ᠲᠠᠶᠢᠹᠧᠩ ᠰᠠᠯᠬᠢ ︽ᠳ᠋ᠦ᠋ ᠰᠦ ᠷᠦᠢ︾ ᠶᠢᠨ ᠨᠥᠯᠥᠭᠡ ᠪᠠᠷ ᠪᠡᠭᠡᠵᠢᠩ᠂ ᠾᠧᠪᠧᠢ ᠵᠡᠷᠭᠡ ᠭᠠᠵᠠᠷ ᠲᠤ ᠬᠤᠨᠤᠭ | ᠳᠠᠷᠠᠭᠠᠯᠠᠨ ᠰᠢᠷᠦᠭᠦᠨ ᠪᠣᠷᠣᠭᠠᠨ ᠣᠷᠣᠵᠤ᠂ ᠦᠷᠭᠦᠯᠵᠢᠯᠡᠭᠰᠡᠨ ᠴᠠᠭ ᠨᠢ ᠣᠷᠳᠣ᠂ ᠪᠣᠷᠣᠭᠠᠨ ᠤ ᠬᠡᠮᠵᠢᠶ᠎ᠡ ᠶᠡᠭᠡ᠂ | ᠭᠠᠮᠰᠢᠭ ᠤᠨ ᠠᠶᠤᠯ ᠲᠦᠭᠰᠢᠭᠦᠷᠢ ᠶᠡᠭᠡ᠂ ᠦᠶᠡᠷ ᠢ ᠰᠡᠷᠭᠡᠶᠢᠯᠡᠵᠦ ᠭᠠᠮᠰᠢᠭ ᠠᠴᠠ ᠠᠪᠤᠷᠠᠬᠤ ᠪᠠᠶᠢᠳᠠᠯ ᠲᠤᠶᠢᠯ ᠤᠨ | ᠬᠦᠨᠳᠦ ᠨᠣᠴᠢᠲᠠᠢ ᠪᠠᠶᠢᠳᠠᠯ ᠳᠤ ᠤᠯᠠᠭᠠᠨᠴᠠᠪ ᠬᠤᠲᠠ ᠶᠢᠨ ᠠᠷᠠᠳ ᠤᠨ ᠶᠠᠪᠤᠳᠠᠯ ᠤᠨ ᠲᠣᠪᠴᠢᠶ᠎ᠠ ᠶᠢᠨ ᠬᠢᠨ | ᠨᠡᠶᠢᠭᠡᠮ ᠤᠨ ᠵᠣᠬᠢᠶᠠᠨ ᠪᠠᠶᠢᠭᠤᠯᠤᠯᠲᠠ ᠶᠢ ᠢᠳᠡᠪᠬᠢᠲᠡᠢ ᠳᠠᠶᠢᠴᠢᠯᠠᠨ ᠦᠶᠡᠷ ᠢ ᠰᠡᠷᠭᠡᠶᠢᠯᠡᠵᠦ ᠭᠠᠮᠰᠢᠭ ᠠᠴᠠ | ᠠᠪᠤᠷᠠᠬᠤ ᠠᠵᠢᠯ ᠳᠤ ᠣᠷᠣᠯᠴᠠᠭᠤᠯᠵᠠᠢ᠃ | | | ᠤᠯᠠᠭᠠᠨᠴᠠᠪ ᠬᠤᠲᠠ ᠶᠢᠨ ᠨᠠᠮ ᠤᠨ ᠬᠤᠷᠢᠶ᠎ᠠ ᠵᠠᠰᠠᠭ ᠤᠨ ᠣᠷᠳᠣᠨ ᠪᠤᠯᠤᠨ ᠬᠤᠯᠪᠣᠭᠳᠠᠯ ᠪᠦᠬᠦᠢ ᠰᠠᠯᠠᠭ᠎ᠠ | ᠮᠥᠴᠢᠷ ᠤᠨ ᠵᠢᠯᠣᠭᠤᠳᠤᠯᠭ᠎ᠠ ᠳᠣᠣᠷ᠎ᠠ ᠤᠯᠠᠭᠠᠨᠴᠠᠪ ᠬᠤᠲᠠ ᠶᠢᠨ ︽ᠬᠥᠬᠡ ᠣᠭᠲᠠᠷᠭᠤᠢ︾ ᠠᠪᠤᠷᠠᠨ ᠲᠤᠰᠠᠯᠠᠬᠤ | ᠵᠠᠯᠠᠭᠤᠴᠤᠳ ᠤᠨ ᠭᠠᠪᠰᠢᠭᠠᠢ ᠠᠩᠭᠢ ᠶᠢᠨ ᠬᠢᠨ 8 ᠰᠠᠷ᠎ᠠ ᠶᠢᠨ 2 ᠤᠨ ᠡᠳᠦᠷ ᠡᠯ᠎ᠡ ᠬᠤᠰᠢᠭᠤ ᠰᠢᠶᠠᠨ ᠤ | ᠭᠡᠰᠢᠭᠦᠳ ᠢ ᠵᠣᠬᠢᠴᠠᠭᠤᠯᠵᠤ᠂ 4 ᠲᠡᠷᠭᠡ 14 ᠬᠥᠮᠥᠨ ᠲᠣᠮᠢᠯᠠᠵᠤ᠂ 4 ᠭᠤᠮ ᠣᠩᠭᠤᠴᠠ᠂ 2 ᠣᠩᠭᠤᠴᠠ᠂ | 26 ᠢᠵᠢ ᠠᠪᠤᠷᠠᠯᠳᠠ ᠶᠢᠨ ᠬᠤᠪᠴᠠᠰᠤ ᠵᠡᠷᠭᠡ ᠡᠳ᠋ ᠪᠣᠳᠠᠰ ᠂ ᠲᠣᠨᠤᠭ ᠲᠥᠬᠦᠭᠡᠷᠦᠮᠵᠢ ᠠᠪᠴᠤ ᠾᠧᠪᠧᠢ ᠶᠢᠨ | ᠵᠦᠸᠧᠵᠸᠤ ᠳᠤ ᠬᠦᠷᠴᠦ ᠠᠪᠤᠷᠠᠨ ᠲᠤᠰᠠᠯᠠᠪᠠ᠃ ᠤᠯᠠᠭᠠᠨᠴᠠᠪ ᠤᠨ ᠠᠪᠤᠷᠠᠨ ᠲᠤᠰᠠᠯᠠᠬᠤ ᠬᠦᠴᠦᠨ ᠤ ᠠᠪᠤᠷᠠᠨ | ᠲᠤᠰᠠᠯᠠᠬᠤ ᠬᠤᠪᠢᠶᠠᠷᠢ ᠠᠩᠭᠢ ᠶᠢᠨ ᠬᠢᠨ 10 ᠴᠠᠭ ᠵᠤᠬᠰᠤᠯ ᠦᠬᠡᠢ ᠠᠶᠠᠯᠠᠵᠤ ᠦᠳᠡ ᠶᠢᠨ ᠬᠤᠶᠢᠨᠠᠬᠢ 6 ᠴᠠᠭ | 10 ᠮᠢᠨᠦ᠋ᠲ ᠲᠤ ᠵᠦᠸᠧᠵᠸᠤ ᠳᠤ ᠬᠦᠷᠴᠦ᠂ ᠵᠢᠭᠠᠨ ᠲᠣᠭᠲᠠᠭᠠᠭᠰᠠᠨ ᠭᠠᠮᠰᠢᠭᠳᠠᠭᠰᠠᠨ ᠣᠷᠣᠨ ᠳᠤ ᠬᠦᠷᠴᠦ | ᠠᠪᠤᠷᠠᠨ ᠲᠤᠰᠠᠯᠠᠬᠤ ᠠᠵᠢᠯ ᠳᠤ ᠣᠷᠣᠯᠴᠠᠪᠠ᠃ ᠤᠳᠤ ᠪᠣᠯᠲᠠᠯ᠎ᠠ 50 ᠬᠥᠮᠥᠨ ᠢ ᠠᠪᠤᠷᠠᠨ ᠭᠠᠷᠭᠠᠵᠤ᠂ 161 | ᠬᠥᠮᠥᠨ ᠢ ᠰᠢᠯᠵᠢᠭᠦᠯᠵᠡᠢ᠃ | | | |