ᠵᠤᠯ ᠵᠢᠷᠭᠠᠯ ᠬᠠᠭᠠᠯᠭ᠎ᠠ ᠶᠢ ᠴᠢᠨᠢ ᠲᠤᠬᠰᠢᠬᠤ ᠦᠶ᠎ᠡ ᠳᠤ ᠲᠠ ᠪᠡᠯᠡᠨ ᠪᠤᠯᠤᠬᠰᠠᠨ ᠪᠤᠯ ᠤᠤ
ᠨᠡᠶᠢᠲᠡᠯᠡᠭᠰᠡᠨ ᠴᠠᠭ᠄
2023/9/19
   ︽ᠤᠷᠤᠭᠯᠠᠬᠤ ᠨᠠᠰᠤᠨ ᠳᠤ ᠬᠦᠷᠴᠢᠬᠡᠯ᠎ᠡ᠂ ᠤᠳᠤ ᠬᠤᠷᠢᠮᠯᠠᠬᠤ ᠦᠭᠡᠢ ᠪᠤᠯ  ᠪᠠᠴᠠᠭᠠᠨ ᠪᠤᠯᠤᠨ᠎ᠠ ᠰᠢᠤ᠂ ᠪᠢᠳᠡ ᠬᠤᠶᠠᠷ  ᠤᠨ ᠨᠦᠬᠦᠴᠡᠯ ᠪᠠᠶᠢᠳᠠᠯ ᠨᠡᠯᠢᠶᠡᠳ ᠲᠤᠬᠢᠷᠠᠮᠵᠢᠳᠠᠢ ᠪᠦᠬᠡᠳ ᠲᠡᠷᠨ ᠴᠦ ᠨᠠᠳᠠ ᠳᠤ ᠲᠤᠩ ᠰᠠᠶᠢᠨ᠂ ᠬᠡᠪᠡᠴᠤ ᠬᠤᠷᠢᠮᠯᠠᠨ᠎ᠠ ᠬᠡᠬᠦ ᠪᠠᠷ  ᠲᠦᠭ ᠲᠠᠭ ᠲᠠᠢ ᠪᠤᠯᠬᠤ ᠶᠤᠮ᠃︾    ︽ᠵᠢᠯ ᠬᠠᠭᠠᠰ ᠢᠨᠠᠬᠯᠠᠭᠠᠳ ᠬᠡᠨ ᠠᠯᠢᠨ ᠢᠶᠠᠨ ᠨᠡᠯᠢᠶᠡᠳ ᠤᠶᠢᠯᠠᠭᠠᠬᠰᠠᠨ ᠪᠤᠯᠪᠠᠴᠤ ᠬᠤᠷᠢᠮᠯᠠᠨ᠎ᠠ ᠬᠡᠬᠦ ᠪᠠᠷ ᠰᠠᠶᠢᠬᠠᠨ ᠠᠮᠢᠳᠤᠷᠠᠵᠤ ᠲᠡᠶᠢᠯᠬᠦ ᠦᠬᠡᠢ᠂ ᠤᠳᠠᠭᠠᠨ ᠳᠤ ᠪᠠᠨ ᠰᠠᠯᠵᠤ ᠪᠤᠳᠠᠷᠠᠬᠤ ᠠᠴᠠ ᠵᠢᠷᠤᠬᠡᠰᠢᠶᠡᠬᠡᠳ ᠪᠠᠶᠢᠨ᠎ᠠ᠃︾    ︽ᠪᠢᠳᠡ ᠬᠡᠨ ᠠᠯᠢᠨ ᠳᠤ ᠪᠠᠨ ᠬᠠᠶᠢᠷᠠᠳᠠᠢ᠂  ᠢᠨᠠᠬᠯᠠᠬᠰᠠᠨ ᠠᠴᠠ ᠠᠪᠤᠭᠠᠳ ᠢᠨᠠᠭ ᠲᠤᠳᠤᠨᠤ ᠶᠠᠪᠤᠬᠰᠠᠭᠠᠷ᠂ ᠬᠤᠷᠢᠮᠯᠠᠬᠰᠠᠨ ᠴᠦ ᠢᠨᠠᠭ ᠲᠤᠳᠤᠨᠤ ᠪᠠᠶᠢᠨ᠎ᠠ ᠬᠡᠳᠡᠭ ᠲᠤ ᠪᠠᠨ ᠢᠳᠡᠬᠡᠯ ᠲᠦᠬᠦᠷᠡᠩ ᠪᠠᠶᠢᠨ᠎ᠠ᠃︾
W020230913558855571693.jpg
  ᠴᠢᠩ ᠱᠠᠨ ᠲᠤᠭᠤᠷᠢᠭ ᠤᠨ ᠤᠷᠤᠭ ᠳᠠᠩᠰᠠᠯᠠᠬᠤ ᠭᠠᠵᠠᠷ ᠤᠨ ᠬᠢᠨ ᠤ ᠤᠷᠤᠭᠯᠠᠬᠤ ᠠᠴᠠ ᠪᠡᠶᠡᠳᠡᠨ ᠤᠶᠢᠯᠠᠭᠠᠬᠤ ᠤᠷᠳᠤᠨ ᠳᠤ ᠤᠷᠤᠭ ᠭᠡᠷ ᠪᠦᠯᠢ ᠶᠢᠨ ᠲᠤᠬᠠᠢ ᠮᠡᠷᠬᠡᠵᠢᠯ ᠤᠨ ᠵᠦᠪᠯᠡᠭᠴᠢ ᠤᠷᠤᠭ ᠲᠠᠩᠰᠠᠯᠠᠭᠤᠯᠬᠤ ᠪᠠᠷ ᠢᠷᠡᠭᠰᠡᠳ  ᠲᠤ  ᠡᠳᠤᠷ ᠪᠦᠷᠢ ᠤᠷᠤᠭᠯᠠᠬᠤ ᠠᠴᠠ ᠡᠮᠦᠨᠡᠬᠢ ᠬᠢᠴᠢᠶᠡᠯ ᠤᠷᠤᠳᠠᠭ ᠪᠠᠶᠢᠯ᠎ᠠ᠃ ᠵᠠᠷᠢᠮ ᠳᠤ ᠪᠠᠨ ᠤᠷᠤᠭᠯᠠᠭᠰᠠᠨ ᠤ ᠳᠠᠷᠠᠭᠠᠬᠢ ᠠᠮᠢᠳᠤᠷᠠᠯ ᠤᠨ  ᠲᠤᠬᠠᠢ ᠮᠦᠷᠤᠬᠡᠳᠤᠯ ᠢ ᠨᠢ ᠰᠤᠨᠤᠰᠤᠨ᠂ ᠵᠠᠷᠢᠮ ᠳᠤ ᠪᠠᠨ ᠤᠷᠤᠭ ᠬᠤᠷᠢᠮ ᠠᠴᠠ ᠵᠢᠷᠤᠬᠡᠰᠢᠶᠡᠬᠦ ᠠᠶᠤᠳᠠᠰ ᠢ ᠨᠢ ᠠᠷᠢᠯᠭᠠᠳᠠᠭ ᠪᠤᠯᠪᠠᠴᠤ ᠤᠯᠠᠩᠬᠢ ᠦᠶ᠎ᠡ ᠳᠤ ᠬᠤᠷᠢᠮᠯᠠᠬᠰᠠᠨ ᠤ ᠲᠠᠷᠠᠭᠠᠬᠢ ᠪᠡᠯᠡᠳᠬᠡᠯ ᠢ ᠬᠠᠪᠰᠤᠷᠤᠨ ᠵᠢᠯᠤᠭᠤᠳᠳᠠᠭ᠃
W020230913558855939047.jpg
   ᠬᠦᠮᠦᠰ ᠤᠷᠤᠭ ᠬᠤᠷᠢᠮ ᠤᠨ ᠲᠤᠬᠠᠢ  ᠰᠤᠷᠤᠯᠴᠠᠬᠤ ᠴᠢᠬᠤᠯᠠ ᠲᠠᠢ ᠶᠤᠮ᠃ ᠠᠷᠠᠳ ᠤᠨ ᠶᠠᠪᠤᠳᠠᠯ ᠤᠨ ᠶᠠᠮᠤᠨ ᠂ ᠪᠦᠬᠦ ᠤᠯᠤᠰ ᠤᠨ ᠡᠮᠡᠭᠳᠡᠶᠢᠴᠦᠳ ᠤᠨ ᠬᠤᠯᠪᠤᠭ᠎ᠠ ᠶᠢᠨ ᠬᠢᠨ 2020 ᠤᠨ ᠤ 8 ᠳ᠋ᠤᠭᠠᠷ ᠰᠠᠷ᠎ᠠ ᠳᠤ ︽ᠰᠢᠨ᠎ᠡ ᠡᠷᠡᠨ ᠤ ᠤᠷᠤᠭ ᠭᠡᠷ ᠪᠦᠯᠢ ᠶᠢᠨ ᠬᠦᠮᠦᠵᠢᠯ ᠤᠨ ᠵᠢᠯᠤᠭᠤᠳᠤᠮᠵᠢ ᠬᠦᠮᠤᠵᠢᠯ ᠤᠨ ᠠᠵᠢᠯ ᠢ ᠵᠢᠯᠤᠭᠤᠳᠬᠤ ᠰᠠᠨᠠᠯ︾  ᠢ ᠨᠡᠶᠢᠲᠡᠯᠡᠵᠦ᠂ ᠤᠷᠤᠭᠯᠠᠬᠤ ᠠᠴᠠ ᠡᠮᠦᠨᠡᠬᠢ ᠬᠦᠮᠦᠵᠢᠯ ᠤᠨ  ᠶᠡᠷᠦᠩᠬᠡᠢ ᠱᠠᠭᠠᠷᠳᠠᠯᠭ᠎ᠠ᠂ ᠭᠤᠤᠯ ᠡᠭᠦᠷᠭᠡ ᠳᠤ  ᠵᠢᠯᠤᠭᠤᠳᠤᠮᠵᠢ ᠰᠠᠨᠠᠯ ᠳᠤᠷᠠᠳᠤᠪᠠ᠃ ᠪᠤᠭᠤᠳᠤ ᠬᠤᠳᠠ ᠶᠢᠨ  ᠴᠢᠩ ᠱᠠᠨ ᠲᠤᠭᠤᠷᠢᠭ ᠤᠨ ᠤᠷᠤᠭ ᠳᠠᠩᠰᠠᠯᠠᠬᠤ ᠭᠠᠵᠠᠷ ᠤᠨ ᠬᠢᠨ ᠤᠷᠤᠭᠯᠠᠬᠤ ᠠᠴᠠ ᠡᠮᠦᠨᠡᠬᠢ ᠬᠦᠮᠦᠵᠢᠯ ᠢ ᠤᠷᠢᠳᠴᠢᠯᠠᠨ ᠬᠢᠵᠤ᠂ ᠤᠷᠤᠭᠯᠠᠬᠤ ᠠᠴᠠ ᠡᠮᠦᠨᠡᠬᠢ ᠪᠡᠶᠡᠳᠡᠨ ᠤᠶᠢᠯᠠᠭᠠᠬᠤ ᠤᠷᠳᠤᠨ ᠪᠠᠶᠢᠭᠤᠯᠵᠤ᠂ ᠤᠷᠤᠬᠯᠠᠬᠤ ᠪᠠᠷ ᠪᠠᠶᠢᠭ᠎ᠠ ᠵᠠᠯᠠᠭᠤᠰ ᠲᠤ ᠤᠷᠤᠬᠯᠠᠬᠤ ᠠᠴᠠ ᠡᠮᠦᠨᠡᠬᠢ ᠬᠦᠮᠤᠵᠢᠯ ᠤᠨ ᠬᠢᠴᠢᠶᠡᠯ ᠤᠷᠤᠬᠤ ᠳᠤ ᠪᠠᠨ ᠲᠡᠳᠡᠨ ᠢ ᠤᠷᠢᠵᠤ᠂ ᠬᠦᠡᠭᠵᠢᠯᠳᠡ ᠶᠢᠨ ᠡᠪᠡᠷᠰᠢᠶᠡᠯ᠂ ᠬᠡᠤᠬᠡᠳ ᠤᠨ ᠬᠦᠮᠤᠵᠢᠯ᠂ ᠬᠡᠷ ᠤᠨ ᠠᠳᠠᠯ ᠬᠢᠬᠦ ᠤᠶᠢᠯᠠᠭᠠᠬᠤ ᠠᠵᠢᠯᠯᠠᠭ᠎ᠠ ᠳᠤ ᠢᠳᠡᠪᠬᠢᠳᠡᠢ ᠤᠷᠤᠯᠴᠠᠭᠤᠯᠪᠠ᠃ ᠤᠷᠤᠭ ᠬᠡᠷ ᠪᠦᠯᠢ ᠶᠢᠨ ᠵᠦᠪᠯᠡᠭᠴᠢ ᠤᠷᠤᠬᠯᠠᠬᠤ ᠪᠠᠷ ᠪᠠᠶᠢᠭ᠎ᠠ ᠵᠠᠯᠠᠭᠤᠰ ᠲᠤ ᠤᠷᠤᠭ ᠬᠡᠷ ᠪᠦᠯᠢ ᠶᠢᠨ ᠬᠢᠴᠢᠶᠡᠯ ᠤᠷᠤᠵᠤ᠂ ᠲᠡᠳᠡᠨ ᠳᠤ ᠤᠷᠤᠭ ᠬᠤᠷᠢᠮ ᠤᠨ ᠠᠴᠢ ᠬᠤᠯᠪᠤᠬᠳᠠᠯ᠎ᠠ ᠪᠤᠯᠤᠨ ᠠᠭᠤᠯᠬᠤᠨ ᠢ ᠤᠶᠢᠯᠠᠭᠠᠭᠤᠯᠤᠨ᠂ ᠤᠷᠤᠭ ᠬᠡᠷ ᠪᠦᠯᠢ ᠶᠢᠨ ᠠᠮᠢᠳᠤᠠᠯ ᠢ ᠲᠤᠳᠤᠮᠳᠠᠬᠤ ᠴᠢᠳᠠᠪᠤᠷᠢ ᠶᠢ ᠨᠢ ᠲᠡᠭᠡᠭᠰᠢᠯᠡᠬᠦᠯᠵᠤ᠂ ᠤᠷᠤᠭ ᠬᠡᠷ ᠪᠦᠯᠢ ᠳᠤ ᠠᠭᠤᠯᠵᠤ ᠪᠦᠬᠦᠢ ᠡᠬᠦᠷᠬᠡ ᠬᠠᠷᠢᠭᠤᠴᠠᠯᠭ᠎ᠠ ᠶᠢ ᠰᠡᠳᠬᠢᠯ ᠵᠢᠷᠤᠬᠡᠨ ᠳᠤ ᠨᠢ ᠬᠠᠳᠠᠩᠰᠢᠭᠤᠯᠵᠤ᠂ ᠤᠷᠤᠭ ᠬᠡᠷ ᠪᠦᠯᠢ  ᠶᠢᠨ ᠵᠠᠭᠤᠷᠠᠯᠳᠤᠭᠠᠨ ᠢ ᠡᠬᠢ ᠡᠬᠦᠰᠤᠯ ᠠᠴᠠ ᠨᠢ ᠪᠠᠭᠠᠰᠬᠠᠬᠤ ᠳᠤ ᠦᠢᠯᠡᠳᠤᠯ ᠦᠵᠡᠬᠦᠯᠪᠡ᠃
W020230913558856083514.jpg
    ᠴᠢᠩ ᠱᠠᠨ ᠲᠤᠭᠤᠷᠢᠭ ᠤᠨ ᠤᠷᠤᠭ ᠳᠠᠩᠰᠠᠯᠠᠬᠤ ᠭᠠᠵᠠᠷ ᠤᠨ ᠬᠢᠨ ᠤᠯᠠᠨ ᠵᠢᠯ ᠤᠨ ᠲᠤᠷᠰᠢ ᠤᠯᠠᠨ ᠶᠠᠩᠵᠤ  ᠶᠢᠨ ᠤᠷᠤᠭᠯᠠᠬᠤ ᠠᠴᠠ ᠡᠮᠦᠨᠡᠬᠢ ᠬᠦᠮᠦᠵᠢᠯ ᠤᠨ ᠠᠵᠢᠯ ᠢ ᠦᠷᠨᠢᠬᠦᠯᠵᠤ᠂ ᠤᠷᠤᠭ ᠬᠤᠷᠢᠮ ᠤᠨ ᠠᠮᠢᠳᠤᠷᠠᠯ ᠢ ᠪᠡᠶᠡᠳᠡᠨ ᠤᠶᠢᠯᠠᠭᠠᠬᠤ ᠬᠢᠴᠢᠶᠡᠯ᠂ ᠨᠢᠬᠡ ᠳᠤ ᠨᠢᠬᠡ ᠪᠠᠷ ᠵᠢᠭᠠᠬᠤ ᠬᠢᠴᠢᠶᠡᠯ᠂ ᠤᠷᠤᠬᠯᠠᠬᠤ ᠠᠴᠠ ᠡᠮᠦᠨᠡᠬᠢ ᠬᠦᠮᠤᠵᠢᠯ ᠤᠨ ᠱᠠᠯᠤᠨ᠂ ᠲᠤᠷᠠᠯᠠᠯ ᠤᠨ ᠮᠤᠳᠤ ᠶᠢ ᠬᠠᠮᠳᠤ ᠳᠤ ᠪᠠᠨ ᠲᠠᠷᠢᠬᠤ ᠨᠡᠶᠢᠳᠡ ᠶᠢᠨ ᠠᠰᠠᠷᠠᠮᠵᠢ ᠶᠢᠨ ᠠᠵᠢᠯᠯᠠᠭ᠎ᠠ᠂ ᠨᠡᠶᠢᠬᠡᠮ ᠲᠤᠭᠤᠷᠢᠭ ᠤᠨ ᠤᠷᠤᠭ ᠬᠡᠷ ᠪᠦᠯᠢ ᠶᠢᠨ ᠵᠢᠯᠤᠭᠤᠳᠤᠮᠵᠢ ᠶᠢᠨ ᠦᠷᠳᠡᠭᠡ ᠶᠢᠨ ᠤᠷᠤᠬᠯᠠᠬᠤ  ᠠᠴᠠ ᠡᠮᠤᠨᠡᠬᠢ ᠬᠢᠴᠢᠶᠡᠯ᠂ ᠤᠷᠤᠭ ᠤᠨ ᠬᠤᠪᠢᠰᠤᠯ ᠤᠨ ᠦᠵᠡᠯᠳᠡ ᠶᠢᠨ ᠭᠤᠤᠯ ᠰᠡᠳᠤᠪᠳᠤ ᠬᠦᠮᠤᠵᠢᠯ ᠢ ᠶᠡᠭᠡ ᠰᠤᠷᠭᠠᠭᠤᠯᠢ ᠳᠤ ᠤᠷᠤᠭᠤᠯᠬᠤ ᠵᠡᠷᠬᠡ ᠰᠢᠷᠢᠰ ᠠᠵᠢᠯᠯᠠᠭ᠎ᠠ ᠪᠠᠷ ᠤᠷᠤᠭ ᠬᠤᠷᠢᠮ ᠤᠨ ᠶᠠᠰᠤ ᠴᠢᠨᠠᠷ ᠢ  ᠲᠡᠭᠡᠭᠰᠢᠯᠡᠬᠦᠯᠤᠨ᠂ ᠬᠡᠷ ᠪᠦᠯᠢ ᠶᠢᠨ ᠵᠦᠷᠢᠴᠡᠯ ᠢ ᠨᠠᠮᠳᠠᠭᠠᠵᠤ᠂ ᠤᠷᠤᠭ ᠰᠠᠯᠬᠤ ᠨᠤᠷᠮ᠎ᠠ ᠪᠠ ᠨᠡᠶᠢᠭᠡᠮ ᠤᠨ ᠲᠦᠭᠰᠢᠬᠦᠷᠢ ᠢ  ᠪᠠᠭᠤᠷᠠᠭᠤᠯᠵᠤ ᠴᠢᠳᠠᠪᠠ᠃ 
 
ᠢᠷᠡᠯᠲᠡ᠄ ᠦᠪᠤᠷ ᠮᠤᠩᠭᠤᠯ ᠤᠨ ᠦᠪᠡᠷᠳᠡᠬᠡᠨ ᠵᠠᠰᠠᠬᠤ ᠤᠷᠤᠨ ᠤ ᠠᠷᠠᠳ ᠤᠨ ᠶᠠᠪᠤᠳᠠᠯ ᠤᠨ ᠲᠢᠩᠬᠢᠮ ᠤᠨ ᠮᠤᠩᠭᠤᠯ ᠰᠦᠯᠵᠢᠶ᠎ᠡ
 
 
ᠬᠠᠮᠢᠶ᠎ᠡ ᠪᠦᠬᠦᠢ ᠰᠣᠨᠢᠨ
 
2014-2015 ©  ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备05070829号