ᠤᠶᠠᠬᠠᠨ ᠴᠡᠯᠡᠬᠡᠷ ᠵᠤᠬᠢᠶᠠᠪᠠ | ︽ᠲᠠᠯ᠎ᠠ ᠬᠡᠳᠦᠢ ᠠᠭᠤᠳᠠᠮ ᠵᠠᠮ ᠬᠡᠳᠦᠢ ᠬᠤᠯᠠ ᠪᠠᠶᠢᠬᠰᠠᠨ ᠴᠦ᠂ ᠬᠦᠴᠢᠷ ᠪᠡᠷᠬᠡᠰᠢᠶᠡᠯ ᠲᠤᠯᠭᠠᠷᠠᠬᠤ ᠪᠦᠷᠢ | ᠪᠦᠰ ᠤᠭᠤᠳᠠ ᠲᠠᠢ ᠴᠠᠬᠳᠠᠭ᠎ᠠ ᠪᠢᠳᠠᠨ ᠤ ᠬᠠᠵᠠᠭᠤ ᠳᠤ ᠬᠦᠷᠴᠦ ᠢᠷᠡᠳᠡᠭ︾ ︽ᠪᠦᠰ ᠤᠭᠤᠳᠠ ᠲᠠᠢ | ᠴᠠᠬᠳᠠᠭᠠᠨ ᠤ ᠤᠭᠤᠳᠠ ᠨᠢ ᠪᠠᠭ᠎ᠠ ᠪᠤᠯᠪᠠᠴᠦ ᠦᠢᠯᠡᠳᠦᠯ ᠨᠢ ᠶᠡᠭᠡ︾ ᠁ ᠡᠨᠡ ᠪᠤᠯ ᠺᠠᠶᠢᠯᠦ ᠰᠢᠶᠠᠨ ᠤ | ᠶᠡᠬᠡᠳᠠᠯ᠎ᠠ ᠪᠠᠯᠭᠠᠰᠤ ᠶᠢᠨ ᠮᠠᠯᠴᠢᠨ ᠲᠠᠷᠢᠶᠠᠴᠢᠳ ᠤᠨ ᠲᠤᠮᠳᠠᠬᠢ ᠬᠠᠯᠠᠭᠤᠷᠠᠯ ᠶᠡᠬᠡᠲᠡᠢ ᠵᠤᠭᠤᠭ ᠶᠤᠮ᠃ | ᠰᠤᠷᠪᠤᠯᠵᠢᠯᠠᠬᠴᠢ ᠠᠴᠠ ᠡᠨᠡ ᠲᠤᠬᠠᠢ ᠤᠯᠠᠮ ᠢᠯᠡᠭᠦᠦ ᠣᠶᠢᠯᠠᠭᠠᠬᠤ ᠶᠢᠨ ᠲᠦᠯᠦᠭᠡ ᠺᠠᠶᠢᠯᠦ ᠰᠢᠶᠠᠨ ᠤ | ᠲᠤᠳᠤᠭᠠᠲᠦ ᠶᠢ ᠬᠠᠮᠠᠭᠠᠯᠠᠬᠤ ᠲᠤᠪᠴᠢᠶ᠎ᠠ ᠶᠢᠨ ᠶᠡᠬᠡᠳᠠᠯ᠎ᠠ ᠳᠤ ᠬᠢ ᠲᠤᠮᠢᠯᠠᠬᠰᠠᠨ ᠰᠠᠯᠪᠤᠷᠢ ᠶᠢᠨ ︽ᠪᠦᠰ | ᠤᠭᠤᠳᠠ ᠲᠠᠢ ᠴᠠᠬᠳᠠᠭ᠎ᠠ︾ ᠭᠡᠵᠦ ᠨᠡᠷᠡᠶᠢᠳᠦᠭᠳᠡᠭᠰᠡᠨ ᠴᠧᠨ ᠨᠤᠮᠢᠨ ᠢ ᠰᠤᠷᠪᠤᠯᠵᠢᠯᠠᠵᠦ ᠪᠢᠯᠠ᠃ | ᠴᠧᠨ ᠨᠤᠮᠢᠨ᠂ ᠬᠤᠷᠴᠢᠨ ᠵᠡᠬᠦᠨ ᠭᠠᠷᠤᠨ ᠲᠤᠮᠳᠠᠲᠦ ᠬᠤᠰᠢᠭᠤᠨ ᠤ ᠵᠢᠷᠦᠭᠡ ᠮᠠᠯᠵᠢᠯ ᠤᠨ ᠲᠠᠯᠠᠪᠠᠢ ᠪᠠᠷ | ᠨᠤᠳᠤᠭ ᠲᠠᠢ᠂ 2018 ᠤᠨ ᠳᠤ ᠭᠠᠨᠰᠤ ᠶᠢᠨ ᠤᠯᠤᠰ ᠲᠦᠷᠦ ᠬᠠᠤᠯᠢ ᠴᠠᠭᠠᠵᠠ ᠶᠢᠨ ᠶᠡᠭᠡ ᠰᠤᠷᠭᠠᠭᠤᠯᠢ ᠠᠴᠠ | ᠲᠡᠬᠦᠰᠴᠦ᠂ 2020 ᠤᠨ ᠳᠤ ᠠᠯᠪᠠᠳᠠᠨ ᠤ ᠰᠢᠯᠭᠠᠯᠳᠠ ᠪᠠᠷ ᠲᠠᠮᠵᠢᠨ ᠺᠠᠶᠢᠯᠦ ᠰᠢᠶᠠᠨ ᠤ ᠲᠤᠳᠤᠭᠠᠲᠦ ᠶᠢ | ᠬᠠᠮᠠᠭᠠᠯᠠᠬᠤ ᠲᠤᠪᠴᠢᠶ᠎ᠠ ᠶᠢᠨ ᠶᠡᠬᠡᠳᠠᠯ᠎ᠠ ᠳᠤ ᠬᠢ ᠲᠤᠮᠢᠯᠠᠬᠰᠠᠨ ᠰᠠᠯᠪᠤᠷᠢ ᠳᠤ ᠠᠵᠢᠯᠯᠠᠵᠠᠢ᠃ ᠲᠡᠷᠡ ᠬᠢᠳᠠᠳ | ᠮᠤᠩᠭᠤᠯ ᠬᠡᠯᠡ ᠪᠠᠷ ᠪᠤᠯᠪᠠᠰᠤᠷᠠᠩᠭᠤᠢ ᠶᠠᠷᠢᠳᠠᠭ ᠠᠴᠠ ᠶᠡᠭᠡᠳᠠᠯᠠ ᠪᠠᠯᠭᠠᠰᠤᠨ ᠤ ᠶᠡᠭᠡᠳᠠᠯᠠ ᠭᠠᠴᠠᠭ᠎ᠠ᠂ ᠰᠢᠷᠠᠬᠤᠸ᠋ᠨ | ᠭᠠᠴᠠᠭ᠎ᠠ᠂ ᠴᠠᠶᠢᠳᠠᠮ ᠭᠠᠴᠠᠭ᠎ᠠ᠂ ᠤᠢᠲᠦ ᠭᠠᠴᠠᠭ᠎ᠠ᠂ ᠠᠮᠤᠷᠴᠢᠬᠠ ᠭᠠᠴᠠᠭ᠎ᠠ ᠵᠡᠷᠭᠡ 5 ᠮᠤᠩᠭᠤᠯ ᠭᠠᠴᠠᠭ᠎ᠠ ᠶᠢ | ᠲᠠᠭᠠᠭᠠᠴᠢᠯᠠᠨ ᠬᠠᠮᠢᠶᠠᠷᠴᠦ ᠪᠠᠶᠢᠪᠠ᠃ ᠡᠨᠡ 5 ᠭᠠᠴᠠᠭ᠎ᠠ ᠨᠢ ᠤᠯᠠᠭᠠᠨᠬᠠᠳᠠ ᠬᠤᠳᠠ ᠶᠢᠨ ᠠᠷᠤ ᠬᠤᠷᠴᠢᠨ | ᠬᠤᠰᠢᠭᠤ ᠲᠠᠢ ᠤᠢᠷᠠᠯᠴᠠᠭ᠎ᠠ ᠪᠤᠶᠤ ᠬᠢᠯᠢ ᠵᠠᠯᠭᠠᠯᠳᠤᠵᠦ ᠪᠠᠶᠢᠬᠰᠠᠨ ᠪᠦᠭᠡᠳ ᠬᠦᠮᠦᠨ ᠠᠮᠠ ᠨᠢ ᠲᠠᠷᠠᠬᠠᠢ ᠪᠤᠳᠠᠷᠬᠠᠢ | ᠰᠠᠭᠤᠷᠢᠰᠢᠬᠰᠠᠨ ᠠᠴᠠ ᠵᠠᠮ ᠬᠠᠷᠢᠯᠴᠠᠭ᠎ᠠ ᠲᠦᠬᠦᠮ ᠦᠭᠡᠢ ᠪᠤᠯᠵᠠᠢ᠃ ᠡᠨᠡ ᠬᠦ ᠪᠠᠶᠢᠳᠠᠯ ᠳᠤ ᠵᠤᠷᠢᠭᠤᠯᠤᠨ ᠺᠠᠶᠢᠯᠦ | ᠰᠢᠶᠠᠨ ᠤ ᠲᠤᠳᠤᠭᠠᠲᠦ ᠶᠢ ᠬᠠᠮᠠᠭᠠᠯᠠᠬᠤ ᠲᠤᠪᠴᠢᠶ᠎ᠠ ᠶᠢᠨ ᠶᠡᠬᠡᠳᠠᠯ᠎ᠠ ᠳᠤ ᠬᠢ ᠲᠤᠮᠢᠯᠠᠬᠰᠠᠨ ᠰᠠᠯᠪᠤᠷᠢ ᠠᠴᠠ ᠮᠠᠯᠴᠢᠨ | ᠲᠠᠷᠢᠶᠠᠴᠢᠳ ᠲᠤ ᠲᠦᠬᠦᠮ ᠦᠵᠡᠬᠦᠯᠦᠨ ᠮᠠᠯᠴᠢᠨ ᠲᠠᠷᠢᠶᠠᠴᠢᠳ ᠲᠠᠢ ᠬᠠᠷᠢᠴᠠᠭ᠎ᠠ ᠪᠠᠨ ᠨᠢᠬᠳᠠᠷᠠᠭᠤᠯᠵᠦ᠂ | ᠠᠵᠢᠯ ᠤᠨ ᠦᠷ᠎ᠠ ᠪᠦᠳᠦᠮᠵᠢ ᠪᠠᠨ ᠲᠡᠭᠡᠭᠰᠢᠯᠡᠬᠦᠯᠬᠦ ᠶᠢᠨ ᠲᠦᠯᠦᠭᠡ ︽ᠦᠢᠯᠡᠴᠢᠯᠡᠭᠡ ᠪᠠᠨ ᠡᠬᠦᠳᠡᠨ ᠳᠤ ᠨᠢ | ᠬᠦᠷᠭᠡᠬᠦ︾ ᠠᠵᠢᠯ ᠤᠨ ᠬᠡᠪ ᠮᠠᠶᠢᠭ ᠢ ᠡᠭᠦᠳᠦᠭᠰᠡᠨ ᠪᠠᠶᠢᠨ᠎ᠠ᠃ 2022 ᠤᠨ ᠠᠴᠠ ᠡᠬᠢᠯᠡᠨ ᠴᠧᠨ ᠨᠤᠮᠢᠨ ᠡᠨᠡ ᠬᠦ | ᠭᠡᠪ ᠮᠠᠶ᠋ᠢᠭ ᠢᠶᠠᠷ ᠠᠵᠢᠯᠯᠠᠵᠦ ᠡᠬᠢᠯᠡᠵᠠᠢ᠃ ᠲᠡᠷᠡ ᠠᠵᠢᠯ ᠤᠨ ᠬᠡᠷᠡᠭᠴᠡᠭᠡ ᠪᠠᠷ ᠦᠷᠬᠦᠯᠵᠢ ᠪᠦᠰ ᠤᠭᠤᠳᠠ | ᠲᠡᠬᠦᠵᠢᠯᠡᠵᠦ ᠶᠠᠪᠤᠳᠠᠭ ᠠᠴᠠ ᠮᠠᠯᠴᠢᠨ ᠲᠠᠷᠢᠶᠠᠴᠢᠳ ᠲᠡᠬᠦᠨ ᠢ ︽ᠪᠦᠰ ᠤᠭᠤᠳᠠ ᠲᠠᠢ ᠴᠠᠬᠳᠠᠭ᠎ᠠ︾ ᠭᠡᠵᠦ | ᠲᠠᠭᠤᠳᠠᠬᠤ ᠪᠤᠯᠤᠬᠰᠠᠨ ᠭᠡᠨ᠎ᠠ᠃ | — ᠨᠤᠮᠢᠨ ᠡ᠂ ᠪᠠᠰᠠ ᠯᠡ ᠪᠦᠰ ᠤᠭᠤᠳᠠ ᠪᠠᠨ ᠲᠡᠭᠦᠵᠢᠯᠡᠭᠡᠳ ᠬᠦᠷᠦᠭᠡᠳ ᠢᠷᠡᠪᠡ ᠦᠦ ᠭᠡᠵᠦ | ᠠᠮᠤᠷᠴᠢᠬᠠ ᠭᠠᠴᠠᠭᠠᠨ ᠤ ᠮᠠᠯᠴᠢᠨ ᠪᠤᠤ ᡁᠢ ᠯᠢᠨ ᠨᠠᠰᠤᠳᠠᠨ ᠬᠤᠯᠠ ᠠᠴᠠ ᠢᠷᠡᠬᠦ ᠴᠧᠨ ᠨᠤᠮᠢᠨ ᠢ ᠤᠯᠵᠦ | ᠦᠵᠡᠭᠡᠳ ᠢᠨᠢᠶᠡᠮᠰᠦᠭᠯᠡᠨ ᠠᠰᠠᠭᠤᠬᠤ ᠳᠤ᠄ | — ᠶᠡᠭᠡ ᠠᠪᠠᠭ᠎ᠠ ᠡ᠂ ᠲᠠᠨ ᠤ ᠡᠷᠦᠬᠡ ᠠᠮᠠ ᠶᠢᠨ ᠲᠡᠪᠳᠡᠷ ᠢ ᠴᠢᠨᠢ ᠬᠦᠷᠭᠡᠵᠦ ᠢᠷᠡᠭᠰᠡᠨ ᠶᠤᠮ᠃ | ᠡᠬᠦᠨ ᠢᠶᠠᠨ ᠡᠪᠲᠠᠢ ᠭᠠᠵᠠᠷ ᠬᠤᠷᠢᠶᠠᠵᠦ ᠲᠠᠯᠪᠢᠭᠠᠷᠠᠢ᠂ ᠭᠡᠭᠡᠴᠢᠬᠡᠪᠡᠯ ᠨᠦᠬᠦᠵᠦ ᠠᠪᠬᠤ ᠳᠤ ᠶᠠᠷᠰᠢᠭ ᠲᠠᠢ ᠰᠢᠦ︕ | ᠤᠢᠢᠷ᠎ᠠ ᠳᠤ᠂ ᠡᠨᠡ ᠤᠢᠢᠷᠠᠯᠴᠠᠭ᠎ᠠ ᠬᠤᠯᠠᠭᠠᠢ ᠬᠢᠬᠦ ᠬᠡᠷᠡᠭ ᠭᠠᠷᠴᠤ ᠪᠠᠢᠨ᠎ᠠ᠂ ᠮᠠᠯ ᠤᠨᠤᠭ᠎ᠠ᠂ ᠡᠳ᠋ ᠪᠤᠳᠠᠰ ᠢᠶᠠᠨ | ᠢᠯᠡᠭᠦᠭᠡᠨ ᠠᠩᠬᠠᠷᠴᠤ ᠪᠠᠶᠢᠭᠠᠷᠠᠢ ᠭᠡᠵᠦ ᠬᠠᠷᠢᠭᠤ ᠬᠡᠯᠡᠵᠦ ᠪᠠᠢᠯ᠎ᠠ᠃ | ᠬᠦᠭᠡ ᠶᠢᠨ ᠲᠠᠷᠢᠶᠠᠨ ᠡᠮ᠂ ᠰᠡᠴᠡᠨ ᠤ ᠲᠦᠷᠭᠡᠨ ᠭᠤᠪᠢᠭᠤᠯᠭ᠎ᠠ᠂ ᠮᠡᠭᠡᠯᠡᠯ ᠢ ᠡᠰᠡᠷᠬᠦᠴᠡᠬᠦ ᠤᠬᠠᠭᠤᠯᠭ᠎ᠠ ᠶᠢᠨ | ᠬᠠᠭᠤᠳᠠᠰᠤ᠂ ᠭᠠᠯ ᠢ ᠰᠡᠷᠭᠡᠶᠢᠯᠡᠬᠦ ᠤᠬᠠᠭᠤᠯᠭ᠎ᠠ ᠶᠢᠨ ᠬᠠᠭᠤᠳᠠᠰᠤ ᠁ ᠴᠧᠨ ᠨᠤᠮᠢᠨ ᠤ ᠪᠦᠰ ᠤᠭᠤᠳᠠ ᠶᠢ | ᠡᠶᠢᠮᠦᠷᠬᠦᠦ ᠶᠠᠭᠤᠮ᠎ᠠ ᠨᠤᠭᠤᠳ ᠯᠡ ᠲᠦᠭᠦᠷᠭᠡᠵᠦ ᠪᠠᠶᠢᠳᠠᠭ᠃ ᠡᠳᠡᠭᠡᠷ ᠢᠶᠠᠨ ᠴᠧᠨ ᠨᠤᠮᠢᠨ ᠡᠷᠲᠡᠭᠡᠨ ᠬᠦᠷᠭᠡᠵᠦ | ᠦᠭᠬᠦ ᠭᠡᠵᠦ ᠶᠠᠭᠠᠷᠠᠯᠲᠠᠢ ᠶᠠᠪᠤᠳᠠᠭ᠂ ᠮᠠᠯᠴᠢᠨ ᠲᠠᠷᠢᠶᠠᠴᠢᠳ ᠴᠦ ᠴᠧᠨ ᠨᠤᠮᠢᠨ ᠤ ᠬᠦᠷᠴᠦ ᠢᠷᠡᠬᠦ ᠶᠢ ᠪᠠᠷᠠᠯᠠᠵᠦ | ᠰᠠᠭᠤᠳᠠᠭ ᠠᠵᠢ᠃ ︽ᠤᠳᠤ ᠬᠦᠳᠡᠭᠡ ᠪᠠᠭᠤᠬᠤ ᠪᠤᠯᠤᠬᠰᠠᠭᠠᠷ ᠯᠡ ᠮᠠᠯᠴᠢᠨ ᠲᠠᠷᠢᠶᠠᠴᠢᠳ ᠲᠤ ᠪᠠᠨ ᠶᠠᠭᠤ | ᠨᠢᠭᠡ ᠶᠢ ᠠᠪᠤᠭᠠᠳ ᠪᠦᠰ ᠤᠭᠤᠳᠠ ᠪᠠᠨ ᠲᠦᠬᠦᠷᠭᠡᠭᠡᠳ ᠶᠠᠪᠤᠬᠤ ᠶᠢ ᠪᠤᠳᠤᠨ᠎ᠠ᠂ ᠲᠡᠳᠡᠨᠤᠰ ᠴᠦ ᠰᠠᠨᠠᠬᠰᠠᠨ | ᠶᠠᠭᠤᠮ᠎ᠠ ᠶᠢ ᠨᠢ ᠪᠦᠰ ᠤᠭᠤᠳᠠᠨ ᠳᠤ ᠪᠠᠭᠳᠠᠭᠠᠭᠠᠳ ᠠᠪᠠᠴᠢᠵᠦ ᠦᠭᠬᠦ ᠶᠢ ᠬᠦᠰᠡᠨ᠎ᠠ᠃ ᠡᠨᠡ ᠪᠦᠰ ᠤᠭᠤᠳᠠ | ᠪᠠᠭ᠎ᠠ ᠪᠤᠯᠪᠠᠴᠦ ᠮᠠᠯᠴᠢᠨ ᠲᠠᠷᠢᠶᠠᠴᠢᠳ ᠪᠠ ᠮᠠᠨ ᠤ ᠬᠤᠭᠤᠷᠤᠨᠳᠤᠬᠢ ᠬᠠᠷᠢᠴᠠᠭ᠎ᠠ ᠶᠢ ᠨᠢᠬᠳᠠᠷᠠᠭᠤᠯᠬᠤ ᠲᠤᠮᠤ | ᠡᠬᠦᠷᠭᠡ ᠶᠢ ᠡᠬᠦᠷᠭᠡᠯᠡᠵᠦ ᠪᠠᠶᠢᠨ᠎ᠠ ᠰᠢᠦ︾ ᠭᠡᠵᠦ ᠴᠧᠨ ᠨᠤᠮᠢᠨ ᠪᠠᠶᠠᠷᠳᠠᠢ ᠬᠡᠯᠡᠭᠡᠳ ᠶᠠᠪᠤᠵᠦ ᠪᠠᠶᠢᠯ᠎ᠠ᠃ | ᠴᠧᠨ ᠨᠤᠮᠢᠨ ᠪᠤᠤ ᡁᠢ ᠯᠢᠨ ᠤ ᠡᠷᠦᠭᠡ ᠠᠮᠠ ᠶᠢᠨ ᠲᠡᠪᠳᠡᠷ ᠢ ᠬᠦᠷᠭᠡᠵᠦ ᠦᠭᠬᠦᠭᠡᠳ ᠲᠠᠬᠢᠨ ᠬᠠᠨ ᠸᠧᠢ ᠶᠢᠨ | ᠭᠡᠷ ᠵᠦᠭ ᠶᠠᠭᠠᠷᠠᠯᠳᠠᠢ ᠶᠠᠪᠤᠪᠠ᠃ ︽ᠬᠠᠨ ᠸᠧᠢ ᠶᠢᠨ ᠬᠤᠨᠢᠨ ᠰᠦᠷᠦᠭ ᠲᠤ ᠭᠡᠮ ᠭᠠᠷᠴᠠᠢ᠂ ᠲᠡᠷᠡ ᠤᠳᠤ | ᠮᠠᠯ ᠤᠨ ᠡᠮ ᠤᠯᠬᠤ ᠦᠭᠡᠢ ᠶᠡᠭᠡ ᠯᠡ ᠵᠤᠪᠠᠵᠦ ᠪᠠᠶᠢᠨ᠎ᠠ᠃ ᠲᠡᠬᠦᠨ ᠤ ᠭᠡᠷ ᠠᠴᠠ ᠪᠠᠯᠭᠠᠰᠤᠨ ᠤ ᠮᠠᠯ ᠤᠨ ᠡᠮ ᠤᠨ | ᠲᠡᠯᠭᠡᠬᠦᠷ ᠲᠤ ᠤᠴᠢᠭᠠᠳ ᠢᠷᠡᠬᠦ ᠳᠤ ᠬᠠᠭᠠᠰ ᠡᠳᠦᠷ ᠤᠨ ᠴᠠᠭ ᠭᠡᠷᠡᠭᠰᠡᠨ᠎ᠠ᠂ ᠲᠡᠷᠡ ᠭᠡᠷ ᠲᠤ ᠪᠠᠨ | ᠭᠠᠭᠴᠠᠭᠠᠷ ᠢᠶᠠᠨ ᠰᠠᠭᠤᠳᠠᠭ ᠬᠦᠮᠦᠨ᠂ ᠡᠶᠢᠮᠦ ᠤᠷᠲᠤ ᠬᠤᠭᠤᠴᠠᠭ᠎ᠠ ᠪᠠᠷ ᠬᠤᠨᠢ ᠪᠠᠨ ᠬᠠᠶᠠᠭᠠᠳ ᠶᠠᠪᠤᠬᠤ ᠶᠢᠨ | ᠠᠷᠭ᠎ᠠ ᠦᠭᠡᠢ ᠰᠢᠦ︾ ᠭᠡᠵᠦ ᠴᠧᠨ ᠨᠤᠮᠢᠨ ᠬᠡᠯᠡᠨ᠎ᠠ᠃ | ᠢᠡᠭᠬᠢᠭᠡᠳ ᠲᠡᠷᠡ ᠬᠠᠨ ᠸᠧᠢ ᠶᠢᠨ ᠮᠠᠯ ᠤᠨ ᠡᠮ ᠢ ᠬᠦᠷᠭᠡᠵᠦ ᠦᠭᠬᠦᠭᠡᠳ ᠰᠠᠶ᠋ᠢ ᠰᠡᠳᠬᠢᠯ ᠤᠨ ᠲᠠᠷᠤᠭᠠᠰᠤ ᠨᠢ | ᠬᠦᠡᠭᠭᠡᠷᠡᠪᠡ᠃ ᠲᠡᠬᠦᠨ ᠤ ᠦᠵᠡᠬᠦ ᠪᠠᠷ᠂ ᠮᠠᠯᠴᠢᠨ ᠲᠠᠷᠢᠶᠠᠴᠢᠳ ᠤᠨ ᠶᠠᠪᠤᠳᠠᠯ ᠢ ᠦᠪᠡᠷ ᠤᠨ ᠢᠶᠠᠨ ᠶᠠᠪᠤᠳᠠᠯ ᠲᠠᠢ | ᠠᠳᠠᠯᠢ ᠦᠵᠡᠬᠦ ᠬᠡᠷᠡᠭᠲᠠᠢ᠂ ᠢᠡᠭᠬᠢᠪᠡᠯ ᠰᠠᠶ᠋ᠢ ᠡᠨᠡ ᠠᠵᠢᠯ ᠳᠤ ᠪᠠᠨ ᠲᠤᠷ᠎ᠠ ᠪᠠᠬ᠎ᠠ ᠲᠠᠢ ᠪᠤᠯᠵᠦ᠂ ᠮᠠᠯᠴᠢᠨ | ᠲᠠᠷᠢᠶᠠᠴᠢᠳ ᠲᠤ ᠰᠠᠶᠢᠳᠤᠷ ᠦᠢᠯᠡᠴᠢᠯᠡᠵᠦ ᠴᠢᠳᠠᠨ᠎ᠠ᠃ | ᠴᠧᠨ ᠨᠤᠮᠢᠨ ᠮᠠᠯ ᠤᠨ ᠲᠤᠪᠤ ᠪᠠᠷ ᠡᠳ᠋ ᠭᠡᠷᠡᠭᠰᠡᠯ ᠬᠦᠷᠭᠡᠵᠦ ᠪᠠᠷᠠᠭᠠᠳ ᠲᠠᠷᠦ᠋ᠢᠬᠠᠨ ᡁᠢ ᠹᠦ᠋ ᠲᠤᠰᠬᠤᠨ ᠤ | ᠸᠠᠩ ᠭᠦᠢ ᠰᠢᠶᠠ ᠶᠢᠨ ᠭᠡᠷ ᠢ ᠴᠢᠭᠯᠡᠪᠡ᠃ ︽ᠲᠡᠬᠦᠨ ᠤ ᠬᠦᠦ ᠨᠢ ᠬᠦᠨᠳᠦ ᠡᠪᠡᠳᠴᠢᠨ ᠲᠠᠢ᠂ ᠭᠡᠷ ᠲᠤ ᠨᠢ ᠪᠠᠰᠠ | ᠦᠭᠡᠷ᠎ᠠ ᠬᠦᠮᠦᠨ ᠦᠭᠡᠢ᠂ ᠠᠮᠢᠳᠤᠷᠠᠯ ᠨᠢ ᠨᠡᠯᠢᠶᠡᠳ ᠬᠦᠴᠢᠷᠳᠠᠯᠳᠠᠢ ᠰᠢᠦ︾ ᠭᠡᠵᠦ ᠴᠧᠨ ᠨᠤᠮᠢᠨ ᠲᠠᠨᠢᠯᠴᠠᠭᠤᠯᠵᠦ | ᠪᠠᠶᠢᠯ᠎ᠠ᠃ ᠲᠡᠷᠡ ᠡᠮᠦᠨ᠎ᠠ ᠤᠳᠠᠭ᠎ᠠ ᠡᠨᠡᠬᠦᠷ ᠢᠷᠡᠵᠦ ᠪᠠᠶᠢᠳᠠᠯ ᠢ ᠨᠢ ᠤᠢᠢᠯᠠᠭᠠᠭᠠᠳ ᠶᠠᠪᠤᠬᠤ ᠳᠤ ᠪᠠᠨ ᠪᠠᠯᠭᠠᠰᠤᠨ ᠤ | ᠵᠠᠰᠠᠭ ᠤᠨ ᠤᠷᠳᠤᠨ ᠳᠤ ᠬᠦᠷᠴᠦ ᠶᠠᠳᠠᠭᠤ ᠬᠦᠴᠢᠷᠳᠠᠯᠳᠠᠢ ᠡᠷᠦᠭᠡ ᠶᠢᠨ ᠬᠠᠪᠰᠤᠷᠤᠯᠭ᠎ᠠ ᠲᠡᠮᠵᠢᠯᠭᠡ ᠶᠢ ᠠᠰᠠᠭᠤᠵᠦ | ᠯᠠᠪᠯᠠᠵᠠᠢ᠃ ᠸᠠᠩ ᠭᠦᠢ ᠰᠢᠶᠠ ᠶᠢᠨ ᠬᠢᠨ ︽ᠲᠠᠪᠤᠨ ᠪᠠᠳᠤᠯᠠᠭᠠᠲᠦ ᠡᠷᠦᠬᠡ︾ ᠶᠢᠨ ᠬᠠᠷᠠᠭᠠᠯᠵᠠᠯ ᠢ ᠡᠷᠡᠮᠡᠯᠵᠡᠵᠦ | ᠪᠤᠯᠬᠤ ᠶᠢ ᠮᠡᠳᠡᠮᠡᠭᠴᠡ ᠲᠤᠰᠬᠤᠨ ᠤ ᠵᠦᠪᠯᠡᠯ ᠪᠠ ᠬᠠᠮᠢᠶ᠎ᠠ ᠪᠦᠬᠦᠢ ᠠᠯᠪᠠᠨ ᠪᠠᠶᠢᠭᠤᠯᠭ᠎ᠠ ᠲᠠᠢ ᠬᠠᠷᠢᠯᠴᠠᠵᠦ ︽ | ᠲᠠᠪᠤᠨ ᠪᠠᠳᠤᠯᠠᠭᠠᠲᠦ ᠡᠷᠦᠬᠡ︾ ᠶᠢᠨ ᠬᠠᠷᠠᠭᠠᠯᠵᠠᠯ ᠡᠷᠡᠮᠡᠯᠵᠡᠬᠦ ᠪᠢᠴᠢᠭ ᠮᠠᠲ᠋ᠧᠷᠢᠶᠠᠯ ᠢ ᠨᠢ ᠪᠡᠯᠡᠳᠭᠡᠵᠦ ᠦᠭᠭᠦᠭᠰᠡᠨ | ᠠᠵᠢ᠃ | ︽ᠦᠨᠦᠳᠦᠷ ︿ᠲᠠᠪᠤᠨ ᠪᠠᠳᠤᠯᠠᠭᠠᠲᠦ ᠡᠷᠦᠬᠡ﹀ ᠶᠢᠨ ᠬᠠᠷᠠᠭᠠᠯᠵᠠᠯ ᠢ ᠡᠷᠡᠮᠡᠯᠵᠡᠬᠦ ᠪᠢᠴᠢᠭ ᠮᠠᠲ᠋ᠧᠷᠢᠶᠠᠯ ᠢ ᠴᠢᠨᠢ | ᠪᠦᠬᠦᠨ ᠢ ᠪᠡᠯᠡᠳᠭᠡᠵᠦ ᠲᠠᠭᠤᠰᠬᠠᠵᠠᠢ᠂ ᠤᠳᠤ ᠲᠠ ᠭᠠᠷ ᠤᠨ ᠦᠰᠦᠭ ᠢᠶᠠᠨ ᠵᠢᠷᠤᠭᠠᠳ ᠪᠢ ᠪᠠᠯᠭᠠᠰᠤᠨ ᠤ | ᠵᠠᠰᠠᠭ ᠤᠨ ᠤᠷᠳᠤᠨ ᠳᠤ ᠬᠦᠷᠭᠡᠭᠡᠳ ᠦᠭᠪᠠᠯ ᠪᠤᠯᠴᠢᠬᠠᠨ᠎ᠠ ᠰᠢᠦ︾ ᠭᠡᠳ ᠴᠧᠨ ᠨᠤᠮᠢᠨ ᠪᠦᠰ | ᠤᠭᠤᠳᠠᠨ ᠠᠴᠠ ᠪᠠᠨ ᠪᠢᠴᠢᠭ ᠮᠠᠲ᠋ᠧᠷᠢᠶᠠᠯ ᠢ ᠨᠢ ᠭᠠᠷᠭᠠᠬᠤ ᠳᠤ ᠸᠠᠩ ᠭᠦᠢ ᠰᠢᠶᠠ ᠨᠠᠰᠤᠲᠠᠨ ᠴᠠᠭᠠᠰᠢ ᠪᠠᠨ | ᠬᠠᠷᠠᠭᠠᠳ ᠨᠢᠯᠪᠤᠰᠤ ᠪᠠᠨ ᠠᠷᠴᠢᠵᠦ ᠪᠠᠶᠢᠯ᠎ᠠ᠃ | ᠲᠡᠷᠡ ᠪᠠᠷ ᠸᠠᠩ ᠭᠦᠢ ᠰᠢᠶᠠ ᠶᠢᠨ ᠭᠡᠷ ᠠᠴᠠ ᠭᠠᠷᠴᠤ ᠢᠷᠡᠭᠡᠳ ᠶᠠᠪᠤᠳᠠᠯ᠎ᠠ ᠲᠤᠰᠬᠤᠨ ᠤ ᠠᠷᠠᠳ ᠯᠢᠶᠠᠩ | ᠰᠢᠤᠢ ᠭᠡᠳᠦᠨ ᠬᠦᠮᠦᠨ ᠲᠠᠢ ᠦᠡᠭᠭᠡᠷᠡᠭᠰᠡᠨ ᠵᠢᠯ ᠤᠨ ᠤᠷᠤᠯᠭ᠎ᠠ ᠵᠠᠷᠤᠯᠭ᠎ᠠ ᠶᠢᠨ ᠪᠠᠶᠢᠳᠠᠯ ᠢᠶᠠᠨ ᠵᠤᠭᠤᠬᠳᠠᠭᠠᠳ | ᠰᠠᠭᠤᠵᠦ ᠪᠠᠶᠢᠪᠠ᠃ | — ᠨᠤᠮᠢᠨ ᠡ︕ ᠡᠨᠡ ᠭᠡᠷᠡᠯᠳᠦᠬᠦᠯᠭᠡ ᠶᠢ ᠠᠪᠤᠭᠠᠳ ᠶᠠᠪᠤ᠂ ᠰᠦᠨᠢ ᠤᠷᠤᠢ ᠪᠠᠷ ᠵᠠᠮᠨᠠᠬᠤ ᠬᠦᠮᠦᠨ ᠳᠤ | ᠶᠡᠭᠡ ᠲᠤᠰᠠᠳᠠᠢ ᠡᠳ᠋ ᠰᠢᠦ︕ | — ᠠᠬ᠎ᠠ ᠡ᠂ ᠮᠠᠨ ᠤ ᠴᠠᠬᠳᠠᠭ᠎ᠠ ᠨᠠᠷ ᠲᠤ ᠡᠶᠢᠮᠦ ᠪᠠᠭᠠᠵᠢ ᠬᠡᠷᠡᠭᠰᠡᠯ ᠪᠠᠶᠢᠨ᠎ᠠ᠃ ᠲᠠᠨ ᠳᠤ ᠲᠠᠯᠠᠷᠬᠠᠵᠦ | ᠪᠠᠢᠨ᠎ᠠ ᠰᠢᠦ︕ | — ᠮᠠᠨᠤᠰ ᠴᠢᠮ᠎ᠠ ᠳᠤ ᠲᠠᠯᠠᠷᠬᠠᠪᠠᠯ ᠰᠠᠶ᠋ᠢ ᠲᠠᠭᠠᠷᠠᠨ᠎ᠠ᠃ ᠦᠡᠭᠭᠡᠷᠡᠭᠰᠡᠨ ᠵᠢᠯ ᠤᠨ ᠨᠠᠮᠤᠷ ᠤᠨ | ᠬᠤᠷᠢᠶᠠᠯᠳᠠ ᠶᠢᠨ ᠦᠶ᠎ᠠ ᠳᠤ᠂ ᠲᠠᠨ ᠤ ᠬᠠᠪᠰᠤᠷᠤᠯᠭ᠎ᠠ ᠪᠠᠷ ᠮᠠᠨ ᠤ ᠲᠠᠷᠢᠶᠠᠯᠠᠩ ᠤᠨ ᠮᠠᠰᠢᠨ ᠡᠳ᠋ᠯᠠᠵᠦ ᠪᠠᠢᠭ᠎ᠠ | ᠬᠦᠮᠦᠰ ᠰᠠᠶᠢ ᠰᠠᠨᠠᠭ᠎ᠠ ᠠᠮᠤᠷ ᠠᠵᠢᠯ ᠢᠶᠠᠨ ᠬᠢᠵᠦ ᠴᠢᠳᠠᠬᠰᠠᠨ ᠰᠢᠦ︕ | ᠤᠤᠯ ᠨᠢ᠂ ᠦᠡᠭᠭᠡᠷᠡᠭᠰᠡᠨ ᠵᠢᠯ ᠳᠤ ᠴᠧᠨ ᠨᠤᠮᠢᠨ ᠬᠦᠳᠡᠭᠡ ᠪᠠᠭᠤᠬᠤ ᠳᠤ ᠪᠠᠨ ᠡ᠊ᠨᠳᠡᠬᠢ ᠲᠠᠷᠢᠶᠠᠯᠠᠩ ᠤᠨ | ᠮᠠᠰᠢᠨ ᠳᠤ ᠠᠮᠤᠷ ᠲᠦᠪᠰᠢᠨ ᠤ ᠠᠰᠠᠭᠤᠳᠠᠯ ᠤᠷᠤᠰᠢᠵᠦ ᠪᠠᠶᠢᠬᠤ ᠶᠢ ᠤᠯᠵᠦ ᠮᠡᠳᠡᠵᠠᠢ᠃ ᠢᠡᠭᠬᠢᠭᠡᠳ ᠲᠡᠷᠡ | ᠨᠠᠮᠤᠷ ᠤᠨ ᠬᠤᠷᠢᠶᠠᠯᠳᠠ ᠶᠢᠨ ᠠᠵᠢᠯ ᠡᠬᠢᠯᠡᠬᠦ ᠠᠴᠠ ᠡᠮᠦᠨ᠎ᠠ᠂ ᠡᠷᠦᠭᠡ ᠲᠠᠷᠠᠭᠠᠯᠠᠨ ᠵᠠᠮ ᠬᠠᠷᠢᠯᠴᠠᠭᠠᠨ ᠤ ᠠᠮᠤᠷ | ᠲᠦᠪᠰᠢᠨ ᠤ ᠮᠡᠳᠡᠯᠭᠡ ᠲᠦᠭᠡᠮᠡᠯᠵᠢᠬᠦᠯᠵᠦ ᠶᠠᠪᠤᠬᠤ ᠶᠢᠨ ᠬᠠᠮᠳᠦ ᠲᠠᠷᠢᠶᠠᠯᠬᠠᠭ᠌ ᠤᠨ ᠮᠠᠰᠢᠨ ᠢ ᠨᠢ ᠪᠦᠷᠢᠳᠭᠡᠨ | ᠲᠡᠮᠳᠡᠭᠯᠡᠵᠦ᠂ ᠲᠠᠷᠢᠶᠠᠯᠠᠩ ᠤᠨ ᠮᠠᠰᠢᠨ ᠳᠤ ᠨᠢ ᠭᠡᠷᠡᠯ ᠤᠢᠢᠯᠭᠠᠬᠤ ᠨᠠᠭᠠᠯᠲᠠ ᠨᠠᠭᠠᠵᠦ ᠦᠭᠴᠠᠢ᠃ ᠡᠬᠦᠨ ᠤ | ᠠᠴᠢ ᠪᠠᠷ ᠡᠨᠡ ᠤᠢᠷ᠎ᠠ ᠤᠷᠴᠢᠨ ᠤ ᠬᠡᠳᠦᠨ ᠵᠠᠭᠤᠨ ᠲᠠᠷᠢᠶᠠᠯᠠᠩ ᠤᠨ ᠮᠠᠰᠢᠨ ᠳᠤ ᠭᠡᠷᠡᠯ ᠤᠢᠢᠯᠭᠠᠬᠤ ᠨᠠᠭᠠᠯᠳᠠ ᠲᠠᠢ | ᠪᠤᠯᠵᠦ᠂ ᠦᠡᠭᠭᠡᠷᠡᠭᠰᠡᠨ ᠵᠢᠯ ᠤᠨ ᠨᠠᠮᠤᠷ ᠤᠨ ᠬᠤᠷᠢᠶᠠᠯᠳᠠ ᠶᠢᠨ ᠬᠤᠭᠤᠴᠠᠭᠠᠨ ᠳᠤ ᠲᠠᠷᠢᠶᠠᠯᠠᠩ ᠤᠨ ᠮᠠᠰᠢᠨ ᠠᠴᠠ | ᠪᠤᠯᠤᠬᠰᠠᠨ ᠵᠠᠮ ᠤᠨ ᠡ᠊ᠨᠳᠠᠯ ᠨᠢᠭᠡ ᠤᠳᠠᠭ᠎ᠠ ᠴᠦ ᠭᠠᠷᠤᠬᠰᠠᠨ ᠦᠭᠡᠢ᠃ | ᠴᠧᠨ ᠨᠤᠮᠢᠨ ᠤ ᠦᠵᠡᠬᠦ ᠪᠠᠷ᠂ ᠠᠷᠠᠳ ᠤᠯᠠᠨ ᠤ ᠠᠵᠢᠯ ᠢ ᠰᠠᠶᠢᠳᠤᠷ ᠬᠢᠬᠦ ᠳᠤ᠂ ᠡᠷᠭᠡᠪᠰᠢ ᠦᠨᠳᠦᠰᠦᠨ | ᠱᠠᠳᠤᠨ ᠳᠤ ᠭᠦᠨᠵᠡᠭᠡᠶᠢᠷᠡᠵᠦ ᠮᠠᠯᠴᠢᠨ ᠲᠠᠷᠢᠶᠠᠴᠢᠳ ᠤᠨ ᠠᠮᠢᠳᠤᠷᠠᠯ ᠲᠠᠢ ᠤᠢᠢᠷᠠᠳᠬᠤ ᠬᠡᠷᠡᠭᠳᠠᠢ᠃ ᠢᠡᠭᠬᠢᠪᠡᠯ | ᠰᠠᠶ᠋ᠢ ᠲᠡᠳᠡᠨᠤᠰ ᠤᠨ ᠠᠮᠢᠳᠤᠷᠠᠯ ᠢ ᠤᠢᠢᠯᠠᠭᠠᠵᠦ᠂ ᠲᠡᠳᠡᠨᠤᠰ ᠤᠨ ᠠᠮᠢᠳᠤᠷᠠᠯ ᠳᠤ ᠲᠤᠰᠠᠯᠠᠵᠦ᠂ ᠲᠡᠳᠡᠨᠤᠰ ᠤᠨ | ᠲᠤᠳᠤᠨᠤ ᠬᠦᠮᠦᠨ ᠪᠤᠯᠵᠦ ᠴᠢᠳᠠᠨ᠎ᠠ᠃ | ︽ᠪᠢ ᠶᠡᠷᠦ ᠶᠢᠨ ᠨᠢᠭᠡᠨ ᠲᠠᠷᠢᠶᠠᠴᠢᠨ ᠤ ᠭᠡᠷ ᠤᠨ ᠦᠯᠢ ᠳᠤ ᠲᠦᠷᠦᠵᠦ ᠦᠰᠴᠠᠢ᠂ ᠬᠦᠳᠡᠭᠡ ᠲᠤᠰᠬᠤᠨ᠂ | ᠮᠠᠯᠴᠢᠨ ᠲᠠᠷᠢᠶᠠᠴᠢᠳ ᠲᠤ ᠪᠠᠨ ᠬᠥᠨ ᠵᠤᠵᠠᠭᠠᠨ ᠬᠠᠶᠢᠷ᠎ᠠ ᠰᠡᠳᠬᠢᠯᠭᠡ ᠲᠠᠢ᠃ ᠡᠨᠡ ᠪᠤᠯ ᠮᠢᠨᠤ ᠠᠷᠠᠳ ᠤᠯᠠᠨ ᠤ | ᠠᠵᠢᠯ ᠢ ᠬᠢᠬᠦ ᠲᠠᠪᠠᠭᠤᠯᠢᠭ ᠨᠦᠬᠦᠴᠡᠯ ᠮᠦᠨ᠃ ᠡᠶᠢᠮᠦ ᠠᠴᠠ ᠪᠢ ᠬᠤᠵᠢᠮ ᠬᠤᠶᠢᠰᠢᠳᠠ ᠪᠠᠨ ᠦᠷᠬᠦᠯᠵᠢᠯᠡᠨ | ᠢᠯᠡᠬᠦᠭᠡᠨ ᠬᠦᠳᠡᠭᠡ ᠪᠠᠭᠤᠵᠦ ᠮᠠᠯᠴᠢᠨ ᠲᠠᠷᠢᠶᠠᠴᠢᠳ ᠤᠨ ᠪᠠᠶᠢᠳᠠᠯ ᠢ ᠤᠢᠢᠯᠠᠭᠠᠵᠦ᠂ ᠲᠡᠳᠡᠨᠤᠰ ᠲᠤ ᠨᠡᠩ ᠰᠠᠶᠢᠨ | ᠦᠢᠯᠡᠴᠢᠯᠡᠬᠦ ᠪᠠᠷ ᠴᠢᠷᠮᠠᠶᠢᠨ ᠠᠵᠢᠯᠯᠠᠨ᠎ᠠ︾ ᠭᠡᠵᠦ ᠴᠧᠨ ᠨᠤᠮᠢᠨ ᠰᠡᠳᠬᠢᠯ ᠲᠤᠬᠳᠤᠯᠤᠨ ᠬᠡᠯᠡᠵᠦ ᠪᠠᠢᠯ᠎ᠠ᠃ | ᠲᠡᠬᠦᠨ ᠤ ᠠᠵᠢᠯ ᠳᠤ ᠠᠤᠭ᠎ᠠ ᠶᠡᠭᠡ ᠬᠦᠰᠡᠯ ᠵᠤᠷᠢᠯᠳᠠ᠂ ᠬᠦᠮᠦᠨ ᠢ ᠰᠤᠴᠢᠭᠠᠮ᠎ᠠ ᠠᠮᠵᠢᠯᠳᠠ ᠪᠦᠳᠦᠮᠵᠢ ᠪᠠᠶᠢᠬᠤ | ᠦᠭᠡᠢ᠂ ᠭᠡᠪᠡᠴᠦ ᠲᠡᠷᠡ ᠮᠠᠯᠴᠢᠨ ᠲᠠᠷᠢᠶᠠᠴᠢᠳ ᠲᠤ ᠦᠢᠯᠡᠴᠢᠯᠡᠬᠦ ᠶᠡᠷᠦ ᠶᠢᠨ ᠨᠢᠭᠡᠨ ᠠᠵᠢᠯ ᠤᠨ ᠪᠠᠶᠢᠷᠢ ᠳᠤ ᠪᠠᠨ | ᠬᠠᠯᠠᠰᠢᠷᠠᠯ ᠦᠭᠡᠢ ᠴᠢᠷᠮᠠᠶᠢᠵᠦ᠂ ᠮᠠᠯᠴᠢᠨ ᠲᠠᠷᠢᠶᠠᠴᠢᠳ ᠤᠨ ᠢᠶᠠᠨ ᠬᠠᠶᠢᠷ᠎ᠠ ᠰᠡᠳᠬᠢᠯᠭᠡ ᠶᠢ ᠤᠯᠤᠬᠰᠠᠨ ︽ᠪᠦᠰ | ᠤᠭᠤᠳᠠ ᠲᠠᠢ ᠴᠠᠬᠳᠠᠭ᠎ᠠ︾ ᠪᠤᠯᠵᠦ ᠴᠢᠷᠮᠠᠶᠢᠨ ᠠᠵᠢᠯᠯᠠᠵᠦ ᠪᠠᠶᠢᠨ᠎ᠠ᠃ | ᠵᠣᠬᠢᠶᠠᠭᠴᠢ ᠶᠢᠨ ᠬᠠᠶ᠋ᠢᠭ᠄ ᠲᠦᠩᠯᠢᠶᠤᠤ ᠶᠢᠨ ᠡᠳᠦᠷ ᠤᠨ ᠰᠣᠨᠢᠨ ᠤ ᠬᠤᠷᠢᠶ᠎ᠠ | |