ᠬᠦᠳᠦᠯᠦᠭᠡ ᠮᠤᠷᠢᠳᠠᠢ ᠬᠦᠮᠦᠨ ᠬᠤᠯᠠ ᠲᠠᠪᠬᠢᠳᠠᠭ
ᠨᠡᠶᠢᠲᠡᠯᠡᠭᠰᠡᠨ ᠴᠠᠭ᠄
2023/8/21
   —   ᠬᠤᠶᠠᠷ ᠬᠡᠯᠡ ᠪᠠᠷ  ᠪᠢᠴᠢᠳᠡᠭ ᠤᠷᠠᠨ ᠪᠦᠳᠦᠭᠡᠯᠴᠢ  ᠰᠸ᠊ · ᠡᠩᠬᠡ ᠶᠢ ᠲᠡᠮᠳᠡᠭᠯᠡᠪᠡ                                                                            ᠴᠤ᠋ · ᠨᠠᠰᠤᠨᠵᠠᠶᠠᠭ᠎ᠠ ᠵᠣᠭᠢᠶᠠᠪᠠ                        ᠡᠬᠡ ᠬᠡᠯᠡ ᠪᠠᠷ ᠢᠶᠠᠨ ᠤᠯᠠᠨ ᠰᠠᠶᠢᠬᠠᠨ ᠭᠢᠯᠪᠡᠭᠡᠨ ᠦᠭᠦᠯᠡᠯᠭᠡ ᠪᠢᠴᠢᠨ ᠨᠡᠶᠢᠳᠡᠯᠡᠭᠦᠯᠵᠦ᠂ ᠨᠦᠬᠦᠷᠰᠡᠭ ᠬᠤᠱᠤᠩ ᠰᠢᠯᠦᠭ ᠢᠶᠠᠷ ᠢᠶᠠᠨ ᠬᠡᠰᠢᠭᠳᠡᠨ ᠤ ᠬᠡᠳᠦ ᠶᠢ ᠪᠠᠨ ᠦᠯᠡᠳᠡᠭᠡᠯ ᠦᠭᠡᠢ  ︽ᠲᠠᠭᠠᠷᠢᠭᠰᠠᠨ ︾  ᠰᠸ᠊ · ᠡᠩᠬᠡ ᠶᠢ ᠮᠠᠨ ᠤ ᠬᠢᠳ ᠪᠦᠷ ᠰᠠᠶᠢᠨ ᠮᠡᠳᠡᠳᠡᠭ᠃  ᠲᠡᠭᠡᠬᠦ ᠳᠤ ᠬᠠᠷᠢᠨ ᠬᠢᠳᠡᠳ ᠬᠡᠯᠡ ᠪᠠᠷ ᠴᠤ ᠤᠬᠤᠷ ᠦᠭᠦᠯᠡᠯᠭᠡ ᠤᠯᠠᠨ ᠪᠢᠴᠢᠵᠦ᠂ ᠶᠡᠭᠡ ᠬᠦᠷᠦᠨ ᠤ ᠬᠠᠶᠠᠭ᠎ᠠ ᠲᠡᠯᠡᠵᠦ᠂ ᠬᠢᠳᠡᠳ ᠤᠡᠭᠰᠢᠭ᠌ᠴᠢ ᠶᠢᠨ ᠰᠤᠴᠢᠯ ᠭᠠᠶᠢᠬᠠᠯ ᠢ  ᠲᠦᠷᠦᠭᠦᠯᠵᠤ ᠶᠠᠪᠤᠭ᠎ᠠ ᠶᠢ ᠮᠡᠳᠡᠳᠡᠭ ᠨᠢ ᠴᠦᠬᠡᠨ ᠪᠠᠶᠢᠬ᠎ᠠ᠃    ᠲᠡᠭᠦᠨ ᠤ ᠣᠷᠴᠢᠮ ᠤᠨ ᠬᠡᠳᠦᠨ ᠵᠢᠯ ᠳᠤ  ᠪᠢᠴᠢᠭᠰᠡᠨ ᠬᠢᠳᠡᠳ ᠪᠢᠴᠢᠯ ᠦᠬᠦᠯᠡᠯᠭᠡ ᠨᠢ ᠠᠮᠧᠷᠢᠭᠡ ᠶᠢᠨ ᠬᠢᠳᠡᠳ ᠬᠡᠯᠡᠨ ᠤ ︽ᠲᠤᠯᠤᠭᠠᠨ ᠡᠳᠦᠷ︾ ᠰᠤᠨᠢᠨ᠂ ᠰᠢᠩᠭᠠᠫᠤᠷ ᠤᠨ ︽ᠠᠤᠰᠲᠷᠯᠢᠶ᠎ᠡ ᠲᠢᠪ ᠤᠨ ᠮᠡᠳᠡᠭᠡ︾ ᠰᠤᠨᠢᠨ ᠂ ᠲᠠᠢ ᠤᠯᠤᠰ ᠤᠨ ︽ᠲᠤᠮᠳᠠᠳᠤ ᠶᠢᠨ ᠬᠠᠷᠢᠶᠠᠳᠤ︾ ᠰᠤᠨᠢᠨ ᠬᠢᠬᠡᠳ ᠰᠢᠶᠠᠩᠭᠠᠩ ᠤᠨ ︽ᠤᠳᠤ ᠦᠶ᠎ᠡ  ᠶᠢᠨ ᠵᠤᠬᠢᠶᠠᠯᠴᠢ︾ ᠰᠡᠳᠬᠦᠯ᠂  ᠹᠦᠵᠢᠶᠠᠨ ᠮᠤᠵᠢ ᠶᠢᠨ ᠤᠳᠬ᠎ᠠ ᠤᠷᠠᠯᠢᠭ ᠤᠨ ᠬᠤᠯᠪᠤᠭᠠᠨ ᠠᠴᠠ ᠡᠷᠬᠢᠯᠡᠭᠰᠡᠨ ︽ᠡᠤ ᠳ᠋ᠢ ᠰᠤᠶᠤᠯ᠂  ᠪᠢᠴᠢᠯ ᠦᠬᠦᠯᠡᠯᠭᠡ︾ ᠂  ᠬᠤᠨᠠᠨ ᠮᠤᠵᠢ ᠶᠢᠨ  ︽ᠪᠢᠴᠢᠯ  ᠦᠬᠦᠯᠡᠯᠭᠡᠴᠢᠨ︾᠂ ︽ᠬᠤᠩᠱᠠᠨ ᠤᠷᠤᠢ ᠶᠢᠨ ᠰᠤᠨᠢᠨ︾ ᠵᠡᠷᠭᠡ ᠰᠤᠨᠢᠨ ᠰᠡᠳᠬᠦᠯ ᠪᠠ ᠤᠷᠠᠨ ᠵᠤᠬᠢᠶᠠᠯ ᠤᠨ ᠲᠡᠪᠴᠡᠩ  ᠢᠶᠠᠷ ᠨᠡᠶᠢᠳᠡᠯᠡᠭᠳᠡᠵᠦ ᠤᠷᠢᠳ ᠬᠤᠵᠢᠳ ᠲᠤᠮᠳᠠᠳᠤ  ᠶᠢᠨ ᠤᠯᠠᠮᠵᠢᠯᠠᠯᠳᠤ ᠪᠠᠶᠠᠷ ᠲᠤᠷᠠᠰᠬᠠᠯ ᠤᠨ ᠡᠳᠦᠷ ᠤᠨ ᠲᠤᠰᠬᠠᠢ ᠰᠡᠳᠦᠪᠳᠤ ᠪᠢᠴᠢᠯ ᠦᠬᠦᠯᠡᠯᠭᠡ ᠶᠢᠨ ᠲᠡᠭᠦᠪᠦᠷᠢ ︽ᠳ᠋ᠧᠩ ᠤᠨ ᠬᠡᠷᠡᠯ︾᠂ ᠠᠩᠬᠠᠳᠠᠭᠴᠢ ᠨᠤᠳᠤᠭ ᠤᠨ ᠬᠦᠮᠦᠰ ᠤᠨ ᠦᠯᠢᠭᠡᠷ ᠢᠶᠠᠷ ᠰᠡᠳᠦᠪᠯᠡᠭᠰᠡᠨ ᠨᠤᠮ ︽ᠤᠨ ᠵᠢᠯ︾ ᠂  ᠬᠤᠨᠠᠨ ᠮᠤᠵᠢ ᠠᠴᠠ ᠬᠡᠪᠯᠡᠭᠦᠯᠦᠭᠰᠡᠨ ︽ᠲᠠᠨ ᠤ ᠲᠠᠭᠠᠰᠢᠶᠠᠯ ᠳᠤ ᠬᠢ ᠪᠢᠴᠢᠯ ᠦᠬᠦᠯᠡᠯᠭᠡ︾   ︽ᠲᠦᠷᠦᠭᠰᠡᠨ ᠡᠳᠦᠷ︾  ᠵᠡᠷᠭᠡ ᠨᠤᠮ ᠲᠡᠭᠦᠪᠦᠷᠢ ᠳᠤ ᠰᠤᠩᠭᠤᠭᠳᠠᠨ᠂ ᠬᠡᠰᠢᠭᠳᠡᠨ ᠬᠡᠮᠡᠬᠦ ᠰᠤᠤ ᠪᠢᠯᠢᠭᠳᠦ ᠦᠬᠢᠳ ᠬᠦᠪᠡᠭᠦᠳ ᠲᠦᠷᠦᠳᠡᠭ ᠭᠠᠵᠠᠷ ᠤᠰᠤᠨ ᠤ ᠠᠪᠢᠶᠠᠰ ᠪᠢᠯᠢᠭᠳᠦ ᠮᠤᠩᠭᠤᠯ ᠡᠷ᠎ᠡ ᠶᠢᠨ ᠠᠯᠳᠠᠷ ᠢ ᠬᠢᠳᠡᠳ ᠤᠷᠠᠨ ᠵᠤᠬᠢᠶᠠᠯᠴᠢᠳ ᠤᠨ ᠡᠩᠨᠡᠭᠡᠨ ᠳᠤ ᠬᠢᠯᠠᠯᠵᠠᠭᠤᠯᠤᠭᠰᠠᠨ ᠪᠢᠯᠡ᠃    ᠡᠩᠬᠡ ᠶᠢ ᠠᠷᠪᠠᠭᠠᠳ ᠨᠠᠰᠤᠳᠠᠢ ᠦᠶ᠎ᠡ ᠳᠤ ᠲᠡᠳᠡᠨ ᠤ ᠬᠢᠨ ᠬᠤᠰᠢᠭᠤᠨ ᠤ ᠲᠦᠪ ᠪᠢᠷᠠᠭᠤ ᠪᠠᠯᠭᠠᠰᠤᠨ ᠳᠤ ᠨᠡᠭᠦᠨ ᠢᠷᠡᠭᠰᠡᠨ  ᠠᠴᠠ ᠦᠭᠡ ᠬᠡᠯᠡᠨ ᠤ ᠤᠷᠴᠢᠨ ᠲᠤᠭᠤᠷᠢᠨ ᠨᠢ ᠬᠢᠳᠡᠳ ᠬᠡᠯᠡ ᠰᠤᠷᠴᠦ ᠶᠠᠷᠢᠬᠤ ᠰᠠᠶᠢᠨ ᠪᠤᠯᠤᠮᠵᠢ ᠶᠢ  ᠤᠯᠭᠤᠵᠤ᠂  ᠬᠥᠷᠰᠢ ᠵᠡᠷᠭᠡᠯᠡᠳᠡᠭᠡ ᠶᠢᠨ ᠬᠡᠤᠬᠡᠳ ᠤᠳ ᠲᠠᠢ  ᠡᠳᠦᠷᠵᠢᠨ  ᠨᠠᠭᠠᠳᠴᠦ ᠵᠤᠳᠤᠯᠳᠤᠵᠤ ᠶᠠᠪᠤᠬᠤ ᠳᠤ ᠪᠠᠨ ᠨᠢᠭᠡ ᠮᠡᠳᠡᠬᠦ ᠳᠤ ᠬᠤᠶᠠᠷ ᠬᠡᠯᠡ ᠪᠠᠷ ᠤᠰᠤ ᠴᠠᠰᠤ ᠰᠢᠭ᠋ ᠲᠡᠭᠰᠢᠬᠡᠨ ᠶᠠᠷᠢᠳᠠᠭ ᠪᠤᠯᠭᠠᠵᠠᠢ᠃ ᠰᠠᠶᠢᠨ ᠨᠠᠶᠢᠵᠠ ᠪᠤᠯᠵᠠᠭᠠᠭᠰᠠᠨ  ᠤ ᠬᠤᠪᠢ ᠳᠤ ᠡᠩᠬᠡ ᠪᠢᠴᠢᠬᠠᠨ ᠨᠠᠶᠢᠵᠠ ᠨᠠᠷ ᠠᠴᠠ ᠪᠠᠨ ᠬᠢᠳᠡᠳ ᠨᠤᠮ ᠢ ᠨᠢ ᠵᠢᠭᠡᠯᠡᠨ ᠦᠵᠡᠵᠦ ᠲᠠᠨᠢᠬᠤ ᠦᠭᠡᠢ ᠦᠰᠦᠭ  ᠢᠶᠠᠨ ᠲᠤᠯᠢ ᠪᠢᠴᠢᠭ ᠠᠴᠠ ᠡᠷᠢᠵᠦ ᠬᠦᠳᠡᠭᠡ ᠠᠴᠠ ᠢᠷᠡᠭᠰᠡᠨ ᠪᠤᠰᠤᠳ ᠨᠦᠬᠦᠳ ᠢᠶᠠᠨ ᠦᠵᠡᠪᠡᠯ ᠬᠢᠳᠡᠳ ᠬᠡᠯᠡᠨ ᠤ ᠬᠢᠷᠢ ᠬᠡᠮᠵᠢᠶ᠎ᠡ ᠨᠢ ᠮᠠᠰᠢ ᠬᠤᠷᠳᠤᠨ ᠲᠡᠭᠡᠭᠰᠢᠯᠡᠭᠰᠡᠨ ᠪᠠᠶᠢᠳᠠᠭ᠃    ︽ᠬᠦᠳᠦᠯᠦᠭᠡ ᠮᠤᠷᠢ ᠲᠠᠢ ᠬᠦᠮᠦᠨ ᠬᠤᠯᠠ ᠶᠢ ᠵᠤᠷᠢᠨ᠎ᠠ︾ ᠭᠡᠳᠡᠭ ᠢᠶᠠᠷ  ᠰᠸ᠊ · ᠡᠩᠬᠡ ᠮᠠᠨᠢ ᠡᠬᠡ  ᠬᠡᠯᠡᠨ ᠤ ᠪᠠᠨ ᠪᠠᠶᠠᠨ ᠲᠠᠩᠰᠤᠭ ᠢ ᠬᠦᠨᠵᠡᠭᠡᠢ ᠡᠵᠡᠮᠰᠢᠵᠦ ᠰᠢᠯᠦᠭ ᠨᠠᠶᠢᠷᠠᠭᠤᠯᠤᠯ᠂ ᠭᠢᠯᠪᠡᠭᠡᠨ ᠦᠭᠦᠯᠡᠯᠭᠡ ᠲᠤᠭᠤᠷᠪᠢᠬᠤ ᠳᠤ ᠪᠠᠨ ᠲᠠᠯᠠᠢ ᠪᠠᠶᠠᠨ ᠮᠤᠩᠭᠤᠯ ᠰᠤᠶᠤᠯ᠂ ᠲᠠᠯ᠎ᠠ ᠨᠤᠳᠤᠭ ᠤᠨ ᠰᠡᠳᠦᠪᠳᠦ ᠤᠷᠠᠨ ᠵᠤᠬᠢᠶᠠᠯ ᠢᠶᠠᠨ ᠦᠭᠡᠷ᠎ᠡ ᠦᠨᠳᠦᠰᠦᠳᠡᠨ ᠤ ᠠᠬᠠᠨ ᠲᠡᠭᠦᠤᠰ ᠲᠤ ᠮᠡᠳᠡᠭᠦᠯᠵᠦ ᠲᠠᠨᠢᠭᠤᠯᠤᠶ᠎ᠠ ᠭᠡᠬᠦ ᠡᠭᠦᠳᠡᠨ ᠠᠴᠠ ᠬᠢᠳᠡᠳ ᠬᠡᠯᠡ ᠪᠠᠷ ᠪᠢᠴᠢᠵᠦ ᠤᠷᠤᠯᠳᠤᠵᠤ ᠦᠵᠡᠶ᠎ᠡ ᠬᠡᠮᠡᠨ ᠪᠢᠷ ᠪᠢᠯᠢᠭ ᠢᠶᠠᠨ ᠬᠤᠷᠴᠠᠯᠠᠪᠠ᠃ 2015 ᠤᠨ ᠳᠤ ︽ᠬᠤᠯᠤᠰᠤᠳᠤ ᠭᠤᠤ ᠶᠢᠨ ᠲᠤᠷᠠᠰᠤᠮᠵᠢ︾ ᠬᠡᠮᠡᠬᠦ ᠬᠢᠳᠡᠳ ᠨᠠᠶᠢᠷᠠᠭᠤᠯᠤᠯ ᠢᠶᠠᠨ  ᠬᠡᠰᠢᠭᠳᠡᠨ  ᠤ ᠤᠳᠬ᠎ᠠ ᠤᠷᠠᠯᠢᠭ ᠤᠨ ᠬᠤᠯᠪᠤᠭᠠᠨ ᠠᠴᠠ ᠡᠷᠬᠢᠯᠡᠵᠤ ᠪᠠᠶᠢᠭ᠎ᠠ ︽ᠨᠠᠷᠠᠰᠤᠳᠤ ᠲᠠᠯ᠎ᠠ︾ ᠰᠡᠳᠭᠦᠯ ᠳᠤ ᠦᠭᠭᠦᠭᠰᠡᠨ ᠳᠤ ᠨᠠᠶᠢᠷᠠᠭᠤᠯᠤᠭᠴᠢ ᠪᠠᠭᠰᠢ ᠨᠢ ᠶᠡᠬᠡᠳᠡ ᠰᠤᠴᠢᠰᠬᠢᠵᠦ  ︽ᠦᠨᠡᠬᠡᠷ ᠰᠡᠳᠬᠢᠭᠳᠡᠰᠢ ᠦᠭᠡᠢ᠂ ᠮᠠᠨ ᠤ ᠬᠡᠰᠢᠭᠳᠡᠨ ᠳᠤ ᠪᠠᠰᠠ ᠮᠤᠩᠭᠤᠯ ᠢᠶᠠᠷ ᠰᠤᠷᠤᠭᠠᠳ ᠬᠢᠳᠡᠳ ᠢᠶᠠᠷ ᠪᠢᠴᠢᠳᠡᠭ ᠬᠦᠮᠦᠨ ᠪᠠᠶᠢᠭ᠎ᠠ ᠰᠢᠳᠡ︾ ᠬᠡᠮᠡᠨ ᠭᠠᠶᠢᠬᠠᠭᠰᠠᠨ ᠬᠠᠷᠠᠴᠠ ᠪᠠᠷ ᠲᠤᠩ ᠤᠳᠠᠭᠠᠨ ᠰᠢᠷᠳᠡᠯ᠎ᠡ ᠭᠡᠳᠡᠭ᠃ ᠡᠨᠡ ᠬᠦ ᠵᠤᠬᠢᠶᠠᠯ ᠨᠢ ᠨᠡᠶᠢᠳᠡᠯᠡᠭᠳᠡᠭᠰᠡᠨ ᠤ ᠲᠠᠷᠠᠭ᠎ᠠ ᠬᠢᠳᠡᠳ ᠢᠶᠠᠷ ᠪᠢᠴᠢᠳᠡᠭ ᠤᠯᠠᠨ ᠰᠠᠶᠢᠬᠠᠨ ᠪᠢᠷ ᠤᠨ ᠨᠠᠶᠢᠵᠠ ᠶᠢᠨ ᠤᠷᠮ᠎ᠠ ᠪᠠᠷ ᠲᠡᠳᠭᠦᠭᠰᠡᠨ ᠰᠠᠶᠢᠬᠠᠨ ᠵᠦᠡᠭᠨᠡᠯ ᠢ ᠲᠤᠰᠴᠦ ᠶᠠᠪᠤᠵᠠᠢ ᠃    ᠪᠠᠭ᠎ᠠ ᠨᠠᠰᠤᠨ ᠤ  ᠡᠩᠬᠡ  ᠨᠤᠮ ᠪᠢᠴᠢᠭ ᠲᠤ ᠲᠤᠶᠢᠯ ᠤᠨ ᠪᠠᠭ᠋ᠠᠳᠠᠢ ᠪᠠᠶᠢᠵᠦ  ︽ᠴᠤᠮᠤᠷᠯᠢᠭ ︾ ︽ᠨᠠᠬᠢᠶ᠎ᠠ ︾ ᠰᠡᠳᠭᠦᠯ ᠢ ᠠᠯᠳᠠᠯ ᠦᠭᠡᠢ  ᠤᠩᠰᠢᠨ᠂ ᠮᠤᠩᠭᠤᠯ᠂ ᠬᠢᠳᠡᠳ᠂ ᠶᠠᠫᠤᠨ ᠬᠡᠯᠡᠨ ᠳᠤ ᠴᠠᠭᠠᠷᠠᠵᠤ᠂ ᠤᠷᠴᠢᠭᠤᠯᠤᠭᠴᠢ ᠶᠠᠪᠤᠭᠰᠠᠨ ᠠᠪᠤ ᠶᠢᠨ ᠢᠶᠠᠨ ᠦᠯᠡᠳᠡᠭᠡᠵᠦ ᠦᠭᠭᠦᠭᠰᠡᠨ ᠪᠤᠷᠤ ᠬᠠᠪᠢᠰᠤᠳᠠᠢ ᠡᠳᠦᠷ ᠤᠨ ᠲᠡᠮᠳᠡᠭᠯᠡᠯ ᠢ ᠤᠷᠪᠠᠭᠤᠯᠵᠤ ᠠᠪᠤ ᠶᠢᠨ ᠪᠠᠨ ᠠᠮᠢᠳᠤ ᠰᠡᠷᠡᠭᠦᠨ ᠦᠶ᠎ᠡ ᠳᠤ ᠪᠠᠨ ᠪᠢᠴᠢᠨ ᠦᠯᠡᠳᠡᠭᠡᠭᠰᠡᠨ ᠨᠤᠳᠤᠭ ᠤᠰᠤᠨ ᠤ ᠪᠠᠨ ᠲᠤᠬᠠᠢ ᠤᠯᠠᠨ ᠠᠷᠪᠢᠨ ᠰᠢᠯᠦᠭ ᠢ ᠨᠢ ᠪᠠᠭ᠋ᠠᠷᠬᠠᠨ ᠤᠡᠭᠰᠢᠵᠦ ᠠᠪᠤ ᠲᠠᠢ ᠪᠠᠨ ᠠᠳᠠᠯᠢᠬᠠᠨ ᠰᠢᠯᠦᠭ ᠪᠢᠴᠢᠬᠦ ᠶᠤᠮᠰᠠᠨ ᠭᠡᠵᠦ  ᠤᠨᠠᠭᠠᠨ ᠪᠠᠭ᠎ᠠ ᠶᠢᠨ ᠪᠠᠯᠴᠢᠷᠬᠠᠨ ᠤᠢ ᠤᠬᠠᠭᠠᠨ ᠳᠤ ᠪᠠᠨ ᠪᠢᠰᠢᠯᠭᠠᠵᠤ ᠲᠠᠰᠬᠠᠯ ᠤᠨ ᠲᠡᠪᠳᠡᠷ ᠤᠨ ᠢᠶᠠᠨ ᠠᠷᠤ ᠦᠪᠦᠷ ᠢᠶᠠᠷ ᠲᠤᠯᠤᠭᠠᠢ ᠬᠤᠯᠪᠤᠵᠤ ᠤᠯᠠᠨ ᠴᠤ ᠰᠢᠯᠦᠭ ᠪᠢᠴᠢᠭᠰᠡᠨ᠃    ᠲᠡᠷᠡ ᠪᠠᠷ ᠠᠩᠬ᠎ᠠ ᠲᠤᠮᠳᠠᠳᠤ ᠶᠢᠨ ᠬᠤᠶᠠᠳᠤᠭᠠᠷ ᠤᠨ ᠳᠤ ᠪᠠᠨ  ︽ᠨᠤᠭᠤᠷᠠᠰᠢ ᠦᠭᠡᠢ ᠡᠷᠡᠰ ᠬᠠᠳᠠᠭᠤ ᠴᠢᠨᠠᠷ  ᠲᠠᠢ᠂ ᠬᠤᠪᠢᠷᠠᠰᠢ ᠦᠭᠡᠢ ᠮᠦᠡᠭᠬᠡ ᠨᠤᠭᠤᠭᠠᠨ ᠦᠡᠭᠭᠡ ᠲᠠᠢ᠂ ᠪᠢ ᠨᠠᠷᠠᠰᠤ ᠰᠢᠭ᠋ ᠬᠦᠴᠢᠷ ᠤᠨ ᠡᠮᠦᠨ᠎ᠡ ᠬᠦᠯ ᠨᠤᠭᠤᠷᠠᠬᠤ ᠦᠭᠡᠢ᠂ ᠪᠡᠷᠬᠡ ᠶᠢᠨ ᠡᠮᠦᠨ᠎ᠡ ᠪᠡᠶ᠎ᠡ  ᠪᠦᠬᠦᠶᠢᠬᠦ ᠦᠭᠡᠢ᠂ ᠬᠠᠳᠠᠨ ᠪᠠᠳᠤ ᠲᠦᠪ  ᠴᠢᠩᠭ᠎ᠠ ᠬᠦᠮᠦᠨ ᠪᠤᠯᠤᠨ᠎ᠠ︾ ᠬᠡᠮᠡᠨ ᠠᠪᠤ ᠶᠢᠨ ᠨᠤᠳᠤᠭ  ᠬᠤᠯᠠᠨ ᠰᠢᠷᠭ᠎ᠠ ᠲᠠᠭ᠎ᠠ ᠶᠢᠨ ᠡᠯᠡᠰᠤᠨ ᠳᠤ ᠬᠢ ᠨᠠᠷᠠᠰᠤᠨ ᠮᠤᠳᠤ ᠪᠠᠷ ᠰᠡᠳᠦᠪᠯᠡᠨ ᠪᠢᠴᠢᠭᠰᠡᠨ ᠵᠠᠳᠠᠭᠠᠢ ᠰᠢᠯᠦᠭ ᠤᠨ ᠠᠪᠳᠠᠯ᠂ ᠴᠢᠯᠦᠭᠡᠳᠦ ᠬᠡᠯᠪᠡᠷᠢ ᠪᠦᠬᠦᠢ ᠪᠦᠳᠦᠭᠡᠯ ᠢ ᠨᠢ ᠰᠠᠶᠢᠬᠠᠨ ᠵᠤᠬᠢᠨᠯ ᠬᠡᠮᠡᠨ ᠬᠡᠯᠡ ᠪᠢᠴᠢᠭ ᠤᠨ ᠪᠠᠭᠰᠢ ᠤᠯᠠᠭᠠᠨᠳᠤᠶᠠᠭ᠎ᠠ ᠨᠢ ᠤᠯᠠᠨ ᠨᠦᠬᠦᠳ ᠤᠨ ᠬᠢ ᠨᠢ ᠡᠮᠦᠨ᠎ᠡ ᠤᠡᠭᠰᠢᠵᠦ ᠤᠷᠮ᠎ᠠ ᠬᠠᠶᠢᠷᠠᠯᠠᠭᠰᠠᠨ ᠠᠴᠠ ᠵᠤᠬᠢᠶᠠᠨ ᠪᠢᠴᠢᠯᠭᠡ ᠶᠢᠨ ᠲᠠᠰᠬᠠᠯ ᠪᠤᠯᠭᠠᠨ ᠢᠶᠠᠨ ᠮᠠᠰᠢ ᠬᠢᠨᠠᠮᠠᠭᠠᠢ ᠪᠡᠶᠡᠯᠡᠭᠦᠯᠵᠦ ᠠᠩᠬᠢ ᠨᠢᠭᠡᠴᠢ  ᠳᠤ ᠪᠠᠨ ᠤᠯᠠᠨᠳᠠ ᠰᠠᠶᠢᠰᠢᠶᠠᠭᠳᠠᠵᠤ᠂  ᠪᠠᠭᠰᠢ ᠪᠠ ᠨᠦᠬᠦᠳ  ᠤᠨ ᠲᠤᠮᠳᠠ ᠪᠠᠨ  ︽ᠪᠢᠴᠢᠬᠠᠨ ᠵᠤᠬᠢᠶᠠᠯᠴᠢ︾ ᠬᠡᠮᠡᠨ ᠲᠠᠭᠤᠳᠠᠭᠳᠠᠬᠤ ᠪᠤᠯᠪᠠ᠃ ᠡᠨᠡ ᠬᠦ ᠪᠦᠳᠦᠭᠡᠯ ᠨᠢ ᠨᠠᠶᠠᠨ ᠲᠦᠷᠪᠡᠨ ᠤᠨ ᠤ  ︽ᠤᠯᠠᠭᠠᠨ ᠬᠠᠳᠠ ᠶᠢᠨ ᠡᠳᠦᠷ ᠤᠨ ᠰᠤᠨᠢᠨ︾ ᠲᠡᠭᠡᠷ᠎ᠡ ᠤᠤᠭᠠᠨ  ᠪᠦᠳᠦᠭᠡᠯ ᠤᠨ ᠬᠤᠪᠢ ᠪᠠᠷ ᠨᠡᠶᠢᠳᠡᠯᠡᠭᠳᠡᠵᠦ ᠤᠢ ᠪᠢᠯᠢᠭ ᠬᠤᠷᠴᠠ ᠰᠡᠷᠡᠯ ᠢ ᠨᠢ ᠤᠯᠠᠮ ᠪᠠᠳᠠᠷᠠᠭᠠᠵᠦ  ᠤᠴᠢᠯᠠᠭᠤᠯᠤᠭᠰᠠᠨ ᠠᠴᠠ ᠤᠳᠤ ᠪᠤᠯᠬᠤ ᠳᠤ  ᠰᠸ᠊ · ᠡᠩᠬᠡ ᠮᠠᠨᠢ ᠤᠯᠤᠰ ᠤᠷᠤᠨ ᠤ ᠰᠤᠨᠢᠨ ᠰᠡᠳᠭᠦᠯ ᠢᠶᠠᠷ ᠬᠤᠤᠰ ᠬᠡᠯᠡ ᠪᠠᠷ ᠵᠤᠬᠢᠶᠠᠨ ᠪᠦᠳᠦᠭᠡᠵᠦ ᠨᠡᠶᠢᠳᠡᠯᠡᠭᠦᠯᠦᠭᠰᠡᠨ ᠪᠦᠳᠦᠭᠡᠯ ᠵᠠᠭᠤ ᠭᠠᠷᠤᠢ ᠪᠣᠢ᠃     ᠰᠸ᠊ · ᠡᠩᠬᠡ ᠮᠠᠨᠢ ᠡᠬᠡ ᠬᠡᠯᠡ ᠪᠠᠷ ᠢᠶᠠᠨ ᠪᠢᠴᠢᠭᠰᠡᠨ ᠨᠠᠶᠢᠷᠠᠭᠤᠯᠤᠯ ︽ᠶᠡᠭᠡ ᠬᠠᠶᠢᠷ᠎ᠠ︾  ᠨᠢ 2013 ᠤᠨ ᠤ ᠪᠦᠬᠦ ᠤᠯᠤᠰ ᠤᠨ ᠬᠤᠶᠠᠳᠤᠭᠠᠷ ᠤᠳᠠᠭᠠᠨ ᠤ ᠨᠡᠢᠮᠠᠨ ᠮᠤᠵᠢ ᠤᠷᠤᠨ ᠤ ᠮᠤᠩᠭᠤᠯ ᠰᠦᠯᠵᠢᠶᠡᠨ ᠤ ᠤᠷᠠᠨ ᠵᠤᠬᠢᠶᠠᠯ ᠤᠨ ᠤᠷᠤᠯᠳᠤᠭᠠᠨ ᠤ ᠰᠢᠯᠢᠳᠡᠭ  ᠱᠠᠩᠨᠠᠯ᠂ ︽ᠵᠡᠬᠦᠳᠦᠨ ᠳᠤ ᠢᠷᠡᠳᠡᠭ ᠡᠮᠡᠭᠡ︾ ᠨᠠᠶᠢᠷᠠᠭᠤᠯᠤᠯ ᠢᠶᠠᠷ  ᠢᠶᠠᠨ 2015 ᠤᠨ ᠤ ᠪᠦᠬᠦ ᠤᠯᠤᠰ ᠤᠨ ᠭᠤᠷᠪᠠᠳᠤᠭᠠᠷ ᠤᠳᠠᠭᠠᠨ ᠤ ᠨᠡᠢᠮᠠᠨ ᠮᠤᠵᠢ ᠤᠷᠤᠨ ᠤ ᠮᠤᠩᠭᠤᠯ  ᠰᠦᠯᠵᠢᠶᠡᠨ ᠤ ᠤᠷᠠᠨ ᠵᠤᠬᠢᠶᠠᠯ ᠤᠨ ᠤᠷᠤᠯᠳᠤᠭᠠᠨ ᠤ ᠲᠡᠳ᠋  ᠪᠠᠶᠢᠷᠢᠨ ᠳᠤ᠂ 2017 ᠤᠨ ᠳᠤ ︽ᠬᠤᠯᠤᠰᠤᠳᠤ ᠭᠤᠤ ᠪᠤᠶᠤ  ᠬᠤᠷᠯᠠᠭᠳᠠᠵᠤ ᠶᠠᠪᠤᠭᠰᠠᠨ ᠪᠠᠭ᠎ᠠ ᠨᠠᠰᠤ︾ ᠪᠦᠳᠦᠭᠡᠯ ᠢᠶᠠᠷ ᠢᠶᠠᠨ ᠤᠯᠠᠭᠠᠨᠬᠠᠳᠠ ᠷᠠᠳᠢᠤ᠋ ᠲᠧᠯᠸᠢᠰ ᠬᠤᠷᠢᠶ᠎ᠠ ᠠᠴᠠ ᠡᠷᠬᠢᠯᠡᠭᠰᠡᠨ ᠨᠡᠢᠮᠠᠨ ᠮᠤᠵᠢ ᠤᠷᠤᠨ ᠤ ᠷᠠᠳᠢᠣ᠋ ᠲᠧᠯᠸᠢᠰ ᠤᠷᠠᠨ ᠵᠤᠬᠢᠶᠠᠯ ᠤᠨ ᠤᠷᠤᠯᠳᠤᠭᠠᠨ ᠤ ᠰᠢᠯᠢᠳᠡᠭ ᠱᠠᠩᠨᠠᠯ ᠵᠡᠷᠭᠡ ᠱᠠᠩᠨᠠᠯ ᠢ  ᠬᠦᠷᠳᠡᠵᠦ ᠶᠠᠪᠤᠭᠰᠠᠨ ᠪᠤᠯ  ᠬᠢᠳᠡᠳ ᠢᠶᠠᠷ ᠪᠢᠴᠢᠭᠰᠡᠨ ᠪᠢᠴᠢᠯ ᠦᠬᠦᠯᠡᠯᠭᠡ  ᠶᠢᠨ ᠪᠦᠳᠦᠭᠡᠯ ᠨᠢ 2019 ᠤᠨ ᠳᠤ ᠪᠦᠬᠦ ᠤᠯᠤᠰ ᠤᠨ ︽ᠴᠠᠭᠠᠨ ᠰᠠᠷ᠎ᠠ ᠶᠢᠨ ᠨᠠᠶᠢᠷ ᠪᠠᠶᠠᠷ︾ ᠲᠤᠰᠬᠠᠢ ᠰᠡᠳᠦᠪᠳᠤ ᠤᠷᠠᠨ ᠵᠤᠬᠢᠶᠠᠯ ᠤᠨ ᠤᠷᠤᠯᠳᠤᠭᠠᠨ ᠳᠤ ︽ᠤᠬᠢ ᠪᠦᠳᠦᠭᠡᠯ︾ ᠤᠨ ᠱᠠᠩᠨᠠᠯ᠂ 2022 ᠤᠨ ᠤ ᠦᠪᠦᠷ ᠮᠤᠩᠭᠤᠯ ᠤᠨ ᠬᠢᠳᠠᠳ ᠪᠢᠴᠢᠯ ᠦᠬᠦᠯᠡᠯᠭᠡ ᠶᠢᠨ ᠨᠡᠶᠢᠬᠡᠮᠯᠢᠭ ᠤᠨ ︽2021 ᠤᠨ ᠤ ᠠᠷᠪᠠᠨ ᠰᠤᠳᠤᠨ ᠪᠦᠳᠦᠬᠡᠯ︾ ᠰᠢᠯᠭᠠᠷᠠᠭᠤᠯᠬᠤ ᠤᠷᠤᠯᠳᠤᠭᠠᠨ ᠳᠤ  ᠭᠤᠷᠪᠠᠳᠤᠭᠠᠷ ᠲᠡᠰ ᠤᠨ ᠱᠠᠩᠨᠠᠯ᠂ ᠬᠡᠰᠢᠭᠳᠡᠨ ᠬᠤᠰᠢᠭᠤᠨ ᠤ ᠬᠠᠮ ᠵᠠᠭᠤᠴᠢᠯᠠᠭᠤᠷ ᠤᠨ ᠲᠦᠪ ᠠᠴᠠ ᠡᠷᠭᠢᠯᠡᠭᠰᠡᠨ ︽ᠬᠤᠩᠭᠤ ᠶᠢᠨ ᠲᠠᠪᠠᠭ᠎ᠠ︾ ᠬᠤᠨᠳᠠᠭᠠᠳᠤ ︽ᠨᠤᠮᠢᠨ ᠨᠤᠭᠤᠭᠠᠨ ᠠᠭᠤᠯᠠ ᠤᠰᠤ᠂ ᠰᠤᠮᠤ ᠪᠠᠯᠭᠠᠰᠤᠨ ᠤ ᠠᠶᠠᠯᠠᠯ︾ ᠠᠮᠢ ᠠᠬᠤᠢ ᠶᠢᠨ ᠰᠡᠳᠦᠪᠳᠤ ᠪᠠᠷᠢᠮᠳᠠᠳᠤ ᠨᠠᠶᠢᠷᠠᠭᠤᠯᠤᠯ ᠤᠨ ᠤᠷᠤᠯᠳᠤᠭᠠᠨ ᠤ ᠭᠤᠷᠪᠠᠳᠤᠭᠠᠷ ᠲᠡᠰ ᠤᠨ ᠱᠠᠩᠨᠠᠯ ᠵᠡᠷᠭᠡ ᠶᠢ ᠲᠤᠰᠴᠡᠢ᠃     ᠰᠸ᠊ · ᠡᠩᠬᠡ ᠮᠠᠨᠢ ᠬᠢᠳᠡᠳ ᠮᠤᠩᠭᠤᠯ ᠬᠤᠶᠠᠷ ᠬᠡᠯᠡ ᠪᠠᠷ ᠵᠤᠬᠢᠶᠠᠨ ᠪᠦᠳᠦᠭᠡᠬᠦ ᠳᠤ ᠪᠠᠨ ᠤᠳᠤᠬᠢ ᠡᠷᠡᠨ ᠤ ᠬᠦᠮᠦᠰ ᠤᠨ ᠠᠮᠢᠳᠤᠷᠠᠯ ᠤᠨ  ᠬᠦᠭ  ᠠᠶᠢᠵᠠᠮ ᠮᠠᠰᠢ ᠬᠤᠷᠳᠤᠨ᠂ ᠪᠠᠴᠢᠮ ᠪᠤᠯᠤᠭᠰᠠᠨ ᠠᠬᠤᠢ ᠪᠠᠶᠢᠳᠠᠯ  ᠳᠤ ᠵᠤᠬᠢᠴᠠᠭᠤᠯᠤᠨ ︽ᠪᠢᠴᠢᠯ︾ ︽ᠤᠬᠤᠷ︾ ᠠᠷᠭ᠎ᠠ ᠶᠢ ᠤᠷᠠᠨ ᠢᠶᠠᠷ ᠭᠡᠷᠡᠭᠯᠡᠵᠤ ᠲᠦᠬᠦᠮ ᠲᠦᠳᠡ ᠬᠡᠳᠦᠨ ᠵᠠᠭᠤᠨ ᠦᠰᠦᠭ ᠤᠨ ᠬᠡᠯᠡ ᠬᠡᠯᠡᠯᠭᠡ ᠪᠠᠷ ᠬᠦᠮᠦᠨ  ᠪᠠᠶᠢᠭᠠᠯᠢ ᠶᠢᠨ ᠡᠶ᠎ᠡ ᠵᠤᠬᠢᠴᠠᠯ᠂  ᠮᠦᠡᠭᠬᠡ ᠶᠢᠨ ᠬᠠᠶᠢᠷ᠎ᠠ ᠰᠡᠳᠬᠢᠯᠭᠡ  ᠪᠠ  ᠨᠡᠶᠢᠭᠡᠮ ᠤᠨ ᠡᠮᠵᠢᠭ ᠰᠡᠭᠦᠳᠡᠷ ᠲᠠᠯ᠎ᠠ ᠶᠢ ᠤᠷᠠᠯᠢᠭ ᠠᠪᠰᠠᠷᠬᠠᠨ ᠢᠶᠠᠷ ᠲᠤᠰᠬᠠᠨ ᠵᠢᠷᠤᠭᠯᠠᠳᠠᠭ ᠨᠢ ᠲᠡᠭᠦᠨ  ᠤ ᠵᠤᠬᠢᠶᠠᠨ ᠪᠦᠳᠦᠭᠡᠬᠦ ᠠᠶᠠᠨ ᠵᠠᠮ ᠤᠨ ᠬᠢ ᠨᠢ  ᠤᠨᠴᠠᠯᠢᠭ ᠮᠦᠷᠳᠡᠭᠡᠨ  ᠬᠠᠶᠢᠯᠳᠠ ᠪᠠᠶᠢᠭ᠎ᠠ ᠶᠤᠮ᠃    ᠲᠡᠷᠡ ᠪᠠᠷ  ᠬᠡᠰᠢᠭᠳᠡᠨ ᠤ ᠰᠤᠶᠤᠯ ᠰᠤᠷᠭᠠᠨ ᠬᠦᠮᠦᠵᠢᠯ᠂ ᠵᠠᠰᠠᠭ ᠤᠨ ᠭᠠᠵᠠᠷ ᠢᠶᠠᠷ ᠭᠤᠴᠢᠭᠠᠳ ᠬᠡᠳᠦᠨ ᠵᠢᠯ ᠵᠢᠳᠭᠦᠭᠰᠡᠨ  ︽ᠠᠷᠠᠯ ᠤᠨ ᠱᠠᠷ︾  ᠪᠦᠭᠡᠳ ᠲᠤᠮᠳᠠᠳᠤ ᠶᠢᠨ ᠶᠤᠭᠳᠠ ᠦᠯᠢᠭᠡᠷ ᠤᠷᠠᠨ ᠵᠤᠬᠢᠶᠠᠯ ᠰᠤᠳᠤᠯᠬᠤ ᠬᠤᠷᠠᠯ ᠤᠨ ᠪᠢᠴᠢᠯ ᠦᠬᠦᠯᠡᠯᠭᠡ ᠶᠢᠨ ᠨᠡᠶᠢᠭᠡᠮᠯᠢᠭ ᠤᠨ ᠬᠡᠰᠢᠬᠦᠨ᠂ ᠦᠪᠦᠷ ᠮᠤᠩᠭᠤᠯ ᠤᠨ ᠪᠢᠴᠢᠯ ᠦᠭᠦᠯᠡᠯᠭᠡ ᠶᠢᠨ ᠨᠡᠶᠢᠬᠡᠮᠯᠢᠭ ᠤᠨ ᠬᠡᠷᠡᠭ ᠡᠷᠬᠢᠯᠡᠭᠴᠢ᠂ ᠵᠤᠤ ᠤᠳᠠ ᠮᠤᠩᠭᠤᠯ ᠤᠷᠠᠨ ᠵᠤᠬᠢᠶᠠᠯ ᠤᠨ ᠨᠡᠶᠢᠭᠡᠮᠯᠢᠭ ᠤᠨ ᠬᠡᠰᠢᠬᠦᠨ᠂  ᠬᠡᠰᠢᠭᠳᠡᠨ ᠬᠤᠰᠢᠭᠤᠨ ᠤ ︽ᠷᠤᠯᠭᠠᠷᠵᠠᠪ︾ ᠰᠤᠶᠤᠯ ᠤᠷᠠᠯᠢᠭ ᠤᠨ ᠨᠡᠶᠢᠭᠡᠮᠯᠢᠭ ᠤᠨ ᠬᠡᠰᠢᠬᠦᠨ ᠵᠡᠷᠭᠡ ᠨᠡᠶᠢᠭᠡᠮ ᠪᠦᠯᠬᠦᠮ ᠤᠨ ᠲᠤᠰᠢᠶᠠᠯ ᠲᠠᠢ ᠨᠡᠶᠢᠳᠡ ᠤᠯᠠᠨ ᠳᠤ ᠪᠠᠨ ᠮᠡᠳᠡᠷᠡᠭᠳᠡᠭᠰᠡᠨ ᠬᠤᠤᠰ ᠬᠡᠯᠡᠨ ᠤ ᠵᠤᠬᠢᠶᠠᠯᠴᠢ ᠪᠠᠶᠢᠭ᠎ᠠ ᠶᠤᠮ᠃      ᠵᠣᠬᠢᠶᠠᠭᠴᠢ ᠶᠢᠨ ᠬᠠᠶ᠋ᠢᠭ᠄ ᠬᠡᠰᠢᠭᠲᠡᠨ ᠬᠤᠰᠢᠭᠤᠨ ᠤ ᠲᠣᠳᠣᠭᠠᠲᠣ ᠶᠢ ᠬᠠᠮᠠᠭᠠᠯᠠᠬᠤ ᠳᠣᠪᠴᠢᠶ᠎ᠠ 
 
ᠢᠷᠡᠯᠲᠡ᠄ ᠦᠪᠤᠷ ᠮᠤᠩᠭᠤᠯ ᠤᠨ ︽ᠨᠡᠶᠢᠬᠡᠮ︾ ᠰᠡᠳᠬᠦᠯ
 
 
ᠬᠠᠮᠢᠶ᠎ᠡ ᠪᠦᠬᠦᠢ ᠰᠣᠨᠢᠨ
 
2014-2015 ©  ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备05070829号