ᠲᠣ · ᠨᠠᠰᠦᠨᠵᠢᠷᠭᠠᠯ ᠵᠤᠬᠢᠶᠠᠪᠠ | ᠵᠠᠮ ᠪᠣᠯᠭᠠᠨ ᠤ ᠳᠣᠮᠳᠠ ᠠᠴᠠ ᠨᠤᠲᠤᠭ ᠤᠨ ᠵᠠᠮ ᠪᠣᠯ ᠬᠠᠮᠤᠭ ᠤᠨ ᠣᠶᠢᠷ᠎ᠠ ᠪᠠᠶᠢᠵᠤ᠂ ᠬᠠᠮᠤᠭ ᠤᠨ ᠳᠤᠲᠤᠨᠣ | ᠰᠠᠨᠠᠭᠳᠠᠳᠠᠭ᠃ ᠳᠣᠷᠠᠰᠣᠯ ᠮᠦᠷᠦᠭᠡᠳᠦᠯ ᠪᠦᠬᠦᠨ ᠳᠤ ᠨᠣᠲᠤᠭ ᠢᠶᠠᠨ ᠰᠠᠨᠠᠬᠤ ᠰᠡᠳᠭᠢᠯᠭᠡ ᠪᠣᠯ ᠬᠠᠮᠤᠭ ᠠᠴᠠ | ᠭᠦᠨ ᠪᠠᠶᠢᠳᠠᠭ᠃ ᠠᠶᠠᠨ ᠤ ᠬᠤᠯᠠ ᠠᠴᠠ ᠬᠠᠷᠠᠭᠳᠠᠬᠤ ᠨᠢ ᠣᠨᠠᠭᠰᠠᠨ ᠰᠢᠷᠣᠢ ᠣᠣᠭᠤᠭᠰᠠᠨ ᠣᠰᠣ ᠪᠠᠶᠢᠯ | ᠦᠭᠡᠢ᠂ ᠠᠯᠤᠰ ᠳᠠᠯᠠᠢ ᠶᠢᠨ ᠬᠢᠵᠠᠭᠠᠷ ᠲᠤ ᠨᠣᠲᠤᠭ ᠨᠢᠭᠡᠲᠡᠨ ᠨᠢᠭᠡ ᠳᠣᠣᠷ᠎ᠠ ᠠᠭᠤᠯᠵᠠᠵᠤ ᠤᠴᠠᠷᠠᠬᠤ ᠳᠤ | ᠣᠶᠠᠷᠠᠯ ᠤᠨ ᠨᠢᠯᠪᠣᠰᠣ ᠬᠠᠮᠠᠷ ᠬᠠᠪᠴᠢᠨ ᠪᠦᠮᠪᠦᠷᠢᠬᠦᠢ︕ ᠭᠡᠬᠦ ᠳᠤ ᠪᠠᠨ ᠬᠡᠨ ᠨᠢᠭᠡᠨ ᠬᠦᠮᠦᠨ ᠳᠤ ᠨᠣᠲᠤᠭ ᠢᠶᠠᠨ | ᠵᠦᠭᠯᠡᠵᠤ ᠭᠡᠷ ᠲᠤ ᠪᠠᠨ ᠬᠠᠷᠢᠬᠤ ᠰᠡᠳᠭᠢᠯᠭᠡ ᠶᠠᠭᠤᠨ ᠠᠴᠠ ᠴᠤ ᠬᠦᠨᠳᠦᠬᠡᠨ ᠪᠠᠶᠢᠵᠤ ᠲᠠᠭᠠᠷᠠᠨ᠎ᠠ︕ | ᠬᠦᠮᠦᠰ ᠡᠨᠡ ᠶᠢᠷᠲᠢᠨᠴᠣ ᠳᠤ ᠠᠩᠬ᠎ᠠ ᠮᠡᠨᠳᠦᠯᠡᠬᠦ ᠳᠤ ᠪᠠᠨ ᠡᠩ ᠳᠡᠯᠡᠬᠡᠢ ᠶᠢᠨ ᠡᠷᠢᠶᠡᠨ ᠪᠠᠷᠠᠭᠠᠨ᠂ ᠬᠠᠯᠠᠭᠤᠨ | ᠬᠦᠢᠲᠡᠨ ᠢ ᠢᠯᠭᠠᠨ ᠲᠠᠨᠢᠬᠤ ᠠᠴᠠ ᠡᠬᠢᠯᠡᠵᠤ ᠬᠦᠯ ᠳᠤ ᠤᠷᠤᠭᠤᠯᠳᠠᠭ ᠨᠢ ᠲᠡᠭᠦᠨ ᠤ ᠡᠯᠢᠭᠡᠲᠡᠵᠤ ᠣᠨᠠᠭᠰᠠᠨ | ᠰᠢᠷᠣᠢ᠂ ᠦᠰᠭᠡᠵᠤ ᠲᠣᠷᠨᠢᠭᠤᠯᠣᠭᠰᠠᠨ ᠦᠯᠦᠭᠡᠢ ᠨᠣᠲᠤᠭ ᠨᠢ ᠪᠠᠶᠢᠵᠤ ᠲᠠᠭᠠᠷᠠᠨ᠎ᠠ᠃ 《 ᠪᠦᠭᠡᠷᠡᠦᠯᠡᠢ︕ ᠪᠣᠣ | ᠣᠬᠢᠯᠠ᠂ ᠂᠂᠂ 》 ᠭᠡᠵᠤ ᠡᠵᠢ ᠮᠢᠨᠢ ᠨᠠᠮ᠎ᠠ ᠶᠢ ᠠᠷᠭᠠᠳᠠᠵᠤ ᠪᠠᠶᠢᠭᠰᠠᠨ ᠲᠡᠷᠡ ᠮᠠᠬᠠᠷᠠ ᠲᠠᠢ ᠦᠯᠦᠭᠡᠢ ᠶᠢ ᠣᠳᠣ | ᠬᠠᠷᠠᠬᠤ ᠳᠤ ᠭᠡᠷ᠂ ᠦᠯᠦᠭᠡᠢ ᠬᠤᠶᠠᠷ ᠨᠢ ᠨᠠᠳᠠ ᠳᠤ ᠠᠪᠤ᠂ ᠡᠵᠢ ᠬᠤᠶᠡᠷ ᠰᠢᠭ᠋ ᠬᠠᠯᠠᠭᠤᠨ ᠳᠤᠯᠠᠭᠠᠨ | ᠰᠠᠨᠠᠭᠳᠠᠳᠠᠭ᠃ ᠬᠡᠷᠪᠡ ᠲᠡᠷᠡ ᠦᠯᠦᠭᠡᠢ ᠨᠠᠮ᠎ᠠ ᠶᠢ ᠪᠠᠭᠳᠠᠭᠠᠳᠠᠭ ᠶᠣᠮ ᠪᠣᠯ ᠦᠯᠦᠭᠡᠢ ᠳᠤ ᠪᠠᠨ ᠪᠢ ᠳᠠᠬᠢᠨ | ᠣᠷᠣᠵᠣ ᠬᠡᠪᠲᠡᠮᠡᠷ ᠰᠠᠨᠠᠭᠳᠠᠬᠤ ᠶᠤᠮ ︕ ᠨᠤᠲᠤᠭ ᠤᠨ ᠰᠢᠷᠤᠢ ᠠᠯᠲᠠ ᠠᠴᠠ ᠦᠨᠡᠲᠡᠢ︕ ᠬᠦᠮᠦᠰ ᠬᠠᠷᠢ | ᠭᠠᠵᠠᠷ ᠠᠮᠢᠳᠣᠷᠠᠵᠤ ᠲᠡᠮᠡᠤᠯᠬᠦ ᠳᠤ ᠪᠠᠨ ᠨᠤᠲᠤᠭ ᠤᠨ ᠢᠶᠠᠨ ᠠᠳᠬᠤ ᠰᠢᠷᠣᠢ ᠶᠢ ᠨᠢ ᠠᠪᠴᠣ ᠶᠠᠪᠤᠳᠠᠭ︕ | ᠠᠷᠣ ᠭᠡᠷ ᠢᠶᠠᠨ ᠰᠠᠨᠠᠬᠤ ᠳᠤ ᠪᠠᠨ ᠠᠯᠠᠭᠠᠨ ᠳᠤ ᠪᠠᠨ ᠪᠢᠲᠡᠭᠦᠯᠡᠵᠦ ᠦᠨᠦᠰᠳᠡᠭ᠂᠂᠂᠂᠂ | ᠬᠦᠮᠦᠨ ᠭᠡᠵᠤ ᠭᠡᠷ ᠣᠷᠣᠨ ᠠᠴᠠ ᠪᠠᠨ ᠵᠠᠶᠢᠳᠠᠬᠤ ᠲᠣᠰᠤᠮ ᠢᠶᠠᠨ ᠨᠣᠲᠤᠭ ᠢᠶᠠᠨ ᠰᠠᠨᠠᠬᠤ ᠰᠡᠳᠭᠢᠯᠭᠡ ᠨᠢ | ᠭᠦᠨ ᠪᠣᠯᠳᠠᠭ᠂ ᠲᠡᠶᠢᠮᠦ ᠮᠦᠷᠲᠡᠭᠡᠨ ᠨᠠᠰᠦ ᠨᠡᠮᠡᠭᠳᠡᠬᠦ ᠶᠢ ᠳᠠᠭᠠᠯᠳᠦᠨ ᠪᠠᠭ᠎ᠠ ᠶᠢᠨ ᠥᠶ᠎ᠡ ᠪᠠᠨ ᠳᠤᠷᠠᠰᠣᠨ | ᠰᠠᠨᠠᠭᠠᠯᠵᠠᠬᠤ ᠨᠢ ᠨᠡᠩ ᠬᠡᠴᠡᠭᠦᠦ ᠪᠣᠯᠳᠠᠭ᠂ ᠬᠤᠷᠣᠭᠤ ᠪᠠᠨ ᠪᠠᠯ ᠲᠠᠢ ᠭᠡᠮᠡᠷ ᠰᠢᠮᠡᠵᠤ ᠪᠠᠶᠢᠭᠰᠠᠨ ᠦᠶ᠎ᠡ ᠪᠠᠨ | ᠡᠷᠭᠢᠴᠡᠭᠦᠯᠬᠦ ᠳᠤ ᠨᠠᠢᠮᠠᠲᠠᠢ ᠲᠡᠷᠡ ᠵᠢᠯ ᠠᠴᠠ ᠠᠶᠢᠯ ᠤᠨ ᠰᠣᠷᠭᠠᠭᠤᠯᠢ ᠳᠤ ᠪᠠᠨ ᠪᠢ ᠠᠯᠢᠶᠠᠷᠬᠠᠵᠤ ᠨᠠᠭᠠᠳᠬᠤ | ᠪᠠᠨ ᠪᠣᠳᠣᠭᠠᠳ ᠠᠯᠪᠠ ᠪᠠᠷ ᠶᠠᠪᠣᠵᠣ ᠪᠠᠶᠢᠭᠰᠠᠨ ᠮᠢᠨᠢ ᠪᠣᠳᠣᠭᠳᠠᠨ᠎ᠠ᠂ ᠠᠷᠣ ᠶᠢᠨ ᠠᠭᠤᠯᠠᠨ ᠤ ᠠᠯᠠᠭ ᠬᠠᠳᠠᠨ ᠤ | ᠵᠠᠪᠰᠠᠷ ᠠᠴᠠ ᠠᠯᠠᠭᠳᠠᠭ᠎ᠠ ᠶᠢᠨ ᠡᠭᠦᠷ ᠢ ᠤᠬᠤᠵᠤ᠂ 《 ᠠᠯᠠᠭᠳᠠᠭ᠎ᠠ ᠠ ᠭᠡᠳ᠂ ᠠᠪᠤ ᠨᠠᠮ᠎ᠠ ᠶᠢ ᠢᠷᠡᠭᠡ | ᠭᠡᠳ᠂᠂᠂ 》 ᠭᠡᠮᠡᠨ ᠲᠣᠭᠯᠠᠵᠣ ᠪᠠᠶᠢᠭᠰᠠᠨ ᠮᠢᠨᠢ ᠡᠷᠢᠭᠳᠡᠨ᠎ᠡ᠃ ᠵᠡᠭᠦᠨ ᠭᠤᠣᠯ ᠤᠨ ᠴᠡᠭᠡᠯ ᠤᠨ ᠣᠰᠣᠨ ᠳᠤ | ᠣᠮᠪᠠᠨ᠂ ᠰᠢᠷᠭᠠᠯ ᠡᠯᠡᠰᠦᠨ ᠳᠤ ᠨᠠᠷᠠᠨ ᠳᠤ ᠡᠭᠡᠭᠡᠨ ᠬᠡᠪᠲᠡᠵᠦ ᠦᠳᠡ ᠶᠢᠨ ᠬᠤᠶᠢᠨᠠᠬᠢ ᠬᠢᠴᠢᠶᠡᠯ ᠠᠴᠠ ᠪᠠᠨ | ᠬᠤᠴᠣᠷᠴᠢᠬᠠᠵᠤ ᠪᠠᠭᠰᠢ ᠳᠤ ᠪᠠᠨ ᠵᠢᠮᠡᠯᠡᠭᠳᠡᠵᠣ ᠪᠠᠶᠢᠭᠰᠠᠨ ᠢᠶᠠᠨ ᠰᠠᠨᠠᠭᠠᠯᠵᠠᠨ᠎ᠠ᠃ ᠲᠡᠷᠡ ᠦᠶ᠎ᠡ ᠶᠢᠨ ᠨᠢᠯᠬ᠎ᠠ | ᠪᠠᠭ᠎ᠠ ᠶᠢᠨ ᠣᠶᠣᠨ ᠳᠤ ᠭᠡᠷ ᠠᠴᠠ ᠪᠠᠨ ᠭᠠᠷᠴᠣ ᠠᠶᠢᠯ ᠨᠤᠲᠤᠭ ᠤᠨ ᠢᠶᠠᠨ ᠠᠭᠤᠯᠠ ᠣᠰᠣᠨ ᠳᠤ ᠪᠠᠨ | ᠠᠭᠤᠰᠣᠯᠴᠠᠵᠣ ᠨᠠᠭᠠᠳᠣᠨ ᠲᠣᠭᠯᠠᠬᠤ ᠪᠠᠨ ᠯᠡ ᠪᠣᠳᠣᠳᠠᠭ᠂ ᠬᠠᠷᠢᠨ ᠰᠣᠷᠭᠠᠭᠤᠯᠢ ᠶᠢᠨ ᠬᠦᠷᠢᠶᠠᠨ ᠳᠤ ᠢᠷᠡᠪᠡᠯ | ᠬᠢᠴᠢᠶᠡᠯ ᠪᠠᠭᠤᠬᠤ ᠶᠢ ᠬᠡᠴᠢᠨᠡᠨ ᠶᠠᠭᠠᠷᠠᠬᠤ ᠶᠢ ᠪᠣᠣ ᠮᠡᠳᠡ︕ ᠮᠢᠨᠤ ᠴᠡᠭᠡᠵᠢᠯᠡᠵᠤ ᠪᠠᠶᠢᠬᠤ ᠪᠠᠷ ᠨᠢᠭᠡ ᠦᠳᠡ | ᠳᠤ ᠪᠢ ᠭᠤᠷᠪᠠᠳᠣᠭᠠᠷ ᠬᠢᠴᠢᠶᠡᠯ ᠪᠠᠭᠤᠮᠠᠭᠴᠠ ᠪᠠᠨ ᠰᠠᠨᠳᠠᠯᠢ ᠠᠴᠠ ᠪᠠᠨ ᠬᠤᠪᠬᠤ ᠦᠰᠦᠷᠦᠨ ᠴᠢᠨᠡᠭᠡ ᠮᠡᠳᠡᠨ | ᠵᠢᠭᠢᠲᠡᠯᠡ ᠭᠦᠶᠦᠵᠤ ᠭᠡᠷ ᠲᠤ ᠪᠠᠨ ᠣᠷᠣᠵᠣ ᠢᠷᠡᠪᠡᠯ᠂ ᠡᠵᠢ ᠄ 《 ᠡᠨᠡ ᠬᠦᠣ ᠬᠡᠳᠦᠢ ᠡᠷᠳᠡ ᠢᠷᠡᠴᠢᠭᠡᠭᠰᠡᠨ | ᠶᠣᠮ︖ ᠲᠡᠭᠡᠭᠡᠳ ᠠᠬ᠎ᠠ ᠴᠢᠨᠢ︖ 》 ᠭᠡᠵᠣ ᠠᠰᠠᠭᠤᠵᠣ ᠭᠠᠷᠣᠯ᠎ᠠ᠃ 《 ᠰᠣᠷᠭᠠᠭᠤᠯᠢ ᠲᠠᠷᠬᠠᠪᠠᠯ ᠡᠳᠦᠷ | ᠡᠳᠦᠷ ᠶᠠᠭᠠᠬᠢᠵᠣ ᠭᠦᠶᠦᠭᠰᠡᠨ ᠴᠣ᠋ ᠠᠬ᠎ᠠ ᠠᠴᠠ ᠬᠤᠴᠣᠷᠳᠠᠭ᠂ ᠭᠡᠶ᠎ᠡ ᠡᠨᠡ ᠡᠳᠦᠷ ᠣᠷᠢᠳᠠᠵᠠᠢ ᠭᠡᠰᠡᠨ ᠴᠢᠨᠢ᠂ | ᠪᠠᠷᠠᠵᠠᠢ︕ ᠰᠠᠶ᠋ᠢ ᠭᠤᠷᠪᠠᠳᠣᠭᠠᠷ ᠬᠢᠴᠢᠶᠡᠯ ᠪᠠᠭᠤᠵᠤ ᠪᠠᠶᠢᠭᠰᠠᠨ᠂ ᠶᠠᠭᠤᠨ ᠤ ᠬᠢ ᠨᠢ ᠳᠦᠷᠪᠡᠳᠦᠭᠡᠷ ᠬᠢᠴᠢᠶᠡᠯ | ᠭᠡᠳ ᠠᠳᠡᠭᠦᠷᠡᠴᠢᠬᠡᠵᠡᠢ 》 ᠭᠡᠵᠤ ᠪᠢ ᠡᠵᠢ ᠳᠤ ᠪᠠᠨ ᠲᠠᠶᠢᠯᠪᠣᠷᠢᠯᠠᠨ᠎ᠠ᠃ ᠣᠣᠯ ᠨᠢ᠂ ᠦᠳᠡ ᠳᠤ | ᠰᠣᠷᠭᠠᠭᠤᠯᠢ ᠲᠠᠷᠬᠠᠬᠤ ᠪᠣᠯᠭᠠᠨ ᠪᠠᠭᠰᠢ ᠠᠴᠠ ᠭᠡᠷ ᠲᠤ ᠪᠠᠨ ᠣᠴᠢᠪᠠᠯ ᠠᠪᠤ ᠡᠵᠢ ᠪᠠᠨ ᠬᠠᠪᠰᠣᠷᠴᠣ ᠠᠷᠭᠠᠯ | ᠲᠦᠯᠡᠭᠡ ᠬᠤᠮᠢᠬᠤ ᠂ ᠠᠳᠣᠭᠤ ᠮᠠᠯ ᠡᠷᠭᠢᠭᠦᠯᠬᠦ ᠳᠤ ᠨᠢ ᠬᠠᠪᠰᠣᠷᠴᠣ ᠠᠵᠢᠯ ᠬᠢᠬᠦ᠂ ᠳᠠᠰᠬᠠᠯ ᠳᠠᠭᠠᠯᠭᠠᠪᠤᠷᠢ ᠪᠠᠨ | ᠴᠠᠭ ᠲᠣᠬᠠᠢ ᠳᠤ ᠨᠢ ᠪᠡᠶᠡᠯᠡᠭᠦᠯᠬᠦ᠂᠂᠂ ᠵᠡᠷᠭᠡ ᠰᠣᠷᠭᠠᠯ ᠦᠭᠡ ᠶᠠᠷᠢᠳᠠᠭ᠃ ᠲᠡᠷᠡ ᠡᠳᠦᠷ᠂ ᠡᠨᠡ ᠪᠠᠭᠰᠢ | ᠶᠠᠭᠠᠬᠢᠭᠠᠳ ᠯᠡ ᠭᠤᠷᠪᠠᠳᠣᠭᠠᠷ ᠬᠢᠴᠢᠶᠡᠯ ᠪᠠᠭᠤᠬᠤ ᠦᠶ᠎ᠡ ᠳᠤ ᠣᠯᠠᠨ ᠰᠣᠷᠭᠠᠯ ᠢᠶᠠᠨ ᠶᠠᠷᠢᠴᠢᠬᠠᠭᠰᠨ ᠶᠤᠮ ᠳ᠋ᠠ | ᠭᠡᠵᠣ ᠬᠠᠷᠢᠭᠤᠯᠳᠠ ᠦᠭᠡᠢ ᠭᠠᠶᠢᠬᠠᠨᠠ᠂᠂᠂᠂ ᠣᠳᠣ ᠪᠣᠳᠣᠬᠤ ᠳᠤ ᠲᠣᠭᠤᠯ ᠤᠨ ᠪᠡᠯᠴᠢᠭᠡᠷ ᠤᠨ ᠢᠨᠠᠲᠣ ᠠᠴᠠ | ᠬᠤᠷᠭ᠎ᠠ ᠢᠰᠢᠭᠡ ᠶᠢᠨ ᠮᠠᠶᠢᠯᠠᠯᠳᠤᠭᠠᠨ ᠲᠠᠢ ᠬᠠᠰᠢᠶ᠎ᠠ ᠵᠦᠭ ᠢᠶᠠᠨ ᠭᠦᠶᠦᠯᠳᠦᠨ ᠶᠠᠭᠠᠷᠠᠵᠣ ᠪᠠᠶᠢᠭᠰᠠᠨ ᠮᠠᠨᠢ ᠨᠡᠩ | ᠴᠤ ᠣᠴᠢᠷᠲᠠᠢ︕ | ᠠᠪᠤ ᠡᠵᠢ ᠶᠢᠨ ᠬᠤᠷᠮᠣᠢ ᠶᠢ ᠨᠢ ᠳᠠᠭᠠᠵᠣ ᠳᠡᠷᠪᠡᠯᠵᠡᠭᠰᠡᠨ ᠪᠠᠯᠴᠢᠷ ᠨᠠᠰᠣ ᠮᠢᠨᠢ ᠠᠯᠣᠰ ᠤᠨ ᠴᠠᠭᠠᠨᠠᠬᠢ ᠠᠭᠤᠯᠠᠰ | ᠤᠨ ᠵᠠᠮᠬᠠᠷᠠᠨ ᠣᠳᠬᠤ ᠡᠭᠦᠯᠡᠰ ᠰᠢᠭ ᠵᠠᠶᠢᠳᠠᠬᠤ ᠴᠠᠭ ᠮᠦᠴᠡ ᠬᠡᠨ ᠬᠦᠮᠦᠨ ᠳᠤ ᠪᠦᠷ ᠪᠠᠶᠢᠭ᠎ᠠ ᠶᠣᠮ᠂ ᠨᠠᠳᠠ | ᠳᠤ ᠴᠣ᠋ ᠪᠠᠶᠢᠭᠰᠠᠨ ᠳ᠋ᠠ᠂ ᠠᠷᠣ ᠶᠢᠨ ᠳᠠᠪᠠᠭ᠎ᠠ ᠪᠠᠨ ᠳᠠᠪᠠᠵᠣ ᠰᠣᠮᠣ ᠶᠢᠨ ᠰᠣᠷᠭᠠᠭᠤᠯᠢ ᠳᠤ ᠳᠠᠪᠰᠢᠨ | ᠣᠷᠣᠭᠰᠠᠨ ᠲᠠᠷᠡ ᠦᠶ᠎ᠡ ᠨᠢ ᠨᠠᠳᠠ ᠳᠤ ᠠᠶᠢᠯ ᠭᠡᠷ ᠢᠶᠠᠨ ᠰᠠᠨᠠᠬᠤ ᠰᠡᠳᠭᠢᠯᠭᠡ ᠶᠢ ᠵᠢᠷᠣᠬᠡᠨ ᠳᠤ | ᠣᠭᠤᠰᠤᠷᠯᠠᠵᠤ ᠲᠠᠯᠪᠢᠭᠰᠠᠨ ᠰᠢᠭ᠋ ᠶᠣᠮ᠃ ᠪᠢ ᠰᠤᠷᠭᠠᠭᠤᠯᠢ ᠶᠢᠨ ᠪᠠᠶᠢᠷᠢ ᠳᠤ ᠠᠩᠬ᠎ᠠ ᠰᠠᠭᠤᠵᠣ ᠪᠠᠶᠢᠭᠰᠠᠨ | ᠦᠶ᠎ᠡ ᠳᠤ ᠪᠠᠨ ᠭᠡᠷ ᠢᠶᠠᠨ ᠰᠠᠨᠠᠬᠤ ᠮᠢᠨᠢ ᠬᠡᠴᠡᠭᠦᠦ᠂ ᠰᠣᠷᠭᠠᠭᠤᠯᠢ ᠳᠤ ᠪᠠᠨ ᠣᠴᠢᠬᠤ ᠳᠣᠷ᠎ᠠ ᠦᠭᠡᠢ ᠶᠢ | ᠶᠠᠭᠠᠬᠢᠶ᠎ᠠ᠂ ᠲᠡᠭᠡᠭᠡᠳ ᠡᠵᠢ ᠳᠤ ᠪᠠᠨ ᠡᠷᠬᠡᠯᠡᠵᠤ᠂ ᠠᠪᠤ ᠳᠤ ᠪᠠᠨ ᠵᠠᠩᠨᠠᠭᠤᠯᠵᠣ ᠪᠠᠶᠢᠭᠰᠠᠨ︕ ᠪᠣᠳᠣᠭᠠᠳ | ᠦᠵᠡᠪᠡᠯ ᠬᠦᠭᠡᠷᠦᠬᠦᠢ ᠳ᠋ᠠ᠂ ᠮᠢᠨᠤ ᠨᠢᠭᠡ ᠬᠠᠮᠳᠣ ᠰᠣᠷᠣᠯᠭᠠᠳᠠᠨ ᠪᠠᠶᠢᠷᠢ ᠳᠤ ᠰᠠᠭᠤᠭᠠᠳ ᠨᠢᠭᠡ ᠭᠠᠷᠠᠭ ᠢ | ᠳᠠᠭᠠᠭᠠᠭᠰᠠᠨ ᠦᠭᠡᠢ ᠭᠡᠷ ᠪᠠᠨ ᠰᠠᠨᠠᠬᠤ ᠳᠤ ᠪᠠᠨ ᠄ 《ᠪᠢ ᠲᠡᠰᠬᠦ ᠦᠭᠡᠢ᠂ ᠲᠡᠰᠬᠦ ᠦᠭᠡᠢ︕ 》 ᠭᠡᠳ | ᠣᠬᠢᠯᠠᠵᠤ ᠪᠠᠶᠢᠭᠰᠠᠨ᠂ ᠲᠡᠭᠡᠭᠡᠳ ᠯᠡ ᠭᠤᠷᠪᠠᠳᠣᠭᠠᠷ ᠡᠳᠦᠷ ᠲᠤ ᠨᠢ ᠣᠷᠣ ᠪᠠᠨ ᠡᠭᠦᠷᠦᠭᠡᠳ ᠭᠡᠷ ᠲᠤ ᠪᠠᠨ | ᠬᠠᠷᠢᠴᠢᠬᠠᠭᠰᠠᠨ ᠪᠢᠯᠡ᠃ ᠪᠠᠭᠰᠢ᠂ ᠭᠡᠷ ᠤᠨ ᠠᠬᠠᠮᠠᠳ ᠤᠨ ᠬᠢ ᠨᠢ ᠭᠤᠶᠣᠳᠠᠯ ᠢᠳᠬᠠᠯ ᠴᠣ᠋ ᠶᠠᠮᠠᠷ ᠴᠦ | ᠲᠣᠰᠠ ᠪᠣᠯᠣᠭᠰᠠᠨ ᠦᠭᠡᠢ ᠰᠣᠷᠣᠯᠭ᠎ᠠ ᠵᠤᠭᠰᠤᠭᠰᠠᠨ ᠪᠠᠶᠢᠵᠠᠢ᠃ ᠠᠶᠢᠯ ᠭᠡᠷ ᠠᠴᠠ ᠪᠠᠨ ᠰᠠᠶ᠋ᠢ ᠡᠬᠢᠯᠡᠵᠤ ᠰᠠᠯᠵᠣ | ᠪᠠᠶᠢᠭ᠎ᠠ ᠬᠡᠣᠬᠡᠳ ᠭᠡᠷ ᠢᠶᠠᠨ ᠰᠠᠨᠠᠬᠤ ᠨᠢ ᠵᠠᠶᠢᠯᠠᠰᠢ ᠦᠭᠡᠢ ᠃ ᠶᠡᠭᠡ ᠬᠦᠮᠦᠨ ᠴᠤ ᠭᠡᠷ ᠨᠤᠲᠤᠭ ᠠᠴᠠ ᠪᠠᠨ | ᠰᠠᠯᠵᠤ ᠂ ᠬᠠᠷᠢ ᠭᠠᠵᠠᠷ ᠬᠦᠨᠳᠡᠯᠡᠨ ᠨᠣᠲᠤᠭ ᠲᠤ ᠠᠵᠢᠯᠯᠠᠵᠤ ᠠᠮᠢᠳᠤᠷᠠᠬᠤ ᠦᠶ᠎ᠡ ᠳᠤ ᠭᠡᠷ ᠢᠶᠠᠨ ᠰᠠᠨᠠᠬᠤ ᠶᠢᠨ | ᠦᠨᠦᠷ ᠠᠮᠳᠠ ᠠᠮᠲᠠᠯᠠᠭᠳᠠᠳᠠᠭ ᠨᠢ ᠯᠠᠪᠲᠠᠢ ᠃ ᠬᠡᠣᠬᠡᠳ ᠢᠶᠠᠨ ᠬᠠᠷᠠᠬᠠᠨ ᠪᠠᠭ᠎ᠠ ᠠᠴᠠ ᠨᠢ ᠬᠤᠰᠢᠭᠤ ᠠᠶᠢᠮᠠᠭ | ᠤᠨ ᠰᠣᠷᠭᠠᠭᠤᠯᠢ ᠳᠤ ᠬᠦᠷᠭᠡᠵᠤ ᠰᠣᠷᠣᠯᠴᠠᠭᠤᠯᠬᠤ ᠳᠤ᠂ ᠡᠵᠢ ᠠᠪᠤ ᠪᠣᠶᠣ ᠡᠮᠡᠭᠡ ᠡᠪᠦᠭᠡ ᠨᠢ ᠳᠠᠭᠠᠵᠣ ᠰᠠᠭᠤᠵᠤ | ᠪᠠᠶᠢᠯ᠎ᠠ ᠴᠣ᠋ ᠲᠡᠳᠡᠨ ᠢ ᠭᠡᠷ ᠨᠤᠲᠤᠭ ᠢᠶᠠᠨ ᠰᠠᠨᠠᠵᠣ ᠦᠭᠡᠢ ᠭᠡᠵᠣ ᠪᠣᠣ ᠪᠤᠳᠤ᠂ ᠬᠡᠣᠬᠡᠳ ᠳᠠᠯᠳᠠ ᠤᠬᠠᠮᠰᠠᠷ ᠢᠶᠠᠷ | ᠭᠡᠷ ᠨᠤᠲᠤᠭ ᠢᠶᠠᠨ ᠰᠠᠨᠠᠵᠣ ᠪᠠᠶᠢᠬᠤ ᠶᠢ ᠣᠮᠳᠣᠭᠠᠶᠢᠯᠠᠵᠤ ᠪᠣᠯᠳᠠᠭ ᠦᠭᠡᠢ ᠳ᠋ᠠ︕ ᠲᠡᠷᠡ ᠦᠶ᠎ᠡ ᠳᠤ᠂ ᠪᠢᠳᠡ | ᠭᠠᠷᠠᠭ ᠤᠨ ᠰᠡᠭᠦᠯᠴᠢ ᠪᠣᠯᠪᠠᠯ ᠰᠠᠨᠠᠭ᠎ᠠ ᠰᠡᠷᠭᠦᠵᠤ ᠳᠠᠭᠤ ᠦᠨᠳᠤᠷᠳᠡᠳᠡᠭ᠃ ᠶᠠᠭᠤ ᠭᠡᠪᠡᠯ ︿︿᠂᠂᠂ ᠬᠤᠨᠤᠭ | ᠲᠤᠭᠤᠯᠤᠭᠠᠳ ᠭᠡᠷ ᠲᠤ ᠪᠠᠨ ᠢᠷᠡᠯ᠎ᠡ﹀﹀ ᠭᠡᠬᠦ ᠳᠠᠭᠤᠣ ᠰᠢᠭ᠋ ᠨᠤᠲᠤᠭ ᠤᠨ ᠵᠠᠮ ᠢᠶᠠᠨ ᠡᠯᠭᠦᠵᠤ ᠂ ᠭᠡᠷ | ᠲᠤ ᠪᠠᠨ ᠬᠠᠷᠢᠵᠤ ᠪᠠᠶᠢᠭᠰᠠᠨ ᠳ᠋ᠠ︕ | 《 ᠬᠠᠪᠣᠷ ᠴᠠᠭ ᠨᠢ ᠪᠣᠯᠣᠭᠠᠳ ᠢᠷᠡᠪᠡᠯ ᠬᠠᠭᠳᠠ ᠨᠣᠭᠤᠭ᠎ᠠ ᠨᠢ ᠬᠦᠬᠡᠷᠡᠭᠡᠳ᠂ ᠬᠠᠪᠣᠷᠵᠢᠶᠠᠨ ᠳᠤ ᠪᠠᠨ | ᠰᠠᠭᠤᠶ᠎ᠠ ᠭᠡᠯᠠᠢ ᠭᠠᠵᠠᠷ ᠮᠢᠨᠢ ᠬᠤᠯᠠ᠂ ᠨᠤᠲᠤᠭ ᠮᠢᠨᠢ ᠲᠠᠷᠠᠤ ᠪᠠᠶᠢᠨ᠎ᠠ᠂ ᠭᠠᠯᠭᠢᠭᠤᠯᠵᠠᠭᠠᠶᠠ ᠪᠢᠳᠡ ᠁ 》 | ᠲᠡᠶᠢᠮᠦ ᠡ᠂ ᠬᠦᠳᠡᠭᠡ ᠭᠡᠷ ᠠᠴᠠ ᠪᠠᠨ ᠰᠠᠯᠣᠭᠠᠳ ᠬᠠᠮᠢᠭ᠎ᠠ ᠶᠠᠮᠠᠷ ᠭᠠᠵᠠᠷ ᠠᠵᠢᠯᠯᠠᠵᠤ᠂ ᠠᠮᠢᠳᠤᠷᠠᠵᠤ᠂ | ᠰᠤᠷᠤᠯᠴᠠᠭᠰᠠᠨ ᠴᠦ ᠪᠣᠷᠣ ᠭᠡᠷ᠂ ᠪᠣᠭᠤᠨᠢ ᠰᠠᠷᠠᠪᠴᠢ ᠮᠢᠨᠢ ᠪᠣᠳᠣᠯ ᠰᠠᠨᠠᠯ ᠢ ᠡᠵᠡᠮᠳᠡᠭᠡᠳ ᠪᠠᠶᠢᠳᠠᠭ︕ | ᠲᠡᠶᠢᠮᠦ ᠠᠴᠠ ᠬᠦᠮᠦᠰ ᠦᠰᠴᠦ ᠲᠦᠷᠦᠭᠰᠡᠨ ᠨᠤᠲᠤᠭ ᠢᠶᠠᠨ ᠦᠯᠦᠭᠡᠢ ᠲᠠᠢ ᠵᠦᠢᠷᠯᠡᠳᠡᠭ ᠨᠢ ᠴᠠᠭᠠᠨ᠎ᠠ ᠪᠠᠨ | ᠤᠴᠢᠷᠲᠠᠢ ᠠᠵᠢ ᠁ | ᠵᠤᠨ ᠤ ᠰᠠᠶᠢᠬᠠᠨ ᠳᠤᠷᠠᠰᠤᠮᠵᠢ ᠳᠤ᠂ ᠵᠣᠶᠢᠯ ᠤᠨ ᠴᠡᠴᠡᠭ ᠨᠢ ᠳᠡᠯᠭᠡᠷᠡᠭᠡᠳ ᠵᠢᠷᠤᠭ ᠰᠢᠭ᠋ ᠪᠣᠯᠣᠭᠠᠳ ᠪᠠᠶᠢᠬᠤ | ᠳᠤ ᠭᠡᠷ ᠲᠤ ᠪᠠᠨ ᠬᠠᠷᠢᠬᠤ ᠶᠢᠨ ᠬᠠᠮᠤᠭ ᠰᠠᠶᠢᠬᠠᠨ ᠳᠤᠷᠠᠰᠤᠯ ᠬᠦᠪᠦᠷᠢᠳᠡᠭ ︕ ᠲᠡᠷᠡ ᠥᠶ᠎ᠡ ᠳᠤ᠂ | ᠨᠣᠲᠤᠭ ᠤᠨ ᠮᠢᠨᠢ ᠬᠥᠬᠡ ᠲᠡᠭᠷᠢ ᠳᠤ ᠴᠠᠭᠠᠨ ᠡᠭᠦᠯᠡ ᠰᠣᠪᠤᠷᠠᠵᠤ᠂ ᠬᠦᠳᠡᠭᠡ ᠲᠠᠯ᠎ᠠ ᠳᠤ ᠬᠦᠯᠦᠭ ᠮᠣᠷᠢ | ᠳᠠᠪᠬᠢᠨ᠎ᠠ ᠳ᠋ᠠ︕ ᠬᠠᠷᠢᠨ ᠲᠡᠭᠡᠬᠦ ᠪᠠᠷ᠂ ᠲᠤᠨᠤᠷᠡᠮᠠ ᠰᠠᠶᠢᠬᠠᠨ ᠡᠲᠦᠷ ᠲᠤᠬᠢᠶᠠᠪᠠᠯ 《 ᠬᠠᠷᠢ ᠳᠤ ᠮᠣᠷᠳᠠᠭᠰᠠᠨ | ᠬᠡᠣᠬᠡᠨ ᠲᠥᠷᠬᠦᠮ ᠢᠶᠠᠨ ᠰᠠᠨᠠᠮᠠᠷ ᠡᠳᠦᠷ ᠡ 》 ᠭᠡᠵᠤ ᠭᠡᠷ ᠨᠣᠲᠤᠭ ᠢᠶᠠᠨ ᠰᠠᠨᠠᠵᠣ ᠮᠥᠷᠦᠭᠡᠳᠦᠭᠰᠡᠨ ᠰᠡᠳᠭᠢᠯᠭᠡ | ᠪᠠᠨ ᠪᠠᠶᠢᠭᠠᠯᠢ ᠤᠷᠴᠢᠨ ᠤ ᠰᠠᠶᠢᠨ ᠰᠠᠶᠢᠬᠠᠨ ᠲᠠᠢ ᠦᠯᠢᠳᠭᠡᠵᠦ ᠬᠡᠯᠡᠳᠡᠭ᠃ | ᠨᠠᠮᠣᠷ ᠨᠢ ᠬᠡᠨ ᠨᠢᠭᠡᠨ ᠳᠤ ᠳᠣᠷᠠᠰᠣᠯ ᠮᠦᠷᠦᠭᠡᠳᠦᠯ ᠢ ᠵᠤᠵᠠᠭᠠᠷᠠᠭᠤᠯᠳᠠᠭ᠂ ᠳᠡᠭᠡᠷ᠎ᠡ ᠵᠠᠭᠤᠨ ᠤ ᠨᠠᠶᠠᠭᠠᠳ | ᠣᠨ ᠤ ᠳᠤᠮᠳᠠᠴᠢ ᠶᠢᠨ ᠲᠡᠷᠡ ᠨᠠᠮᠣᠷ ᠪᠢ ᠠᠶᠢᠮᠠᠭ ᠠᠯᠣᠰ ᠤᠨ ᠶᠡᠭᠡ ᠰᠣᠷᠭᠠᠭᠤᠯᠢ ᠳᠤ ᠰᠢᠯᠭᠠᠨ ᠣᠷᠣᠵᠣ ᠭᠡᠷ | ᠨᠣᠳᠤᠭ ᠠᠴᠠ ᠪᠠᠨ ᠣᠯᠠᠮ ᠵᠠᠶᠢᠳᠠᠭᠤ ᠪᠣᠯᠬᠤ ᠳᠤ᠂ ᠠᠶᠢᠯ ᠭᠡᠷ ᠮᠢᠨᠢ ᠨᠠᠳᠠ ᠳᠤ ᠠᠮᠢᠳᠣᠷᠠᠯ ᠤᠨ ᠲᠦᠰᠢᠭ | ᠣᠶᠣᠨ ᠤ ᠬᠦᠨᠡᠰᠦ ᠪᠣᠯᠵᠤ ᠪᠠᠶᠢᠭᠰᠠᠨ ᠶᠣᠮ᠃ ᠢᠯᠠᠩᠭᠤᠶ᠎ᠠ᠂ ᠠᠮᠠᠷᠠᠯᠳᠠ ᠲᠠᠯᠪᠢᠵᠤ ᠭᠡᠷ ᠲᠤ ᠪᠠᠨ ᠬᠠᠷᠢᠬᠤ | ᠦᠶ᠎ᠡ ᠳᠤ ᠠᠷᠣ ᠭᠡᠷ ᠤᠨ ᠬᠤᠯᠠᠩ ᠤᠨ ᠣᠲᠤᠭ᠎ᠠ ᠠᠭᠤᠯᠠᠰ ᠤᠨ ᠴᠠᠭᠠᠨᠠᠬᠢ ᠣᠨᠢᠶᠠᠷ ᠢᠶᠠᠷ ᠳᠠᠮᠵᠢᠨ | ᠦᠨᠦᠰᠦᠭᠳᠡᠨ ᠮᠡᠳᠡᠷᠡᠭᠳᠡᠵᠤ ᠪᠠᠶᠢᠮᠠᠷᠬᠠᠨ ᠰᠠᠨᠠᠭᠳᠠᠳᠠᠭ᠃ ᠡᠩ ᠳᠡᠯᠡᠬᠡᠢ ᠳᠤ ᠠᠭᠤᠯᠠ ᠲᠠᠯ᠎ᠠ ᠣᠯᠠᠨ ᠣᠯᠠᠨ | ᠬᠠᠷᠠᠭᠳᠠᠳᠠᠭ ᠴᠤ ᠠᠪᠤ ᠶᠢᠨ ᠮᠢᠨᠢ ᠪᠠᠷ᠎ᠠ ᠰᠢᠭ᠋ ᠬᠠᠨᠠᠶᠢᠭᠰᠠᠨ ᠨᠤᠲᠤᠭ ᠤᠨ ᠠᠭᠤᠯᠠᠰ ᠨᠢ ᠬᠤᠯᠠ ᠶᠢᠨ ᠬᠤᠯᠠ | ᠳᠤ ᠪᠠᠨ ᠲᠡᠷᠭᠡᠯ ᠬᠠᠷᠠᠭᠳᠠᠯ ᠲᠠᠢ ᠶᠢ ᠶᠠᠭᠠᠬᠢᠶ᠎ᠠ︕ ᠥᠩ ᠶᠢᠷᠲᠢᠨᠴᠣ ᠳᠤ ᠭᠤᠣᠯ ᠮᠦᠷᠡᠨ ᠰᠠᠶ᠎ᠠ ᠵᠢᠸ᠎ᠠ | ᠣᠷᠣᠰᠳᠠᠭ᠂ ᠭᠡᠶ᠎ᠡ ᠡᠵᠢ ᠶᠢᠨ ᠮᠢᠨᠢ ᠰᠠᠷᠠᠪᠴᠢᠯᠠᠭ᠎ᠠ ᠳᠤ ᠬᠤᠴᠣᠷᠣᠭᠰᠠᠨ ᠲᠡᠷᠡ ᠭᠤᠣᠯ ᠰᠢᠭ᠋ ᠴᠡᠩᠬᠡᠷ | ᠬᠠᠷᠠᠭᠳᠠᠮᠠᠷ ᠦᠭᠡᠢ ᠶᠢ ᠡᠶᠢᠶᠡ︕ | ᠲᠡᠷᠡ ᠨᠢᠭᠡ ᠠᠮᠠᠷᠠᠯᠳᠠ ᠶᠢᠨ ᠣᠴᠢᠷ ᠨᠢ ᠨᠠᠳᠠ ᠳᠤ ᠶᠡᠷᠦ ᠨᠢ ᠮᠠᠷᠳᠠᠭᠳᠠᠰᠢ ᠦᠭᠡᠢ ᠭᠦᠨ ᠰᠠᠭᠤᠭᠳᠠᠯ | ᠦᠯᠡᠳᠡᠵᠠᠢ᠃ ᠪᠢ᠂ ᠮᠠᠰᠢᠨ ᠲᠡᠷᠭᠡᠨ ᠠᠴᠠ ᠪᠠᠭᠤᠵᠣ ᠨᠣᠳᠤᠭ ᠤᠨ ᠰᠢᠷ᠎ᠠ ᠵᠠᠮ ᠢᠶᠠᠨ ᠡᠯᠭᠦᠵᠤ᠂ ᠭᠡᠷ ᠵᠦᠭ | ᠢᠶᠠᠨ ᠴᠢᠨᠡᠭᠡ ᠮᠡᠳᠡᠨ ᠠᠯᠬᠤᠵᠣ ᠪᠠᠶᠢᠬᠤ ᠳᠤ ᠲᠡᠷᠳᠡᠭᠡ ᠡᠷᠭᠢ ᠠᠴᠠ ᠵᠢᠭᠢᠳᠡᠯᠡ ᠰᠣᠨᠣᠯᠵᠠᠭᠠᠳ ᠢᠷᠡᠬᠦ | 《ᠰᠢᠷᠭᠠᠯ ᠠᠷᠰᠯᠠᠨ 》 ᠮᠢᠨᠢ ᠬᠠᠮᠤᠭ ᠠᠴᠠ ᠡᠮᠦᠨ᠎ᠡ ᠨᠠᠮ᠎ᠠ ᠶᠢ ᠣᠭᠳᠣᠨ ᠠᠪᠴᠣ᠂ ᠬᠤᠶᠠᠷ ᠬᠠ ᠪᠠᠨ | ᠡᠷᠭᠦᠰᠭᠢᠨ ᠭᠠᠷ ᠬᠦᠯ᠂ ᠬᠠᠴᠠᠷ ᠨᠢᠭᠤᠷ ᠢ ᠦᠨᠦᠰᠦᠨ ᠳᠣᠯᠢᠶᠠᠵᠣ《ᠬᠠᠯᠠᠭᠤᠨ ᠢᠶᠠᠷ ᠣᠭᠳᠣᠵᠣ ᠪᠠᠶᠢᠬᠤ 》 | ᠰᠡᠳᠭᠢᠯᠭᠡ ᠪᠠᠨ ᠢᠯᠡᠳᠭᠡᠵᠤ ᠯᠡ ᠪᠠᠶᠢᠭᠰᠠᠨ᠃ ᠭᠡᠬᠦ ᠳᠤ ᠪᠠᠨ ᠬᠤᠶᠢᠭᠤᠷ ᠣᠷᠳᠣᠭᠤᠷ ᠡᠷᠭᠢᠴᠡᠵᠤ ᠠᠶᠢᠯ | ᠵᠦᠭ ᠭᠦᠶᠦᠨ᠎ᠡ᠂ ᠳᠠᠬᠢᠭᠠᠳ ᠮᠢᠨᠣ ᠵᠦᠭ ᠭᠦᠶᠦᠨ᠎ᠡ᠂ ᠳᠠᠬᠢᠭᠠᠳ ᠯᠡ ᠭᠡᠷ ᠵᠦᠭ ᠭᠦᠶᠦᠨ᠎ᠡ ᠂ ᠬᠦᠭᠡᠷᠦᠬᠦᠢ᠂ | ᠨᠠᠮ᠎ᠠ ᠶᠢ ᠢᠷᠡᠵᠠᠢ ᠭᠡᠵᠣ ᠭᠡᠷ ᠤᠨ ᠬᠦᠮᠦᠰ ᠲᠤ ᠴᠢᠮᠡᠭᠡ ᠳᠠᠮᠵᠢᠭᠤᠯᠵᠤ ᠪᠠᠶᠢᠭᠰᠠᠨ ᠪᠣᠯᠣᠯᠲᠠᠢ︕ ᠶᠣᠰᠣᠲᠠᠢ ᠭᠡᠷ | ᠲᠤ ᠪᠠᠨ ᠪᠤᠴᠠᠬᠤ ᠰᠡᠳᠭᠢᠯᠭᠡ ᠂ ᠡᠯᠢᠭᠡᠨ ᠰᠠᠲᠦᠨ ᠂ ᠨᠣᠲᠤᠭ ᠤᠨ ᠪᠦᠬᠦᠢ ᠶᠠᠭᠤᠮ᠎ᠠ ᠨᠢ ᠢᠵᠢᠯᠢᠳᠦᠨ | ᠠᠭᠤᠰᠤᠯᠴᠠᠭᠰᠠᠨ ᠪᠠᠶᠢᠳᠠᠭ︕ | ᠡᠪᠦᠯ ᠨᠢ ᠬᠦᠮᠦᠨ ᠳᠤ ᠳᠤᠯᠠᠭᠠᠬᠠᠨ ᠪᠠᠭᠤᠴᠠ ᠶᠢ ᠡᠷᠢᠭᠳᠡᠭᠦᠯᠦᠨᠡ᠃ ᠰᠦᠨᠢ ᠶᠢᠨ ᠲᠡᠭᠷᠢ ᠳᠤ ᠠᠯᠣᠰ ᠤᠨ | ᠣᠳᠣᠳ ᠭᠢᠯᠠᠯᠵᠠᠬᠤ ᠨᠢ ᠶᠠᠭ ᠨᠤᠲᠤᠭ ᠢ ᠴᠢᠨᠢ ᠮᠠᠨᠠᠵᠤ ᠦᠭᠴᠦ ᠪᠠᠶᠢᠨ᠎ᠠ ᠰᠢᠭ᠋ ᠶᠤᠮ᠃ ᠠᠷᠣ ᠭᠡᠷ ᠠᠴᠠ ᠪᠠᠨ | ᠲᠤᠰᠠᠭᠠᠷᠯᠠᠵᠤ᠂ ᠠᠵᠢᠯ ᠠᠮᠢᠳᠣᠷᠠᠯ ᠢᠶᠠᠨ ᠠᠰᠲᠠᠭᠠᠨ ᠲᠣᠳᠣᠮᠳᠠᠬᠤ ᠪᠣᠯᠣᠭᠰᠠᠨ ᠨᠠᠳᠠ ᠳᠤ ᠡᠵᠢ ᠶᠢᠨ ᠮᠢᠨᠢ | ᠴᠢᠨᠠᠭᠰᠠᠨ ᠬᠠᠯᠠᠭᠤᠨ ᠴᠠᠢ ᠨᠡᠩ ᠠᠮᠲᠠᠲᠠᠢ ᠰᠠᠨᠠᠭᠳᠠᠬᠤᠢ᠂ ᠠᠪᠤ ᠶᠢᠨ ᠮᠢᠨᠢ ᠬᠤᠪᠢᠩ ᠲᠠᠢ ᠠᠷᠢᠬᠢᠨ ᠳᠤ | ᠣᠯᠠᠮ ᠰᠢᠮᠡᠲᠡᠢ ᠰᠣᠭᠲᠣᠭᠤᠷᠬᠤᠢ ︕ | 《ᠠᠪᠦ ᠶᠢᠨ ᠳᠠᠭᠤᠣ ᠶᠢ ᠡᠭᠡᠰᠢᠭᠯᠡᠵᠦ | ᠭᠡᠷ ᠲᠤ ᠪᠠᠨ ᠬᠠᠷᠢᠮᠠᠷ ᠰᠠᠨᠠᠭᠳᠠᠭᠠᠳ ᠪᠠᠶᠢᠨ᠎ᠠ | ᠠᠯᠣᠰ ᠤᠨ ᠴᠡᠩᠬᠡᠷ ᠬᠠᠶᠠᠭ᠎ᠠ ᠶᠢ ᠴᠢᠭᠯᠡᠭᠡᠳ | ᠭᠡᠷ ᠲᠤ ᠪᠠᠨ ᠬᠠᠷᠢᠮᠠᠷ ᠪᠣᠳᠤᠭᠳᠠᠭᠠᠳ ᠪᠠᠶᠢᠨ᠎ᠠ | ᠠᠢ ᠳ᠋ᠠ ᠨᠤᠲᠤᠭ ᠮᠢᠨᠢ ᠁ 》 ᠭᠡᠬᠦ ᠳᠠᠭᠤᠣ ᠶᠢ ᠠᠶᠠᠯᠭᠤᠯᠠᠮᠠᠷ ᠳ᠋ᠠ︕ | ᠨᠢᠳᠤᠨᠤᠨ ᠵᠢᠯ ᠳᠤ ᠪᠢ ᠵᠣᠷᠰᠢᠯ ᠶᠣᠰᠤᠭᠠᠷ ᠭᠡᠷ ᠪᠦᠯᠢ ᠪᠠᠨ ᠠᠪᠴᠤ ᠨᠣᠳᠤᠭ ᠲᠤ ᠪᠠᠨ ᠬᠠᠷᠢᠵᠤ ᠭᠡᠷ | ᠲᠤ ᠪᠠᠨ ᠰᠢᠨᠡᠯᠡᠬᠦ ᠪᠠᠷ ᠢᠷᠡᠵᠣ ᠪᠢᠯᠡ᠃ ᠨᠠᠮ ᠤᠨ ᠬᠤᠷᠢᠳᠤᠭᠠᠷ ᠶᠡᠭᠡ ᠬᠤᠷᠠᠯ ᠤᠨ ᠵᠣᠷᠢᠭ ᠰᠠᠨᠠᠭ᠎ᠠ ᠶᠢᠨ | ᠲᠤᠶᠠᠭᠠᠯᠠᠯ ᠢᠶᠠᠷ᠂ ᠨᠤᠲᠤᠭ ᠮᠠᠨᠢ ᠬᠦᠭᠵᠢᠨ ᠰᠢᠨᠡᠲᠦᠵᠦ᠂ ᠨᠤᠲᠤᠭ ᠤᠨ ᠬᠦᠮᠦᠰ ᠤᠨ ᠠᠮᠢᠳᠤᠷᠠᠯ ᠵᠣᠯ | ᠵᠢᠷᠭᠠᠯ ᠢᠶᠠᠷ ᠪᠢᠯᠬᠠᠨ᠎ᠠ᠃ ᠮᠠᠨ ᠤ ᠬᠢᠨ ᠴᠦ ᠦᠩᠰᠢᠭ ᠠᠮᠢᠳᠤᠷᠠᠯ ᠢ ᠡᠳ᠋ᠯᠡᠵᠦ᠂ ᠬᠦᠭᠵᠢᠯ ᠤᠨ ᠰᠠᠶᠢᠨ | ᠰᠠᠶᠢᠬᠠᠨ ᠢ ᠬᠦᠷᠲᠡᠭᠰᠡᠨ ᠪᠠᠶᠢᠯ᠎ᠠ᠃ ᠭᠠᠳᠠᠨ᠎ᠠ ᠠᠴᠢ ᠵᠢᠭᠡ ᠬᠡᠣᠬᠡᠳ ᠫᠣᠣᠵᠢᠩ ᠲᠠᠯᠪᠢᠵᠣ ᠣᠶᠢᠮᠠᠯᠳᠣᠨᠠ᠂ ᠠᠪᠤ | ᠮᠢᠨᠢ ᠵᠣᠬᠠᠨ ᠲᠣᠭᠤᠭᠠᠨ ᠳᠤ ᠪᠠᠨ ᠬᠤᠨᠢᠨ ᠮᠢᠬ᠎ᠠ ᠪᠠᠨ ᠪᠣᠴᠠᠯᠭᠠᠨ᠎ᠠ᠂ ᠡᠵᠢ ᠮᠢᠨᠢ ᠵᠣᠴᠢᠳ ᠤᠨ ᠦᠷᠦᠭᠡᠨ | ᠳᠤ ᠪᠠᠨ ᠴᠠᠭᠠᠨ ᠢᠳᠡᠭᠡ ᠪᠠᠨ ᠦᠷᠦᠨ᠎ᠡ᠃ ᠠᠨᠢᠶ᠎ᠠ ᠮᠢᠨᠢ ᠭᠡᠷ ᠲᠤ ᠵᠣᠴᠢᠨ ᠢᠶᠠᠷ ᠰᠠᠭᠠᠲᠠᠭ᠎ᠠ ᠨᠣᠳᠤᠭ ᠤᠨ | ᠬᠡᠳᠦᠨ ᠪᠣᠭᠤᠷᠣᠯ ᠳᠤ ᠬᠦᠬᠦᠦᠷ ᠭᠠᠩᠰᠠ ᠣᠶᠢᠷᠠᠲᠤᠭᠤᠯᠤᠨ ᠬᠠᠭᠤᠴᠢ ᠬᠦᠭᠡᠷᠬᠦ ᠳᠤ ᠨᠢ ᠬᠦᠭ ᠨᠡᠮᠡᠨ᠎ᠡ᠃ | ᠰᠢᠨ᠎ᠡ ᠵᠢᠯ ᠴᠠᠭᠠᠨ ᠰᠠᠷ᠎ᠠ ᠪᠠᠨ ᠣᠭᠳᠣᠬᠤ ᠳᠤ ᠪᠠᠨ ᠪᠦᠬᠦ ᠭᠡᠷ ᠢᠶᠠᠷ ᠢᠶᠠᠨ ᠬᠠᠮᠳᠣ ᠶᠢᠨ ᠪᠣᠳᠠᠭ᠎ᠠ ᠢᠳᠡᠬᠦ ᠨᠢ | ᠨᠢᠭᠡ ᠭᠡᠷ ᠪᠦᠯᠢ ᠶᠢᠨ ᠬᠠᠯᠠᠭᠤᠨ ᠳᠣᠯᠠᠭᠠᠨ᠂ ᠬᠠᠮᠤᠭ ᠵᠣᠶᠢᠯ ᠪᠦᠷᠢᠨ ᠪᠦᠳᠣᠨ ᠵᠣᠯ ᠵᠢᠷᠭᠠᠯ ᠲᠠᠢ ᠪᠠᠶᠢᠬᠤ ᠶᠢ | ᠬᠠᠷᠠᠭᠤᠯᠵᠣ ᠪᠦᠬᠦᠶᠢᠯᠡ ᠴᠠᠭ ᠦᠶ᠎ᠡ ᠶᠢᠨ ᠪᠣᠯᠪᠠᠰᠣᠨ ᠪᠠᠶᠢᠯᠲᠠᠢ ︕ | ᠲᠡᠶᠢᠮᠦ ᠠᠴᠠ᠂ ᠰᠢᠨᠡᠯᠡᠬᠦ ᠣᠶᠢᠷᠠᠲᠣᠭᠰᠠᠭᠠᠷ ᠯᠡ ᠨᠣᠲᠤᠭ ᠨᠣᠳᠤᠭ ᠤᠨ ᠰᠢᠷ᠎ᠠ ᠵᠠᠮ ᠨᠢ ᠲᠡᠳᠡᠭᠡᠷ ᠰᠠᠶ᠎ᠠ ᠵᠢᠸ᠎ᠠ | ᠬᠦᠴᠦᠨ ᠤ ᠠᠵᠢᠯᠳᠡᠳ᠂ ᠰᠠᠷ᠎ᠠ ᠵᠢᠯ ᠢᠶᠠᠷ ᠭᠠᠳᠠᠭᠰᠢ ᠶᠠᠪᠣᠬᠤ ᠠᠯᠪᠠᠳᠠᠨ ᠪᠠ ᠠᠶᠠᠨᠴᠢᠳ ᠢᠶᠠᠨ ︿︿ᠭᠡᠷ | ᠲᠤ ᠪᠠᠨ ᠬᠠᠷᠢᠵᠣ ᠢᠷᠡᠬᠦ ᠶᠢ ᠴᠢᠨᠢ ᠣᠭᠳᠣᠵᠣ ᠪᠠᠶᠢᠨ᠎ᠠ︕﹀﹀ ᠭᠡᠵᠤ ᠦᠭᠡᠳᠡ ᠠᠴᠠ ᠨᠢ ᠦᠰᠦᠭ ᠳᠣᠷᠠᠶᠢᠵᠣ | ᠦᠭᠭᠦᠨ᠎ᠡ᠂ ᠲᠡᠭᠡᠭᠡᠳ ᠯᠠ ᠦᠶᠡᠷ ᠤᠨ ᠣᠷᠣᠰᠬᠠᠯ ᠮᠡᠳᠣ ᠵᠠᠮ ᠪᠠᠭᠳᠠᠮ᠎ᠠ ᠦᠭᠡᠢ ᠭᠡᠷ ᠨᠣᠳᠤᠭ ᠲᠤ ᠪᠠᠨ | ᠪᠣᠴᠠᠬᠤ 《 ᠬᠦᠮᠦᠨ ᠤ ᠳᠠᠪᠠᠯᠭᠠᠨ》 ᠨᠤᠲᠤᠭ ᠤᠨ ᠢᠶᠠᠨ ᠵᠠᠮ ᠢᠶᠠᠷ ᠢᠪᠡᠷᠡᠨᠡ ᠳ᠋ᠠ︕ | ᠢᠢᠮᠦ ᠠᠴᠠ ᠂ ᠬᠦᠮᠦᠨ ᠪᠣᠯᠭᠠᠨ ᠭᠡᠷ ᠨᠣᠲᠤᠭ ᠢᠶᠠᠨ ᠰᠠᠨᠠᠬᠤ ᠶᠢᠨ ᠰᠡᠳᠭᠢᠯᠭᠡ ᠨᠢ ᠨᠡᠶᠢᠯᠡᠬᠦ ᠠᠴᠠ ᠶᠡᠷᠦ | ᠨᠢ ᠨᠠᠶᠢᠷ ᠤᠨ ᠰᠢᠷᠡᠭᠡ ᠠᠴᠠ ᠄ | 《ᠠᠳᠤᠭᠤ ᠮᠠᠯ ᠲᠠᠢ ᠬᠦᠳᠡᠭᠡ ᠳᠤ ᠪᠠᠨ ᠬᠠᠷᠢᠶ᠎ᠠ | ᠠᠶᠢᠷᠠᠭ ᠰᠦ ᠲᠠᠢ ᠭᠡᠷ ᠲᠤ ᠪᠠᠨ ᠬᠠᠷᠢᠶ᠎ᠠ | ᠠᠮᠢ ᠨᠢᠭᠡᠲᠠᠢ ᠠᠶᠢᠮᠠᠭ ᠰᠠᠲᠣᠨ ᠢᠶᠠᠷ ᠢᠶᠠᠨ | ᠠᠶᠠᠯᠠᠵᠤ ᠲᠤᠭᠤᠷᠢᠵᠤ ᠶᠠᠪᠣᠶ᠎ᠠ ᠳ᠋ᠤᠤ | ᠭᠡᠷ ᠲᠤ ᠪᠠᠨ ᠬᠠᠷᠢᠶ᠎ᠠ | ᠭᠡᠷ ᠲᠤ ᠪᠠᠨ ᠬᠠᠷᠢᠶ᠎ᠠ ᠁ 》 | ᠭᠡᠵᠦ ᠳᠠᠭᠤᠯᠠᠵᠠᠭᠠᠬᠤ ᠨᠢ ᠰᠣᠨᠣᠷᠲᠠᠨᠠ ᠳ᠋ᠠ︕ | ᠵᠠᠮ ᠪᠣᠯᠭᠠᠨ ᠤ ᠳᠣᠮᠳᠠ ᠠᠴᠠ ᠨᠤᠲᠤᠭ ᠤᠨ ᠵᠠᠮ ᠵᠠᠮ ᠪᠣᠯ ᠬᠠᠮᠤᠭ ᠤᠨ ᠣᠶᠢᠷ᠎ᠠ ᠪᠠᠶᠢᠳᠠᠭ᠂ ᠳᠣᠷᠠᠰᠣᠯ | ᠮᠦᠷᠦᠭᠡᠳᠦᠯ ᠪᠦᠬᠦᠨ ᠳᠤ ᠨᠣᠲᠤᠭ ᠢᠶᠠᠨ ᠰᠠᠨᠠᠬᠤ ᠰᠡᠳᠭᠢᠯᠭᠡ ᠪᠣᠯ ᠬᠠᠮᠤᠭ ᠠᠴᠠ ᠭᠦᠨ ᠪᠠᠶᠢᠳᠠᠭ ᠰᠠᠨ︕ | | |