ᠯᠤᠤ ᠱᠧ ᠵᠤᠬᠢᠶᠠᠪᠠ | ᠪᠣᠯᠣᠷᠮ᠎ᠠ ᠣᠷᠴᠢᠭᠤᠯᠪᠠ | ᠬᠠᠮᠤᠭ ᠠᠴᠠ ᠳᠤᠷᠠᠰᠤᠭᠳᠠᠳᠠᠭ ᠨᠢ ᠬᠠᠰᠢ ᠯᠡ ᠪᠠᠭ᠎ᠠ ᠶᠢᠨ ᠦᠶ᠎ᠡ ᠶᠢᠨ ᠴᠠᠭᠠᠨ ᠰᠠᠷ᠎ᠠ ᠪᠢᠯᠡ᠃ | ᠥᠷᠯᠥᠭᠡ ᠪᠣᠰᠤᠭᠠᠳ ᠴᠣᠩᠬᠤᠨ ᠬᠥᠰᠢᠭᠡ ᠪᠠᠨ ᠲᠠᠲᠠᠬᠤ ᠳᠤ᠂ ᠨᠢᠭᠡ ᠯᠡ ᠰᠥᠨᠢ ᠶᠢᠨ ᠬᠤᠭᠤᠷᠣᠨᠳᠣ ᠭᠠᠳᠠᠨ᠎ᠠ | ᠨᠢᠭᠡᠨᠲᠡ ᠮᠥᠩᠭᠦᠨ ᠬᠤᠶᠠᠭ ᠬᠡᠳᠠᠷᠦᠭᠰᠡᠨ ᠶᠢᠷᠲᠢᠨᠴᠦ ᠪᠣᠯᠵᠠᠢ᠃ ᠦᠨᠦ ᠡᠪᠦᠯ ᠴᠠᠰᠤ ᠪᠠᠭ᠎ᠠ ᠲᠤᠯᠠ ᠶᠠᠭ ᠯᠡ | ᠵᠢᠭᠠᠬᠠᠨ ᠬᠡᠮᠨᠡᠯ ᠳᠤᠲᠠᠭᠤᠳᠠᠭᠰᠠᠨ ᠬᠡᠮᠡᠷ᠃ ᠡᠨᠡ ᠬᠦ ᠴᠠᠰᠤ ᠨᠢ ᠬᠥᠮᠦᠰ ᠲᠤ ᠰᠢᠨᠡᠯᠡᠬᠦ ᠤᠢᠢᠷᠠᠳᠤᠯ᠎ᠠ ᠭᠡᠳᠡᠭ ᠢ | ᠰᠠᠨᠠᠭᠤᠯᠤᠯ᠎ᠠ᠃ ᠲᠡᠶᠢᠮᠦ ᠠ᠋᠂ ᠪᠠᠰᠠ ᠴᠤ ᠰᠢᠨᠡᠯᠡᠬᠦ ᠤᠢᠢᠷᠠᠳᠤᠯ᠎ᠠ᠂ ᠴᠠᠰᠤᠨᠳᠤ ᠳᠠᠷᠤᠭᠳᠠᠨ ᠮᠡᠬᠦᠶᠢᠭᠰᠡᠨ ᠮᠣᠳᠣᠨ | ᠮᠦᠴᠢᠷ ᠤᠳ ᠴᠤ ᠬᠠᠪᠤᠷ ᠤᠨ ᠪᠠᠶᠠᠰᠤᠯ ᠢᠶᠠᠷ ᠰᠠᠨᠵᠢᠬᠢᠨᠠᠵᠤ ᠪᠠᠶᠢᠭ᠎ᠠ ᠬᠡᠮᠡᠷ᠃ | ᠰᠢᠨᠡᠯᠡᠬᠦ ᠭᠡᠭᠴᠢ ᠨᠢ ᠤᠢ ᠲᠦᠢᠨ ᠠᠴᠠ ᠮᠢᠨᠢ ᠶᠡᠬᠡᠬᠡᠨ ᠬᠤᠯᠠᠳᠠᠵᠤ᠂ ᠳᠡᠮᠡᠢ ᠤᠯᠠᠨ ᠬᠦᠰᠡᠯ | ᠮᠦᠷᠦᠭᠡᠳᠦᠯ ᠠᠯᠠᠭ᠎ᠠ ᠪᠤᠯᠤᠭᠰᠠᠨ᠃ ᠬᠦᠭᠵᠢᠶᠡᠨᠲᠦ ᠬᠤᠲᠠ ᠳᠤ᠂ ᠶᠠᠭᠠᠷᠠᠯᠲᠠᠢ ᠳᠠᠪᠬᠢᠭ᠎ᠠ ᠬᠥᠮᠥᠰ ᠤᠨ ᠳᠤᠮᠳᠠ᠂ | ᠴᠠᠭᠠᠨ ᠰᠠᠷ᠎ᠠ ᠶᠢᠨ ᠦᠨᠦᠷ ᠠᠮᠳᠠ ᠤᠯᠠᠮ ᠢᠶᠠᠷ ᠳᠤᠲᠠᠭᠤᠳᠠᠵᠤ᠂ ᠵᠠᠷᠢᠮ ᠳᠤ ᠪᠠᠨ ᠪᠢᠳᠡᠭᠦᠯᠡᠬᠦ ᠤᠢᠢᠷᠠᠳᠬᠤ ᠪᠠᠷ | ᠰᠠᠶ᠋ᠢ ᠪᠤᠳᠤᠵᠤ ᠤᠯᠳᠠᠭ ᠴᠤ ᠪᠤᠢ᠃ ᠦᠪᠡᠷ ᠲᠤ ᠮᠢᠨᠢ ᠬᠠᠮᠤᠭ ᠠᠴᠠ ᠲᠤᠷᠠᠰᠤᠭᠳᠠᠳᠠᠭ ᠨᠢ ᠬᠠᠰᠢ ᠯᠡ | ᠪᠠᠭ᠎ᠠ ᠶᠢᠨ ᠦᠶ᠎ᠡ ᠳᠤ ᠦᠩᠭᠡᠷᠡᠭᠦᠯᠦᠭᠰᠡᠨ ᠴᠠᠭᠠᠨ ᠰᠠᠷ᠎ᠠ ᠪᠢᠯᠡ᠂ ᠬᠡᠳᠦ᠋ᠢᠪᠡᠷ ᠦᠨᠢ ᠡᠷᠲᠡ ᠶᠢᠨ ᠲᠤᠷᠠᠰᠤᠮᠵᠢ | ᠪᠤᠯᠪᠠᠴᠤ ᠪᠦᠷ ᠴᠤ ᠲᠡᠶᠢᠮᠦ ᠲᠤᠳᠤᠬᠠᠨ ᠰᠠᠨ᠃ | ᠮᠢᠨᠦ ᠨᠤᠳᠤᠭ ᠬᠦᠳᠡᠭᠡ ᠳᠤ ᠪᠠᠶᠢᠳᠠᠭ᠂ ᠯᠠ ᠰᠠᠷ᠎ᠠ ᠪᠤᠯᠤᠭᠰᠠᠭᠠᠷ ᠰᠢᠨᠡᠯᠡᠬᠦ ᠬᠡᠮᠡᠨ ᠲᠡᠪᠵᠢᠶᠡᠷᠡᠵᠦ ᠡᠬᠢᠯᠡᠳᠡᠭ᠂ | ᠲᠤᠰᠬᠤᠨ ᠤ ᠬᠤᠷᠰᠢᠶ᠎ᠠ ᠳᠤ ᠰᠢᠨ᠎ᠡ ᠶᠢᠨ ᠪᠠᠷᠠᠭ᠎ᠠ ᠬᠤᠳᠠᠯᠳᠤᠨ ᠠᠪᠤᠭᠴᠢᠳ ᠬᠤᠶᠢᠨ᠎ᠠ ᠬᠤᠶᠢᠨ᠎ᠠ ᠪᠠᠨ | ᠴᠤᠪᠤᠷᠠᠯᠳᠤᠳᠠᠭ᠃ ᠲᠡᠳᠡᠭᠡᠷ ᠤᠯᠠᠮᠵᠢᠯᠠᠯᠳᠤ ᠰᠢᠨ᠎ᠡ ᠵᠢᠯ ᠤᠨ ᠵᠢᠷᠤᠭ ᠤᠳ ᠨᠠᠳᠠ ᠳᠤ ᠬᠦᠨ ᠰᠠᠭᠤᠭᠳᠠᠯ | ᠦᠯᠡᠳᠡᠭᠡᠵᠤ᠂ ᠤᠳᠤ ᠴᠤ ᠭᠡᠰᠡᠨ ᠡᠷᠭᠢᠴᠡᠭᠦᠯᠦᠨ ᠪᠤᠳᠤᠬᠤᠯᠠᠷ ᠮᠦᠨ ᠭᠤᠶᠤᠬᠠᠨ ᠰᠠᠨᠠᠭᠳᠠᠳᠠᠭ᠂ ᠵᠤᠪ ᠵᠤᠵᠠᠭᠠᠨ | ᠴᠠᠭᠠᠰᠤᠨ ᠠᠴᠠ ᠲᠤᠰᠤᠨ ᠪᠤᠳᠤᠭ ᠤᠨ ᠦᠨᠦᠷ ᠰᠡᠩᠬᠢᠨᠡᠨ᠂ ᠤᠨᠠᠭᠠᠨ ᠪᠠᠭ᠎ᠠ ᠶᠢᠨ ᠤᠢ ᠲᠦᠢᠨ ᠳᠤ ᠮᠢᠨᠢ ᠲᠡᠷᠡ | ᠨᠢ ᠳᠠᠷᠤᠢ ᠰᠢᠨ᠎ᠡ ᠵᠢᠯ ᠤᠨ ᠪᠡᠯᠭᠡ ᠲᠡᠮᠳᠡᠭ ᠪᠠᠶᠢᠭᠰᠠᠨ᠃ | ᠤᠮᠠᠷᠠᠳᠤ ᠤᠷᠤᠨ ᠤ ᠯᠠ ᠰᠠᠷ᠎ᠠ ᠶᠢᠨ ᠨᠠᠢᠮᠠᠨ ᠪᠤᠯ ᠨᠢᠭᠡ ᠵᠢᠯ ᠤᠨ ᠬᠠᠮᠤᠭ ᠤᠨ ᠬᠦᠢᠳᠡᠨ ᠦᠶ᠎ᠡ᠂ ᠲᠡᠷᠡ ᠨᠢ | ᠰᠢᠨᠡᠯᠡᠬᠦ ᠤᠢᠢᠷᠠᠳᠤᠭᠰᠡᠨ ᠤ ᠲᠤᠬᠢᠶ᠎ᠠ ᠪᠤᠯᠬᠤᠢᠢᠴᠠ ᠤᠨᠴᠠᠭᠠᠢ ᠤᠳᠬ᠎ᠠ ᠠᠭᠤᠯᠭ᠎ᠠ ᠲᠠᠢ ᠡᠳᠦᠷ ᠰᠠᠨ᠃ | ᠥᠷᠯᠦᠭᠡ ᠪᠤᠯᠭᠠᠨ ᠨᠠᠷᠠᠨ ᠠᠴᠠ ᠡᠷᠳᠡᠯᠡᠨ ᠪᠤᠰᠴᠤ᠂ ᠰᠢᠨ᠎ᠡ ᠵᠢᠯ ᠪᠤᠯᠤᠯ᠎ᠡ ᠬᠡᠮᠡᠨ ᠪᠤᠳᠤᠬᠤᠯᠠᠷ᠂ ᠬᠦᠭᠰᠡᠨ | ᠪᠠᠶᠠᠷᠯᠠᠭᠠᠳ ᠤᠨᠳᠠᠵᠤ ᠤᠷᠤᠬᠤ ᠪᠠᠨ ᠪᠤᠯᠢᠳᠠᠭ᠃ | ᠨᠤᠳᠤᠭ ᠤᠨ ᠪᠤᠭᠤᠷᠤᠯᠴᠤᠳ ᠬᠡᠦᠬᠡᠳ ᠤᠳ ᠲᠤ᠄ ︽ᠬᠡᠦᠬᠡᠳ ᠡ᠂ ᠬᠡᠦᠬᠡᠳ ᠡ᠂ ᠪᠢᠳᠡᠭᠡᠢ ᠬᠤᠪᠳᠤᠭᠯᠠ᠂ | ᠯᠠ ᠰᠠᠷ᠎ᠠ ᠶᠢᠨ ᠨᠠᠢᠮᠠᠨ ᠦᠩᠭᠡᠷᠡᠭᠰᠡᠭᠡᠷ ᠰᠢᠨ᠎ᠡ ᠵᠢᠯ ᠰᠢᠦ᠃ ᠬᠡᠦᠬᠡᠳ ᠡ᠂ ᠬᠡᠦᠬᠡᠳ ᠡ ᠂ ᠪᠢᠳᠡᠭᠡᠢ ᠤᠬᠢᠯᠠ᠂ | ᠯᠠ ᠰᠠᠷ᠎ᠠ ᠶᠢᠨ ᠨᠠᠢᠮᠠᠨ ᠦᠩᠭᠡᠷᠡᠭᠰᠡᠭᠡᠷ ᠭᠠᠭ᠋ᠠᠢ ᠪᠠᠨ ᠠᠯᠠᠶ᠎ᠠ︾ ᠬᠡᠮᠡᠨ ᠶᠠᠷᠢᠳᠠᠭ᠃ ᠲᠡᠭᠡᠬᠦ ᠳᠤ ᠬᠡᠦᠬᠡᠳ ᠤᠳ | ᠬᠦᠭᠡᠷᠦᠯᠳᠦᠨ ᠪᠠᠶᠠᠰᠤᠭᠰᠠᠭᠠᠷ ᠬᠦᠶᠦᠨ ᠣᠳᠳᠠᠭ᠃ ᠲᠡᠷᠡ ᠦᠶ᠎ᠡ ᠳᠤ ᠠᠶᠢᠯ ᠪᠤᠯᠭᠠᠨ ᠰᠢᠨ᠎ᠡ ᠶᠢᠨ ᠭᠠᠭ᠋ᠠᠢ | ᠭᠠᠷᠭᠠᠵᠤ ᠳᠡᠶᠢᠯᠳᠡᠭ ᠪᠢᠰᠢ᠂ ᠭᠠᠭ᠋ᠠᠢ ᠭᠠᠷᠭᠠᠭᠰᠠᠨ ᠠᠶᠢᠯ ᠰᠢᠷᠡᠭᠡ ᠵᠠᠰᠠᠵᠤ᠂ ᠠᠶᠢᠯ ᠠᠶᠢᠮᠠᠭ ᠰᠠᠳᠤᠨ | ᠲᠦᠷᠦᠯ ᠢᠶᠠᠨ ᠵᠤᠴᠢᠯᠠᠳᠠᠭ᠃ ᠪᠢᠳᠡ ᠰᠢᠭ ᠬᠡᠦᠬᠡᠳ ᠮᠢᠬ᠎ᠠ ᠬᠡᠳᠦᠢ ᠢᠳᠡᠬᠦ ᠪᠤᠢ᠂ ᠦᠢᠮᠡᠭᠡᠨ ᠳᠡᠪᠵᠢᠶᠡᠨ ᠳᠤ ᠨᠢ | ᠲᠤᠷᠠᠯᠠᠵᠤ᠂ ᠭᠠᠳᠠᠨ᠎ᠠ ᠲᠤᠳᠤᠨ᠎ᠠ ᠬᠦᠶᠦᠯᠳᠦᠨ ᠲᠤᠭᠯᠠᠵᠠᠭᠠᠳᠠᠭ᠃ | ᠲᠡᠳᠡᠭᠡᠷ ᠤᠨ ᠵᠢᠯ ᠤᠳ ᠬᠤᠭᠤᠯᠠ ᠵᠠᠭᠤᠰᠢ ᠠᠨᠠᠶᠢᠬᠠᠨ᠂ ᠶᠡᠷᠦ ᠳᠤ ᠪᠠᠨ ᠰᠢᠰᠢ ᠶᠢᠨ ᠪᠤᠤᠪᠤ᠂ ᠨᠠᠷᠢᠮᠤ | ᠪᠤᠳᠠᠭ᠎ᠠ ᠪᠠᠷ ᠭᠤᠤᠯᠳᠠᠵᠤ᠂ ᠴᠠᠭᠠᠨ ᠭᠤᠯᠢᠷ ᠢ ᠴᠤ ᠣᠯᠵᠣ ᠢᠳᠡᠳᠡᠭ ᠦᠬᠡᠢ᠃ ᠲᠡᠶᠢᠮᠦ ᠠᠴᠠ ᠰᠢᠨᠡᠯᠡᠬᠦ ᠨᠢ | ᠬᠡᠦᠬᠡᠳ ᠪᠢᠳᠡ ᠨᠠᠷ ᠲᠤ ᠠᠪᠴᠤ ᠬᠡᠯᠡᠪᠡᠯ ᠬᠤᠪᠳᠤᠭ ᠢᠶᠠᠨ ᠲᠠᠶᠢᠯᠬᠤ ᠰᠠᠶᠢᠬᠠᠨ ᠴᠠᠭ ᠪᠢᠯᠡ᠃ ᠪᠢᠲᠡᠭᠦᠨ ᠠᠴᠠ | ᠡᠮᠦᠨ᠎ᠡ ᠬᠡᠳᠦᠨ ᠡᠳᠦᠷ᠂ ᠡᠵᠢ ᠡᠬᠢᠯᠡᠨ ᠴᠠᠭᠠᠨ ᠰᠠᠷ᠎ᠠ ᠶᠢᠨ ᠨᠠᠩᠭᠢ ᠪᠤᠤᠪᠤ᠂ ᠮᠠᠨᠳᠠᠤ ᠵᠢᠩᠨᠡᠭᠡᠳ ᠶᠠᠭᠠᠷᠠᠵᠤ᠂ | ᠪᠢᠳᠡᠭᠦᠨ ᠤ ᠲᠦᠷᠦᠭᠦᠦ ᠡᠳᠦᠷ ᠰᠠᠶ᠋ᠢ ᠳᠤᠮᠤ ᠲᠤᠭᠤᠭᠠᠨ ᠳᠤ ᠪᠠᠨ ᠮᠢᠬ᠎ᠠ ᠴᠢᠨᠠᠳᠠᠭ᠃ ᠮᠢᠨᠦ ᠵᠤᠤᠬᠠᠨ ᠤ | ᠬᠠᠵᠠᠭᠤ ᠳᠤ ᠲᠤᠭᠤᠭ᠎ᠠ ᠲᠠᠢ ᠮᠢᠬᠠᠨ ᠤ ᠰᠠᠶᠢᠬᠠᠨ ᠦᠨᠦᠷ ᠲᠤ ᠰᠢᠯᠦᠰᠦ ᠭᠤᠭᠤᠵᠢᠭᠤᠯᠤᠨ ᠵᠤᠭᠰᠤᠬᠤ ᠶᠢ | ᠬᠠᠷᠠᠭᠠᠳ ᠡᠵᠢ ᠲᠤᠭᠤᠭᠠᠨ ᠪᠦᠷᠬᠦᠭᠡᠰᠦ ᠪᠠᠨ ᠡᠷᠭᠦᠨ ᠰᠠᠪᠬ᠎ᠠ ᠪᠠᠷ ᠨᠢᠭᠡᠨ ᠬᠡᠰᠡᠭ ᠮᠢᠬ᠎ᠠ ᠴᠢᠴᠢᠵᠦ ᠠᠪᠤᠨ | ᠠᠶᠠᠭᠠᠨ ᠳᠤ ᠬᠢᠵᠤ ᠦᠭᠭᠦ ᠳᠤ᠂ ᠠᠮᠠ ᠪᠠᠨ ᠬᠠᠯᠠᠭᠠᠬᠤ ᠠᠴᠠ ᠴᠤ ᠡᠮᠢᠶᠡᠯ ᠦᠭᠡᠢ ᠰᠢᠭᠤᠳ ᠡᠮᠬᠦᠳᠡᠭ᠃ | ᠪᠢ ᠬᠦᠯᠳᠡᠭᠦᠦ ᠠᠯᠢᠮ᠎ᠠ ᠢᠳᠡᠬᠦ ᠲᠤᠷᠠᠲᠠᠢ᠂ ᠬᠦᠯᠳᠡᠬᠦᠦ ᠠᠯᠢᠮ᠎ᠠ ᠶᠢ ᠬᠠᠵᠠᠬᠤ ᠳᠤ ︽ᠱᠠᠷ ᠱᠠᠷ︾ ᠭᠡᠬᠦ | ᠳᠠᠭᠤᠨ ᠬᠢᠭᠡᠳ ᠴᠠᠭᠠᠨ ᠠᠯᠢᠮᠠᠨ ᠤ ᠢᠰᠭᠦᠯᠡᠩ ᠰᠢᠬᠢᠷᠯᠢᠭ ᠠᠮᠳᠠ ᠨᠢ ᠨᠠᠳᠠ ᠳᠤ ᠶᠡᠬᠡᠳᠡ ᠲᠠᠭᠠᠰᠢᠶᠠᠭᠳᠠᠳᠠᠭ᠃ | ᠶᠡᠷᠢᠶᠠᠨ ᠦᠭᠡᠢ ᠰᠢᠨᠡᠯᠡᠬᠦ ᠦᠶ᠎ᠡ ᠳᠤ ᠯᠡ ᠰᠠᠶ᠋ᠢ ᠠᠯᠢᠮ᠎ᠠ ᠬᠤᠳᠠᠯᠳᠤᠨ ᠠᠪᠴᠤ ᠦᠭᠳᠡᠭ ᠪᠠᠶᠢᠭᠰᠠᠨ᠃ | ᠨᠢᠭᠡᠨ ᠵᠢᠭᠠᠬᠠᠨ ᠶᠠᠪᠤᠳᠠᠯ ᠨᠠᠳᠠ ᠳᠤ ᠮᠠᠷᠲᠠᠭᠳᠠᠰᠢ ᠦᠭᠡᠢ ᠭᠦᠨ ᠰᠠᠭᠤᠭᠳᠠᠯ ᠲᠠᠢ ᠪᠢᠯᠡ᠄ ᠲᠡᠷᠡ ᠤᠳᠠᠭ᠎ᠠ | ᠡᠵᠢ ᠬᠦᠯᠳᠡᠭᠦᠦ ᠠᠯᠢᠮ᠎ᠠ ᠬᠤᠳᠠᠯᠳᠤᠨ ᠠᠪᠤᠭᠠᠳ ᠠᠷᠰᠠᠷ ᠶᠠᠭᠤᠮ᠎ᠠ ᠪᠠᠨ ᠬᠤᠷᠢᠶᠠᠳᠠᠭ ᠵᠢᠵᠢᠭ ᠬᠦᠮᠦᠷᠭᠡ ᠳᠤ ᠪᠠᠨ | ᠬᠢᠪᠡ᠂ ᠲᠡᠭᠦᠨ ᠢ ᠬᠠᠷᠠᠭᠠᠳ ᠪᠢ ᠡᠵᠢ ᠪᠠᠨ ᠮᠠᠨᠠᠵᠤ᠂ ᠡᠵᠢ ᠭᠡᠷ ᠲᠤ ᠤᠷᠤᠬᠤᠯᠠᠷ ᠱᠠᠯᠠᠪᠬᠠᠨ ᠬᠦᠮᠦᠷᠭᠡ ᠳᠤ | ᠤᠷᠤᠵᠤ ᠡᠭᠦᠳᠡ ᠶᠢ ᠨᠢ ᠬᠠᠭᠠᠨ ᠠᠯᠢᠮ᠎ᠠ ᠶᠢ ᠠᠪᠤᠭᠠᠳ ᠭᠡᠮᠡᠯᠢᠪᠡ ᠃ ᠤᠳᠠᠯ ᠦᠭᠡᠢ ᠡᠵᠢ ᠬᠦᠮᠦᠷᠭᠡ ᠠᠴᠠ | ᠶᠠᠭᠤᠮ᠎ᠠ ᠠᠪᠬᠤ ᠪᠠᠷ ᠤᠷᠤᠵᠤ ᠢᠷᠡᠭᠡᠳ ᠨᠠᠮ᠎ᠠ ᠶᠢ ᠤᠯᠵᠤ ᠬᠠᠷᠠᠯ᠎ᠠ᠂ ᠪᠢ ᠵᠢᠭᠠᠬᠠᠨ ᠡᠪ ᠦᠭᠡᠶᠢᠷᠡᠭᠦ ᠳᠤ ᠡᠵᠢ | ᠬᠠᠷᠢᠨ ᠢᠨᠢᠶᠡᠭᠡᠳ ᠮᠢᠨᠦ ᠲᠤᠯᠤᠭᠠᠢ ᠶᠢ ᠢᠯᠢᠭᠡᠳ ᠶᠠᠭᠤ ᠴᠤ ᠶᠠᠷᠢᠭ᠎ᠠ ᠦᠭᠡᠢ ᠦᠩᠭᠡᠷᠡᠭᠰᠡᠨ ᠪᠢᠯᠡ᠃ ᠤᠷᠤᠢ ᠶᠢᠨ | ᠬᠤᠭᠤᠯᠠ ᠢᠳᠡᠬᠦ ᠳᠤ ᠲᠡᠭᠦᠦ ᠡᠵᠢ ᠠᠴᠠ᠄ ︽ᠬᠦᠯᠳᠡᠭᠦᠦ ᠠᠯᠢᠮ᠎ᠠ ᠬᠡᠵᠢᠶ᠎ᠡ ᠬᠤᠳᠠᠯᠳᠤᠵᠤ ᠠᠪᠬᠤ ᠶᠤᠮ ᠪᠤᠢ︖ | ︾ ᠭᠡᠵᠦ ᠠᠰᠠᠭᠤᠬᠤ ᠳᠤ ᠪᠢ ︽ ᠳᠡᠭᠡᠵᠢ ᠶᠢ ᠨᠢ ᠠᠮᠲᠠᠯᠠᠴᠢᠬᠠᠭᠰᠠᠨ︾ ᠭᠡᠵᠦ ᠰᠡᠮ ᠪᠠᠶᠠᠷᠯᠠᠭᠰᠠᠨ ᠳ᠋ᠠᠭ᠃ | ᠬᠤᠤᠰ ᠤᠶᠠᠩᠭ᠎ᠠ ᠴᠤ ᠲᠤᠳᠠᠭᠳᠠᠵᠤ ᠪᠤᠯᠤᠰᠢ ᠦᠭᠡᠢ ᠪᠢᠯᠡ᠃ ᠲᠡᠷᠡ ᠦᠶᠡᠰ ᠤᠨ ᠬᠤᠤᠰ ᠤᠶᠠᠩᠭ᠎ᠠ | ᠤᠳᠤᠬᠢ ᠲᠠᠢ ᠠᠳᠠᠯᠢ ᠦᠭᠡᠢ᠂ ᠪᠦᠷ ᠯᠡ ᠲᠤᠮᠤ ᠵᠦᠰᠦᠮ ᠤᠨ ᠤᠯᠠᠭᠠᠨ ᠴᠠᠭᠠᠰᠤ ᠬᠤᠳᠠᠯᠳᠤᠨ ᠠᠪᠴᠤ | ᠪᠤᠰᠤᠳ ᠢ ᠭᠤᠶᠤᠨ ᠪᠢᠴᠢᠭᠦᠯᠳᠡᠭ ᠃ ᠠᠪᠤ ᠶᠢᠨ ᠤᠷᠠᠨ ᠪᠢᠴᠢᠯᠬᠡ ᠭᠤᠶᠤ ᠂ ᠮᠦᠨ ᠬᠠᠪᠢ ᠲᠥᠰᠦᠷ ᠲᠤ ᠪᠠᠨ | ᠠᠯᠳᠠᠷᠳᠠᠢ ᠪᠠᠭᠰᠢ᠂ ᠲᠡᠶᠢᠮᠦ ᠠᠴᠠ ᠠᠪᠤ ᠶᠢ ᠭᠤᠶᠤᠨ ᠬᠤᠤᠰ ᠤᠶᠠᠩᠭ᠎ᠠ ᠪᠢᠴᠢᠭᠦᠯᠬᠦ ᠬᠡᠮᠡᠨ ᠬᠥᠮᠥᠰ ᠪᠦᠷ | ᠮᠦᠷᠯᠡᠭᠡᠳ ᠢᠷᠡᠳᠡᠭ ᠪᠠᠶᠢᠭᠰᠠᠨ᠂ ᠰᠢᠨᠡᠯᠡᠬᠦ ᠠᠴᠠ ᠡᠮᠦᠨᠡᠬᠢ ᠬᠡᠳᠦᠨ ᠡᠳᠦᠷ ᠲᠤ ᠠᠪᠤ ᠬᠠᠮᠤᠭ ᠤᠨ ᠶᠠᠭᠠᠷᠠᠤ | ᠪᠠᠶᠢᠳᠠᠭ᠃ ᠪᠢ ᠬᠠᠵᠠᠭᠤ ᠠᠴᠠ ᠨᠢ ᠬᠠᠪ ᠬᠠᠷ᠎ᠠ ᠭᠢᠯᠲᠠᠭᠠᠨᠠᠭᠰᠠᠨ ᠦᠰᠦᠨ ᠪᠢᠷ ᠤᠨ ᠦᠰᠦᠭ ᠤᠯᠠᠭᠠᠨ ᠴᠠᠭᠠᠰᠤᠨ | ᠳᠡᠭᠡᠷ᠎ᠡ ᠲᠤᠷᠠᠶᠢᠨ ᠲᠣᠳᠤᠷᠠᠬᠤ ᠶᠢ ᠬᠠᠷᠠᠭᠠᠳ ᠶᠡᠬᠡᠳᠡ ᠪᠠᠭ᠋ᠠᠷᠬᠠᠳᠠᠭ ᠪᠢᠯᠡ᠃ ᠤᠪ ᠤᠯᠠᠭᠠᠨ ᠬᠤᠤᠰ ᠤᠶᠠᠩᠭ᠎ᠠ | ᠪᠠᠨ ᠬᠡᠷᠡᠮ ᠪᠣᠯᠣᠨ ᠡᠭᠦᠳᠡᠨ ᠳᠡᠭᠡᠷ᠎ᠡ ᠪᠠᠨ ᠨᠠᠭᠠᠬᠤᠯᠠᠷ ᠪᠠᠶᠠᠷ ᠵᠢᠷᠭᠠᠯ᠂ ᠰᠢᠨ᠎ᠡ ᠵᠢᠯ ᠤᠨ ᠠᠭᠤᠷ ᠠᠮᠢᠰᠬᠤᠯ | ᠢᠶᠠᠷ ᠪᠢᠯᠬᠠᠳᠠᠭ᠃ | ᠪᠢ ᠪᠠᠭ᠎ᠠ ᠳᠤ ᠪᠠᠨ ᠰᠢᠨ᠎ᠡ ᠬᠤᠪᠴᠠᠰᠤ ᠡᠮᠦᠰᠬᠦ ᠲᠤᠷᠠᠲᠠᠢ᠃ ᠪᠢᠲᠡᠭᠦᠨ ᠤ ᠡᠮᠦᠨ᠎ᠡ ᠤᠷᠤᠢ ᠪᠢ ᠰᠢᠨ᠎ᠡ | ᠬᠤᠪᠴᠠᠰᠤ ᠪᠠᠨ ᠠᠪᠴᠤ ᠭᠠᠷᠭᠠᠨ ᠡᠷᠭᠢᠬᠦᠯᠦᠨ ᠤᠷᠪᠠᠭᠤᠯᠤᠨ ᠰᠢᠨᠵᠢᠵᠦ᠂ ᠮᠠᠷᠭᠠᠰᠢ ᠰᠢᠨ᠎ᠡ ᠬᠤᠪᠴᠠᠰᠤ ᠪᠠᠨ | ᠡᠮᠦᠰᠤᠨ᠎ᠡ ᠬᠡᠮᠡᠨ ᠪᠤᠳᠤᠬᠤᠯᠠᠷ ᠲᠡᠷᠡ ᠶᠡᠭᠡ ᠪᠠᠶᠠᠷᠯᠠᠬᠤ ᠭᠡᠵᠦ ᠳ᠋ᠠ᠃ ᠨᠢᠭᠡ ᠵᠢᠯ ᠳᠤ ᠪᠠᠨ ᠰᠢᠨ᠎ᠡ ᠬᠤᠪᠴᠠᠰᠤ | ᠤᠯᠵᠤ ᠡᠮᠦᠰᠬᠦ ᠲᠤᠬᠢᠶᠠᠯ ᠲᠤᠩ ᠪᠠᠭ᠎ᠠ᠂ ᠶᠡᠷᠦ ᠳᠤ ᠪᠠᠨ ᠰᠢᠨᠡᠯᠡᠬᠦ ᠳᠤ ᠯᠡ ᠰᠠᠶ᠋ᠢ ᠰᠢᠨ᠎ᠡ ᠬᠤᠪᠴᠠᠰᠤ ᠠᠪᠴᠤ | ᠦᠭᠳᠡᠭ᠃ ᠤᠨᠳᠠᠬᠤ ᠠᠴᠠ ᠪᠠᠨ ᠡᠮᠦᠨ᠎ᠡ ᠬᠦᠯ ᠢᠶᠠᠨ ᠤᠬᠢᠶᠠᠨ᠂ ᠰᠢᠨ᠎ᠡ ᠤᠢᠢᠮᠤᠰᠦ ᠭᠤᠳᠤᠯ ᠪᠠᠨ | ᠲᠤᠯᠤᠭᠠᠢ ᠶᠢᠨ ᠦᠵᠦᠬᠦᠷ ᠲᠤ ᠪᠠᠨ ᠳᠠᠯᠪᠢᠨ ᠰᠢᠨᠵᠢᠵᠤ ᠪᠠᠶᠢᠭᠰᠠᠭᠠᠷ ᠤᠨᠳᠠᠴᠢᠬᠠᠳᠠᠭ᠂ ᠵᠠᠷᠢᠮ ᠳᠤ ᠪᠠᠨ | ᠵᠡᠭᠦᠳᠦᠯᠡᠳᠡᠭ ᠴᠤ ᠪᠠᠶᠢᠭᠰᠠᠨ᠂ ᠬᠡᠳᠦ᠋ᠢᠪᠡᠷ ᠲᠤᠬᠠᠢ ᠶᠢᠨ ᠴᠢᠷᠠᠢ ᠵᠢᠰᠦ ᠪᠠᠨ ᠤᠯᠵᠤ ᠬᠠᠷᠠᠭ᠎ᠠ ᠦᠭᠡᠢ ᠴᠤ | ᠬᠥᠭᠡᠷᠦᠭᠦᠨ ᠴᠢᠷᠠᠢ ᠳᠤ ᠯᠠᠪ ᠮᠦᠰᠢᠶᠡᠳᠦ ᠪᠢᠯᠬᠠᠭᠰᠠᠨ ᠪᠠᠶᠢᠬᠤ ᠡ᠃ | ᠪᠢᠲᠡᠭᠦᠨ ᠢ ᠪᠠᠰᠠ ᠯᠠ ᠰᠠᠷ᠎ᠠ ᠶᠢᠨ ᠭᠤᠴᠢᠨ ᠭᠡᠳᠡᠭ᠂ ᠡᠷᠦᠭᠡ ᠪᠤᠯᠭᠠᠨ ᠭᠡᠷᠡᠯᠲᠦ ᠳ᠋ᠧᠩᠯᠦ ᠦᠩᠭᠡᠲᠦ | ᠴᠠᠴᠤᠭ ᠢᠶᠠᠷ ᠴᠢᠮᠡᠭᠯᠡᠨ᠂ ᠬᠥᠮᠥᠰ ᠤᠨ ᠴᠢᠷᠠᠢ ᠳᠤ ᠪᠠᠶᠠᠷ ᠤᠨ ᠮᠦᠰᠢᠶᠡᠳᠦ ᠳᠦᠭᠦᠷᠡᠩ᠃ ᠲᠡᠷᠡ ᠴᠠᠭ ᠦᠶ᠎ᠡ ᠳᠤ | ᠪᠠᠷᠤᠭ ᠯᠡ ᠰᠢᠨᠡᠯᠡᠬᠦ ᠪᠠᠷ ᠰᠠᠶ᠋ᠢ ᠤᠯᠠᠨ ᠤ ᠴᠢᠷᠠᠢ ᠳᠤ ᠢᠨᠢᠶᠡᠳᠦ ᠲᠤᠳᠤᠷᠠᠬᠤ ᠶᠢ ᠤᠯᠵᠤ ᠬᠠᠷᠠᠳᠠᠭ ᠪᠠᠶᠢᠬᠤ ᠡ᠂ | ᠪᠢᠲᠡᠭᠦᠨ ᠤ ᠦᠷᠯᠦᠭᠡ ᠡᠷᠳᠡ᠂ ᠫᠤᠤᠵᠢᠩ ᠤᠨ ᠲᠠᠭᠤᠨ ᠢᠶᠠᠷ ᠪᠢ ᠵᠡᠭᠦᠳᠦ ᠨᠦᠢᠷ ᠠᠴᠠ ᠪᠠᠨ ᠰᠤᠴᠢᠨ ᠰᠡᠷᠡᠳᠡᠭ᠃ | ᠠᠪᠤ ᠴᠤ ᠡᠷᠲᠡᠯᠡᠨ ᠪᠢᠳᠡᠨ ᠤ ᠴᠢᠬᠢᠨ ᠳᠤ᠄ ︽ ᠡᠷᠳᠡ ᠪᠤᠰᠤᠭᠠᠷᠠᠢ᠂ ᠰᠢᠨᠡᠯᠡᠨ᠎ᠡ ᠰᠢᠦ᠂ ᠡᠷᠳᠡ ᠰᠢᠭ | ᠫᠤᠤᠵᠢᠩ ᠢᠶᠠᠨ ᠲᠠᠯᠪᠢᠶ᠎ᠠ》 ᠭᠡᠵᠦ ᠬᠡᠯᠡᠳᠡᠭ ᠪᠢᠯᠡ᠂ ᠲᠡᠭᠡᠬᠦᠯᠡᠷ ᠪᠢᠳᠡ ᠰᠠᠨᠳᠤᠷᠤᠨ ᠪᠤᠰᠴᠠᠭᠠᠨ ᠰᠢᠨ᠎ᠡ ᠬᠤᠪᠴᠠᠰᠤ | ᠭᠤᠳᠤᠯ ᠢᠶᠠᠨ ᠡᠮᠦᠰᠦᠭᠡᠳ᠂ ᠭᠠᠳᠠᠭ᠎ᠠ ᠬᠦᠶᠦᠨ ᠭᠠᠷᠴᠤ ᠫᠤᠤᠵᠢᠩ ᠲᠠᠯᠪᠢᠳᠠᠭ᠃ ᠲᠡᠭᠡᠭᠡᠳ ᠬᠤᠭᠤᠯᠠᠨ | ᠰᠢᠷᠡᠭᠡᠨ ᠳᠤ ᠪᠠᠨ ᠰᠠᠭᠤᠵᠠᠭᠠᠨ ᠠᠮᠲᠠᠳᠦ ᠪᠠᠩᠰᠢ ᠪᠠᠨ ᠵᠤᠭᠤᠭᠯᠠᠳᠠᠭ ᠃ | ᠮᠠᠨ ᠤ ᠤᠮᠠᠷᠠᠲᠤ ᠣᠷᠣᠨ ᠤ ᠰᠢᠨᠡᠯᠡᠬᠦ ᠦᠶ᠎ᠡ ᠶᠢᠨ ᠬᠠᠮᠤᠭ ᠠᠴᠠ ᠬᠦᠷ ᠨᠠᠷᠬᠢᠶᠠᠨ ᠲᠠᠢ ᠨᠢ ᠪᠢᠲᠡᠭᠦᠨ ᠤ | ᠰᠥᠨᠢ ᠪᠣᠯᠤᠨ᠎ᠠ᠂ ᠬᠠᠮᠤᠭ ᠤᠨ ᠴᠢᠬᠤᠯᠠ ᠠᠵᠢᠯᠯᠠᠭ᠎ᠠ ᠪᠤᠯ ᠰᠠᠬᠢᠭᠤᠯᠰᠤᠨ ᠵᠠᠯᠠᠬᠤ ᠠᠵᠢᠯᠯᠠᠭ᠎ᠠ ᠪᠤᠯᠤᠨ᠎ᠠ᠂ | ᠶᠡᠷᠦ ᠳᠤ ᠪᠠᠨ ᠪᠦᠷ ᠬᠤᠯᠤᠭᠠᠨ᠎ᠠ ᠴᠠᠭ᠂ ᠳᠠᠷᠤᠢ ᠤᠷᠤᠢ ᠶᠢᠨ ᠠᠷᠪᠠᠨ ᠨᠢᠭᠡᠨ ᠴᠠᠭ ᠠᠴᠠ ᠴᠠᠭ ᠠᠴᠠ ᠰᠦᠨᠢ | ᠶᠢᠨ ᠨᠢᠭᠡ ᠴᠠᠭ ᠤᠨ ᠬᠤᠭᠤᠷᠤᠨᠳᠤ ᠪᠣᠯᠤᠨ᠎ᠠ᠃ ᠳᠣᠮᠤᠭ ᠶᠠᠷᠢᠶᠠᠨ᠋ ᠳᠤ ᠲᠡᠷᠡ ᠦᠶ᠎ᠡ ᠳᠤ ᠬᠤᠷᠮᠤᠰᠲᠠ ᠲᠡᠭᠷᠢ | ᠡᠮᠦᠨ᠎ᠡ ᠶᠡᠭᠡ ᠬᠠᠭᠠᠯᠭ᠎ᠠ ᠪᠠᠨ ᠨᠡᠬᠡᠭᠡᠨ᠂ ᠬᠤᠷᠮᠤᠰᠲᠠ ᠶᠢᠨ ᠪᠤᠷᠬᠠᠨ ᠰᠠᠬᠢᠭᠤᠯᠰᠤᠨ ᠪᠦᠷ ᠳᠤᠤᠷᠠᠲᠤ ᠶᠢᠷᠲᠢᠨᠴᠦ | ᠲᠤ ᠪᠠᠭᠤᠵᠤ ᠢᠷᠡᠳᠡᠭ ᠪᠤᠯᠬᠤᠷ ᠰᠠᠬᠢᠭᠤᠯᠰᠤᠨ ᠰᠢᠲᠦᠭᠡᠨ ᠲᠠᠬᠢᠳᠠᠭ ᠠᠶᠢᠯ ᠤᠳ ᠪᠦᠷ ᠰᠠᠬᠢᠭᠤᠯᠰᠤᠨ ︽ ᠵᠠᠯᠠᠬᠤ︾ | ᠪᠠᠷ ᠭᠠᠷᠳᠠᠭ ᠭᠡᠨ᠎ᠡ᠃ ᠵᠠᠷᠢᠮ ᠬᠥᠮᠦᠨ ᠤ ᠬᠡᠯᠡᠬᠦ ᠪᠠᠷ ᠬᠡᠶᠢᠮᠦᠷᠢ ᠨᠢ ᠮᠠᠨᠳᠤᠭᠰᠡᠨ ᠬᠥᠮᠦᠨ ᠬᠤᠷᠮᠤᠰᠲᠠ | ᠲᠡᠭᠷᠢ ᠶᠢᠨ ᠬᠠᠭᠠᠯᠭ᠎ᠠ ᠨᠡᠭᠡᠭᠡᠭᠳᠡᠬᠦ ᠶᠢ ᠣᠯᠵᠤ ᠬᠠᠷᠠᠳᠠᠭ ᠭᠡᠨ᠎ᠡ᠃ ᠲᠡᠶᠢᠮᠦ ᠬᠥᠮᠦᠨ ᠬᠤᠵᠢᠮ ᠯᠠᠪᠲᠠᠶ᠎ᠠ ᠪᠠᠶᠠᠨ | ᠡᠷᠬᠢᠮ ᠢ ᠤᠯᠵᠤ ᠡᠳ᠋ᠯᠡᠨ᠎ᠡ ᠭᠡᠳᠡᠭ᠂ ᠵᠥᠪᠬᠡᠨ ᠬᠡᠨ ᠨᠢᠭᠡᠨ ᠴᠤ ᠭᠡᠷᠡᠴᠢᠯᠡᠵᠦ ᠴᠢᠳᠠᠬᠤ ᠦᠭᠡᠢ ᠠᠴᠠ ᠪᠢᠰᠢ᠃ | ᠡᠳᠦᠷ ᠪᠠᠶᠠᠷ ᠬᠦᠷ ᠤᠨ ᠳᠤᠮᠳᠠ ᠲᠦᠳᠡᠯ ᠦᠭᠡᠢ ᠦᠩᠭᠡᠷᠡᠯ᠎ᠡ᠃ ᠰᠥᠨᠢ ᠶᠢᠨ ᠬᠦᠨ ᠠᠭᠠᠵᠢᠮ ᠢᠶᠠᠷ | ᠣᠶᠢᠷᠠᠳᠴᠤ᠂ ᠠᠶᠢᠯ ᠡᠷᠦᠬᠡ ᠶᠢᠨ ᠳ᠋ᠧᠩ ᠤᠳ ᠰᠦᠨᠢ ᠶᠢᠨ ᠭᠦᠨ ᠳᠤ ᠬᠦᠪᠦᠯᠵᠡᠨ᠂ ᠴᠠᠭᠠᠨ ᠴᠠᠰᠤ ᠭᠢᠯᠳᠠᠭᠠᠨᠠᠨ᠂ | ᠬᠥᠳᠡᠭᠡ ᠲᠣᠰᠬᠤᠨ ᠤ ᠬᠠᠮᠤᠭ ᠤᠨ ᠭᠤᠶᠣ ᠰᠥᠨᠢ ᠶᠢ ᠵᠢᠷᠤᠭᠯᠠᠯ᠎ᠠ᠃ ᠪᠢᠲᠡᠭᠦᠨ ᠤ ᠰᠥᠨᠢ ᠥᠯᠵᠡᠢ ᠪᠡᠯᠭᠡ᠂ | ᠤᠴᠢᠷ ᠨᠠᠴᠢᠷ ᠢᠶᠠᠷ ᠲᠦᠭᠦᠷᠡᠩ ᠪᠠᠶᠢᠵᠤ᠂ ᠬᠥᠮᠦᠰ ᠠᠳᠡ ᠠᠴᠠ ᠰᠠᠶᠢᠨ ᠰᠠᠶᠢᠬᠠᠨ ᠢᠷᠡᠭᠡᠳᠦᠢ ᠪᠠᠨ ᠣᠯᠵᠤ | ᠬᠠᠷᠠᠬᠤ ᠰᠢᠭ᠋᠃ | ︽ᠰᠠᠬᠢᠭᠤᠯᠰᠤᠨ ᠵᠠᠯᠠᠬᠤ︾ ᠠᠴᠠ ᠪᠠᠨ ᠡᠮᠦᠨ᠎ᠡ ᠠᠪᠤ ᠫᠤᠤᠵᠢᠩ ᠢᠶᠠᠨ ᠤᠷᠳᠤ ᠮᠤᠳᠤᠨ ᠤ ᠡᠰᠢ ᠠᠴᠠ | ᠤᠶᠠᠵᠤ ᠬᠡᠷᠡᠮ ᠤᠨ ᠪᠤᠯᠤᠩ ᠳᠤ ᠪᠤᠰᠬᠠᠨ ᠂ ᠳᠠᠯᠪᠢᠬᠤ ᠳᠤ ᠪᠡᠯᠡᠬᠡᠨ ᠪᠤᠯᠭᠠᠳᠠᠭ᠃ ᠠᠷᠪᠠᠨ ᠴᠠᠭ ᠤᠨ ᠪᠠᠷᠤᠭ ᠢᠶᠠᠷ | ᠤᠢᠢᠷ᠎ᠠ ᠤᠷᠴᠢᠮ ᠤᠨ ᠠᠶᠢᠯ ᠤᠳ ︽ᠰᠠᠬᠢᠭᠤᠯᠰᠤᠨ ᠵᠠᠯᠠᠵᠤ︾ ᠡᠬᠢᠯᠡᠳᠡᠭ᠂ ᠫᠤᠤᠵᠢᠩ ᠤᠨ ᠳᠠᠭᠤᠨ ᠵᠤᠭᠰᠤᠯ | ᠦᠭᠡᠢ ᠫᠠᠴᠢᠭᠢᠨᠠᠵᠤ᠂ ᠫᠤᠤᠵᠢᠩ ᠤᠨ ᠭᠡᠷᠡᠯ ᠲᠡᠭᠷᠢ ᠶᠢᠨ ᠬᠠᠶᠠᠭ᠎ᠠ ᠶᠢ ᠬᠦᠷᠲᠡᠯ᠎ᠡ ᠭᠡᠷᠡᠯᠳᠦᠭᠦᠯᠳᠡᠭ᠃ ᠠᠷᠪᠠᠨ ᠨᠢᠭᠡᠨ | ᠴᠠᠭ ᠬᠠᠭᠠᠰ ᠪᠣᠯᠬᠤ ᠳᠤ᠂ ᠠᠪᠤ ᠪᠢᠳᠡᠨ ᠢ ᠳᠠᠭᠤᠳᠠᠨ ᠭᠠᠷᠭᠠᠵᠤ᠂ ᠮᠠᠨᠤᠰ ᠡᠬᠢᠯᠡᠨ ᠶᠠᠭᠠᠷᠠᠯᠳᠤᠳᠠᠭ᠂ ᠵᠠᠷᠢᠮ ᠨᠢ | ᠫᠤᠤᠵᠢᠩ ᠢᠶᠠᠨ ᠲᠠᠯᠪᠢᠵᠤ᠂ ᠵᠠᠷᠢᠮ ᠨᠢ ᠲᠦᠳᠡᠭ ᠢᠶᠠᠨ ᠠᠰᠠᠭᠠᠨ᠂ ᠡᠵᠢ ᠭᠡᠷ ᠲᠤ ᠪᠠᠨ ᠬᠤᠭᠤᠯᠠ ᠬᠢᠵᠦ | ᠮᠣᠩᠭᠢᠨᠠᠳᠠᠭ᠃ ᠲᠦᠳᠡᠭ ᠭᠠᠯ ᠠᠰᠠᠭᠰᠠᠭᠠᠷ ᠫᠤᠤᠵᠢᠩ ᠤᠨ ᠳᠠᠭᠤᠨ ᠴᠤ ᠡᠬᠢᠯᠡᠨ ᠨᠢᠵᠢᠭᠢᠨᠡᠵᠦ᠂ ᠫᠤᠤᠵᠢᠩ ᠤᠨ | ᠭᠡᠷᠡᠯ ᠳᠤ ᠤᠯᠠᠶᠢᠭᠰᠠᠨ ᠢᠨᠢᠶᠡᠮᠰᠦᠭᠯᠡᠭᠰᠡᠨ ᠴᠢᠷᠠᠢ ᠬᠠᠷᠠᠭᠳᠠᠨ᠂ ᠪᠢᠳᠡ ᠲᠦᠳᠡᠭ ᠭᠠᠯ ᠢ ᠲᠤᠭᠤᠷᠢᠨ ᠪᠦᠵᠢᠭᠯᠡᠨ | ᠬᠠᠰᠬᠢᠷᠤᠨ ᠬᠦᠶᠦᠯᠳᠦᠵᠤ᠂ ᠲᠡᠷᠡ ᠨᠢᠭᠡᠨ ᠮᠦᠴᠡ ᠳᠤ ᠪᠢ ᠦᠪᠡᠷ ᠢ ᠪᠠᠨ ᠡᠨᠡ ᠳᠡᠯᠡᠬᠡᠢ ᠶᠢᠨ ᠬᠠᠮᠤᠭ ᠠᠴᠠ | ᠵᠢᠷᠭᠠᠯᠲᠠᠢ ᠬᠥᠮᠥᠨ ᠬᠡᠮᠡᠨ ᠦᠵᠡᠳᠡᠭ᠃ | ᠭᠤᠴᠢᠨ ᠤ ᠰᠦᠨᠢ ᠪᠢᠲᠡᠭᠦᠨ ᠤ ᠬᠤᠭᠤᠯᠠ ᠪᠠᠨ ᠢᠳᠡᠳᠡᠭ᠃ ᠪᠦᠬᠦ ᠭᠡᠷ ᠢᠶᠠᠷ ᠢᠶᠠᠨ ᠴᠤᠭᠯᠠᠷᠠᠨ ᠰᠠᠭᠤᠵᠤ᠂ | ᠬᠤᠭᠤᠯᠠ ᠪᠠᠨ ᠢᠳᠡᠵᠦ ᠵᠤᠭᠤᠭᠳᠠᠨ᠂ ᠬᠦᠷ ᠨᠠᠷᠭᠢᠶᠠᠨ ᠲᠠᠢ ᠪᠠᠶᠢᠳᠠᠭ᠃ ᠡᠨᠡ ᠡᠳᠦᠷ ᠤᠨ ᠪᠠᠩᠰᠢ ᠪᠦᠷ ᠮᠢᠬᠠᠨ | ᠪᠠᠩᠰᠢ᠂ ᠳᠣᠲᠣᠷ᠎ᠠ ᠨᠢ ᠪᠠᠰᠠ ᠨᠢᠭᠡ ᠲᠡᠮᠦᠷᠯᠢᠭ ᠵᠣᠭᠤᠰ ᠬᠢᠨ᠎ᠡ᠂ ᠬᠡᠨ ᠬᠡᠷᠪᠡ ᠣᠯᠵᠤ ᠢᠳᠡᠪᠡᠯ ᠨᠢᠭᠡ ᠵᠢᠯ ᠰᠠᠶᠢᠨ | ᠬᠤᠪᠢ ᠢᠷᠦᠭᠡᠯ ᠲᠠᠢ ᠪᠤᠯᠤᠨ᠎ᠠ ᠬᠡᠮᠡᠨ ᠪᠡᠯᠭᠡᠰᠢᠶᠡᠳᠡᠭ᠃ ᠪᠠᠭ᠎ᠠ ᠶᠢᠨ ᠦᠶ᠎ᠡ ᠳᠤ᠂ ᠨᠢᠭᠡ ᠤᠳᠠᠭ᠎ᠠ ᠠᠬ᠎ᠠ ᠨᠠᠳᠠ ᠳᠤ | ᠪᠠᠩᠰᠢ ᠬᠢᠵᠦ ᠥᠭᠴᠡᠢ᠂ ᠪᠢ ᠢᠳᠡᠬᠦ ᠶᠢᠨ ᠳᠠᠭᠤ ᠨᠠᠭᠠᠳᠴᠤ᠂ ᠣᠯᠠᠨ ᠢᠶᠠᠷ ᠢᠶᠠᠨ ᠪᠠᠰᠠ ᠶᠡᠭᠡ ᠯᠡ ᠪᠠᠶᠠᠷᠲᠠᠶᠢᠬᠠᠨ | ᠵᠤᠭᠤᠭᠯᠠᠵᠤ ᠪᠠᠶᠢᠭᠰᠠᠨ᠂ ᠭᠡᠲᠡᠯ᠎ᠡ ᠫᠢᠯᠠ ᠨᠢ ᠪᠦᠷ ᠳᠠᠭᠤᠰᠤᠭᠰᠠᠨ ᠴᠦ ᠲᠡᠮᠦᠷᠯᠢᠭ ᠵᠣᠭᠤᠰ ᠣᠯᠵᠤ ᠢᠳᠡᠭᠡ ᠦᠭᠡᠢ | ᠂ ᠬᠠᠮᠤᠭ ᠰᠡᠭᠦᠯ ᠳᠤ ᠮᠢᠨᠦ ᠪᠥᠭᠰᠡᠨ ᠳᠣᠣᠷ᠎ᠠ ᠠᠴᠠ ᠲᠡᠭᠦᠨ ᠢ ᠨᠢ ᠤᠯᠵᠤ ᠠᠪᠤᠭᠰᠠᠨ ᠪᠢᠯᠡ᠃ | ᠪᠢᠲᠡᠭᠦᠨ ᠤ ᠰᠥᠨᠢ ᠶᠢᠨ ᠬᠤᠭᠤᠯᠠᠨ ᠤ ᠳᠠᠷᠠᠭ᠎ᠠ᠂ ︽ᠨᠠᠰᠤ ᠰᠠᠬᠢᠬᠤ︾ ᠭᠡᠬᠦ ᠬᠡᠯᠡᠯᠭᠡ ᠲᠠᠢ ᠪᠥᠭᠡᠳ ︽ | ᠨᠢᠭᠡ ᠰᠦᠨᠢ ᠬᠤᠶᠠᠷ ᠨᠠᠰᠤ ᠵᠠᠯᠭᠠᠵᠤ᠂ ᠲᠠᠪᠤᠨ ᠵᠢᠩ ᠤᠨ ᠬᠤᠭᠤᠰ ᠲᠤ ᠬᠤᠶᠠᠷ ᠵᠢᠯ ᠪᠤᠯᠵᠤ ᠪᠠᠶᠢᠨ᠎ᠠ︾ ᠭᠡᠳᠡᠭ᠃ | ᠬᠡᠷᠪᠡ ᠨᠢᠭᠡ ᠰᠦᠨᠢ ᠤᠨᠳᠠᠬᠤ ᠦᠭᠡᠢ ᠪᠤᠯ ᠢᠷᠡᠬᠦ ᠵᠢᠯ ᠳᠤ ᠪᠠᠨ ᠰᠡᠴᠡᠨ ᠰᠡᠷᠭᠦᠯᠡᠩ ᠪᠤᠯᠤᠨ᠎ᠠ ᠬᠡᠮᠡᠳᠡᠭ᠃ ᠮᠠᠨ ᠤ | ᠬᠡᠳᠦᠨ ᠪᠢᠴᠢᠬᠠᠨ ᠨᠠᠶᠢᠵᠠ ᠳ᠋ᠧᠩᠯᠦ ᠪᠠᠷᠢᠭᠠᠳ ᠭᠠᠳᠠᠨ᠎ᠠ ᠭᠠᠷᠴᠤ ᠨᠠᠭᠠᠳᠴᠤ ᠪᠤᠰᠤᠳ ᠤᠨ ᠬᠦᠷᠢᠶᠡᠨ ᠠᠴᠠ ᠭᠠᠵᠠᠷ | ᠤᠨᠠᠭᠰᠠᠨ ᠫᠤᠤᠵᠢᠩ ᠲᠡᠭᠦᠵᠦ᠂ ᠵᠠᠷᠢᠮ ᠢ ᠨᠢ ᠪᠠᠰᠠ ᠲᠠᠯᠪᠢᠵᠤ ᠪᠣᠯᠤᠨ᠎ᠠ᠃ ᠬᠡᠯᠡᠯᠭᠡᠨ ᠦᠭᠡᠢ᠂ ᠨᠠᠭᠠᠳᠤᠭᠠᠳ | ᠶᠠᠳᠠᠷᠠᠪᠠᠯ᠂ ᠠᠯᠢ ᠭᠡᠷ ᠲᠤ ᠣᠴᠢᠭᠰᠠᠨ ᠴᠤ ᠪᠦᠷ ᠰᠠᠶᠢᠨ ᠢ ᠢᠳᠡᠭᠦᠯᠦᠨ ᠰᠠᠶᠢᠨ ᠢ ᠤᠤᠭᠤᠯᠭᠠᠵᠤ ᠪᠢᠳᠡᠨ ᠢ | ᠵᠣᠴᠢᠯᠠᠨ᠎ᠠ᠃ | ᠮᠠᠷᠲᠠᠭᠳᠠᠰᠢ ᠦᠭᠡᠢ ᠪᠢᠲᠡᠭᠦᠨ ᠤ ᠰᠥᠨᠢ ᠦᠷᠭᠦᠯᠵᠢ ᠲᠣᠩ ᠲᠦᠷᠭᠡᠨ ᠥᠩᠭᠡᠷᠡᠨ᠎ᠡ᠃ ᠦᠦᠷ ᠭᠡᠭᠡᠷᠡᠮᠡᠭᠴᠠ | ᠲᠣᠰᠬᠤᠨ ᠤ ᠵᠠᠬ᠎ᠠ ᠳᠤ ᠬᠠᠷᠠᠩᠭ᠎ᠠ ᠬᠡᠩᠭᠡᠷᠭᠡ ᠨᠢᠵᠢᠭᠢᠨᠡᠵᠦ᠂ ᠶᠡᠭᠡ ᠶᠠᠩᠭᠠᠷ ᠤᠨ ᠳᠠᠭᠤᠨ ᠢᠶᠠᠷ ᠰᠢᠨ᠎ᠡ ᠵᠢᠯ ᠤᠨ | ᠵᠤᠯᠭᠠᠯᠲᠠ ᠡᠬᠢᠯᠡᠯ᠎ᠡ᠃ ᠬᠥᠮᠦᠰ ᠠᠶᠢᠯ ᠲᠤᠭᠤᠷᠢᠨ ᠴᠠᠭᠠᠨ ᠰᠠᠷ᠎ᠠ ᠶᠢᠨ ᠵᠤᠯᠭᠠᠯᠲᠠ ᠬᠢᠵᠤ᠂ ᠪᠦᠬᠦ | ᠲᠣᠰᠬᠤᠨ ᠢᠶᠠᠷ ᠢᠶᠠᠨ ᠰᠢᠨ᠎ᠡ ᠵᠢᠯ ᠤᠨ ᠠᠭᠤᠷ ᠠᠮᠢᠰᠬᠤᠯ ᠢᠶᠠᠷ ᠦᠳᠭᠡᠨ᠃ | ᠣᠯᠠᠨ ᠵᠢᠯ ᠤᠨ ᠳᠠᠷᠠᠭ᠎ᠠ ᠥᠩᠭᠡᠷᠡᠭᠰᠡᠨ ᠤ ᠵᠠᠷᠢᠮ ᠶᠠᠪᠤᠳᠠᠯ ᠤᠳ ᠮᠠᠷᠲᠠᠭᠳᠠᠭᠰᠠᠨ ᠴᠤ ᠪᠠᠭ᠎ᠠ ᠶᠢᠨ ᠦᠶ᠎ᠡ ᠶᠢᠨ | ᠰᠢᠨᠡᠯᠡᠬᠦ ᠬᠤᠷᠤᠮ ᠤᠳ ᠰᠡᠳᠬᠢᠯ ᠳᠤ ᠡᠭᠦᠷᠢᠳᠡ ᠬᠠᠳᠠᠩᠰᠢᠵᠠᠢ᠃ | ᠣᠷᠴᠢᠭᠤᠯᠤᠭᠴᠢ ᠶᠢᠨ ᠬᠠᠶ᠋ᠢᠭ᠄《 ᠳᠡᠯᠡᠬᠡᠢ ᠶᠢᠨ ᠤᠳᠬ᠎ᠠ ᠵᠣᠬᠢᠶᠠᠯ》 ᠰᠡᠳᠭᠦᠯ ᠤᠨ ᠨᠠᠶᠢᠷᠠᠭᠤᠯᠬᠤ ᠬᠡᠯᠲᠡᠰ | |