ᠲᠦᠮᠡᠨ ᠣᠯᠠᠨ ᠳᠤ ᠪᠠᠨ ᠰᠠᠶᠢᠰᠢᠶᠠᠯᠳᠡᠢ 《ᠲᠦᠯ ᠤᠨ ᠲᠠᠭᠤᠨ ᠺᠤᠮᠫᠠᠨᠢ》
ᠨᠡᠶᠢᠲᠡᠯᠡᠭᠰᠡᠨ ᠴᠠᠭ᠄
2023/8/21
                      ᠭᠠᠩᠪᠠᠭᠠᠳᠣᠷ ᠵᠣᠭᠢᠶᠠᠪᠠ             ︽ᠲᠦᠯ ᠤᠨ ᠲᠠᠭᠤᠨ ᠮᠠᠯ ᠠᠵᠦ ᠠᠬᠤᠢ ᠶᠢᠨ ᠣᠶᠢᠯᠡᠴᠢᠯᠡᠬᠡᠨ ᠤ ᠬᠢᠵᠠᠭᠠᠷᠳᠦ ᠺᠤᠮᠫᠠᠨᠢ︾ ᠶᠢᠨ ᠨᠤᠳᠤᠭ  ᠤᠨ ᠣᠯᠠᠨ ᠲᠦᠮᠡᠨ ᠳᠤ ᠣᠶᠢᠯᠡᠴᠢᠯᠡᠵᠦ ᠪᠠᠶᠢᠭ᠎ᠠ ᠣᠶᠢᠯᠡ ᠠᠵᠢᠯᠯᠠᠭ᠎ᠠ ᠶᠢ ᠳᠤᠷᠠᠳᠬᠤ ᠳᠤ ᠶᠠᠭᠤᠨ ᠤ ᠣᠷᠢᠳ ᠡᠨᠡ ᠬᠦ ᠺᠤᠮᠫᠠᠨᠢ ᠶᠢ ᠡᠬᠦᠰᠭᠡᠨ ᠪᠠᠶᠢᠭᠤᠯᠤᠬᠴᠢ ᠮᠦᠩᠭᠡᠪᠢᠯᠢᠭ ᠢ ᠲᠠᠨᠢᠯᠴᠠᠭᠤᠯᠬᠤ ᠶᠤᠰᠣᠳᠡᠢ᠃  ᠮᠠᠯ ᠳᠤ ᠪᠠᠨ ᠬᠠᠶᠢᠷᠠᠳᠡᠢ ᠮᠠᠯᠴᠢᠳ ᠮᠠᠨᠢ ᠮᠦᠩᠭᠡᠪᠢᠯᠢᠭ  ᠢ ᠮᠠᠯ ᠤᠨ ᠡᠮᠴᠢ ︵ᠲᠦᠯ ᠲᠤᠰᠣᠬᠴᠢ︶  ᠭᠡᠵᠤ ᠪᠠᠰᠠ ᠲᠠᠭᠤᠳᠠᠳᠠᠭ᠃   ︽ᠲᠦᠯ ᠤᠨ ᠲᠠᠭᠤᠨ  ᠺᠤᠮᠫᠠᠨᠢ︾ ᠶᠢᠨ ᠰᠢᠨ᠎ᠡ ᠡᠬᠦᠳᠦᠯᠳᠡ ᠰᠢᠨ᠎ᠡ ᠮᠡᠷᠭᠡᠵᠢᠯ ᠢᠶᠠᠷ ᠭᠠᠷ ᠬᠡᠬᠡᠯᠳᠦᠬᠦᠯᠬᠡ ᠬᠢᠭᠰᠡᠨ ᠦᠨᠢᠶᠡᠳ ᠨᠢ ᠲᠤᠭᠤᠯᠯᠠᠬᠤ ᠦᠶ᠎ᠡ ᠳᠤ ᠪᠠᠨ ᠪᠡᠷᠭᠡᠳᠡᠬᠦ ᠳᠤ ᠮᠠᠯᠴᠢᠳ ᠬᠡᠵᠢᠶ᠎ᠡ ᠣᠳᠠᠰᠣᠳᠠᠬᠰᠠᠨ ᠴᠤ ᠲᠡᠳᠡ ᠨᠠᠷ ᠲᠤᠬᠳᠠᠬᠰᠠᠨ ᠴᠠᠭ ᠲᠤ ᠪᠠᠨ ᠬᠦᠷᠳᠡᠭ ᠯᠡ ᠶᠤᠰᠣᠳᠡᠢ᠃  ︽ᠲᠦᠯ ᠤᠨ ᠲᠠᠭᠤᠨ  ᠺᠤᠮᠫᠠᠨᠢ︾ ᠶᠢᠨ ᠲᠤᠰᠤᠭᠰᠠᠨ ᠲᠤᠭᠤᠯ ᠲᠤᠷᠨᠢᠭᠤᠨ ᠪᠤᠶᠢᠵᠢᠳᠠᠭ ᠭᠡᠮᠡᠨ ᠮᠠᠯᠴᠢᠳ ᠪᠠᠶᠠᠷᠯᠠᠬᠰᠠᠨ ᠰᠡᠳᠬᠢᠯᠬᠡ ᠪᠠᠨ ᠢᠯᠡᠳᠭᠡᠵᠦ ᠯᠡ ᠪᠠᠶᠢᠬᠰᠠᠨ᠃       ᠬᠦᠳᠡᠭᠡ ᠲᠤᠰᠬᠤᠨ ᠢ  ᠬᠦᠭᠵᠢᠭᠦᠯᠦᠨ ᠮᠠᠨᠳᠤᠭᠤᠯᠬᠤ ᠲᠤᠮᠳᠠ ᠴᠢᠳᠡᠪᠦᠷᠢᠳᠡᠨ ᠢ ᠬᠦᠮᠦᠵᠢᠬᠦᠯᠬᠦ  ᠪᠠᠷ ᠬᠠᠷᠠᠯᠳᠠ ᠪᠤᠯᠭᠠᠵᠦ᠂ ᠠᠮᠢ ᠠᠬᠤᠢ ᠶᠢᠨ ᠪᠦᠳᠦᠭᠡᠨ ᠪᠠᠶᠢᠭᠤᠯᠤᠯᠳᠠ ᠶᠢ ᠰᠠᠶᠢᠵᠢᠷᠠᠭᠤᠯᠬᠤ  ᠵᠢᠴᠢ ᠣᠷᠤᠨ ᠨᠤᠳᠤᠭ  ᠤᠨ ᠮᠠᠯ ᠠᠵᠦ ᠠᠬᠤᠢ ᠶᠢᠨ ᠡᠷᠡᠬᠦᠯ ᠢᠶᠠᠷ ᠬᠦᠭᠵᠢᠬᠦ ᠶᠢ ᠠᠬᠢᠭᠤᠯᠬᠤ ᠳᠤ ᠬᠦᠴᠦᠨ ᠵᠢᠳᠬᠦᠯ ᠦᠵᠡᠬᠦᠯᠵᠦ ᠶᠠᠪᠤᠭ᠎ᠠ ᠪᠠᠭᠠᠷᠢᠨ ᠪᠠᠷᠠᠭᠤᠨ ᠬᠤᠰᠢᠭᠤᠨ ᠤ ︽ᠲᠦᠯ ᠤᠨ ᠲᠠᠭᠤᠨ ᠮᠠᠯ ᠠᠵᠦ ᠠᠬᠤᠢ ᠶᠢᠨ ᠣᠶᠢᠯᠡᠴᠢᠯᠡᠬᠡᠨ ᠤ ᠬᠢᠵᠠᠭᠠᠷᠳᠦ ᠺᠤᠮᠫᠠᠨᠢ ︾ ᠶᠢᠨ ᠲᠠᠭᠠᠭᠠᠮᠠᠯ ᠮᠦᠩᠬᠡᠪᠢᠯᠢᠭ  ᠪᠤᠯᠤᠨ ᠲᠡᠬᠦᠨ ᠤ ᠨᠠᠶᠢᠵᠠ ᠨᠦᠬᠦᠳ ᠤᠨ ᠣᠶᠢᠯᠠ ᠠᠵᠢᠯᠯᠠᠭ᠎ᠠ  ᠶᠢ ᠬᠤᠪᠢᠶᠠᠯᠴᠠᠬᠤ ᠪᠠᠷ ᠪᠠᠭᠠᠷᠢᠨ ᠪᠠᠷᠠᠭᠤᠨ ᠬᠤᠰᠢᠭᠤᠨ ᠤ ᠰᠢᠷᠠᠮᠥ᠋ᠷᠡᠨ ᠰᠣᠮᠤ ᠶᠢ ᠵᠤᠷᠢᠬᠤ ᠳᠤ ᠮᠦᠩᠭᠡᠪᠢᠯᠢᠭ ᠶᠠᠭ ᠰᠠᠶᠢᠬᠠᠨ ᠱᠠᠪᠢ ᠨᠠᠷ ᠢᠶᠠᠨ ᠲᠠᠭᠠᠭᠤᠯᠤᠨ ᠪᠠᠭᠠᠷᠢᠨ ᠪᠠᠷᠠᠭᠤᠨ ᠬᠤᠰᠢᠭᠤᠨ ᠤ ᠮᠠᠯ ᠤᠨ ᠡᠬᠦᠯᠳᠡᠷ ᠰᠠᠶᠢᠵᠢᠷᠠᠭᠤᠯᠬᠤ ᠮᠡᠷᠭᠡᠵᠢᠯᠳᠡᠨ ᠲᠠᠢ ᠬᠠᠮᠳᠦ ᠦᠨᠢᠶᠡᠨ ᠳᠤ ᠬᠦᠪᠦᠷᠡᠯ ᠰᠢᠯᠵᠢᠬᠦᠯᠬᠦ ᠠᠵᠢᠯ ᠳᠤ  ᠶᠠᠭᠠᠷᠠᠵᠦ  ᠪᠠᠶᠢᠯ᠎ᠡ᠃      ︽〈ᠲᠦᠯ ᠤᠨ ᠲᠠᠭᠤᠨ ᠮᠠᠯ ᠠᠵᠦ ᠠᠬᠤᠢ ᠶᠢᠨ ᠣᠶᠢᠯᠡᠴᠢᠯᠡᠬᠡᠨ ᠤ ᠬᠢᠵᠠᠭᠠᠷᠳᠦ ᠺᠣᠮᠫᠠᠨᠢ 〉 ᠶᠢᠨ ᠴᠡᠩᠭᠡᠷ ᠦᠩᠭᠡ ᠲᠠᠢ ᠮᠠᠰᠢᠨ  ᠲᠡᠷᠭᠡ  ᠮᠠᠯᠴᠢᠨ ᠲᠦᠮᠡᠨ ᠳᠤ ᠪᠠᠨ ᠣᠶᠢᠯᠡᠴᠢᠯᠡᠬᠦ ᠭᠡᠳ ᠯᠡ ᠡᠳᠣᠷ ᠰᠦᠨᠢ ᠦᠬᠡᠢ ᠵᠠᠮ ᠤᠨ ᠲᠤᠭᠤᠰᠣ ᠬᠦᠳᠡᠯᠬᠡᠵᠦ ᠶᠠᠪᠤᠨ᠎ᠠ︾ ᠬᠡᠵᠦ ᠰᠢᠷᠠᠮᠥ᠋ᠷᠡᠨ ᠨᠤᠳᠤᠭ ᠤᠨ ᠮᠠᠯᠴᠢᠳ ᠰᠡᠳᠬᠢᠯ ᠳᠣᠬᠳᠣᠯᠤᠨ  ᠶᠠᠷᠢᠵᠠᠭᠠᠨ᠎ᠠ᠃  ᠮᠡᠷᠭᠡᠵᠢᠯᠳᠡᠨ ᠮᠦᠩᠭᠡᠪᠢᠯᠢᠭ ᠮᠠᠨᠢ ᠲᠤᠰ ᠺᠤᠮᠫᠠᠨᠢ ᠶᠢ 2018 ᠣᠨ ᠳᠤ ᠪᠠᠶᠢᠭᠤᠯᠤᠬᠰᠠᠨ ᠠᠴᠠ ᠨᠠᠭᠠᠰᠢ ᠰᠢᠷᠠᠮᠥ᠋ᠷᠡᠨ ᠨᠤᠳᠤᠭ ᠤᠨ ᠦᠬᠡᠷ ᠬᠤᠨᠢᠨ ᠤ ᠡᠬᠦᠯᠳᠡᠷ ᠰᠠᠶᠢᠵᠢᠷᠠᠭᠤᠯᠬᠤ ᠠᠵᠢᠯ ᠢ ᠭᠠᠷᠳᠡᠨ ᠪᠡᠶᠡᠯᠡᠬᠦᠯᠬᠦ ᠬᠡᠮᠡᠨ ᠵᠢᠳᠬᠦᠵᠦ ᠶᠠᠪᠤᠬᠰᠠᠨ ᠢ ᠨᠢ ᠴᠡᠩᠭᠡᠷ ᠦᠩᠭᠡ ᠲᠠᠢ ᠮᠠᠰᠢᠨ ᠲᠡᠷᠭᠡ ᠬᠦᠷᠦᠭᠡᠳ ᠣᠴᠢᠬᠤ ᠶᠢ ᠨᠢ  ᠬᠦᠰᠡᠨ ᠬᠦᠯᠢᠶᠡᠭᠰᠡᠨ ᠬᠦᠳᠡᠭᠡ ᠶᠢᠨ ᠮᠠᠯᠴᠢᠨ ᠠᠶᠢᠯ ᠠᠴᠠ ᠡᠬᠢᠯᠡᠬᠡᠳ ᠴᠢᠨᠠᠷ ᠰᠠᠶᠢᠳᠡᠢ ᠡᠬᠦᠯᠳᠡᠷ ᠤᠨ ᠮᠠᠯ ᠭᠡᠮᠡᠨ ᠮᠠᠬᠳᠠᠵᠦ ᠶᠠᠪᠤᠬᠰᠠᠨ ᠲᠡᠭᠡᠳᠦ ᠱᠠᠳᠣᠨ ᠤ ᠣᠳᠣᠷᠢᠳᠣᠯᠭ᠎ᠠ ᠨᠠᠷ ᠪᠦᠷ ᠰᠠᠶᠢᠨ ᠮᠡᠳᠡᠳᠡᠭ᠃  ᠬᠤᠶᠠᠷ ᠵᠢᠯ ᠤᠨ ᠡᠮᠦᠨ᠎ᠡ ᠮᠦᠩᠭᠡᠪᠢᠯᠢᠭ ᠪᠣᠯᠣᠨ ᠲᠡᠭᠦᠨ ᠤ ᠨᠠᠶᠢᠵᠠ ᠨᠦᠬᠦᠳ ᠨᠢ ᠠᠥ᠋ᠰᠲᠷᠡᠯᠢᠶ᠎ᠡ ᠶᠢᠨ ᠴᠠᠭᠠᠨ ᠬᠤᠨᠢᠨ ᠤ ᠡᠬᠦᠯᠳᠡᠷ ᠤᠨ ᠵᠢᠷᠭᠤᠭᠠᠨ ᠬᠤᠴᠡ ᠪᠠᠨ ᠵᠠᠳᠠᠭᠠᠢ ᠲᠡᠷᠭᠡᠨ ᠳᠤ ᠲᠡᠭᠡᠭᠡᠵᠦ ᠬᠢᠩᠭᠠᠨ ᠠᠶᠢᠮᠠᠭ ᠤᠨ ᠣᠯᠠᠭᠠᠨᠮᠤᠳᠤ ᠭᠡᠮᠡᠬᠦ  ᠰᠠᠶᠢᠬᠠᠨ ᠨᠤᠳᠤᠭ ᠲᠤ ᠬᠦᠷᠴᠦ ᠮᠠᠯᠴᠢᠨ ᠠᠶᠢᠯ ᠤᠨ ᠬᠤᠨᠢᠨ ᠳᠤ ᠭᠠᠷ ᠭᠡᠭᠡᠯᠳᠦᠬᠦᠯᠬᠡ ᠬᠢᠵᠦ ᠦᠭᠭᠦᠭᠰᠡᠨ ᠣᠶᠢᠯᠠ ᠠᠵᠢᠯᠯᠠᠭ᠎ᠠ ᠨᠢ ᠬᠤᠯᠠ ᠣᠶᠢᠷ᠎ᠠ ᠶᠢᠨ ᠬᠢᠨ ᠤ ᠪᠠᠭ᠋ᠠᠷᠬᠠᠯ ᠪᠤᠯᠵᠦ ᠪᠢᠯᠡ᠃ ᠮᠦᠩᠭᠡᠪᠢᠯᠢᠭ ᠤᠨ ᠬᠠᠷᠢᠭᠤᠴᠠᠵᠦ ᠪᠠᠶᠢᠭ᠎ᠠ  ︽ᠲᠦᠯ ᠤᠨ ᠲᠠᠭᠤᠨ ᠺᠤᠮᠫᠠᠨᠢ︾ ᠨᠢ 2023 ᠣᠨ ᠤ 2 ᠳ᠋ᠤᠭᠠᠷ ᠰᠠᠷ᠎ᠠ ᠳᠤ ᠣᠯᠠᠭᠠᠬᠠᠳᠠ ᠶᠢᠨ ᠭᠡᠷᠡᠭᠯᠡᠬᠡᠨ ᠤ ᠮᠡᠷᠭᠡᠵᠢᠯ ᠤᠨ ᠠᠵᠢᠯ ᠮᠡᠷᠭᠡᠵᠢᠯ ᠤᠨ ᠲᠡᠭᠡᠳᠦ ᠰᠣᠷᠭᠠᠭᠤᠯᠢ ᠶᠢᠨ ᠮᠠᠯ ᠠᠵᠦ ᠠᠬᠤᠢ ᠶᠢᠨ ᠡᠮᠴᠢᠯᠡᠬᠡᠨ  ᠤ ᠰᠠᠯᠪᠤᠷᠢ ᠲᠠᠢ ᠬᠠᠮᠳᠣᠷᠠᠵᠦ ︽ᠣᠶᠢᠯᠡᠳᠪᠤᠷᠢᠯᠡᠯ ᠢᠶᠠᠷ ᠵᠢᠭᠠᠨ ᠰᠣᠳᠣᠯᠬᠤ ᠬᠠᠮᠳᠣᠷᠠᠯᠴᠠᠭᠠᠨ ᠤ ᠰᠠᠭᠤᠷᠢᠨ ᠭᠠᠵᠠᠷ ︾ ᠢ ᠪᠠᠶᠢᠭᠤᠯᠵᠦ᠂ ᠣᠳᠤ ᠪᠣᠯᠬᠤ ᠳᠤ 12 ᠮᠡᠷᠭᠡᠵᠢᠯ ᠤᠨ ᠠᠵᠢᠯᠳᠡᠨ ᠲᠠᠢ ᠪᠣᠯᠵᠦ᠂ ᠮᠠᠯ ᠠᠵᠦ ᠠᠬᠤᠢ ᠶᠢᠨ ᠡᠬᠦᠯᠳᠡᠷ ᠰᠠᠶᠢᠵᠢᠷᠠᠭᠤᠯᠬᠤ᠂ ᠮᠠᠯ ᠡᠮᠨᠡᠯᠬᠡ ᠶᠢᠨ ᠣᠶᠢᠯᠡᠴᠢᠯᠡᠭᠡ᠂ ᠮᠠᠯ ᠤᠨ ᠡᠮ ᠪᠤᠷᠣᠯᠠᠭᠤᠯᠬᠤ᠂ ᠲᠡᠵᠢᠬᠡᠯ ᠪᠤᠷᠳᠤᠭ᠎ᠠ ᠪᠤᠷᠣᠯᠠᠭᠤᠯᠬᠤ ᠵᠡᠷᠭᠡ ᠠᠵᠢᠯ ᠢ ᠡᠬᠦᠷᠭᠡᠯᠡᠵᠦ ᠡᠬᠢᠯᠡᠭᠰᠡᠨ ᠨᠢ ᠨᠤᠳᠤᠭ ᠤᠨ ᠮᠠᠯᠴᠢᠳ ᠤᠨ ᠲᠤᠮᠳᠠ ᠰᠣᠨᠢᠨ ᠰᠠᠶᠢᠬᠠᠨ ᠵᠤᠭᠤᠭ ᠪᠣᠯᠵᠦ ᠶᠠᠷᠢᠬᠳᠠᠨ᠎ᠠ᠃      ︽ᠲᠦᠯ ᠤᠨ ᠲᠠᠭᠤᠨ ᠮᠠᠯ ᠠᠵᠦ ᠠᠬᠤᠢ ᠶᠢᠨ ᠣᠶᠢᠯᠡᠴᠢᠯᠡᠬᠡᠨ ᠤ ᠬᠢᠵᠠᠭᠠᠷᠳᠦ ᠺᠤᠮᠫᠠᠨᠢ︾ ᠨᠢ ᠣᠳᠤ ᠪᠤᠯᠳᠠᠯ᠎ᠠ ᠣᠷᠢᠳ ᠬᠤᠵᠢᠳ ︽ᠣᠯᠠᠭᠠᠬᠠᠳᠠ ᠬᠤᠳᠠ ᠶᠢᠨ ᠰᠢᠯᠢᠳᠡᠭ ᠠᠵᠦ ᠠᠬᠤᠶᠢᠯᠠᠯ︾ ︽ᠵᠤᠯ ᠵᠢᠷᠭᠠᠯᠳᠦ ᠪᠠᠭᠠᠷᠢᠨ ᠪᠠᠷᠠᠭᠤᠨ ᠬᠤᠰᠢᠭᠤᠨ ᠤ ᠪᠦᠳᠦᠭᠡᠨ ᠪᠠᠶᠢᠭᠤᠯᠤᠯᠳᠠ — ᠲᠠᠷᠢᠶᠠᠯᠠᠩ ᠮᠠᠯ ᠠᠵᠦ ᠠᠬᠤᠢ ᠶᠢᠨ ᠣᠶᠢᠯᠡᠴᠢᠯᠡᠬᠡᠨ ᠤ ᠰᠧᠰᠲ᠋ᠧᠮ ᠤᠨ ᠠᠵᠢᠯ ᠤᠨ ᠲᠡᠷᠢᠬᠦᠨ ᠤ ᠬᠠᠮᠳᠦ︾  ︽ᠰᠢᠷᠡᠮᠥ᠋ᠷᠡᠨ ᠰᠣᠮᠤ ᠶᠢᠨ ᠲᠠᠷᠢᠶᠠᠯᠠᠩ ᠮᠠᠯ ᠠᠵᠦ ᠠᠬᠤᠢ ᠶᠢᠨ ᠵᠢᠱᠢᠶ᠎ᠡ ᠦᠵᠡᠭᠦᠯᠬᠦ ᠠᠵᠢᠯ ᠤᠨ ᠲᠡᠷᠢᠬᠦᠨ ᠤ ᠬᠠᠮᠳᠦ︾   ︽ᠪᠠᠭᠠᠷᠢᠨ ᠪᠠᠷᠠᠭᠤᠨ ᠬᠤᠰᠢᠭᠤᠨ ᠤ ᠰᠢᠨ᠎ᠡ ᠶᠢ ᠡᠭᠦᠳᠴᠦ ᠣᠶᠢᠯᠡᠰ ᠴᠣᠬᠴᠠᠯᠠᠬᠤ ᠣᠷᠣᠯᠳᠣᠭᠠᠨ ᠤ ᠱᠠᠩᠨᠠᠯ︾ ᠵᠡᠷᠭᠡ ᠬᠠᠮᠳᠦ ᠨᠢᠭᠡᠴᠢ  ᠶᠢᠨ ᠱᠠᠩᠨᠠᠯ ᠠᠴᠠ ᠭᠠᠳᠠᠨ᠎ᠠ ᠮᠦᠩᠭᠡᠪᠢᠯᠢᠭ ᠨᠦᠬᠦᠷ ᠢ  ᠪᠠᠭᠠᠷᠢᠨ ᠪᠠᠷᠠᠭᠤᠨ ᠬᠤᠰᠢᠭᠤᠨ ᠤ ᠠᠷᠡᠳ ᠤᠨ ᠲᠦᠯᠥᠬᠡᠯᠡᠭᠴᠢᠳ ᠤᠨ  ᠪᠠᠶᠢᠩᠭᠤ ᠬᠤᠷᠢᠶᠠᠨ ᠤ ᠲᠤᠰᠬᠠᠢ ᠬᠤᠷᠠᠯ ᠢᠶᠠᠷ ᠲᠠᠮᠵᠢᠨ ᠮᠠᠯ ᠠᠵᠦ ᠠᠬᠤᠢ ᠶᠢᠨ ᠲᠤᠰᠬᠠᠢ  ᠮᠡᠷᠭᠡᠵᠢᠯᠳᠡᠨ ᠤ ᠵᠦᠪᠯᠡᠭᠴᠢ  ᠢᠶᠠᠷ ᠣᠷᠢᠬᠰᠠᠨ  ᠪᠦᠭᠡᠳ ᠲᠡᠷᠡ ᠪᠠᠷ ᠪᠠᠭᠠᠷᠢᠨ ᠪᠠᠷᠠᠭᠤᠨ ᠬᠤᠰᠢᠭᠤᠨ ᠤ ᠣᠨᠴᠡ ᠣᠷᠢᠬᠰᠠᠨ ᠮᠠᠯ ᠠᠵᠦ ᠠᠬᠤᠢ ᠶᠢᠨ ᠮᠡᠷᠭᠡᠵᠢᠯ ᠤᠨ ᠪᠠᠭᠰᠢ᠂ ᠣᠯᠠᠭᠠᠬᠠᠳᠠ ᠮᠠᠯ ᠲᠠᠷᠢᠶᠠᠯᠠᠩ ᠤᠨ ᠰᠣᠷᠭᠠᠭᠤᠯᠢ ᠶᠢᠨ ᠣᠨᠴᠡ ᠣᠷᠢᠬᠰᠠᠨ ᠪᠠᠭᠰᠢ  ᠪᠠᠷ ᠵᠠᠯᠠᠬᠳᠡᠨ ᠶᠠᠷᠢᠶ᠎ᠡ ᠢᠯᠡᠳᠭᠡᠮᠵᠢ ᠶᠢᠨ ᠰᠠᠭᠤᠳᠡᠯ ᠳᠤ ᠰᠠᠭᠠᠳᠡᠨ ᠪᠤᠳᠡᠳᠡᠢ ᠳᠤ ᠬᠦᠨᠵᠡᠬᠡᠶᠢᠷᠡᠨ ᠣᠷᠣᠯᠳᠣᠯᠭ᠎ᠠ ᠴᠢᠷᠮᠠᠶᠢᠯᠠᠭ᠎ᠠ ᠲᠠᠢ ᠶᠠᠪᠤᠬᠰᠠᠨ ᠣᠨ ᠵᠢᠯ ᠤᠨ ᠲᠤᠮᠳᠡᠬᠢ ᠬᠦᠨ ᠬᠦᠡᠵᠡᠬᠡᠢ ᠰᠠᠭᠤᠬᠳᠡᠯ ᠢᠶᠠᠨ ᠣᠯᠠᠨ ᠮᠡᠷᠭᠡᠵᠢᠯᠳᠡᠨ ᠲᠠᠢ ᠬᠤᠪᠢᠶᠠᠯᠴᠠᠵᠦ  ᠦᠨᠡᠬᠡᠷ ᠴᠤ ᠢᠷᠠᠭᠤ ᠠᠯᠳᠡᠷ ᠲᠠᠢ ᠣᠯᠠᠨ ᠲᠦᠮᠡᠨ  ᠤ ᠰᠡᠳᠬᠢᠯ ᠤᠨ ᠲᠦᠰᠢᠭ ᠭᠡᠮᠡᠭᠳᠡᠭᠰᠡᠨ ᠰᠠᠶᠢᠨ ᠬᠦᠮᠣᠨ ᠤ ᠨᠠᠷ᠎ᠠ  ᠨᠢᠳᠡᠷ ᠲᠤ ᠪᠠᠨ  ᠨᠡᠶᠢᠴᠡᠵᠦ  ᠶᠠᠪᠤᠬᠰᠠᠨ ᠡᠷᠬᠢᠴᠡᠬᠦᠯᠥᠯ ᠲᠤᠷᠠᠰᠣᠮᠵᠢ ᠪᠤᠯᠤᠬᠰᠠᠨ ᠶᠤᠮ ᠳ᠋ᠠ᠃     ᠣᠷᠴᠢᠮ ᠤᠨ ᠵᠢᠯ ᠳᠤ ᠨᠢᠭᠡ ᠪᠦᠯᠥᠭ ᠵᠠᠯᠠᠭᠤᠴᠣᠳ ᠮᠠᠯ ᠠᠵᠦ ᠠᠬᠤᠢ ᠶᠢᠨ ᠡᠮᠴᠢᠯᠡᠬᠡᠨ ᠤ ᠮᠡᠷᠬᠡᠵᠢᠯ ᠡᠵᠡᠮᠰᠢᠵᠦ᠂ ᠨᠤᠳᠤᠭ ᠲᠤ ᠪᠠᠨ ᠪᠤᠴᠠᠬᠤ ᠪᠤᠯᠤᠬᠰᠠᠨ ᠪᠠᠶᠢᠨ᠎ᠠ᠃ ᠡᠳᠡᠭᠡᠷ ᠵᠠᠯᠠᠭᠤᠰ ᠤᠨ ᠳᠣᠳᠣᠷᠡᠬᠢ ᠨᠢᠭᠡ ᠨᠢ ᠪᠤᠯᠬᠤ ᠲᠦᠩᠯᠢᠶᠦᠦ ᠨᠤᠳᠤᠭ ᠲᠠᠢ ᠭᠤᠤ ᠶᠠ ᠵᠢᠶᠥ᠋ᠨ᠄ ︽ᠦᠪᠤᠷ ᠮᠤᠩᠭᠤᠯ ᠤᠨ ᠮᠠᠯ ᠠᠵᠦ ᠠᠬᠤᠢ ᠶᠢᠨ ᠲᠡᠭᠡᠳᠦ ᠰᠣᠷᠭᠠᠭᠤᠯᠢ ᠶᠢᠨ ᠣᠶᠤᠳᠡᠨ ᠪᠤᠯᠵᠦ᠂ ᠣᠨᠤᠯ ᠤᠨ ᠮᠡᠳᠡᠯᠬᠡ ᠰᠣᠷᠴᠦ ᠡᠵᠡᠮᠰᠢᠭᠰᠡᠨ ᠳᠤ ᠪᠠᠨ ᠪᠠᠶᠠᠷᠯᠠᠵᠦ ᠪᠠᠶᠢᠬᠰᠠᠨ ᠲᠡᠭᠡᠷ᠎ᠡ ᠪᠠᠭᠠᠷᠢᠨ ᠨᠤᠳᠤᠭ  ᠤᠨ〈 ᠲᠦᠯ ᠤᠨ ᠲᠠᠭᠤᠨ ᠺᠤᠮᠫᠠᠨᠢ〉 ᠶᠢᠨ ᠣᠶᠢᠯᠠ ᠠᠵᠢᠯᠯᠠᠭ᠎ᠠ ᠣᠯᠠᠨ ᠤ ᠠᠩᠬᠠᠷᠣᠯ ᠳᠤ ᠬᠦᠷᠴᠦ ᠪᠠᠶᠢᠬᠰᠠᠨ ᠴᠢᠮᠡᠭᠡ ᠪᠠᠷ ᠠᠳᠡ ᠢᠷᠡᠭᠡᠳ ᠬᠡᠰᠡᠭ ᠬᠤᠭᠤᠴᠠᠭ᠎ᠠ ᠠᠵᠢᠯᠯᠠᠭᠠᠳ ᠰᠣᠷᠣᠬᠰᠠᠨ ᠮᠡᠳᠡᠯᠬᠡ ᠪᠠᠨ ᠪᠤᠳᠡᠳᠡᠢ ᠳᠤ ᠣᠶᠠᠯᠳᠣᠭᠤᠯᠬᠤ ᠰᠠᠶᠢᠬᠠᠨ ᠵᠠᠪᠰᠢᠶᠡᠨ ᠲᠠᠭᠠᠷᠠᠬᠰᠠᠨ ᠳᠤ ᠪᠠᠨ ᠣᠮᠤᠬᠰᠢᠵᠦ ᠪᠠᠶᠢᠨ᠎ᠠ︾ ᠭᠡᠮᠡᠨ ᠰᠡᠳᠬᠢᠯ ᠲᠤᠬᠳᠣᠯᠤᠨ ᠶᠠᠷᠢᠯ᠎ᠠ᠃ ᠣᠯᠠᠭᠠᠬᠠᠳᠠ ᠶᠢᠨ ᠭᠡᠷᠡᠭᠯᠡᠬᠡᠨ ᠤ ᠮᠡᠷᠭᠡᠵᠢᠯ ᠤᠨ ᠠᠵᠢᠯ ᠮᠡᠷᠭᠡᠵᠢᠯ ᠤᠨ ᠲᠡᠭᠡᠳᠦ ᠰᠣᠷᠭᠠᠭᠤᠯᠢ ᠶᠢᠨ ᠮᠠᠯ ᠠᠵᠦ ᠠᠬᠤᠢ ᠶᠢᠨ ᠡᠮᠴᠢᠯᠡᠬᠡᠨ ᠤ ᠰᠠᠯᠪᠤᠷᠢ ᠶᠢᠨ ᠰᠣᠷᠣᠬᠴᠢ ᠨᠠᠷᠬᠢᠯ᠄ ︽ᠲᠦᠯ  ᠤᠨ ᠲᠠᠭᠤᠨ ᠺᠤᠮᠫᠠᠨᠢ ᠳᠤ ᠢᠷᠡᠵᠦ ᠠᠵᠢᠯᠯᠠᠵᠦ ᠰᠣᠷᠣᠯᠴᠠᠭᠠᠳ ᠵᠦᠪᠭᠡᠨ ᠮᠠᠯ ᠠᠵᠦ ᠠᠬᠤᠢ ᠶᠢᠨ ᠭᠡᠷᠡᠭᠯᠡᠬᠡᠨ ᠤ ᠮᠡᠷᠭᠡᠵᠢᠯ ᠰᠣᠷᠣᠬᠰᠠᠨ ᠢᠶᠠᠷ ᠵᠤᠬᠰᠣᠬᠤ ᠦᠬᠡᠢ ᠣᠯᠠᠨ ᠲᠦᠮᠡᠨ ᠤ ᠲᠤᠮᠳᠠ ᠶᠠᠭᠠᠬᠢᠵᠦ ᠬᠦᠡᠵᠡᠭᠡᠶᠢᠷᠡᠬᠦ ᠲᠤᠬᠠᠢ ᠠᠮᠢᠳᠣᠷᠠᠯ ᠤᠨ ᠣᠬᠠᠭᠠᠨ ᠢ ᠣᠯᠵᠦ ᠰᠣᠷᠣᠬᠰᠠᠨ ᠳᠤ ᠪᠠᠨ ᠣᠮᠤᠬᠰᠢᠵᠦ ᠪᠠᠶᠢᠨ᠎ᠠ︾ ᠬᠡᠮᠡᠨ ᠪᠠᠶᠠᠷᠯᠠᠨ ᠬᠡᠯᠡᠭᠰᠡᠨ ᠶᠤᠮ᠃ ︽ᠲᠡᠯ ᠠᠭᠤᠯᠠ ᠶᠢᠨ ᠠᠷᠣ ᠳᠤ ᠰᠦᠨᠢ ᠶᠢᠨ ᠬᠦᠨ ᠪᠤᠯᠳᠠᠯ᠎ᠠ ᠳ᠋ᠸᠡᠭ ᠬᠢᠯᠠᠯᠵᠠᠵᠦ ᠪᠠᠶᠢᠬᠰᠠᠨ ᠨᠢ ᠲᠦᠯ  ᠤᠨ ᠲᠠᠭᠤᠨ ᠺᠤᠮᠫᠠᠨᠢ ᠶᠢᠨ  ᠬᠢᠨ  ᠮᠠᠨ ᠤ ᠠᠷᠣ ᠶᠢᠨ ᠠᠶᠢᠯ ᠤᠨ ᠬᠤᠨᠢᠨ ᠰᠦᠷᠦᠭ ᠲᠤ ᠭᠠᠷ ᠭᠡᠭᠡᠯᠳᠦᠬᠦᠯᠬᠡ ᠬᠢᠵᠦ ᠦᠭᠭᠦᠭᠰᠡᠨ ᠶᠤᠮ ᠪᠠᠶᠢᠨ᠎ᠠ ᠳ᠋ᠠ︾ ᠬᠡᠵᠦ ᠮᠠᠯ ᠳᠤ ᠪᠠᠨ  ᠶᠠᠪᠤᠭ᠎ᠠ ᠮᠠᠯᠴᠢᠳ  ᠮᠠᠬᠳᠡᠨ ᠮᠠᠬᠳᠡᠨ  ᠶᠠᠷᠢᠵᠠᠭᠠᠨ᠎ᠠ᠃      ᠮᠦᠩᠭᠡᠪᠢᠯᠢᠭ ᠭᠤᠸᠡᠢ ᠢᠩᠭᠢᠵᠦ ᠯᠠ ︽ᠲᠦᠯ ᠤᠨ ᠲᠠᠭᠤᠨ ᠺᠤᠮᠫᠠᠨᠢ︾ ᠪᠠᠨ ᠬᠠᠮᠳᠣᠷᠠᠯᠴᠠᠭᠠᠨ ᠤ ᠨᠢᠭᠡᠴᠢ  ᠪᠤᠯᠬᠤ ︽ᠣᠶᠢᠯᠡᠳᠪᠤᠷᠢᠯᠡᠯ ᠢᠶᠠᠷ ᠵᠢᠭᠠᠨ ᠰᠣᠳᠣᠯᠬᠤ ᠬᠠᠮᠳᠣᠷᠠᠯᠴᠠᠭᠠᠨ ᠤ ᠰᠠᠭᠤᠷᠢᠨ ᠭᠠᠵᠠᠷ︾  ᠲᠠᠢ ᠠᠵᠢᠯ ᠣᠶᠢᠯᠡᠰ ᠢᠶᠠᠨ ᠨᠢᠬᠳᠡ ᠤᠶᠠᠯᠳᠣᠭᠤᠯᠤᠨ ᠦᠷᠬᠦᠯᠵᠢᠯᠡᠨ ᠬᠦᠭᠵᠢᠬᠦᠯᠵᠦ᠂ ᠮᠠᠯᠴᠢᠳ ᠲᠤ ᠪᠠᠨ ᠣᠶᠢᠯᠡᠴᠢᠯᠡᠬᠦ ᠳᠤ  ᠪᠠᠨ ᠰᠠᠶᠢᠨ ᠡᠬᠦᠯᠳᠡᠷ ᠤᠨ ᠮᠠᠯ ᠮᠠᠯᠵᠢᠬᠤ ᠠᠷᠭ᠎ᠠ ᠣᠬᠠᠭᠠᠨ ᠢ  ᠣᠯᠠᠮ ᠬᠦᠡᠵᠡᠬᠡᠢ ᠰᠡᠳᠬᠢᠵᠦ᠂ ᠰᠠᠭᠤᠷᠢᠨ ᠭᠠᠵᠠᠷ  ᠲᠤ ᠪᠠᠨ ᠡᠯ᠎ᠡ ᠵᠤᠶᠢᠯ ᠤᠨ ᠮᠠᠰᠢᠨ ᠮᠧᠬᠠᠨᠢᠭ ᠢ ᠲᠦᠬᠡᠮᠡᠯᠵᠢᠬᠦᠯᠬᠦ ᠶᠢ ᠲᠡᠷᠢᠬᠦᠨ ᠳᠤ ᠲᠡᠯᠪᠢᠵᠦ ᠂ ᠣᠳᠤ ᠳᠤ ᠪᠠᠨ ᠮᠠᠯ ᠤᠨ ᠢᠯᠭᠠᠳᠠᠰᠣ ᠶᠢ ᠰᠢᠯᠭᠠᠨ ᠪᠠᠶᠢᠴᠠᠭᠠᠬᠤ ᠮᠠᠰᠢᠨ ᠣᠷᠣᠭᠤᠯᠵᠦ᠂ ᠮᠠᠯ ᠤᠨ ᠬᠡᠳᠡᠰᠣᠨ ᠳᠤ ᠶᠠᠮᠠᠷ ᠲᠦᠷᠦᠯ  ᠤᠨ ᠬᠤᠷᠣᠬᠠᠢ ᠪᠠᠶᠢᠪᠠᠯ ᠲᠡᠷᠡ ᠲᠦᠷᠦᠯ ᠤᠨ ᠬᠤᠷᠤᠬᠠᠢ ᠬᠦᠬᠡᠬᠡᠬᠦ ᠡᠮ ᠢ ᠵᠠᠷᠣᠵᠦ ᠡᠬᠢᠯᠡᠭᠰᠡᠨ ᠠᠴᠠ ᠤᠤᠯ ᠤᠨ ᠲᠡᠷᠡ ᠬᠦ ᠪᠠᠯᠠᠷᠯᠢᠭ ᠢᠶᠠᠷ ᠬᠤᠷᠣᠬᠠᠢ ᠲᠠᠭᠤᠬᠤ ᠡᠮ ᠵᠠᠷᠣᠳᠠᠭ ᠵᠠᠩᠰᠢᠯ ᠢ ᠡᠴᠣᠰᠯᠠᠬᠦᠯᠵᠡᠢ᠃ ᠡᠶᠢᠮᠦᠷᠬᠦᠦ ᠮᠠᠯ ᠠᠵᠦ ᠠᠬᠤᠢ ᠶᠢᠨ ᠡᠷᠡᠬᠦᠯ ᠢᠶᠠᠷ ᠬᠦᠭᠵᠢᠬᠦ ᠳᠤ ᠨᠡᠩ ᠪᠦᠷᠢᠨ ᠲᠦᠬᠦᠷ᠂ ᠨᠡᠩ ᠤᠨᠤᠪᠴᠢᠳᠡᠢ ᠡᠮᠴᠢᠯᠡᠬᠡᠨ ᠤ ᠣᠶᠢᠯᠡᠴᠢᠯᠡᠭᠡ ᠬᠦᠷᠭᠡᠬᠦ ᠪᠠᠷ  ᠲᠦᠯᠥᠪᠯᠡᠵᠦ᠂ ᠮᠠᠯ ᠤᠨ ᠴᠢᠰᠦ ᠪᠠᠶᠢᠴᠠᠭᠠᠬᠤ ᠮᠠᠰᠢᠨ᠂ ᠭᠡᠳᠦ ᠲᠤᠯᠬᠢᠶᠠᠨ ᠤ ᠮᠠᠰᠢᠨ  ᠢ ᠪᠦᠷᠢᠳᠦᠬᠦᠯᠥᠨ ᠰᠠᠭᠠᠳ ᠦᠬᠡᠢ  ᠡᠮᠴᠢᠯᠡᠬᠡᠨ ᠤ ᠰᠢᠰᠲ᠋ᠧᠮ ᠢ ᠪᠤᠢ ᠪᠤᠯᠭᠠᠵᠦ᠂  ᠰᠢᠨᠵᠢᠯᠡᠬᠦ ᠣᠬᠠᠭᠠᠨᠴᠢ ᠡᠮᠴᠢᠯᠡᠬᠡᠨ ᠤ ᠬᠡᠯᠬᠢᠶᠡᠵᠢᠯ ᠢ ᠠᠩᠬ᠎ᠠ ᠠᠯᠬᠤᠮ ᠪᠦᠷᠢᠳᠦᠬᠦᠯᠵᠦ᠂ ᠭᠡᠷᠡᠭᠯᠡᠬᠡᠨ ᠤ ᠰᠢᠨᠵᠢᠯᠡᠭᠡ ᠮᠡᠷᠬᠡᠵᠢᠯ ᠢ ᠮᠠᠯᠵᠢᠬᠤ ᠣᠶᠢᠯᠡᠳᠪᠤᠷᠢᠯᠡᠯ  ᠲᠠᠢ ᠣᠶᠠᠯᠳᠣᠭᠤᠯᠤᠨ᠂ ᠮᠡᠷᠭᠡᠵᠢᠯ ᠣᠶᠢᠯᠡᠴᠢᠯᠡᠭᠡ ᠪᠠᠷ ᠬᠦᠬᠦᠷᠭᠡ ᠪᠤᠯᠭᠠᠵᠦ  ᠣᠷᠣᠨ ᠨᠤᠳᠤᠭ  ᠤᠨ ᠬᠦᠭᠵᠢᠨ ᠮᠠᠨᠳᠣᠯᠳᠠ ᠳᠤ ᠬᠠᠮᠳᠦ ᠶᠢᠨ ᠬᠦᠴᠦᠨ ᠢᠶᠠᠨ ᠡᠷᠬᠦᠬᠦ ᠪᠠᠳᠦ ᠰᠠᠭᠤᠷᠢ ᠶᠢ ᠲᠠᠯᠪᠢᠵᠡᠢ᠃       ᠪᠠᠭᠠᠷᠢᠨ ᠨᠤᠳᠤᠭ ᠤᠨ ᠣᠳᠣᠬᠢᠴᠢᠯᠠᠬᠰᠠᠨ ᠮᠠᠯ ᠠᠵᠦ ᠠᠬᠤᠢ ᠶᠢᠨ ᠭᠦᠭᠵᠢᠯᠳᠡ ᠳᠤ ᠬᠦᠴᠦᠨ ᠵᠢᠳᠬᠦᠯ ᠦᠵᠡᠬᠦᠯᠵᠦ ᠶᠠᠪᠤᠭ᠎ᠠ ︽ᠲᠦᠯ ᠤᠨ ᠲᠠᠭᠤᠨ ᠮᠠᠯ ᠠᠵᠦ ᠠᠬᠤᠢ ᠶᠢᠨ ᠣᠶᠢᠯᠡᠴᠢᠯᠡᠬᠡᠨ ᠤ ᠬᠢᠵᠠᠭᠠᠷᠳᠦ ᠺᠤᠮᠫᠠᠨᠢ︾   ᠨᠢ ᠢᠷᠡᠬᠦ ᠮᠠᠷᠭᠠᠰᠢ ᠶᠢᠨ ᠣᠶᠢᠯᠡᠰ ᠤᠨ ᠠᠶᠠᠨ ᠢᠶᠠᠨ ᠢᠩᠭᠢᠵᠦ ᠯᠡ ᠢᠳᠡᠭᠡᠯ ᠲᠦᠬᠦᠷᠡᠩ ᠦᠷᠬᠦᠯᠵᠢᠯᠡᠬᠦᠯᠥᠨ᠎ᠡ᠃                            ᠵᠤᠬᠢᠶᠠᠬᠴᠢ ᠶᠢᠨ ᠬᠠᠶ᠋ᠢᠭ᠄ ᠤᠯᠠᠭᠠᠬᠠᠬᠠᠳᠠ ᠬᠤᠲᠠ ᠶᠢᠨ ᠪᠠᠭᠠᠷᠢᠨ ᠪᠠᠷᠠᠭᠤᠨ ᠬᠤᠰᠢᠭᠤ 
 
ᠢᠷᠡᠯᠲᠡ᠄ ᠦᠪᠤᠷ ᠮᠤᠩᠭᠤᠯ ᠤᠨ ︽ᠨᠡᠶᠢᠬᠡᠮ︾ ᠰᠡᠳᠬᠦᠯ
 
 
ᠬᠠᠮᠢᠶ᠎ᠡ ᠪᠦᠬᠦᠢ ᠰᠣᠨᠢᠨ
 
2014-2015 ©  ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备05070829号