ᠠᠮᠢ ᠨᠠᠰᠣᠨ ᠤ ᠢᠯᠠᠭᠤᠭᠰᠠᠨ ᠲᠠᠭᠤᠯᠠᠯ ᠢ  ᠴᠢᠪᠬᠠᠳᠠᠭᠰᠠᠨ  ᠡᠷᠡᠭᠦᠯ ᠡᠩᠬᠡ ᠶᠢᠨ ᠡᠯᠴᠢ
ᠨᠡᠶᠢᠲᠡᠯᠡᠭᠰᠡᠨ ᠴᠠᠭ᠄
2023/9/27
            —  ᠬᠤᠸᠠᠩ ᠣᠶᠣᠩᠭᠤᠸ᠎ᠠ ᠶᠢᠨ ᠵᠢᠱᠢᠶᠡᠴᠢ ᠦᠢᠯᠡ ᠠᠵᠢᠯᠯᠠᠭ᠎ᠠ  ᠶᠢ ᠲᠡᠮᠳᠡᠭᠯᠡᠪᠡ                                      ᠬᠤᠣᠰᠪᠣᠯᠠᠭ ᠵᠣᠬᠢᠶᠠᠪᠠ  ᠪᠢ ᠪᠣᠯ ᠡᠪ ᠬᠠᠮᠳᠣ ᠨᠠᠮ ᠤᠨ ᠬᠡᠰᠢᠬᠦᠨ᠂ ᠡᠪᠡᠳᠴᠢᠨ ᠡᠮᠬᠡᠭ ᠲᠠᠢ ᠬᠦᠮᠦᠰ ᠢ ᠡᠷᠡᠬᠦᠯᠵᠢᠬᠦᠯᠬᠦ ᠳᠤ ᠭᠠᠪᠰᠢᠭᠠᠶᠢᠯᠠᠨ ᠠᠵᠢᠯᠯᠠᠬᠤ ᠲᠠᠷᠬᠠᠨ ᠡᠬᠦᠷᠬᠡ ᠲᠠᠢ ᠰᠣᠪᠢᠯᠠᠭᠴᠢ ᠬᠦᠮᠦᠨ᠂ ᠠᠷᠠᠳ ᠲᠦᠮᠡᠨ ᠭᠠᠰᠠᠯᠠᠩ ᠤᠨ ᠲᠠᠯᠠᠢ  ᠳᠤ ᠲᠡᠯᠴᠢᠯᠡᠬᠦ ᠦᠶᠡᠰ ᠦᠴᠦᠬᠡᠨ ᠴᠦ  ᠬᠤᠶᠢᠷᠭᠤᠰᠢᠯ ᠦᠬᠡᠢ ᠡᠷᠡᠮᠡᠬᠡᠶᠢᠯᠡᠨ ᠵᠢᠳᠬᠦᠬᠦ ᠴᠢᠬᠤᠯᠠᠳᠠᠢ᠃ ᠶᠠᠮᠠᠷ ᠬᠦᠴᠢᠷ ᠪᠡᠷᠬᠡ ᠲᠠᠭᠠᠷᠠᠭᠰᠠᠨ ᠴᠦ  ᠤᠬᠤᠷᠢᠰᠢ ᠦᠬᠡᠢ᠂ ᠲᠣᠬᠠᠶᠢᠯᠠᠭᠰᠠᠨ ᠠᠵᠢᠯ ᠤᠨ ᠣᠷ᠎ᠠ ᠴᠢᠳᠠᠪᠣᠷᠢ ᠪᠠᠨ ᠦᠢᠯᠡᠰ ᠲᠤ ᠪᠠᠨ ᠵᠣᠷᠢᠭᠤᠯᠵᠣ᠂ ᠬᠦᠴᠦᠨ ᠴᠢᠳᠠᠯ ᠪᠦᠬᠦᠨ ᠢᠶᠠᠨ ᠣᠯᠣᠰ  ᠭᠦᠷᠦᠨ ᠳᠤ ᠪᠠᠨ ᠡᠷᠬᠦᠬᠦ ᠳᠤ ᠴᠠᠭ ᠢᠮᠠᠭᠳᠠ ᠪᠡᠯᠡᠬᠡᠨ᠃                                       — ᠬᠤᠸᠠᠩ ᠣᠶᠣᠩᠭᠤᠸ᠎ᠠ   ᠪᠣᠷᠣᠭᠠᠨ  ᠰᠢᠪᠡᠷᠡᠵᠦ ᠯᠡ ᠪᠠᠶᠢᠯ᠎ᠠ᠃  2022 ᠣᠨ ᠤ ᠲᠣᠯᠣᠳᠣᠭᠠᠷ ᠰᠠᠷ᠎ᠠ ᠬᠤᠷ᠎ᠠ  ᠲᠤᠨᠳᠠᠰᠤ  ᠪᠠᠨᠷ ᠡᠯᠪᠡᠭ᠂ ᠣᠨ ᠵᠢᠯ ᠢ ᠦᠩᠬᠡᠯᠡᠴᠢᠬᠡᠮᠡᠷ ᠰᠠᠶᠢᠬᠠᠨ ᠴᠠᠭ ᠣᠯᠠᠷᠢᠯ ᠪᠣᠯᠵᠣ᠂ ᠡᠬᠡᠬᠡ ᠯᠡ ᠦᠨᠦ ᠦᠬᠦᠯ ᠲᠠᠭᠠᠷᠢᠭᠰᠠᠨ   ᠬᠢᠵᠢᠭ ᠤᠨ ᠸᠢᠷᠦ᠋ᠰ ᠢ ᠦᠨᠳᠦᠰᠦ ᠦᠬᠡᠢ ᠣᠬᠢᠶᠠᠨ ᠠᠷᠢᠯᠭᠠᠴᠢᠬᠠᠶ᠎ᠠ ᠬᠡᠰᠡᠨ ᠰᠢᠭ  ᠪᠣᠷᠣᠭᠠᠨ  ᠰᠢᠪᠡᠷᠡᠵᠦ ᠯᠡ ᠪᠠᠶᠢᠯ᠎ᠠ᠃ ᠡᠬᠡ ᠲᠡᠯᠡᠬᠡᠢ ᠶᠢ ᠬᠤᠷ᠎ᠠ ᠪᠣᠷᠣᠭᠠᠨ ᠢᠶᠠᠷ ᠣᠶᠠᠷᠠᠭᠤᠯᠣᠭᠰᠠᠨ ᠡᠶᠢᠮᠦ ᠨᠢᠬᠡᠨ ᠡᠳᠦᠷ ᠪᠢ ᠦᠬᠠᠨ ᠪᠠ ᠴᠠᠩ ᠴᠦᠨ ᠬᠤᠳᠠ ᠳᠤ  ᠬᠦᠷᠴᠦ  ᠬᠢᠵᠢᠭ ᠤᠨ ᠸᠢᠷᠦ᠋ᠰ ᠲᠠᠢ ᠡᠷᠡᠯᠬᠡᠭᠯᠡᠨ ᠲᠡᠮᠡᠴᠡᠭᠰᠡᠨ ᠬᠤᠸᠠᠩ ᠣᠶᠣᠩᠭᠤᠸ᠎ᠠ  ᠶᠢᠨ ᠪᠠᠭᠠᠳᠣᠷᠯᠢᠭ ᠦᠢᠯᠡ ᠠᠵᠢᠯᠯᠠᠭ᠎ᠠ ᠶᠢ ᠰᠣᠷᠪᠣᠯᠵᠢᠬᠤ ᠪᠠᠷ ᠬᠤᠷᠴᠢᠨ ᠪᠠᠷᠠᠭᠤᠨ ᠭᠠᠷᠣᠨ ᠲᠣᠮᠳᠠᠳᠣ ᠬᠤᠰᠢᠭᠤᠨ  ᠤ ᠠᠷᠠᠳ ᠤᠨ ᠡᠮᠨᠡᠯᠬᠡ ᠶᠢᠨ ᠬᠤᠷᠢᠶ᠎ᠠ ᠳᠤ ᠬᠦᠷᠴᠦ ᠪᠢᠯᠡ᠃ ᠡᠮᠨᠡᠯᠬᠡ ᠶᠢᠨ ᠦᠢᠯᠡᠴᠢᠯᠡᠬᠡᠨ ᠤ ᠲᠠᠰᠤᠭ ᠤᠨ ᠡᠷᠬᠢᠯᠡᠭᠴᠢ ᠰᠣ᠋ ᠭᠤᠸᠠᠩ ᠾᠦᠢ ᠶᠢ ᠡᠷᠢᠵᠦ ᠰᠣᠷᠪᠣᠯᠵᠢᠯᠠᠬᠤ ᠣᠴᠢᠷ ᠢᠶᠠᠨ ᠶᠠᠷᠢᠵᠣ ᠬᠤᠸᠠᠩ ᠣᠶᠣᠩᠭᠤᠸ᠎ᠠ ᠶᠢ ᠰᠣᠷᠠᠯ᠎ᠠ᠃ ᠰᠣ᠋ ᠭᠤᠸᠠᠩ ᠾᠦᠢ ᠲᠦᠢᠯ ᠤᠨ ᠬᠠᠯᠭᠤᠮᠰᠤᠭ ᠢᠶᠠᠷ ᠣᠭᠳᠣᠨ ᠠᠪᠣᠭᠰᠠᠨ ᠪᠦᠬᠡᠳ᠂ ᠲᠡᠷᠡ ᠲᠠᠷᠣᠢ ᠬᠤᠷᠢᠶᠠᠨ ᠲᠠᠷᠤᠭ᠎ᠠ ᠳᠤ ᠪᠠᠨ ᠬᠠᠷᠢᠭᠤ ᠮᠡᠳᠡᠬᠦᠯᠬᠦ ᠪᠠᠷ ᠨᠠᠮ᠎ᠠ ᠶᠢ ᠲᠠᠭᠠᠭᠤᠯᠣᠨ ᠠᠯᠪᠠᠨ ᠬᠡᠷ ᠲᠤ ᠨᠢ ᠬᠦᠷᠦᠭᠰᠡᠨ ᠶᠣᠮ᠃    ᠬᠤᠷᠢᠶᠠᠨ ᠲᠠᠷᠤᠭ᠎ᠠ ᠠᠴᠠ ᠣᠷᠣᠨ ᠨᠣᠳᠤᠭ ᠢᠶᠠᠨ ᠲᠦᠯᠦᠬᠡᠯᠡᠨ ᠬᠢᠵᠢᠭ  ᠲᠠᠢ ᠲᠡᠮᠡᠴᠡᠬᠦ ᠲᠠᠶᠢᠨ ᠳᠤ ᠮᠣᠷᠳᠠᠵᠣ ᠠᠮᠵᠢᠯᠳᠠ ᠲᠠᠢ ᠪᠣᠴᠠᠵᠣ ᠢᠷᠡᠭᠰᠡᠨ ᠪᠠᠭᠠᠳᠣᠷ ᠠᠵᠢᠯᠳᠠᠨ ᠢᠶᠠᠨ ᠣᠬᠠᠭᠤᠯᠣᠨ ᠰᠣᠷᠳᠠᠯᠴᠢᠯᠠᠭᠤᠯᠬᠤ ᠪᠠᠷ ᠶᠠᠭᠠᠷᠠᠵᠣ ᠪᠠᠶᠢᠭᠰᠠᠨ  ᠢᠶᠠᠨ ᠨᠢᠭᠤᠯᠳᠠ ᠦᠬᠡᠢ ᠢᠯᠡᠷᠬᠡᠶᠢᠯᠡᠵᠦ ᠪᠠᠶᠢᠯ᠎ᠠ᠃ ᠰᠣᠷᠪᠣᠯᠵᠢᠬᠤ ᠶᠠᠪᠣᠴᠠ ᠶᠢᠨ ᠲᠣᠬᠠᠢ ᠲᠦᠬᠦᠮ ᠶᠠᠷᠢᠯᠴᠠᠭᠰᠠᠨ ᠤ ᠲᠠᠷᠠᠭ᠎ᠠ ᠬᠤᠷᠢᠶᠠᠨ ᠲᠠᠷᠤᠭ᠎ᠠ ᠪᠡ ᠰᠣ᠋ ᠭᠤᠸᠠᠩ ᠾᠦᠢ ᠶᠢᠨ ᠪᠠᠷᠠᠳᠠᠯᠭ᠎ᠠ ᠪᠠᠷ ᠬᠤᠸᠠᠩ ᠣᠶᠣᠩᠭᠤᠸ᠎ᠠ ᠶᠢᠨ ᠠᠵᠢᠯᠯᠠᠵᠣ ᠪᠠᠶᠢᠭ᠎ᠠ ᠲᠠᠰᠤᠭ ᠣᠷᠣᠭᠤ ᠴᠢᠭᠯᠡᠵᠡᠢ᠃ ᠲᠠᠰᠤᠭ ᠲᠤ ᠨᠢ ᠬᠦᠷᠬᠦ ᠳᠤ ᠬᠤᠸᠠᠩ ᠣᠶᠣᠩᠭᠤᠸ᠎ᠠ ᠠᠯᠠᠭ᠎ᠠ᠂ ᠣᠳᠠᠰᠣ ᠶᠢ ᠨᠢ ᠵᠠᠯᠭᠠᠬᠤ ᠳᠤ ᠬᠤᠪᠴᠠᠰᠣᠨ ᠡᠯᠬᠦᠬᠦᠷ ᠲᠤ ᠲᠡᠭᠦᠵᠢᠯᠡᠭᠳᠡᠭᠡ ᠵᠢᠵᠢᠭ ᠪᠣᠭᠴᠣ ᠠᠴᠠ ᠭᠠᠷ ᠣᠳᠠᠰᠣᠨ ᠤ ᠲᠣᠬᠢᠶ᠎ᠠ ᠬᠦᠯᠢᠶᠡᠭᠰᠡᠨ ᠲᠠᠭᠤ ᠬᠠᠩᠬᠢᠨᠠᠨ᠎ᠠ ᠪᠢᠯᠡ᠃  — ᠲᠡᠷᠡ  ᠪᠠᠰᠠ ᠯᠡ ᠣᠳᠠᠰᠣ ᠪᠠᠨ ᠣᠷᠬᠢᠭᠠᠳ ᠡᠪᠡᠳᠴᠢᠳᠡᠨ ᠤ ᠦᠷᠦᠬᠡ ᠶᠢ ᠪᠠᠶᠢᠴᠠᠭᠠᠬᠤ ᠪᠠᠷ ᠶᠠᠪᠣᠴᠢᠬᠠᠵᠠᠢ ᠬᠡᠵᠦ ᠰᠣ᠋ ᠭᠤᠸᠠᠩ ᠾᠦᠢ ᠶᠠᠷᠢᠭᠰᠠᠨ ᠢᠶᠠᠨ᠄ ︽ᠲᠠ ᠨᠠᠷ ᠠᠳᠡ ᠵᠢᠭᠠᠬᠠᠨ ᠬᠦᠯᠢᠶᠡᠵᠦ ᠪᠠᠶᠢᠭᠠᠷᠠᠢ᠂ ᠪᠢ ᠲᠡᠬᠦᠨ ᠢ ᠲᠠᠭᠤᠳᠠᠭᠠᠳ ᠢᠷᠡᠶ᠎ᠡ︾ ᠬᠡᠪᠡ᠃  — ᠲᠡᠬᠡᠵᠦ ᠶᠠᠷᠰᠢᠭᠯᠠᠬᠤ ᠶᠢᠨ ᠣᠷᠣᠨ ᠳᠤ ᠴᠢᠮ᠎ᠠ ᠶᠢ ᠲᠠᠭᠠᠭᠠᠳ ᠣᠴᠢᠴᠢᠬᠠᠶ᠎ᠠ ᠬᠡᠵᠦ ᠪᠢ ᠬᠠᠰᠢᠷ ᠲᠣᠷᠰᠢᠯᠭ᠎ᠠ ᠲᠠᠢ ᠰᠣᠷᠪᠣᠯᠵᠢᠯᠠᠭᠴᠢ ᠶᠢᠨ ᠪᠠᠶᠢᠷᠢ ᠲᠠᠢ  ᠶᠠᠷᠢᠬᠤ ᠪᠠᠷ ᠬᠤᠷᠢᠶᠠᠨ ᠲᠠᠷᠤᠭ᠎ᠠ ᠯᠢᠦ ᠬᠠᠢ ᠴᠢᠣᠸᠠᠨ᠄ ︽  ᠪᠣᠯᠤᠯ ᠦᠬᠡᠢ ᠳ᠋ᠡ᠂ ᠪᠣᠯᠣᠯᠬᠦᠢ᠃ ᠰᠣ᠋ ᠡᠷᠬᠢᠯᠡᠭᠴᠢ ᠲᠠ ᠰᠣᠷᠪᠣᠯᠵᠢᠯᠠᠭᠴᠢ ᠶᠢ ᠲᠠᠭᠠᠭᠤᠯᠣᠭᠠᠳ ᠶᠠᠪᠣᠭᠠᠴᠢ︾ ᠬᠡᠮᠡᠨ ᠪᠠᠷᠢᠨ ᠲᠣᠯᠭᠠᠴᠢᠬᠠᠪᠠ᠃ ᠪᠢᠳᠡ ᠡᠪᠡᠳᠴᠢᠳᠡᠨ ᠤ ᠰᠠᠭᠤᠭ᠎ᠠ ᠠᠰᠠᠷ ᠲᠤ ᠬᠦᠷᠴᠦ  ᠲᠠᠪᠬᠤᠷᠯᠢᠭ ᠪᠣᠯᠭᠠᠨ  ᠢᠶᠠᠷ ᠰᠣᠷᠠᠵᠣ ᠶᠠᠪᠣᠭᠰᠠᠭᠠᠷ ᠠᠷᠠᠢ ᠬᠡᠵᠦ ᠪᠠᠴᠢᠮ ᠠᠪᠣᠷᠠᠯᠳᠠ ᠶᠢᠨ ᠰᠠᠯᠠᠭ᠎ᠠ ᠶᠢᠨ ᠰᠣᠪᠢᠯᠠᠭᠴᠢᠳ ᠤᠨ ᠲᠠᠷᠤᠭ᠎ᠠ ᠬᠤᠸᠠᠩ ᠣᠶᠠᠩᠭᠤᠸ᠎ᠠ ᠲᠠᠢ ᠠᠭᠤᠯᠵᠠᠵᠠᠢ᠃ ᠲᠡᠷᠡ ᠨᠢᠬᠡ ᠰᠣᠪᠢᠯᠠᠭᠴᠢ ᠪᠠ ᠨᠢᠬᠡ ᠲᠠᠳᠣᠯᠭ᠎ᠠ ᠶᠢᠨ ᠰᠣᠷᠣᠭᠴᠢ ᠲᠠᠭᠠᠭᠤᠯᠵᠣ ᠪᠠᠴᠢᠮ ᠠᠪᠣᠷᠠᠯᠳᠠ ᠶᠢᠨ ᠰᠠᠯᠠᠭᠠᠨ ᠤ ᠡᠪᠡᠳᠴᠢᠳᠡᠨ ᠤ ᠦᠷᠦᠬᠡ ᠪᠦᠷᠢ ᠪᠠᠷ ᠣᠷᠣᠵᠣ ᠡᠪᠡᠳᠴᠢᠳᠡᠨ  ᠤ ᠡᠪᠡᠳᠴᠢᠨ ᠤ ᠪᠠᠶᠢᠳᠠᠯ ᠢ ᠨᠠᠷᠢᠯᠢᠭ ᠠᠰᠠᠭᠤᠨ ᠨᠢᠭᠳᠠ ᠲᠡᠮᠳᠡᠭᠯᠡᠵᠦ ᠪᠠᠶᠢᠯ᠎ᠠ᠃ ᠡᠨᠡ ᠨᠢ ᠦᠷᠯᠦᠬᠡ ᠶᠢᠨ ᠪᠠᠶᠢᠴᠠᠭᠠᠯᠳᠠ ᠶᠣᠮ ᠬᠡᠨ᠎ᠡ᠂ ᠣᠷᠣᠢ ᠡᠪᠡᠳᠴᠢᠳᠡᠨ ᠣᠨᠳᠠᠵᠣ ᠠᠮᠠᠷᠠᠬᠤ ᠠᠴᠠ ᠡᠮᠦᠨ᠎ᠡ ᠪᠠᠰᠠ ᠨᠢᠬᠡ ᠣᠳᠠᠭ᠎ᠠ ᠠᠰᠠᠭᠤᠵᠣ ᠲᠡᠮᠳᠡᠭᠯᠡᠳᠡᠭ ᠬᠡᠨ᠎ᠡ᠃ ᠡᠨᠡ ᠪᠣᠯ ᠬᠤᠸᠠᠩ ᠣᠶᠣᠩᠭᠤᠸ᠎ᠠ ᠶᠢᠨ ᠡᠳᠦᠷ ᠪᠦᠷᠢ ᠶᠢᠨ ᠪᠠᠷᠢᠮᠳᠠᠯᠠᠳᠠᠭ ᠠᠵᠢᠯ ᠤᠨ ᠵᠣᠷᠰᠢᠯ ᠤᠨ ᠨᠢᠬᠡ  ᠨᠢ ᠲᠡᠳᠦᠢ᠃    ᠪᠢ ᠬᠤᠸᠠᠩ ᠣᠶᠣᠩᠭᠤᠸ᠎ᠠ ᠲᠠᠢ ᠠᠩᠬ᠎ᠠ ᠢᠩᠬᠢᠵᠦ ᠲᠠᠨᠢᠯᠴᠠᠭᠰᠠᠨ ᠶᠣᠮ᠃ ᠲᠡᠷᠡ  ᠡᠭᠡᠯ ᠳᠠᠷᠤᠤᠬᠠᠨ ᠠᠳᠠᠯ᠎ᠠ ᠦᠬᠡᠳᠡᠷᠬᠡᠭ ᠪᠠᠶᠠᠰᠣᠩᠭᠤᠢ᠂ ᠲᠣᠬᠠᠶᠢᠯᠠᠭᠰᠠᠨ ᠠᠵᠢᠯ ᠮᠡᠷᠬᠡᠰᠢᠯ ᠳᠤ ᠪᠠᠨ ᠪᠣᠯᠪᠠᠰᠣᠷᠠᠵᠣ ᠴᠠᠭᠠᠷᠠᠭᠰᠠᠨ᠂ ᠭᠤᠴᠢ ᠡᠷᠬᠢᠮ᠎ᠡ ᠨᠠᠰᠣᠨ ᠤ ᠴᠡᠮᠴᠡᠬᠡᠷ ᠭᠤᠪᠠᠢ ᠮᠣᠩᠭᠤᠯ ᠪᠦᠰᠡᠬᠦᠢ᠃ 1989 ᠣᠨ ᠳᠤ ᠬᠤᠷᠴᠢᠨ ᠪᠠᠷᠠᠭᠤᠨ ᠭᠠᠷᠣᠨ ᠲᠣᠮᠳᠠᠳᠣ ᠬᠤᠰᠢᠭᠤᠨ ᠤ ᠲᠠᠶᠢᠴᠢᠨᠳᠠᠯ᠎ᠠ ᠰᠣᠮᠣ ᠶᠢᠨ ᠮᠠᠩᠯᠠᠢ ᠭᠠᠴᠠᠭ᠎ᠠ ᠶᠢᠨ ᠬᠦᠪᠡᠭᠡ ᠶᠢᠨ ᠠᠶᠢᠯ ᠳᠤ ᠲᠦᠷᠦᠵᠦ ᠦᠰᠴᠡᠢ᠃ ᠬᠢᠩᠭᠠᠨ ᠠᠶᠢᠮᠠᠭ ᠤᠨ ᠠᠵᠢᠯ ᠮᠡᠷᠬᠡᠵᠢᠯ ᠤᠨ ᠰᠣᠷᠭᠠᠭᠤᠯᠢ ᠠᠴᠠ ᠰᠣᠪᠢᠯᠠᠭᠴᠢ ᠶᠢᠨ ᠲᠣᠰᠬᠠᠢ ᠮᠡᠷᠬᠡᠵᠢᠯ ᠢᠶᠠᠷ ᠲᠡᠬᠦᠰᠴᠤ᠂ 2010 ᠣᠨ ᠳᠤ ᠬᠤᠷᠴᠢᠨ ᠪᠠᠷᠠᠭᠤᠨ ᠭᠠᠷᠣᠨ ᠲᠣᠮᠳᠠᠳᠣ ᠬᠤᠰᠢᠭᠤᠨ ᠤ ᠠᠷᠠᠳ  ᠤᠨ ᠡᠮᠨᠡᠯᠬᠡ ᠶᠢᠨ ᠬᠤᠷᠢᠶᠠᠨ ᠳᠤ ᠠᠵᠢᠯ ᠤᠨ ᠭᠠᠷᠤᠭ᠎ᠠ ᠪᠠᠨ ᠠᠪᠣᠪᠠ᠃ 2019 ᠣᠨ ᠳᠤ ᠬᠢᠩᠭᠠᠨ ᠠᠶᠢᠮᠠᠭ ᠤᠨ ᠡᠷᠡᠬᠦᠯ ᠬᠠᠮᠠᠭᠠᠯᠠᠯ ᠤᠨ ᠰᠢᠰᠲ᠋ᠧᠮ ᠠᠴᠠ ᠵᠣᠬᠢᠶᠠᠨ ᠪᠠᠶᠢᠭᠤᠯᠵᠣ ᠶᠠᠪᠣᠭᠳᠠᠭᠤᠯᠣᠭᠰᠠᠨ ︽ᠭᠠᠶᠢᠶᠠ ᠬᠢᠩᠭᠠᠨ ᠲᠠᠬᠢᠨᠢ ᠬᠤᠨᠳᠠᠭᠠᠳᠣ︾ ᠬᠢᠵᠢᠭ ᠠᠴᠠ ᠰᠡᠷᠬᠡᠶᠢᠯᠡᠨ ᠬᠠᠮᠠᠭᠠᠯᠠᠵᠣ ᠲᠣᠰᠬᠠᠷᠯᠠᠬᠤ ᠬᠤᠪᠴᠠᠰᠣ ᠶᠢ ᠬᠡᠷᠬᠢᠨ ᠬᠡᠷᠡᠭᠯᠡᠬᠦ ᠭᠤᠷᠪᠠᠨ ᠲᠡᠰ ᠤᠨ ᠰᠡᠷᠬᠡᠶᠢᠯᠡᠨ ᠬᠠᠮᠠᠭᠠᠯᠠᠬᠤ ᠣᠷ᠎ᠠ ᠴᠢᠳᠠᠪᠣᠷᠢ ᠶᠢᠨ ᠣᠷᠣᠯᠳᠣᠭᠠᠨ ᠳᠤ ᠪᠠᠶᠢᠭᠤᠯᠭ᠎ᠠ ᠨᠢᠬᠡᠴᠢ ᠪᠠᠨ ᠲᠦᠯᠦᠬᠡᠯᠡᠨ ᠣᠷᠣᠯᠴᠠᠭᠠᠳ ᠰᠢᠯᠢᠳᠡᠭ ᠱᠠᠩᠨᠠᠯ ᠢᠶᠠᠷ ᠡᠩᠬᠡᠷ ᠢᠶᠠᠨ ᠮᠢᠯᠢᠶᠡᠯᠭᠠᠪᠠ᠃ 2019 ᠣᠨ ᠤ ᠡᠪᠦᠯ᠂ ᠰᠢᠯᠢ ᠶᠢᠨ ᠭᠤᠣᠯ ᠳᠤ ᠬᠤᠯᠣᠭᠠᠨ᠎ᠠ ᠶᠢᠨ ᠬᠢᠵᠢᠭ ᠶᠡᠭᠡ ᠪᠠᠷ ᠲᠡᠯᠬᠡᠷᠡᠭᠰᠡᠨ ᠦᠶ᠎ᠡ ᠳᠤ᠂ 40 ᠭᠷᠡᠳᠦ᠋ᠰ ᠪᠣᠯᠳᠠᠯ᠎ᠠ ᠬᠠᠯᠠᠭᠤᠷᠠᠭᠰᠠᠨ ᠰᠡᠵᠢᠭᠯᠡᠯᠳᠡᠢ ᠡᠪᠡᠪᠴᠢᠳᠡᠨ ᠤ ᠵᠢᠱᠢᠶ᠎ᠡ ᠢᠯᠡᠷᠡᠭᠰᠡᠨ ᠳᠤ ᠲᠡᠷᠡ ᠬᠠᠮᠳᠣ ᠠᠵᠢᠯᠯᠠᠭᠴᠢ ᠲᠠᠢ ᠬᠤᠶᠠᠭᠤᠯᠠ ᠪᠠᠨ ᠲᠣᠰ ᠡᠪᠡᠳᠴᠢᠳᠡᠨ ᠢ 9 ᠴᠠᠭ ᠭᠠᠷᠣᠢ  ᠲᠤᠰᠠᠭᠠᠷᠯᠠᠨ ᠪᠠᠶᠢᠴᠠᠭᠠᠭᠠᠳ᠂ ᠴᠢᠰᠣᠨ ᠤ ᠪᠠᠶᠢᠴᠠᠭᠠᠯᠳᠠ ᠶᠢᠨ ᠦᠯᠢᠬᠡᠷ ᠬᠡᠪ ᠢᠶᠠᠷ ᠨᠢ ᠲᠣᠰ ᠡᠪᠡᠪᠴᠢᠳᠡᠨ ᠬᠤᠯᠣᠭᠠᠨ᠎ᠠ ᠶᠢᠨ ᠬᠢᠵᠢᠭ ᠲᠤ ᠨᠡᠷᠪᠡᠭᠳᠡᠭᠰᠡᠨ ᠦᠬᠡᠢ᠂ ᠬᠢᠮᠣᠷᠠᠭ᠎ᠠ ᠶᠢᠨ ᠬᠠᠯᠠᠭᠤᠷᠠᠯ ᠬᠡᠵᠦ ᠲᠣᠳᠣᠯᠠᠭᠠᠳ ᠡᠬᠦᠷᠭᠡ ᠪᠠᠨ ᠠᠮᠵᠢᠯᠳᠠ ᠲᠠᠢ ᠪᠡᠶᠡᠯᠡᠬᠦᠯᠪᠠ ᠁ ᠡᠨᠡ ᠪᠣᠯ ᠲᠠᠷᠣᠢ ᠨᠠᠰᠣ ᠵᠠᠯᠠᠭᠤ ᠪᠣᠯᠪᠠᠴᠣ ᠲᠣᠷᠰᠢᠯᠭ᠎ᠠ ᠦᠯᠡᠮᠵᠢ ᠰᠣᠪᠢᠯᠠᠭᠴᠢ ᠬᠤᠸᠠᠩ ᠣᠶᠣᠩᠭᠤᠸ᠎ᠠ ᠪᠣᠯᠣᠨ᠎ᠠ᠃   ᠪᠢ ᠬᠤᠸᠠᠩ ᠣᠶᠣᠩᠭᠤᠸ᠎ᠠ ᠶᠢᠨ ᠲᠣᠬᠠᠢ ᠠᠩᠬᠠᠨ ᠤ ᠰᠣᠷᠪᠣᠯᠵᠢᠯᠠᠭ᠎ᠠ ᠪᠠᠨ ᠠᠪᠣᠭᠠᠳ ᠬᠤᠰᠢᠭᠤᠨ ᠤ ᠠᠷᠠᠳ  ᠤᠨ ᠡᠮᠨᠡᠯᠬᠡ ᠶᠢᠨ ᠬᠤᠷᠢᠶ᠎ᠠ ᠠᠴᠠ ᠭᠠᠷᠴᠣ ᠢᠷᠡᠬᠦ ᠳᠤ ᠡᠪᠡᠳᠴᠢᠳᠡᠨ ᠤ ᠠᠰᠠᠷ ᠨᠠᠮ ᠵᠢᠮ᠂ ᠭᠠᠳᠠᠨ᠎ᠠ  ᠪᠣᠷᠣᠭᠠᠨ  ᠰᠢᠪᠡᠷᠡᠭᠰᠡᠭᠡᠷ ᠪᠠᠶᠢᠯ᠎ᠠ ᠁      ᠬᠦᠮᠦᠯᠢᠭ  ᠠᠷᠠᠨᠰᠢᠨ ᠤ ᠬᠡᠷᠡᠯ ᠬᠢᠯᠪᠠᠭ᠎ᠠ ᠬᠦᠴᠢᠷ ᠲᠦᠪᠡᠭ ᠤᠨ ᠡᠮᠦᠨ᠎ᠡ ᠨᠡᠩ ᠶᠡᠭᠡ ᠰᠠᠴᠣᠷᠠᠠᠳᠠᠭ   2020 ᠣᠨ ᠤ ᠴᠠᠭᠠᠨ ᠰᠠᠷ᠎ᠠ ᠪᠣᠯ ᠣᠷᠢᠳ ᠡᠮᠦᠨ᠎ᠡ ᠭᠠᠷᠤᠭ᠎ᠠ ᠦᠬᠡᠢ ᠣᠨᠴᠠᠭᠠᠢ ᠨᠢᠬᠡᠨ ᠡᠬᠢᠯᠡᠯᠳᠡ᠃ ᠰᠢᠨ᠎ᠡ ᠵᠢᠯ ᠢ ᠣᠭᠳᠣᠮᠠᠷ ᠯᠡ ᠪᠣᠯᠴᠢᠬᠠᠭᠰᠠᠨ ᠨᠢᠬᠡ ᠯᠡ ᠰᠦᠨᠢ ᠶᠢᠨ ᠬᠤᠭᠤᠷᠣᠨᠳᠣ ᠦᠬᠠᠨ ᠬᠤᠳᠠ ᠲᠦᠭᠰᠢᠬᠦᠷᠢ ᠶᠢᠨ ᠲᠠᠯᠠᠢ ᠳᠤ ᠵᠢᠪᠴᠢᠬᠡᠨ᠎ᠡ ᠬᠡᠵᠦ ᠬᠡᠨ ᠴᠦ ᠵᠡᠬᠦᠳᠦᠯᠡᠭᠡ ᠦᠬᠡᠢ᠃ ᠬᠡᠳᠡᠯ᠎ᠡ ᠠᠶᠣᠯ ᠡᠮᠢᠶᠡᠯ  ᠬᠠᠰᠢ ᠯᠡ ᠢᠷᠡᠬᠦ ᠪᠠᠷ  ᠢᠶᠠᠨ ᠢᠷᠡᠵᠡᠢ᠂  ᠡᠨᠡ ᠬᠦ ᠲᠣᠮᠳᠠᠳᠣ ᠣᠯᠣᠰ ᠤᠨ ᠣᠰᠣ ᠬᠠᠭᠤᠷᠠᠢ ᠠᠭᠠᠷ ᠤᠨ ᠵᠠᠮ ᠤᠨ ᠭᠤᠣᠯ ᠬᠦᠢᠰᠦ ᠶᠢᠨ ᠨᠢᠬᠡ ᠪᠣᠯᠣᠭᠰᠠᠨ᠂ ᠮᠢᠩᠭ᠎ᠠ ᠲᠦᠷᠪᠡᠨ ᠵᠠᠭᠤ ᠰᠢᠬᠠᠮ ᠲᠦᠮᠡᠨ ᠬᠦᠮᠦᠨ ᠠᠮᠠ ᠲᠠᠢ ᠠᠵᠣ   ᠠᠬᠤᠢ ᠶᠢᠨ ᠲᠣᠮᠣ ᠬᠤᠳᠠ ᠬᠢᠵᠢᠭ ᠤᠨ ᠸᠢᠷᠦ᠋ᠰ ᠤᠨ ᠰᠢᠷᠦᠬᠦᠨ ᠲᠠᠭᠠᠷᠢᠯᠳᠠ ᠳᠤ ᠶᠠᠭᠠᠬᠢᠬᠤ ᠶᠢᠨ ᠠᠷᠭ᠎ᠠ ᠦᠬᠡᠢ ᠲᠣᠯᠭᠠᠷᠠᠴᠢᠬᠠᠭᠰᠠᠨ ᠠᠵᠢ᠃ ᠰᠢᠨ᠎ᠡ ᠬᠡᠯᠪᠡᠷᠢ ᠶᠢᠨ ᠲᠢᠲᠢᠮᠯᠢᠭ ᠠᠭᠤᠰᠬᠢᠨ ᠦᠷᠪᠢᠰᠦᠯ ᠤᠨ ᠬᠢᠵᠢᠭ ᠦᠬᠠᠨ ᠬᠤᠳᠠ ᠶᠢᠨ ᠵᠡᠬᠡᠯᠢ ᠪᠦᠬᠦᠨ ᠢᠶᠠᠷ ᠬᠡᠰᠦᠬᠦᠴᠢᠯᠡᠵᠦ᠂ ᠠᠰᠠᠷ ᠪᠣᠯᠭᠠᠨ ᠢᠶᠠᠷ ᠦᠩᠬᠡᠶᠢᠯᠴᠡᠵᠦ᠂ ᠡᠷᠦᠬᠡ ᠪᠣᠯᠭᠠᠨ ᠢᠶᠠᠷ ᠲᠠᠭᠠᠷᠢᠵᠣ ᠪᠠᠶᠢᠯ᠎ᠠ᠃ ᠬᠢᠵᠢᠭ ᠤᠨ ᠲᠠᠷᠬᠠᠬᠤ ᠬᠤᠷᠳᠣᠴᠠ ᠰᠠᠨᠠᠭᠠᠨ ᠠᠴᠠ ᠭᠠᠳᠠᠭᠤᠷ ᠬᠤᠷᠳᠣᠨ᠂ ᠲᠠᠷᠢᠬᠤ ᠬᠤᠣᠷ ᠨᠢ ᠲᠠᠭᠠᠭᠠᠮᠠᠭᠯᠠᠭᠰᠠᠨ ᠠᠴᠠ  ᠴᠠᠭᠠᠰᠢ ᠠᠶᠣᠮᠠᠷ᠂ ᠴᠠᠭ ᠲᠣᠬᠠᠢ ᠳᠤ ᠨᠢ ᠰᠡᠷᠬᠡᠶᠢᠯᠡᠨ ᠵᠠᠰᠠᠵᠣ ᠠᠮᠵᠢᠬᠤ ᠦᠬᠡᠢ ᠪᠣᠯ ᠬᠡᠳᠦᠬᠡᠨ ᠡᠳᠦᠷ ᠤᠨ ᠬᠤᠭᠤᠷᠣᠨᠳᠣ ᠠᠮᠢ ᠨᠠᠰᠣ ᠪᠠᠨ ᠴᠦ ᠠᠯᠳᠠᠨ᠎ᠠ᠃   ᠠᠷᠠᠢ ᠪᠢᠳᠡᠬᠦᠯᠡᠵᠦ ᠪᠠᠷᠠᠮᠠᠭᠴᠠ ᠬᠢᠵᠢᠭ ᠲᠤ ᠲᠠᠭᠠᠷᠢᠭᠳᠠᠭᠰᠠᠨ ᠡᠪᠡᠳᠴᠢᠳᠡᠨ ᠪᠠ  ᠬᠤᠰᠢᠭᠤᠴᠢᠯᠠᠨ ᠪᠠᠶᠢᠯᠳᠤᠭ᠎ᠠ ᠡᠮᠴᠢ ᠰᠣᠪᠢᠯᠠᠭᠴᠢᠳ ᠠᠴᠠ ᠪᠣᠰᠣᠳ ᠠᠶᠢᠯ ᠬᠤᠳᠠ ᠪᠦᠬᠦᠨ ᠬᠠᠭᠠᠯᠭ᠎ᠠ ᠡᠬᠦᠳᠡ ᠪᠠᠨ ᠲᠦᠭᠵᠢᠵᠦ᠂ ᠬᠦᠮᠦᠨ ᠵᠣᠨ ᠪᠦᠬᠦᠨ ᠬᠦᠯ ᠭᠠᠷ ᠢᠶᠠᠨ ᠬᠤᠷᠢᠶᠠᠵᠠᠢ᠃ ᠴᠠᠭᠠᠨ ᠰᠠᠷ᠎ᠠ ᠶᠢᠨ ᠰᠢᠨ᠎ᠡ ᠶᠢᠨ ᠨᠢᠬᠡᠨ ᠠᠴᠠ  ᠨᠠᠭᠠᠰᠢ ᠬᠤᠷᠴᠢᠨ ᠪᠠᠷᠠᠭᠤᠨ ᠭᠠᠷᠣᠨ ᠲᠣᠮᠳᠠᠳᠣ ᠬᠤᠰᠢᠭᠤᠨ ᠳᠤ ᠦᠬᠠᠨ ᠠᠴᠠ ᠪᠣᠴᠠᠵᠣ ᠢᠷᠡᠭᠰᠡᠨ ᠬᠦᠮᠦᠨ ᠤ ᠲᠤᠭ᠎ᠠ ᠨᠢᠬᠡᠨᠳᠡ 200  ᠶᠢ ᠬᠡᠳᠦᠷᠡᠴᠢᠬᠡᠭᠰᠡᠨ ᠪᠠᠶᠢᠵᠠᠢ᠃ ᠬᠤᠰᠢᠭᠤᠨ ᠤ ᠠᠷᠠᠳ ᠤᠨ ᠡᠮᠨᠡᠯᠬᠡ ᠶᠢᠨ ᠬᠤᠷᠢᠶ᠎ᠠ  ᠡᠨᠡ ᠬᠦ ᠪᠠᠶᠢᠳᠠᠯ  ᠳᠤ ᠴᠢᠭᠯᠡᠬᠦᠯᠦᠨ ᠬᠢᠵᠢᠭ ᠡᠪᠡᠳᠴᠢᠨ ᠢ ᠴᠠᠭ ᠲᠣᠬᠠᠢ ᠳᠤ ᠨᠢ ᠡᠵᠡᠮᠳᠡᠬᠦ ᠪᠠᠷ ᠬᠠᠯᠠᠭᠤᠷᠠᠯ ᠢ ᠵᠠᠰᠠᠬᠤ ᠡᠬᠦᠳᠡᠨ ᠡᠮᠨᠡᠯᠬᠡ ᠳᠤ ᠪᠠᠨ ᠡᠮᠴᠢ ᠰᠣᠪᠢᠯᠠᠭᠴᠢ ᠪᠠᠨ ᠲᠠᠪᠣᠨ ᠲᠣᠭᠤᠶᠢᠯᠠᠩ ᠬᠤᠪᠢᠶᠠᠨ ᠠᠵᠢᠯᠯᠠᠭᠤᠯᠵᠣ ᠪᠠᠶᠢᠯ᠎ᠠ᠃ ᠬᠤᠸᠠᠩ ᠣᠶᠣᠩᠭᠤᠸ᠎ᠠ ᠪᠢᠳᠡᠬᠦᠨ ᠤ ᠡᠳᠦᠷ ᠠᠴᠠ ᠪᠦᠬᠦᠯᠢ 48 ᠴᠠᠭ ᠵᠢᠵᠢᠬᠦᠷᠯᠡᠬᠡᠳ ᠠᠷᠠᠢ ᠬᠡᠵᠦ ᠬᠡᠷ ᠲᠤ ᠪᠠᠨ ᠬᠠᠷᠢᠬᠤ ᠬᠡᠵᠦ ᠪᠠᠶᠢᠳᠠᠯ᠎ᠠ ᠲᠡᠳᠡᠨ ᠤ ᠲᠣᠭᠤᠶᠢᠯᠠᠩ ᠳᠤ ᠪᠠᠭᠤᠯᠭᠠᠭᠰᠠᠨ ᠪᠠᠴᠢᠮ ᠮᠡᠳᠡᠭᠳᠡᠯ ᠢ ᠲᠣᠰᠴᠣ ᠦᠷᠬᠦᠯᠵᠢᠯᠡᠨ ᠠᠵᠢᠯᠯᠠᠭᠰᠠᠨ ᠶᠣᠮ᠃ ᠲᠡᠬᠦᠨ ᠤ ᠡᠬᠦᠷᠬᠡ ᠪᠣᠯ ᠲᠠᠷᠣᠢ ᠬᠠᠮᠳᠣ ᠠᠵᠢᠯᠯᠠᠭᠰᠠᠳ ᠲᠠᠢ ᠪᠠᠨ ᠦᠬᠠᠨ ᠬᠤᠳᠠ ᠠᠴᠠ ᠨᠣᠳᠤᠭ ᠲᠤ ᠪᠠᠨ ᠪᠣᠴᠠᠭᠰᠠᠨ ᠬᠦᠮᠦᠰ ᠲᠤ ᠪᠦᠬᠡᠮ ᠬᠦᠴᠢᠯ ᠤᠨ ᠪᠠᠶᠢᠴᠠᠭᠠᠯᠳᠠ ᠬᠢᠵᠦ ᠬᠢᠵᠢᠭ ᠤᠨ ᠪᠠᠶᠢᠳᠠᠯ ᠢ  ᠲᠣᠳᠤᠯᠠᠨ᠎ᠠ᠃ ᠬᠡᠷ  ᠲᠤ ᠪᠠᠨ ᠬᠠᠷᠢᠵᠣ ᠰᠢᠨᠡᠯᠡᠬᠦ ᠰᠠᠶᠢᠬᠠᠨ ᠪᠣᠳᠣᠯ ᠨᠢ  ᠠᠭᠰᠠᠨ ᠵᠠᠭᠤᠷ᠎ᠠ  ᠵᠠᠮᠬᠠᠷᠠᠴᠢᠬᠠᠪᠠ᠃   2 ᠳ᠋ᠤᠭᠠᠷ  ᠰᠠᠷ᠎ᠠ ᠶᠢᠨ 4 ᠤ ᠡᠳᠦᠷ᠂ ᠴᠠᠭᠠᠨ ᠰᠠᠷ᠎ᠠ ᠶᠢᠨ ᠠᠷᠪᠠᠨ ᠰᠢᠨ᠎ᠡ᠂ 7 ᠴᠠᠭ 13 ᠮᠢᠨᠦ᠋ᠲ ᠲᠤ ᠃  ᠰᠦᠨᠢ ᠶᠢᠨ ᠡᠬᠡᠯᠵᠢ ᠪᠠᠷ ᠠᠵᠢᠯᠯᠠᠵᠣ ᠪᠠᠶᠢᠭᠰᠠᠨ ᠬᠤᠸᠠᠩ ᠣᠶᠣᠩᠭᠤᠸ᠎ᠠ ᠭᠠᠷ ᠴᠠᠭ ᠢᠶᠠᠨ ᠰᠢᠷᠪᠢᠭᠰᠡᠨ ᠢᠶᠠᠨ ᠴᠣᠩᠬᠤ ᠪᠠᠷ ᠭᠠᠳᠠᠭᠰᠢ ᠬᠠᠷᠠᠬᠤ ᠳᠤ ᠨᠡᠳᠦᠶᠢᠭᠰᠡᠨ ᠲᠡᠭᠷᠢ ᠠᠴᠠ ᠬᠠᠶᠠᠯᠠᠬᠤ ᠴᠠᠰᠣ ᠰᠠᠯᠬᠢ ᠲᠠᠭᠠᠨ ᠬᠤᠶᠢᠯᠠᠷᠠᠵᠣ ᠪᠠᠶᠢᠯ᠎ᠠ᠃ ᠡᠨᠡ ᠦᠶ᠎ᠡ ᠪᠠᠷ ᠶᠡᠷᠦ ᠳᠤ ᠪᠠᠨ ᠨᠠᠮ ᠵᠢᠮ ᠪᠠᠶᠢᠳᠠᠭ ᠠᠰᠠᠷ ᠤᠨ ᠬᠤᠩᠬᠢᠯ ᠢᠶᠠᠷ ᠣᠯᠠᠨ ᠬᠦᠮᠦᠨ ᠤ ᠶᠠᠭᠠᠷᠠᠯᠳᠣᠨ ᠠᠯᠬᠤᠬᠤ ᠬᠦᠯ ᠤᠨ ᠴᠢᠮᠡᠭᠡ ᠲᠣᠭᠤᠯᠳᠠᠨ᠎ᠠ᠃  ᠪᠠᠰᠠ ᠯᠡ ᠠᠯᠢ ᠨᠢᠬᠡ ᠨᠢ ᠬᠦᠨᠳᠦ ᠡᠪᠡᠳᠴᠢᠨ ᠲᠣᠰᠴᠣ ᠪᠠᠴᠢᠮ ᠠᠪᠣᠷᠠᠯᠳᠠ ᠪᠠᠷ ᠡᠮᠨᠡᠯᠬᠡ ᠶᠢᠨ ᠬᠤᠷᠢᠶᠠᠨ ᠳᠤ ᠢᠷᠡᠭᠰᠡᠨ ᠪᠠᠶᠢᠯᠬᠦᠢ ᠬᠡᠵᠦ ᠪᠣᠳᠣᠭᠰᠠᠨ ᠬᠤᠸᠠᠩ ᠣᠶᠣᠩᠭᠤᠸ᠎ᠠ ᠲᠣᠰᠣᠨ ᠭᠠᠷᠬᠤ ᠳᠤ ᠡᠮᠴᠢ ᠰᠣᠪᠢᠯᠠᠭᠴᠢᠳ ᠬᠤᠷᠢᠶᠠᠨ ᠲᠠᠷᠤᠭ᠎ᠠ ᠶᠢᠨ ᠠᠯᠪᠠᠨ ᠬᠡᠷ ᠣᠷᠣᠭᠤ  ᠶᠠᠭᠠᠷᠠᠪᠴᠢᠯᠠᠨ ᠴᠢᠭᠯᠡᠵᠡᠬᠡᠵᠦ ᠪᠠᠶᠢᠯ᠎ᠠ᠃ ᠣᠣᠯ ᠨᠢ ᠬᠤᠰᠢᠭᠤᠨ ᠤ ᠠᠷᠠᠳ ᠤᠨ ᠡᠮᠨᠡᠯᠬᠡ ᠶᠢᠨ ᠬᠤᠷᠢᠶ᠎ᠠ ᠦᠬᠠᠨ ᠢ ᠲᠣᠰᠠᠯᠠᠷ᠎ᠠ ᠣᠴᠢᠬᠤ ᠰᠠᠶᠢᠨ ᠲᠣᠷ᠎ᠠ ᠶᠢᠨ ᠰᠣᠪᠢᠯᠠᠭᠴᠢ ᠡᠯᠰᠡᠬᠦ ᠪᠠᠴᠢᠮ ᠮᠡᠳᠡᠭᠳᠡᠯ ᠲᠣᠰᠣᠮᠠᠭᠴᠠ ᠰᠦᠨᠢ ᠶᠢᠨ ᠡᠬᠡᠯᠵᠢ ᠪᠠᠷ ᠵᠢᠵᠢᠬᠦᠷᠯᠡᠵᠦ ᠪᠠᠶᠢᠭᠰᠠᠨ ᠡᠮᠴᠢ ᠰᠣᠪᠢᠯᠠᠭᠴᠢᠳ ᠲᠤ ᠵᠠᠬ᠎ᠠ ᠲᠠᠷᠠᠭᠠᠯᠠᠨ ᠴᠢᠮᠡᠭᠡ ᠬᠦᠷᠬᠡᠵᠦ ᠪᠠᠶᠢᠭᠰᠠᠨ ᠠᠵᠢ᠃ ᠲᠡᠷᠡ  ᠡᠨᠡ ᠬᠦ ᠴᠢᠮᠡᠭᠡ ᠶᠢ ᠰᠣᠨᠣᠰᠮᠠᠭᠴᠠ ᠪᠣᠰᠣᠳ ᠡᠮᠴᠢ ᠰᠣᠪᠢᠯᠠᠭᠴᠢᠳ ᠤᠨ ᠠᠷᠣ ᠠᠴᠠ ᠲᠠᠭᠠᠭᠠᠳ ᠠᠯᠬᠤᠴᠢᠬᠠᠪᠠ᠃   ᠪᠠᠴᠢᠮ ᠮᠡᠳᠡᠭᠳᠡᠯ ᠢ ᠣᠯᠠᠮᠵᠢᠯᠠᠭᠰᠠᠨ ᠬᠠᠭᠠᠰᠬᠠᠨ ᠴᠠᠭ ᠤᠨ ᠬᠤᠭᠤᠷᠣᠨᠳᠣ ᠨᠡᠷ᠎ᠡ ᠮᠡᠳᠡᠬᠦᠯᠦᠭᠰᠡᠨ ᠡᠮᠴᠢ ᠰᠣᠪᠢᠯᠠᠭᠴᠢᠳ ᠤᠨ ᠲᠤᠭ᠎ᠠ 120  ᠶᠢ ᠲᠠᠪᠠᠵᠠᠢ᠃ ᠬᠤᠸᠠᠩ ᠣᠶᠣᠩᠭᠤᠸ᠎ᠠ ᠬᠤᠷᠢᠶᠠᠨ ᠲᠠᠷᠤᠭ᠎ᠠ ᠶᠢᠨ ᠠᠯᠪᠠᠨ ᠬᠡᠷ ᠲᠤ ᠣᠷᠣᠮᠠᠭᠴᠠ᠄ ︽ᠬᠤᠷᠢᠶᠠᠨ ᠲᠠᠷᠤᠭ᠎ᠠ ᠡ᠂ ᠲᠣᠰ ᠣᠳᠠᠭᠠᠨ ᠤ ᠰᠠᠶᠢᠨ ᠲᠣᠷ᠎ᠠ ᠶᠢᠨ ᠰᠣᠪᠢᠯᠠᠭᠴᠢ ᠪᠠᠷ ᠦᠬᠠᠨ ᠬᠤᠳᠠ  ᠢ ᠲᠣᠰᠠᠯᠠᠵᠣ ᠬᠢᠵᠢᠭ ᠲᠠᠢ ᠲᠡᠮᠡᠴᠡᠬᠦ ᠡᠬᠦᠷᠬᠡ ᠶᠢ ᠨᠠᠮ᠎ᠠ ᠳᠤ ᠲᠠᠭᠠᠭᠠᠯᠭᠠᠴᠢᠬ᠎ᠠ᠃ ᠣᠴᠢᠷ ᠨᠢ ᠪᠢ ᠪᠣᠯ ᠡᠪ ᠬᠠᠮᠳᠣ ᠨᠠᠮ ᠤᠨ ᠬᠡᠰᠢᠬᠦᠨ᠂ ᠡᠮᠨᠡᠯᠬᠡ ᠶᠢᠨ ᠬᠤᠷᠢᠶ᠎ᠠ ᠠᠴᠠ ᠨᠠᠮ᠎ᠠ ᠶᠢ  ᠡᠴᠢᠨᠡᠬᠡᠨ ᠵᠢᠯ ᠴᠢᠬᠤᠯᠠ ᠠᠵᠢᠯ ᠤᠨ ᠪᠠᠶᠢᠷᠢ ᠳᠤ ᠲᠡᠪᠰᠢᠬᠦᠯᠦᠨ ᠬᠡᠷᠡᠭᠯᠡᠭᠰᠡᠬᠡᠷ ᠢᠷᠡᠯ᠎ᠡ᠃ ᠣᠳᠣ ᠦᠬᠠᠨ ᠬᠤᠳᠠ ᠡᠪᠡᠳᠴᠢᠨ ᠭᠠᠰᠠᠯᠠᠩ ᠢᠶᠠᠷ ᠲᠦᠬᠦᠷᠴᠦ᠂  ᠨᠠᠮ ᠠᠴᠠ ᠨᠠᠮ᠎ᠠ ᠶᠢ ᠬᠡᠷᠡᠭᠰᠡᠬᠦ ᠴᠢᠬᠤᠯᠠᠳᠠᠢ ᠪᠣᠯᠵᠠᠢ᠂ ᠪᠢ ᠬᠤᠰᠢᠭᠤᠨ ᠤ ᠠᠷᠠᠳ ᠤᠨ ᠡᠮᠨᠡᠯᠬᠡ  ᠶᠢᠨ ᠬᠤᠷᠢᠶᠠᠨ ᠤ ᠪᠠᠴᠢᠮ ᠠᠪᠣᠷᠠᠯᠳᠠ ᠶᠢᠨ ᠰᠠᠯᠠᠭᠠᠨ ᠤ ᠰᠣᠪᠢᠯᠠᠭᠴᠢᠳ ᠤᠨ ᠲᠠᠷᠤᠭ᠎ᠠ ᠪᠣᠯᠣᠭᠰᠠᠨ ᠤ ᠬᠤᠪᠢ  ᠳᠤ ᠴᠢᠩ ᠰᠡᠳᠬᠢᠯ ᠠᠴᠠ ᠪᠠᠨ ᠭᠤᠶᠣᠴᠢᠯᠠᠵᠣ ᠪᠠᠶᠢᠨ᠎ᠠ︾ ᠬᠡᠵᠦ  ᠢᠷᠡᠭᠰᠡᠨ ᠣᠴᠢᠷ ᠢᠶᠠᠨ ᠲᠣᠳᠣ  ᠰᠢᠯᠤᠭᠤᠨ ᠢᠯᠡᠷᠬᠡᠶᠢᠯᠡᠵᠠᠢ᠃ ᠬᠤᠷᠢᠶᠠᠨ ᠲᠠᠷᠤᠭ᠎ᠠ ᠯᠢᠦ ᠬᠠᠢ ᠴᠢᠣᠸᠠᠨ  ᠡᠨᠡ ᠬᠦ ᠡᠴᠡᠩᠬᠡᠶᠢᠪᠳᠦᠷ ᠴᠡᠮᠴᠡᠬᠡᠷ ᠪᠡᠶ᠎ᠡ ᠲᠠᠢ ᠴᠦ ᠡᠷᠡᠰ ᠲᠠᠰᠣᠷᠬᠠᠢ ᠵᠠᠩ ᠴᠢᠨᠠᠷ ᠢᠶᠠᠨ ᠢᠯᠡᠷᠡᠬᠦᠯᠦᠭᠰᠡᠨ ᠰᠢᠭᠤᠳ  ᠰᠢᠯᠤᠭᠤᠨ ᠦᠬᠡ ᠶᠠᠷᠢᠶ᠎ᠠ ᠲᠠᠢ᠂ ᠪᠠᠴᠢᠮ ᠠᠪᠣᠷᠠᠯᠳᠠ ᠶᠢᠨ ᠰᠠᠯᠠᠭᠠᠨ ᠤ ᠰᠣᠪᠢᠯᠠᠭᠴᠢᠳ ᠤᠨ ᠲᠠᠷᠤᠭ᠎ᠠ ᠬᠤᠸᠠᠩ ᠣᠶᠣᠩᠭᠤᠸ᠎ᠠ ᠶᠢ ᠪᠢᠰᠢᠷᠡᠵᠦ ᠪᠠᠭ᠋ᠠᠳᠣᠭᠰᠠᠨ ᠬᠠᠷᠠᠴᠠ ᠪᠠᠷ ᠰᠢᠷᠳᠡᠭᠰᠡᠬᠡᠷ᠄ ︽ᠲᠠᠨ ᠤ ᠡᠷᠡᠰ ᠰᠢᠯᠣᠭᠤᠨ ᠶᠠᠷᠢᠶᠠᠨ ᠳᠤ ᠴᠢᠨᠢ ᠮᠠᠰᠢ ᠲᠣᠭᠳᠣᠯᠣᠯ᠎ᠠ᠂ ᠬᠡᠳᠡᠯ᠎ᠡ ᠲᠣᠰ ᠣᠳᠠᠭᠠᠨ ᠤ ᠡᠬᠦᠷᠬᠡ ᠪᠣᠯ ᠬᠦᠨᠳᠦ ᠠᠴᠠ ᠬᠦᠨᠳᠦ᠂ ᠴᠢᠬᠤᠯᠠ ᠠᠴᠠ ᠴᠢᠬᠤᠯᠠ ᠰᠢᠣ ᠳ᠋ᠠ᠃ ᠨᠡᠷ᠎ᠡ ᠮᠡᠳᠡᠬᠦᠯᠦᠭᠰᠡᠨ ᠬᠦᠮᠦᠨ ᠤ ᠲᠤᠭ᠎ᠠ ᠬᠡᠳᠦᠢ ᠣᠯᠠᠨ ᠴᠦ ᠮᠠᠨ ᠤ ᠬᠤᠰᠢᠭᠤ ᠠᠴᠠ ᠰᠠᠶ᠋ᠢ  ᠨᠢᠭᠡ ᠯᠡ ᠬᠦᠮᠦᠨ ᠢ ᠯᠡ ᠰᠣᠩᠭᠤᠵᠣ ᠲᠡᠪᠰᠢᠬᠦᠯᠦᠨ᠎ᠡ᠃ ᠡᠬᠦᠷᠬᠡ ᠬᠠᠷᠢᠭᠤᠴᠠᠯᠭ᠎ᠠ ᠪᠠᠨ ᠰᠠᠶᠢᠬᠠᠨ ᠪᠡᠶᠡᠯᠡᠬᠦᠯᠬᠦ  ᠴᠢᠬᠤᠯᠠᠲᠠᠢ ᠪᠦᠬᠡᠳ ᠦᠪᠡᠷ  ᠤᠨ ᠪᠡᠶ᠎ᠡ ᠶᠢᠨ ᠡᠷᠡᠬᠦᠯ ᠮᠡᠨᠳᠦ ᠪᠠᠨ ᠴᠦ ᠪᠠᠳᠣᠯᠠᠬᠤ ᠬᠡᠷᠡᠭᠳᠡᠢ᠃ ᠲᠠ  ᠬᠠᠰᠢ ᠯᠡ ᠰᠠᠶᠢᠳᠣᠷ ᠪᠣᠳᠣᠯᠬᠢᠯᠠᠵᠣ ᠦᠵᠡᠬᠡᠷᠡᠢ᠃ ᠬᠤᠷᠢᠶᠠᠨ ᠤ ᠲᠠᠯ᠎ᠠ ᠠᠴᠠ ᠴᠦ ᠶᠡᠷᠦᠩᠬᠡᠢ  ᠵᠦᠪᠳᠡᠯᠬᠡ ᠬᠢᠭᠰᠡᠨ ᠤ ᠲᠠᠷᠠᠭ᠎ᠠ ᠰᠠᠶ᠋ᠢ ᠰᠢᠢᠳᠪᠦᠷᠢ ᠭᠠᠷᠭᠠᠨ᠎ᠠ ᠰᠢᠣ᠂ ᠲᠠ ᠬᠠᠷᠢᠭᠠᠳ ᠲᠠᠬᠢᠨᠳᠠ ᠲᠣᠩᠭᠠᠨ ᠪᠣᠳᠣᠯᠬᠢᠯᠠᠵᠣ᠂ ᠬᠡᠷ ᠤᠨ  ᠬᠦᠮᠦᠰ ᠲᠠᠢ ᠪᠠᠨ ᠵᠦᠪᠳᠡᠵᠦ  ᠦᠵᠡᠭᠡᠷᠡᠢ︾ ᠬᠡᠵᠦ ᠡᠶᠡᠷᠡᠬᠦᠯᠦᠨ ᠬᠡᠯᠡᠵᠡᠢ᠃   ᠬᠤᠸᠠᠩ ᠣᠶᠣᠩᠭᠤᠸ᠎ᠠ ᠬᠠᠭᠠᠯᠭ᠎ᠠ ᠲᠦᠯᠬᠢᠨ ᠭᠠᠷᠬᠤ ᠬᠡᠰᠡᠨ ᠢᠶᠠᠨ ᠲᠠᠬᠢᠨ ᠬᠤᠶᠢᠰᠢ ᠡᠷᠬᠢᠵᠦ᠄ ︽ᠬᠤᠷᠢᠶᠠᠨ ᠲᠠᠷᠤᠭ᠎ᠠ ᠡ︕ ᠦᠬᠠᠨ ᠢ ᠲᠡᠮᠵᠢᠵᠦ᠂ ᠬᠢᠵᠢᠭ ᠤᠨ ᠸᠢᠷᠦ᠋ᠰ ᠲᠠᠢ ᠲᠡᠮᠡᠴᠡᠨ᠂ ᠬᠢᠵᠢᠭ  ᠲᠤ ᠬᠠᠯᠳᠠᠪᠤᠷᠢᠯᠠᠭᠳᠠᠭᠰᠠᠳ ᠢ  ᠡᠷᠡᠭᠦᠯᠵᠢᠭᠦᠯᠬᠦ‌ᠦᠩᠬᠡ ᠬᠡᠷᠡᠯᠳᠦ ᠡᠬᠦᠷᠬᠡ ᠶᠢ  ᠬᠠᠰᠢ ᠯᠡ  ᠨᠠᠳᠠ ᠳᠤ ᠲᠣᠰᠢᠶᠠᠴᠢᠬ᠎ᠠ᠃ ᠲᠠᠨ ᠤ ᠬᠠᠭᠠᠯᠭ᠎ᠠ ᠶᠢ ᠲᠣᠭᠰᠢᠬᠤ ᠦᠶ᠎ᠡ ᠳᠤ ᠨᠢᠬᠡᠨᠳᠡ ᠰᠢᠢᠳᠴᠢᠬᠡᠭᠰᠡᠨ᠃ ᠪᠢ ᠬᠢᠩᠭᠠᠨ  ᠠᠶᠢᠮᠠᠭ ᠤᠨ ᠠᠵᠢᠯ ᠮᠡᠷᠬᠡᠵᠢᠯ ᠤᠨ ᠰᠣᠷᠭᠠᠭᠤᠯᠢ ᠳᠤ ᠲᠣᠰᠬᠠᠢ ᠰᠣᠪᠢᠯᠠᠭᠴᠢ ᠶᠢᠨ ᠮᠡᠷᠬᠡᠵᠢᠯ ᠬᠦᠷᠳᠡᠭᠰᠡᠨ ᠪᠦᠬᠡᠳ᠂ ᠦᠪᠦᠷ ᠮᠣᠩᠭᠤᠯ  ᠤᠨ ᠡᠮᠨᠡᠯᠬᠡ ᠶᠢᠨ ᠲᠣᠳᠣᠷ ᠡᠮᠨᠡᠯᠬᠡ ᠶᠢᠨ ᠰᠠᠯᠠᠭᠠᠨ ᠳᠤ ᠰᠣᠷᠣᠯᠴᠠᠵᠣ ᠮᠡᠷᠬᠡᠵᠢᠯ ᠢᠶᠠᠨ ᠲᠡᠬᠡᠭᠰᠢᠯᠡᠬᠦᠯᠵᠡᠢ᠃ ᠠᠷᠪᠠᠨ ᠵᠢᠯ ᠰᠣᠪᠢᠯᠠᠭᠴᠢ ᠶᠢᠨ ᠠᠵᠢᠯ ᠬᠢᠭᠰᠡᠨ ᠲᠣᠷᠰᠢᠯᠭ᠎ᠠ ᠲᠠᠢ ᠪᠦᠬᠡᠳ ᠬᠢᠵᠢᠭ ᠡᠪᠡᠳᠴᠢᠨ ᠠᠴᠠ ᠰᠡᠷᠬᠡᠶᠢᠯᠡᠬᠦ ᠮᠡᠳᠡᠯᠬᠡ  ᠶᠢ ᠣᠯᠠᠨ ᠵᠢᠯ ᠬᠤᠷᠠᠮᠳᠠᠭᠤᠯᠣᠭᠰᠠᠭᠠᠷ ᠢᠷᠡᠵᠡᠢ᠃ ᠲᠠᠬᠢᠭᠠᠳ ᠬᠡᠯᠡᠪᠡᠯ ᠪᠢ ᠪᠣᠯ ᠨᠢᠬᠡᠨ ᠡᠪ ᠬᠠᠮᠳᠣ ᠨᠠᠮ ᠤᠨ ᠬᠡᠰᠢᠬᠦᠨ᠂ ᠣᠷᠬᠢᠯᠣᠮ᠎ᠠ ᠬᠠᠯᠠᠭᠤᠨ ᠰᠡᠳᠬᠢᠯᠬᠡ ᠪᠠᠷ ᠣᠯᠣᠰ ᠠᠷᠠᠳ ᠲᠤ ᠪᠠᠨ ᠦᠢᠯᠡᠴᠢᠯᠡᠬᠦ ᠳᠤ ᠴᠠᠭ ᠢᠮᠠᠭᠳᠠ ᠪᠡᠯᠡᠬᠡᠨ ᠁︾ ᠡᠳᠡᠬᠡᠷ ᠦᠬᠡ ᠪᠠᠨ ᠶᠠᠮᠠᠷ ᠶᠡᠭᠡ ᠵᠣᠷᠢᠭ ᠢᠶᠠᠷ ᠬᠡᠯᠡᠵᠦ ᠭᠠᠷᠭᠠᠭᠰᠠᠨ ᠢ ᠪᠣᠣ ᠮᠡᠳᠡ᠂ ᠲᠡᠬᠦᠨ ᠤ ᠨᠢᠳᠣ ᠨᠢ ᠵᠠᠶᠢᠷᠳᠣᠴᠢᠬᠠᠭᠰᠠᠨ᠂ ᠨᠢᠳᠣᠷᠭ᠎ᠠ ᠪᠠᠨ ᠵᠠᠩᠬᠢᠳᠣᠴᠢᠬᠠᠭᠰᠠᠨ ᠪᠠᠶᠢᠯ᠎ᠠ᠃    — ᠲᠠ ᠬᠠᠷᠢᠭᠠᠳ ᠡᠷ᠎ᠡ ᠨᠦᠬᠦᠷ ᠲᠠᠢ ᠪᠠᠨ ᠴᠦ ᠬᠡᠰᠡᠨ ᠵᠦᠪᠳᠡᠬᠦ ᠴᠢᠬᠤᠯᠠᠳᠠᠢ ᠰᠢᠣ ᠳ᠋ᠠ᠂ ᠡᠷᠦᠬᠡ ᠬᠡᠷ ᠠᠴᠠ  ᠪᠠᠨ ᠠᠶᠠᠷᠯᠠᠵᠣ᠂ ᠡᠪᠡᠳᠴᠢᠨ ᠬᠢᠵᠢᠭ ᠲᠠᠢ ᠲᠡᠮᠡᠴᠡᠬᠦ ᠳᠤ ᠵᠠᠪᠠᠯ ᠬᠡᠷ ᠤᠨ ᠬᠦᠮᠦᠰ ᠤᠨ ᠲᠡᠮᠵᠢᠯᠬᠡ ᠶᠢ ᠣᠯᠬᠤ ᠬᠡᠷᠡᠭᠳᠡᠢ᠃ ᠰᠣᠨᠣᠰᠣᠯᠳᠠ ᠪᠠᠷ ᠡᠪᠡᠳᠴᠢᠳᠡᠨ ᠢ ᠪᠠᠶᠢᠴᠠᠭᠠᠨ ᠠᠰᠠᠷᠠᠵᠣ ᠪᠠᠶᠢᠭ᠎ᠠ ᠡᠮᠴᠢ ᠰᠣᠪᠢᠯᠠᠭᠴᠢ ᠴᠦ ᠬᠢᠵᠢᠭ  ᠲᠤ ᠬᠠᠯᠳ᠋ᠨᠪᠣᠷᠢᠯᠠᠭᠳᠠᠭᠠᠳ ᠦᠬᠦᠵᠦ ᠠᠳᠡᠵᠦ ᠪᠠᠶᠢᠨ᠎ᠠ ᠬᠡᠨ᠎ᠡ ᠬᠡᠵᠦ ᠬᠤᠷᠢᠶᠠᠨ ᠲᠠᠷᠤᠭ᠎ᠠ ᠠᠴᠠ ᠰᠢᠭᠤᠳ ᠵᠦᠪᠰᠢᠶᠡᠷᠡᠭᠰᠡᠨ ᠪᠠᠶᠢᠳᠠᠯ ᠦᠬᠡᠢ ᠲᠣᠭᠤᠷᠢᠭᠤᠯᠵᠣ ᠲᠣᠭᠰᠢᠭᠤᠯᠣᠨ ᠶᠠᠷᠢᠬᠤ ᠪᠠᠷ ᠲᠠᠬᠢᠭᠠᠳ ᠶᠠᠭᠤ ᠬᠡᠯᠡᠬᠦ ᠪᠠᠨ ᠣᠯᠣᠭᠰᠠᠨ ᠦᠬᠡᠢ ᠣᠶᠣᠩᠭᠤᠸ᠎ᠠ ᠠᠷᠭ᠎ᠠ ᠪᠣᠰᠣ ᠠᠯᠪᠠᠨ ᠬᠡᠷ ᠲᠤ ᠪᠠᠨ ᠪᠣᠴᠠᠯ᠎ᠠ᠃   ᠨᠢᠬᠡ ᠴᠠᠭ ᠤᠨ ᠲᠠᠷᠠᠭ᠎ᠠ ᠬᠤᠸᠠᠩ ᠣᠶᠣᠩᠭᠤᠸ᠎ᠠ ᠬᠤᠷᠢᠶᠠᠨ ᠲᠠᠷᠤᠭ᠎ᠠ ᠶᠢᠨ ᠣᠳᠠᠰᠣ ᠶᠢ ᠲᠣᠰᠪᠠ᠄ ︽ᠲᠣᠬᠠᠶᠢᠯᠠᠭᠰᠠᠨ ᠠᠵᠢᠯ ᠢᠶᠠᠨ ᠦᠬᠡᠷ᠎ᠡ ᠰᠣᠪᠢᠯᠠᠭᠴᠢ ᠳᠤ ᠰᠠᠶᠢᠳᠣᠷ ᠲᠣᠰᠢᠶᠠᠭᠠᠳ ᠲᠠᠷᠣᠢ ᠬᠡᠷ ᠲᠤ ᠪᠠᠨ ᠬᠠᠷᠢᠵᠣ᠂ ᠮᠠᠷᠭᠠᠰᠢ ᠦᠬᠠᠨ ᠬᠤᠳᠠ ᠳᠤ ᠮᠣᠷᠳᠠᠬᠤ ᠪᠠᠷ ᠪᠡᠯᠡᠳᠬᠡᠭᠳᠦᠨ᠃ ᠡᠮᠨᠡᠯᠬᠡ ᠶᠢᠨ ᠬᠤᠷᠢᠶᠠᠨ ᠤ ᠣᠳᠣᠷᠢᠳᠬᠤ ᠪᠠᠭ  ᠤᠨ ᠬᠢᠨ ᠵᠦᠪᠳᠡᠭᠰᠡᠨ ᠤ ᠳ᠋ᠦᠩ ᠳᠤ ᠴᠢᠮ᠎ᠠ ᠶᠢ ᠰᠣᠩᠭᠤᠵᠣ᠂ ᠦᠬᠠᠨ ᠢ  ᠲᠣᠰᠠᠯᠠᠬᠤ ᠰᠠᠶᠢᠨ ᠲᠣᠷ᠎ᠠ ᠶᠢᠨ ᠰᠣᠪᠢᠯᠠᠭᠴᠢ ᠪᠠᠷ ᠲᠡᠪᠰᠢᠬᠦᠯᠦᠯ᠎ᠡ︾᠃ ᠬᠡᠨᠡᠳᠳᠡ ᠢᠷᠡᠭᠰᠡᠨ ᠰᠢᠢᠳᠪᠦᠷᠢ ᠵᠠᠬᠢᠶ᠎ᠠ ᠶᠢ ᠲᠣᠭᠤᠯᠣᠭᠠᠳ ᠰᠣᠴᠢᠨ ᠪᠠᠶᠠᠷᠯᠠᠭᠰᠠᠨ ᠢ ᠶᠠᠭᠤ ᠬᠡᠯᠡᠯᠳᠡᠢ ᠪᠢᠯᠡ᠃ ᠪᠠᠶᠠᠷᠯᠠᠬᠤ ᠶᠢᠨ ᠵᠡᠷᠬᠡ ᠪᠠᠷ ᠦᠯᠦ ᠮᠡᠳᠡᠭ  ᠠᠶᠢᠳᠠᠰ ᠲᠡᠬᠦᠨ ᠢ  ᠲᠦᠷᠢᠨ ᠢᠷᠡᠵᠦ ᠦᠪᠡᠷ ᠤᠨ ᠡᠷᠬᠡ ᠦᠬᠡᠢ ᠲᠠᠭᠵᠢᠭᠤᠯᠣᠭᠠᠳ ᠠᠪᠣᠪᠠ᠃ ᠵᠡᠬᠡᠯᠢ ᠭᠤᠳᠣᠮᠵᠢ ᠪᠠᠷ ᠬᠦᠮᠦᠨ ᠤ ᠪᠠᠷ᠎ᠠ ᠠᠯᠠᠭ᠎ᠠ᠂ ᠲᠡᠭᠷᠢ ᠲᠦᠬᠦᠷᠡᠩ ᠴᠠᠰᠣ ᠪᠣᠳᠠᠷᠠᠨ᠂ ︽  ᠰᠢᠨ᠎ᠡ ᠬᠡᠯᠪᠡᠷᠢ ᠶᠢᠨ ᠲᠢᠳᠢᠮᠯᠢᠭ ᠠᠭᠤᠰᠬᠢᠨ ᠦᠷᠪᠢᠰᠦᠯ ᠤᠨ ᠬᠢᠵᠢᠭ ᠢ ᠴᠢᠩᠳᠠᠯᠠᠨ ᠰᠡᠷᠬᠡᠶᠢᠯᠡᠬᠦ ᠬᠡᠷᠡᠭᠳᠡᠢ ᠁ ᠬᠦᠮᠦᠨ ᠪᠦᠬᠦᠨ ᠤ ᠡᠷᠡᠬᠦᠯ ᠮᠡᠨᠳᠦ ᠶᠢᠨ ᠲᠦᠯᠦᠬᠡ ᠡᠷᠦᠬᠡ ᠬᠡᠷ ᠠᠴᠠ ᠪᠠᠨ ᠲᠣᠷ᠎ᠠ ᠪᠠᠷ ᠭᠠᠷᠴᠣ᠂ ᠠᠶᠢᠯ ᠬᠡᠰᠦᠬᠦ ᠶᠢ ᠴᠡᠬᠡᠷᠯᠡᠬᠦ ᠬᠡᠷᠡᠭᠳᠡᠢ ᠁ ᠠᠷᠢᠭᠤᠨ ᠴᠡᠪᠡᠷ᠂ ᠡᠷᠡᠬᠦᠯ ᠬᠠᠮᠠᠭᠠᠯᠠᠯ ᠢ ᠠᠩᠬᠠᠷᠬᠤ ᠬᠡᠷᠡᠭᠳᠡᠢ ᠁︾ ᠬᠡᠬᠦ ᠬᠢᠵᠢᠭ ᠢ ᠰᠡᠷᠬᠡᠶᠢᠯᠡᠬᠦ ᠣᠬᠠᠭᠤᠯᠭ᠎ᠠ ᠶᠢᠨ ᠦᠬᠡ ᠴᠢᠬᠢ ᠲᠦᠵᠢᠷᠡᠳᠡᠯ᠎ᠡ ᠲᠣᠭᠤᠯᠳᠠᠨ᠎ᠠ ᠪᠢᠯᠡ᠃      ᠠᠶᠠᠷᠯᠠᠯᠳᠠ ᠳᠤ ᠰᠢᠨᠠᠯᠣᠯ ᠪᠣᠢ᠂ ᠰᠡᠳᠬᠢᠯ ᠤᠨ  ᠲᠠᠮᠢᠷ ᠲᠡᠬᠦᠨ ᠢ ᠲᠣᠭᠤᠯᠭᠠᠵᠣ ᠴᠢᠳᠠᠨ᠎ᠠ   2020 ᠣᠨ ᠤ 2 ᠰᠠᠷ᠎ᠠ ᠶᠢᠨ 5 ᠤ ᠦᠷᠯᠦᠬᠡ᠃ ᠬᠤᠸᠠᠩ ᠣᠶᠣᠩᠭᠤᠸ᠎ᠠ ᠡᠷᠳᠡᠯᠡᠵᠦ ᠪᠣᠰᠣᠭᠠᠳ ᠭᠤᠷᠪᠠᠨ ᠨᠠᠰᠣᠳᠠᠢ ᠬᠦᠣ ᠶᠢᠨ ᠢᠶᠠᠨ ᠦᠷᠪᠦᠭᠡ ᠶᠢ ᠨᠢ ᠦᠨᠦᠷᠯᠡᠵᠦ ᠬᠠᠴᠠᠷ ᠢ ᠨᠢ ᠦᠨᠦᠰᠬᠦ ᠪᠠᠷ ᠬᠦᠣ ᠨᠢ  ᠰᠡᠷᠡᠴᠢᠬᠡᠪᠡ᠃ ᠡᠵᠢ ᠶᠢᠨ ᠢᠶᠠᠨ ᠪᠣᠭᠴᠣ ᠰᠠᠯᠳᠠ ᠪᠠᠨ ᠲᠦᠪᠬᠢᠬᠦᠨᠦᠬᠦᠯᠦᠨ ᠮᠣᠩᠬᠢᠨᠠᠬᠤ ᠶᠢ ᠬᠠᠷᠠᠭᠠᠳ ᠰᠠᠶ᠋ᠢ ᠬᠡᠯᠡ ᠳᠤ ᠣᠷᠣᠵᠣ ᠪᠠᠶᠢᠭ᠎ᠠ ᠬᠠᠶᠢᠷᠠᠳᠣ ᠬᠦᠣ ᠨᠢ᠄ ︽ᠮᠦᠮᠦ ᠡ᠂ ᠬᠠᠮᠢᠭ᠎ᠠ ᠁ ᠣᠴᠢᠨ᠎ᠠ ᠪᠣᠢ︖ ᠨᠠᠮ᠎ᠠ ᠶᠢ ᠁ ᠪᠣᠣ ᠁ ᠬᠠᠶᠠ ᠁ ᠮᠦᠮᠦ ᠡ︾ ᠬᠡᠵᠦ ᠲᠣᠯ ᠲᠠᠯ ᠶᠠᠷᠢᠬᠤ ᠳᠤ ᠡᠯᠢᠬᠡ ᠵᠢᠷᠦᠬᠡ ᠨᠢ  ᠨᠢᠭᠡ ᠯᠡ ᠡᠮᠵᠡᠭᠯᠡᠵᠦ ᠰᠠᠳᠠᠷᠠᠨ ᠣᠷᠣᠰᠬᠤ ᠨᠢᠯᠪᠣᠰᠣ ᠪᠠᠨ ᠪᠣᠷᠣᠭᠤ ᠬᠠᠨᠳᠣᠭᠠᠳ ᠵᠦᠯᠬᠦᠨ᠎ᠡ᠃ ᠡᠬᠦᠨ ᠢ ᠬᠠᠷᠠᠭᠰᠠᠨ ᠡᠷ᠎ᠡ ᠨᠦᠬᠦᠷ ᠨᠢ ᠬᠤᠸᠠᠩ ᠣᠶᠣᠩᠭᠤᠸ᠎ᠠ ᠶᠢᠨ ᠭᠠᠷ ᠠᠴᠠ ᠠᠳᠬᠤᠨ ᠮᠦᠷᠦ ᠶᠢ ᠨᠢ ᠬᠦᠩᠬᠡᠨ ᠲᠡᠪᠰᠢᠭᠰᠡᠬᠡᠷ᠄ ︽ᠰᠡᠳᠬᠢᠯ ᠢᠶᠠᠨ ᠬᠠᠳᠠᠭᠤᠵᠢᠯᠠᠭᠠᠷᠠᠢ᠂ ᠭᠤᠸ᠎ᠠ᠃ ᠨᠢᠬᠡᠨᠳᠡ ᠶᠠᠪᠣᠬᠤ ᠪᠠᠷ ᠰᠢᠢᠳᠴᠢᠬᠡᠭᠰᠡᠨ ᠲᠣᠯᠠ ᠠᠷᠣ ᠬᠡᠷ ᠤᠨ ᠢᠶᠠᠨ ᠲᠦᠯᠦᠭᠡ ᠰᠡᠳᠬᠢᠯ ᠢᠶᠠᠨ ᠴᠢᠯᠡᠬᠡᠭᠰᠡᠨ ᠤ ᠬᠡᠷᠡᠭ ᠦᠬᠡᠢ᠂ ᠠᠷᠣ ᠲᠠᠯ᠎ᠠ ᠳᠤ ᠴᠢᠨᠢ ᠪᠢ ᠪᠠᠶᠢᠨ᠎ᠠ᠂ ᠦᠷ᠎ᠡ ᠪᠠᠭ᠎ᠠ ᠬᠦᠣ ᠴᠢᠨᠢ ᠪᠠᠶᠢᠨ᠎ᠠ᠃ ᠪᠢᠳᠡ ᠴᠢᠮ᠎ᠠ ᠪᠠᠨ ᠵᠣᠷᠢᠭᠵᠢᠭᠤᠯᠣᠶ᠎ᠠ᠃ ᠡᠳᠦᠷ ᠪᠦᠷᠢ ᠸᠢᠴᠠᠲ  ᠳᠡᠭᠡᠷ᠎ᠡ ᠠᠭᠤᠯᠵᠠᠶ᠎ᠠ᠃ ᠬᠡᠳᠦᠨ ᠨᠠᠰᠣᠳᠠᠨ ᠢ ᠪᠢ ᠴᠢᠳᠠᠬᠤ ᠶᠢᠨ ᠬᠢᠷᠢ ᠪᠠᠷ ᠬᠠᠷᠠᠭᠠᠯᠵᠠᠵᠣ ᠪᠠᠶᠢᠶ᠎ᠠ᠂ ᠬᠦᠣ ᠪᠠᠨ ᠪᠢ ᠰᠠᠶᠢᠬᠠᠨ ᠲᠣᠳᠣᠮᠳᠠᠶ᠎ᠠ᠂ ᠰᠠᠨᠠᠭ᠎ᠠ  ᠠᠮᠤᠷ ᠪᠠᠶᠢᠭᠠᠷᠠᠢ︕︾ ᠬᠡᠵᠦ ᠲᠠᠶᠢᠪᠣᠰᠢᠷᠠᠭᠤᠯᠣᠨ ᠶᠠᠷᠢᠪᠠ᠃   ᠪᠣᠷᠣᠭᠤ ᠬᠠᠨᠳᠣᠨ ᠣᠬᠢᠯᠠᠨ ᠵᠦᠪ ᠬᠠᠨᠳᠣᠨ ᠢᠨᠢᠶᠡᠭᠰᠡᠨ ᠬᠤᠸᠠᠩ ᠣᠶᠣᠩᠭᠤᠸ᠎ᠠ ᠬᠦᠣ ᠪᠠᠨ ᠲᠡᠪᠡᠷᠢᠨ ᠠᠪᠴᠣ ᠬᠠᠴᠠᠷ ᠢ ᠨᠢ ᠫᠣᠭ ᠬᠢᠳᠡᠯ᠎ᠡ ᠦᠨᠦᠰᠦᠬᠡᠳ᠄ ︽ᠮᠦᠮᠦ ᠨᠢ ᠬᠡᠣᠬᠡᠯᠳᠡᠢ ᠵᠦᠴᠦᠬᠡ ᠳᠤ ᠭᠠᠷᠳᠠᠭ ᠲᠡᠷᠡ ᠪᠢᠴᠢᠬᠠᠨ ᠰᠢᠮᠨᠣᠰ ᠲᠠᠢ ᠪᠠᠶᠢᠯᠳᠣᠬᠤ ᠪᠠᠷ ᠣᠴᠢᠬᠤ ᠬᠡᠵᠦ ᠪᠠᠶᠢᠨ᠎ᠠ ᠰᠢᠣ᠃ ᠰᠢᠮᠨᠣᠰ ᠢ ᠪᠠᠷᠢᠵᠣ ᠲᠠᠷᠣᠩᠭᠤᠶᠢᠯᠠᠭᠰᠠᠨ ᠤ ᠰᠡᠬᠦᠯᠡᠷ ᠬᠦᠣ ᠲᠠᠢ ᠪᠠᠨ ᠠᠭᠤᠯᠵᠠᠬᠤ ᠪᠠᠷ ᠢᠷᠡᠨ᠎ᠡ᠃ ᠡᠵᠢ ᠪᠠᠨ ᠰᠠᠨᠠᠪᠠᠯ ᠠᠪᠤ ᠶᠢᠨ ᠢᠶᠠᠨ ᠭᠠᠷ ᠣᠳᠠᠰᠣ ᠪᠠᠷ   ᠶᠠᠷᠢᠭᠠᠷᠠᠢ︕︾ ᠬᠡᠵᠦ ᠬᠡᠯᠡᠵᠦ ᠪᠠᠷᠠᠮᠠᠭᠴᠠ ᠪᠣᠭᠴᠣ ᠪᠠᠨ ᠴᠢᠷᠦᠬᠡᠳ ᠭᠠᠷᠴᠠᠢ᠃ ᠬᠦᠯ ᠬᠤᠷᠢᠭ᠎ᠠ ᠲᠠᠢ ᠲᠣᠯᠠ ᠡᠷ᠎ᠡ ᠨᠦᠬᠦᠷ ᠨᠢ ᠪᠠ ᠡᠩᠬᠦᠷᠡᠢ ᠬᠦᠣ ᠨᠢ ᠠᠰᠠᠷ ᠠᠴᠠ ᠴᠦ ᠬᠦᠷᠬᠡᠨ ᠪᠠᠭᠤᠵᠣ ᠴᠢᠳᠠᠭᠰᠠᠨ ᠦᠬᠡᠢ ᠡᠬᠦᠳᠡ ᠪᠠᠨ ᠬᠠᠭᠠᠵᠠᠢ᠃ ᠡᠮᠨᠡᠯᠬᠡ ᠶᠢᠨ ᠬᠤᠷᠢᠶᠠᠨ ᠤ ᠣᠳᠣᠷᠢᠳᠣᠯᠭ᠎ᠠ ᠨᠠᠷ ᠵᠢᠴᠢ ᠬᠠᠮᠳᠣ ᠠᠵᠢᠯᠯᠠᠭᠰᠠᠳ ᠨᠢ ᠲᠡᠬᠦᠨ ᠢ ᠦᠳᠡᠨ ᠮᠣᠷᠳᠠᠭᠤᠯᠬᠤ ᠪᠠᠷ ᠠᠯᠢ  ᠬᠡᠳᠦᠶᠢᠨ ᠤ ᠢᠷᠡᠴᠢᠬᠡᠬᠡᠳ ᠠᠰᠠᠷ ᠤᠨ ᠡᠬᠦᠳᠡᠨ ᠳᠤ ᠬᠦᠯᠢᠶᠡᠨ ᠵᠣᠭᠰᠣᠵᠣ ᠪᠠᠶᠢᠯ᠎ᠠ᠃   ︽ᠬᠤᠸᠠᠩ ᠣᠶᠣᠩᠭᠤᠸ᠎ᠠ ᠴᠢᠷᠮᠠᠢ︕︾   ︽ᠬᠤᠸᠠᠩ ᠣᠶᠣᠩᠭᠤᠸ᠎ᠠ᠂ ᠬᠢᠵᠢᠭ ᠲᠠᠢ ᠲᠡᠮᠡᠴᠡᠬᠦ ᠳᠤ ᠪᠠᠨ ᠪᠠᠶ᠎ᠠ ᠪᠠᠨ ᠭᠠᠮᠨᠠᠭᠠᠷᠠᠢ︕︾   ︽ᠬᠤᠣᠷᠳᠣ ᠬᠢᠵᠢᠭ ᠢ ᠲᠠᠷᠣᠩᠭᠤᠶᠢᠯᠠᠭᠠᠳ᠂ ᠬᠤᠷᠳᠣᠨ ᠪᠣᠴᠠᠵᠣ ᠢᠷᠡᠬᠡᠷᠡᠢ︕︾   ︽ᠬᠤᠰᠢᠭᠤ ᠨᠣᠳᠤᠭ ᠤᠨ ᠴᠢᠨᠢ ᠬᠦᠮᠦᠨ ᠪᠦᠬᠦᠨ ᠲᠠᠨ ᠤ ᠢᠯᠠᠯᠳᠠ ᠲᠠᠢ ᠪᠠᠷ ᠪᠣᠴᠠᠵᠣ ᠢᠷᠡᠬᠦ ᠶᠢ ᠬᠦᠰᠡᠨ ᠬᠦᠯᠢᠶᠡᠵᠦ ᠪᠣᠢ ᠰᠢᠣ︕︾   ︽ᠴᠢᠷᠮᠠᠶᠢᠭᠳᠣᠨ︕ ᠬᠤᠸᠠᠩ ᠣᠶᠣᠩᠭᠤᠸ᠎ᠠ᠃︾ ᠁  ᠁  ᠁   ᠣᠳᠣᠷᠢᠳᠣᠯᠭ᠎ᠠ ᠨᠠᠷ ᠵᠢᠴᠢ ᠬᠠᠮᠳᠣ ᠠᠵᠢᠯᠯᠠᠭᠰᠠᠳ ᠨᠢ ᠬᠠᠯᠠᠭᠤᠨ ᠲᠣᠯᠠᠭᠠᠨ ᠦᠬᠡ ᠪᠠ ᠬᠠᠷᠠᠴᠠ ᠪᠠᠷ ᠢᠶᠠᠨ ᠦᠳᠡᠨ ᠮᠣᠷᠳᠠᠭᠤᠯᠵᠣ ᠪᠠᠶᠢᠯ᠎ᠠ᠃   2   ᠳ᠋ᠤᠭᠠᠷ ᠰᠠᠷ᠎ᠠ ᠶᠢᠨ 5 ᠤ ᠦᠷᠯᠦᠬᠡ ᠶᠢᠨ ᠨᠠᠢᠮᠠᠨ ᠴᠠᠭ ᠭᠤᠴᠢᠨ ᠮᠢᠨᠦ᠋ᠲ ᠲᠤ᠂ ᠬᠤᠸᠠᠩ ᠣᠶᠣᠩᠭᠤᠸ᠎ᠠ ᠲᠣᠭᠳᠠᠭᠰᠠᠨ  ᠴᠡᠭ ᠲᠤ ᠢᠷᠡᠵᠦ᠂ ᠦᠪᠦᠷ ᠮᠣᠩᠭᠤᠯ ᠤᠨ ᠬᠤᠶᠠᠳᠡᠬᠢ ᠣᠳᠠᠭᠠᠨ ᠤ ᠦᠬᠠᠨ ᠬᠤᠳᠠ ᠶᠢ ᠠᠪᠣᠷᠠᠨ ᠲᠣᠰᠠᠯᠠᠬᠤ ᠠᠩᠬᠢ ᠶᠢᠨ ᠲᠣᠰᠬᠠᠢ ᠲᠡᠷᠬᠡᠨ ᠳᠤ ᠭᠠᠷᠴᠣ ᠣᠯᠠᠭᠠᠨᠬᠤᠳᠠ ᠶᠢᠨ ᠨᠢᠰᠬᠡᠯ ᠤᠨ ᠪᠠᠭᠤᠳᠠᠯ ᠣᠷᠣᠭᠤ ᠲᠠᠪᠬᠢᠭᠤᠯᠵᠣ ᠪᠢᠯᠡ᠃ ᠲᠡᠷᠡ ᠲᠡᠷᠬᠡᠨ ᠳᠤ ᠭᠠᠷᠣᠭᠠᠳ ᠰᠠᠶ᠋ᠢ  ᠠᠶᠢᠳᠠᠰ ᠬᠦᠷᠴᠦ ᠡᠬᠢᠯᠡᠭᠰᠡᠨ ᠢᠶᠠᠨ ᠰᠡᠷᠡᠵᠦ ᠮᠡᠳᠡᠯ᠎ᠡ ᠬᠡᠨ᠎ᠡ᠃ ᠭᠤᠷᠪᠠᠭ᠋ᠠᠨ ᠨᠠᠰᠣᠳᠠᠢ ᠬᠦᠣ ᠪᠠᠨ ᠬᠠᠶᠠᠭᠠᠳ ᠡᠷᠬᠢᠵᠦ ᠬᠠᠷᠠᠯ ᠦᠬᠡᠢ ᠭᠠᠷᠣᠭᠠᠳ ᠢᠷᠡᠴᠢᠬᠡᠪᠡ᠃ ᠦᠨᠦᠰᠬᠦ ᠬᠠᠮᠠᠷ ᠤᠨ ᠵᠠᠭᠠᠷ ᠰᠢᠣᠬᠠᠨ ᠡᠩᠬᠦᠷᠡᠢ ᠬᠦᠣ ᠶᠢᠨ ᠬᠢᠨᠢ ᠠᠯᠢᠶᠠᠷᠬᠠᠨ ᠲᠣᠭᠯᠠᠵᠣ ᠪᠠᠶᠢᠭ᠎ᠠ ᠲᠦᠷᠢ  ᠨᠢ ᠬᠠᠷᠠᠭᠳᠠᠭᠠᠳ ᠠᠪᠣᠨ᠎ᠠ᠂ ᠨᠢᠯᠬ᠎ᠠ ᠶᠢᠨ ᠦᠨᠦᠷ ᠨᠢ ᠰᠡᠷᠡᠭᠳᠡᠭᠡᠳ ᠢᠷᠡᠨ᠎ᠡ᠃ ᠦᠷ᠎ᠡ ᠳ᠋ᠦᠩ ᠶᠠᠮᠠᠷ ᠪᠣᠯᠬᠤ ᠶᠢ ᠶᠡᠷᠦ ᠮᠡᠳᠡᠬᠦ ᠦᠬᠡᠢ ᠰᠢᠣ ᠳ᠋ᠠ᠃ ᠦᠬᠠᠨ ᠬᠤᠳᠠ ᠶᠢᠨ ᠡᠳᠦᠷ ᠪᠦᠷᠢ  ᠬᠢᠵᠢᠭ ᠤᠨ ᠸᠢᠷᠦ᠋ᠰ ᠲᠤ ᠨᠡᠷᠪᠡᠭᠳᠡᠵᠦ ᠪᠠᠶᠢᠭ᠎ᠠ ᠡᠪᠡᠳᠴᠢᠳᠡᠨ ᠤ ᠲᠤᠭ᠎ᠠ ᠮᠢᠩᠭ᠎ᠠ ᠮᠢᠩᠭ᠎ᠠ ᠪᠠᠷ ᠨᠡᠮᠡᠭᠳᠡᠵᠦ ᠯᠡ ᠪᠠᠶᠢᠨ᠎ᠠ᠂ ᠦᠬᠦᠵᠦ ᠠᠳᠡᠵᠦ ᠪᠠᠶᠢᠭ᠎ᠠ ᠲᠤᠭ᠎ᠠ ᠴᠦ ᠵᠠᠭᠤ ᠵᠠᠭᠤ ᠪᠠᠷ ᠣᠯᠠᠰᠢᠷᠠᠵᠣ ᠯᠡ ᠪᠠᠶᠢᠨ᠎ᠠ᠃ ᠨᠡᠩ ᠠᠶᠣᠮᠰᠢᠭ ᠲᠠᠢ ᠨᠢ ᠬᠡᠪᠡᠯ ᠡᠪᠡᠳᠴᠢᠳᠡᠨ ᠢ ᠠᠰᠠᠷᠠᠵᠣ ᠪᠠᠶᠢᠭ᠎ᠠ ᠡᠮᠴᠢ ᠰᠣᠪᠢᠯᠠᠭᠴᠢᠳ ᠴᠦ ᠬᠢᠵᠢᠭ ᠲᠤ ᠬᠠᠯᠳᠠᠪᠣᠷᠢᠯᠠᠭᠳᠠᠭᠠᠳ ᠠᠳᠡᠵᠦ ᠪᠣᠢ ᠭᠡᠨ᠎ᠡ᠃ ᠬᠢᠵᠢᠭ ᠤᠨ ᠲᠠᠶᠢᠨ ᠤ ᠡᠮᠦᠨ᠎ᠡ ᠹᠷᠣᠨᠲ ᠲᠤ ᠡᠷᠡᠯᠬᠡᠭᠯᠡᠨ ᠪᠠᠶᠢᠯᠳᠣᠵᠣ ᠪᠠᠶᠢᠭᠰᠠᠨ ᠯᠢ ᠸᠧᠨ ᠯᠢᠶᠠᠩ ᠴᠦ ᠬᠢᠵᠢᠭ ᠡᠪᠡᠳᠴᠢᠨ ᠳᠤ ᠲᠠᠭᠠᠷᠢᠭᠳᠠᠴᠢᠬᠠᠭᠠᠳ ᠪᠣᠢ ᠬᠡᠨ᠎ᠡ ᠁ ᠡᠳᠡᠬᠡᠷ ᠢ ᠪᠣᠳᠣᠬᠤ ᠲᠣᠳᠣᠮ ᠠᠶᠢᠳᠠᠰ  ᠬᠦᠷᠴᠦ ᠪᠦᠬᠦ ᠪᠡᠶ᠎ᠡ ᠶᠢ ᠨᠢ ᠡᠷᠬᠡ ᠦᠬᠡᠢ ᠵᠢᠬᠡᠬᠦᠴᠡᠬᠦᠯᠦᠨ ᠲᠠᠭᠵᠢᠭᠤᠯᠣᠭᠠᠳ ᠠᠪᠣᠨ᠎ᠠ᠃ᠡᠬᠦᠨ ᠤ ᠲᠣᠬᠠᠢ ᠬᠤᠸᠠᠩ ᠣᠶᠣᠩᠭᠤᠸ᠎ᠠ ᠶᠢᠨ ᠡᠷᠬᠢᠴᠡᠬᠦᠯᠦᠨ ᠶᠠᠷᠢᠭᠰᠠᠨ ᠢ ᠠᠳᠡ ᠴᠣᠬᠤᠰ ᠲᠡᠯᠬᠡᠶ᠎ᠡ᠄ ︽ᠬᠦᠨᠳᠦ ᠡᠬᠦᠷᠬᠡ ᠶᠢ ᠬᠦᠯᠢᠶᠡᠨ ᠪᠠᠴᠢᠮ ᠮᠣᠷᠳᠠᠭᠰᠠᠨ ᠪᠣᠯᠬᠤᠷ ᠠᠪᠤ ᠡᠵᠢ᠂ ᠵᠢᠴᠢ ᠪᠣᠰᠣᠳ ᠰᠠᠳᠣᠨ ᠲᠦᠷᠦᠯ ᠳᠤ ᠴᠢᠮᠡᠭᠡ ᠲᠣᠭᠤᠯᠭᠠᠵᠣ ᠠᠮᠵᠢᠭᠰᠠᠨ ᠦᠬᠡᠢ᠃ ᠠᠶᠠᠨ ᠵᠠᠮ ᠳᠤ ᠮᠣᠷᠳᠠᠭᠠᠳ ᠪᠠᠶᠢᠳᠠᠯ᠎ᠠ ᠬᠤᠰᠢᠭᠤᠨ ᠤ ᠣᠳᠣᠷᠢᠳᠣᠯᠭ᠎ᠠ ᠠᠴᠠ ᠣᠳᠠᠰᠣ ᠢᠷᠡᠬᠦᠯᠵᠦ ᠦᠳᠡᠨ ᠮᠣᠷᠳᠠᠭᠤᠯᠵᠣ ᠪᠠᠶᠢᠭ᠎ᠠ ᠰᠡᠳᠬᠢᠯᠬᠡ ᠪᠠᠨ ᠢᠯᠡᠷᠬᠡᠶᠢᠯᠡᠭᠰᠡᠨ ᠪᠦᠬᠡᠳ ᠠᠮᠣᠷ ᠮᠡᠨᠳᠦ ᠪᠣᠴᠠᠨ ᠢᠷᠡᠬᠦ ᠶᠢ ᠠᠬᠢᠨ ᠲᠠᠬᠢᠨ ᠵᠠᠬᠢᠬᠤ ᠪᠠᠷ  ᠬᠠᠯᠠᠭᠤᠨ ᠨᠢᠯᠪᠣᠰᠣ ᠡᠩᠬᠡᠷ ᠣᠷᠣᠭᠤ ᠣᠷᠣᠰᠴᠣ ᠪᠠᠶᠢᠯ᠎ᠠ᠃ ᠣᠯᠠᠭᠠᠨᠬᠤᠳᠠ ᠬᠦᠷᠬᠦ ᠠᠴᠠ ᠡᠮᠦᠨ᠎ᠡ ᠪᠢ ᠠᠬ᠎ᠠ ᠲᠠᠢ ᠪᠠᠨ ᠬᠠᠷᠢᠴᠠᠵᠣ ᠦᠬᠠᠨ ᠬᠤᠳᠠ ᠳᠤ ᠬᠦᠷᠴᠦ ᠠᠪᠣᠷᠠᠨ ᠲᠣᠰᠠᠯᠠᠬᠤ ᠡᠬᠦᠷᠬᠡ ᠬᠠᠷᠢᠭᠤᠴᠠᠭᠰᠠᠨ ᠢᠶᠠᠨ ᠶᠠᠷᠢᠬᠤ ᠳᠤ ᠠᠬ᠎ᠠ ᠮᠢᠨᠢ ᠮᠢᠨᠦ ᠠᠵᠢᠯᠯᠠᠭ᠎ᠠ ᠶᠢ ᠪᠦᠬᠦ ᠰᠡᠳᠬᠢᠯ ᠢᠶᠠᠷ  ᠢᠶᠠᠨ ᠲᠡᠮᠵᠢᠵᠦ ᠪᠠᠶᠢᠬᠤ ᠪᠠᠨ ᠢᠯᠡᠷᠬᠡᠶᠢᠯᠡᠭᠰᠡᠨ ᠶᠣᠮ᠃ ᠪᠢ ᠠᠪᠤ ᠡᠵᠢ ᠳᠤ ᠪᠠᠨ ᠣᠳᠠᠰᠣᠳᠠᠬᠤ ᠵᠣᠷᠢᠭ ᠬᠦᠷᠦᠭᠰᠡᠨ ᠦᠬᠡᠢ᠃ ᠬᠦᠬᠡᠬᠤᠳᠠ ᠶᠢᠨ ᠨᠢᠰᠬᠡᠯ ᠤᠨ ᠪᠠᠭᠤᠳᠠᠯ ᠳᠤ ᠬᠦᠷᠴᠣ ᠭᠠᠷ ᠣᠳᠠᠰᠣ ᠪᠠᠨ ᠨᠡᠬᠡᠬᠡᠭᠰᠡᠨ ᠴᠢᠨᠢ᠂ ᠬᠠᠷᠠᠯᠠ︕ ᠸᠢᠴᠠᠲ᠂ ᠨᠠᠶᠢᠵᠠ ᠶᠢᠨ ᠵᠢᠷᠬᠢᠶ᠎ᠡ᠂ ᠡᠯ᠎ᠡ ᠰᠦᠯᠵᠢᠶ᠎ᠡ ᠲᠠᠪᠴᠠᠩ ᠢᠶᠠᠷ ᠮᠢᠨᠦ ᠲᠣᠬᠠᠢ ᠰᠢᠯᠦᠭ ᠬᠤᠯᠪᠣᠭ᠎ᠠ᠂ ᠵᠢᠷᠤᠭ ᠲᠦᠷᠰᠦ  ᠪᠠᠷ ᠲᠦᠬᠦᠷᠴᠢᠬᠡᠭᠰᠡᠨ ᠪᠠᠶᠢᠯ᠎ᠠ᠃ ᠠᠪᠤ ᠡᠵᠢ ᠵᠢᠴᠢ ᠲᠦᠷᠦᠯ ᠰᠠᠳᠣᠨ ᠨᠤᠭᠤᠳ ᠴᠦ ᠸᠢᠴᠠᠲ ᠲᠤ ᠣᠯᠠᠨ ᠣᠯᠠᠨ ᠵᠣᠷᠢᠭᠵᠢᠭᠤᠯᠣᠯ ᠤᠨ ᠦᠬᠡ ᠦᠯᠡᠳᠡᠬᠡᠵᠡᠢ᠃ ᠰᠠᠳᠣᠨ ᠲᠦᠷᠦᠯ ᠪᠠ ᠲᠠᠨᠢᠯ ᠪᠣᠰᠣ ᠨᠣᠳᠤᠭ ᠤᠨ ᠬᠦᠮᠦᠰ ᠤᠨ ᠵᠣᠷᠢᠭᠵᠢᠭᠤᠯᠣᠯ ᠲᠡᠮᠵᠢᠯᠬᠡ ᠨᠢ  ᠨᠠᠳᠠ ᠳᠤ ᠬᠢᠵᠠᠭᠠᠯᠠᠰᠢ ᠦᠬᠡᠢ ᠬᠦᠴᠦᠨ ᠵᠣᠷᠢᠭ ᠣᠯᠭᠤᠵᠣ ᠪᠢᠯᠡ ᠁︾ ᠬᠡᠵᠦ ᠬᠤᠸᠠᠩ ᠣᠶ᠋ᠩᠭᠤᠸ᠎ᠠ ᠠᠶᠠᠷᠯᠠᠯᠳᠠ ᠶᠢᠨ ᠲᠣᠬᠠᠢ ᠪᠠᠨ ᠡᠷᠬᠢᠴᠡᠬᠦᠯᠦᠨ ᠶᠠᠷᠢᠯ᠎ᠠ᠃   ᠦᠵᠡᠭᠳᠡᠰᠢ ᠦᠬᠡᠢ ᠠᠶᠣᠮᠰᠢᠭ ᠪᠣᠯ ᠰᠠᠶ᠋ᠢ ᠵᠢᠩᠬᠢᠨᠢ ᠠᠶᠣᠮᠰᠢᠭ᠃ ᠣᠴᠢᠷ ᠨᠢ ᠠᠶᠣᠵᠣ ᠡᠮᠢᠶᠡᠬᠦ ᠠᠴᠠ ᠪᠣᠰᠣᠳ ᠢ ᠨᠢ ᠪᠦᠷ ᠲᠦᠰᠦᠬᠡᠯᠡᠬᠦ ᠶᠢᠨ ᠠᠷᠭ᠎ᠠ ᠦᠬᠡᠢ ᠰᠢᠣ ᠳ᠋ᠠ᠃ ᠡᠪ ᠡᠷᠡᠬᠦᠯ ᠪᠠᠶᠢᠭᠰᠠᠨ ᠬᠦᠮᠦᠨ ᠴᠢᠨᠢ ᠮᠠᠷᠭᠠᠰᠢ ᠨᠢ ᠪᠣᠯᠬᠤ ᠳᠤ ᠡᠪᠡᠳᠴᠢᠳᠡᠨ ᠤ ᠣᠷᠣ ᠲᠡᠬᠡᠷ᠎ᠡ ᠬᠡᠪᠳᠡᠴᠢᠬᠡᠭᠰᠡᠨ᠂ ᠬᠠᠶᠠ ᠵᠠᠷᠢᠮ ᠨᠢ ᠡᠮᠨᠡᠯᠬᠡ ᠳᠤ ᠬᠦᠷᠴᠦ ᠠᠮᠵᠢᠬᠤ ᠠᠴᠠ ᠡᠮᠦᠨ᠎ᠡ ᠡᠷᠡᠰᠴᠢᠬᠡᠳᠡᠭ᠃ ᠡᠮᠦᠨ᠎ᠡ ᠬᠡᠳᠦᠨ ᠡᠳᠦᠷ ᠠᠭᠤᠯᠵᠠᠵᠣ ᠣᠴᠠᠷᠠᠭᠠᠳ ᠢᠨᠢᠶᠡᠵᠦ  ᠨᠠᠷᠭᠢᠵᠤ ᠪᠠᠶᠢᠭᠰᠠᠨ ᠨᠢᠬᠡ ᠨᠢ ᠦᠨᠦᠳᠦᠷ ᠬᠠᠷᠢᠨ ᠲᠠᠭ  ᠴᠢᠭ᠋ ᠰᠣᠷᠠᠭ ᠲᠠᠰᠣᠷᠠᠴᠢᠬᠠᠭᠰᠠᠨ ᠪᠠᠶᠢᠳᠠᠭ᠃ ᠡᠨᠡ ᠪᠣᠯ ᠰᠠᠶ᠋ᠢ ᠬᠦᠮᠦᠰ ᠤᠨ ᠪᠡᠶ᠎ᠡ ᠴᠣᠭᠴᠠᠰ ᠪᠡ ᠣᠶᠣᠨ ᠰᠠᠨᠠᠭ᠎ᠠ ᠶᠢ ᠬᠠᠮᠳᠣ ᠨᠢ  ᠳᠠᠷᠴᠢᠯᠠᠭᠠᠬᠤ ᠬᠠᠷ᠎ᠠ ᠠᠶᠣᠯ ᠶᠣᠮ᠃ ᠨᠡᠩ ᠴᠢᠨᠠᠭᠰᠢᠯᠠᠨ ᠴᠢ ᠬᠢᠵᠢᠭ ᠲᠤ ᠨᠡᠷᠪᠡᠭᠳᠡᠭᠡᠳ ᠪᠠᠶᠢᠬᠤ ᠦᠶ᠎ᠡ ᠳᠤ ᠴᠢᠮ᠎ᠠ ᠶᠢ ᠠᠰᠠᠷᠠᠨ ᠰᠣᠪᠢᠯᠠᠵᠣ ᠪᠠᠶᠢᠭᠰᠠᠨ ᠡᠮᠴᠢ ᠰᠣᠪᠢᠯᠠᠭᠴᠢ ᠴᠢᠨᠢ ᠮᠦᠨ ᠬᠢᠵᠢᠭ ᠲᠤ ᠬᠠᠯᠳᠠᠪᠣᠷᠢᠯᠠᠭᠳᠠᠴᠢᠬᠠᠭᠰᠠᠨ᠂ ᠨᠡᠩ ᠴᠢᠨᠠᠭᠰᠢᠯᠠᠨ ᠠᠮᠢ ᠨᠠᠰᠣ ᠪᠠᠨ ᠠᠯᠳᠠᠴᠢᠬᠠᠭᠰᠠᠨ ᠴᠦ ᠪᠠᠶᠢᠵᠣ ᠮᠡᠳᠡᠨ᠎ᠡ᠃  ᠡᠨᠡ ᠬᠡᠦ ᠠᠶᠣᠯ ᠤᠨ ᠡᠮᠦᠨ᠎ᠡ  ᠬᠡᠨ ᠰᠦᠷᠴᠦ ᠵᠣᠭᠰᠣᠭᠰᠠᠨ ᠪᠣᠢ︖ ᠲᠣᠮᠳᠠᠳᠣ ᠣᠯᠣᠰ ᠤᠨ ᠡᠮᠴᠢ ᠰᠣᠪᠢᠯᠠᠭᠴᠢᠳ᠃ ᠬᠠᠷ᠎ᠠ ᠠᠶᠣᠯ ᠤᠨ ᠡᠬᠦᠷ ᠣᠷᠣᠭᠤ ᠬᠡᠨ  ᠰᠢᠷᠭᠤᠯᠠᠭᠰᠠᠨ ᠪᠣᠢ︖ ᠬᠤᠸᠠᠩ ᠣᠶᠣᠩᠭᠤᠸ᠎ᠠ ᠮᠡᠳᠦ ᠶᠢᠨ ᠠᠷᠠᠳ ᠲᠦᠮᠡᠨ ᠤ ᠠᠮᠢ ᠨᠠᠰᠣ ᠶᠢ ᠬᠠᠮᠠᠭᠠᠯᠠᠬᠤ ᠶᠢᠨ ᠲᠦᠯᠦᠬᠡ ᠠᠷᠣ ᠬᠡᠷ᠂ ᠠᠮᠢ ᠬᠤᠪᠢ ᠪᠠᠨ ᠣᠭᠤᠷᠴᠣ ᠦᠬᠠᠨ ᠬᠤᠳᠠ ᠶᠢᠨ  ᠤᠲᠤᠭ᠎ᠠ ᠦᠬᠡᠢ  ᠪᠠᠶᠢᠯᠳᠣᠭᠠᠨ ᠳᠤ ᠮᠣᠷᠳᠠᠭᠰᠠᠨ ᠲᠦᠭ ᠲᠦᠮᠡᠨ ᠰᠠᠶᠢᠨ ᠲᠣᠷᠠᠴᠣᠣᠯ᠃   ᠰᠢᠢᠳᠦᠭᠰᠡᠨ ᠵᠦᠢᠯ ᠳᠤ ᠪᠠᠨ ᠬᠦᠷᠬᠦ ᠳᠤ ᠵᠠᠭᠤᠨ ᠪᠡᠷᠬᠡ ᠮᠢᠩᠭᠠᠨ ᠲᠠᠪᠠᠭ᠎ᠠ ᠶᠢ ᠲᠣᠭᠤᠯᠬᠤ ᠰᠢᠨᠳᠠᠰᠣ ᠱᠠᠭᠠᠷᠳᠠᠭᠳᠠᠨ᠎ᠠ ᠣᠳᠤᠭ᠎ᠠ ᠦᠬᠡᠢ ᠲᠠᠶᠢᠨ ᠳᠤ ᠦᠵᠦᠬᠦᠷᠯᠡᠨ ᠪᠠᠶᠢᠯᠳᠣᠵᠣ᠂ ᠡᠬᠦᠷᠬᠡ ᠬᠠᠷᠢᠭᠤᠴᠠᠯᠭ᠎ᠠ ᠪᠠᠨ ᠠᠮᠵᠢᠯᠳᠠ ᠲᠠᠢ ᠪᠡᠶᠡᠯᠡᠬᠦᠯᠦᠨ᠎ᠡ᠃ ᠬᠤᠸᠠᠩ ᠣᠶᠣᠩᠭᠤᠸ᠎ᠠ ᠢᠩᠬᠢᠵᠦ  ᠦᠪᠡᠷ ᠲᠤ ᠪᠠᠨ ᠵᠠᠮ ᠲᠣᠵᠢ ᠲᠠᠬᠢᠨ ᠲᠠᠪᠳᠠᠨ ᠶᠠᠷᠢᠭᠰᠠᠭᠠᠷ ᠪᠠᠶᠢᠯ᠎ᠠ᠃ 2020 ᠣᠨ ᠤ 2 ᠰᠠᠷ᠎ᠠ ᠶᠢᠨ 6 ᠤ ᠦᠷᠯᠦᠬᠡ᠂ ᠦᠪᠦᠷ ᠮᠣᠩᠭᠤᠯ ᠤᠨ ᠬᠤᠶᠠᠳᠡᠬᠢ ᠣᠳᠠᠭᠠᠨ ᠤ ᠦᠬᠠᠨ ᠬᠤᠳᠠ ᠶᠢ ᠠᠪᠣᠷᠠᠨ ᠲᠣᠰᠠᠯᠠᠬᠤ ᠠᠩᠬᠢ ᠶᠢᠨ ᠰᠠᠭᠤᠭᠰᠠᠨ ᠨᠢᠰᠬᠡᠯ ᠢ ᠲᠣᠰᠣᠷ᠎ᠠ ᠣᠴᠢᠭᠰᠠᠨ ᠲᠣᠰᠬᠠᠢ ᠲᠡᠷᠬᠡ ᠦᠬᠠᠨ ᠬᠤᠳᠠ ᠶᠢᠨ ᠶᠠᠩ ᠭᠤᠸᠠᠩ ᠵᠣᠴᠢᠳ ᠤᠨ ᠪᠠᠭᠤᠳᠠᠯ ᠳᠤ ᠲᠡᠳᠡᠨᠣᠰ ᠢ ᠬᠦᠷᠬᠡᠪᠡ᠃ ᠲᠣᠰ ᠪᠠᠭᠤᠳᠠᠯ ᠨᠢ ᠦᠬᠠᠨ ᠬᠤᠳᠠ ᠶᠢ ᠠᠪᠣᠷᠠᠨ ᠲᠣᠰᠠᠯᠠᠬᠤ ᠠᠩᠬᠢ ᠶᠢᠨ ᠲᠦᠷ ᠠᠮᠠᠷᠠᠬᠤ ᠭᠠᠵᠠᠷ ᠠᠵᠢ᠃ ᠮᠠᠰᠢᠨ ᠲᠡᠷᠭᠡ᠂ ᠨᠢᠰᠬᠡᠯ ᠢᠶᠠᠷ ᠠᠮᠷᠠᠯᠳᠠ ᠦᠬᠡᠢ ᠵᠠᠮᠨᠠᠭᠰᠠᠨ ᠡᠮᠴᠢ ᠰᠣᠪᠢᠯᠠᠭᠴᠢᠳ ᠦᠷᠯᠦᠬᠡ ᠶᠢᠨ ᠬᠤᠭᠤᠯᠠ ᠪᠠᠨ ᠢᠳᠡᠵᠦ᠂ ᠬᠤᠶᠠᠷ ᠴᠠᠭ ᠰᠢᠬᠠᠮ ᠠᠮᠠᠷᠠᠮᠠᠭᠴᠠ ᠠᠪᠣᠷᠠᠨ ᠲᠣᠰᠠᠯᠠᠯᠳᠠ ᠶᠢᠨ ᠡᠮᠦᠨᠡᠬᠢ ᠪᠣᠯᠪᠠᠰᠣᠷᠠᠯ  ᠢᠶᠠᠨ ᠡᠬᠢᠯᠡᠬᠦᠯᠪᠡ᠃ ᠬᠢᠵᠢᠭ ᠡᠪᠡᠳᠴᠢᠨ ᠤ ᠲᠠᠷᠬᠠᠯᠳᠠ ᠶᠢ ᠬᠡᠷᠬᠢᠨ ᠬᠢᠵᠠᠭᠠᠷᠯᠠᠬᠤ᠂  ᠬᠢᠵᠢᠭ ᠢ ᠬᠡᠷᠬᠢᠨ ᠰᠡᠷᠬᠡᠶᠢᠯᠡᠨ ᠡᠵᠡᠮᠳᠡᠬᠦ᠂ ᠡᠪᠡᠳᠴᠢᠳᠡᠨ ᠲᠠᠢ ᠬᠡᠷᠬᠢᠨ ᠬᠠᠷᠢᠴᠠᠬᠤ᠂ ᠦᠪᠡᠷ ᠤᠨ ᠪᠡᠶ᠎ᠡ ᠶᠢᠨ ᠠᠮᠣᠷ ᠲᠦᠪᠰᠢᠨ ᠢᠶᠠᠨ ᠬᠡᠷᠬᠢᠨ ᠪᠠᠳᠣᠯᠠᠬᠤ ᠁ ᠵᠡᠷᠬᠡ ᠮᠡᠳᠡᠯᠬᠡ ᠮᠡᠷᠬᠡᠰᠢᠯ  ᠤᠨ ᠬᠠᠳᠠᠭᠤ ᠪᠣᠯᠪᠠᠰᠣᠷᠠᠯ ᠢ ᠲᠠᠬᠢᠨ ᠲᠠᠪᠳᠠᠨ ᠬᠦᠢᠴᠡᠳᠬᠡᠨ᠎ᠡ᠃ ᠬᠡᠳᠦᠶᠢᠪᠡᠷ ᠪᠦᠷ ᠲᠣᠰᠬᠠᠢ ᠪᠣᠯᠪᠠᠰᠣᠷᠠᠯ ᠬᠦᠷᠳᠡᠭᠰᠡᠨ ᠡᠮᠴᠢ ᠰᠣᠪᠢᠯᠠᠭᠴᠢᠳ ᠤᠨ ᠡᠩᠨᠡᠭᠡ ᠬᠡᠳᠡᠭ ᠪᠣᠯᠪᠠᠴᠣ  ᠡᠨᠡ ᠬᠦ ᠰᠢᠨ᠎ᠡ ᠬᠡᠯᠪᠡᠷᠢ ᠶᠢᠨ ᠲᠢᠳᠢᠮᠯᠢᠭ ᠠᠭᠤᠰᠬᠢᠨ ᠦᠷᠪᠢᠰᠦᠯ ᠬᠡᠮᠡᠬᠦ ᠠᠶᠣᠮᠰᠢᠭᠳᠣ ᠬᠢᠵᠢᠭ ᠲᠠᠢ ᠠᠩᠬ᠎ᠠ ᠨᠢᠭᠤᠷᠳᠠᠵᠣ ᠪᠠᠶᠢᠭ᠎ᠠ ᠲᠣᠯᠠ ᠬᠢᠵᠢᠭ ᠤᠨ ᠪᠠᠶᠢᠳᠠᠯ ᠢ ᠵᠠᠪᠠᠯ ᠨᠡᠪᠳᠡᠷᠡᠳᠡᠯ᠎ᠡ ᠰᠠᠶᠢᠨ ᠣᠶᠢᠯᠠᠭᠠᠵᠣ᠂ ᠬᠢᠵᠢᠭ ᠢ ᠡᠵᠡᠮᠳᠡᠬᠦ ᠠᠯᠬᠤᠮ ᠪᠦᠷᠢ ᠶᠢ ᠨᠠᠷᠢᠯᠢᠭ ᠠᠴᠠ ᠨᠠᠷᠢᠯᠢᠭ ᠬᠦᠢᠴᠡᠳᠬᠡᠵᠦ ᠰᠣᠷᠬᠤ ᠬᠡᠷᠡᠭᠳᠡᠢ᠃ ᠨᠢᠬᠡ ᠣᠳᠠᠭᠠᠨ ᠤ ᠬᠢᠵᠢᠭ ᠠᠴᠠ ᠰᠡᠷᠬᠡᠶᠢᠯᠡᠬᠦ ᠬᠤᠪᠴᠠᠰᠣ ᠶᠢ ᠡᠮᠦᠰᠬᠦ ᠪᠦᠬᠦ ᠶᠠᠪᠣᠴᠠ ᠨᠢ ᠲᠦᠢᠯ ᠤᠨ ᠶᠠᠷᠰᠢᠭ ᠲᠦᠪᠡᠭ ᠲᠠᠢ ᠪᠠᠶᠢᠳᠠᠭ᠃ ᠨᠡᠩ ᠠᠶᠣᠮᠰᠢᠳᠠᠢ ᠨᠢ ᠡᠪᠡᠳᠴᠢᠳᠡᠨ ᠤ ᠦᠷᠦᠬᠡᠨ ᠠᠴᠠ ᠭᠠᠷᠴᠣ ᠢᠷᠡᠬᠡᠳ ᠬᠢᠵᠢᠭ ᠠᠴᠠ ᠰᠡᠷᠬᠡᠶᠢᠯᠡᠬᠦ ᠬᠤᠪᠴᠠᠰᠣ ᠪᠠᠨ ᠲᠠᠶᠢᠯᠵᠣ ᠠᠮᠠᠷᠠᠬᠤ ᠭᠠᠵᠠᠷ ᠲᠤ ᠪᠠᠨ ᠬᠦᠷᠳᠡᠯ᠎ᠡ ᠭᠠᠷ ᠢᠶᠠᠨ ᠠᠷᠪᠠᠨ ᠬᠡᠳᠦ ᠣᠳᠠᠭ᠎ᠠ  ᠠᠷᠢᠭᠤᠳᠬᠠᠨ ᠣᠬᠢᠶᠠᠬᠤ ᠬᠡᠷᠡᠭᠳᠡᠢ ᠰᠢᠣ ᠳ᠋ᠠ᠃ ᠠᠯᠢ ᠨᠢᠬᠡ ᠠᠯᠬᠤᠮ ᠨᠢ ᠪᠣᠷᠣᠭᠤᠳᠠᠭᠰᠠᠭᠠᠷ  ᠬᠢᠵᠢᠭ ᠤᠨ ᠪᠠᠺᠲ᠋ᠧᠷᠢ ᠲᠠᠷᠣᠢ  ᠬᠠᠯᠳᠠᠪᠤᠷᠢᠯᠠᠵᠤ᠂ ᠦᠪᠡᠷ ᠤᠨ ᠪᠠᠶ᠎ᠠ ᠶᠢᠨ ᠠᠮᠣᠷ ᠲᠦᠪᠰᠢᠨ ᠢᠶᠠᠨ ᠪᠠᠳᠣᠯᠠᠵᠣ ᠴᠢᠳᠠᠬᠤ ᠦᠬᠡᠢ ᠪᠣᠯᠬᠤ ᠮᠦᠷᠳᠡᠬᠡᠨ ᠬᠠᠮᠳᠣ ᠠᠵᠢᠯᠯᠠᠭᠰᠠᠳ ᠲᠤ ᠪᠠᠨ ᠴᠦ ᠬᠢᠵᠢᠭ  ᠬᠠᠯᠳᠠᠪᠤᠷᠢᠯᠠᠭᠤᠯᠵᠤ᠂ ᠭᠠᠢ ᠲᠠᠷᠢᠳᠠᠭ᠃ ᠬᠤᠪᠴᠠᠰᠣ ᠰᠣᠯᠢᠬᠤ ᠪᠦᠬᠦ ᠶᠠᠪᠣᠴᠠ ᠶᠢ ᠬᠢᠬᠡᠳ ᠲᠠᠭᠤᠰᠳᠠᠯ᠎ᠠ ᠨᠡᠯᠢᠶᠡᠳ ᠬᠦᠴᠦ ᠪᠠ ᠴᠠᠭ ᠢᠶᠠᠨ ᠵᠠᠷᠣᠴᠠᠭᠤᠯᠴᠢᠬᠠᠳᠠᠭ ᠠᠵᠢ᠃ ᠬᠡᠳᠦᠨ ᠡᠳᠦᠷ ᠤᠨ ᠬᠠᠳᠠᠭᠤᠵᠢᠯᠳᠠᠢ ᠪᠣᠯᠪᠠᠰᠣᠷᠠᠯ ᠤᠨ ᠲᠣᠮᠳᠠ ᠵᠠᠷᠢᠮ ᠡᠮᠴᠢ ᠰᠣᠪᠢᠯᠠᠭᠴᠢᠳ ᠶᠠᠳᠠᠷᠠᠵᠣ ᠵᠦᠳᠡᠷᠡᠭᠰᠡᠨ ᠤ ᠲᠡᠬᠡᠷ᠎ᠡ ᠲᠠᠮᠢᠷᠳᠠᠨ ᠮᠠᠭᠤᠵᠢᠷᠠᠬᠤ ᠦᠵᠡᠭᠳᠡᠯ ᠴᠦ ᠢᠯᠡᠷᠡᠵᠡᠬᠡᠵᠦ ᠪᠠᠶᠢᠯ᠎ᠠ ᠃  ᠡᠨᠡ ᠬᠦ ᠪᠠᠶᠢᠳᠠᠯ ᠳᠤ ᠵᠣᠬᠢᠴᠠᠭᠤᠯᠣᠨ ᠡᠮᠴᠢ ᠰᠣᠪᠢᠯᠠᠭᠴᠢᠳ ᠤᠨ ᠪᠠᠶ᠎ᠠ ᠰᠡᠳᠬᠢᠯ ᠳᠤ ᠬᠤᠶᠠᠷ ᠡᠳᠦᠷ ᠤᠨ ᠲᠣᠬᠢᠷᠠᠭᠤᠯᠣᠯᠳᠠ᠂ ᠲᠡᠩᠬᠡᠷᠡᠬᠦᠯᠦᠯᠳᠡ ᠬᠢᠭᠰᠡᠨ ᠤ ᠲᠠᠷᠠᠭ᠎ᠠ᠂ ᠦᠬᠠᠨ ᠬᠤᠳᠠ ᠶᠢᠨ ᠵᠢᠶᠠᠩ ᠬᠠᠨ ᠲᠣᠭᠤᠷᠢᠭ ᠤᠨ  ᠴᠢᠩᠭᠡᠯᠢᠭ ᠡᠮᠨᠡᠯᠬᠡ ᠶᠢᠨ ᠬᠤᠷᠢᠶ᠎ᠠ ᠳᠤ ᠬᠦᠷᠬᠡᠵᠦ᠂ ᠪᠦᠬᠦᠯᠢ 44 ᠡᠳᠦᠷ ᠤᠨ ᠣᠳᠤᠭ᠎ᠠ ᠦᠬᠡᠢ ᠰᠢᠷᠦᠬᠦᠨ ᠲᠠᠶᠢᠨ  ᠢ ᠡᠬᠢᠯᠡᠬᠦᠯᠵᠡᠢ᠃   ᠣᠮᠠᠷᠠᠳᠣ ᠣᠷᠣᠨ ᠠᠴᠠ ᠢᠷᠡᠭᠰᠡᠨ ᠡᠮᠴᠢ ᠰᠣᠪᠢᠯᠠᠭᠴᠢᠳ ᠡᠮᠦᠨᠡᠳᠦ ᠣᠷᠣᠨ ᠤ ᠠᠭᠤᠷ ᠠᠮᠢᠰᠬᠤᠯ ᠲᠠᠢ ᠵᠣᠬᠢᠴᠠᠯᠳᠣᠬᠤ ᠦᠬᠡᠢ ᠪᠠᠶᠢᠯ᠎ᠠ᠃ ᠬᠤᠸᠠᠩ ᠣᠶᠣᠩᠭᠤᠸ᠎ᠠ ᠬᠡᠳᠦᠨ ᠡᠳᠦᠷ ᠤᠨ ᠬᠠᠳᠠᠭᠤᠵᠢᠯᠳᠠᠢ ᠪᠣᠯᠪᠠᠰᠣᠷᠠᠯ ᠢᠶᠠᠷ ᠲᠠᠮᠵᠢᠨ ᠲᠣᠬᠠᠢ ᠶᠢᠨ ᠣᠷᠴᠢᠨ ᠳᠤ ᠲᠠᠷᠣᠢ ᠵᠣᠬᠢᠴᠠᠯᠳᠣᠬᠤ ᠪᠠᠷ  ᠴᠢᠷᠮᠠᠶᠢᠨ᠎ᠠ᠃ ᠲᠡᠷᠡ ᠪᠣᠰᠣᠳ ᠡᠮᠴᠢ ᠰᠣᠪᠢᠯᠠᠭᠴᠢᠳ ᠢᠶᠠᠨ ᠲᠠᠰᠣᠷᠠᠯᠳᠠ ᠦᠬᠡᠢ ᠲᠠᠶᠢᠪᠣᠰᠢᠷᠠᠭᠤᠯᠣᠨ ᠵᠣᠷᠢᠭᠵᠢᠭᠤᠯᠬᠤ ᠪᠠᠷ ᠲᠠᠮᠵᠢᠨ  ᠦᠪᠡᠷ ᠢ ᠪᠠᠨ ᠴᠦ ᠵᠣᠷᠢᠭᠵᠢᠭᠤᠯᠵᠣ ᠪᠠᠶᠢᠯ᠎ᠠ᠃ ︽ᠪᠢ ᠪᠣᠯ ᠡᠪ ᠬᠠᠮᠳᠣ ᠨᠠᠮ ᠤᠨ ᠬᠡᠰᠢᠬᠦᠨ᠂ ᠡᠪᠡᠳᠴᠢᠨ ᠡᠮᠬᠡᠭ ᠲᠠᠢ ᠬᠦᠮᠦᠰ ᠢ ᠡᠷᠡᠬᠦᠯᠵᠢᠬᠦᠯᠬᠦ ᠳᠤ ᠭᠠᠪᠰᠢᠭᠠᠶᠢᠯᠠᠨ ᠠᠵᠢᠯᠯᠠᠬᠤ ᠲᠠᠷᠬᠠᠨ ᠡᠬᠦᠷᠬᠡ ᠲᠠᠢ ᠰᠣᠪᠢᠯᠠᠭᠴᠢ ᠬᠦᠮᠦᠨ᠂ ᠠᠷᠠᠳ ᠲᠦᠮᠡᠨ ᠭᠠᠰᠠᠯᠠᠩ ᠤᠨ ᠲᠠᠯᠠᠢ ᠳᠤ ᠲᠡᠯᠴᠢᠯᠡᠬᠦ ᠦᠶᠡᠰ ᠦᠴᠦᠬᠡᠨ ᠴᠦ  ᠬᠤᠶᠢᠷᠭᠤᠰᠢᠯ ᠦᠬᠡᠢ ᠡᠷᠡᠮᠡᠬᠡᠶᠢᠯᠡᠨ ᠵᠢᠳᠬᠦᠬᠦ ᠴᠢᠬᠤᠯᠠᠳᠠᠢ᠃ ᠶᠠᠮᠠᠷ ᠬᠦᠴᠢᠷ ᠪᠡᠷᠬᠡ ᠲᠠᠭᠠᠷᠠᠭᠰᠠᠨ ᠴᠦ  ᠤᠬᠤᠷᠢᠰᠢ ᠦᠬᠡᠢ᠂ ᠲᠣᠬᠠᠶᠢᠯᠠᠭᠰᠠᠨ ᠠᠵᠢᠯ ᠤᠨ ᠣᠷ᠎ᠠ ᠴᠢᠳᠠᠪᠣᠷᠢ ᠪᠠᠨ ᠦᠢᠯᠡᠰ ᠲᠤ ᠪᠠᠨ ᠵᠣᠷᠢᠭᠤᠯᠵᠣ᠂ ᠬᠦᠴᠦᠨ ᠴᠢᠳᠠᠯ ᠪᠦᠬᠦᠨ ᠢᠶᠠᠨ ᠣᠯᠣᠰ ᠦᠨᠳᠦᠰᠦᠳᠡᠨ ᠳᠤ  ᠪᠠᠨ ᠡᠷᠬᠦᠬᠦ ᠳᠤ ᠴᠠᠭ ᠢᠮᠠᠭᠳᠠ ᠪᠡᠯᠡᠬᠡᠨ︾—ᠬᠤᠸᠠᠩ ᠣᠶᠣᠩᠭᠤᠸ᠎ᠠ ᠬᠢᠵᠢᠭ ᠢ ᠰᠡᠷᠬᠡᠶᠢᠯᠡᠬᠦ ᠬᠤᠪᠴᠠᠰᠣ ᠪᠠᠨ ᠪᠦᠷᠢᠨ ᠲᠦᠬᠦᠷ ᠡᠮᠦᠰᠴᠢᠬᠡᠬᠡᠳ ᠡᠪᠡᠳᠴᠢᠳᠡᠨ ᠤ ᠲᠠᠰᠤᠭ ᠲᠤ ᠠᠩᠬ᠎ᠠ ᠠᠯᠬᠤᠬᠤ ᠦᠶ᠎ᠡ ᠳᠤ ᠪᠠᠨ  ᠦᠪᠡᠷ ᠲᠤ  ᠪᠠᠨ ᠢᠩᠬᠢᠵᠦ ᠬᠠᠳᠠᠭᠤᠬᠠᠨ ᠵᠠᠬᠢᠯ᠎ᠠ ᠬᠡᠨ᠎ᠡ᠃   ᠬᠢᠵᠢᠭ ᠲᠤ ᠬᠠᠯᠳᠠᠪᠣᠷᠢᠯᠠᠭᠳᠠᠬᠤ ᠠᠴᠠ ᠰᠡᠷᠬᠡᠶᠢᠯᠡᠨ ᠠᠵᠢᠯ ᠳᠤ ᠭᠠᠷᠬᠤ ᠠᠴᠠ ᠡᠮᠦᠨᠡᠬᠢ ᠬᠤᠶᠠᠷ ᠴᠠᠭ ᠲᠤ ᠢᠳᠡᠵᠦ ᠣᠣᠭᠤᠬᠤ ᠪᠠᠨ ᠲᠠᠰᠣ ᠴᠡᠬᠡᠷᠯᠡᠳᠡᠭ᠃ ᠬᠤᠭᠤᠯᠠ ᠢᠳᠡᠬᠦ᠂ ᠨᠢᠭᠤᠷ ᠣᠬᠢᠶᠠᠬᠤ ᠠᠴᠠ ᠪᠣᠰᠣᠳ ᠴᠠᠭ   ᠲᠤ ᠪᠠᠷᠤᠭ ᠠᠮᠠᠪᠴᠢ ᠪᠠᠨ ᠠᠪᠳᠠᠭ ᠦᠬᠡᠢ᠃ ᠭᠤᠷᠪᠠᠨ ᠲᠠᠪᠬᠤᠷ ᠬᠠᠮᠠᠭᠠᠯᠠᠯᠳᠠ ᠶᠢᠨ ᠬᠤᠪᠴᠠᠰᠣ ᠪᠠᠨ ᠲᠠᠶᠢᠯᠣᠯ ᠦᠬᠡᠢ᠂ ᠬᠤᠭᠤᠯᠠ ᠣᠮᠳᠠ ᠦᠬᠡᠢ ᠪᠦᠬᠦᠯᠢ 6 ᠴᠠᠭ ᠠᠵᠢᠯᠯᠠᠭᠠᠳ ᠰᠠᠶ᠋ᠢ ᠠᠵᠢᠯ ᠠᠴᠠ ᠪᠠᠨ ᠪᠠᠭᠤᠳᠠᠭ᠃ ᠵᠠᠷᠢᠮ ᠪᠠᠴᠢᠮ ᠶᠠᠭᠠᠷᠠᠣ ᠴᠠᠭ ᠲᠤ ᠪᠠᠨ ᠠᠷᠪᠠᠨ ᠬᠡᠳᠦᠨ ᠴᠠᠭ ᠦᠷᠬᠦᠯᠵᠢᠯᠡᠨ ᠠᠵᠢᠯᠯᠠᠴᠢᠬᠠᠳᠠᠭ ᠣᠳᠠᠭ᠎ᠠ ᠴᠦ ᠮᠣᠩ ᠦᠬᠡᠢ ᠲᠣᠬᠢᠶᠠᠯᠳᠣᠳᠠᠭ᠃ ᠦᠬᠠᠨ ᠤ ᠬᠤᠶᠠᠳᠣᠭᠠᠷ ᠰᠠᠷ᠎ᠠ ᠶᠢᠨ ᠠᠭᠤᠷ ᠠᠮᠢᠰᠬᠤᠯ ᠬᠡᠵᠦ  ᠵᠢᠭᠡᠬᠦᠨ ᠬᠦᠢᠳᠡᠨ᠂ ᠬᠠᠪᠣᠷ ᠤᠨ ᠬᠦᠢᠳᠡᠨ ᠪᠣᠷᠤᠭ᠎ᠠ ᠲᠠᠰᠣᠷᠠᠰᠢ ᠦᠬᠡᠢ ᠣᠷᠣᠨ᠎ᠠ᠃ ᠣᠮᠠᠷᠠᠳᠣ ᠣᠷᠣᠨ ᠤ ᠬᠢ ᠰᠢᠭ ᠲᠣᠯᠠᠭᠠᠯᠠᠬᠤ ᠲᠦᠬᠦᠷᠦᠮᠵᠢ ᠪᠠᠶᠢᠳᠠᠭ ᠦᠬᠡᠢ ᠣᠴᠢᠷ ᠠᠴᠠ ᠬᠦᠯ ᠭᠠᠷ ᠵᠢᠩᠬᠢᠨᠠᠵᠣ ᠲᠠᠭᠠᠷᠠᠬᠤ ᠭᠡᠵᠦ ᠬᠡᠴᠡᠬᠦᠦ᠃ ᠡᠳᠦᠷ ᠠᠴᠠ ᠡᠳᠦᠷ  ᠡᠷᠡᠭᠦᠯᠵᠢᠵᠦ ᠪᠠᠶᠢᠭ᠎ᠠ ᠡᠪᠡᠳᠴᠢᠳᠡᠨ ᠢᠶᠠᠨ ᠬᠠᠷᠠᠬᠤ ᠪᠦᠷᠢ ᠣᠶᠣᠩᠭᠤᠸ᠎ᠠ ᠶᠢᠨ ᠬᠠᠯᠠᠭᠤᠨ ᠵᠣᠷᠢᠭ ᠨᠢ ᠣᠷᠬᠢᠯᠵᠣ᠂ ᠪᠡᠬᠡᠷᠡᠵᠦ ᠲᠠᠭᠠᠷᠠᠳᠠᠭ ᠢᠶᠠᠨ ᠬᠠᠮᠢᠶᠠᠷᠣᠯ ᠦᠬᠡᠢ ᠠᠵᠢᠯ ᠳᠤ ᠪᠠᠨ ᠰᠢᠭᠤᠷᠬᠠᠶᠢᠯᠠᠵᠣ ᠯᠡ ᠪᠠᠶᠢᠯ᠎ᠠ᠃ ᠲᠡᠷᠡ ᠡᠪᠡᠳᠴᠢᠳᠡᠨ ᠳᠤ ᠡᠮ ᠶᠡᠬᠦᠯᠡᠬᠦ᠂ ᠡᠮ ᠣᠣᠭᠤᠯᠭᠠᠬᠤ᠂ ᠡᠳᠦᠷ ᠪᠦᠷᠢ 4 ᠣᠳᠠᠭ᠎ᠠ ᠪᠡᠶ᠎ᠡ ᠶᠢᠨ ᠲᠣᠯᠠᠭᠠᠠ  ᠢ  ᠨᠢ ᠬᠡᠮᠵᠢᠬᠦ᠂ ᠢᠳᠡᠵᠦ ᠣᠣᠭᠤᠬᠤ ᠠᠴᠠ ᠡᠬᠢᠯᠡᠨ ᠡᠳᠦᠷ ᠲᠣᠳᠣᠮ ᠤᠨ ᠠᠮᠢᠳᠣᠷᠠᠯ ᠳᠤ ᠨᠢ ᠲᠣᠯᠳᠠᠯ᠎ᠠ ᠬᠠᠷᠠᠭᠠᠯᠵᠠᠳᠠᠭ ︵ᠣᠴᠢᠷ ᠨᠢ ᠡᠪᠡᠳᠴᠢᠳᠡᠨ ᠤ ᠬᠠᠵᠠᠭᠤ ᠳᠤ ᠬᠡᠷ ᠤᠨ ᠬᠦᠮᠦᠰ ᠨᠢ ᠨᠢᠬᠡ ᠴᠦ ᠪᠠᠶᠢᠬᠤ ᠦᠬᠡᠢ︶᠃ ᠡᠪᠡᠳᠴᠢᠳᠡᠨ ᠤ ᠪᠡᠶ᠎ᠡ ᠶᠢᠨ ᠲᠣᠯᠠᠭᠠᠠ ᠠᠴᠠ ᠭᠠᠳᠠᠨ᠎ᠠ ᠵᠢᠷᠦᠬᠡᠨ ᠤ ᠴᠣᠬᠢᠯᠭ᠎ᠠ᠂ ᠪᠦᠬᠡᠮ ᠬᠦᠴᠢᠯ ᠪᠠ ᠴᠢᠰᠣᠨ ᠲᠣᠳᠣᠷᠠᠬᠢ ᠬᠦᠴᠢᠯᠳᠦ᠋ᠷᠦᠭᠴᠢ ᠶᠢᠨ ᠬᠡᠮᠵᠢᠶ᠎ᠡ ᠶᠢ ᠴᠦ ᠪᠠᠶᠢᠴᠠᠭᠠᠨ ᠬᠡᠮᠵᠢᠬᠦ᠂ ᠨᠡᠯᠢᠶᠡᠳ ᠬᠦᠨᠳᠦ ᠡᠪᠡᠳᠴᠢᠳᠡᠨ ᠢ ᠲᠠᠷᠣᠢ  ᠳᠤ ᠨᠢ ᠦᠬᠠᠨ ᠬᠤᠳᠠ ᠶᠢᠨ ᠰᠢᠶᠧ ᠾᠧ ᠡᠮᠨᠡᠯᠬᠡ ᠶᠢᠨ ᠬᠤᠷᠢᠶᠠᠨ ᠳᠤ ᠰᠢᠯᠵᠢᠬᠦᠯᠬᠦ ᠁ ᠵᠡᠷᠬᠡ ᠨᠠᠷᠢᠨ ᠰᠢᠷᠢᠨ ᠮᠦᠷᠳᠡᠬᠡᠨ ᠴᠢᠬᠤᠯᠠ ᠠᠵᠢᠯ ᠢ ᠬᠠᠷᠢᠭᠤᠴᠠᠳᠠᠭ ᠪᠠᠶᠢᠯ᠎ᠠ᠃ ᠲᠡᠬᠦᠨ ᠤ ᠬᠠᠴᠠᠷ ᠲᠤ  ᠬᠡᠳᠦᠶᠢᠨ ᠤ ᠠᠮᠠᠪᠴᠢ ᠶᠢᠨ ᠣᠭᠤᠰᠣᠷ ᠤᠨ ᠣᠷᠣ ᠣᠯᠠᠶᠢᠳᠠᠯ᠎ᠠ ᠰᠢᠬᠢᠳᠴᠦ᠂ ᠢᠬᠢᠷᠡᠬᠦᠯᠦᠨ ᠵᠠᠭᠠᠳᠣᠨᠠᠭᠤᠯᠣᠨ᠎ᠠ᠂ ᠬᠤᠶᠠᠷ ᠬᠦᠯ  ᠳᠤ ᠨᠢ ᠬᠦᠬᠡᠪᠦᠷᠢ ᠰᠠᠭᠤᠵᠣ ᠡᠪᠡᠳᠬᠡᠨ᠎ᠡ᠃   ᠬᠤᠸᠠᠩ ᠣᠶᠣᠩᠭᠤᠸ᠎ᠠ ᠴᠢᠩᠭᠡᠯᠢᠭ  ᠡᠮᠨᠡᠯᠬᠡ ᠶᠢᠨ ᠬᠤᠷᠢᠶ᠎ᠠ ᠳᠤ ᠬᠦᠷᠴᠦ ᠠᠵᠢᠯᠯᠠᠬᠤ ᠦᠶ᠎ᠡ ᠳᠤ ᠬᠢᠵᠢᠭ ᠤᠨ ᠪᠠᠶᠢᠳᠠᠯ ᠨᠡᠯᠢᠶᠡᠳ ᠬᠦᠨᠳᠦ ᠨᠣᠴᠢᠳᠠᠢ᠂ ᠡᠮᠨᠡᠯᠬᠡ ᠳᠤ ᠨᠡᠶᠢᠳᠡ 1160 ᠡᠪᠡᠳᠴᠢᠳᠡᠨ ᠡᠮᠨᠡᠬᠦᠯᠵᠦ ᠪᠠᠶᠢᠯ᠎ᠠ᠃ ᠱᠠᠨ ᠰᠢ ᠲᠣᠭᠤᠷᠢᠭ᠂ ᠭᠦᠢᠵᠸᠣ ᠲᠣᠭᠤᠷᠢᠭ᠂ ᠦᠪᠦᠷ ᠮᠣᠩᠭᠤᠯ ᠲᠣᠭᠤᠷᠢᠭ ᠁ ᠬᠡᠵᠦ ᠲᠣᠭᠤᠷᠢᠭ ᠬᠤᠪᠢᠶᠠᠨ ᠬᠠᠷᠢᠭᠤᠴᠠᠯᠭ᠎ᠠ ᠲᠣᠳᠣᠷᠬᠠᠢ᠂ ᠬᠠᠮᠢᠶᠠᠷᠣᠯᠳᠠ ᠴᠢᠩᠭ᠎ᠠ ᠡᠮᠨᠡᠵᠦ ᠪᠠᠶᠢᠭᠰᠠᠨ ᠶᠣᠮ᠃ ᠠᠩᠬ᠎ᠠ ᠡᠬᠢᠨ ᠳᠤ ᠪᠠᠨ ᠦᠪᠦᠷ ᠮᠣᠩᠭᠤᠯ ᠤᠨ ᠲᠣᠭᠤᠷᠢᠭ ᠤᠨ ᠰᠣᠪᠢᠯᠠᠭᠴᠢ ᠪᠦᠷᠢ ᠭᠤᠴᠢ ᠭᠠᠷᠣᠢ ᠡᠪᠡᠳᠴᠢᠳᠡᠨ ᠢ ᠬᠠᠷᠢᠭᠤᠴᠠᠨ ᠰᠣᠪᠢᠯᠠᠳᠠᠭ ᠪᠠᠶᠢᠯ᠎ᠠ᠃ ᠡᠮᠴᠢ ᠰᠣᠪᠢᠯᠠᠭᠴᠢᠳ ᠤᠨ ᠨᠠᠷᠢᠨ ᠨᠢᠮᠪᠠᠢ ᠲᠣᠳᠣᠮᠳᠠᠯᠭ᠎ᠠ ᠲᠣᠣᠷ᠎ᠠ ᠡᠪᠳᠴᠢᠨ ᠨᠢ  ᠢᠯᠠᠷᠢᠰᠢᠵᠤ ᠡᠮᠨᠡᠯᠬᠡ ᠠᠴᠠ ᠭᠠᠷᠬᠤ ᠡᠪᠡᠳᠴᠢᠳᠡᠨ ᠤ ᠲᠤᠭ᠎ᠠ ᠡᠳᠦᠷ ᠢᠷᠡᠬᠦᠶ᠎ᠡ ᠨᠡᠮᠡᠭᠳᠡᠨ᠎ᠡ᠃  ᠢᠯᠠᠷᠢᠰᠢᠭᠰᠠᠨ ᠡᠪᠡᠳᠴᠢᠳᠡᠨ ᠡᠮᠨᠡᠯᠬᠡ ᠠᠴᠠ ᠭᠠᠷᠬᠤ ᠠᠴᠠ ᠪᠠᠨ ᠡᠮᠦᠨ᠎ᠡ ᠴᠢᠩ ᠰᠡᠳᠬᠢᠯ ᠤᠨ  ᠪᠠᠶᠠᠷ ᠲᠠᠯᠠᠷᠬᠠᠯ ᠤᠨ ᠦᠬᠡ ᠪᠠᠨ ᠶᠠᠷᠢᠬᠤ ᠶᠢ  ᠨᠢ ᠰᠣᠨᠣᠰᠬᠤ ᠪᠦᠷᠢ ᠬᠤᠸᠠᠩ ᠣᠶᠣᠩᠭᠤᠸ᠎ᠠ ᠲᠦᠢᠯ ᠢᠶᠠᠷ ᠣᠮᠣᠭᠰᠢᠨ ᠪᠠᠶᠠᠰᠴᠣ᠂ ᠦᠪᠡᠷ ᠤᠨ ᠪᠡᠶ᠎ᠡ ᠳᠤ ᠪᠠᠨ ᠨᠡᠩ ᠢᠳᠡᠬᠡᠯ ᠲᠡᠬᠦᠯᠳᠡᠷ ᠪᠣᠯᠳᠠᠭ᠃ ᠣᠳᠤᠭ᠎ᠠ ᠦᠬᠡᠢ ᠲᠠᠶᠢᠨ ᠤ ᠹᠷᠣᠨᠲ ᠲᠤ ᠲᠡᠷᠡ ᠡᠳᠦᠷ ᠪᠦᠷᠢ ᠡᠷᠡᠮᠡᠬᠡᠶᠢᠯᠡᠨ ᠠᠵᠢᠯᠯᠠᠭᠰᠠᠭᠠᠷ ᠪᠠᠶᠢᠯ᠎ᠠ᠃     ᠬᠠᠪᠣᠷ ᠤᠨ ᠣᠷᠢ ᠰᠢᠭ᠋ ᠲᠣᠯᠠᠭᠠᠨ ᠠᠮᠢᠰᠬᠤᠯ ᠡᠪᠡᠳᠴᠢᠳᠡᠨ ᠤ ᠲᠠᠰᠤᠭ ᠲᠤ ᠦᠷᠬᠦᠯᠵᠢ ᠲᠣᠬᠢᠶᠠᠳᠠᠭ     ᠣᠷᠣᠢ ᠶᠢᠨ ᠠᠷᠪᠠᠨ ᠴᠠᠭ ᠦᠩᠬᠡᠷᠡᠴᠢᠬᠡᠬᠡᠳ ᠪᠠᠶᠢᠯ᠎ᠠ᠃ ᠬᠤᠸᠠᠩ ᠣᠶᠣᠩᠭᠤᠸ᠎ᠠ ᠣᠷᠣᠢ ᠶᠢᠨ ᠡᠬᠡᠯᠵᠢ ᠪᠠᠷ ᠡᠪᠡᠳᠴᠢᠳᠡᠨ ᠤ ᠪᠡᠶ᠎ᠡ ᠶᠢᠨ  ᠳᠤᠯᠠᠭᠠᠨ ᠢ ᠬᠡᠮᠵᠢᠵᠦ ᠲᠠᠭᠤᠰᠣᠭᠠᠳ ᠲᠡᠮᠳᠡᠭᠯᠡᠯ ᠢᠶᠠᠨ ᠬᠢᠵᠦ ᠪᠠᠶᠢᠪᠠ᠃ ᠡᠪᠡᠳᠴᠢᠳᠡᠨ ᠤ ᠦᠷᠦᠬᠡᠨ ᠳᠤ ᠨᠢᠬᠡ ᠡᠪᠦᠬᠡᠨ ᠴᠣᠩᠬᠤ ᠨᠠᠯᠠᠵᠣ ᠭᠠᠳᠠᠭᠰᠢ ᠪᠠᠷᠠᠯᠠᠬᠤ ᠶᠢᠨ ᠲᠠᠭᠠᠣ  ᠰᠡᠬᠦᠷᠡᠰᠦ ᠠᠯᠳᠠᠵᠣ ᠵᠣᠭᠰᠣᠨ᠎ᠠ ᠪᠢᠯᠡ᠃ ᠲᠡᠷᠡ ᠡᠪᠦᠬᠡᠨ ᠤ ᠬᠠᠵᠠᠭᠤ ᠳᠤ ᠬᠦᠷᠴᠦ ᠨᠠᠮ ᠲᠠᠭᠤ ᠪᠠᠷ᠄ ︽ᠠᠪᠠᠭ᠎ᠠ ᠡ᠂ ᠡᠳᠦᠢ ᠣᠷᠣᠢ ᠪᠣᠯᠴᠢᠬᠠᠭᠰᠠᠨ ᠪᠠᠶᠢᠬᠤ ᠳᠤ ᠶᠠᠭᠠᠬᠢᠭᠠᠳ ᠣᠨᠳᠠᠵᠣ ᠠᠮᠠᠷᠠᠬᠤ ᠦᠬᠡᠢ ᠪᠣᠢ ︖︾ ᠬᠡᠵᠦ ᠠᠰᠠᠭᠤᠬᠤ ᠳᠤ᠂ ᠡᠪᠦᠬᠡᠨ᠄ ︽ᠵᠦᠬᠡᠷ ᠵᠦᠬᠡᠷ᠂ ᠬᠡᠣᠬᠡ ᠡ᠂ ᠬᠠᠷᠢᠨ ᠴᠢᠨᠦ ᠬᠡᠳᠦᠨ ᠴᠠᠭ ᠶᠠᠭᠠᠷᠠᠯᠳᠠᠢ ᠠᠵᠢᠯᠯᠠᠭᠠᠳ ᠲᠦᠷ ᠰᠠᠭᠤᠵᠣ ᠠᠮᠠᠷᠠᠬᠤ ᠶᠢ ᠴᠢᠨᠢ ᠣᠯᠵᠣ ᠬᠠᠷᠠᠭ᠎ᠠ ᠦᠬᠡᠢ ᠰᠢᠣ ᠳ᠋ᠠ᠂ ᠰᠣᠪᠢᠯᠠᠭᠴᠢ ᠬᠦᠮᠦᠨ ᠤ ᠠᠵᠢᠯ ᠮᠦᠨ ᠴᠦ ᠠᠮᠠᠷ ᠦᠬᠡᠢ᠂ ᠡᠷᠳᠡᠬᠡᠨ ᠠᠮᠠᠷᠠᠭᠠᠷᠠᠢ︾ ᠬᠡᠵᠦ ᠬᠦᠬᠡᠷᠦᠬᠦᠶᠢᠯᠡᠨ ᠶᠠᠷᠢᠭᠰᠠᠨ ᠢᠶᠠᠨ᠄ ︽ᠪᠢ ᠪᠠᠶᠢᠰᠬᠢᠬᠡᠳ ᠠᠮᠠᠷᠠᠨ᠎ᠠ᠂ ᠲᠠ ᠰᠠᠨᠠᠭ᠎ᠠ ᠠᠮᠠᠷ ᠪᠠᠶᠢᠭᠠᠷᠠᠢ︾ ᠬᠡᠪᠡ᠃    ︽ᠬᠢᠵᠢᠭ ᠡᠪᠡᠳᠴᠢᠨ ᠳᠤ ᠨᠡᠷᠪᠡᠭᠳᠡᠭᠰᠡᠨ ᠬᠦᠮᠦᠨ ᠢᠯᠡᠬᠦᠬᠡᠨ ᠣᠨᠳᠠᠵᠣ ᠠᠮᠠᠷᠠᠬᠤ ᠴᠢᠬᠤᠯᠠᠳᠠᠢ ᠰᠢᠣ᠂ ᠨᠡᠩ ᠲᠠ ᠨᠠᠷ ᠰᠢᠭ ᠦᠳᠡᠯᠦᠬᠡ ᠨᠠᠰᠣᠨ ᠤ ᠡᠪᠡᠳᠴᠢᠳᠡᠨ ᠪᠡᠶ᠎ᠡ ᠪᠠᠨ ᠰᠠᠶᠢᠳᠣᠷ ᠰᠣᠪᠢᠯᠠᠬᠤ ᠬᠡᠷᠡᠭᠳᠡᠢ︾ ᠬᠡᠵᠦ ᠬᠤᠸᠠᠩ ᠣᠶᠣᠩᠭᠤᠸ᠎ᠠ ᠨᠠᠰᠣᠳᠠᠨ ᠳᠤ ᠰᠠᠨᠠᠭᠤᠯᠣᠨ ᠶᠠᠷᠢᠬᠤ ᠪᠠᠷ ᠡᠪᠦᠬᠡᠨ ᠤ ᠨᠢᠳᠣ ᠨᠢ ᠵᠠᠶᠢᠷᠳᠣᠴᠢᠬᠠᠭᠰᠠᠨ᠄ ︽ᠴᠢᠮ᠎ᠠ ᠶᠢ ᠬᠠᠷᠠᠭᠠᠳ ᠪᠢ ᠬᠡᠣᠬᠡᠨ ᠢᠶᠠᠨ ᠰᠠᠨᠠᠴᠢᠬᠠᠵᠠᠢ᠂ ᠶᠠᠭᠠᠬᠢᠭᠰᠠᠨ ᠴᠠᠭᠠᠪᠣᠷᠢ ᠰᠡᠳᠬᠢᠯ ᠲᠠᠢ ᠰᠠᠶᠢᠨ ᠬᠡᠣᠬᠡᠨ ᠪᠣᠢ ᠴᠢ︾ ᠬᠡᠵᠦ ᠰᠡᠳᠬᠢᠯ ᠲᠣᠭᠳᠣᠯᠣᠨ ᠶᠠᠷᠢᠪᠠ᠃ ᠲᠡᠬᠡᠬᠡᠳ ᠲᠡᠷᠡ ᠶᠠᠭᠠᠬᠢᠭᠠᠳ ᠡᠨᠡ ᠡᠮᠨᠡᠯᠬᠡ ᠳᠤ ᠡᠪᠡᠳᠴᠢᠳᠡᠨ ᠢᠶᠠᠷ ᠬᠦᠷᠬᠡᠭᠳᠡᠭᠰᠡᠨ ᠦᠯᠢᠬᠡᠷ ᠢᠶᠠᠨ ᠶᠠᠷᠢᠵᠣ ᠦᠭᠪᠡ᠃   ︽ᠪᠢ ᠪᠣᠯ ᠠᠵᠢᠯ ᠠᠴᠠ ᠪᠠᠨ ᠠᠮᠠᠷᠠᠭᠰᠠᠨ ᠠᠬᠠᠮᠠᠳ ᠺᠳᠠᠷ᠂ ᠡᠪ ᠬᠠᠮᠳᠣ ᠨᠠᠮ ᠤᠨ ᠬᠡᠰᠢᠬᠦᠨ᠃ ᠵᠠᠯᠠᠭᠤ ᠨᠠᠰᠣᠨ ᠠᠴᠠ ᠪᠠᠨ ᠪᠠᠶ᠎ᠡ ᠲᠠᠮᠢᠷ ᠤᠨ ᠪᠣᠯᠪᠠᠰᠣᠷᠠᠯ ᠳᠤ ᠨᠡᠶᠢᠳᠡᠮ ᠣᠷᠣᠯᠴᠠᠳᠠᠭ ᠠᠴᠠ ᠪᠡᠶ᠎ᠡ ᠴᠢᠬᠢᠷᠠᠭ ᠴᠢᠩᠭ᠎ᠠ᠃ ᠦᠬᠠᠨ ᠬᠤᠳᠠ ᠳᠤ  ᠡᠨᠡ ᠬᠦ ᠬᠤᠣᠷᠳᠣ ᠬᠢᠵᠢᠭ ᠲᠡᠯᠬᠡᠷᠡᠵᠦ ᠡᠬᠢᠯᠡᠬᠦ ᠳᠤ ᠪᠢ ᠬᠠᠮᠤᠭ ᠠᠩᠬᠠᠨ ᠤ ᠰᠠᠶᠢᠨ ᠲᠣᠷ᠎ᠠ  ᠶᠢᠨ ᠦᠢᠯᠡᠴᠢᠯᠡᠬᠡᠨ ᠤ ᠡᠩᠨᠡᠬᠡᠨ ᠳᠤ ᠨᠡᠷ᠎ᠡ ᠮᠡᠳᠡᠬᠦᠯᠵᠦ ᠠᠵᠢᠯᠯᠠᠵᠠᠢ᠃ ᠲᠡᠳᠡ ᠮᠢᠨᠦ ᠪᠠᠶ᠎ᠡ ᠪᠠᠶᠢᠳᠠᠯ ᠢ ᠦᠵᠡᠬᠡᠳ ᠦᠳᠡᠯᠦᠬᠡ ᠨᠠᠰᠣᠳᠠᠢ ᠬᠡᠮᠡᠨ ᠭᠤᠯᠣᠭᠰᠠᠨ ᠦᠬᠡᠢ ᠡᠩᠨᠡᠬᠡᠨ ᠳᠤ ᠪᠠᠨ ᠡᠯᠰᠡᠪᠡ᠃ ᠪᠢ ᠭᠤᠣᠯᠳᠠᠭᠤ ᠡᠪᠡᠳᠴᠢᠳᠡᠨ ᠢ ᠬᠠᠮᠠᠭᠠᠯᠠᠨ ᠬᠦᠷᠬᠡᠬᠦ ᠠᠵᠢᠯ ᠳᠤ ᠨᠢ ᠲᠣᠰᠠᠯᠠᠳᠠᠭ ᠪᠠᠶᠢᠵᠠᠢ᠃ ᠡᠨᠡ ᠣᠴᠢᠷ ᠢᠶᠠᠨ ᠭᠠᠭᠴᠠ ᠬᠦᠭᠰᠢᠨ ᠳᠤ ᠪᠠᠨ ᠶᠠᠷᠢᠭᠰᠠᠨ ᠶᠣᠮ᠃ ᠬᠡᠨᠡᠳᠳᠡ ᠨᠢᠬᠡ ᠡᠳᠦᠷ ᠪᠢ ᠬᠠᠯᠠᠭᠤᠷᠠᠴᠢᠬᠠᠯ᠎ᠠ᠂ ᠪᠠᠶᠢᠴᠠᠭᠠᠭᠰᠠᠨ ᠤ ᠳ᠋ᠦᠩ ᠳᠤ ᠰᠢᠨ᠎ᠡ ᠬᠡᠯᠪᠡᠷᠢ ᠶᠢᠨ ᠲᠢᠳᠢᠮᠯᠢᠭ ᠠᠭᠤᠰᠬᠢᠨ ᠦᠷᠪᠢᠰᠦᠯ ᠬᠡᠵᠦ ᠣᠨᠣᠰᠢᠯᠠᠭᠳᠠᠯ᠎ᠠ᠃ ᠠᠢ᠂ ᠣᠯᠣᠰ ᠬᠡᠷ ᠲᠤ ᠪᠠᠨ ᠵᠢᠭᠠᠬᠠᠨ ᠴᠦ ᠬᠡᠰᠡᠨ ᠲᠣᠰᠠ ᠪᠣᠯᠣᠶ᠎ᠠ ᠬᠡᠵᠦ ᠪᠠᠶᠢᠭᠰᠠᠭᠠᠷ ᠬᠠᠷᠢᠨ  ᠲᠤᠰᠢᠶ᠎ᠠ ᠪᠣᠯᠴᠢᠬᠠᠵᠠᠢ᠃ ᠲᠠᠨᠣᠰ ᠢᠶᠠᠷ ᠡᠳᠦᠷᠵᠢᠨ ᠬᠠᠷᠠᠭᠠᠯᠵᠠᠭᠤᠯᠣᠭᠠᠳ ᠲᠣᠳᠣᠷ᠎ᠠ ᠲᠦᠪᠳᠡᠬᠦ ᠦᠬᠡᠢ ᠪᠠᠶᠢᠨ᠎ᠠ ᠰᠢᠣ᠃ ᠪᠢ ᠡᠨᠡ ᠬᠢᠵᠢᠭ ᠲᠤ ᠬᠠᠯᠳᠠᠣᠷᠢᠯᠠᠭᠳᠠᠭᠠᠳ  ᠡᠪᠡᠳᠴᠢᠨ ᠠᠴᠠ ᠠᠶᠣᠭᠰᠠᠨ ᠪᠣᠰᠣ᠂ ᠬᠠᠷᠢᠨ ᠬᠡᠷ ᠤᠨ ᠬᠦᠮᠦᠰ ᠮᠢᠨᠦ ᠬᠤᠶᠢᠨ᠎ᠠ ᠠᠴᠠ ᠵᠣᠪᠠᠵᠣ ᠰᠠᠨᠠᠭᠠᠰᠢᠷᠠᠵᠣ ᠪᠠᠶᠢᠭ᠎ᠠ ᠳᠤ ᠨᠢ ᠢᠯᠡᠬᠦᠦ ᠵᠣᠪᠠᠵᠣ ᠪᠠᠶᠢᠨ᠎ᠠ᠃ ᠰᠠᠶᠢᠨ ᠲᠣᠷ᠎ᠠ ᠶᠢᠨ ᠦᠢᠯᠡᠴᠢᠬᠡᠨ ᠤ ᠠᠵᠢᠯ ᠬᠢᠭᠰᠡᠨ ᠠᠴᠠ ᠠᠪᠣᠭᠠᠳ ᠣᠳᠣ ᠪᠣᠯᠳᠠᠯ᠎ᠠ ᠬᠡᠷ ᠤᠨ ᠬᠦᠮᠦᠰ ᠲᠠᠢ ᠪᠠᠨ ᠠᠭᠤᠯᠵᠠᠭ᠎ᠠ ᠦᠬᠡᠢ᠃ ᠬᠡᠣᠬᠡᠳ ᠢᠶᠠᠨ ᠰᠠᠨᠠᠴᠢᠬᠠᠯ᠎ᠠ᠂ ᠬᠦᠭᠰᠢᠨ ᠢᠶᠠᠨ  ᠥᠷᠦ ᠡᠪᠡᠳᠴᠢᠬᠡᠯ᠎ᠡ᠃ ᠡᠨᠡ ᠶᠠᠪᠣᠭ᠎ᠠ ᠨᠠᠰᠣᠨ ᠳᠤ ᠪᠠᠨ ᠬᠡᠷ ᠤᠨ ᠬᠦᠮᠦᠰ ᠲᠤ ᠪᠠᠨ ᠲᠡᠬᠡᠬᠡᠷ᠎ᠡ ᠲᠠᠷᠣᠭᠠᠰᠣ ᠪᠣᠯᠵᠣ ᠦᠩᠬᠡᠷᠡᠭᠡ ᠦᠬᠡᠢ᠂ ᠣᠳᠣ ᠲᠡᠳᠡ ᠡᠳᠦᠷ ᠪᠦᠷᠢ ᠮᠢᠨᠦ ᠡᠪᠡᠳᠴᠢᠨ ᠤ ᠲᠣᠬᠠᠢ ᠠᠰᠠᠭᠤᠵᠣ ᠰᠣᠷᠠᠵᠣ ᠯᠡ ᠪᠠᠶᠢᠨ᠎ᠠ᠃ ᠲᠡᠳᠡᠨ ᠤ ᠰᠠᠨᠳᠣᠷᠬᠤ ᠨᠢ ᠴᠦ ᠵᠦᠪ ᠡ᠂ ᠬᠢᠵᠢᠭ ᠡᠪᠡᠳᠴᠢᠨ ᠢᠶᠠᠷ ᠠᠳᠡᠵᠦ ᠪᠠᠶᠢᠭ᠎ᠠ ᠲᠤᠭ᠎ᠠ ᠨᠡᠮᠡᠭᠳᠡᠵᠦ ᠯᠡ ᠪᠠᠶᠢᠬᠤ ᠶᠣᠮ ᠴᠢᠨᠢ ᠮᠢᠨᠦ ᠬᠤᠶᠢᠨ᠎ᠠ ᠠᠴᠠ ᠰᠠᠨᠠᠭ᠎ᠠ ᠪᠣᠯᠬᠤ ᠨᠢ ᠶᠠᠷᠢᠶᠠᠨ ᠦᠬᠡᠢ ᠁  ᠬᠡᠣᠬᠡ ᠡ᠂ ᠲᠠᠨᠣᠰ ᠴᠦ ᠪᠡᠶ᠎ᠡ ᠪᠠᠨ ᠢᠯᠡᠬᠦᠦ ᠭᠠᠮᠨᠠᠭᠠᠷᠠᠢ᠂ ᠬᠢᠵᠢᠭ  ᠤᠨ ᠪᠠᠺᠲ᠋ᠧᠷᠢ  ᠨᠢᠳᠣ ᠦᠬᠡᠢ ᠰᠢᠣ︾ ᠭᠡᠪᠡ ᠃ ᠡᠪᠦᠬᠡᠨ ᠤ ᠶᠠᠷᠢᠬᠤ ᠶᠢ ᠰᠣᠨᠣᠰᠴᠣ ᠪᠠᠶᠢᠭᠰᠠᠭᠠᠷ ᠬᠤᠸᠠᠩ ᠣᠶᠣᠩᠭᠤᠸ᠎ᠠ ᠣᠶᠠᠷᠠᠴᠢᠬᠠᠪᠠ᠂ ᠣᠬᠢᠯᠠᠴᠢᠬᠠᠪᠠ᠃ ︽ᠣᠯᠣᠰ ᠬᠡᠷ ᠤᠨ ᠡᠩᠬᠡ ᠠᠮᠣᠭᠤᠯᠠᠩ ᠤᠨ ᠲᠦᠯᠦᠬᠡ ᠦᠪᠡᠷ ᠤᠨ ᠪᠡᠶ᠎ᠡ ᠶᠢᠨ ᠵᠣᠯ ᠵᠢᠷᠭᠠᠯ ᠢ ᠣᠭᠤᠷᠴᠣ᠂ ᠦᠳᠡᠯᠦᠬᠡ ᠪᠡᠶ᠎ᠡ ᠪᠠᠨ  ᠬᠠᠶᠢᠬᠤᠷᠤᠯ ᠦᠬᠡᠢ ᠲᠡᠮᠡᠴᠡᠨ᠎ᠡ ᠬᠡᠭᠴᠢ ᠶᠠᠭᠠᠬᠢᠭᠰᠠᠨ ᠡᠷᠬᠢᠮ ᠲᠡᠬᠡᠳᠦ ᠠᠵᠢᠯᠯᠠᠭ᠎ᠠ ᠪᠣᠢ᠃ ᠡᠬᠦᠨ ᠲᠠᠢ ᠬᠠᠷᠢᠴᠠᠭᠤᠯᠪᠠᠯ ᠪᠢ ᠴᠢᠨᠢ ᠨᠠᠰᠣ ᠵᠠᠯᠠᠭᠤ᠂ ᠲᠣᠰᠬᠠᠢ ᠮᠡᠷᠬᠡᠵᠢᠯ ᠤᠨ ᠰᠣᠪᠢᠯᠠᠭᠴᠢ ᠬᠦᠮᠦᠨ᠂ ᠮᠦᠨ ᠬᠦᠮᠦᠨ ᠪᠦᠬᠦᠨ ᠤ ᠮᠠᠭᠳᠠᠭᠠᠯ ᠰᠠᠶᠢᠰᠢᠶᠠᠯ ᠢᠶᠠᠷ ᠱᠠᠩᠨᠠᠭᠤᠯᠵᠣ ᠶᠠᠪᠣᠭ᠎ᠠ᠃ ᠡᠪᠦᠬᠡᠨ ᠤ ᠵᠣᠷᠢᠭ ᠰᠠᠨᠠᠭ᠎ᠠ ᠲᠠᠢ ᠬᠠᠷᠢᠴᠠᠭᠤᠯᠪᠠᠯ ᠶᠣᠰᠣᠳᠠᠢ ᠢᠴᠢᠮᠡᠷ ᠶᠣᠮ︾ ᠬᠡᠵᠦ ᠲᠡᠷᠡ ᠲᠣᠳᠣᠷ᠎ᠠ ᠪᠠᠨ ᠪᠣᠳᠣᠪᠠ᠃ ᠡᠪᠦᠬᠡᠨ ᠤ ᠦᠯᠢᠬᠡᠷ ᠢ ᠰᠣᠨᠣᠰᠣᠭᠰᠠᠨ ᠤ ᠲᠠᠷᠠᠭ᠎ᠠ ᠲᠡᠷᠡ  ᠦᠪᠡᠷ ᠢ ᠪᠠᠨ ᠨᠡᠩ ᠦᠨᠳᠦᠷ  ᠪᠠᠷᠢᠮᠵᠢᠶ᠎ᠠ ᠪᠠᠷ ᠱᠠᠭᠠᠷᠳᠠᠵᠣ᠂ ᠡᠪᠡᠳᠴᠢᠳᠡᠨ  ᠳᠤ ᠬᠠᠨᠳᠣᠬᠤ ᠣᠪᠣᠷ ᠨᠢ ᠨᠡᠩ ᠲᠦᠯᠬᠡᠨ ᠵᠦᠬᠡᠯᠡᠨ ᠪᠣᠯᠵᠣ᠂ ᠠᠵᠢᠯ ᠳᠤ ᠪᠠᠨ ᠨᠡᠩ ᠢᠳᠡᠪᠬᠢᠯᠡᠬᠦ ᠪᠣᠯᠵᠠᠢ᠃   ᠨᠢᠬᠡ ᠡᠬᠡᠯᠵᠢ ᠶᠢᠨ ᠠᠵᠢᠯ ᠢᠶᠠᠨ ᠲᠠᠭᠤᠰᠬᠠᠭᠠᠳ ᠠᠮᠠᠷᠠᠬᠤ ᠦᠷᠦᠬᠡᠨ ᠳᠤ ᠪᠠᠨ ᠪᠣᠴᠠᠬᠤ ᠠᠴᠠ ᠪᠠᠨ ᠡᠮᠦᠨ᠎ᠡ ᠦᠴᠦᠬᠡᠳᠦᠷ ᠰᠠᠶ᠋ᠢ ᠢᠷᠡᠭᠰᠡᠨ ᠴᠧᠨ ᠣᠪᠣᠭᠳᠠᠢ ᠡᠮᠡᠭᠳᠡᠢ ᠡᠪᠡᠳᠴᠢᠳᠡᠨ ᠢ ᠪᠣᠯᠭᠤᠭᠠᠨ ᠲᠣᠬᠤᠨᠢᠭᠤᠯᠬᠤ ᠪᠠᠷ ᠡᠪᠡᠳᠴᠢᠳᠡᠨ ᠤ ᠦᠷᠦᠬᠡᠨ ᠳᠤ ᠨᠢ ᠬᠦᠷᠪᠡ᠃ ᠲᠣᠰ ᠡᠪᠡᠳᠴᠢᠳᠡᠨ ᠬᠢᠵᠢᠭ ᠡᠪᠡᠳᠴᠢᠳᠡᠨ ᠳᠤ ᠬᠦᠨᠳᠦ ᠨᠡᠷᠪᠡᠭᠳᠡᠭᠰᠡᠨ ᠪᠦᠬᠡᠳ ᠣᠣᠯ ᠳᠤ ᠪᠠᠨ ᠬᠦᠩᠬᠡᠵᠢᠭᠰᠡᠨ ᠤ ᠲᠠᠷᠠᠭᠠᠬᠢ ᠭᠠᠩᠰᠠᠷᠠᠬᠤ ᠡᠪᠡᠳᠴᠢᠨ ᠳᠤ ᠨᠡᠷᠪᠡᠭᠳᠡᠵᠦ ᠦᠩᠬᠡᠷᠡᠭᠰᠡᠨ ᠪᠦᠰᠡᠬᠦᠢ ᠶᠣᠮ ᠬᠡᠨ᠎ᠡ᠃  ᠡᠶᠢᠮᠷᠦᠬᠦᠦ ᠡᠪᠡᠳᠴᠢᠨ ᠳᠤ ᠨᠡᠷᠪᠡᠭᠳᠡᠭᠰᠡᠨ ᠬᠦᠮᠦᠨ ᠪᠣᠯ ᠶᠡᠷᠦ  ᠤᠷᠮ᠎ᠠ ᠰᠡᠳᠬᠢᠯ ᠨᠢ ᠲᠣᠭᠳᠠᠪᠣᠷᠢ ᠦᠬᠡᠢ᠂ ᠶᠠᠷᠢᠶ᠎ᠠ ᠶᠠᠩᠰᠢᠶ᠎ᠠ᠂ ᠡᠪ ᠦᠬᠡᠶᠢᠳᠡᠪᠡᠯ ᠡᠯᠳᠡᠪ ᠢᠶᠠᠷ ᠬᠠᠰᠬᠢᠷᠴᠣ ᠴᠣᠣᠬᠢᠭᠤᠯᠳᠠᠭ ᠶᠣᠮ᠃ ᠦᠴᠦᠬᠡᠳᠦᠷ ᠡᠪᠡᠳᠴᠢᠳᠡᠨ ᠤ ᠦᠷᠦᠬᠡᠨ ᠳᠤ ᠬᠦᠷᠬᠡᠭᠳᠡᠨ ᠢᠷᠡᠬᠦ ᠳᠤ ᠪᠠᠨ᠄ ︽ᠨᠠᠮ᠎ᠠ  ᠶᠢ ᠶᠠᠭᠤᠨ ᠳᠤ ᠠᠳᠡ ᠠᠪᠴᠢᠷᠠᠵᠣ ᠬᠤᠷᠢᠭᠰᠠᠨ ᠶᠣᠮ ᠪᠣᠢ︖ ᠡᠪ ᠡᠷᠡᠬᠦᠯ᠂ ᠰᠠᠪ ᠰᠠᠷᠠᠭᠤᠯ ᠪᠠᠶᠢᠳᠠᠯ᠎ᠠ᠂ ᠡᠮᠨᠡᠯᠬᠡ ᠳᠤ ᠠᠪᠴᠢᠷᠠᠭᠠᠳ ᠲᠣᠰᠬᠠᠷᠯᠠᠴᠢᠬᠠᠵᠠᠢ᠃ ᠨᠠᠮ᠎ᠠ ᠶᠢ ᠬᠤᠷᠳᠣᠨ ᠡᠮᠨᠡᠯᠬᠡ ᠠᠴᠠ ᠭᠠᠷᠭ᠎ᠠ᠂ ᠪᠢ ᠬᠡᠣᠬᠡᠳ  ᠢᠶᠠᠨ ᠰᠠᠨᠠᠵᠣ ᠪᠠᠶᠢᠨ᠎ᠠ᠂ ᠠᠭᠰᠢᠷᠠᠭ᠎ᠠ ᠪᠣᠯᠣᠭᠰᠠᠨ ᠠᠪᠤ ᠡᠵᠢ ᠮᠢᠨᠦ ᠬᠤᠶᠢᠨ᠎ᠠ ᠠᠴᠠ ᠰᠠᠨᠠᠭ᠎ᠠ ᠪᠣᠯᠵᠣ ᠪᠠᠶᠢᠨ᠎ᠠ ᠁︾ ᠬᠡᠵᠦ ᠣᠷᠢᠯᠠᠵᠣ ᠬᠠᠰᠬᠢᠷᠣᠭᠠᠳ ᠦᠢᠮᠡᠬᠦᠯᠦᠭᠰᠡᠨ ᠬᠡᠨ᠎ᠡ᠃ ᠣᠶᠣᠩᠭᠤᠸ᠎ᠠ ᠲᠡᠷᠡ ᠪᠦᠰᠡᠬᠦᠢ ᠶᠢᠨ ᠬᠠᠵᠠᠭᠤ ᠳᠤ ᠬᠦᠷᠬᠦ ᠳᠤ ᠣᠷᠮ᠎ᠠ ᠰᠡᠳᠬᠢᠯᠬᠡ ᠨᠢ ᠨᠡᠯᠢᠶᠡᠳ ᠲᠣᠭᠳᠠᠪᠣᠷᠢᠳᠠᠢ ᠪᠠᠶᠢᠯ᠎ᠠ᠃᠄ ︽ᠡᠬᠡᠴᠢ ᠡ᠂ ᠲᠠ ᠶᠠᠮᠠᠷ ᠱᠠᠭᠠᠷᠳᠠᠯᠭ᠎ᠠ ᠪᠠᠶᠢᠪᠠᠯ ᠡᠷᠡᠭᠡ ᠦᠬᠡᠢ ᠲᠣᠷᠠᠳᠣᠭᠠᠷᠠᠢ᠃ ᠪᠢ ᠲᠠᠨ ᠤ  ᠪᠤᠬᠢᠨᠢᠳᠤᠯ ᠢ ᠣᠶᠢᠯᠠᠭᠠᠵᠣ ᠪᠠᠶᠢᠨ᠎ᠠ᠂ ᠠᠩᠭ᠎ᠠ ᠬᠡᠣᠬᠡᠳ ᠠᠴᠠ ᠪᠠᠨ ᠰᠠᠯᠣᠭᠠᠳ ᠠᠳᠡ  ᠲᠤᠰᠠᠭᠠᠷᠯᠠᠭᠳᠠᠨ᠎ᠠ ᠬᠡᠳᠡᠭ ᠠᠮᠠᠷ ᠦᠦ ᠳ᠋ᠠ᠃ ᠪᠢ ᠪᠠᠰᠠ ᠭᠤᠷᠪᠠᠨ ᠨᠠᠰᠣᠳᠠᠢ ᠬᠦᠣ ᠪᠠᠨ ᠬᠠᠶᠠᠭᠠᠳ ᠠᠳᠡ ᠰᠣᠪᠢᠯᠠᠭᠴᠢ ᠪᠠᠷ ᠢᠷᠡᠭᠰᠡᠨ ᠰᠢᠣ᠃ ᠬᠡᠣᠬᠡᠳ ᠢᠶᠠᠨ ᠰᠠᠨᠠᠬᠤ ᠵᠣᠪᠠᠯᠠᠩ ᠢ ᠣᠶᠢᠯᠠᠭᠠᠬᠤ ᠦᠬᠡᠢ ᠶᠠᠭᠠᠬᠢᠬᠤ ᠪᠣᠢ᠃ ᠡᠮᠴᠢ ᠰᠣᠪᠢᠯᠠᠭᠴᠢ ᠶᠢᠨ  ᠲᠣᠳᠤᠮᠳᠠᠯᠭ᠎ᠠ ᠪᠠᠷ ᠪᠠᠶ᠎ᠡ ᠪᠠᠨ ᠰᠣᠪᠢᠯᠠᠪᠠᠯ ᠣᠳᠠᠯ ᠦᠬᠡᠢ ᠡᠷᠡᠬᠦᠯᠵᠡᠬᠡᠳ᠂ ᠬᠡᠷ ᠤᠨ ᠬᠦᠮᠦᠰ ᠲᠠᠢ ᠪᠠᠨ ᠵᠣᠯᠭᠠᠴᠢᠬᠠᠬᠤ ᠶᠣᠮ ᠁︾ ᠬᠡᠵᠦ ᠲᠣᠬᠤᠭᠤᠨᠢᠭᠤᠯᠣᠨ ᠶᠠᠷᠢᠭᠠᠳ ᠭᠠᠷᠬᠤ ᠦᠶᠡᠰ ᠲᠤ ᠪᠠᠨ ᠨᠢᠳᠣᠷᠭ᠎ᠠ ᠪᠠᠨ ᠵᠠᠩᠬᠢᠳᠣᠨ᠄ ︽ᠴᠢᠷᠮᠠᠢ︕︾ ᠬᠡᠰᠡᠨ ᠦᠬᠡ ᠪᠠᠨ ᠲᠠᠭᠤᠨ ᠦᠬᠡᠢ ᠢᠯᠡᠳᠬᠡᠪᠡ᠃ ᠲᠡᠬᠡᠬᠡᠳ ᠪᠠᠰᠠ ᠰᠠᠨᠠᠭ᠎ᠠ  ᠠᠮᠤᠷ ᠦᠬᠡᠢ ᠲᠠᠷᠠᠭᠠᠴᠢ ᠶᠢᠨ ᠡᠬᠡᠯᠵᠢ ᠰᠣᠪᠢᠯᠠᠭᠴᠢ ᠳᠤ᠄ ︽21 ᠨᠣᠮᠧᠷᠳᠦ ᠦᠷᠦᠬᠡᠨ ᠤ 14 ᠳ᠋ᠣᠭᠠᠷ ᠣᠷᠣ ᠶᠢᠨ ᠴᠧᠨ ᠣᠪᠣᠭᠳᠠᠢ ᠪᠦᠰᠡᠬᠦᠢ ᠶᠢᠨ ᠣᠷᠮ᠎ᠠ ᠰᠡᠳᠬᠢᠯᠬᠡ ᠨᠢ ᠲᠣᠭᠳᠠᠪᠣᠷᠢ ᠦᠬᠡᠢ ᠪᠠᠶᠢᠨ᠎ᠠ᠂ ᠵᠠᠪᠠᠯ ᠢᠯᠡᠬᠦᠦ ᠲᠣᠬᠤᠭᠤᠨᠢᠭᠤᠯᠣᠨ ᠪᠣᠯᠭᠤᠭᠠᠵᠣ ᠠᠰᠠᠷᠠᠬᠤ ᠴᠢᠬᠤᠯᠠᠳᠠᠢ ᠰᠢᠣ︾ ᠬᠡᠵᠦ ᠲᠣᠰᠢᠶᠠᠵᠣ ᠪᠠᠷᠠᠭᠠᠳ ᠰᠠᠶ᠋ᠢ ᠦᠪᠡᠷ ᠤᠨ ᠪᠠᠶᠢᠷᠢ ᠳᠤ ᠪᠠᠨ ᠪᠣᠴᠠᠪᠠ᠃ ᠢᠩᠬᠢᠵᠦ ᠨᠠᠷᠢᠨ ᠨᠢᠮᠪᠠᠢ ᠰᠣᠪᠢᠯᠠᠨ ᠲᠣᠳᠣᠮᠳᠠᠭᠰᠠᠨ ᠤ ᠠᠴᠢ ᠪᠠᠷ ᠴᠧᠨ ᠣᠪᠣᠭᠳᠣ ᠪᠦᠰᠡᠬᠦᠢ ᠣᠳᠠᠯ ᠦᠬᠡᠢ ᠡᠷᠡᠬᠦᠯᠵᠢᠵᠦ᠂ ᠰᠠᠨᠠᠭ᠎ᠠ ᠰᠡᠳᠬᠢᠯ ᠨᠢ ᠴᠦ ᠮᠠᠰᠢ ᠣᠷᠮᠠᠰᠢᠨ ᠰᠠᠷᠠᠭᠤᠯᠵᠢᠭᠰᠠᠨ ᠶᠣᠮ᠃ ᠲᠡᠷᠡ ᠡᠮᠨᠡᠯᠬᠡ ᠠᠴᠠ ᠭᠠᠷᠬᠤ ᠠᠴᠠ ᠡᠮᠦᠨ᠎ᠡ᠄ ︽ᠬᠤᠸᠠᠩ ᠰᠣᠪᠢᠯᠠᠭᠴᠢ ᠡ᠂ ᠲᠨᠨ ᠤ ᠦᠨᠡᠨ ᠰᠡᠳᠬᠢᠯ ᠤᠨ ᠬᠠᠶᠢᠷ᠎ᠠ ᠲᠣᠳᠣᠮᠳᠠᠯᠭ᠎ᠠ ᠳᠤ ᠪᠠᠶᠠᠷᠯᠠᠯ᠎ᠠ᠂ ᠮᠣᠩᠭᠤᠯ ᠪᠦᠰᠡᠬᠦᠢ ᠶᠢᠨ ᠠᠷᠢᠭᠤᠨ ᠴᠠᠭᠠᠨ ᠰᠡᠳᠬᠢᠯ ᠳᠤ ᠴᠢᠨᠢ ᠮᠠᠨ ᠤ ᠲᠠᠰᠤᠭ ᠤᠨ ᠡᠪᠡᠳᠴᠢᠳᠡᠳ ᠴᠢᠩ ᠰᠡᠳᠬᠢᠯ ᠠᠴᠠ ᠪᠠᠨ ᠪᠠᠶᠠᠷᠯᠠᠵᠣ ᠲᠠᠯᠠᠷᠬᠠᠵᠣ ᠪᠠᠶᠢᠨ᠎ᠠ ᠰᠢᠣ︾ ᠬᠡᠵᠦ ᠮᠠᠰᠢ ᠲᠣᠭᠳᠣᠯᠣᠨ ᠶᠠᠷᠢᠯ᠎ᠠ᠃ ᠡᠪᠡᠳᠴᠢᠳᠡᠨ  ᠤ ᠡᠷᠡᠬᠦᠯᠵᠢᠯ ᠪᠡ ᠦᠨᠡᠨᠴᠢᠬᠡᠨ ᠲᠠᠯᠠᠷᠬᠠᠯ ᠤᠨ ᠦᠬᠡ ᠨᠢ ᠬᠤᠸᠠᠩ ᠣᠶᠣᠩᠭᠤᠸ᠎ᠠ ᠳᠤ ᠠᠪᠴᠣ ᠬᠡᠯᠡᠪᠡᠯ ᠡᠬᠦᠨ  ᠠᠴᠠ ᠢᠯᠡᠬᠦᠦ ᠣᠯᠵᠠᠭᠤᠷᠬᠠᠭᠤᠰᠢᠳᠠᠢ ᠣᠴᠢᠷ ᠠᠯᠠᠭ᠎ᠠ ᠳ᠋ᠠ᠃ ᠲᠡᠷᠡ ᠢᠩᠬᠢᠵᠦ ᠯᠡ ᠣᠯᠵᠠᠭᠤᠷᠬᠠᠨ ᠪᠠᠶᠠᠰᠴᠣ᠂ ᠣᠷᠮᠠᠰᠢᠨ ᠵᠣᠷᠢᠭᠵᠢᠵᠣ᠂ ᠡᠳᠡᠪᠬᠢᠯᠡᠨ ᠠᠵᠢᠯᠯᠠᠵᠣ ᠯᠡ ᠪᠠᠶᠢᠯ᠎ᠠ᠃    ᠦᠬᠠᠨ ᠤ ᠵᠢᠶᠠᠩ ᠬᠠᠨ ᠲᠣᠭᠤᠷᠢᠭ ᠤᠨ ᠴᠢᠩᠭᠡᠯᠢᠭ ᠡᠮᠨᠡᠯᠬᠡ ᠶᠢᠨ ᠬᠤᠷᠢᠶᠠᠨ ᠳᠤ᠂ ᠦᠬᠠᠨ ᠢ ᠲᠣᠰᠠᠯᠠᠬᠤ ᠦᠪᠦᠷ ᠮᠣᠩᠭᠤᠯ ᠤᠨ ᠬᠤᠶᠠᠳᠣᠭᠠᠷ ᠡᠮᠨᠡᠨ ᠵᠠᠰᠠᠬᠤ ᠲᠣᠭᠤᠶᠢᠯᠠᠩ ᠤᠨ ᠬᠢᠨ ᠬᠢᠵᠢᠭ ᠲᠠᠢ ᠲᠡᠮᠡᠴᠡᠬᠦ ᠡᠮᠦᠨ᠎ᠡ ᠹᠷᠣᠨᠲ  ᠲᠤ ᠪᠦᠬᠦᠯᠢ 44 ᠡᠳᠦᠷ ᠭᠠᠪᠰᠢᠭᠠᠶᠢᠯᠠᠨ ᠠᠵᠢᠯᠯᠠᠵᠣ᠂ ᠨᠡᠶᠢᠳᠡ 1760 ᠬᠦᠮᠦᠨ ᠢ ᠬᠦᠯᠢᠶᠡᠨ ᠠᠪᠴᠣ ᠂ ᠬᠢᠵᠢᠭ ᠲᠤ ᠬᠠᠯᠳᠠᠪᠣᠷᠢᠯᠠᠭᠳᠠᠭᠰᠠᠨ 361 ᠡᠪᠡᠳᠴᠢᠳᠡᠨ ᠢ ᠪᠦᠷᠢᠮᠦᠰᠦᠨ ᠡᠷᠡᠬᠦᠯᠵᠢᠬᠦᠯᠵᠡᠢ᠃ ᠬᠤᠪᠸᠢ ᠶᠢ ᠲᠣᠰᠠᠯᠠᠨ ᠦᠬᠠᠨ ᠢ ᠲᠡᠮᠵᠢᠵᠦ ᠬᠢᠵᠢᠭ ᠲᠠᠢ ᠲᠡᠮᠡᠴᠡᠬᠦ ᠠᠵᠢᠯ ᠳᠤ ᠪᠠᠨ ᠲᠡᠳᠡ ᠲᠡᠬᠡᠳᠦ ᠬᠡᠮᠵᠢᠶᠡᠨ ᠤ ᠬᠠᠷᠢᠭᠤᠴᠠᠯᠭᠠᠳᠣ ᠣᠪᠣᠷ ᠢᠶᠠᠷ ᠬᠠᠨᠳᠣᠵᠣ᠂  ᠬᠢᠵᠢᠭ  ᠲᠤ ᠬᠠᠯᠳᠠᠪᠤᠷᠢᠯᠠᠭᠳᠠᠭ᠎ᠠ ᠦᠬᠡᠢ᠂ ᠦᠬᠦᠯ ᠠᠳᠡᠯ ᠦᠬᠡᠢ  ᠶᠢ ᠪᠠᠳᠣᠯᠠᠵᠣ ᠴᠢᠳᠠᠭᠰᠠᠨ ᠢᠶᠠᠷ ᠲᠣᠪᠣᠶᠢᠮ᠎ᠠ ᠠᠮᠵᠢᠯᠳᠠ ᠭᠠᠷᠭᠠᠨ ᠦᠪᠦᠷ ᠮᠣᠩᠭᠤᠯ ᠤᠨ ᠢᠷᠠᠭᠤ ᠠᠯᠳᠠᠷ ᠢᠶᠠᠨ  ᠪᠦᠬᠦ ᠣᠯᠣᠰ ᠤᠨ ᠬᠡᠪᠴᠢᠶᠡᠨ ᠳᠤ ᠲᠠᠭᠤᠷᠢᠰᠣᠭᠤᠯᠵᠠᠢ᠃       ᠦᠩᠬᠡ ᠬᠡᠷᠡᠯ᠂ ᠢᠷᠠᠭᠤ ᠠᠯᠳᠠᠷ ᠤᠨ ᠡᠮᠦᠨ᠎ᠡ ᠡᠬᠦᠷᠬᠡ ᠬᠠᠷᠢᠭᠤᠴᠠᠯᠭ᠎ᠠ  ᠨᠢ ᠨᠡᠩ ᠬᠦᠨᠳᠦ ᠪᠣᠯᠳᠠᠭ      ᠬᠤᠸᠠᠩ ᠣᠶᠣᠩᠭᠤᠸ᠎ᠠ ᠬᠠᠮᠳᠣ ᠠᠵᠢᠯᠯᠠᠭᠰᠠᠳ ᠲᠠᠢ ᠪᠠᠨ ᠡᠬᠦᠷᠬᠡ ᠪᠠᠨ ᠠᠮᠵᠢᠯᠳᠠ ᠲᠠᠢ ᠪᠡᠶᠡᠯᠡᠬᠦᠯᠦᠬᠡᠳ 3 ᠰᠠᠷ᠎ᠠ ᠶᠢᠨ 18 ᠤ ᠡᠳᠦᠷ ᠦᠪᠦᠷ ᠮᠣᠩᠭᠤᠯ ᠳᠤ ᠪᠠᠨ ᠪᠣᠴᠠᠬᠤ ᠪᠣᠯᠣᠯ᠎ᠠ᠃ ᠦᠬᠠᠨ ᠠᠴᠠ ᠠᠶᠠᠷᠯᠠᠬᠤ ᠦᠶᠡᠰ ᠬᠤᠳᠠ ᠶᠢᠨ ᠠᠷᠠᠳ ᠠᠰᠠᠷ ᠤᠨ ᠨᠠᠷᠠᠪᠴᠢ ᠳᠤ ᠪᠠᠨ ᠵᠣᠭᠰᠣᠯᠴᠠᠵᠣ᠂ ᠵᠢᠵᠢᠭ ᠣᠯᠠᠭᠠᠨ ᠲᠤᠭ ᠢᠶᠠᠨ ᠬᠤᠷᠣᠶᠢᠯᠠᠨ᠄ ︽ᠬᠢᠵᠢᠭ ᠲᠠᠢ ᠲᠡᠮᠡᠴᠡᠭᠰᠡᠨ ᠪᠠᠭᠠᠳᠣᠷᠴᠣᠳ ᠮᠢᠨᠢ ᠪᠠᠶᠠᠷᠳᠠᠢ᠂ ᠡᠷᠡᠬᠦᠯ ᠡᠩᠬᠡ ᠶᠢᠨ ᠡᠯᠴᠢᠳ ᠮᠢᠨᠢ ᠪᠠᠶᠠᠷᠳᠠᠢ᠂ ᠠᠶᠠᠨ ᠵᠠᠮ ᠳᠤ ᠪᠠᠨ ᠮᠡᠨᠳᠦᠬᠡᠨ ᠮᠣᠷᠳᠠᠭᠠᠷᠠᠢ︕︾ ᠬᠡᠰᠡᠨ ᠴᠢᠩ ᠰᠡᠳᠬᠢᠯ ᠤᠨ ᠦᠳᠡᠯᠳᠡ ᠪᠠᠷ ᠮᠣᠷᠳᠠᠭᠤᠯᠵᠣ ᠪᠢᠯᠡ᠃ ᠬᠤᠸᠠᠩ ᠣᠶᠣᠩᠭᠤᠸ᠎ᠠ ᠲᠣᠰ ᠡᠳᠦᠷ ᠲᠤ ᠪᠠᠨ ᠣᠷᠳᠣᠰ ᠬᠤᠳᠠ ᠳᠤ ᠬᠦᠷᠴᠦ᠂ ᠬᠢᠵᠢᠭ ᠢ ᠰᠡᠷᠬᠡᠶᠢᠯᠡᠬᠦ ᠲᠦᠷᠢᠮ ᠶᠣᠰᠣ ᠪᠠᠷ 14 ᠬᠤᠨᠤᠭ ᠤᠨ  ᠲᠤᠰᠠᠭᠠᠷᠯᠠᠯᠲᠠ ᠶᠢ ᠬᠦᠯᠢᠶᠡᠯ᠎ᠡ᠃ 4  ᠳ᠋ᠦ᠋ᠭᠡᠷ ᠰᠠᠷ᠎ᠠ ᠶᠢᠨ 1 ᠤ ᠡᠳᠦᠷ ᠲᠤᠰᠠᠭᠠᠷᠯᠠᠯᠲᠠ ᠶᠢᠨ ᠬᠤᠭᠤᠴᠠᠭ᠎ᠠ ᠪᠠᠨ ᠲᠠᠭᠤᠰᠬᠠᠬᠠᠳ ᠣᠯᠠᠭᠠᠭᠬᠤᠳᠠ ᠳᠤ ᠬᠦᠷᠬᠦ ᠳᠤ ᠠᠶᠢᠮᠠᠭ ᠤᠨ ᠬᠠᠮᠢᠶ᠎ᠠ ᠪᠦᠬᠦᠢ ᠣᠳᠣᠷᠢᠳᠣᠯᠭ᠎ᠠ ᠨᠠᠷ ᠨᠢᠰᠬᠡᠯ ᠤᠨ ᠪᠠᠭᠤᠳᠠᠯ ᠳᠤ ᠬᠦᠷᠦᠯᠴᠡᠨ ᠣᠴᠢᠵᠣ ᠦᠬᠠᠨ ᠳᠤ ᠬᠦᠷᠴᠦ ᠬᠢᠵᠢᠭ ᠲᠠᠢ ᠲᠡᠮᠡᠴᠡᠭᠰᠡᠨ ᠡᠮᠴᠢ ᠰᠣᠪᠢᠯᠠᠭᠴᠢᠳ ᠢᠶᠠᠨ ᠣᠭᠳᠣᠬᠤ ᠶᠣᠰᠣᠯᠠᠯ ᠬᠢᠵᠡᠢ᠃ ᠬᠤᠸᠠᠩ ᠣᠶᠣᠩᠭᠤᠸ᠎ᠠ ᠬᠢᠩᠭᠠᠨ ᠠᠶᠢᠮᠠᠭ ᠤᠨ ᠲᠧᠯᠸᠢᠰ ᠬᠤᠷᠢᠶᠠᠨ ᠤ ᠰᠣᠷᠪᠣᠯᠵᠢᠯᠠᠭ᠎ᠠ ᠶᠢ ᠬᠦᠯᠢᠶᠡᠵᠦ᠂ ᠰᠢᠭᠤᠳ ᠨᠡᠪᠳᠡᠷᠡᠬᠦᠯᠬᠡ ᠪᠠᠷ ᠨᠣᠳᠤᠭ ᠲᠦᠮᠡᠨ ᠲᠠᠢ ᠪᠠᠨ ᠵᠣᠯᠭᠠᠨ᠂ ᠪᠠᠭᠠᠳᠣᠷᠯᠢᠭ ᠦᠢᠯᠡ ᠠᠵᠢᠯᠯᠠᠭ᠎ᠠ ᠪᠠᠨ  ᠠᠮᠵᠢᠯᠲᠠ ᠲᠠᠢ ᠮᠢᠯᠢᠶᠠᠯᠭᠠᠵᠠᠢ᠃    ᠬᠤᠷᠴᠢᠨ ᠪᠠᠷᠠᠭᠤᠨ ᠭᠠᠷᠣᠨ ᠲᠣᠮᠳᠠᠳᠣ ᠬᠤᠰᠢᠭᠤᠨ ᠤ ᠬᠠᠮᠢᠶ᠎ᠠ ᠪᠦᠬᠦᠢ ᠣᠳᠣᠷᠢᠳᠣᠯᠭ᠎ᠠ ᠨᠡᠷ ᠴᠦ ᠨᠢᠰᠬᠡᠯ  ᠤᠨ ᠪᠠᠭᠤᠳᠠᠯ ᠳᠤ ᠠᠮᠵᠢᠨ ᠬᠦᠷᠴᠦ᠂ ᠬᠤᠸᠠᠩ ᠣᠶᠣᠩᠭᠤᠸ᠎ᠠ ᠶᠢ ᠣᠭᠳᠣᠨ ᠠᠪᠣᠯ᠎ᠠ᠃ ᠲᠡᠳᠡ ᠲᠠᠭᠤᠨ ᠨᠢᠬᠡᠳᠡᠢ  ᠪᠠᠷ ︽ᠮᠠᠨ ᠤ  ᠡᠮᠡᠭᠳᠡᠢ ᠪᠠᠭᠠᠳᠣᠷ ᠢᠯᠠᠯᠳᠠ ᠣᠯᠣᠭᠠᠳ ᠢᠷᠡᠯ᠎ᠡ᠂ ᠪᠠᠶᠠᠷᠯᠠᠨ ᠣᠭᠳᠣᠶ᠎ᠠ︾ ᠬᠡᠵᠦ ᠣᠷᠢᠶᠠᠯᠠᠨ᠂ ᠰᠣᠷᠭᠤᠭ ᠴᠡᠴᠡᠭ ᠬᠦᠷᠬᠡᠵᠦ ︽ᠦᠬᠠᠨ ᠢ ᠲᠡᠮᠵᠢᠨ ᠬᠢᠵᠢᠭ ᠲᠠᠢ ᠲᠡᠮᠡᠴᠡᠨ ᠠᠮᠵᠢᠯᠳᠠ ᠲᠠᠢ ᠪᠣᠴᠠᠨ ᠢᠷᠡᠭᠰᠡᠨ ᠲᠡᠮᠡᠴᠡᠭᠰᠡᠨ ᠬᠤᠸᠠᠩ ᠣᠶᠣᠩᠭᠤᠸ᠎ᠠ ᠶᠢ ᠪᠠᠶᠠᠷᠯᠠᠨ ᠣᠭᠳᠣᠶ᠎ᠠ︾ ᠬᠡᠮᠡᠬᠦ  ᠬᠦᠨᠳᠡᠯᠡᠨ ᠢᠯᠡᠷᠬᠡᠶᠢᠯᠠᠯ ᠢᠶᠠᠨ ᠡᠷᠬᠦᠯᠴᠡᠵᠦ ᠲᠡᠬᠦᠨ ᠳᠤ ᠣᠷᠮ᠎ᠠ ᠬᠠᠶᠢᠷᠠᠯᠠᠨ᠎ᠠ᠃ ᠬᠤᠰᠢᠭᠤ ᠨᠣᠳᠤᠭ ᠲᠤ ᠪᠠᠨ ᠪᠣᠴᠠᠭᠰᠠᠨ ᠤ ᠲᠠᠷᠠᠭ᠎ᠠ  ᠡᠮᠨᠡᠯᠬᠡ  ᠶᠢᠨ ᠬᠤᠰᠢᠭᠤᠨ ᠤ ᠠᠷᠠᠳ ᠤᠨ ᠡᠮᠨᠡᠯᠬᠡ ᠶᠢᠨ ᠬᠤᠷᠢᠶᠠᠨ ᠤ ᠶᠡᠭᠡ ᠲᠠᠩᠬᠢᠮ ᠳᠤ ᠬᠤᠸᠠᠩ ᠣᠶᠣᠩᠭᠤᠸ᠎ᠠ ᠶᠢ ᠣᠭᠳᠣᠬᠤ ᠶᠣᠰᠣᠯᠠᠯ ᠢ ᠶᠠᠪᠣᠭᠳᠠᠭᠤᠯᠪᠠ᠃  ᠬᠤᠰᠢᠭᠤᠨ ᠤ ᠨᠠᠮ ᠵᠠᠰᠠᠭ ᠤᠨ ᠴᠢᠬᠤᠯᠠ ᠣᠳᠣᠷᠢᠳᠣᠯᠭ᠎ᠠ ᠨᠠᠷ ᠣᠷᠣᠯᠴᠠᠵᠣ᠂  ᠲᠡᠳ᠋ ᠬᠤᠰᠢᠭᠤᠨ ᠲᠠᠷᠤᠭ᠎ᠠ ᠶᠠᠩ ᠣᠯᠠᠭᠠᠨ ᠨᠦᠬᠦᠷ ᠠᠴᠠ ᠬᠤᠷᠠᠯ ᠢ ᠬᠦᠳᠦᠯᠵᠦ᠂ ᠬᠤᠰᠢᠭᠤᠨ ᠤ ᠨᠠᠮ ᠤᠨ ᠬᠤᠷᠢᠶ᠎ᠠ ᠶᠢᠨ ᠪᠠᠶᠢᠩᠭᠤ ᠶᠢᠨ ᠬᠡᠰᠢᠬᠦᠨ᠂ ᠲᠡᠳ᠋ ᠬᠤᠰᠢᠭᠤᠨ ᠲᠠᠷᠤᠭ᠎ᠠ  ᠸᠠᠩ ᠹᠧᠩ ᠧᠨ ᠨᠦᠬᠦᠷ ᠠᠴᠠ ᠬᠤᠰᠢᠭᠤᠨ ᠤ ᠨᠠᠮ ᠤᠨ ᠬᠤᠷᠢᠶ᠎ᠠ᠂ ᠵᠠᠰᠠᠭ ᠤᠨ ᠣᠷᠳᠣᠨ ᠢᠶᠠᠨ ᠲᠦᠯᠦᠬᠡᠯᠡᠨ ᠣᠭᠳᠣᠯᠭ᠎ᠠ ᠶᠢᠨ ᠶᠠᠷᠢᠶ᠎ᠠ  ᠲᠠᠯᠪᠢᠨ᠂ ᠬᠤᠸᠠᠩ ᠣᠶᠣᠩᠭᠤᠸ᠎ᠠ ᠶᠢᠨ ᠪᠠᠭᠠᠳᠣᠷᠯᠢᠭ ᠦᠢᠯᠡ ᠠᠵᠢᠯᠯᠠᠭ᠎ᠠ ᠶᠢ ᠦᠨᠳᠦᠷ ᠦᠨᠡᠯᠡᠨ ᠰᠠᠶᠢᠰᠢᠶᠠᠭᠰᠠᠨ ᠪᠠᠶᠢᠨ᠎ᠠ᠃ ᠲᠠᠷᠠᠭ᠎ᠠ ᠨᠢ ᠰᠠᠭᠤᠳᠠᠯ ᠤᠨ ᠬᠤᠷᠠᠯ ᠬᠢᠵᠦ᠂ ᠬᠤᠰᠢᠭᠤᠨ ᠤ ᠨᠠᠮ ᠤᠨ ᠬᠤᠷᠢᠶᠠᠨ ᠤ ᠱᠦᠵᠢ   ᠪᠠᠢ ᠶᠦᠨ ᠬᠠᠢ ᠨᠦᠬᠦᠷ ᠠᠴᠠ  ᠲᠣᠬᠤᠨᠢᠭᠤᠯᠬᠤ ᠦᠬᠡ ᠶᠠᠷᠢᠬᠤ ᠳᠤ ᠣᠶᠣᠩᠭᠤᠸ᠎ᠠ᠄ ︽ᠲᠠ ᠨᠠᠷ ᠤᠨ ᠢᠳᠡᠬᠡᠯ ᠨᠠᠶᠢᠳᠠᠯ ᠪᠠᠶᠢᠭᠰᠠᠨ ᠦᠬᠡᠢ ᠪᠣᠯ  ᠡᠶᠢᠮᠦᠷᠬᠦᠦ ᠠᠷᠠᠳ ᠲᠦᠮᠡᠨ ᠳᠤ ᠪᠠᠨ ᠦᠢᠯᠡᠴᠢᠯᠡᠬᠦ ᠠᠵᠠ ᠵᠠᠪᠰᠢᠶᠠᠨ ᠢ ᠣᠯᠵᠣ ᠴᠢᠳᠠᠬᠤ ᠦᠬᠡᠢ᠂ ᠨᠣᠳᠤᠭ ᠣᠰᠣᠨ ᠤ ᠬᠠᠯᠠᠭᠤᠨ ᠡᠯᠢᠬᠡᠳᠡᠢ ᠬᠦᠮᠦᠰ ᠤᠨ ᠬᠦᠴᠦᠳᠦ ᠲᠡᠮᠵᠢᠯᠬᠡ ᠪᠠᠶᠢᠭᠰᠠᠨ ᠦᠬᠡᠢ ᠪᠣᠯ ᠦᠨᠦᠳᠦᠷ  ᠤᠨ ᠠᠮᠵᠢᠯᠳᠠ ᠶᠢ ᠣᠯᠵᠣ ᠴᠢᠳᠠᠬᠤ ᠦᠬᠡᠢ᠂ ᠠᠷᠣ ᠬᠡᠷ᠂ ᠲᠦᠷᠦᠯ ᠰᠠᠳᠣᠳ ᠤᠨ ᠦᠷᠡᠭᠳᠡᠯ ᠪᠠᠶᠢᠭ᠎ᠠ ᠦᠬᠡᠢ ᠪᠣᠯ ᠣᠷᠣᠭᠰᠢ ᠪᠠᠨ ᠨᠢᠬᠡ ᠠᠯᠬᠤᠮ ᠠᠯᠬᠤᠵᠣ ᠴᠢᠳᠠᠬᠤ ᠦᠬᠡᠢ᠃  ᠨᠠᠳᠠ ᠳᠤ ᠲᠠᠯᠠᠷᠬᠠᠯ ᠤᠨ ᠦᠬᠡ ᠠᠴᠠ ᠣᠨᠳᠣ ᠭᠠᠶᠢᠬᠠᠭᠤᠯᠵᠣ ᠶᠠᠷᠢᠮᠠᠷ ᠵᠦᠢᠯ ᠠᠯᠠᠭ᠎ᠠ᠃  ᠨᠠᠮ ᠤᠨ ᠢᠪᠡᠬᠡᠯ ᠢᠶᠠᠷ ᠲᠦᠭ ᠲᠦᠮᠡᠨ ᠬᠦᠮᠦᠨ ᠠᠮᠢ ᠨᠠᠰᠣᠨ ᠤ ᠰᠦᠷᠳᠡᠬᠦᠯᠦᠯ ᠠᠴᠠ ᠮᠣᠯᠳᠣᠷᠠᠭᠰᠠᠨ ᠶᠣᠮ᠃ ᠲᠡᠳᠡᠬᠡᠷ ᠠᠵᠠᠳᠠᠢ ᠬᠦᠮᠦᠰ ᠤᠨ ᠨᠢᠬᠡ ᠪᠣᠯᠣᠭᠰᠠᠨ ᠤ ᠬᠤᠪᠢ ᠠᠴᠠ ᠨᠠᠷᠠᠨ ᠢᠪᠡᠬᠡᠯᠳᠦ ᠨᠠᠮ  ᠳᠤ ᠪᠠᠨ ᠶᠣᠰᠣᠯᠠᠵᠣ ᠪᠠᠶᠢᠨ᠎ᠠ︾ ᠬᠡᠵᠦ ᠦᠨᠡᠨᠴᠢ ᠴᠠᠭᠠᠬᠠᠨ ᠰᠡᠳᠬᠢᠯᠬᠡ ᠪᠠᠨ ᠨᠢᠭᠤᠯ ᠦᠬᠡᠢ ᠲᠡᠯᠬᠡᠯ᠎ᠡ᠃ ᠡᠨᠡ ᠪᠣᠯ ᠲᠠᠷᠣᠢ ᠲᠠᠷᠣᠣᠬᠠᠨ ᠵᠠᠩ ᠲᠠᠢ ᠬᠤᠸᠠᠩ ᠣᠶᠣᠩᠭᠤᠸ᠎ᠠ ᠪᠣᠯᠣᠨ᠎ᠠ᠃   ᠬᠤᠸᠠᠩ ᠣᠶᠣᠩᠭᠤᠸ᠎ᠠ ᠶᠢᠨ ᠪᠠᠭᠠᠳᠣᠷᠯᠢᠭ ᠦᠢᠯᠡ ᠠᠵᠢᠯᠯᠠᠭ᠎ᠠ ᠶᠢ ᠨᠢ ᠲᠡᠮᠳᠡᠭᠯᠡᠵᠦ᠂ ᠬᠤᠰᠢᠭᠤ ᠵᠠᠰᠠᠭ᠂  ᠴᠢᠨᠠᠭᠰᠢᠯᠠᠨ ᠠᠶᠢᠮᠠᠭ ᠣᠷᠣᠨ ᠠᠴᠠ ᠣᠯᠠᠨ ᠠᠷᠪᠢᠨ ᠢᠷᠠᠭᠤ ᠠᠯᠳᠠᠷ ᠤᠨ ᠦᠨᠡᠮᠯᠡᠯ ᠬᠦᠷᠳᠡᠬᠡᠵᠡᠢ᠃ ᠦᠪᠦᠷ ᠮᠣᠩᠭᠤᠯ ᠤᠨ ᠡᠷᠡᠬᠦᠯ ᠬᠠᠮᠠᠭᠠᠯᠠᠯ ᠤᠨ ᠵᠦᠪᠯᠡᠯ ᠠᠴᠠ ︽ᠬᠤᠪᠸᠢ ᠮᠣᠵᠢ ᠶᠢ ᠲᠣᠰᠠᠯᠠᠨ᠂ ᠰᠢᠨ᠎ᠡ ᠲᠢᠲᠢᠮᠯᠢᠭ ᠠᠭᠤᠰᠬᠢᠨ ᠦᠷᠪᠢᠰᠦᠯ ᠤᠨ ᠬᠢᠵᠢᠭ ᠢ ᠡᠰᠡᠷᠬᠦᠴᠡᠬᠦ ᠠᠵᠢᠯ ᠳᠤ ᠲᠣᠪᠣᠶᠢᠮ᠎ᠠ ᠬᠤᠪᠢ ᠨᠡᠮᠡᠷᠢ ᠦᠵᠡᠬᠦᠯᠦᠭᠰᠡᠨ ᠬᠤᠪᠢ ᠬᠦᠮᠦᠨ︾᠂ ᠬᠤᠰᠢᠭᠤ ᠠᠶᠢᠮᠠᠭ ᠠᠴᠠ ᠴᠦ ︽ᠬᠢᠵᠢᠭ ᠢ ᠰᠡᠷᠬᠡᠶᠢᠯᠡᠬᠦ ᠹᠷᠣᠨᠲ ᠲᠤ ᠬᠢ ᠲᠡᠷᠢᠬᠦᠨ ᠤ ᠬᠤᠪᠢ ᠬᠦᠮᠦᠨ︾᠂ ︽ᠬᠠᠮᠤᠭ ᠤᠨ ᠭᠤᠶᠣ ᠬᠡᠷ ᠪᠦᠯᠢ︾ ᠁ ᠵᠡᠷᠬᠡ ᠢᠷᠠᠭᠤ ᠠᠯᠳᠠᠷ ᠢ ᠣᠯᠭᠤᠯ᠎ᠠ᠃ᠦᠩᠬᠡ ᠬᠡᠷᠡᠯ᠂ ᠢᠷᠠᠭᠤ ᠠᠯᠳᠠᠷ ᠤᠨ ᠡᠮᠦᠨ᠎ᠡ ᠡᠬᠦᠷᠬᠡ ᠬᠠᠷᠢᠭᠤᠴᠠᠯᠭ᠎ᠠ ᠨᠡᠩ ᠬᠦᠨᠳᠦ ᠪᠣᠯᠳᠠᠭ ᠠᠵᠢ᠃ 2022 ᠣᠨ ᠤ 3 ᠰᠠᠷ᠎ᠠ᠂ ᠬᠢᠷᠢᠨ ᠮᠣᠵᠢ ᠳᠤ ᠰᠢᠨ᠎ᠡ ᠬᠡᠯᠪᠡᠷᠢ ᠶᠢᠨ ᠲᠢᠳᠢᠮᠯᠢᠭ ᠠᠭᠤᠰᠬᠢᠨ ᠦᠷᠪᠢᠰᠦᠯ ᠤᠨ ᠬᠢᠵᠢᠭ ᠲᠠᠬᠢᠨᠳᠠ ᠲᠡᠯᠬᠡᠷᠡᠵᠦ᠂ ᠬᠢᠵᠢᠭ ᠲᠤ  ᠬᠠᠯᠳᠠᠪᠤᠷᠢᠯᠠᠭᠳᠠᠭᠰᠠᠳ ᠤᠨ ᠲᠤᠭ᠎ᠠ ᠬᠦᠮᠦᠰ ᠢ ᠰᠣᠴᠢᠭᠠᠮ᠎ᠠ ᠨᠡᠮᠡᠭᠳᠡᠵᠦ ᠡᠬᠢᠯᠡᠪᠡ᠃ ᠬᠢᠷᠢᠨ ᠮᠣᠵᠢ ᠨᠢ ᠬᠤᠷᠴᠢᠨ ᠪᠠᠷᠠᠭᠤᠨ ᠭᠠᠷᠣᠨ ᠲᠣᠮᠳᠠᠳᠣ ᠬᠤᠰᠢᠭᠤ ᠲᠠᠢ ᠬᠦᠷᠰᠢᠯᠡᠵᠦ ᠪᠠᠶᠢᠳᠠᠭ᠃ 3 ᠳ᠋ᠤᠭᠠᠷ ᠰᠠᠷ᠎ᠠ ᠶᠢᠨ 14 ᠤ ᠡᠳᠦᠷ᠂ ᠬᠤᠷᠴᠢᠨ ᠪᠠᠷᠠᠭᠤᠨ ᠭᠠᠷᠣᠨ ᠲᠣᠮᠳᠠᠳᠣ ᠬᠤᠰᠢᠭᠤᠨ ᠤ ᠡᠯ᠎ᠡ ᠡᠮᠨᠡᠯᠬᠡ  ᠶᠢᠨ ᠬᠤᠷᠢᠶ᠎ᠠ ᠠᠴᠠ ᠬᠤᠸᠠᠩ ᠣᠶᠣᠩᠭᠤᠸ᠎ᠠ ᠪᠠᠷ ᠲᠣᠯᠣᠭᠠᠶᠢᠯᠠᠭᠤᠯᠣᠭᠰᠠᠨ ᠬᠢᠵᠢᠭ ᠡᠪᠡᠳᠴᠢᠨ ᠢ ᠡᠵᠡᠮᠳᠡᠨ ᠰᠡᠷᠬᠡᠶᠢᠯᠡᠬᠦ ᠬᠠᠰᠢᠷ ᠲᠣᠷᠰᠢᠯᠭ᠎ᠠ ᠲᠠᠢ ᠠᠷᠪᠠᠨ ᠭᠤᠷᠪᠠᠨ ᠨᠡᠷᠡᠰ ᠡᠮᠴᠢ ᠰᠣᠪᠢᠯᠠᠭᠴᠢ ᠪᠠᠷ ᠪᠦᠷᠢᠯᠳᠦᠭᠰᠡᠨ ᠡᠮᠴᠢᠯᠡᠨ ᠲᠣᠰᠠᠯᠠᠬᠤ ᠠᠩᠬᠢ ᠶᠢ ᠲᠠᠷᠣᠢ  ᠳᠤ ᠨᠢ ᠵᠣᠬᠢᠶᠠᠨ ᠪᠠᠶᠢᠭᠤᠯᠵᠣ ᠬᠢᠷᠢᠨ ᠮᠣᠵᠢ ᠳᠤ ᠲᠣᠮᠢᠯᠠᠨ ᠣᠴᠢᠭᠤᠯᠵᠠᠢ᠃ ᠲᠡᠳᠡ ᠴᠠᠩᠴᠦ᠋ᠨ ᠬᠤᠳᠠ ᠶᠢᠨ ᠡᠮᠨᠡᠯᠬᠡ ᠶᠢᠨ ᠬᠤᠷᠢᠶ᠎ᠠ ᠳᠤ᠂ ᠬᠢᠵᠢᠭ ᠬᠠᠯᠳᠣᠪᠣᠷᠢᠯᠠᠭᠳᠠᠭᠰᠠᠨ ᠡᠪᠡᠳᠴᠢᠳᠡᠨ ᠢ ᠰᠣᠪᠢᠯᠠᠨ ᠲᠡᠩᠬᠡᠷᠡᠬᠦᠯᠬᠦ ᠠᠵᠢᠯ ᠳᠤ 36 ᠡᠳᠦᠷ ᠬᠠᠳᠠᠭᠤᠵᠢᠯᠳᠠᠢ ᠠᠵᠢᠯᠯᠠᠵᠣ᠂ ᠡᠬᠦᠷᠬᠡ ᠬᠠᠷᠢᠭᠤᠴᠠᠯᠭ᠎ᠠ ᠪᠠᠨ ᠬᠢᠯᠠᠯᠵᠠᠳᠠᠯ᠎ᠠ ᠪᠡᠶᠡᠯᠡᠬᠦᠯᠵᠡᠢ᠃ ᠡᠪᠡᠳᠴᠢᠳᠡᠨ  ᠨᠢ ᠦᠬᠦᠯ ᠠᠳᠡᠯ ᠦᠬᠡᠢ᠂ ᠡᠮᠴᠢ ᠰᠣᠪᠢᠯᠠᠭᠴᠢᠳ ᠬᠢᠵᠢᠭ  ᠲᠤ ᠬᠠᠯᠳᠠᠪᠤᠷᠢᠯᠠᠭᠳᠠᠯ ᠦᠬᠡᠢ  ᠪᠠᠶᠢᠬᠤ ᠶᠢ ᠪᠠᠳᠣᠯᠠᠵᠣ᠂ ᠬᠤᠰᠢᠭᠤ ᠵᠠᠰᠠᠭ ᠲᠤ ᠪᠠᠨ ᠡᠳᠦᠷ ᠪᠦᠷᠢ ᠠᠮᠵᠢᠯᠳᠠ ᠪᠦᠳᠦᠮᠵᠢ ᠶᠢᠨ ᠪᠠᠶᠠᠷ ᠤᠨ ᠴᠢᠮᠡᠭᠡ ᠲᠣᠭᠤᠯᠭᠠᠵᠣ ᠯᠡ ᠪᠠᠶᠢᠯ᠎ᠠ᠃ ᠲᠡᠳᠡ 5  ᠳ᠋ᠤᠭᠠᠷ ᠰᠠᠷ᠎ᠠ ᠶᠢᠨ 2 ᠤ ᠡᠳᠦᠷ ᠠᠮᠵᠢᠯᠳᠠ ᠲᠦᠬᠦᠷᠡᠩ  ᠢᠶᠠᠷ ᠨᠣᠳᠤᠭ ᠲᠤ ᠪᠠᠨ ᠪᠣᠴᠠᠪᠠ᠃ ᠴᠠᠩᠴᠦ᠋ᠨ ᠬᠤᠳᠠ ᠳᠤ ᠬᠢᠵᠢᠭ ᠲᠠᠢ ᠲᠡᠮᠡᠴᠡᠭᠰᠡᠨ ᠲᠡᠳᠡᠬᠡᠷ ᠡᠳᠦᠷ ᠬᠤᠨᠤᠭ ᠤᠳ ᠲᠤ ᠬᠤᠸᠠᠩ ᠣᠶᠣᠩᠭᠤᠸ᠎ᠠ ᠬᠠᠰᠢᠷ ᠲᠣᠷᠰᠢᠯᠭ᠎ᠠ ᠪᠠᠨ ᠬᠠᠮᠳᠣ ᠠᠵᠢᠯᠯᠠᠭᠰᠠᠳ ᠲᠤ  ᠪᠠᠨ ᠬᠠᠷᠠᠮ ᠦᠬᠡᠢ ᠬᠤᠪᠢᠶᠠᠯᠴᠠᠨ ᠣᠯᠠᠮᠵᠢᠯᠠᠵᠣ᠂  ᠬᠤᠪᠢᠳᠠᠭᠰᠠᠨ ᠲᠣᠭᠤᠷᠢᠭ ᠤᠨ ᠢᠶᠠᠨ ᠡᠪᠡᠳᠴᠢᠳᠡᠨ  ᠪᠦᠷᠢ  ᠳᠤ ᠮᠣᠩᠭᠤᠯ ᠪᠦᠰᠡᠬᠦᠢ ᠶᠢᠨ ᠦᠨᠡᠨᠴᠢ ᠲᠣᠰᠠᠷᠬᠠᠭ ᠵᠠᠩ ᠢᠶᠠᠷ ᠬᠠᠨᠳᠣᠨ᠂ ᠶᠠᠳᠠᠷᠠᠯ ᠵᠦᠳᠡᠷᠡᠯ  ᠢᠶᠠᠨ  ᠬᠠᠶᠢᠬᠤᠷᠤᠯ ᠦᠬᠡᠢ ᠠᠵᠢᠯᠠᠯᠠᠭᠰᠠᠨ ᠶᠣᠮ᠃ᠬᠤᠸᠠᠩ ᠣᠶᠣᠩᠭᠤᠸ᠎ᠠ ᠬᠢᠷᠢᠨ ᠮᠣᠵᠢ ᠠᠴᠠ ᠨᠣᠳᠤᠭ ᠲᠤ ᠪᠠᠨ ᠪᠣᠴᠠᠭᠠᠳ ᠲᠡᠮᠡᠢ ᠬᠡᠳᠦᠨ ᠡᠳᠦᠷ ᠪᠣᠯᠣᠯ ᠦᠬᠡᠢ᠂ ᠬᠤᠰᠢᠭᠤᠨ ᠤ ᠡᠷᠡᠬᠦᠯ ᠬᠠᠮᠠᠭᠠᠯᠠᠯ ᠤᠨ ᠲᠣᠪᠴᠢᠶ᠎ᠠ ᠠᠴᠠ ᠬᠢᠵᠢᠭ ᠲᠠᠢ ᠲᠡᠮᠡᠴᠡᠬᠦ ᠡᠮᠴᠢ ᠰᠣᠪᠢᠯᠠᠭᠴᠢᠳ ᠤᠨ ᠠᠩᠬᠢ  ᠳᠤ ᠬᠢᠵᠢᠭ ᠢ ᠰᠡᠷᠬᠡᠶᠢᠯᠡᠨ ᠡᠵᠡᠮᠳᠡᠬᠦ ᠲᠣᠷᠰᠢᠯᠭ᠎ᠠ ᠣᠯᠠᠮᠵᠢᠯᠠᠬᠤ ᠡᠬᠦᠷᠬᠡ ᠶᠢ ᠲᠡᠭᠦᠨ ᠳᠤ ᠲᠠᠭᠠᠭᠠᠯᠭᠠᠴᠢᠬᠠᠪᠠ᠃ ᠲᠡᠷᠡ ᠠᠵᠢᠯ ᠤᠨ ᠴᠢᠯᠦᠬᠡ ᠪᠠᠨ ᠠᠰᠢᠭᠯᠠᠵᠣ ᠬᠢᠵᠢᠭ  ᠲᠠᠢ ᠲᠡᠮᠡᠴᠡᠬᠦ ᠡᠮᠦᠨ᠎ᠡ ᠹᠷᠣᠨᠲ ᠲᠤ ᠬᠤᠶᠠᠷ ᠣᠳᠠᠭ᠎ᠠ ᠡᠷᠡᠯᠬᠡᠭᠯᠡᠨ ᠪᠠᠶᠢᠯᠳᠣᠵᠣ ᠠᠮᠵᠢᠯᠳᠠ ᠣᠯᠣᠭᠰᠠᠨ ᠲᠣᠷᠰᠢᠯᠭ᠎ᠠ ᠪᠠᠨ ᠣᠯᠠᠨ ᠣᠳᠠᠭ᠎ᠠ ᠨᠢᠷᠢᠨ ᠨᠢᠮᠪᠠᠢ ᠵᠢᠭᠠᠨ ᠣᠯᠠᠮᠵᠢᠯᠠᠭᠰᠠᠨ ᠪᠠᠶᠢᠨ᠎ᠠ᠃ ᠲᠡᠬᠦᠨ ᠤ ᠬᠢᠴᠢᠶᠡᠯ ᠢ ᠰᠣᠨᠣᠰᠣᠭᠰᠠᠨ ᠡᠮᠴᠢ ᠰᠣᠪᠢᠯᠠᠭᠴᠢᠳ ᠬᠢᠵᠢᠭ ᠢ ᠰᠡᠷᠬᠡᠶᠢᠯᠡᠨ ᠡᠵᠡᠮᠳᠡᠬᠦ ᠲᠣᠷᠰᠢᠯᠠᠭ᠎ᠠ ᠬᠦᠷᠳᠡᠨ᠂ ᠪᠢᠰᠢᠷᠡᠨ   ᠪᠠᠭ᠋ᠠᠳᠣᠨ᠎ᠠ᠂ ᠡᠯ᠎ᠡ ᠬᠢᠵᠢᠭ ᠢ ᠡᠵᠡᠮᠳᠡᠨ ᠰᠡᠷᠬᠡᠶᠢᠯᠡᠬᠦ ᠴᠡᠭ ᠲᠤ ᠬᠦᠷᠴᠦ ᠰᠣᠷᠣᠭᠰᠠᠨ  ᠮᠡᠷᠭᠡᠵᠢᠯ ᠢᠶᠠᠷ ᠢᠶᠠᠨ ᠰᠢᠭᠤᠷᠬᠠᠶᠢᠯᠠᠨ ᠠᠵᠢᠯᠯᠠᠵᠠᠭᠠᠨ᠎ᠠ᠃      ᠲᠣᠬᠠᠶᠢᠯᠠᠭᠰᠠᠨ ᠠᠵᠢᠯ ᠳᠤ ᠪᠠᠨ ᠭᠠᠪᠰᠢᠭᠠᠶᠢᠯᠠᠨ ᠠᠵᠢᠯᠯᠠᠳᠠᠭ ᠪᠦᠬᠡᠳ ᠲᠡᠬᠡᠷ᠎ᠡ ᠱᠠᠳᠣᠨ ᠠᠴᠠ ᠲᠠᠭᠠᠭᠠᠯᠭᠠᠬᠤ ᠡᠬᠦᠷᠬᠡ ᠶᠢ ᠴᠦ ᠴᠢᠳᠠᠬᠤ ᠶᠢᠨ ᠬᠢᠷᠢ ᠪᠠᠷ ᠪᠡᠶᠡᠯᠡᠬᠦᠯᠵᠦ᠂ ᠬᠠᠮᠳᠣ ᠠᠵᠢᠯᠯᠠᠭᠰᠠᠳ ᠲᠤ ᠪᠠᠨ ᠬᠦᠷᠢᠶᠡᠯᠡᠯ ᠲᠠᠢ᠂ ᠣᠳᠣᠷᠢᠳᠣᠯᠭ᠎ᠠ ᠨᠠᠷ ᠲᠤ ᠪᠠᠨ ᠢᠳᠡᠬᠡᠯ ᠲᠠᠢ᠂ ᠡᠪᠡᠳᠴᠢᠳᠡᠨ ᠣᠯᠠᠨ ᠳᠤ ᠮᠠᠭᠳᠠᠭᠠᠯ ᠲᠠᠢ ᠬᠤᠸᠠᠩ ᠣᠶᠣᠩᠭᠤᠸ᠎ᠠ ᠢᠷᠠᠭᠤ ᠠᠯᠳᠠᠷ ᠤᠨ ᠡᠮᠦᠨ᠎ᠡ  ᠣᠮᠤᠷᠬᠠᠭᠯᠠᠨ ᠵᠣᠭᠰᠣᠩᠭᠤᠶᠢᠷᠠᠭᠰᠠᠨ ᠪᠣᠰᠣ᠂ ᠬᠠᠷᠢᠨ ᠡᠳᠦᠷ ᠠᠴᠠ ᠡᠳᠦᠷ ᠬᠦᠨᠳᠦᠷᠡᠬᠦ ᠬᠠᠷᠢᠭᠤᠴᠠᠯᠭ᠎ᠠ ᠶᠢ ᠲᠣᠷᠠᠳᠠᠶ᠎ᠠ ᠡᠬᠦᠷᠬᠡᠯᠡᠨ ᠠᠪᠴᠣ᠂ ᠨᠢᠬᠡᠳ ᠨᠢᠭᠡ ᠪᠠᠷ ᠬᠢᠯᠠᠯᠵᠠᠳᠠᠯ᠎ᠠ ᠪᠡᠶᠡᠯᠡᠬᠦᠯᠵᠦ ᠶᠠᠪᠣᠳᠠᠭ ᠠᠵᠢ᠃ ᠬᠦᠴᠢᠷ ᠪᠡᠷᠬᠡ ᠶᠢᠨ ᠡᠮᠦᠨ᠎ᠡ  ᠭᠤᠶᠢᠪᠢᠰᠢ ᠦᠬᠡᠢ ᠡᠷᠡᠰᠬᠡᠨ᠂ ᠬᠦᠮᠦᠨ ᠵᠣᠨ ᠳᠤ ᠪᠠᠨ ᠡᠯᠢᠬᠡᠰᠡᠭ ᠲᠣᠳᠣᠨᠣ᠂ ᠲᠠᠷᠬᠠᠨ ᠬᠠᠷᠢᠭᠤᠴᠠᠯᠭ᠎ᠠ ᠲᠤ ᠪᠠᠨ ᠬᠤᠶᠢᠷᠭᠤᠰᠢᠯ ᠦᠬᠡᠢ ᠦᠨᠡᠨᠴᠢ ᠪᠠᠳᠣ ᠪᠠᠶᠢᠳᠠᠭ ᠬᠤᠸᠠᠩ ᠣᠶᠣᠩᠭᠤᠸ᠎ᠠ  ᠪᠣᠯ  ᠡᠷᠡᠭᠦᠯ ᠡᠩᠭᠡ ᠶᠢᠨ ᠡᠯᠴᠢ  ᠪᠢᠯᠡ᠃ᠵᠤᠬᠢᠶᠠᠭᠴᠢ ᠶᠢᠨ ᠬᠠᠶ᠋ᠢᠭ᠄ ᠬᠤᠷᠴᠢᠨ ᠪᠠᠷᠠᠭᠤᠨ ᠭᠠᠷᠣᠨ ᠲᠣᠮᠳᠠᠳᠣ  ᠬᠤᠰᠢᠭᠤ ᠶᠢᠨ ᠣᠳᠬ᠎ᠠ ᠣᠷᠠᠯᠢᠭ ᠤᠨ ᠬᠢᠨ  ᠤ ᠬᠤᠯᠪᠣᠭ᠎ᠠ 
 
ᠢᠷᠡᠯᠲᠡ᠄ ᠦᠪᠤᠷ ᠮᠤᠩᠭᠤᠯ ᠤᠨ ︽ᠨᠡᠶᠢᠬᠡᠮ︾ ᠰᠡᠳᠬᠦᠯ
 
 
ᠬᠠᠮᠢᠶ᠎ᠡ ᠪᠦᠬᠦᠢ ᠰᠣᠨᠢᠨ
 
2014-2015 ©  ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备05070829号