠡᠯ ᠨᠢ ᠤᠯᠤᠰ ᠤᠨ ᠲᠡᠰ ᠤᠨ ︽ | ᠠᠵᠢᠨᠠᠢ︾ ᠠᠴᠠ ᠤᠷᠤᠨ ᠤ ᠲᠡᠰ ᠤᠨ ︽ᠰᠤᠯᠤᠩᠭ᠎ᠠ︾ ᠬᠦᠷᠲᠡᠯ᠎ᠡ ᠬᠡᠳᠦ ᠤᠳᠠᠭ᠎ᠠ ᠬᠦᠬᠢᠭᠦᠯᠦᠭᠲᠡᠵᠤ᠂ ᠵᠠᠷᠢᠮ | ᠨᠤᠮ ᠨᠢ ᠪᠦᠬᠦ ᠤᠯᠤᠰ ᠤᠨ ︽ᠲᠠᠪᠤᠨ ᠨᠢᠭᠡ ᠶᠢᠨ ᠢᠨᠵᠧᠨᠢᠷᠢᠩ︾ ᠤᠨ ᠰᠢᠯᠢᠲᠡᠭ ᠨᠤᠮ ᠤᠨ ᠱᠠᠩᠨᠠᠯ ᠢ | ᠤᠯᠤᠭᠰᠠᠨ ᠪᠠᠶᠢᠨ᠎ᠠ᠃ ᠵᠤᠬᠢᠶᠠᠯ ᠪᠦᠳᠦᠭᠡᠯ ᠤᠳ ᠨᠢ ᠬᠢᠲᠠᠳ ᠬᠡᠯᠡᠨ ᠪᠤᠶᠤ ᠭᠠᠳᠠᠭᠠᠳᠤ ᠬᠡᠯᠡᠨ ᠳᠤ | ᠤᠷᠴᠢᠭᠤᠯᠤᠭᠳᠠᠵᠤ ᠶᠡᠭᠡ ᠰᠤᠷᠭᠠᠭᠤᠯᠢ ᠶᠢᠨ ᠬᠢᠴᠢᠶᠡᠯ ᠤᠨ ᠵᠢᠭᠠᠬᠤ ᠮᠠᠲ᠋ᠧᠷᠢᠶᠡᠯ ᠠᠴᠠ ᠲᠤᠮᠳᠠᠳᠤ ᠰᠤᠷᠭᠠᠭᠤᠯᠢ | ᠶᠢᠨ ᠬᠢᠴᠢᠶᠡᠯ ᠤᠨ ᠪᠢᠴᠢᠭ ᠲᠤ ᠬᠦᠷᠲᠡᠯ᠎ᠡ ᠰᠤᠩᠭᠤᠭᠳᠠᠵᠤ ᠪᠠᠶᠢᠨ᠎ᠠ᠃ ᠪᠦᠷᠢᠨᠪᠠᠶᠠᠷ ᠪᠠᠭᠰᠢ ᠶᠢᠨ ᠲᠠᠪᠢᠨ ᠵᠢᠯ | ᠤᠨ ᠲᠤᠷᠰᠢ ᠨᠠᠶᠢᠷᠠᠭᠤᠯᠵᠤ ᠬᠡᠪᠯᠡᠭᠦᠯᠦᠭᠰᠡᠨ ᠨᠤᠮ ᠤᠳ ᠭᠡᠪᠡᠯ ᠨᠡᠩ ᠤᠯᠠᠨ᠃ ︽ᠡᠷᠦᠬᠡ ᠰᠡᠭᠦᠭᠰᠡᠨ ᠬᠦᠮᠦᠰ︾ | ᠠᠴᠠ ︽ᠨᠤᠭᠤᠭᠠᠨ ᠪᠦᠷᠢᠳᠦ︾ ︽ᠬᠠᠪᠤᠷ ᠤᠨ ᠤᠶᠠᠩᠭ᠎ᠠ︾ ᠭᠡᠳ ᠭᠤᠴᠢᠭᠠᠳ ᠨᠤᠮ ᠪᠠᠶᠢᠨ᠎ᠠ᠃ ︽ᠵᠤᠬᠢᠶᠠᠯ | ᠪᠦᠳᠦᠭᠡᠯ ᠢᠨᠦ ᠡᠵᠡᠨ ᠯᠦᠭᠡ ᠪᠠᠨ ᠠᠳᠠᠯᠢ︾ ᠭᠡᠰᠡᠨ ᠦᠭᠡ ᠪᠠᠶᠢᠳᠠᠭ᠃ ᠪᠦᠷᠢᠨᠪᠠᠶᠠᠷ ᠪᠠᠭᠰᠢ ᠶᠢᠨ ᠵᠤᠬᠢᠶᠠᠯ | ᠪᠦᠳᠦᠭᠡᠯ ᠨᠢ ᠪᠤᠷᠤᠭᠵᠢᠭᠤᠨ ᠮᠦᠷᠲᠡᠭᠡᠨ ᠦᠨᠡᠨ ᠪᠠᠶᠢᠳᠠᠭ ᠢᠶᠠᠷ ᠦᠢ ᠲᠦᠮᠡᠨ ᠤᠩᠰᠢᠭᠴᠢ ᠶᠢᠨ ᠰᠡᠳᠬᠢᠯ ᠤᠨ | ᠬᠦᠪᠴᠢ ᠶᠢ ᠲᠤᠷᠭᠢᠭᠤᠯᠵᠤ ᠪᠤᠳᠤᠯ ᠤᠨ ᠶᠤᠩᠬᠤᠷ ᠢ ᠴᠢᠪᠬᠠᠲᠠᠵᠤ ᠴᠢᠲᠠᠳᠠᠭ᠃ ᠲᠡᠭᠦᠨ ᠤ ᠵᠤᠬᠢᠶᠠᠯ ᠪᠦᠳᠦᠭᠡᠯ ᠨᠢ | ᠴᠠᠭ ᠦᠶ᠎ᠡ ᠶᠢᠨ ᠭᠤᠤᠯ ᠬᠦᠭ ᠠᠶᠠᠰ ᠢ ᠡᠵᠡᠮᠳᠡᠨ᠂ ᠬᠦᠮᠦᠨ ᠤ ᠠᠮᠢᠳᠤᠷᠠᠯ ᠤᠨ ᠦᠨᠡᠨ ᠰᠠᠶᠢᠨ ᠰᠠᠶᠢᠬᠠᠨ ᠢ | ᠮᠠᠭᠲᠠᠨ ᠲᠠᠭᠤᠯᠠᠵᠤ᠂ ᠬᠦᠮᠦᠰ ᠲᠤ ᠭᠤᠸ᠎ᠠ ᠰᠠᠶᠢᠬᠠᠨ ᠤ ᠬᠦᠷᠲᠡᠭᠡᠮᠵᠢ ᠣᠯᠭᠤᠬᠤ ᠪᠠᠷ ᠪᠠᠷᠠᠬᠤ ᠦᠭᠡᠢ ᠪᠠᠰᠠ | ᠠᠮᠢᠳᠤᠷᠠᠯ ᠤᠨ ᠢᠲᠡᠭᠡᠯ ᠵᠤᠷᠢᠭ ᠢ ᠨᠢ ᠬᠦᠪᠴᠢᠯᠡᠳᠡᠭ᠃ 《 ᠠᠯᠲᠠᠨ ᠮᠦᠩᠭᠦᠨ ᠱᠠᠩᠨᠠᠯ ᠬᠦᠬᠢᠭᠦᠯᠦᠯ ᠠᠷᠠᠳ | ᠲᠦᠮᠡᠨ ᠤ ᠠᠮᠠᠨ ᠱᠠᠩᠨᠠᠯ ᠢ ᠬᠦᠷᠬᠦ ᠦᠭᠡᠢ》 ᠭᠡᠰᠡᠨ ᠦᠬᠡ ᠪᠠᠶᠢᠳᠠᠭ᠃ ᠪᠦᠷᠢᠨᠪᠠᠶᠠᠷ ᠪᠠᠭᠰᠢ ᠶᠢᠨ ᠮᠡᠳᠡᠭᠡᠯᠡᠯ | ᠤᠨ ᠤᠷᠠᠨ ᠵᠤᠬᠢᠶᠠᠯ ᠢ ᠤᠯᠤᠰ ᠤᠨ ᠲᠡᠰ ᠤᠨ ᠰᠤᠳᠤᠯᠤᠭᠴᠢ ᠠᠴᠠ ᠤᠷᠭ᠎ᠠ ᠲᠤᠬᠤᠶᠢᠯᠠᠭᠰᠠᠨ ᠮᠠᠯᠴᠢᠨ ᠬᠦᠷᠲᠡᠯ᠎ᠡ᠂ | ᠠᠯᠲᠠᠷ ᠶᠡᠬᠡᠲᠡᠢ ᠫᠷᠤᠹᠧᠰᠰᠤᠷ ᠠᠴᠠ ᠠᠭᠠᠷᠤᠤᠯ ᠲᠡᠯᠭᠡᠭᠰᠡᠨ ᠬᠦᠭᠰᠢᠨ ᠬᠦᠷᠲᠡᠯ᠎ᠡ ᠠᠮᠠ ᠠᠮᠠᠨ ᠳᠤ ᠪᠠᠨ | ᠱᠠᠭᠰᠢᠵᠤ ︽ ᠤᠤᠬᠠᠢ ᠭᠡᠳᠡᠯ᠎ᠡ ᠰᠠᠶᠢᠬᠠᠨ ᠪᠢᠴᠢᠯ᠎ᠡ︾ ᠭᠡᠳ ᠮᠠᠭᠳᠠᠵᠤ ᠪᠠᠶᠢᠳᠠᠭ ᠡ᠃ ᠠᠷᠠᠳ ᠲᠦᠮᠡᠨ ᠤ | ᠲᠤᠮᠳᠠ ᠭᠦᠨᠵᠡᠬᠡᠶᠢᠷᠡᠵᠤ ᠠᠷᠠᠳ ᠲᠦᠮᠡᠨ ᠢᠶᠠᠷ ᠦᠨᠳᠤᠰᠤ ᠪᠤᠯᠭᠠᠭᠰᠠᠨ ᠵᠤᠬᠢᠶᠠᠯᠴᠢ ᠰᠠᠶ᠋ᠢ ᠠᠷᠠᠳ ᠲᠦᠮᠡᠨ ᠤ ᠪᠠᠨ | ᠠᠮᠠᠨ ᠱᠠᠩᠨᠠᠯ ᠢ ᠤᠯᠬᠤ ᠬᠢᠷᠢ ᠬᠡᠮ ᠲᠠᠢ ᠶᠤᠮ ᠡ᠃ ᠠᠯᠪᠠᠨ ᠰᠢᠷᠡᠬᠡᠨ ᠤ ᠠᠷᠤ ᠳᠤ ᠮᠢᠲᠡᠶᠢᠵᠤ᠂ ᠠᠰᠢᠭ | ᠬᠠᠷᠠᠭᠰᠠᠨ ᠨᠢᠳᠤ ᠪᠠᠷ ᠵᠤᠬᠢᠶᠠᠯ ᠪᠢᠴᠢᠳᠡᠭ ᠬᠦᠮᠦᠰ ᠪᠦᠷᠢᠨᠪᠠᠶᠠᠷ ᠪᠠᠭᠰᠢ ᠶᠢᠨ ᠤᠯᠤᠭᠰᠠᠨ ᠠᠷᠠᠳ ᠲᠦᠮᠡᠨ ᠤ | ᠠᠮᠠᠨ ᠱᠠᠩᠨᠠᠯ ᠢ ᠬᠡᠵᠢᠶᠡᠲᠡ ᠤᠯᠬᠤ ᠬᠤᠪᠢ ᠦᠭᠡᠢ᠃ | ᠮᠢᠨᠤ ᠴᠡᠭᠡᠵᠢᠯᠡᠵᠤ ᠪᠠᠶᠢᠬᠤ ᠪᠠᠷ ᠪᠦᠷᠢᠨᠪᠠᠶᠠᠷ ᠪᠠᠭᠰᠢ ᠰᠢᠷᠠᠭᠴᠢᠨ ᠮᠤᠭᠠᠢ ᠵᠢᠯ ᠲᠠᠢ ᠬᠦᠮᠦᠨ᠂ ᠬᠠᠭᠤᠴᠢᠨ | ᠨᠠᠰᠤ ᠪᠠᠷ ᠢᠶᠠᠨ ᠲᠠᠯᠠᠨ ᠨᠠᠰᠤ ᠶᠢ ᠤᠭᠳᠤᠴᠢᠬᠠᠯᠠ᠃ ︽ᠵᠢᠷᠢᠮ ᠤᠨ ᠤᠷᠠᠨ ᠵᠤᠬᠢᠶᠠᠯ︾ ᠰᠡᠳᠬᠦᠯ ᠤᠨ ᠡᠭᠦᠰᠬᠡᠨ | ᠪᠠᠶᠢᠭᠤᠯᠤᠭᠴᠢ ᠶᠢᠨ ᠨᠢᠭᠡ ᠨᠢ᠂ ᠬᠤᠷᠴᠢᠨ ᠤ ᠤᠷᠠᠨ ᠵᠤᠬᠢᠶᠠᠯ ᠵᠢᠴᠢ ᠪᠦᠬᠦᠢ ᠯᠨ ᠮᠤᠩᠭᠤᠯ ᠤᠷᠠᠨ ᠵᠤᠬᠢᠶᠠᠯ ᠤᠨ | ᠦᠢᠯᠡᠰ ᠲᠤ ᠦᠯᠡᠮᠵᠢ ᠶᠡᠭᠡ ᠬᠦᠴᠦᠨ ᠵᠢᠳᠬᠦᠯ ᠲᠠᠢ ᠬᠦᠮᠦᠨ᠂ ᠤᠷᠠᠨ ᠵᠤᠬᠢᠶᠠᠯ ᠤᠨ ᠡᠨᠡ ᠬᠦ ︽ᠡᠪᠦᠬᠡᠨ | ᠰᠢᠪᠠᠭᠤ︾᠂ ᠡᠪᠦᠭᠡᠷᠡᠨᠡ ᠴᠦ ᠬᠡᠮᠡᠨ ᠡᠪᠦᠭᠡᠷᠡᠭᠰᠡᠨ ᠦᠭᠡᠢ ᠦᠩᠭᠡ ᠶᠢᠷᠲᠢᠨᠴᠤ ᠶᠢᠨ ᠵᠠᠩ ᠵᠢᠷᠦᠮ ᠢᠶᠠᠷ ᠡᠪᠤᠭᠡᠷᠡᠯᠡ | ᠤᠤ ᠳ᠋ᠠ ᠭᠡᠳᠡᠭ ᠢᠶᠠᠷ ᠵᠠᠵᠢᠨ ᠦᠰᠦᠨ ᠳᠤ ᠨᠢ ᠬᠢᠷᠠᠭᠤ ᠤᠨᠠᠵᠤ ᠵᠠᠬ᠎ᠠ ᠶᠢᠨ ᠠᠷᠠᠭ᠎ᠠ ᠨᠢ ᠬᠦᠲᠡᠯᠵᠤ ᠡᠬᠢᠯᠡᠵᠠᠢ᠃ | ᠭᠡᠪᠡᠴᠤ ᠪᠠᠭᠰᠢ ᠶᠢᠨ ᠮᠢᠨᠢ ᠪᠡᠶ᠎ᠡ ᠴᠤᠭᠴᠠᠰ ᠬᠠᠷᠢᠨ ᠯᠠᠭᠱᠠᠨ ᠲᠤᠩᠭᠠᠯᠠᠭ᠂ ᠴᠡᠭᠡᠵᠢ ᠲᠠᠷᠢᠬᠢ ᠨᠢ ᠪᠠᠰᠨ ᠴᠦ | ᠰᠡᠷᠭᠦᠯᠡᠩ᠂ ᠴᠤᠭ ᠰᠦᠯᠲᠡ ᠨᠢ ᠬᠠᠷᠠᠬᠠᠨ ᠪᠠᠳᠠᠷᠠᠩᠭᠤᠢ ᠠᠭᠰᠠᠭᠠᠷ᠃ ᠦᠪᠦᠷ ᠮᠤᠩᠭᠤᠯ ᠤᠨ ᠡᠯ᠎ᠡ ᠠᠶᠢᠮᠠᠭ | ᠬᠤᠲᠠ ᠭᠡᠰᠡᠨ ᠦᠭᠡᠢ᠂ ᠨᠡᠶᠢᠰᠯᠠᠯ ᠪᠡᠭᠡᠵᠢᠩ ᠭᠡᠰᠡᠨ ᠦᠭᠡᠢ ᠤᠷᠠᠨ ᠵᠤᠬᠢᠶᠠᠯ ᠤᠨ ᠲᠤᠮᠤ ᠬᠦᠲᠡᠯᠭᠡᠭᠡᠨ ᠪᠠᠶᠢᠭᠰᠠᠭᠠᠷ | ᠪᠦᠷᠢᠨᠪᠠᠶᠠᠷ ᠪᠠᠭᠰᠢ ᠮᠢᠨᠢ ᠵᠠᠯᠠᠭᠲᠠᠵᠤ ᠬᠦᠷᠦᠬᠡᠳ ᠵᠤᠬᠢᠶᠠᠯ ᠪᠦᠲᠦᠭᠡᠯ ᠵᠠᠰᠠᠨ᠎ᠠ᠂ ᠬᠢᠴᠢᠶᠡᠯ ᠲᠠᠶᠢᠯᠦᠮᠵᠢ ᠬᠢᠨ᠎ᠠ᠃ | ᠬᠠᠶᠠ ᠵᠠᠷᠢᠮ ᠳᠤ ᠪᠠᠨ ᠪᠢ ︽ ᠪᠦ᠊ ᠪᠠᠭᠰᠢ ᠤᠳᠤ ᠵᠢᠭᠠᠬᠠᠨ ᠠᠮᠠᠷᠠᠵᠤ ᠪᠤᠯᠤᠨ᠎ᠠ ᠰᠢᠦ᠂ ᠠᠵᠢᠯ ᠠᠴᠠ ᠪᠠᠨ | ᠲᠠᠷᠬᠠᠯᠠᠭᠳᠠᠴᠢᠬᠠᠭᠠᠳ ᠪᠠᠰᠠ ᠠᠵᠢᠯ ᠳᠤ ᠪᠠᠶᠢᠬᠤ ᠰᠢᠭ᠋ ᠲᠡᠭᠡᠵᠤ ᠶᠠᠭᠠᠷᠠᠭᠠᠳ ᠶᠠᠭᠠᠬᠢᠬᠤ ᠭᠡᠰᠡᠨ ᠪᠤᠢ︾ ᠭᠡᠵᠤ | ᠪᠠᠭᠰᠢ ᠶᠢᠨ ᠪᠡᠶ᠎ᠡ ᠶᠢ ᠬᠠᠯᠠᠮᠵᠢᠯᠠᠵᠤ ᠶᠠᠷᠢᠬᠤ ᠳᠤ ︽ᠠᠢ᠂ ᠮᠠᠨ ᠤ ᠡᠨᠡ ᠶᠠᠭᠠᠷᠠᠦ ᠤᠳᠤᠨ ᠳᠤ ᠲᠦᠷᠦᠴᠢᠭᠡᠭᠰᠡᠨ | ᠬᠦᠮᠦᠨ ᠶᠠᠭᠠᠷᠠᠬᠤ ᠦᠭᠡᠢ ᠪᠠᠷ ᠶᠠᠭᠠᠬᠢᠵᠤ ᠪᠤᠯᠤᠨ᠎ᠠ ᠳ᠋ᠠ︾ ᠭᠡᠵᠤ ᠤᠴᠢᠷᠲᠠᠶᠢᠬᠠᠨ ᠬᠠᠷᠢᠭᠤᠯᠤᠨ᠎ᠠ᠃ | ᠨᠢᠭᠡᠨ ᠵᠤᠬᠢᠶᠠᠯᠴᠢ ᠶᠢᠨ ᠬᠠᠭᠠᠰ ᠵᠠᠭᠤᠨ ᠤ ᠨᠢᠩᠵᠢᠨ ᠰᠡᠳᠬᠢᠯ ᠤᠨ ᠲᠡᠮᠡᠦᠯᠦᠯ ᠭᠡᠭᠴᠢ ᠡᠶᠢᠮᠤᠷᠬᠦᠤ ᠡᠭᠡᠯ | ᠪᠤᠷᠤᠭᠵᠢᠭᠤᠨ ᠮᠦᠷᠲᠡᠭᠡᠨ ᠲᠡᠶᠢᠮᠤᠷᠬᠦᠤ ᠠᠷᠢᠭᠤᠨ ᠲᠠᠷᠬᠠᠨ ᠪᠠᠶᠢᠳᠠᠭ ᠠᠵᠢ ᠁ | ︽ᠶᠠᠭᠷᠠᠢ ᠬᠤᠳᠤᠭᠤᠷ︾ ᠬᠡᠮᠡᠬᠦ ᠢᠷᠠᠭᠤ ᠨᠠᠶᠢᠷᠠᠭ ᠤᠨ ᠦᠷᠦᠭᠡᠨᠡ | ᠵᠤᠬᠢᠶᠠᠬᠴᠢ ᠶᠢᠨ ᠬᠠᠶ᠋ᠢᠭ᠄ ᠲᠦᠩᠯᠢᠶᠤᠤ ᠬᠤᠳᠠ ᠶᠢᠨ ᠵᠠᠷᠤᠳ ᠬᠤᠰᠢᠭᠤᠨ ᠤ ᠤᠯᠤᠰ ᠲᠦᠷᠦ ᠶᠢᠨ | ᠵᠦᠪᠯᠡᠯᠭᠡᠨ | |