— ᠠ᠊ · ᠡᠷᠳᠡᠨᠢᠪᠡᠶᠡᠷ ᠪᠠᠭᠰᠢ ᠶᠢᠨ ᠨᠤᠳᠤᠭ ᠤᠰᠤᠨ ᠳᠤ ᠪᠠᠨ ᠬᠢᠵᠤ ᠪᠦᠳᠤᠭᠡᠭᠰᠡᠨ ᠬᠡᠳᠤᠨ ᠶᠠᠪᠤᠳᠡᠯ ᠢ | ᠡᠷᠬᠢᠴᠡᠬᠦᠯᠬᠦ ᠨᠢ | ᠳ᠋᠊ · ᠦᠯᠵᠠᠶᠢᠬᠤᠳᠤᠭ ᠵᠣᠬᠢᠶᠠᠪᠠ | ᠠ᠊ · ᠡᠷᠳᠡᠨᠢᠪᠠᠶᠡᠷ ᠪᠠᠭᠰᠢ ᠨᠤᠳᠤᠭ ᠤᠰᠤ ᠪᠠᠨ ᠬᠡᠪᠡᠯ ᠦᠨᠤᠴᠢᠨ ᠡᠯᠢᠭᠡ ᠨᠢ ᠦᠨᠳᠡᠯᠵᠡᠵᠤ᠂ ᠠᠭᠤᠰᠬᠢ | ᠵᠢᠷᠤᠭᠡ ᠨᠢ ᠲᠡᠳᠡᠯᠳᠤᠳᠠᠭ ᠶᠤᠮ᠃ ᠲᠡᠷᠨ ᠵᠠᠪᠰᠢᠶᠡᠨ ᠲᠤᠬᠢᠶᠡᠯ ᠯᠠ ᠪᠠᠶᠢᠪᠡᠯ ᠲᠦᠷᠦᠯᠬᠢ ᠨᠤᠳᠤᠭ ᠲᠤ ᠪᠠᠨ | ᠬᠠᠷᠢᠵᠤ ᠲᠦᠷᠤᠯ ᠰᠡᠳᠤᠨ᠂ ᠪᠠᠭᠰᠢ ᠠᠬᠠᠮᠡᠳ᠂ ᠨᠠᠶᠢᠵᠠ ᠨᠦᠬᠦᠳ᠂ ᠬᠠᠮᠳᠤ ᠰᠤᠷᠤᠭᠴᠢ ᠪᠠᠨ ᠡᠷᠬᠢᠨ ᠦᠵᠡᠳᠡᠭ | ᠪᠠᠶᠢᠨ᠎ᠠ᠃ ᠲᠡᠷᠨ ᠨᠤᠳᠤᠭ ᠤᠰᠤᠨ ᠤ ᠪᠠᠨ ᠠᠵᠤ ᠠᠬᠤᠢ ᠨᠠᠶᠢᠬᠡᠮ ᠤᠨ ᠬᠤᠪᠢᠷᠡᠯᠳᠡ ᠬᠦᠭᠵᠢᠯᠳᠡ ᠳᠤ ᠴᠠᠭ | ᠢᠮᠠᠭᠳᠠ ᠰᠠᠨᠠᠭᠠᠰᠢᠷᠡᠨ᠂ ᠨᠠᠢᠮᠠᠨ ᠬᠤᠰᠢᠭᠤ ᠪᠠᠨ ᠦᠷᠭᠡᠨ ᠢᠶᠠᠷ ᠤᠬᠠᠭᠤᠯᠵᠤ᠂ ᠨᠠᠢᠮᠠᠨ ᠨᠤᠳᠤᠭ ᠲᠠᠢ ᠵᠠᠯᠠᠭᠤ | ᠤᠶᠤᠳᠡᠳ ᠢ ᠬᠠᠯᠠᠮᠵᠢᠯᠡᠨ ᠬᠦᠮᠤᠵᠢᠬᠦᠯᠵᠤ᠂ ᠨᠠᠢᠮᠠᠨ ᠤ ᠰᠤᠷᠭᠠᠨ ᠬᠦᠮᠤᠵᠢᠯ᠂ ᠡᠮ ᠡᠮᠨᠡᠯᠭᠡ᠂ ᠲᠡᠤᠭᠡ ᠰᠤᠶᠤᠯ | ᠤᠨ ᠬᠦᠭᠵᠢᠯᠳᠡ ᠪᠡ ᠰᠤᠳᠤᠯᠭᠠᠨ ᠤ ᠠᠵᠢᠯ ᠳᠤ ᠪᠠᠯᠡᠷᠡᠰᠢ ᠦᠭᠡᠢ ᠭᠠᠪᠢᠶ᠎ᠠ ᠵᠢᠳᠬᠦᠯ ᠦᠵᠡᠬᠦᠯᠦᠭᠰᠡᠨ ᠶᠤᠮ᠃ | ᠠᠳᠡ ᠪᠢ ᠪᠡᠶ᠎ᠠ ᠪᠠᠷ ᠢᠶᠠᠨ ᠦᠡᠭᠭᠡᠷᠡᠬᠦᠯᠦᠭᠰᠡᠨ ᠬᠡᠳᠤᠨ ᠶᠠᠪᠤᠳᠡᠯ ᠢ ᠡᠷᠬᠢᠴᠡᠬᠦᠯᠵᠤ᠂ ᠠ᠊ · ᠡᠷᠳᠡᠨᠢᠪᠠᠶᠡᠷ | ᠪᠠᠭᠰᠢ ᠶᠢᠨ ᠬᠡᠭᠡᠨ ᠲᠤᠷᠡᠳᠬᠠᠯ ᠳᠤ ᠡᠷᠬᠦᠨ ᠪᠡᠷᠢᠰᠤᠭᠠᠢ᠃ | ᠨᠢᠭᠡ᠂ ᠨᠠᠢᠮᠠᠨ ᠬᠤᠰᠢᠭᠤᠨ ᠳᠤ ᠵᠠᠮᠪᠠᠯᠳᠤᠷᠵᠢ ᠶᠢᠨ ᠲᠤᠬᠠᠢ ᠬᠠᠯᠠᠭᠤᠷᠡᠯ ᠢ ᠡᠬᠦᠰᠬᠡᠭᠰᠡᠨ ᠨᠢ | 2009 ᠤᠨ ᠤ 11 ᠳ᠋ᠦ᠋ᠭᠡᠷ ᠰᠡᠷ᠎ᠠ ᠶᠢᠨ 28 ᠤ ᠡᠳᠤᠷ᠂ ᠨᠠᠢᠮᠠᠨ ᠬᠤᠰᠢᠭᠤᠨ ᠤ ᠲᠡᠴᠢᠨᠳᠡᠯᠠ ᠪᠠᠯᠭᠠᠰᠤᠨ | ᠳᠤ ︽ᠪᠦᠬᠦ ᠤᠯᠤᠰ ᠤᠨ ᠠᠩᠬᠠᠳᠤᠭᠠᠷ ᠤᠳᠠᠭᠠᠨ ᠤ ᠵᠠᠮᠪᠠᠯᠳᠤᠷᠵᠢ ᠬᠢᠭᠡᠳ ᠨᠠᠢᠮᠠᠨ ᠤ ᠰᠤᠶᠤᠯ ᠲᠡᠤᠭᠡ ᠶᠢᠨ | ᠲᠤᠬᠠᠢ ᠰᠤᠳᠤᠯᠬᠤ ᠬᠤᠷᠡᠯ︾ ᠦᠪᠡᠳᠡᠭᠰᠢ ᠶᠡᠭᠡ ᠪᠠᠷ ᠨᠡᠭᠡᠭᠡᠭᠳᠡᠪᠡ᠃ ᠡᠨᠡ ᠶᠡᠭᠡ ᠬᠤᠷᠡᠯ ᠢ ᠬᠤᠷᠡᠯᠳᠤᠭᠤᠯᠬᠤ ᠶᠢᠨ | ᠲᠦᠯᠤᠭᠡ ᠠ᠊ · ᠡᠷᠳᠡᠨᠢᠪᠠᠶᠡᠷ ᠪᠠᠭᠰᠢ ᠪᠦᠬᠦ ᠬᠦᠴᠤᠨ ᠴᠢᠳᠡᠯ ᠢᠶᠠᠨ ᠰᠢᠪᠬᠠᠭᠰᠡᠨ ᠶᠤᠮ᠃ ᠲᠡᠷᠨ ᠪᠠᠳᠮᠬᠤᠳᠰᠡᠷ | ᠪᠠᠭᠰᠢ᠂ ᠮᠠ ᠦᠯᠵᠡᠢ ᠡᠷᠬᠢᠯᠡᠭᠴᠢ ᠲᠠᠢ ᠬᠠᠮᠳᠤ ᠭᠤᠷᠪᠠ ᠤᠳᠠᠭ᠎ᠠ ᠨᠠᠢᠮᠠᠨ ᠬᠤᠰᠢᠭᠤᠨ ᠳᠤ ᠤᠴᠢᠵᠤ᠂ | ᠬᠤᠰᠢᠭᠤᠨ ᠤ ᠨᠠᠮ ᠤᠨ ᠬᠤᠷᠢᠶ᠎ᠠ ᠶᠢᠨ ᠱᠦᠵᠢ ᠪᠣᠯᠣᠨ ᠬᠤᠰᠢᠭᠤᠨ ᠲᠡᠷᠤᠭ᠎ᠠ ᠶᠢ ᠡᠷᠢᠵᠤ᠂ ᠬᠤᠶᠡᠷ ᠤᠳᠠᠭ᠎ᠠ | ᠬᠦᠬᠡᠬᠤᠳᠠ ᠳᠤ ᠵᠤᠴᠢᠯᠠᠨ ᠲᠡᠶᠢᠯᠠᠭᠠᠳ ᠪᠦᠷ ᠪᠦᠳᠦᠭᠰᠡᠨ ᠦᠭᠡᠢ᠃ ᠬᠠᠮᠤᠭ ᠰᠡᠬᠦᠯ ᠤᠨ ᠤᠳᠠᠭ᠎ᠠ ᠨᠠᠢᠮᠠᠨ | ᠬᠤᠰᠢᠭᠤᠨ ᠳᠤ ᠤᠴᠢᠵᠤ ᠡᠤ ᡁᠢ ᠴᠢᠶᠠᠩ ᠡᠷᠬᠢᠯᠡᠭᠴᠢ ᠶᠢ ᠡᠷᠢᠭᠡᠳ ᠰᠠᠶ᠋ᠢ ᠪᠦᠳᠤᠭᠡᠵᠤ ᠲᠡᠶᠢᠯᠦᠭᠰᠡᠨ ᠶᠤᠮ᠃ | ᠬᠤᠷᠡᠯ ᠳᠤ᠂ ᠨᠠᠢᠮᠠᠨ ᠬᠤᠰᠢᠭᠤᠨ ᠤ ᠲᠡᠯ᠎ᠠ ᠠᠴᠠ ᠠᠷᠡᠳ ᠤᠨ ᠲᠦᠯᠤᠭᠡᠯᠡᠭᠴᠢᠳ ᠤᠨ ᠶᠡᠭᠡ ᠬᠤᠷᠡᠯ ᠤᠨ ᠪᠠᠶᠢᠩᠭᠤ | ᠶᠢᠨ ᠬᠤᠷᠢᠶᠠᠨ ᠤ ᠡᠷᠬᠢᠯᠡᠭᠴᠢ ᠡᠤ ᡁᠢ ᠴᠢᠶᠠᠩ᠂ ᠳᠡᠳ᠋ ᠡᠷᠬᠢᠯᠡᠭᠴᠢ ᠲᠡᠮᠤᠷᠠ᠂ ᠲᠡᠳ᠋ ᠬᠤᠰᠢᠭᠤᠨ ᠲᠡᠷᠤᠭ᠎ᠠ ᠱᠢ | ᠶᠠᠨ ᠴᠦᠨ᠂ ᠤᠯᠤᠰ ᠲᠦᠷᠤ ᠶᠢᠨ ᠵᠦᠪᠯᠡᠯᠭᠡᠨ ᠤ ᠲᠡᠳ᠋ ᠲᠡᠷᠢᠬᠦᠯᠡᠭᠴᠢ ᠰᠢ ᠡᠷᠬᠢᠮᠪᠠᠶᠡᠷ᠂ ᠬᠠᠷᠡᠪᠡᠷᠰ ᠨᠡᠷ | ᠤᠷᠤᠯᠴᠡᠵᠤ᠂ ᠬᠤᠰᠢᠭᠤᠨ ᠤ ᠨᠠᠮ ᠤᠨ ᠬᠤᠷᠢᠶ᠎ᠠ ᠶᠢᠨ ᠱᠦᠵᠢ ᠪᠣᠯᠣᠨ ᠬᠤᠰᠢᠭᠤᠨ ᠲᠡᠷᠤᠭ᠎ᠠ ᠦᠭᠡᠷ᠎ᠠ ᠶᠠᠪᠤᠳᠡᠯ | ᠲᠠᠢ ᠬᠡᠳ ᠬᠤᠷᠡᠯ ᠤᠨ ᠨᠡᠭᠡᠭᠡᠯᠳᠡ ᠶᠢᠨ ᠶᠤᠰᠤᠯᠡᠯ ᠳᠤ ᠤᠷᠤᠯᠴᠠᠭᠰᠡᠨ ᠦᠭᠡᠢ᠃ ᠶᠡᠭᠡ ᠬᠤᠷᠡᠯ ᠳᠤ᠂ ᠪ᠊ · | ᠬᠡᠷᠡᠯᠳᠤ ᠪᠠᠭᠰᠢ᠂ ᠠᠭᠤᠯᠠ ᠲᠡᠷᠤᠭ᠎ᠠ᠂ ᠡᠷᠳᠡᠨᠢ ᠲᠡᠷᠤᠭ᠎ᠠ᠂ ᠪᠠᠯᠵᠢᠨᠢᠮ᠎ᠠ ᠪᠠᠭᠰᠢ᠂ ᠤᠷᠳᠤᠰ ᠤᠨ ᠴ᠊ · | ᠬᠠᠰᠪᠢᠯᠢᠭ᠍ᠳᠦ ᠨᠠᠰᠤᠳᠡᠨ᠂ ᠪᠡᠭᠡᠵᠢᠩ ᠤᠨ ᠵᠤᠬᠢᠶᠠᠯᠴᠢ ᠪᠠᠭᠠᠨ᠎ᠠ᠂ ᠪᠠᠶᠡᠷᠮᠠᠨᠳᠤ ᠪᠠᠭᠰᠢ᠂ ᠪᠠᠳᠮᠬᠤᠳᠰᠡᠷ ᠪᠠᠭᠰᠢ᠂ | ᠵᠠᠭᠤᠨᠨᠠᠰᠤᠳᠤ ᠤᠳᠤᠷᠢᠳᠤᠭᠠᠴᠢ᠂ ᠮᠠ ᠦᠯᠵᠡᠢ ᠡᠷᠬᠢᠯᠡᠭᠴᠢ᠂ ᠡᠤ ᠶᠢᠨ ᠪᠤᠤ ᠬᠤᠷᠢᠶᠠᠨ ᠲᠡᠷᠤᠭ᠎ᠠ ᠵᠡᠷᠭᠡ ᠡᠷᠳᠡᠮᠳᠡᠨ | ᠪᠠᠭᠰᠢ᠂ ᠲᠤᠰᠬᠠᠢ ᠮᠡᠷᠭᠡᠵᠢᠯᠳᠡᠳ ᠬᠡᠷᠡᠯᠳᠤᠬᠦᠯᠤᠨ ᠰᠠᠭᠠᠳᠠᠭᠰᠡᠨ ᠶᠤᠮ᠃ ᠪᠡᠭᠡᠵᠢᠩ᠂ ᠬᠦᠬᠡᠬᠤᠳᠠ᠂ ᠲᠦᠡᠭᠯᠢᠶᠤᠤ | ᠪᠤᠯᠤᠨ ᠪᠤᠰᠤᠳ ᠭᠠᠵᠡᠷ ᠠᠴᠠ ᠵᠠᠭᠤ ᠭᠠᠷᠤᠢ ᠬᠦᠮᠦᠨ ᠤᠷᠤᠯᠴᠡᠵᠡᠢ᠃ | ᠬᠤᠷᠡᠯ ᠲᠡᠭᠡᠷ᠎ᠠ ᠠ᠊ · ᠡᠷᠳᠡᠨᠢᠪᠡᠶᠡᠷ ᠪᠠᠭᠰᠢ ᠭᠤᠤᠯ ᠰᠡᠳᠤᠪᠳᠤ ᠢᠯᠡᠳᠬᠡᠯ ᠬᠢᠵᠤ᠂ ᠵᠠᠮᠪᠠᠯᠳᠤᠷᠵᠢ ᠶᠢᠨ ᠲᠤᠬᠠᠢ | ᠰᠤᠳᠤᠯᠭᠠᠨ ᠤ ᠦᠷ᠎ᠠ ᠪᠦᠳᠤᠭᠡᠯ ᠢᠶᠠᠨ ᠰᠢᠰᠲ᠋ᠧᠮ ᠲᠠᠢ ᠲᠡᠨᠢᠯᠴᠠᠭᠤᠯᠵᠡᠢ᠃ ᠬᠤᠷᠡᠯ ᠠᠴᠠ ᠪᠠᠰᠠ ᠨᠠᠢᠮᠠᠨ | ᠬᠤᠰᠢᠭᠤᠨ ᠤ ᠮᠤᠩᠭᠤᠯ ᠲᠤᠮᠳᠠᠳᠤ ᠰᠤᠷᠭᠠᠭᠤᠯᠢ ᠳᠤ ᠬᠤᠪᠢᠶᠡᠷᠢ ᠬᠤᠷᠡᠯ ᠤᠨ ᠲᠠᠯᠠᠪᠠᠢ ᠭᠠᠷᠭᠠᠵᠤ᠂ ᠵᠡᠷᠢᠮ | ᠡᠷᠳᠡᠮᠳᠡᠳ ᠢ ᠤᠷᠢᠵᠤ ᠮᠡᠳᠡᠬᠦᠯᠤᠯᠳᠡ ᠬᠢᠯᠬᠡᠭᠰᠡᠨ ᠪᠦᠭᠡᠳ ᠨᠠᠢᠮᠠᠨ ᠤ ᠠᠵᠤ ᠤᠶᠢᠯᠡᠳᠪᠤᠷᠢ ᠶᠢᠨ ᠲᠤᠭᠤᠷᠢᠭ᠂ | ᠸᠡᠩ ᠤᠨ ᠤᠷᠳᠤᠨ ᠤ ᠮᠦᠽᠸᠢ᠂ ᠲᠦᠡᠭᠯᠢᠶᠤᠤ ᠬᠤᠳᠠ ᠶᠢᠨ ᠮᠦᠽᠸᠢ᠂ ᠦᠪᠤᠷ ᠮᠤᠩᠭᠤᠯ ᠤᠨ ᠦᠨᠳᠤᠰᠤᠳᠡᠨ ᠤ | ᠶᠡᠭᠡ ᠰᠤᠷᠭᠠᠭᠤᠯᠢ ᠶᠢ ᠲᠤᠭᠤᠷᠢᠨ ᠦᠵᠡᠪᠡ᠃ ᠢᠡᠭᠬᠢᠭᠡᠳ ᠶᠡᠭᠡ ᠬᠤᠷᠡᠯ ᠨᠢ ᠲᠡᠬᠦᠰ ᠠᠮᠵᠢᠯᠳᠡ ᠤᠯᠤᠭᠰᠡᠨ ᠶᠤᠮ᠃ | | 2017 ᠤᠨ ᠤ 3 ᠰᠡᠷ᠎ᠠ ᠶᠢᠨ 4 ᠤ ᠡᠳᠤᠷ᠂ ︽ᠵᠠᠮᠪᠠᠯᠳᠤᠷᠵᠢ ᠶᠢᠨ ᠮᠤᠩᠭᠤᠯ ᠡᠮ ᠡᠮᠨᠡᠯᠭᠡ ᠶᠢᠨ | ᠬᠦᠭᠵᠢᠯᠳᠡ ᠶᠢᠨ ᠲᠤᠰᠬᠠᠢ ᠰᠡᠳᠤᠪᠳᠤ ᠲᠡᠶᠢᠯᠤᠮᠵᠢ ᠵᠢᠴᠢ ᠶᠠᠷᠢᠯᠴᠡᠨ ᠰᠤᠳᠤᠯᠬᠤ ᠬᠤᠷᠡᠯ︾ ᠨᠠᠢᠮᠠᠨ ᠬᠤᠰᠢᠭᠤᠨ ᠤ | ᠨᠠᠮ ᠤᠨ ᠰᠤᠷᠭᠠᠭᠤᠯᠢ ᠶᠢᠨ ᠮᠡᠳᠡᠬᠦᠯᠤᠯᠳᠡ ᠶᠢᠨ ᠲᠢᠩᠬᠢᠮ ᠳᠤ ᠨᠡᠭᠡᠭᠡᠭᠳᠡᠪᠡ᠃ ᠡᠨᠡ ᠤᠳᠠᠭᠠᠨ ᠤ ᠬᠤᠷᠡᠯ ᠨᠢ | ᠮᠤᠩᠭᠤᠯ ᠡᠮ ᠡᠮᠨᠡᠯᠭᠡ ᠶᠢᠨ ᠰᠤᠶᠤᠯ ᠢ ᠤᠯᠠᠮᠵᠢᠯᠠᠵᠤ᠂ ᠨᠠᠢᠮᠠᠨ ᠤ ᠮᠤᠩᠭᠤᠯ ᠡᠮ ᠡᠮᠨᠡᠯᠭᠡ ᠶᠢᠨ ᠤᠶᠢᠯᠡᠰ ᠢ | ᠬᠦᠭᠵᠢᠬᠦᠯᠬᠦ ᠪᠠᠷ ᠭᠤᠤᠯ ᠰᠡᠳᠤᠪ ᠪᠤᠯᠭᠠᠵᠤ᠂ ᠠ᠊ · ᠡᠷᠳᠡᠨᠢᠪᠡᠶᠡᠷ ᠪᠠᠭᠰᠢ ᠶᠢ ᠤᠷᠢᠵᠤ᠂ ︽ᠵᠠᠮᠪᠠᠯᠳᠤᠷᠵᠢ ᠶᠢᠨ | ᠮᠤᠩᠭᠤᠯ ᠡᠮ ᠡᠮᠨᠡᠯᠭᠡ ᠶᠢᠨ ᠬᠦᠭᠵᠢᠯᠳᠡ ᠳᠤ ᠦᠵᠡᠬᠦᠯᠦᠭᠰᠡᠨ ᠭᠠᠪᠢᠶ᠎ᠠ ᠵᠢᠳᠬᠦᠯ︾ ᠬᠡᠰᠡᠨ ᠭᠠᠷᠴᠠᠭ ᠲᠠᠢ | ᠲᠡᠶᠢᠯᠤᠮᠵᠢ ᠬᠢᠯᠬᠡᠵᠡᠢ᠃ ᠨᠠᠢᠮᠠᠨ ᠬᠤᠰᠢᠭᠤᠨ ᠤ ᠡᠯ᠎ᠠ ᠰᠠᠯᠠᠭ᠎ᠠ ᠮᠦᠴᠢᠷ᠂ ᠰᠤᠮᠤ ᠪᠠᠯᠭᠠᠰᠤᠨ ᠤ ᠬᠢᠨ ᠲᠡᠪᠤᠨ ᠵᠠᠭᠤ | ᠭᠠᠷᠤᠢ ᠬᠦᠮᠤᠨ ᠬᠤᠷᠡᠯ ᠳᠤ ᠤᠷᠤᠯᠴᠡᠨ ᠲᠡᠶᠢᠯᠤᠮᠵᠢ ᠶᠢ ᠰᠤᠨᠤᠰᠤᠭᠰᠡᠨ ᠶᠤᠮ᠃ ᠬᠤᠰᠢᠭᠤᠨ ᠤ ᠨᠠᠮ ᠤᠨ | ᠬᠤᠷᠢᠶ᠎ᠠ ᠶᠢᠨ ᠲᠡᠳ᠋ ᠱᠦᠵᠢ᠂ ᠬᠤᠰᠢᠭᠤᠨ ᠲᠡᠷᠤᠭ᠎ᠠ ᠪᠦᠷᠢᠨ ᠨᠦᠬᠦᠷ ᠶᠡᠭᠡ ᠬᠤᠷᠡᠯ ᠢ ᠡᠷᠬᠢᠯᠡᠨ ᠶᠠᠷᠢᠶ᠎ᠠ ᠲᠡᠯᠪᠢᠵᠡᠢ | ᠃ ᠲᠡᠷᠨ ᠬᠡᠯᠡᠭᠰᠡᠨ ᠨᠢ᠂ ᠤᠳᠤᠬᠠᠨ ᠳᠤ ᠨᠠᠮ ᠤᠨ ᠲᠦᠪ ᠬᠤᠷᠢᠶᠠᠨ ᠠᠴᠠ ᠦᠨᠳᠤᠰᠤᠳᠡᠨ ᠤ ᠡᠮ ᠡᠮᠨᠡᠯᠭᠡ ᠶᠢᠨ | ᠤᠶᠢᠯᠡᠰ ᠤᠨ ᠠᠵᠢᠯ ᠤᠨ ᠲᠤᠬᠢᠷᠠᠭᠤᠯᠤᠯᠳᠡ ᠶᠢ ᠲᠤᠳᠤᠷᠬᠠᠢ ᠲᠤᠷᠡᠳᠴᠤ᠂ ᠲᠤᠰ ᠵᠢᠯ ᠤᠨ ᠨᠠᠮ ᠤᠨ ᠲᠦᠪ | ᠬᠤᠷᠢᠶᠠᠨ ᠤ ᠨᠢᠭᠡᠳᠤᠭᠡᠷ ᠲᠤᠭᠠᠳᠤ ᠪᠢᠴᠢᠭ ᠮᠠᠲ᠋ᠧᠷᠢᠶᠡᠯ ᠳᠤ᠂ ᠦᠨᠳᠤᠰᠤᠳᠡᠨ ᠤ ᠡᠮ ᠤᠨ ᠮᠠᠲ᠋ᠧᠷᠢᠶᠡᠯ ᠨᠢ | ᠰᠢᠯᠢᠳᠡᠭ ᠤᠨᠴᠠᠯᠢᠬᠳᠤ ᠪᠠᠶᠢᠷᠢᠨ ᠳᠤ ᠵᠢᠬᠰᠠᠭᠠᠭᠳᠠᠵᠤ᠂ ᠤᠶᠢᠯᠡᠳᠬᠦᠨ ᠤ ᠪᠦᠳᠤᠴᠡ ᠶᠢ ᠰᠢᠯᠢᠳᠡᠭᠵᠢᠬᠦᠯᠬᠦ᠂ | ᠲᠡᠷᠢᠶᠡᠯᠡᠩ ᠠᠵᠤ ᠠᠬᠤᠢ ᠶᠢᠨ ᠴᠢᠨᠡᠷ ᠢ ᠲᠡᠭᠡᠭᠰᠢᠯᠡᠬᠦᠯᠤᠨ᠂ ᠦᠷ᠎ᠠ ᠠᠰᠢᠭ ᠢ ᠨᠡᠮᠡᠭᠳᠡᠬᠦᠯᠬᠦ ᠨᠢᠬᠡᠨ ᠲᠦᠷᠤᠯ ᠤᠨ | ᠭᠤᠤᠯᠳᠠᠯᠭᠠᠳᠤ ᠠᠵᠤ ᠤᠶᠢᠯᠡᠰ ᠪᠤᠯᠵᠡᠢ᠃ ᠦᠪᠡᠷᠳᠡᠭᠡᠨ ᠵᠠᠰᠠᠬᠤ ᠤᠷᠤᠨ ᠠᠴᠠ ᠮᠤᠩᠭᠤᠯ ᠡᠮ ᠡᠮᠨᠡᠯᠭᠡ ᠶᠢ ᠲᠤᠰ | ᠵᠢᠯ ᠤᠨ ᠭᠤᠤᠯᠳᠠᠯᠭ᠎ᠠ ᠲᠠᠢ ᠲᠦᠯᠬᠢᠨ ᠠᠬᠢᠭᠤᠯᠬᠤ ᠪᠠᠶᠢᠯᠳᠤᠬᠤ ᠪᠤᠳᠤᠯᠭ᠎ᠠ ᠶᠢᠨ ᠴᠢᠨᠡᠷ ᠲᠠᠢ ᠰᠢᠨ᠎ᠠ ᠪᠠᠷ | ᠮᠠᠨᠳᠤᠭᠰᠡᠨ ᠲᠤᠯᠤᠭᠠᠨ ᠵᠤᠶᠢᠯ ᠤᠨ ᠠᠵᠤ ᠠᠬᠤᠶᠢᠯᠡᠯ ᠤᠨ ᠨᠢᠭᠡ ᠪᠤᠯᠭᠠᠨ᠎ᠠ ᠬᠡᠵᠤ ᠪᠠᠶᠢᠨ᠎ᠠ᠃ ᠲᠦᠡᠭᠯᠢᠶᠤᠤ ᠬᠤᠳᠠ | ᠂ ᠮᠤᠩᠭᠤᠯ ᠡᠮ ᠡᠮᠨᠡᠯᠭᠡ ᠶᠢᠨ ᠬᠦᠭᠵᠢᠯᠳᠡ ᠶᠢ ᠲᠤᠰ ᠵᠢᠯ ᠤᠨ ᠭᠤᠤᠯᠳᠠᠯᠭ᠎ᠠ ᠲᠠᠢ ᠲᠦᠯᠬᠢᠨ ᠠᠬᠢᠭᠤᠯᠬᠤ | ᠲᠤᠯᠤᠭᠠᠨ ᠶᠡᠭᠡ ᠢᠨᠵᠧᠨᠧᠷᠢᠩ ᠤᠨ ᠨᠢᠭᠡ ᠨᠢ ᠪᠤᠯᠭᠠᠵᠤ᠂ ᠲᠤᠮᠳᠠᠳᠤ ᠤᠯᠤᠰ ᠤᠨ ᠪᠦᠳᠤᠭᠡᠨ ᠪᠠᠶᠢᠭᠤᠯᠤᠯᠳᠡ ᠳᠤ | ᠬᠢ ︽ᠮᠤᠩᠭᠤᠯ ᠡᠮ ᠤᠨ ᠬᠤᠳᠠ︾ ᠶᠢ ᠪᠠᠶᠢᠭᠤᠯᠬᠤ ᠬᠠᠷᠠᠯᠳᠡ ᠶᠢ ᠲᠤᠷᠡᠳᠴᠡᠢ᠃ ᠨᠠᠢᠮᠠᠨ ᠬᠤᠰᠢᠭᠤ᠂ ᠮᠤᠩᠭᠤᠯ | ᠡᠮ ᠤᠨ ᠮᠠᠲ᠋ᠧᠷᠢᠶᠡᠯ ᠢ ᠲᠡᠷᠢᠬᠤ ᠪᠠᠶᠢᠭᠠᠯᠢᠯᠢᠭ ᠨᠦᠬᠦᠴᠡᠯ ᠢᠶᠠᠷ ᠲᠡᠪᠠᠭᠤᠯᠢᠭ᠂ ᠰᠤᠶᠤᠯ ᠤᠨ ᠠᠭᠤᠯᠭ᠎ᠠ ᠬᠦᠨ᠂ | ᠮᠤᠩᠭᠤᠯ ᠡᠮᠨᠡᠯᠭᠡ ᠶᠢᠨ ᠤᠶᠢᠯᠡᠰ ᠤᠨ ᠠᠯᠤᠰ ᠤᠨ ᠲᠦᠯᠤᠪ ᠰᠡᠷᠠᠭᠤᠯ ᠠᠭᠤᠳᠠᠮ᠃ ᠪᠦᠬᠦ ᠬᠤᠰᠢᠭᠤᠨ ᠤ ᠦᠷᠭᠡᠨ | ᠤᠯᠠᠨ ᠺᠠᠳ᠋ᠷ ᠤᠯᠠᠨ ᠲᠦᠮᠡᠨ ᠮᠤᠩᠭᠤᠯ ᠡᠮ ᠡᠮᠨᠡᠯᠭᠡ ᠶᠢᠨ ᠠᠵᠤ ᠠᠬᠤᠶᠢᠯᠳᠡᠨ᠂ ᠮᠤᠩᠭᠤᠯ ᠡᠮᠨᠡᠯᠭᠡ ᠶᠢᠨ ᠲᠤᠰᠬᠠᠢ | ᠠᠵᠢᠯᠳᠡᠳ ᠵᠠᠮᠪᠠᠯᠳᠤᠷᠵᠢ ᠶᠢᠨ ᠮᠤᠩᠭᠤᠯ ᠡᠮ ᠡᠮᠨᠡᠯᠭᠡ ᠶᠢᠨ ᠤᠳᠤᠬᠢ ᠪᠠᠶᠢᠳᠡᠯ᠂ ᠬᠦᠭᠵᠢᠯᠳᠡ ᠶᠢᠨ ᠬᠠᠨᠳᠤᠰᠢ | ᠬᠢᠭᠡᠳ ᠲᠡᠮᠵᠢᠨ ᠲᠡᠳᠬᠦᠬᠦ ᠬᠤᠯᠪᠤᠭᠳᠡᠯ ᠪᠦᠬᠦᠢ ᠲᠦᠷᠤ ᠶᠢᠨ ᠪᠤᠳᠤᠯᠭ᠎ᠠ ᠶᠢ ᠪᠦᠬᠦ ᠲᠡᠯ᠎ᠠ ᠪᠠᠷ ᠤᠶᠢᠯᠠᠭᠠᠵᠤ᠂ | ᠪᠦᠬᠦ ᠬᠤᠰᠢᠭᠤ ᠪᠠᠷ ᠢᠶᠠᠨ ᠦᠵᠡᠯ ᠰᠠᠨᠠᠭ᠎ᠠ ᠪᠠᠨ ᠨᠢᠭᠡᠳᠬᠡᠨ᠂ ᠮᠤᠩᠭᠤᠯ ᠡᠮ ᠡᠮᠨᠡᠯᠭᠡ ᠶᠢᠨ ᠤᠶᠢᠯᠡᠰ ᠢ | ᠬᠦᠭᠵᠢᠬᠦᠯᠬᠦ ᠢᠳᠡᠭᠡᠯ ᠵᠤᠷᠢᠭ ᠢᠶᠠᠨ ᠬᠦᠪᠴᠢᠯᠡᠬᠦ ᠶᠢᠨ ᠲᠦᠯᠤᠭᠡ ᠲᠤᠰ ᠤᠳᠠᠭᠠᠨ ᠤ ︽ᠵᠠᠮᠪᠠᠯᠳᠤᠷᠵᠢ ᠶᠢᠨ | ᠮᠤᠩᠭᠤᠯ ᠡᠮ ᠡᠮᠨᠡᠯᠭᠡ ᠶᠢᠨ ᠬᠦᠭᠵᠢᠯᠳᠡ ᠶᠢᠨ ᠲᠤᠰᠬᠠᠢ ᠰᠡᠳᠤᠪᠳᠤ ᠲᠡᠶᠢᠯᠤᠮᠵᠢ ᠵᠢᠴᠢ ᠰᠤᠳᠤᠯᠤᠨ ᠶᠠᠷᠢᠯᠴᠠᠬᠤ | ᠬᠤᠷᠡᠯ︾ ᠢ ᠡᠷᠬᠢᠯᠡᠪᠡ ᠬᠡᠵᠡᠢ᠃ | ᠠ᠊ · ᠡᠷᠳᠡᠨᠢᠪᠡᠶᠡᠷ ᠪᠠᠭᠰᠢ ᠲᠡᠶᠢᠯᠤᠮᠵᠢ ᠪᠠᠨ PPT ᠢᠶᠠᠷ ᠬᠢᠵᠤ᠂ ᠦᠰᠦᠭ ᠵᠢᠷᠤᠭ ᠢ ᠬᠠᠪᠰᠤᠷᠭᠠᠨ᠂ ᠦᠵᠡᠵᠦ | ᠰᠣᠨᠣᠰᠬᠤ ᠶᠢ ᠤᠶᠠᠯᠳᠤᠭᠤᠯᠤᠨ᠂ ᠭᠤᠤᠯᠳᠠᠭᠤ ᠬᠢᠳᠡᠳ ᠬᠡᠯᠡ ᠪᠠᠷ ᠠᠮᠢᠳᠤ ᠲᠦᠷᠰᠦᠯᠢᠭ ᠪᠦᠭᠡᠳ ᠢᠷᠠᠭᠤ | ᠤᠶᠢᠯᠠᠭᠠᠮᠵᠢᠳᠡᠢ ᠶᠠᠷᠢᠶ᠎ᠠ ᠢᠯᠡᠳᠬᠡᠯ ᠬᠢᠵᠤ ᠰᠤᠨᠤᠰᠤᠭᠴᠢᠳ ᠤᠨ ᠠᠩᠬᠠᠷᠤᠯ ᠢ ᠲᠤᠶᠢᠯ ᠢᠶᠠᠷ ᠲᠡᠳᠡᠵᠡᠢ᠃ ᠲᠡᠷᠨ | ᠶᠠᠷᠢᠶᠠᠨ ᠳᠤ ᠪᠠᠨ᠂ ᠰᠢᠨᠵᠢᠯᠡᠬᠦ ᠤᠬᠠᠭᠠᠨᠴᠢ ᠪᠠᠷ ᠲᠦᠯᠤᠪᠯᠡᠵᠤ᠂ ᠵᠤᠬᠢᠴᠠᠩᠭᠤᠢ ᠪᠠᠶᠢᠷᠢᠰᠢᠭᠤᠯᠵᠤ᠂ ᠤᠯᠠᠨ ᠠᠷᠭ᠎ᠠ | ᠪᠡᠷᠢᠯ ᠢ ᠤᠶᠠᠯᠳᠤᠭᠤᠯᠤᠨ᠂ ᠮᠤᠩᠭᠤᠯ ᠡᠮ ᠡᠮᠨᠡᠯᠭᠡᠨ ᠤ ᠤᠶᠢᠯᠡᠰ ᠢ ᠦᠷᠬᠦᠯᠵᠢᠯᠡᠨ ᠡᠷᠡᠬᠦᠯ ᠢᠶᠠᠷ ᠬᠦᠭᠵᠢᠬᠦ ᠶᠢ | ᠠᠬᠢᠭᠤᠯᠬᠤ ᠬᠡᠷᠡᠭᠳᠡᠢ᠃ ᠬᠦᠭᠵᠢᠯᠳᠡ ᠶᠢᠨ ᠤᠨᠤᠯᠵᠢᠬᠤᠨ ᠢ ᠪᠡᠷᠢᠮᠳᠡᠯᠡᠵᠤ᠂ ᠠᠵᠤ ᠤᠶᠢᠯᠡᠰ ᠤᠨ | ᠪᠠᠶᠢᠷᠢᠰᠢᠭᠤᠯᠤᠯᠳᠡ ᠶᠢ ᠲᠤᠳᠤᠯᠠᠵᠤ᠂ ᠬᠦᠭᠵᠢᠯᠳᠡ ᠶᠢᠨ ᠬᠠᠷᠠᠯᠳᠡ ᠪᠠᠨ ᠲᠤᠭᠳᠠᠭᠠᠵᠤ᠂ ᠡᠵᠡᠩᠨᠡᠬᠦ ᠬᠡᠯᠪᠡᠷᠢ ᠪᠠᠨ | ᠰᠢᠨᠡᠳᠬᠡᠨ᠂ ᠠᠵᠤ ᠤᠶᠢᠯᠡᠰᠵᠢᠭᠰᠡᠨ᠂ ᠬᠡᠪᠴᠢᠶᠡᠵᠢᠭᠰᠡᠨ᠂ ᠪᠡᠷᠢᠮᠵᠢᠶᠠᠵᠢᠭᠰᠡᠨ᠂ ᠨᠡᠷ᠎ᠠ ᠲᠡᠮᠳᠡᠭᠳᠤ ᠬᠦᠭᠵᠢᠯᠳᠡ ᠶᠢᠨ | ᠵᠠᠭᠪᠤᠷ ᠢ ᠪᠡᠷᠢᠮᠳᠡᠯᠡᠵᠤ᠂ ︽ᠲᠡᠷᠢᠬᠤ᠂ ᠡᠮᠨᠡᠬᠦ᠂ ᠰᠤᠳᠤᠯᠬᠤ᠂ ᠬᠠᠳᠠᠭᠠᠯᠠᠬᠤ᠂ ᠪᠤᠷᠤᠯᠠᠭᠤᠯᠬᠤ︾ ᠨᠢᠭᠡ | ᠴᠤᠭᠴᠡᠵᠢᠬᠰᠠᠨ ᠪᠦᠬᠦᠯᠢ ᠠᠵᠤ ᠤᠶᠢᠯᠡᠰ ᠤᠨ ᠬᠡᠯᠬᠢᠶ᠎ᠠ ᠶᠢ ᠪᠤᠢ ᠪᠤᠯᠭᠠᠵᠤ᠂ ᠨᠢᠭᠡᠳᠤᠯᠳᠡᠢ ᠲᠦᠰᠤᠪ᠂ ᠨᠢᠭᠡᠳᠤᠯᠳᠡᠢ | ᠨᠡᠷ᠎ᠠ ᠲᠡᠮᠳᠡᠭ᠂ ᠨᠢᠭᠡᠳᠤᠯᠳᠡᠢ ᠪᠡᠷᠢᠮᠵᠢᠶ᠎ᠠ᠂ ᠨᠢᠭᠡᠳᠤᠯᠳᠡᠢ ᠪᠠᠶᠢᠴᠠᠭᠠᠯᠳᠡ᠂ ᠲᠡᠷᠠᠬᠠᠢ ᠡᠵᠡᠩᠨᠡᠯᠳᠡ ᠶᠢᠨ ᠬᠡᠯᠪᠡᠷᠢ ᠶᠢ | ᠬᠡᠷᠡᠭᠵᠢᠬᠦᠯᠵᠤ᠂ ᠠᠳᠠᠯᠢ ᠪᠤᠰᠤ ᠶᠢᠨ ᠤᠨᠴᠠᠯᠢᠭ ᠪᠦᠬᠦᠢ ᠦᠪᠡᠷ ᠦᠪᠡᠷ ᠤᠨ ᠴᠢᠳᠡᠯ ᠢᠶᠠᠨ ᠭᠠᠷᠭᠠᠬᠤ ᠬᠦᠭᠵᠢᠯᠳᠡ | ᠶᠢᠨ ᠪᠦᠳᠤᠴᠡ ᠶᠢ ᠲᠦᠯᠬᠢᠨ ᠠᠬᠢᠭᠤᠯᠵᠤ᠂ ᠵᠠᠬ᠎ᠠ ᠲᠡᠯᠭᠡᠬᠦᠷ ᠤᠨ ᠪᠤᠶᠢᠵᠢᠯᠳᠡ ᠶᠢ ᠠᠳᠬᠤᠵᠤ᠂ ᠬᠡᠪᠴᠢᠶᠡᠵᠢᠭᠰᠡᠨ | ᠰᠠᠭᠤᠷᠢᠨ ᠭᠠᠵᠡᠷ ᠢ ᠪᠦᠳᠤᠭᠡᠨ ᠪᠠᠶᠢᠭᠤᠯᠬᠤ ᠪᠠᠷ ᠴᠢᠷᠮᠠᠶᠢᠬᠤ ᠬᠡᠷᠡᠭᠳᠡᠢ ᠬᠡᠵᠤ ᠱᠠᠭᠠᠷᠳᠠᠪᠡ᠃ | ᠠ᠊ · ᠡᠷᠳᠡᠨᠢᠪᠡᠶᠡᠷ ᠪᠠᠭᠰᠢ ᠲᠡᠶᠢᠯᠤᠮᠵᠢ ᠶᠢᠨ ᠢᠶᠠᠨ ᠲᠡᠬᠦᠰᠬᠡᠯ ᠳᠤ᠄ ︽ᠪᠢᠳᠡ ᠵᠠᠮᠪᠠᠯᠳᠤᠷᠵᠢ ᠶᠢᠨ ᠲᠤᠬᠠᠢ | ᠨᠢᠬᠡᠨ ᠢᠵᠢ ᠲᠡᠤᠭᠡᠨ ᠷᠤᠮᠠᠨ ᠪᠢᠴᠢᠬᠦ ᠬᠡᠷᠡᠭᠳᠡᠢ ᠪᠠᠶᠢᠨ᠎ᠠ᠃ ᠪᠢ ᠡᠮᠤᠨ᠎ᠠ ᠨᠢ ᠵᠤᠬᠢᠶᠠᠯᠴᠢ ᠠᠷᠪᠢᠨᠬᠡᠰᠢᠭ ᠢᠶᠠᠷ | ᠪᠢᠴᠢᠬᠦᠯᠬᠦ ᠰᠠᠨᠠᠭ᠎ᠠ ᠲᠠᠢ ᠪᠠᠶᠢᠵᠡᠢ᠃ ᠡᠳᠤᠭᠡ ᠲᠡᠬᠢᠨ ᠲᠡᠪᠳᠡᠨ ᠪᠤᠳᠤᠵᠤ ᠦᠵᠡᠬᠦᠯᠡᠷ ᠮᠢᠨᠤ ᠪᠠᠭᠰᠢ ᠵᠤᠬᠢᠶᠠᠯᠴᠢ | ᠦᠯᠵᠡᠶᠢᠬᠤᠳᠠᠭ ᠯᠠᠪᠳᠠᠶᠢᠶ᠎ᠠ ᠡᠨᠡ ᠡᠬᠦᠷᠭᠡ ᠶᠢ ᠪᠡᠶᠡᠯᠡᠬᠦᠯᠵᠤ ᠲᠡᠶᠢᠯᠤᠨ᠎ᠠ︾ ᠬᠡᠵᠤ ᠬᠡᠯᠡᠪᠡ᠃ ᠪᠢ ᠬᠤᠷᠡᠯ ᠤᠨ | ᠲᠢᠩᠬᠢᠮ ᠤᠨ ᠡᠮᠤᠨ᠎ᠠ ᠰᠠᠭᠤᠳᠡᠯ ᠳᠤ ᠰᠠᠭᠤᠭᠠᠳ ᠲᠡᠮᠳᠡᠭᠯᠡᠯ ᠬᠢᠵᠤ ᠪᠠᠶᠢᠬᠰᠠᠨ ᠢᠶᠠᠨ ᠡᠬᠦᠨ ᠢ ᠰᠤᠨᠤᠰᠤᠭᠠᠳ | ᠰᠤᠴᠢᠵᠤ ᠠᠪᠤᠪᠡ᠃ ᠬᠤᠷᠡᠯ ᠤᠨ ᠲᠢᠩᠬᠢᠮ ᠳᠤ ᠨᠢᠵᠢᠬᠢᠨᠡᠳᠡᠯᠠ ᠠᠯᠠᠭ᠎ᠠ ᠲᠡᠰᠢᠵᠤ᠂ ᠤᠯᠠᠨ ᠤ ᠨᠢᠳᠤ ᠪᠦᠷ ᠮᠢᠨᠤ | ᠪᠡᠶ᠎ᠠ ᠲᠡᠭᠡᠷ᠎ᠠ ᠲᠦᠪᠯᠡᠷᠡᠪᠡ᠃ ᠪᠢ ᠦᠪᠡᠷ ᠤᠨ ᠡᠷᠭᠡ ᠦᠭᠡᠢ ᠪᠤᠰᠴᠤ ᠵᠤᠭᠰᠤᠭᠠᠳ ᠤᠯᠠᠨ ᠳᠤ ᠬᠦᠨ ᠨᠢᠭᠡ ᠶᠤᠰᠤ | ᠬᠢᠪᠡ᠃ ᠪᠢ ᠬᠡᠳᠤᠶᠢᠪᠡᠷ ᠨᠠᠯᠢᠶᠠᠳ ᠤᠯᠠᠨ ᠤᠷᠡᠨ ᠪᠦᠳᠤᠭᠡᠯ ᠲᠤᠭᠤᠷᠪᠢᠬᠰᠠᠨ ᠪᠤᠯᠪᠡᠴᠤ ᠷᠤᠮᠠᠨ ᠪᠢᠴᠢᠭᠰᠡᠨ | ᠲᠤᠷᠰᠢᠯᠭ᠎ᠠ ᠦᠭᠡᠢ᠃ ᠲᠡᠬᠢᠭᠠᠳ ᠬᠡᠯᠡᠪᠡᠯ ᠵᠠᠮᠪᠠᠯᠳᠤᠷᠵᠢ᠂ ᠱᠠᠰᠢᠨ ᠰᠤᠷᠳᠠᠬᠤᠨ᠂ ᠮᠤᠩᠭᠤᠯ ᠡᠮ ᠡᠮᠨᠡᠯᠭᠡ ᠶᠢᠨ | ᠲᠤᠬᠠᠢ ᠶᠠᠮᠡᠷ ᠴᠤ ᠤᠶᠢᠯᠠᠭᠠᠯᠳᠡ ᠦᠭᠡᠢ ᠮᠦᠷᠳᠡᠭᠡᠨ ᠡᠶᠢᠮᠤ ᠲᠡᠤᠭᠡᠨ ᠷᠤᠮᠠᠨ ᠪᠢᠴᠢᠬᠦ ᠬᠡᠰᠡᠨ ᠦᠵᠡᠯ ᠰᠠᠨᠠᠭᠠᠨ ᠤ | ᠪᠡᠯᠡᠳᠬᠡᠯ ᠪᠠᠶᠢᠬᠤ ᠦᠭᠡᠢ᠃ ᠡᠨᠡ ᠬᠦ ︽ᠬᠡᠨᠡᠳᠳᠡ ᠶᠢᠨ ᠲᠠᠭᠠᠷᠢᠯᠳᠡ︾ ᠳᠤ ᠪᠢ ᠦᠨᠡᠭᠡᠷ ᠮᠡᠯᠡᠷᠡᠴᠢᠬᠡᠪᠡ᠃ | ᠬᠤᠷᠡᠯ ᠤᠨ ᠲᠡᠷᠠᠭ᠎ᠠ᠂ ᠡᠷᠳᠡᠨᠢᠪᠠᠶᠡᠷ ᠪᠠᠭᠰᠢ ᠨᠠᠮ᠎ᠠ ᠶᠢ ᠲᠤᠰᠬᠠᠶᠢᠯᠠᠨ ᠡᠷᠢᠵᠤ᠂ ︽ᠪᠢ ᠲᠡᠨ ᠢ ᠲᠡᠮᠵᠢᠶᠠ᠂ | ᠮᠠᠲ᠋ᠧᠷᠢᠶᠡᠯ ᠰᠠᠯᠳᠡ ᠪᠦᠬᠦᠨ ᠢ ᠬᠠᠩᠭᠠᠵᠤ ᠦᠭᠬᠦᠨ᠎ᠠ᠃ ᠲᠠ ᠨᠠᠢᠮᠠᠨ ᠬᠦᠮᠤᠨ᠂ ᠨᠠᠢᠮᠠᠨ ᠤ ᠲᠡᠤᠭᠡ ᠰᠤᠶᠤᠯ ᠢᠶᠠᠨ | ᠰᠠᠶᠢᠨ ᠮᠡᠳᠡᠨ᠎ᠠ᠂ ᠲᠠ ᠯᠠᠪ ᠰᠠᠶᠢᠨ ᠪᠢᠴᠢᠵᠤ ᠲᠡᠶᠢᠯᠬᠦ ᠶᠤᠮ︾ ᠨᠠᠮ᠎ᠠ ᠶᠢ ᠬᠡᠵᠤ ᠵᠤᠷᠢᠬᠵᠢᠭᠤᠯᠪᠡ᠃ | ᠪᠢ ᠠ᠊ · ᠡᠷᠳᠡᠨᠢᠪᠡᠶᠡᠷ ᠪᠠᠭᠰᠢ ᠶᠢᠨ ᠵᠤᠷᠢᠬᠵᠢᠭᠤᠯᠤᠯ ᠲᠤᠤᠷ᠎ᠠ ᠮᠠᠲ᠋ᠧᠷᠢᠶᠡᠯ ᠴᠤᠭᠯᠠᠭᠤᠯᠵᠤ᠂ 2016 ᠤᠨ ᠤ | 5 ᠳ᠋ᠤᠭᠠᠷ ᠰᠡᠷ᠎ᠠ ᠠᠴᠠ 2017 ᠤᠨ ᠤ 5 ᠳ᠋ᠤᠭᠠᠷ ᠰᠡᠷ᠎ᠠ ᠶᠢᠨ ᠬᠤᠭᠤᠷᠤᠨᠳᠤ ᠪᠢ ᠡᠬᠡᠨᠡᠷ ᠲᠠᠢ ᠪᠠᠨ ᠬᠠᠮᠳᠤ | ᠵᠠᠮᠪᠠᠯᠳᠤᠷᠵᠢ ᠮᠠᠮᠠ ᠶᠢᠨ ᠲᠦᠪᠡᠳ ᠲᠤ ᠶᠠᠪᠤᠭᠰᠡᠨ ᠵᠠᠮ ᠢᠶᠠᠷ ᠱᠠᠨᠰᠢ᠂ ᠰᠧᠴᠤᠸᠠᠨ᠂ ᠬᠦᠬᠡᠨᠠᠭᠤᠷ᠂ ᠲᠦᠪᠡᠳ | ᠲᠤ ᠬᠤᠶᠡᠷ ᠤᠳᠠᠭ᠎ᠠ ᠤᠴᠢᠵᠤ᠂ ᠵᠠᠮᠪᠠᠯᠳᠤᠷᠵᠢ ᠶᠢᠨ ᠠᠮᠢᠳᠤᠷᠡᠵᠤ᠂ ᠰᠤᠷᠴᠤ ᠰᠤᠳᠤᠯᠤᠭᠰᠡᠨ ᠭᠠᠵᠡᠷ ᠤᠳᠠᠢ | ᠠᠭᠤᠯᠠ᠂ ᠬᠦᠮᠪᠤᠮ᠂ ᠯᠾᠡᠰᠠ ᠵᠤᠤ᠂ ᠪᠤᠳᠠᠯᠠᠩ ᠤᠷᠳᠤᠨ᠂ ᠶᠡᠭᠡ ᠵᠤᠤ ᠰᠦᠮ᠎ᠠ᠂ ᠪᠷᠠᠶᠢᠪᠤᠡᠭ ᠬᠡᠶᠢᠳ᠂ ᠰᠧᠷᠠ | ᠬᠡᠶᠢᠳ᠂ ᠰᠢᠺᠠᠽᠧ ᠬᠤᠳᠠ᠂ ᠷᠡᠰᠢᠯᠾᠦ᠋ᠮᠪᠤ ᠬᠡᠶᠢᠳ᠂ ᠸᠧᠢ ᠰᠠᠩ ᠤᠷᠤᠨ᠂ ᠠᠷᠢ ᠤᠷᠤᠨ ᠢᠶᠠᠷ ᠬᠡᠭᠡᠷ᠎ᠠ ᠶᠢᠨ | ᠪᠠᠶᠢᠴᠠᠭᠠᠯᠳᠡ ᠬᠢᠵᠤ ᠰᠤᠷᠪᠤᠯᠵᠢᠯᠡᠨ ᠶᠠᠪᠤᠪᠡ᠃ | 2017 ᠤᠨ ᠤ 4 ᠳ᠋ᠦ᠋ᠭᠡᠷ ᠰᠡᠷ᠎ᠠ ᠶᠢᠨ 13 ᠤ ᠡᠳᠤᠷ ᠠᠴᠠ 2018 ᠤᠨ ᠤ 4 ᠳ᠋ᠦ᠋ᠭᠡᠷ ᠰᠡᠷ᠎ᠠ ᠶᠢᠨ | 13 ᠤ ᠡᠳᠤᠷ ᠪᠤᠯᠳᠡᠯᠡᠬᠢ ᠨᠢᠭᠡ ᠵᠢᠯ ᠤᠨ ᠲᠤᠳᠤᠷ᠎ᠠ᠂ ᠪᠢ ᠡᠳᠤᠷ ᠰᠦᠨᠢ ᠶᠢ ᠠᠯᠭᠠᠰᠡᠯ ᠦᠭᠡᠢ ᠪᠢᠴᠢᠵᠤ᠂ | ᠲᠡᠤᠭᠡᠨ ᠷᠤᠮᠠᠨ ︽ᠵᠠᠮᠪᠠᠯᠳᠤᠷᠵᠢ︾ ᠶᠢ ᠪᠢᠴᠢᠵᠤ ᠲᠠᠭᠤᠰᠬᠠᠭᠠᠳ ᠡᠭᠡ ᠪᠢᠴᠢᠭ ᠢᠶᠠᠨ ᠠ᠊ · ᠡᠷᠳᠡᠨᠢᠪᠡᠶᠡᠷ ᠪᠠᠭᠰᠢ | ᠳᠤ ᠦᠭᠴᠤ ᠬᠢᠨᠠᠭᠤᠯᠪᠡ᠃ | 2018 ᠤᠨ ᠤ 6 ᠰᠡᠷ᠎ᠠ ᠶᠢᠨ 26 ᠤ ᠡᠳᠤᠷ ᠪᠢ ᠲᠡᠪᠤᠳᠤᠭᠠᠷ ᠬᠤᠭᠤᠴᠠᠭᠠᠨ ᠤ ︽ᠤᠯᠠᠭᠠᠨᠬᠦᠦ ᠱᠠᠩᠨᠡᠯ︾ | ᠢ ᠲᠤᠰᠬᠤ ᠪᠠᠷ ᠬᠦᠬᠡᠬᠤᠳᠠ ᠳᠤ ᠢᠷᠡᠵᠡᠢ᠃ 28 ᠤ ᠡᠳᠤᠷ᠂ ᠡᠷᠳᠡᠨᠢᠪᠠᠶᠡᠷ ᠪᠠᠭᠰᠢ ᠦᠪᠤᠷ ᠮᠤᠩᠭᠤᠯ ᠤᠨ ᠶᠡᠭᠡ | ᠰᠤᠷᠭᠠᠭᠤᠯᠢ ᠶᠢᠨ ᠮᠤᠩᠭᠤᠯ ᠰᠤᠳᠤᠯᠤᠯ ᠤᠨ ᠲᠡᠭᠡᠳᠤ ᠰᠤᠷᠭᠠᠭᠤᠯᠢ ᠶᠢᠨ ᠪᠠᠭ᠎ᠠ ᠬᠤᠷᠡᠯ ᠤᠨ ᠬᠡᠷ ᠲᠤ ᠲᠡᠤᠭᠡᠨ | ᠷᠤᠮᠠᠨ ︽ᠵᠠᠮᠪᠠᠯᠳᠤᠷᠵᠢ︾ ᠶᠢ ᠰᠤᠳᠤᠯᠤᠨ ᠶᠠᠷᠢᠯᠴᠠᠬᠤ ᠪᠠᠭ᠎ᠠ ᠬᠡᠪᠴᠢᠶᠠᠨ ᠤ ᠰᠠᠭᠤᠳᠡᠯ ᠤᠨ ᠬᠤᠷᠡᠯ ᠢ ᠵᠤᠬᠢᠶᠠᠨ | ᠪᠠᠶᠢᠭᠤᠯᠪᠡ᠃ ᠰᠠᠭᠤᠳᠡᠯ ᠤᠨ ᠬᠤᠷᠡᠯ ᠳᠤ ᠪ᠊ · ᠬᠡᠷᠡᠯᠳᠤ ᠪᠠᠭᠰᠢ᠂ ᠪᠠᠳᠮᠬᠤᠳᠰᠡᠷ ᠪᠠᠭᠰᠢ᠂ ᠨᠠ᠊ · ᠰᠠᠶᠢᠵᠢᠷᠠᠬᠤ | ᠪᠠᠭᠰᠢ᠂ ᠴᠡᠴᠡᠭ ᠪᠠᠭᠰᠢ᠂ ᠦᠷᠡᠴᠡᠴᠡᠭ ᠪᠠᠭᠰᠢ᠂ ᠬᠠᠢ ᠶᠠᠨ ᠪᠠᠭᠰᠢ᠂ ᠮᠢᠩᠭᠠᠳ ᠡᠷᠳᠡᠨᠢᠪᠠᠭᠠᠳᠤᠷ ᠪᠠᠭᠰᠢ ᠵᠡᠷᠭᠡ | ᠬᠦᠮᠤᠰ ᠤᠷᠤᠯᠴᠡᠵᠤ᠂ ᠭᠤᠤᠯᠳᠠᠭᠤ ᠡᠷᠳᠡᠨᠢᠪᠠᠶᠡᠷ ᠪᠠᠭᠰᠢ ᠡᠭᠡ ᠪᠢᠴᠢᠭ ᠢ ᠤᠩᠰᠢᠬᠰᠠᠨ ᠲᠦᠷᠦᠭᠳᠡᠯ ᠢᠶᠠᠨ ᠶᠠᠷᠢᠵᠤ | ᠂ ᠵᠢᠷᠭᠤᠭᠠᠨ ᠲᠡᠯ᠎ᠠ ᠪᠠᠷ ᠷᠤᠮᠠᠨ ᠢ ᠲᠡᠭᠡᠳᠤ ᠬᠡᠮᠵᠢᠶ᠎ᠠ ᠪᠠᠷ ᠦᠨᠡᠯᠡᠵᠤ ᠪᠠᠰᠠ ᠡᠳᠤᠢ ᠲᠡᠳᠤᠢ ᠵᠠᠰᠠᠬᠤ ᠰᠠᠨᠠᠯ ᠢᠶᠠᠨ | ᠲᠤᠷᠡᠳᠴᠡᠢ᠃ ᠬᠠᠷᠡᠮᠰᠠᠯᠳᠡᠢ ᠨᠢ ᠲᠡᠷᠨ ᠦᠶ᠎ᠠ ᠳᠤ ᠪᠢ ᠲᠡᠬᠦᠨ ᠤ ᠶᠠᠷᠢᠶ᠎ᠠ ᠶᠢ ᠲᠡᠮᠳᠡᠭᠯᠡᠵᠤ ᠠᠪᠤᠭᠰᠡᠨ ᠠᠴᠠ ᠪᠢᠰᠢ | ᠲᠠᠭᠤᠨ ᠰᠢᠩᠭᠡᠭᠡᠯᠳᠡ ᠬᠢᠭᠰᠡᠨ ᠦᠭᠡᠢ᠃ ᠬᠡᠪᠡᠴᠤ ᠲᠡᠬᠦᠨ ᠤ ᠵᠠᠰᠠᠭᠰᠡᠨ ᠡᠭᠡ ᠪᠢᠴᠢᠭ ᠢ ᠨᠢᠭᠡ ᠢᠵᠢ ᠶᠢ | ᠬᠠᠳᠠᠭᠠᠯᠠᠨ ᠠᠪᠴᠤ ᠮᠦᠡᠭᠭᠡ ᠶᠢᠨ ᠲᠤᠷᠡᠰᠬᠠᠯ ᠪᠤᠯᠭᠠᠵᠡᠢ ᠁ | ᠰᠡᠬᠦᠯᠡᠷ ᠨᠢ᠂ ᠪᠦᠬᠦ ᠤᠯᠤᠰ ᠤᠨ ᠴᠢᠨᠡᠷᠳᠡᠢ ᠭᠤᠷᠪᠠ ᠤᠳᠠᠭᠠᠨ ᠤ ᠵᠠᠮᠪᠠᠯᠳᠤᠷᠵᠢ ᠶᠢᠨ ᠰᠤᠳᠤᠯᠭᠠᠨ ᠤ ᠬᠤᠷᠡᠯ | ᠢ ᠬᠢᠵᠡᠢ᠃ 2018 ᠤᠨ ᠤ 8 ᠳ᠋ᠤᠭᠠᠷ ᠰᠡᠷ᠎ᠠ ᠶᠢᠨ 23 ᠳᠤ ᠬᠤᠶᠠᠳᠤᠭᠠᠷ ᠤᠳᠠᠭᠠᠨ ᠤ ᠵᠠᠮᠪᠠᠯᠳᠤᠷᠵᠢ ᠶᠢᠨ | ᠮᠤᠩᠭᠤᠯ ᠡᠮ ᠡᠮᠨᠡᠯᠭᠡ ᠶᠢᠨ ᠬᠦᠭᠵᠢᠯᠳᠡ ᠶᠢᠨ ᠰᠤᠳᠤᠯᠭᠠᠨ ᠤ ᠬᠤᠷᠡᠯ ᠢ ᠬᠢᠵᠡᠢ᠃ ᠬᠤᠷᠡᠯ ᠢ ᠤᠯᠤᠰ ᠤᠨ | ᠪᠠᠶᠢᠭᠠᠯᠢ ᠶᠢᠨ ᠰᠢᠨᠵᠢᠯᠡᠬᠦ ᠤᠬᠠᠭᠠᠨ ᠤ ᠰᠠᠭᠤᠷᠢ ᠮᠦᠡᠭᠬᠦᠨ ᠤ ᠨᠠᠶᠢᠬᠡᠮᠯᠢᠭ ᠠᠴᠠ ᠡᠷᠬᠢᠯᠡᠪᠡ᠃ | 2019 ᠤᠨ ᠤ 9 ᠳ᠋ᠦ᠋ᠭᠡᠷ ᠰᠡᠷ᠎ᠠ ᠶᠢᠨ 9 ᠳᠤ᠂ ᠵᠠᠮᠪᠠᠯᠳᠤᠷᠵᠢ ᠶᠢᠨ ︽ᠦᠵᠡᠰᠬᠦᠯᠠᠩ ᠨᠢᠳᠤᠨ ᠴᠢᠮᠡᠭ︾ ᠢ | ᠰᠤᠳᠤᠯᠤᠨ ᠶᠠᠷᠢᠯᠴᠠᠬᠤ ᠬᠤᠷᠡᠯ ᠢ ᠨᠡᠭᠡᠭᠡᠪᠡ᠃ ᠡᠨᠡ ᠨᠢ ᠭᠤᠷᠪᠠᠳᠤᠭᠠᠷ ᠬᠤᠭᠤᠴᠠᠭᠠᠨ ᠤ ᠲᠤᠮᠳᠠᠳᠤ ᠤᠯᠤᠰ᠂ | ᠮᠤᠩᠭᠤᠯ ᠤᠯᠤᠰ ᠤᠨ ᠲᠡᠯᠡᠭᠡᠢ ᠶᠢᠨ ᠬᠢᠳᠡᠳ ᠮᠤᠩᠭᠤᠯ ᠡᠮ ᠡᠮᠨᠡᠯᠭᠡ ᠶᠢᠨ ᠤᠶᠢᠯᠡᠰ ᠤᠨ ᠬᠦᠭᠵᠢᠯᠳᠡ ᠶᠢᠨ | ᠰᠤᠳᠤᠯᠭᠠᠨ ᠤ ᠴᠢᠬᠤᠯᠠ ᠬᠦᠳᠡᠯᠭᠡᠭᠡᠨ ᠤ ᠨᠢᠭᠡ ᠨᠢ ᠪᠤᠯᠤᠭᠰᠡᠨ ᠶᠤᠮ᠃ | 2019 ᠤᠨ ᠤ 9 ᠳ᠋ᠦ᠋ᠭᠡᠷ ᠰᠡᠷ᠎ᠠ ᠶᠢᠨ 24 ᠳᠤ᠂ ᠭᠤᠷᠪᠠᠳᠤᠭᠠᠷ ᠤᠳᠠᠭᠠᠨ ᠤ ᠵᠠᠮᠪᠠᠯᠳᠤᠷᠵᠢ ᠶᠢᠨ ᠮᠤᠩᠭᠤᠯ | ᠡᠮ ᠡᠮᠨᠡᠯᠭᠡ ᠶᠢᠨ ᠠᠵᠤ ᠠᠬᠤᠶᠢᠯᠡᠯ ᠤᠨ ᠰᠤᠳᠤᠯᠤᠨ ᠶᠠᠷᠢᠯᠴᠠᠬᠤ ᠬᠤᠷᠡᠯ ᠢ ᠨᠠᠢᠮᠠᠨ ᠬᠤᠰᠢᠭᠤᠨ ᠳᠤ ᠬᠢᠵᠡᠢ᠃ | ᠠ᠊ · ᠡᠷᠳᠡᠨᠢᠪᠡᠶᠡᠷ ᠪᠠᠭᠰᠢ ᠶᠢᠨ ᠡᠷᠬᠢᠯᠡᠵᠤ ᠬᠢᠭᠰᠡᠨ ᠪᠠ ᠲᠡᠬᠦᠨ ᠤ ᠨᠦᠯᠤᠭᠡ ᠪᠠᠷ ᠬᠤᠷᠡᠯᠳᠤᠭᠤᠯᠤᠭᠰᠡᠨ ᠬᠡᠳᠤ | ᠤᠳᠠᠭᠠᠨ ᠤ ᠵᠠᠮᠪᠠᠯᠳᠤᠷᠵᠢ ᠶᠢᠨ ᠲᠤᠬᠠᠢ ᠰᠤᠳᠤᠯᠭᠠᠨ ᠤ ᠬᠤᠷᠡᠯ ᠠᠴᠠ ᠪᠤᠯᠵᠤ᠂ ᠨᠠᠢᠮᠠᠨ ᠬᠤᠰᠢᠭᠤ ᠴᠠᠭᠠᠰᠢᠯᠠᠭᠠᠳ | ᠲᠦᠡᠭᠯᠢᠶᠤᠤ ᠬᠤᠳᠠ᠂ ᠦᠪᠤᠷ ᠮᠤᠩᠭᠤᠯ ᠳᠤ ᠵᠠᠮᠪᠠᠯᠳᠤᠷᠵᠢ ᠶᠢᠨ ᠲᠤᠬᠠᠢ ᠬᠠᠯᠠᠭᠤᠷᠡᠯ ᠡᠬᠦᠰᠴᠡᠢ᠃ ᠡᠯ᠎ᠠ ᠰᠤᠨᠢᠨ | ᠰᠡᠳᠬᠦᠯ᠂ ᠷᠡᠳᠢᠤ᠋᠂ ᠲᠧᠯᠸᠢᠰ ᠲᠡᠭᠡᠷ᠎ᠠ ᠵᠠᠮᠪᠠᠯᠳᠤᠷᠵᠢ ᠶᠢᠨ ᠨᠠᠮᠳᠡᠷ ᠵᠢᠴᠢ ᠲᠡᠬᠦᠨ ᠤ ᠪᠦᠳᠤᠭᠡᠯ ︽ᠦᠵᠡᠰᠬᠦᠯᠠᠩ | ᠨᠢᠳᠤᠨ ᠴᠢᠮᠡᠭ︾ ᠢ ᠦᠷᠭᠡᠨ ᠢᠶᠠᠷ ᠤᠬᠠᠭᠤᠯᠤᠨ ᠲᠡᠨᠢᠯᠴᠠᠭᠤᠯᠬᠤ ᠪᠤᠯᠵᠤ᠂ ᠵᠠᠮᠪᠠᠯᠳᠤᠷᠵᠢ ᠶᠢᠨ ᠰᠤᠳᠤᠯᠬᠤ ᠭᠠᠵᠡᠷ | ᠂ ᠲᠡᠬᠦᠨ ᠤ ᠵᠢᠷᠤᠭ ᠰᠡᠬᠦᠳᠡᠷ᠂ ᠱᠤᠭᠤᠮᠡᠯ ᠬᠦᠰᠢᠶ᠎ᠠ᠂ ᠮᠦᠽᠸᠢ᠂ ᠦᠵᠡᠬᠦᠯᠤᠯᠭᠡ ᠬᠤᠶᠢᠨ᠎ᠠ ᠬᠤᠶᠢᠨ᠎ᠠ ᠠᠴᠠ ᠪᠠᠨ | ᠪᠠᠶᠢᠭᠤᠯᠤᠭᠳᠠᠪᠡ᠃ | ᠤᠳᠤ ᠠ᠊ · ᠡᠷᠳᠡᠨᠢᠪᠡᠶᠡᠷ ᠪᠠᠭᠰᠢ ᠶᠢᠨ ᠬᠦᠰᠡᠯ ᠮᠦᠷᠤᠭᠡᠳᠤᠯ ᠠᠩᠬ᠎ᠠ ᠠᠯᠬᠤᠮ ᠪᠡᠶᠡᠯᠡᠭᠳᠡᠯᠠ᠃ ᠨᠠᠢᠮᠠᠨ | ᠬᠤᠰᠢᠭᠤᠨ ᠤ ᠮᠤᠩᠭᠤᠯ ᠡᠮ ᠤᠨ ᠮᠠᠲ᠋ᠧᠷᠢᠶᠡᠯ ᠢ ᠪᠤᠯᠪᠡᠰᠤᠷᠠᠭᠤᠯᠤᠨ ᠪᠤᠷᠤᠯᠠᠭᠤᠯᠬᠤ ᠠᠵᠤ ᠠᠬᠤᠶᠢᠯᠡᠯ ᠨᠢᠬᠡᠨᠳᠡ | 30 ᠭᠠᠷᠤᠢ ᠪᠠᠶᠢᠵᠤ᠂ ᠡᠮ ᠤᠨ ᠮᠠᠲ᠋ᠧᠷᠢᠶᠡᠯ ᠤᠨ ᠠᠵᠤ ᠠᠬᠤᠶᠢᠯᠡᠯ ᠤᠨ ᠬᠦᠷᠢᠶᠡᠯᠡᠩ ᠪᠠᠶᠢᠭᠤᠯᠤᠭᠳᠠᠪᠡ᠂ ᠵᠢᠯ ᠳᠤ | 20 ᠲᠦᠮᠡᠨ ᠲᠤᠨ ᠡᠮ ᠤᠨ ᠮᠠᠲ᠋ᠧᠷᠢᠶᠡᠯ ᠢ ᠪᠤᠷᠤᠯᠠᠭᠤᠯᠤᠨ ᠬᠤᠳᠠᠯᠳᠤᠬᠤ ᠲᠦᠪ ᠪᠠᠶᠢᠭᠤᠯᠤᠭᠳᠠᠵᠤ᠂ ᠡᠮ ᠤᠨ | ᠮᠠᠲ᠋ᠧᠷᠢᠶᠡᠯ ᠢ ᠲᠡᠷᠢᠬᠤ 40 ᠲᠦᠮᠡᠨ ᠮᠤ᠋ ᠰᠠᠭᠤᠷᠢᠨ ᠭᠠᠵᠡᠷ ᠲᠠᠢ ᠪᠤᠯᠵᠡᠢ᠃ ᠵᠢᠯ ᠤᠨ ᠠᠵᠤ ᠠᠬᠤᠢ ᠶᠢᠨ ᠦᠷ᠎ᠠ | ᠠᠰᠢᠭ ᠨᠢ 6 ᠳ᠋ᠦᠩᠰᠢᠭᠤᠷ ᠲᠦᠬᠦᠷᠢᠭ ᠲᠤ ᠬᠦᠷᠴᠤ᠂ ᠪᠦᠬᠦ ᠬᠤᠰᠢᠭᠤᠨ ᠤ ᠠᠵᠤ ᠤᠶᠢᠯᠡᠳᠪᠤᠷᠢᠯᠡᠯ ᠤᠨ | ᠶᠡᠷᠤᠩᠭᠡᠢ ᠦᠷᠳᠡᠭ ᠢ 30 ᠳ᠋ᠦᠩᠰᠢᠭᠤᠷ ᠲᠦᠬᠦᠷᠢᠭ ᠨᠡᠮᠡᠭᠳᠡᠬᠦᠯᠵᠤ᠂ 3 ᠲᠦᠮᠡᠨ ᠬᠦᠮᠤᠨ ᠢ ᠠᠵᠢᠯ ᠤᠯᠭᠤᠵᠤ᠂ | ᠲᠦᠡᠭᠯᠢᠶᠤᠤ ᠬᠤᠳᠠ ᠨᠢ ᠪᠦᠬᠦ ᠤᠯᠤᠰ ᠤᠨ ︽ᠮᠤᠩᠭᠤᠯ ᠡᠮ ᠡᠮᠨᠡᠯᠭᠡ ᠶᠢᠨ ᠨᠠᠶᠢᠰᠯᠡᠯ︾ ᠪᠤᠯᠵᠡᠢ᠃ | ᠬᠤᠶᠡᠷ᠂ ︽ᠨᠠᠢᠮᠠᠨ ᠬᠤᠰᠢᠭᠤᠨ ᠤ ᠲᠡᠤᠭᠡ ᠰᠤᠶᠤᠯ ᠤᠨ ᠴᠤᠪᠤᠷᠡᠯ ᠪᠢᠴᠢᠭ︾ ᠢ ᠨᠠᠶᠢᠷᠠᠭᠤᠯᠤᠨ ᠬᠡᠪᠯᠡᠬᠦᠯᠬᠦ | ᠠᠵᠢᠯ ᠢ ᠰᠡᠳᠤᠵᠤ ᠬᠢᠭᠰᠡᠨ ᠨᠢ | 2015 ᠤᠨ ᠤ 4 ᠰᠡᠷ᠎ᠠ ᠶᠢᠨ 11 ᠤ ᠡᠳᠤᠷ᠂ ᠪᠢ ᠲᠦᠡᠭᠯᠢᠶᠤᠤ ᠶᠢᠨ ᠬᠤᠷᠴᠢᠨ ᠮᠦᠽᠸᠢ ᠶᠢᠨ | ᠬᠠᠰᠡᠷᠳᠡᠨᠢ᠂ ᠪᠧᠨ ᠡᠾᠧ ᠯᠢᠩ ᠢ ᠲᠠᠭᠠᠭᠤᠯᠤᠨ ᠬᠦᠬᠡᠬᠤᠳᠠ ᠳᠤ ᠢᠷᠡᠵᠤ ︽ᠴᠦᠨ ᠰᠢᠤᠸᠠᠢ ᠰᠧ ᠵᠢᠢ︾ | ᠪᠠᠭᠤᠳᠡᠯ ᠳᠤ ᠪᠠᠭᠤᠪᠡ᠃ ᠮᠠᠨ ᠤ ᠡᠨᠡ ᠤᠳᠠᠭ᠎ᠠ ᠬᠦᠬᠡᠬᠤᠳᠠ ᠳᠤ ᠢᠷᠡᠭᠰᠡᠨ ᠨᠢ ᠬᠤᠷᠴᠢᠨ ᠮᠦᠽᠸᠢ ᠳᠤ ᠪᠠᠨ ︽ | ᠠᠳᠤᠭᠤᠨ ᠰᠤᠶᠤᠯ ᠤᠨ ᠦᠵᠡᠬᠦᠯᠤᠯᠭᠡ︾ ᠭᠠᠷᠭᠠᠵᠤ᠂ ᠬᠤᠷᠢᠶᠠᠨ ᠬᠠᠳᠠᠭᠠᠯᠠᠭᠴᠢ ᠪᠠᠢ ᠰᠧᠳᠡᠩ ᠠᠪᠤᠭᠠᠢ ᠠᠴᠠ | 100 ᠮᠤᠷᠢᠨ ᠡᠮᠡᠭᠡᠯ ᠬᠤᠳᠠᠯᠳᠤᠨ ᠠᠪᠴᠤ᠂ ᠪᠠᠢ ᠰᠧᠳᠡᠩ ᠲᠠᠢ ᠡᠮᠡᠭᠡᠯ ᠤᠨ ᠦᠨ᠎ᠠ ᠬᠠᠩᠰᠢ ᠶᠢ ᠬᠡᠯᠡᠯᠴᠡᠨ | ᠲᠤᠬᠢᠷᠠᠯᠴᠠᠬᠤ ᠬᠡᠰᠡᠨ ᠶᠤᠮ᠃ ᠪᠢᠳᠡ ᠲᠤᠰ ᠠᠵᠢᠯ ᠢᠶᠠᠨ ᠶᠠᠷᠢᠯᠴᠡᠨ ᠲᠤᠭᠳᠠᠵᠤ᠂ ︽ᠬᠡᠷ᠎ᠠ ᠪᠢᠴᠢᠭ︾ ᠲᠤ ᠭᠠᠷ | ᠤᠨ ᠦᠰᠦᠭ ᠵᠢᠷᠤᠭᠰᠡᠨ ᠤ ᠲᠡᠷᠠᠭ᠎ᠠ᠂ 12 ᠤᠨ ᠦᠳᠡᠰᠢ ᠪᠢ ᠪᠠᠭᠤᠳᠡᠯ ᠤᠨ ᠬᠤᠭᠤᠯᠠᠨ ᠬᠡᠷ ᠲᠤ ᠲᠤᠮᠤ ᠰᠢᠷᠡᠭᠡ | ᠵᠠᠬᠢᠶᠠᠯᠠᠨ ᠭᠤᠤᠯᠳᠠᠭᠤ ᠮᠢᠨᠤ ᠰᠤᠷᠤᠭᠴᠢᠳ ᠢᠶᠠᠨ ᠲᠡᠶᠢᠯᠡᠪᠡ᠃ ᠡᠷᠳᠡᠨᠢᠪᠠᠶᠡᠷ ᠪᠠᠭᠰᠢ᠂ ᠪᠠᠳᠮᠬᠤᠳᠰᠡᠷ ᠪᠠᠭᠰᠢ᠂ | ᠵᠠᠭᠤᠨᠨᠡᠰᠤᠳᠤ ᠤᠳᠤᠷᠢᠳᠤᠭᠠᠴᠢ᠂ ᠬᠠᠨ ᠦᠯᠵᠡᠶᠢᠳᠤᠭᠳᠠᠬᠤ ᠱᠦᠵᠢ᠂ ᠪᠦᠷᠬᠦᠳ ᠲᠠᠭᠠᠭᠠᠮᠡᠯ᠂ ᠭᠠᠯᠰᠠᠩ ᠪᠠᠭᠰᠢ᠂ | ᠡᠤ ᠦᠯᠵᠡᠶᠢᠳᠤᠭᠳᠠᠬᠤ ᠪᠠᠭᠰᠢ᠂ ᠴᠦᠨ ᠬᠤᠸ᠋ᠨ ᠪᠠᠭᠰᠢ᠂ ᠡᠤ ᠶᠢᠨ ᠪᠤᠤ ᠬᠤᠷᠢᠶᠠᠨ ᠲᠡᠷᠤᠭ᠎ᠠ᠂ ᠤᠯᠠᠭᠠᠨᠬᠠᠳᠠ | ᠲᠡᠭᠡᠳᠤ ᠰᠤᠷᠭᠠᠭᠤᠯᠢ ᠶᠢᠨ ᠲᠡᠳ᠋ ᠵᠠᠬᠢᠷᠤᠯ ᠲᠡᠯᠭᠡᠷ ᠪᠠᠭᠰᠢ᠂ ᠬᠠᠰᠡᠷᠳᠡᠨᠢ ᠶᠢᠨ ᠡᠭᠡᠴᠢ ᠬᠦᠷᠭᠡᠨ ᠠᠬ᠎ᠠ ᠱᠠᠬᠠᠷᠤ᠂ | ᠪᠠᠢ ᠱᠦᠨ ᠨᠡᠷ ᠤᠷᠤᠯᠴᠡᠵᠡᠢ᠃ ᠬᠤᠭᠤᠯᠠᠨ ᠤ ᠲᠡᠷᠠᠭ᠎ᠠ ᠠ᠊ · ᠡᠷᠳᠡᠨᠢᠪᠡᠶᠡᠷ ᠪᠠᠭᠰᠢ᠄ ︽ᠦ᠊ ᠪᠠᠭᠰᠢ ᠶᠢᠨ | ᠦᠷᠤᠭᠡᠨ ᠳᠤ ᠤᠷᠤᠵᠤ ᠶᠠᠷᠢᠯᠴᠡᠵᠤ ᠰᠠᠭᠤᠶ᠎ᠠ︾ ᠬᠡᠳ ᠪᠠᠳᠮᠬᠤᠳᠰᠡᠷ᠂ ᠭᠠᠯᠰᠠᠩ᠂ ᠦᠯᠵᠡᠶᠢᠳᠤᠭᠳᠠᠬᠤ ᠨᠡᠷ ᠲᠤ | ᠮᠡᠳᠡᠭᠳᠡᠪᠡ᠃ ᠪᠢᠳᠡ ᠮᠢᠨᠤ ᠦᠷᠤᠭᠡᠨ ᠳᠤ ᠴᠤᠭᠯᠡᠷᠠᠭᠰᠡᠨ ᠤ ᠲᠡᠷᠠᠭ᠎ᠠ ᠨᠢᠭᠡ ᠦᠶ᠎ᠠ ᠰᠤᠯᠠ ᠵᠤᠭᠤᠭ ᠶᠠᠷᠢᠯᠴᠡᠵᠤ | ᠪᠠᠶᠢᠬᠰᠠᠨ ᠢᠶᠠᠨ ᠠ᠊ · ᠡᠷᠳᠡᠨᠢᠪᠡᠶᠡᠷ ᠪᠠᠭᠰᠢ ᠨᠠᠢᠮᠠᠨ ᠬᠤᠰᠢᠭᠤᠨ ᠳᠤ ᠪᠠᠨ ᠶᠠᠮᠡᠷ ᠨᠢᠬᠡᠨ ᠲᠤᠰᠠ ᠲᠠᠢ ᠠᠵᠢᠯ ᠬᠢᠬᠦ | ᠲᠤᠬᠠᠢ ᠦᠭᠡ ᠡᠬᠦᠰᠬᠡᠵᠤ᠄ ︽ᠪᠢᠳᠡ ᠪᠦᠷ ᠪᠢᠴᠢᠭ ᠤᠨ ᠬᠦᠮᠤᠨ᠂ ᠨᠤᠳᠤᠭ ᠤᠰᠤᠨ ᠳᠤ ᠪᠠᠨ ᠮᠦᠡᠭᠬᠦ ᠵᠤᠭᠤᠰ | ᠦᠭᠴᠤ ᠲᠡᠶᠢᠯᠬᠦ ᠦᠭᠡᠢ᠂ ᠲᠦᠷᠤᠯ ᠵᠤᠶᠢᠯ ᠤᠯᠭᠤᠵᠤ ᠴᠢᠳᠠᠬᠤ ᠦᠭᠡᠢ᠂ ᠬᠡᠪᠡᠴᠤ ᠪᠢᠳᠡ ᠨᠤᠮ ᠪᠢᠴᠢᠭ | ᠨᠠᠶᠢᠷᠠᠭᠤᠯᠤᠨ ᠬᠡᠪᠯᠡᠬᠦᠯᠵᠤ ᠴᠢᠳᠠᠨ᠎ᠠ︾ ᠬᠡᠪᠡ᠃ ᠬᠡᠳᠤᠬᠦᠯᠡ ᠶᠠᠷᠢᠯᠴᠠᠭᠰᠡᠨ ᠤ ᠳ᠋ᠦᠡᠭ ᠳᠤ ᠬᠠᠮᠳᠤ ᠪᠠᠷ ᠴᠢᠷᠮᠠᠶᠢᠨ | ︽ᠨᠠᠢᠮᠠᠨ ᠬᠤᠰᠢᠭᠤᠨ ᠤ ᠲᠡᠤᠭᠡ ᠰᠤᠶᠤᠯ ᠤᠨ ᠴᠤᠪᠤᠷᠡᠯ ᠪᠢᠴᠢᠭ︾ ᠢ ᠨᠠᠶᠢᠷᠠᠭᠤᠯᠤᠨ ᠬᠡᠪᠯᠡᠬᠦᠯᠬᠦ ᠪᠠᠷ ᠵᠤᠷᠢᠭ | ᠰᠢᠭᠤᠳᠪᠡ᠃ | 2016 ᠤᠨ ᠤ ᠨᠢᠭᠡ ᠵᠢᠯ ᠳᠤ᠂ ᠠ᠊ · ᠡᠷᠳᠡᠨᠢᠪᠡᠶᠡᠷ ᠪᠠᠭᠰᠢ ᠤᠯᠠᠨ ᠤᠳᠠᠭ᠎ᠠ ᠤᠬᠠᠭᠤᠯᠬᠤ ᠠᠵᠢᠯ ᠬᠢᠵᠡᠢ᠃ | ᠲᠡᠷᠨ ᠮᠠᠨ ᠢ ᠲᠠᠭᠠᠭᠤᠯᠤᠨ ᠦᠪᠡᠷ ᠤᠨ ᠵᠡᠷᠤᠳᠡᠯ ᠢᠶᠠᠷ ᠢᠶᠠᠨ ᠭᠤᠷᠪᠠ ᠤᠳᠠᠭ᠎ᠠ ᠨᠠᠢᠮᠠᠨ ᠬᠤᠰᠢᠭᠤᠨ ᠳᠤ ᠤᠴᠢᠵᠤ᠂ | ᠬᠤᠰᠢᠭᠤᠨ ᠤ ᠤᠳᠤᠷᠢᠳᠤᠯᠭ᠎ᠠ ᠨᠡᠷ ᠲᠤ ︽ᠴᠤᠪᠤᠷᠡᠯ ᠪᠢᠴᠢᠭ︾ ᠢ ᠨᠠᠶᠢᠷᠠᠭᠤᠯᠤᠨ ᠬᠡᠪᠯᠡᠬᠦᠯᠬᠦ ᠶᠢᠨ ᠠᠴᠢ | ᠬᠤᠯᠪᠤᠭᠳᠡᠯ ᠢ ᠤᠬᠠᠭᠤᠯᠤᠨ ᠲᠡᠶᠢᠯᠪᠤᠷᠢᠯᠡᠵᠤ᠂ ︽ᠴᠤᠪᠤᠷᠡᠯ ᠪᠢᠴᠢᠭ︾ ᠢ ᠬᠡᠪᠯᠡᠬᠦᠯᠬᠦ ᠲᠦᠰᠤᠪ ᠲᠦᠯᠤᠪᠯᠡᠭᠡ᠂ | ᠲᠤᠭᠠᠴᠠᠭ᠎ᠠ ᠬᠢᠵᠤ᠂ ᠨᠠᠢᠮᠠᠨ ᠬᠤᠰᠢᠭᠤᠨ ᠤ ᠤᠳᠤᠷᠢᠳᠤᠯᠭ᠎ᠠ ᠬᠦᠬᠡᠬᠤᠳᠠ ᠳᠤ ᠢᠷᠡᠬᠦ ᠪᠤᠯᠭᠠᠨ ᠪᠤᠯᠵᠤᠨ | ᠠᠭᠤᠯᠵᠡᠵᠤ ᠰᠢᠷᠡᠭᠡ ᠵᠠᠰᠡᠨ ᠠᠷᠢᠬᠢ ᠤᠤᠭᠤᠯᠭᠠᠵᠤ᠂ ᠨᠠᠶᠢᠷ ᠰᠡᠳᠬᠢᠯᠭᠡ ᠪᠠᠨ ᠵᠤᠵᠠᠭᠠᠳᠬᠠᠨ ᠬᠠᠷᠢᠴᠠᠭ᠎ᠠ | ᠬᠤᠯᠪᠤᠭ᠎ᠠ ᠪᠠᠨ ᠴᠢᠩᠭᠠᠳᠬᠠᠵᠤ ᠪᠠᠶᠢᠪᠡ᠃ ᠡᠬᠦᠨ ᠳᠤ ᠬᠤᠰᠢᠭᠤᠨ ᠲᠡᠷᠤᠭ᠎ᠠ ᠪᠦᠷᠢᠨ ᠭᠤᠸᠠᠢ ︽ᠴᠤᠪᠤᠷᠡᠯ | ᠪᠢᠴᠢᠭ︾ ᠢ ᠬᠡᠪᠯᠡᠬᠦᠯᠬᠦ ᠠᠵᠢᠯ ᠢ ᠪᠦᠬᠦ ᠬᠦᠴᠤᠨ ᠢᠶᠠᠷ ᠢᠶᠠᠨ ᠲᠡᠮᠵᠢᠬᠦ ᠪᠠᠨ ᠢᠯᠡᠷᠭᠡᠶᠢᠯᠡᠵᠤ᠂ ᠪᠤᠰᠤᠳ ᠲᠡᠷᠤᠭ᠎ᠠ | ᠨᠡᠷ ᠴᠤ ᠲᠡᠮᠵᠢᠨ᠎ᠠ᠂ ᠬᠠᠪᠰᠤᠷᠤᠨ᠎ᠠ ᠬᠡᠵᠤ ᠪᠠᠶᠢᠪᠡ᠃ 2017 ᠤᠨ ᠤ 3 ᠳ᠋ᠤᠭᠠᠷ ᠰᠡᠷ᠎ᠠ ᠶᠢᠨ 4 ᠳᠤ | ᠡᠷᠳᠡᠨᠢᠪᠠᠶᠡᠷ ᠪᠠᠭᠰᠢ ᠨᠠᠢᠮᠠᠨ ᠳᠤ ᠤᠴᠢᠵᠤ ᠲᠡᠶᠢᠯᠤᠮᠵᠢ ᠬᠢᠭᠰᠡᠨ ᠤᠳᠠᠭ᠎ᠠ ᠬᠤᠷᠡᠯ ᠤᠨ ᠵᠠᠪᠰᠡᠷ ᠢᠶᠠᠷ ︽ᠴᠤᠪᠤᠷᠡᠯ | ᠪᠢᠴᠢᠭ︾ ᠢ ᠬᠡᠪᠯᠡᠬᠦᠯᠬᠦ ᠠᠵᠢᠯ ᠢ ᠲᠤᠰᠬᠠᠢ ᠨᠢᠬᠡᠨ ᠰᠡᠳᠤᠪ ᠪᠤᠯᠭᠠᠨ ᠨᠠᠢᠮᠠᠨ ᠤ ᠤᠳᠤᠷᠢᠳᠤᠯᠭ᠎ᠠ ᠨᠡᠷ ᠲᠠᠢ | ᠶᠠᠷᠢᠯᠴᠡᠵᠤ᠂ ᠶᠠᠮᠡᠷ ᠨᠤᠮ ᠢ ᠡᠬᠢᠯᠡᠨ ᠨᠠᠶᠢᠷᠠᠭᠤᠯᠤᠨ ᠪᠢᠴᠢᠬᠦ᠂ ᠬᠡᠨ ᠪᠢᠴᠢᠬᠦ᠂ ᠪᠡᠷᠤᠭ ᠬᠡᠳᠤᠢ ᠵᠤᠭᠤᠰ | ᠵᠡᠷᠤᠴᠠᠭᠤᠯᠬᠤ ᠵᠡᠷᠭᠡ ᠠᠰᠠᠭᠤᠳᠡᠯ ᠢ ᠶᠡᠭᠡ ᠲᠦᠯᠤᠪ ᠶᠠᠷᠢᠯᠴᠡᠨ ᠲᠤᠭᠳᠠᠵᠤ᠂ ᠪᠢ ︽ᠴᠤᠪᠤᠷᠡᠯ ᠪᠢᠴᠢᠭ︾ ᠢ | ᠨᠠᠶᠢᠷᠠᠭᠤᠯᠤᠨ ᠬᠡᠪᠯᠡᠬᠦ ᠲᠦᠰᠤᠪ ᠤᠨ ᠡᠭᠡ ᠨᠤᠤᠷᠠᠭ ᠢ ᠡᠷᠳᠡᠨᠢᠪᠠᠶᠡᠷ ᠪᠠᠭᠰᠢ ᠪᠠᠷ ᠬᠢᠨᠠᠭᠤᠯᠤᠭᠠᠳ ᠨᠠᠢᠮᠠᠨ | ᠬᠤᠰᠢᠭᠤᠨ ᠤ ᠭᠤᠤᠯ ᠪᠤᠯᠬᠤ ᠤᠳᠤᠷᠢᠳᠤᠯᠭ᠎ᠠ ᠨᠡᠷ ᠤᠨ ᠬᠦᠮᠤᠨ ᠪᠦᠷᠢ ᠳᠤ ᠨᠢᠭᠡ ᠬᠤᠪᠢ ᠲᠡᠷᠬᠠᠭᠠᠵᠤ | ᠦᠭᠬᠦᠭᠰᠡᠨ ᠶᠤᠮ᠃ | 2017 ᠤᠨ ᠤ 6 ᠳ᠋ᠤᠭᠠᠷ ᠰᠡᠷ᠎ᠠ ᠶᠢᠨ 1 ᠤ ᠡᠳᠤᠷ ᠠᠴᠠ ︽ᠨᠠᠢᠮᠠᠨ ᠬᠤᠰᠢᠭᠤᠨ ᠤ ᠲᠡᠤᠭᠡ ᠰᠤᠶᠤᠯ ᠤᠨ | ᠴᠤᠪᠤᠷᠡᠯ ᠪᠢᠴᠢᠭ︾ ᠢ ᠨᠠᠶᠢᠷᠠᠭᠤᠯᠤᠨ ᠬᠡᠪᠯᠡᠬᠦᠯᠬᠦ ᠠᠵᠢᠯ ᠵᠢᠩᠬᠢᠨᠢ ᠪᠠᠷ ᠡᠬᠢᠯᠡᠪᠡ᠃ ᠬᠤᠶᠡᠷ ᠡᠳᠤᠷ ᠤᠨ ᠡᠮᠤᠨ᠎ᠠ᠂ | ᠠ᠊ · ᠡᠷᠳᠡᠨᠢᠪᠡᠶᠡᠷ ᠪᠠᠭᠰᠢ ᠤᠳᠡᠰᠤ ᠢᠷᠡᠬᠦᠯᠵᠤ ᠨᠠᠢᠮᠠᠨ ᠬᠤᠰᠢᠭᠤᠨ ᠳᠤ ᠤᠴᠢᠵᠤ ᠬᠤᠷᠡᠯ ᠬᠢᠬᠦ ᠪᠠᠷ ᠲᠤᠭᠳᠠᠪᠡ᠃ | 1 ᠤ ᠡᠳᠤᠷ ᠤᠨ ᠦᠳᠡᠰᠢ᠂ ᠠ᠊ · ᠡᠷᠳᠡᠨᠢᠪᠡᠶᠡᠷ ᠪᠠᠭᠰᠢ᠂ ᠪᠠᠳᠮᠬᠤᠳᠰᠡᠷ ᠪᠠᠭᠰᠢ᠂ ᠨᠠ᠊ · ᠰᠠᠶᠢᠵᠢᠷᠠᠬᠤ ᠪᠠᠭᠰᠢ | ᠨᠢᠰᠬᠡᠯ ᠢᠶᠠᠷ ᠲᠦᠡᠭᠯᠢᠶᠤᠤ ᠳᠤ ᠢᠷᠡᠵᠤ ᠪᠠᠭᠤᠪᠡ᠃ ᠪᠢ ᠲᠡᠳᠡᠨ ᠢ ᠲᠤᠰᠴᠤ ᠠᠪᠤᠭᠠᠳ ᠰᠦᠨᠢ ᠳᠤ ᠪᠠᠨ ᠨᠠᠢᠮᠠᠨ | ᠳᠤ ᠤᠴᠢᠵᠡᠢ᠃ ᠡᠨᠡ ᠦᠶ᠎ᠠ ᠳᠤ᠂ ᠦᠪᠦᠷ ᠮᠣᠩᠭᠤᠯ ᠤᠨ ᠦᠨᠳᠤᠰᠤᠳᠡᠨ ᠤ ᠶᠡᠭᠡ ᠰᠤᠷᠭᠠᠭᠤᠯᠢ ᠶᠢᠨ ᠭᠠᠯᠰᠠᠩ | ᠪᠠᠭᠰᠢ᠂ ᠦᠯᠵᠡᠶᠢᠳᠤᠭᠳᠠᠬᠤ ᠪᠠᠭᠰᠢ᠂ ᠡᠾᠧ ᠶᠧᠷ ᠪᠠᠭᠰᠢ ᠪᠤᠯᠤᠨ ᠯᠾᠡᠰᠦ᠋ᠷᠤᠩ ᠨᠡᠷ ᠴᠤ ᠲᠤᠭᠳᠠᠭᠰᠡᠨ ᠴᠠᠭ | ᠲᠤ ᠪᠠᠨ ᠨᠠᠢᠮᠠᠨ ᠳᠤ ᠤᠴᠢᠭᠠᠳ ᠪᠠᠶᠢᠵᠡᠢ᠃ ᠬᠤᠰᠢᠭᠤᠨ ᠲᠡᠷᠤᠭ᠎ᠠ ᠪᠦᠷᠢᠨ ᠭᠤᠸᠠᠢ ᠮᠠᠨᠤᠰ ᠢ ᠬᠠᠯᠠᠭᠤᠨ ᠢᠶᠠᠷ | ᠬᠦᠯᠢᠶᠠᠨ ᠠᠪᠴᠤ ᠠᠭᠤᠯᠵᠠᠭᠠᠳ ᠬᠦᠨᠳᠤᠳᠡ ᠵᠤᠴᠢᠯᠡᠪᠡ᠃ ᠬᠤᠭᠤᠯᠠᠨ ᠤ ᠲᠡᠷᠠᠭ᠎ᠠ ᠮᠠᠨ ᠤ ᠬᠡᠳᠤᠬᠦᠯᠡ ᠮᠢᠨᠤ | ᠦᠷᠤᠭᠡᠨ ᠳᠤ ᠬᠤᠷᠡᠯ ᠬᠢᠵᠤ᠂ ᠮᠡᠷᠭᠠᠰᠢ ᠶᠢᠨ ᠬᠤᠷᠡᠯ ᠤᠨ ᠲᠤᠬᠠᠢ ᠶᠠᠷᠢᠯᠴᠡᠪᠡ᠃ ᠡᠨᠡ ᠦᠶ᠎ᠠ ᠳᠤ ᠰᠥᠨᠢ | ᠳᠦᠯᠢ ᠦᠡᠭᠭᠡᠷᠡᠵᠤ ᠪᠠᠶᠢᠯ᠎ᠠ᠃ ᠲᠡᠳᠡ ᠪᠦᠬᠦᠳᠡᠭᠡᠷ ᠨᠠᠮ᠎ᠠ ᠶᠢ ᠨᠠᠶᠢᠳᠡᠵᠤ᠂ ᠮᠡᠷᠭᠠᠰᠢ ᠶᠢᠨ ᠬᠤᠷᠡᠯ ᠲᠡᠭᠡᠷ᠎ᠠ ︽ | ᠴᠤᠪᠤᠷᠡᠯ ᠪᠢᠴᠢᠭ︾ ᠢ ᠨᠠᠶᠢᠷᠠᠭᠤᠯᠤᠨ ᠬᠡᠪᠯᠡᠬᠦᠯᠬᠦ ᠠᠵᠢᠯ ᠤᠨ ᠲᠤᠬᠠᠢ ᠶᠠᠷᠢᠭᠤᠯᠬᠤ ᠪᠠᠷ ᠲᠤᠭᠳᠠᠵᠤ᠂ ᠪᠢ ᠨᠢᠭᠡ | ᠰᠦᠨᠢ ᠨᠢᠳᠤ ᠬᠠᠮᠬᠢᠯ ᠦᠭᠡᠢ ᠶᠠᠷᠢᠶᠠᠨ ᠤ ᠡᠭᠡ ᠨᠤᠤᠷᠠᠭ ᠢᠶᠠᠨ ᠪᠡᠯᠡᠳᠬᠡᠪᠡ᠃ | 2017 ᠤᠨ ᠤ 6 ᠳ᠋ᠤᠭᠠᠷ ᠰᠡᠷ᠎ᠠ ᠶᠢᠨ 2 ᠤᠨ ᠡᠳᠤᠷ᠂ ᠠᠩᠬ᠎ᠠ ᠤᠳᠠᠭ᠎ᠠ ᠬᠤᠷᠡᠯ ᠬᠢᠵᠤ᠂ ︽ᠴᠤᠪᠤᠷᠡᠯ | ᠪᠢᠴᠢᠭ︾ ᠢ ᠨᠠᠶᠢᠷᠠᠭᠤᠯᠤᠨ ᠬᠡᠪᠯᠡᠬᠦᠯᠬᠦ ᠲᠤᠬᠠᠢ ᠶᠠᠷᠢᠯᠴᠡᠪᠡ᠃ ᠬᠤᠷᠡᠯ ᠢ ᠪᠦᠷᠢᠨ ᠲᠡᠷᠤᠭ᠎ᠠ ᠡᠷᠬᠢᠯᠡᠵᠤ᠂ ᠨᠠᠢᠮᠠᠨ ᠤ | ᠲᠡᠯ᠎ᠠ ᠠᠴᠠ ᠯᠢ ᠢᠤᠢ ᠱᠠᠨ ᠲᠡᠷᠢᠬᠦᠯᠡᠭᠴᠢ᠂ ᠸᠠᠩ ᠱᠤ᠋ ᠪᠦᠸᠧ ᠲᠤᠪᠴᠢᠶᠠᠨ ᠲᠡᠷᠤᠭ᠎ᠠ᠂ ᠯᠢᠶᠠᠩ ᠴᠧᠨ | ᠲᠡᠷᠢᠬᠦᠯᠡᠭᠴᠢ᠂ ᠰᠢ ᠰᠠᠶᠢᠬᠤᠴᠡᠷᠠᠯᠳᠤ ᠲᠤᠪᠴᠢᠶᠠᠨ ᠲᠡᠷᠤᠭ᠎ᠠ᠂ ᠵᠤᠬᠢᠶᠠᠯᠴᠢ ᠬᠠᠩᠳᠠᠭᠤᠳ ᠤᠰᠤᠨᠪᠤᠳᠤᠭ᠂ | ᠵᠤᠬᠢᠶᠠᠯᠴᠢ ᠪᠤᠤ ᠢᠤᠢ ᠱᠠᠨ᠂ ᠰᠢ ᠨᠡᠷᠡᠨ ᠪᠠᠭᠰᠢ᠂ ᠶᠦᠸᠧ ᠮᠢᠩ ᠵᠤ᠋ ᠪᠠᠭᠰᠢ ᠪᠤᠯᠤᠨ ᠮᠠᠨ ᠤ ᠬᠡᠳᠤᠬᠦᠯᠡ | ᠤᠷᠤᠯᠴᠡᠵᠡᠢ᠃ ᠪᠢ ︽ᠴᠤᠪᠤᠷᠡᠯ ᠪᠢᠴᠢᠭ︾ ᠢ ᠨᠠᠶᠢᠷᠠᠭᠤᠯᠤᠨ ᠬᠡᠪᠯᠡᠬᠦᠯᠬᠦ ᠲᠤᠬᠠᠢ ᠮᠡᠳᠡᠬᠦᠯᠤᠯᠳᠡ ᠬᠢᠪᠡ᠃ | ᠦᠳᠡ ᠶᠢᠨ ᠬᠤᠶᠢᠨ᠎ᠠ᠂ ᠦᠷᠬᠦᠯᠵᠢᠯᠡᠨ ᠬᠤᠷᠡᠯ ᠬᠢᠵᠤ᠂ ᠤᠳᠤᠷᠢᠳᠬᠤ ᠲᠤᠭᠤᠶᠢᠯᠠᠩ᠂ ᠨᠠᠶᠢᠷᠠᠭᠤᠯᠬᠤ ᠺᠤᠮᠢᠰ | ᠵᠡᠷᠭᠡ ᠶᠢ ᠶᠠᠷᠢᠯᠴᠡᠨ ᠲᠤᠭᠳᠠᠪᠡ᠃ ᠮᠠᠨ ᠤ ᠤᠷᠢᠳᠡᠰᠠ ᠪᠡᠯᠡᠳᠬᠡᠭᠰᠡᠨ ᠲᠦᠰᠤᠪ ᠢ ᠦᠨᠳᠤᠰᠤᠯᠡᠨ ︽ᠨᠠᠢᠮᠠᠨ | ᠬᠤᠰᠢᠭᠤᠨ ᠤ ᠲᠡᠤᠭᠡ ᠰᠤᠶᠤᠯ ᠤᠨ ᠴᠤᠪᠤᠷᠡᠯ ᠪᠢᠴᠢᠭ︾ ᠢ ᠨᠠᠶᠢᠳᠡ 33 ᠪᠤᠳᠢ ᠬᠡᠪᠯᠡᠬᠦᠯᠬᠦ ᠪᠠᠷ ᠲᠤᠭᠳᠠᠵᠤ᠂ | ᠨᠠᠮ᠎ᠠ ᠶᠢ ᠭᠤᠤᠯ ᠡᠷᠬᠢᠯᠡᠨ ᠨᠠᠶᠢᠷᠠᠭᠤᠯᠤᠭᠴᠢ᠂ ᠡᠷᠳᠡᠨᠢᠪᠠᠶᠡᠷ᠂ ᠪᠠᠳᠮᠬᠤᠳᠰᠡᠷ᠂ ᠨᠠ᠊ · ᠰᠠᠶᠢᠵᠢᠷᠠᠬᠤ᠂ ᠭᠠᠯᠰᠠᠩ᠂ | ᠡᠤ ᠦᠯᠵᠡᠶᠢᠳᠤᠭᠳᠠᠬᠤ᠂ ᠬᠠᠩᠳᠠᠭᠤᠳ ᠤᠰᠤᠨᠪᠤᠳᠤᠭ᠂ ᠯᠾᠡᠰᠦ᠋ᠷᠤᠩ᠂ ᠡᠾᠧ ᠶᠧᠷ᠂ ᠪᠤᠤ ᠦᠯᠵᠡᠢ ᠶᠢ ᠲᠡᠳ᠋ | ᠡᠷᠬᠢᠯᠡᠨ ᠨᠠᠶᠢᠷᠠᠭᠤᠯᠤᠭᠴᠢ ᠪᠠᠷ ᠲᠤᠭᠳᠠᠵᠤ ᠨᠠᠶᠢᠷᠠᠭᠤᠯᠬᠤ ᠺᠤᠮᠢᠰ ᠤᠨ ᠸᠢᠴᠡᠲ ᠴᠣᠭᠯᠠᠷᠠᠯ ᠢ ᠪᠠᠶᠢᠭᠤᠯᠪᠡ᠃ | 2017 ᠤᠨ ᠤ 6 ᠳ᠋ᠤᠭᠠᠷ ᠰᠡᠷ᠎ᠠ ᠶᠢᠨ 27 ᠤ ᠡᠳᠤᠷ᠂ ᠠ᠊ · ᠡᠷᠳᠡᠨᠢᠪᠡᠶᠡᠷ ᠪᠠᠭᠰᠢ ᠮᠠᠨ ᠤ ︽ᠭᠤᠷᠪᠠᠨ | ᠦᠯᠵᠡᠢ︾ ︵ᠦᠯᠵᠡᠶᠢᠬᠤᠳᠤᠭ᠂ ᠬᠠᠨ ᠦᠯᠵᠡᠶᠢᠳᠤᠭᠳᠠᠬᠤ᠂ ᠦᠯᠵᠡᠶᠢᠴᠡᠴᠡᠭ︶ ᠶᠢ ᠲᠤᠮᠢᠯᠡᠨ ᠦᠪᠤᠷ ᠮᠤᠩᠭᠤᠯ | ᠤᠨ ᠠᠷᠡᠳ ᠤᠨ ᠬᠡᠪᠯᠡᠯ ᠤᠨ ᠬᠤᠷᠢᠶ᠎ᠠ ᠳᠤ ᠤᠴᠢᠭᠤᠯᠵᠤ ᠵᠢᠷᠤᠮᠳᠤ ᠬᠤᠷᠢᠶᠠᠨ ᠲᠡᠷᠤᠭ᠎ᠠ᠂ ᠬᠦᠢ ᠿᠦᠡᠭ ᠲᠡᠳ᠋ | ᠬᠤᠷᠢᠶᠠᠨ ᠲᠡᠷᠤᠭ᠎ᠠ ᠶᠢ ᠡᠷᠢᠬᠦᠯᠵᠤ ︽ᠨᠠᠢᠮᠠᠨ ᠬᠤᠰᠢᠭᠤᠨ ᠤ ᠲᠡᠤᠭᠡ ᠰᠤᠶᠤᠯ ᠤᠨ ᠴᠤᠪᠤᠷᠡᠯ ᠪᠢᠴᠢᠭ︾ ᠢ | ᠬᠡᠪᠯᠡᠬᠦᠯᠬᠦ ᠶᠠᠪᠤᠳᠡᠯ ᠢ ᠮᠡᠳᠡᠬᠦᠯᠤᠨ᠂ ᠲᠦᠷᠤᠯ ᠵᠤᠶᠢᠯ᠂ ᠨᠤᠮ ᠤᠨ ᠳ᠋ᠤᠭᠠᠷ ᠭᠤᠶᠤᠴᠢᠯᠠᠪᠡ᠃ ᠵᠢᠷᠤᠮᠳᠤ᠂ ᠬᠦᠢ | ᠿᠦᠡᠭ ᠬᠤᠶᠡᠷ ᠲᠡᠷᠤᠭ᠎ᠠ ᠮᠠᠨ ᠤ ᠠᠵᠢᠯ ᠢ ᠲᠡᠮᠵᠢᠨ᠎ᠠ ᠬᠡᠵᠤ ᠢᠯᠡᠳᠬᠡᠵᠤ᠂ ᠡᠨᠡ ᠶᠠᠪᠤᠳᠡᠯ ᠢ ᠴᠡᠩ ᠰᠦᠸᠧ | ᠡᠷᠬᠢᠯᠡᠭᠴᠢ ᠳᠤ ᠲᠤᠰᠢᠶᠠᠨ ᠦᠭᠴᠡᠢ᠃ ᠠ᠊ · ᠡᠷᠳᠡᠨᠢᠪᠡᠶᠡᠷ ᠪᠠᠭᠰᠢ ᠰᠤᠨᠤᠰᠤᠭᠠᠳ ᠲᠤᠶᠢᠯ ᠢᠶᠠᠷ ᠪᠠᠶᠡᠷᠯᠠᠵᠤ | ᠲᠤᠰᠬᠠᠶᠢᠯᠠᠨ ᠰᠢᠷᠡᠭᠡ ᠵᠠᠰᠠᠵᠤ ᠮᠠᠨᠤᠰ ᠢ ᠵᠤᠴᠢᠯᠡᠨ ᠨᠤᠮ ᠢᠶᠠᠨ ᠶᠠᠭᠠᠬᠢᠵᠤ ᠬᠡᠪᠯᠡᠬᠦᠯᠬᠦ᠂ ᠶᠠᠮᠡᠷ ᠰᠠᠶᠢᠬᠠᠨ ᠴᠢᠨᠡᠷ | ᠴᠢᠨᠰᠠᠭ᠎ᠠ ᠲᠠᠢ ᠭᠠᠷᠭᠠᠬᠤ ᠲᠤᠬᠠᠢ ᠪᠠᠭ᠋ᠠᠳᠤᠨ ᠶᠠᠷᠢᠵᠤ ᠪᠠᠶᠢᠪᠡ᠃ ᠢᠡᠭᠬᠢᠭᠡᠳ ︽ᠴᠤᠪᠤᠷᠡᠯ ᠪᠢᠴᠢᠭ︾ ᠢ | ᠨᠠᠶᠢᠷᠠᠭᠤᠯᠤᠨ ᠬᠡᠪᠯᠡᠬᠦᠯᠬᠦ ᠠᠵᠢᠯ ᠢᠯᠭᠤᠮ ᠢᠶᠠᠷ ᠵᠠᠮ ᠳᠤ ᠪᠠᠨ ᠤᠷᠤᠵᠡᠢ᠃ | 2017 ᠤᠨ ᠤ 10 ᠰᠡᠷ᠎ᠠ ᠶᠢᠨ 21 ᠤ ᠡᠳᠤᠷ᠂ ᠵᠤᠬᠢᠶᠠᠯᠴᠢ ᠬᠠᠩᠳᠠᠭᠤᠳ ᠤᠰᠤᠨᠪᠤᠳᠤᠭ ᠪᠢᠳᠡ | ᠬᠤᠶᠠᠭᠤᠯᠠ ᠬᠦᠬᠡᠬᠤᠳᠠ ᠳᠤ ᠢᠷᠡᠵᠤ ︽ᠴᠤᠪᠤᠷᠡᠯ ᠪᠢᠴᠢᠭ︾ ᠤᠨ ᠲᠦᠷᠦᠬᠦᠦ ᠪᠦᠯᠦᠭ 8 ᠪᠤᠳᠢ ᠨᠤᠮ ᠤᠨ ᠡᠭᠡ | ᠪᠢᠴᠢᠭ ᠢ ᠠᠷᠡᠳ ᠤᠨ ᠬᠡᠪᠯᠡᠯ ᠤᠨ ᠬᠤᠷᠢᠶ᠎ᠠ ᠳᠤ ᠲᠤᠰᠢᠶᠠᠪᠡ᠃ 8 ᠪᠤᠳᠢ ᠨᠤᠮ ᠢ ᠨᠠᠶᠢᠷᠠᠭᠤᠯᠤᠨ ᠡᠮᠬᠢᠳᠬᠡᠬᠦ | ᠶᠠᠪᠤᠴᠡ ᠳᠤ ᠬᠠᠩᠳᠠᠭᠤᠳ ᠤᠰᠤᠨᠪᠤᠳᠤᠭ ᠲᠤᠩ ᠶᠡᠭᠡ ᠬᠦᠴᠤ ᠬᠦᠯᠤᠰᠤ ᠵᠡᠷᠤᠴᠠᠭᠤᠯᠤᠭᠰᠡᠨ ᠶᠤᠮ᠃ ᠮᠦᠨ | ᠪᠤᠰᠤᠳ ᠲᠡᠳ᠋ ᠡᠷᠬᠢᠯᠡᠨ ᠨᠠᠶᠢᠷᠠᠭᠤᠯᠤᠭᠴᠢ ᠨᠡᠷ ᠬᠤᠪᠢ ᠬᠤᠪᠢ ᠶᠢᠨ ᠴᠢᠷᠮᠠᠶᠢᠯᠭ᠎ᠠ ᠪᠠᠨ ᠭᠠᠷᠭᠠᠵᠡᠢ᠃ | ᠠ᠊ · ᠡᠷᠳᠡᠨᠢᠪᠡᠶᠡᠷ ᠪᠠᠭᠰᠢ ᠶᠢᠨ ᠰᠠᠨᠠᠭᠠᠴᠢᠯᠠᠭ᠎ᠠ ᠪᠠᠷ ︽ᠨᠠᠢᠮᠠᠨ ᠤ ᠡᠬᠦᠰᠤᠯ ᠭᠠᠷᠤᠯ ᠬᠢᠭᠡᠳ ᠰᠤᠶᠤᠯ ᠲᠡᠤᠭᠡ | ᠶᠢᠨ ᠲᠤᠬᠠᠢ ᠰᠤᠳᠤᠯᠤᠨ ᠶᠠᠷᠢᠯᠴᠠᠬᠤ ᠬᠤᠷᠡᠯ︾ 2018 ᠤᠨ ᠤ 3 ᠳ᠋ᠤᠭᠠᠷ ᠰᠡᠷ᠎ᠠ ᠶᠢᠨ 3 ᠤ ᠡᠳᠤᠷ | ᠬᠦᠬᠡᠬᠤᠳᠠ ᠳᠤ ᠬᠤᠷᠡᠯᠳᠤᠪᠡ᠃ ᠬᠤᠷᠡᠯ ᠳᠤ ᠪ᠊ · ᠬᠡᠷᠡᠯᠳᠤ ᠪᠠᠭᠰᠢ᠂ ᠪᠤᠤᠰᠢᠶᠠᠩ ᠪᠠᠭᠰᠢ᠂ ᠬᠦᠷᠡᠯᠱᠠ ᠪᠠᠭᠰᠢ | ᠤᠷᠤᠯᠴᠡᠵᠡᠢ᠃ ᠬᠤᠷᠡᠯ ᠤᠨ ᠬᠤᠭᠤᠴᠠᠭᠠᠨ ᠳᠤ ᠡᠷᠳᠡᠨᠢᠪᠠᠶᠡᠷ ᠪᠠᠭᠰᠢ᠂ ᠨᠠ᠊ ·ᠰᠠᠶᠢᠵᠢᠷᠠᠬᠤ ᠪᠠᠭᠰᠢ ᠪᠢᠳᠡ | ᠭᠤᠷᠪᠠᠭᠤᠯᠠ ︽ᠴᠤᠪᠤᠷᠡᠯ ᠪᠢᠴᠢᠭ︾ ᠤᠨ ᠬᠠᠪᠢᠰᠤ ᠤᠷᠡᠯᠡᠯ ᠤᠨ ᠲᠤᠬᠠᠢ ᠶᠠᠷᠢᠯᠴᠡᠨ ᠵᠦᠪᠳᠡᠵᠤ᠂ ᠨᠠ᠊ · | ᠰᠠᠶᠢᠵᠢᠷᠠᠬᠤ ᠪᠠᠭᠰᠢ ᠬᠡᠳᠤ ᠤᠳᠠᠭ᠎ᠠ ᠪᠠᠰᠤᠳᠢ ᠬᠠᠰᠪᠢᠯᠢᠭ᠌ ᠪᠠᠭᠰᠢ᠂ ᠴᠡᠩᠭᠡᠯᠳᠤ ᠡᠷᠬᠢᠯᠡᠭᠴᠢ ᠲᠠᠢ ᠠᠭᠤᠯᠵᠡᠨ ᠠ᠊ · | ᠡᠷᠳᠡᠨᠢᠪᠡᠶᠡᠷ ᠪᠠᠭᠰᠢ ᠪᠢᠳᠡ ᠬᠤᠶᠠᠭᠤᠯᠠ ᠶᠢᠨ ᠰᠠᠨᠠᠯ ᠢ ᠲᠡᠮᠵᠢᠭᠤᠯᠵᠤ ᠪᠠᠶᠢᠪᠡ᠃ | 2018 ᠤᠨ ᠤ 7 ᠳ᠋ᠤᠭᠠᠷ ᠰᠡᠷ᠎ᠠ ᠶᠢᠨ 18 ᠤ ᠡᠳᠤᠷ᠂ ᠨᠠᠢᠮᠠᠨ ᠬᠤᠰᠢᠭᠤᠨ ᠤ ᠤᠯᠠᠨ ᠨᠠᠶᠢᠳᠡ ᠶᠢᠨ | ᠠᠷᠠᠯᠵᠢᠶᠠᠨ ᠤ ᠲᠦᠪ ᠲᠤ ︽ᠨᠠᠢᠮᠠᠨ ᠬᠤᠰᠢᠭᠤᠨ ᠤ ᠲᠡᠤᠭᠡ ᠰᠤᠶᠤᠯ ᠤᠨ ᠴᠤᠪᠤᠷᠡᠯ ᠪᠢᠴᠢᠭ︾ ᠤᠨ 8 ᠪᠤᠳᠢ | ᠨᠤᠮ ᠤᠨ ᠲᠠᠭᠠᠭᠠᠴᠢᠯᠠᠯᠳᠡ ᠵᠡᠷᠯᠠᠬᠤ ᠬᠤᠷᠡᠯ ᠬᠢᠵᠤ᠂ ᠦᠪᠤᠷ ᠮᠤᠩᠭᠤᠯ ᠤᠨ ᠠᠷᠡᠳ ᠤᠨ ᠬᠡᠪᠯᠡᠯ ᠤᠨ ᠬᠤᠷᠢᠶ᠎ᠠ | ᠵᠡᠷᠭᠡ ᠭᠤᠷᠪᠠᠨ ᠬᠡᠪᠯᠡᠯ ᠤᠨ ᠬᠤᠷᠢᠶ᠎ᠠ ᠲᠠᠭᠠᠭᠠᠴᠢᠯᠠᠯᠳᠡ ᠶᠢᠨ ᠪᠢᠴᠢᠭ ᠲᠤᠰᠢᠶᠠᠵᠤ᠂ ᠠᠷᠡᠳ ᠤᠨ ᠬᠡᠪᠯᠡᠯ ᠤᠨ | ᠬᠤᠷᠢᠶ᠎ᠠ ᠶᠢᠨ ᠮᠤᠩᠭᠤᠯ ᠨᠠᠶᠢᠷᠠᠭᠤᠯᠬᠤ ᠬᠡᠯᠳᠡᠰ ᠤᠨ ᠲᠡᠳ᠋ ᠡᠷᠬᠢᠯᠡᠭᠴᠢ ᠴᠡᠩᠭᠡᠯᠳᠤ᠂ ᠨᠠᠶᠢᠷᠠᠭᠤᠯᠤᠭᠴᠢ ᠬᠦᠭᠵᠢᠯᠳᠤ | ᠵᠡᠷᠭᠡ ᠠᠷᠪᠠᠭᠠᠳ ᠬᠦᠮᠤᠨ ᠬᠦᠬᠡᠬᠤᠳᠠ᠂ ᠬᠠᠶᠢᠯᠡᠷ᠂ ᠲᠦᠡᠭᠯᠢᠶᠤᠤ ᠵᠡᠷᠭᠡ ᠭᠠᠵᠡᠷ ᠠᠴᠠ ᠢᠷᠡᠵᠤ ᠤᠷᠤᠯᠴᠡᠵᠡᠢ᠃ | ᠡᠴᠤᠰ ᠲᠤ ᠪᠠᠨ ᠠᠷᠡᠳ ᠤᠨ ᠬᠡᠪᠯᠡᠯ ᠤᠨ ᠬᠤᠷᠢᠶ᠎ᠠ ᠲᠠᠭᠠᠭᠠᠴᠢᠯᠠᠯᠳᠡ ᠶᠢ ᠤᠯᠵᠡᠢ᠃ 21 ᠤ ᠡᠳᠤᠷ ᠪᠢ | ᠬᠦᠬᠡᠬᠤᠳᠠ ᠳᠤ ᠢᠷᠡᠵᠤ ᠠ᠊ · ᠡᠷᠳᠡᠨᠢᠪᠡᠶᠡᠷ ᠪᠠᠭᠰᠢ ᠲᠠᠢ ᠠᠭᠤᠯᠵᠡᠨ ᠡᠭᠡ ᠪᠢᠴᠢᠭ ᠶᠢᠨ ᠪᠡᠷᠯᠠᠭᠤᠯᠬᠤ ᠠᠵᠢᠯ ᠢ | ᠡᠬᠢᠯᠡᠬᠦᠯᠪᠡ᠃ | ︽ᠴᠤᠪᠤᠷᠡᠯ ᠪᠢᠴᠢᠭ︾ ᠢ ᠨᠠᠶᠢᠷᠠᠭᠤᠯᠤᠨ ᠬᠡᠪᠯᠡᠬᠦᠯᠬᠦ ᠠᠵᠢᠯ ᠡᠬᠢᠯᠡᠬᠦ ᠦᠶ᠎ᠠ ᠳᠤ ᠪᠠᠨ ᠲᠤᠩ ᠰᠢᠯᠤᠭᠤᠬᠠᠨ | ᠶᠠᠪᠤᠭᠳᠠᠵᠤ ᠪᠠᠶᠢᠬᠰᠠᠨ ᠪᠤᠯᠪᠡᠴᠤ 2019 ᠤᠨ ᠠᠴᠠ 2020 ᠤᠨ ᠤ ᠬᠤᠶᠡᠷ ᠵᠢᠯ ᠳᠤ ᠲᠤᠩ ᠤᠷᠤᠭᠰᠢ | ᠦᠭᠡᠢ ᠪᠠᠶᠢᠪᠡ᠃ ᠰᠢᠯᠳᠠᠭᠠᠨ ᠨᠢ ᠤᠯᠠᠨ ᠲᠡᠯ᠎ᠠ ᠲᠠᠢ᠃ ᠡᠬᠦᠨ ᠳᠤ ᠠ᠊ · ᠡᠷᠳᠡᠨᠢᠪᠡᠶᠡᠷ ᠪᠠᠭᠰᠢ ᠲᠤᠩ ᠶᠡᠭᠡ | ᠪᠡᠴᠢᠮᠳᠡᠨ ᠰᠠᠨᠳᠤᠷᠴᠤ᠂ ᠡᠯ᠎ᠠ ᠡᠳᠡᠭᠡᠳ ᠤᠨ ᠬᠤᠭᠤᠷᠤᠨᠳᠤ ᠨᠢ ᠵᠤᠬᠢᠴᠠᠭᠤᠯᠬᠤ ᠠᠵᠢᠯ ᠢ ᠤᠯᠠᠨᠳᠡ ᠬᠢᠵᠤ᠂ | ᠨᠠᠢᠮᠠᠨ ᠬᠤᠰᠢᠭᠤᠨ ᠤ ᠤᠳᠤᠷᠢᠳᠤᠯᠭ᠎ᠠ ᠳᠤ ᠲᠡᠬᠢᠨ ᠲᠡᠪᠳᠡᠨ ᠤᠳᠡᠰᠤᠳᠡᠨ ᠱᠠᠭᠠᠷᠳᠠᠵᠤ ᠪᠠᠶᠢᠪᠡ᠃ ᠨᠠᠢᠮᠠᠨ | ᠬᠤᠰᠢᠭᠤᠨ ᠤ ᠲᠦᠷᠦᠬᠦᠦ ᠨᠢᠭᠡ ᠪᠦᠯᠦᠭ 8 ᠪᠤᠳᠢ ᠨᠤᠮ ᠢ ᠨᠠᠶᠢᠷᠠᠭᠤᠯᠬᠤ ᠬᠡᠪᠯᠡᠬᠦᠯᠬᠦ ᠳᠤ ᠠ᠊ · ᠡᠷᠳᠡᠨᠢᠪᠡᠶᠡᠷ | ᠪᠠᠭᠰᠢ ᠶᠢᠨ ᠬᠠᠶᠢᠷ᠎ᠠ ᠰᠡᠳᠬᠢᠯᠭᠡ᠂ ᠤᠶᠤᠨ ᠤᠬᠠᠭᠠᠨ᠂ ᠦᠨᠡᠳᠤ ᠬᠦᠳᠡᠯᠮᠤᠷᠢ ᠰᠢᠩᠭᠡᠭᠰᠡᠨ ᠶᠤᠮ᠃ | 2022 ᠤᠨ ᠤ 1 ᠰᠡᠷ᠎ᠠ ᠳᠤ ︽ᠨᠠᠢᠮᠠᠨ ᠬᠤᠰᠢᠭᠤᠨ ᠤ ᠲᠡᠤᠭᠡ ᠰᠤᠶᠤᠯ ᠤᠨ ᠴᠤᠪᠤᠷᠡᠯ ᠪᠢᠴᠢᠭ︾ 8 | ᠪᠤᠳᠢ ᠨᠤᠮ ᠭᠤᠶᠤ ᠰᠠᠶᠢᠬᠠᠨ ᠬᠡᠪᠯᠡᠭᠳᠡᠨ ᠭᠠᠷᠴᠤ᠂ ᠠ᠊ · ᠡᠷᠳᠡᠨᠢᠪᠡᠶᠡᠷ ᠪᠠᠭᠰᠢ ᠶᠢᠨ ᠬᠦᠰᠡᠯ ᠡᠷᠡᠮᠡᠯᠵᠡᠯ ᠨᠢ ᠠᠩᠬ᠎ᠠ | ᠠᠯᠬᠤᠮ ᠪᠡᠶᠡᠯᠡᠭᠳᠡᠵᠤ ᠲᠡᠬᠦᠨ ᠤ ᠬᠡᠭᠡᠨ ᠰᠦᠨᠡᠰᠤ ᠨᠢ ᠪᠠᠶᠡᠷᠯᠠᠭᠰᠡᠨ ᠪᠠᠶᠢᠬ᠎ᠠ᠃ ᠪᠢᠳᠡ ᠡᠷᠳᠡᠨᠢᠪᠠᠶᠡᠷ ᠪᠠᠭᠰᠢ ᠶᠢᠨ | ᠨᠤᠳᠤᠭ ᠤᠰᠤᠨ ᠤ ᠪᠠᠨ ᠲᠦᠯᠤᠭᠡ ᠭᠤᠶᠠᠴᠢ ᠦᠭᠡᠢ ᠵᠢᠳᠬᠦᠳᠡᠭ ᠵᠤᠷᠢᠭ ᠰᠠᠨᠠᠭ᠎ᠠ᠂ ᠠᠵᠢᠯ ᠤᠨ ᠡᠷᠴᠢᠮ᠂ ᠶᠠᠭᠤ | ᠶᠢ ᠴᠤ ᠴᠢᠨᠡᠷᠯᠢᠭ᠋ ᠴᠢᠨᠰᠠᠭ᠎ᠠ ᠲᠠᠢ ᠬᠢᠬᠦ ᠤᠶᠢᠯᠡᠰ ᠪᠦᠳᠤᠭᠡᠬᠦ ᠪᠡᠷᠢᠮᠳᠡᠯᠡᠯ ᠢ ᠵᠠᠯᠭᠠᠮᠵᠢᠯᠡᠨ᠂ ᠡ᠊ ᠪᠠᠭᠰᠢ ᠶᠢᠨ | ᠡᠬᠦᠳᠦᠭᠰᠡᠨ ᠠᠵᠢᠯ ᠢ ᠪᠡᠶᠡᠯᠡᠬᠦᠯᠬᠦ ᠶᠢᠨ ᠲᠦᠯᠤᠭᠡ᠂ ︽ᠴᠤᠪᠤᠷᠡᠯ ᠪᠢᠴᠢᠭ︾ ᠢ ᠦᠷᠬᠦᠯᠵᠢᠯᠡᠨ ᠬᠡᠪᠯᠡᠬᠦᠯᠬᠦ ᠪᠠᠷ | ᠴᠢᠷᠮᠠᠶᠢᠵᠤ᠂ ᠤᠳᠤ 19 ᠪᠤᠳᠢ ᠨᠤᠮ ᠤᠨ ᠡᠭᠡ ᠪᠢᠴᠢᠭ ᠢ ᠪᠡᠯᠡᠨ ᠪᠤᠯᠭᠠᠭᠠᠳ ᠠᠷᠡᠳ ᠤᠨ ᠬᠡᠪᠯᠡᠯ ᠤᠨ ᠬᠤᠷᠢᠶ᠎ᠠ | ᠳᠤ ᠲᠤᠰᠢᠶᠠᠨ ᠦᠭᠴᠤ ᠲᠤᠭᠠᠴᠠᠭ᠎ᠠ ᠬᠢᠵᠤ᠂ ᠨᠤᠮ ᠤᠨ ᠳ᠋ᠤᠭᠠᠷ ᠭᠤᠶᠤᠴᠢᠯᠠᠵᠤ ᠪᠠᠶᠢᠨ᠎ᠠ᠃ | ᠭᠤᠷᠪᠠ᠂ ᠨᠢᠭᠡ ︽ᠤᠷᠳᠤᠨ︾᠂ ᠬᠤᠶᠡᠷ ︽ᠮᠦᠽᠸᠢ︾ ᠶᠢ ᠵᠠᠰᠠᠨ ᠰᠢᠨᠡᠳᠬᠡᠵᠤ ᠡᠬᠦᠳᠤᠨ ᠪᠠᠶᠢᠭᠤᠯᠬᠤ ᠳᠤ | ᠦᠵᠡᠬᠦᠯᠦᠭᠰᠡᠨ ᠭᠠᠪᠢᠶ᠎ᠠ ᠵᠢᠳᠬᠦᠯ | ᠨᠠᠢᠮᠠᠨ ᠬᠤᠰᠢᠭᠤᠨ ᠤ ᠵᠠᠰᠠᠭ ᠤᠨ ᠤᠷᠳᠤᠨ 2015 ᠤᠨ ᠠᠴᠠ 2017 ᠤᠨ ᠤ ᠬᠤᠭᠤᠷᠤᠨᠳᠤ 708 | ᠲᠦᠮᠡᠨ ᠲᠦᠬᠦᠷᠢᠭ ᠤᠨ ᠵᠡᠷᠤᠳᠡᠯ ᠮᠦᠡᠭᠬᠦ ᠭᠠᠷᠭᠠᠵᠤ ᠨᠠᠢᠮᠠᠨ ᠸᠠᠩ ᠤᠨ ᠤᠷᠳᠤᠨ ᠢ ᠶᠡᠭᠡ ᠬᠡᠮᠵᠢᠶ᠎ᠠ ᠪᠠᠷ ᠵᠠᠰᠠᠨ | ᠰᠢᠨᠡᠳᠬᠡᠵᠤ ᠦᠷᠭᠡᠳᠬᠡᠨ ᠪᠠᠶᠢᠭᠤᠯᠤᠭᠰᠡᠨ ᠶᠤᠮ᠃ ᠨᠠᠢᠮᠠᠨ ᠬᠤᠰᠢᠭᠤᠨ ᠤ ᠵᠠᠰᠠᠭ ᠤᠨ ᠤᠷᠳᠤᠨ ᠨᠢ ᠵᠠᠰᠠᠨ | ᠰᠢᠨᠡᠳᠬᠡᠵᠤ ᠦᠷᠭᠡᠳᠬᠡᠨ ᠪᠠᠶᠢᠭᠤᠯᠬᠤ ᠲᠦᠰᠤᠪ ᠲᠦᠯᠤᠪᠯᠡᠭᠡ ᠪᠠᠨ ᠲᠤᠭᠳᠠᠭᠠᠬᠤ ᠳᠤ ᠪᠠᠨ ᠠ᠊ · ᠡᠷᠳᠡᠨᠢᠪᠡᠶᠡᠷ | ᠪᠠᠭᠰᠢ ᠶᠢ ᠲᠤᠰᠬᠠᠶᠢᠯᠠᠨ ᠤᠷᠢᠵᠤ ᠰᠠᠭᠤᠳᠡᠯ ᠤᠨ ᠬᠤᠷᠡᠯ ᠨᠡᠭᠡᠭᠡᠵᠤ ᠲᠡᠬᠦᠨ ᠤ ᠰᠠᠨᠠᠯ ᠵᠦᠪᠯᠡᠯᠭᠡ ᠶᠢ ᠰᠤᠨᠤᠰᠴᠡᠢ᠃ | ᠠ᠊ · ᠡᠷᠳᠡᠨᠢᠪᠡᠶᠡᠷ ᠪᠠᠭᠰᠢ ᠠᠯᠢ ᠡᠷᠳᠡ ᠮᠡᠳᠡᠭᠳᠡᠯ ᠤᠯᠤᠭᠰᠡᠨ ᠪᠤᠯᠬᠤᠷ ᠲᠤᠩ ᠤᠯᠠᠨ ᠮᠠᠲ᠋ᠧᠷᠢᠶᠡᠯ ᠦᠵᠡᠵᠤ᠂ | ᠪᠠᠶᠢᠴᠠᠭᠠᠨ ᠰᠤᠳᠤᠯᠤᠯᠳᠡ ᠬᠢᠭᠰᠡᠨ ᠪᠠᠶᠢᠵᠡᠢ᠃ ᠲᠡᠷᠨ ᠡᠨᠡ ᠰᠠᠭᠤᠷᠢᠨ ᠲᠡᠭᠡᠷ᠎ᠠ ᠪᠠᠨ ᠰᠢᠰᠲ᠋ᠧᠮ ᠲᠠᠢ ᠪᠡᠯᠡᠳᠬᠡᠨ ︽ | ᠡᠷᠳᠡᠨ ᠤ ᠪᠡᠷᠢᠯᠭ᠎ᠠ ᠶᠢ ᠵᠠᠰᠠᠬᠤ ᠳᠤ ᠬᠠᠭᠤᠴᠢᠨ ᠬᠡᠪ ᠨᠠᠮᠪᠡ ᠶᠢ ᠨᠢ ᠬᠠᠳᠠᠭᠠᠯᠠᠵᠤ᠂ ᠤᠤᠯ ᠤᠨ ᠦᠡᠭᠭᠡ ᠲᠦᠷᠰᠤ | ᠶᠢ ᠨᠢ ᠰᠡᠷᠬᠦᠭᠡᠬᠦ︾ ᠲᠤᠬᠠᠢ 10 ᠵᠤᠷᠪᠤᠰ ᠰᠡᠨᠡᠯ ᠲᠤᠷᠡᠳᠴᠤ᠂ ᠵᠡᠰᠡᠨ ᠰᠢᠨᠡᠳᠬᠡᠨ ᠦᠷᠭᠡᠳᠬᠡᠨ ᠪᠠᠶᠢᠭᠤᠯᠬᠤ | ᠠᠵᠢᠯ ᠢ ᠰᠢᠰᠲ᠋ᠧᠮ ᠲᠠᠢ ᠦᠬᠦᠯᠡᠬᠦ ᠶᠢᠨ ᠬᠠᠮᠳᠤ ᠤᠷᠳᠤᠰ ᠬᠤᠳᠠ ᠶᠢᠨ ᠤᠯᠠᠭᠠᠨ ᠬᠡᠭᠡᠨ ᠤ ᠤᠷᠳᠤᠨ ᠢ | ᠪᠠᠶᠢᠭᠤᠯᠤᠭᠰᠡᠨ ᠲᠤᠷᠰᠢᠯᠭ᠎ᠠ ᠶᠢ ᠨᠡᠷᠢᠨ ᠨᠢᠮᠪᠡᠢ ᠲᠡᠨᠢᠯᠴᠠᠭᠤᠯᠤᠨ ᠬᠤᠷᠡᠯ ᠳᠤ ᠤᠷᠤᠯᠴᠠᠭᠰᠡᠳ ᠢ ᠪᠢᠰᠢᠷᠡᠬᠦᠯᠵᠤ | ᠬᠠᠯᠠᠭᠤᠨ ᠬᠦᠷᠢᠶᠡᠯᠡᠯ ᠢ ᠤᠯᠵᠡᠢ᠃ ᠬᠤᠵᠢᠮ ᠨᠢ ᠨᠠᠢᠮᠠᠨ ᠸᠠᠩ ᠤᠨ ᠤᠷᠳᠤᠨ ᠢ ᠵᠠᠰᠠᠨ ᠰᠢᠨᠡᠳᠬᠡᠵᠤ ᠦᠷᠭᠡᠳᠬᠡᠨ | ᠪᠠᠶᠢᠭᠤᠯᠬᠤ ᠠᠵᠢᠯ ᠨᠢ ᠶᠡᠷᠤᠩᠭᠡᠢ ᠳᠤ ᠨᠢ ᠠ᠊ · ᠡᠷᠳᠡᠨᠢᠪᠡᠶᠡᠷ ᠪᠠᠭᠰᠢ ᠶᠢᠨ ᠵᠢᠭᠠᠨ ᠵᠢᠯᠤᠭᠤᠳᠤᠭᠰᠡᠨ ᠶᠤᠰᠤᠭᠠᠷ | ᠬᠢᠭᠳᠡᠵᠤ ᠲᠤᠩ ᠰᠠᠶᠢᠨ ᠠᠮᠵᠢᠯᠳᠡ ᠤᠯᠤᠭᠰᠡᠨ ᠶᠤᠮ᠃ | ᠤᠯᠠᠨ ᠤ ᠮᠡᠳᠡᠭᠡᠵᠢ ᠪᠠᠷ᠂ ᠨᠠᠢᠮᠠᠨ ᠬᠤᠰᠢᠭᠤ ᠤᠷᠢᠳ ᠬᠤᠵᠢᠳ ᠵᠠᠮᠪᠠᠯᠳᠤᠷᠵᠢ ᠶᠢᠨ ᠮᠦᠽᠸᠢ᠂ ᠲᠡᠳᠡᠳᠤᠩᠭᠠ | ᠨᠡᠷᠡᠮᠵᠢᠳᠤ ᠮᠤᠩᠭᠤᠯ ᠦᠰᠦᠭ ᠪᠢᠴᠢᠭ ᠤᠨ ᠮᠦᠽᠸᠢ ᠶᠢ ᠪᠠᠶᠢᠭᠤᠯᠤᠭᠰᠡᠨ ᠶᠤᠮ᠃ | ᠵᠠᠮᠪᠠᠯᠳᠤᠷᠵᠢ ᠶᠢᠨ ᠮᠦᠽᠸᠢ ᠶᠢ 2017 ᠤᠨ ᠤ ᠰᠡᠬᠦᠯᠴᠢ ᠳᠤ ᠡᠬᠢᠯᠡᠨ ᠪᠠᠶᠢᠭᠤᠯᠵᠤ᠂ 2018 ᠤᠨ ᠤ 7 | ᠳ᠋ᠤᠭᠠᠷ ᠰᠡᠷ᠎ᠠ ᠳᠤ ᠨᠡᠭᠡᠭᠡᠯᠳᠡ ᠪᠠᠨ ᠬᠢᠵᠡᠢ᠃ ᠵᠠᠮᠪᠠᠯᠳᠤᠷᠵᠢ ᠶᠢᠨ ᠮᠦᠽᠸᠢ ᠨᠢ ᠸᠠᠩ ᠤᠨ ᠤᠷᠳᠤᠨ ᠤ ᠮᠦᠽᠸᠢ | ᠶᠢᠨ ᠵᠡᠬᠦᠨ ᠲᠡᠯ᠎ᠠ ᠳᠤ ᠪᠠᠶᠢᠷᠢᠯᠡᠵᠤ᠂ 745 ᠺᠦᠸᠠᠳ᠋ ᠮᠧᠲᠷ ᠭᠠᠵᠡᠷ ᠢ ᠡᠵᠡᠯᠡᠵᠡᠢ᠃ ᠡᠨᠡ ᠮᠦᠽᠸᠢ ᠳᠤ | ᠵᠠᠮᠪᠠᠯᠳᠤᠷᠵᠢ ᠶᠢᠨ ᠨᠢᠭᠡ ᠨᠠᠰᠤᠨ ᠤ ᠠᠮᠢᠳᠤᠷᠡᠯ ᠤᠶᠢᠯᠠ᠂ ᠤᠯᠠᠨ ᠠᠴᠠ ᠴᠤᠯᠭᠤᠷᠠᠭᠰᠡᠨ ᠭᠠᠷᠮᠠᠭᠠᠢ ᠠᠮᠵᠢᠯᠳᠡ᠂ | ᠪᠡᠯᠡᠷᠡᠰᠢ ᠦᠭᠡᠢ ᠠᠯᠳᠡᠷ ᠴᠤᠯᠠ ᠬᠡᠮᠡᠬᠦ ᠭᠤᠷᠪᠠᠨ ᠪᠦᠯᠦᠭ ᠢᠶᠠᠷ ᠲᠡᠯᠭᠡᠨ ᠦᠵᠡᠬᠦᠯᠵᠤ᠂ ᠦᠵᠡᠭᠴᠢᠳ ᠤᠯᠠᠨ ᠤ | ᠵᠠᠮᠪᠠᠯᠳᠤᠷᠵᠢ ᠶᠢᠨ ᠠᠮᠢᠳᠤᠷᠡᠯ ᠤᠶᠢᠯᠠ᠂ ᠮᠤᠩᠭᠤᠯ ᠡᠮ ᠡᠮᠨᠡᠯᠭᠡ ᠶᠢᠨ ᠠᠮᠵᠢᠯᠳᠡ ᠪᠦᠳᠤᠮᠵᠢ ᠵᠢᠴᠢ ᠮᠤᠩᠭᠤᠯ | ᠠᠨᠠᠭᠠᠬᠤ ᠤᠬᠠᠭᠠᠨ ᠤ ᠬᠦᠭᠵᠢᠯᠳᠡ ᠳᠤ ᠦᠵᠡᠬᠦᠯᠦᠭᠰᠡᠨ ᠴᠢᠬᠤᠯᠠ ᠶᠡᠭᠡ ᠭᠠᠪᠢᠶ᠎ᠠ ᠵᠢᠳᠬᠦᠯ ᠢ ᠲᠤᠳᠤᠷᠬᠠᠢ | ᠰᠠᠶᠢᠬᠠᠨ ᠤᠶᠢᠯᠠᠭᠠᠬᠤ ᠳᠤ ᠲᠤᠰᠠ ᠲᠦᠬᠦᠮ ᠪᠤᠯᠭᠠᠭᠰᠡᠨ ᠶᠤᠮ᠃ | ᠵᠠᠮᠪᠠᠯᠳᠤᠷᠵᠢ ᠶᠢᠨ ᠮᠦᠽᠸᠢ ᠶᠢ ᠪᠠᠶᠢᠭᠤᠯᠬᠤ ᠶᠠᠪᠤᠴᠡ ᠳᠤ᠂ ᠠ᠊ · ᠡᠷᠳᠡᠨᠢᠪᠡᠶᠡᠷ ᠪᠠᠭᠰᠢ ᠦᠪᠡᠷ ᠤᠨ ᠪᠡᠶ᠎ᠠ ᠪᠠᠷ | ᠢᠶᠠᠨ ᠬᠡᠳᠤ ᠤᠳᠠᠭ᠎ᠠ ᠪᠡᠷᠢᠯᠭ᠎ᠠ ᠶᠢᠨ ᠭᠠᠵᠡᠷ ᠲᠤ ᠤᠴᠢᠵᠤ᠂ ᠵᠢᠭᠠᠨ ᠵᠢᠯᠤᠭᠤᠳᠤᠭᠰᠡᠨ ᠢᠶᠠᠷ ᠪᠡᠷᠠᠬᠤ ᠦᠭᠡᠢ᠂ | ᠤᠯᠠᠩᠬᠢ ᠲᠡᠯᠭᠡᠨ ᠦᠵᠡᠬᠦᠯᠬᠦ ᠮᠠᠲ᠋ᠧᠷᠢᠶᠡᠯ ᠪᠤᠯᠤᠨ ᠲᠡᠤᠭᠡ ᠶᠢᠨ ᠪᠢᠴᠢᠭ ᠲᠤᠷᠡᠰᠬᠠᠯ ᠤᠨ ᠵᠤᠶᠢᠯ᠂ ᠦᠪᠡᠷ ᠤᠨ | ᠰᠤᠳᠤᠯᠭᠠᠨ ᠤ ᠦᠷ᠎ᠠ ᠪᠦᠳᠤᠭᠡᠯ᠂ ᠵᠢᠷᠤᠭ ᠰᠡᠬᠦᠳᠡᠷ ᠢ ᠬᠠᠩᠭᠠᠨ ᠦᠭᠴᠤ᠂ ᠦᠰᠦᠭ ᠪᠢᠴᠢᠭ ᠤᠨ ᠲᠡᠶᠢᠯᠪᠤᠷᠢ ᠶᠢ | ᠪᠡᠶ᠎ᠠ ᠪᠠᠷ ᠢᠶᠠᠨ ᠬᠢᠨᠠᠨ ᠲᠤᠭᠳᠠᠭᠠᠵᠤ ᠦᠭᠴᠡᠢ᠃ ᠡᠭᠦᠨ ᠳᠤ᠂ ᠦᠪᠤᠷ ᠮᠤᠩᠭᠤᠯ ᠤᠨ ᠡᠮᠨᠡᠯᠭᠡ ᠶᠢᠨ ᠰᠢᠨᠵᠢᠯᠡᠬᠦ | ᠤᠬᠠᠭᠠᠨ ᠤ ᠶᠡᠭᠡ ᠰᠤᠷᠭᠠᠭᠤᠯᠢ ᠶᠢᠨ ᠪᠤᠤ ᠬᠠᠰᠤᠨ ᠪᠠᠭᠰᠢ ᠪᠠᠰᠠ ᠲᠤᠩ ᠶᠡᠭᠡ ᠬᠠᠪᠰᠤᠷᠤᠯᠭ᠎ᠠ ᠳᠡᠮᠵᠢᠯᠭᠡ | ᠦᠵᠡᠭᠦᠯᠦᠭᠰᠡᠨ ᠶᠤᠮ ᠃ ᠰᠡᠬᠦᠯᠡᠷ ᠨᠢ᠂ ᠨᠠᠢᠮᠠᠨ ᠬᠤᠰᠢᠭᠤ ᠰᠢᠨ᠎ᠠ ᠭᠠᠵᠡᠷ ᠰᠤᠩᠭᠤᠵᠤ ᠨᠡᠩ ᠲᠤᠮᠤ ᠨᠢᠬᠡᠨ | ᠰᠠᠭᠤᠷᠢ ᠵᠠᠮᠪᠠᠯᠳᠤᠷᠵᠢ ᠶᠢᠨ ᠰᠢᠨ᠎ᠠ ᠮᠦᠽᠸᠢ ᠶᠢ ᠪᠠᠶᠢᠭᠤᠯᠬᠤ ᠳᠤ ᠡᠷᠳᠡᠨᠢᠪᠠᠶᠡᠷ ᠪᠠᠭᠰᠢ ᠮᠦᠨ ᠨᠠᠷᠢᠨ ᠨᠢᠮᠪᠠᠢ | ᠲᠦᠰᠤᠪᠯᠡᠨ ᠤᠬᠠᠭᠠᠠᠯᠠᠵᠤ ᠦᠭᠬᠦᠭᠰᠡᠨ ᠪᠢᠯᠠ᠃ | ᠲᠡᠳᠠᠳᠤᠩᠭᠠ ᠨᠡᠷᠡᠮᠵᠢᠳᠤ ᠮᠤᠩᠭᠤᠯ ᠦᠰᠦᠭ ᠪᠢᠴᠢᠭ ᠤᠨ ᠮᠦᠽᠸᠢ ᠶᠢ 2018 ᠤᠨ ᠤ 11 ᠳ᠋ᠦ᠋ᠭᠡᠷ ᠰᠡᠷ᠎ᠠ | ᠠᠴᠠ ᠡᠬᠢᠯᠡᠨ ᠪᠠᠶᠢᠭᠤᠯᠵᠤ᠂ 218 ᠲᠦᠮᠡᠨ ᠲᠦᠬᠦᠷᠢᠭ ᠵᠤᠭᠤᠰ ᠵᠠᠷᠤᠴᠠᠭᠤᠯᠤᠨ᠂ 2019 ᠤᠨ ᠤ 10 | ᠳ᠋ᠤᠭᠠᠷ ᠰᠡᠷ᠎ᠠ ᠶᠢᠨ 16 ᠤ ᠡᠳᠤᠷ᠂ ᠸᠠᠩ ᠤᠨ ᠤᠷᠳᠤᠨ ᠤ ᠮᠦᠽᠸᠢ ᠶᠢᠨ ᠡᠮᠤᠨ᠎ᠠ ᠲᠡᠯᠡᠪᠡᠢ ᠳᠤ ᠦᠪᠡᠳᠡᠭᠰᠢ | ᠶᠡᠭᠡ ᠨᠡᠭᠡᠭᠡᠯᠳᠡ ᠶᠢᠨ ᠶᠤᠰᠤᠯᠡᠯ ᠢ ᠬᠢᠵᠡᠢ᠃ ᠬᠤᠷᠡᠯ ᠳᠤ ᠡᠤ ᠶᠢᠩ ᠵᠧ ᠵᠠᠬᠢᠷᠤᠯ᠂ ᠴᠤᠶᠢᠵᠤᠩᠵᠡᠪ ᠪᠠᠭᠰᠢ᠂ ᠪ᠊ · | ᠬᠡᠷᠡᠯᠳᠤ ᠪᠠᠭᠰᠢ᠂ ᠤᠶᠤᠨ ᠪᠠᠭᠰᠢ᠂ ᠬᠠᠰᠡᠷᠳᠡᠨᠢ ᠪᠠᠭᠰᠢ᠂ ᠪᠠᠳᠮᠬᠤᠳᠰᠡᠷ ᠪᠠᠭᠰᠢ᠂ ᠴᠡᠴᠡᠭ ᠪᠠᠭᠰᠢ᠂ ᠭᠠᠷᠤᠳᠢ | ᠪᠠᠭᠰᠢ᠂ ᠬᠦᠷᠡᠯᠪᠠᠭᠠᠳᠤᠷ᠂ ᠤᠷᠡᠨᠴᠢᠮᠡᠭ ᠬᠤᠶᠡᠷ ᠪᠠᠭᠰᠢ᠂ ᠪᠤᠤ ᠰᠡᠴᠡᠨ ᠪᠠᠭᠰᠢ ᠵᠡᠷᠭᠡ ᠡᠷᠳᠡᠮᠳᠡᠨ ᠪᠠᠭᠰᠢ ᠨᠡᠷ | ᠤᠷᠤᠯᠴᠡᠵᠤ᠂ ᠬᠤᠰᠢᠭᠤᠨ ᠲᠡᠷᠤᠭ᠎ᠠ ᠪᠦᠷᠢᠨ᠂ ᠡᠤ ᠶᠢᠩ ᠵᠧ ᠵᠠᠬᠢᠷᠤᠯ᠂ ᠪ᠊ · ᠬᠡᠷᠡᠯᠳᠤ ᠪᠠᠭᠰᠢ᠂ ᠪᠠᠳᠮᠬᠤᠳᠰᠡᠷ | ᠪᠠᠭᠰᠢ ᠵᠡᠷᠭᠡ ᠲᠡᠷᠤᠭ᠎ᠠ᠂ ᠪᠠᠭᠰᠢ ᠨᠡᠷ ᠶᠠᠷᠢᠶ᠎ᠠ ᠲᠡᠯᠪᠢᠵᠡᠢ᠃ ᠪ᠊ · ᠬᠡᠷᠡᠯᠳᠤ᠂ ᠤᠶᠤᠨ ᠬᠤᠶᠡᠷ ᠪᠠᠭᠰᠢ ᠤᠯᠠᠨ ᠵᠢᠯ | ᠬᠠᠳᠠᠭᠠᠯᠠᠭᠰᠡᠨ 2 ᠲᠦᠮᠡ ᠭᠠᠷᠤᠢ ᠬᠠᠶᠢᠷᠡᠳᠡᠢ ᠨᠤᠮ ᠪᠢᠴᠢᠭ ᠢᠶᠠᠨ ᠨᠠᠢᠮᠠᠨ ᠬᠤᠰᠢᠭᠤᠨ ᠤ ᠨᠤᠮ ᠤᠨ ᠰᠠᠩ ᠳᠤ | ᠬᠠᠨᠳᠢᠪᠯᠠᠪᠡ᠃ ᠪᠡᠭᠡᠵᠢᠩ ᠤᠨ ᠸᠧᠢ ᠰᠢᠶᠠᠩ ᠴᠦᠨ ᠠᠪᠤᠭᠠᠢ ᠬᠠᠰᠪᠤ ᠲᠠᠮᠠᠭ᠎ᠠ ᠬᠠᠨᠳᠢᠪᠯᠡᠵᠤ᠂ ᠪ᠊ · ᠰᠦᠭᠡ ᠪᠠᠭᠰᠢ | ᠂ ᠵᠠᠩ ᠱᠤᠩᠬᠤᠷ ᠪᠠᠭᠰᠢ᠂ ᠴᠧᠨ ᠮᠠᠨᠳᠤᠬᠤ ᠵᠡᠷᠭᠡ ᠪᠠᠭᠰᠢ ᠨᠠᠷ ᠨᠠᠢᠮᠠᠨ ᠬᠤᠰᠢᠭᠤᠨ ᠳᠤ ᠨᠤᠮ ᠪᠢᠴᠢᠭ | ᠬᠠᠨᠳᠢᠪᠯᠡᠪᠡ᠃ ᠡᠨᠡ ᠮᠦᠽᠸᠢ ᠶᠢ ᠪᠠᠶᠢᠭᠤᠯᠤᠭᠰᠡᠨ ᠨᠢ ᠦᠨᠡᠨ ᠳᠤ ᠪᠠᠨ ᠮᠦᠨ ᠴᠤ ᠠ᠊ · ᠡᠷᠳᠡᠨᠢᠪᠡᠶᠡᠷ ᠪᠠᠭᠰᠢ | ᠶᠢᠨ ᠰᠠᠨᠠᠭᠠᠴᠢᠯᠠᠭ᠎ᠠ ᠪᠠᠷ 2018 ᠤᠨ ᠤ 3 ᠳ᠋ᠤᠭᠠᠷ ᠰᠡᠷ᠎ᠠ ᠶᠢᠨ 3 ᠳᠤ ᠬᠦᠬᠡᠬᠤᠳᠠ ᠳᠤ ᠬᠤᠷᠡᠯᠳᠤᠭᠤᠯᠤᠭᠰᠡᠨ | ︽ᠨᠠᠢᠮᠠᠨ ᠤ ᠡᠬᠦᠰᠤᠯ ᠭᠠᠷᠤᠯ ᠬᠢᠭᠡᠳ ᠰᠤᠶᠤᠯ ᠲᠡᠤᠭᠡ ᠶᠢᠨ ᠰᠤᠳᠤᠯᠤᠨ ᠶᠠᠷᠢᠯᠴᠠᠬᠤ ᠬᠤᠷᠡᠯ︾ ᠤᠨ ᠦᠷ᠎ᠠ | ᠪᠦᠳᠤᠭᠡᠯ ᠪᠣᠯᠬᠤ ᠪᠥᠭᠡᠳ ᠦᠷᠭᠦᠯᠵᠢᠯᠡᠯ ᠶᠤᠮ᠃ | | ᠲᠦᠷᠪᠡ᠂ ᠰᠤᠷᠭᠠᠨ ᠬᠦᠮᠤᠵᠢᠯ᠂ ᠡᠮ ᠡᠮᠨᠡᠯᠭᠡ ᠶᠢᠨ ᠤᠶᠢᠯᠡᠰ ᠢ ᠬᠠᠯᠠᠮᠵᠢᠯᠠᠭᠰᠡᠨ ᠨᠢ | ᠠ᠊ · ᠡᠷᠳᠡᠨᠢᠪᠡᠶᠡᠷ ᠪᠠᠭᠰᠢ᠂ ᠨᠠᠢᠮᠠᠨ ᠬᠤᠰᠢᠭᠤᠨ ᠤ ᠮᠤᠩᠭᠤᠯ ᠰᠤᠷᠭᠠᠭᠤᠯᠢ ᠶᠢᠨ ᠬᠢᠴᠢᠶᠡᠯ ᠬᠦᠮᠤᠵᠢᠯ᠂ | ᠪᠦᠳᠤᠭᠡᠨ ᠪᠠᠶᠢᠭᠤᠯᠤᠯᠳᠡ ᠶᠢ ᠲᠤᠩ ᠶᠡᠭᠡ ᠠᠩᠬᠠᠷᠤᠨ ᠬᠠᠯᠠᠮᠵᠢᠯᠠᠭᠰᠠᠭᠠᠷ ᠪᠠᠶᠢᠪᠡ᠃ ᠮᠤᠩᠭᠤᠯ ᠦᠨᠳᠤᠰᠤᠳᠡᠨ ᠤ | ᠲᠤᠮᠳᠠᠳᠤ ᠰᠤᠷᠭᠠᠭᠤᠯᠢ ᠪᠤᠯ ᠲᠡᠬᠦᠨ ᠤ ᠡᠭᠡ ᠰᠤᠷᠭᠠᠭᠤᠯᠢ ᠨᠢ ᠶᠤᠮ᠃ ᠰᠤᠷᠭᠠᠭᠤᠯᠢ ᠶᠢᠨ ᠵᠠᠬᠢᠷᠤᠯ ᠨᠢ ᠯᠢᠶᠠᠩ | ᠵᠧᠨ ᠱᠠᠨ ᠪᠤᠯ ᠲᠡᠬᠦᠨ ᠤ ᠯᠤᠤᠬ᠎ᠠ ᠶᠢᠨ ᠭᠤᠤᠯ ᠤᠨ ᠬᠦᠪᠡᠭᠡᠨ ᠳᠤ ᠬᠢ ᠨᠢᠭᠡ ᠨᠤᠳᠤᠭᠳᠠᠨ ᠢᠶᠠᠷ ᠪᠡᠷᠠᠬᠤ ᠦᠭᠡᠢ | ᠬᠠᠮᠳᠤ ᠰᠤᠷᠤᠭᠴᠢ ᠨᠢ ᠶᠤᠮ᠃ 2018 ᠤᠨ ᠳᠤ᠂ ᠮᠤᠩᠭᠤᠯ ᠦᠨᠳᠤᠰᠤᠳᠡᠨ ᠤ ᠲᠤᠮᠳᠠᠳᠤ ᠰᠤᠷᠭᠠᠭᠤᠯᠢ ᠨᠢ | ᠬᠠᠭᠤᠴᠢᠨ ᠤᠷᠤᠨ ᠠᠴᠠ ᠪᠠᠨ ᠰᠢᠯᠵᠢᠵᠤ᠂ ᠲᠡᠴᠢᠨᠳᠡᠯᠠ ᠪᠠᠯᠭᠠᠰᠤ ᠶᠢᠨ ᠬᠤᠶᠢᠳᠤ ᠵᠠᠬ᠎ᠠ ᠳᠤ ᠰᠢᠨ᠎ᠠ ᠰᠤᠷᠭᠠᠭᠤᠯᠢ | ᠶᠢ ᠪᠦᠳᠤᠭᠡᠨ ᠪᠠᠶᠢᠭᠤᠯᠪᠡ᠃ ᠰᠢᠨ᠎ᠠ ᠰᠤᠷᠭᠠᠭᠤᠯᠢ ᠶᠢ ᠪᠦᠳᠤᠭᠡᠨ ᠪᠠᠶᠢᠭᠤᠯᠬᠤ ᠶᠠᠪᠤᠴᠡ ᠳᠤ᠂ ᠡᠷᠳᠡᠨᠢᠪᠠᠶᠡᠷ ᠪᠠᠭᠰᠢ | ᠬᠤᠰᠢᠭᠤᠨ ᠲᠡᠷᠤᠭ᠎ᠠ ᠪᠦᠷᠢᠨ ᠭᠤᠸᠠᠢ᠂ ᠰᠤᠷᠭᠠᠭᠤᠯᠢ ᠶᠢᠨ ᠵᠠᠬᠢᠷᠤᠯ ᠯᠢᠶᠠᠩ ᠵᠧᠨ ᠱᠠᠨ ᠳᠤ ᠤᠯᠠᠨ ᠤᠳᠠᠭ᠎ᠠ | ᠦᠨᠡᠨᠴᠢ ᠵᠦᠪᠯᠡᠯᠭᠡ ᠦᠭᠴᠤ᠂ ᠤᠯᠤᠰ ᠤᠨ ᠲᠤᠳᠤᠭᠠᠳᠤ ᠶᠢᠨ ᠤᠳᠤᠬᠢᠴᠢᠯᠠᠭᠰᠡᠨ᠂ ᠴᠡᠴᠡᠷᠯᠢᠭᠵᠢᠭᠰᠡᠨ | ᠰᠤᠷᠭᠠᠭᠤᠯᠢ ᠨᠤᠭᠤᠳ ᠤᠨ ᠪᠦᠳᠤᠭᠡᠨ ᠪᠠᠶᠢᠭᠤᠯᠤᠭᠰᠡᠨ ᠲᠤᠷᠰᠢᠯᠭ᠎ᠠ᠂ ᠵᠠᠭᠪᠤᠷ ᠢ ᠲᠡᠨᠢᠯᠴᠠᠭᠤᠯᠵᠤ ᠪᠠᠶᠢᠪᠡ᠃ | ᠪᠦᠬᠦ ᠲᠡᠯ᠎ᠠ ᠶᠢᠨ ᠴᠢᠷᠮᠠᠶᠢᠯᠭ᠎ᠠ ᠪᠠᠷ ᠮᠤᠩᠭᠤᠯ ᠦᠨᠳᠤᠰᠤᠳᠡᠨ ᠤ ᠲᠤᠮᠳᠠᠳᠤ ᠰᠤᠷᠭᠠᠭᠤᠯᠢ ᠶᠢᠨ ᠰᠢᠨ᠎ᠠ ᠪᠡᠷᠢᠯᠭ᠎ᠠ ᠨᠢ | 2019 ᠤᠨ ᠳᠤ ᠠᠮᠵᠢᠯᠳᠡ ᠲᠠᠢ ᠲᠡᠬᠦᠰᠴᠤ᠂ ᠪᠦᠬᠦ ᠪᠠᠭᠰᠢ ᠰᠤᠷᠤᠭᠴᠢᠳ ᠰᠢᠨ᠎ᠠ ᠰᠤᠷᠤᠯᠭ᠎ᠠ ᠶᠢᠨ | ᠬᠤᠭᠤᠴᠠᠭᠠᠨ ᠳᠤ ᠪᠠᠨ ᠦᠷᠭᠡᠨ ᠠᠭᠤᠳᠡᠮ᠂ ᠦᠵᠡᠰᠬᠦᠯᠠᠩ ᠰᠠᠶᠢᠬᠠᠨ᠂ ᠴᠡᠴᠡᠷᠯᠢᠭ ᠮᠡᠳᠤ ᠰᠢᠨ᠎ᠠ ᠰᠤᠷᠭᠠᠭᠤᠯᠢ | ᠳᠤ ᠪᠠᠨ ᠰᠢᠯᠵᠢᠨ ᠤᠷᠤᠪᠡ᠃ | 2018 ᠤᠨ ᠤ 10 ᠰᠡᠷ᠎ᠠ ᠶᠢᠨ 17 ᠤ ᠡᠳᠤᠷ᠂ ᠡᠷᠳᠡᠮᠳᠡᠨ ᠴᠤᠶᠢᠵᠤᠩᠵᠡᠪ ᠪᠠᠭᠰᠢ ᠨᠠᠢᠮᠠᠨ ᠬᠤᠰᠢᠭᠤᠨ | ᠤ ᠮᠤᠩᠭᠤᠯ ᠦᠨᠳᠤᠰᠤᠳᠡᠨ ᠤ ᠲᠤᠮᠳᠠᠳᠤ ᠰᠤᠷᠭᠠᠭᠤᠯᠢ ᠶᠢ ᠲᠤᠭᠤᠷᠢᠨ ᠦᠵᠡᠭᠡᠳ᠂ ᠮᠤᠩᠭᠤᠯ ᠰᠤᠷᠤᠭᠴᠢᠳ ᠤᠨ | ᠺᠤᠮᠫᠢᠦ᠋ᠲ᠋ᠧᠷ ᠤᠨ ᠬᠢᠴᠢᠶᠡᠯ ᠢ ᠰᠠᠶᠢᠳᠤᠷ ᠤᠷᠤᠵᠤ ᠪᠠᠶᠢᠬᠤ ᠪᠠᠶᠢᠳᠡᠯ ᠢ ᠤᠶᠢᠯᠠᠭᠠᠨ ᠲᠤᠩ ᠶᠡᠭᠡ ᠪᠠᠶᠡᠷᠯᠠᠭᠰᠡᠨ | ᠪᠦᠭᠡᠳ᠄ ︽ᠡᠨᠡ ᠲᠤᠮᠳᠠᠳᠤ ᠰᠤᠷᠭᠠᠭᠤᠯᠢ ᠨᠢ ᠮᠠᠨ ᠤ ᠦᠪᠤᠷ ᠮᠤᠩᠭᠤᠯ ᠤᠨ ᠶᠡᠭᠡ ᠰᠤᠷᠭᠠᠭᠤᠯᠢ ᠠᠴᠠ ᠪᠠᠰᠠ | ᠭᠤᠶᠤ ᠦᠵᠡᠰᠬᠦᠯᠠᠩ ᠪᠠᠶᠢᠨ᠎ᠠ ᠰᠢᠳᠡ︾ ᠬᠡᠵᠤ ᠮᠠᠭᠳᠠᠨ ᠬᠡᠯᠡᠭᠰᠡᠨ ᠶᠤᠮ᠃ | ᠨᠢᠭᠡ ᠤᠳᠠᠭ᠎ᠠ ᠪᠢᠯᠠ᠃ ᠪᠢ ᠬᠦᠬᠡᠬᠤᠳᠠ ᠳᠤ ᠢᠷᠡᠬᠦ ᠪᠠᠷ ᠲᠦᠡᠭᠯᠢᠶᠤᠤ ᠠᠴᠠ ᠨᠢᠰᠬᠡᠯ ᠳᠤ ᠭᠠᠷᠬᠤ ᠳᠤ | ᠮᠦᠨ ᠬᠦᠬᠡᠬᠤᠳᠠ ᠳᠤ ᠢᠷᠡᠬᠦ ᠬᠡᠵᠤ ᠪᠠᠶᠢᠭ᠎ᠠ ᠨᠠᠢᠮᠠᠨ ᠬᠤᠰᠢᠭᠤᠨ ᠤ ᠢᠤᠢ ᠵᠢᠩ ᠱᠤ᠋᠂ ᠯᠢ ᠴᠢᠩ ᠬᠤᠸ᠋ᠨ ᠨᠡᠷ | ᠲᠠᠢ ᠨᠢᠰᠬᠡᠯ ᠲᠡᠭᠡᠷ᠎ᠠ ᠲᠠᠭᠠᠷᠡᠪᠡ᠃ ᠢᠤᠢ ᠵᠢᠩ ᠱᠤ᠋ ᠨᠦᠬᠦᠷ ᠪᠤᠯ ᠤᠤᠯ ᠨᠢ ᠨᠠᠢᠮᠠᠨ ᠬᠤᠰᠢᠭᠤᠨ ᠤ ᠤᠯᠢᠶᠠᠰᠤ | ᠰᠢᠶᠠᠩ ᠤᠨ ᠨᠠᠮ ᠤᠨ ᠬᠤᠷᠢᠶ᠎ᠠ ᠶᠢᠨ ᠱᠦᠵᠢ ᠪᠠᠶᠢᠵᠡᠢ᠃ ᠤᠳᠤ ᠨᠠᠢᠮᠠᠨ ᠬᠤᠰᠢᠭᠤᠨ ᠤ ᠡᠷᠡᠬᠦᠯ ᠬᠠᠮᠠᠭᠠᠯᠠᠯ ᠤᠨ | ᠲᠤᠪᠴᠢᠶ᠎ᠠ ᠶᠢᠨ ᠲᠤᠪᠴᠢᠶᠠᠨ ᠲᠡᠷᠤᠭ᠎ᠠ ᠪᠠᠷ ᠠᠵᠢᠯᠯᠠᠵᠤ ᠪᠠᠶᠢᠨ᠎ᠠ᠃ ᠢᠤᠢ ᠲᠤᠪᠴᠢᠶᠠᠨ ᠲᠡᠷᠤᠭ᠎ᠠ ᠪᠤᠯ | ᠡᠷᠳᠡᠨᠢᠪᠠᠶᠡᠷ ᠪᠠᠭᠰᠢ ᠶᠢᠨ ᠰᠠᠶᠢᠨ ᠨᠠᠶᠢᠵᠡ ᠨᠢ ᠶᠤᠮ᠃ ᠯᠢ ᠴᠢᠩ ᠬᠤᠸ᠋ᠨ ᠪᠤᠯ ᠬᠤᠰᠢᠭᠤᠨ ᠤ ᠠᠷᠡᠳ ᠤᠨ | ᠡᠮᠨᠡᠯᠭᠡ ᠶᠢᠨ ᠬᠤᠷᠢᠶ᠎ᠠ ᠶᠢᠨ ᠬᠤᠷᠢᠶᠠᠨ ᠲᠡᠷᠤᠭ᠎ᠠ ᠶᠤᠮ᠃ ᠨᠢᠳᠤᠨᠤᠨ ᠠᠴᠠ ᠡᠷᠳᠡᠨᠢᠪᠠᠶᠡᠷ ᠪᠠᠭᠰᠢ ᠦᠪᠤᠷ | ᠮᠤᠩᠭᠤᠯ ᠤᠨ ᠥᠪᠡᠷᠲᠡᠭᠡᠨ ᠵᠠᠰᠠᠬᠤ ᠤᠷᠤᠨ ᠤ ᠡᠷᠡᠬᠦᠯ ᠬᠠᠮᠠᠭᠠᠯᠠᠯ ᠤᠨ ᠲᠢᠩᠬᠢᠮ ᠲᠠᠢ ᠬᠠᠷᠢᠴᠡᠵᠤ ᠨᠠᠢᠮᠠᠨ | ᠬᠤᠰᠢᠭᠤᠨ ᠤ ᠠᠷᠡᠳ ᠤᠨ ᠡᠮᠨᠡᠯᠭᠡ ᠶᠢᠨ ᠬᠤᠷᠢᠶᠠᠨ ᠳᠤ ᠨᠢᠭᠡ ᠪᠦᠯᠦᠭ ᠡᠮᠴᠢᠯᠡᠭᠡᠨ ᠤ ᠪᠠᠭᠠᠵᠢ ᠬᠡᠷᠡᠭᠰᠡᠯ ᠤᠯᠵᠤ | ᠦᠭᠬᠦᠭᠰᠡᠨ ᠪᠠᠶᠢᠵᠡᠢ᠃ ᠢᠤᠢ ᠵᠢᠩ ᠱᠤ᠋᠂ ᠯᠢ ᠴᠢᠩ ᠬᠤᠸ᠋ᠨ᠂ ᠨᠢᠬᠡᠨ ᠵᠠᠯᠠᠭᠤ ᠨᠡᠷᠢᠨ ᠪᠢᠴᠢᠬᠡᠴᠢ ᠲᠠᠢ ᠪᠠᠨ ᠡᠨᠡ | ᠤᠳᠠᠭ᠎ᠠ ᠬᠦᠬᠡᠬᠤᠳᠠ ᠳᠤ ᠤᠴᠢᠵᠤ ᠡᠷᠳᠡᠨᠢᠪᠠᠶᠡᠷ ᠪᠠᠭᠰᠢ ᠶᠢ ᠡᠷᠢᠵᠤ ᠲᠡᠳᠡᠭᠡᠷ ᠡᠮᠴᠢᠯᠡᠭᠡᠨ ᠤ ᠪᠠᠭᠠᠵᠢ ᠬᠡᠷᠡᠭᠰᠡᠯ | ᠢᠶᠠᠨ ᠠᠪᠬᠤ ᠪᠠᠷ ᠶᠠᠪᠤᠵᠤ ᠪᠠᠶᠢᠬᠤ ᠨᠢ ᠡᠨᠡ ᠪᠢᠯᠡ᠃ ᠨᠢᠰᠬᠡᠯ ᠬᠦᠬᠡᠬᠤᠳᠠ ᠶᠢᠨ ᠴᠠᠭᠠᠨ ᠰᠤᠪᠤᠷᠭ᠎ᠠ ᠪᠠᠭᠤᠳᠡᠯ ᠳᠤ | ᠪᠠᠭᠤᠵᠤ ᠪᠢᠳᠡ ᠬᠠᠮᠳᠤ ᠪᠠᠷ ᠨᠢᠰᠬᠡᠯ ᠠᠴᠠ ᠪᠠᠭᠤᠬᠤ ᠳᠤ ᠢᠤᠢ ᠵᠢᠩ ᠱᠤ᠋ ᠨᠦᠬᠦᠷ ᠨᠠᠶᠢᠳᠡᠵᠤ | ᠲᠡᠭᠡᠭᠡᠪᠤᠷᠢᠯᠡᠬᠦᠯᠦᠭᠰᠡᠨ ᠪᠤᠭᠴᠤ ᠪᠤᠭᠤᠳᠡᠯ ᠢᠶᠠᠨ ᠲᠤᠰᠴᠤ ᠠᠪᠤᠭᠠᠳ ᠦᠵᠡᠭᠰᠡᠨ ᠴᠢᠨᠢ ᠠᠶᠠᠨ ᠤ ᠪᠤᠭᠴᠤᠨ | ᠳᠤ ᠪᠠᠨ ᠬᠢᠭᠰᠡᠨ ᠪᠦᠬᠦ ᠵᠤᠭᠤᠰ ᠮᠦᠡᠭᠬᠦ ᠨᠢ ᠪᠦᠷ ᠠᠯᠠᠭ᠎ᠠ ᠪᠤᠯᠵᠡᠢ᠃ ᠢᠤᠢ ᠵᠢᠩ ᠱᠤ᠋ ᠨᠦᠬᠦᠷ ᠲᠤᠶᠢᠯ ᠢᠶᠠᠷ | ᠰᠠᠨᠳᠤᠷᠤᠨ ᠮᠡᠩᠳᠡᠬᠦᠷᠡᠵᠤ᠂ ᠴᠠᠭᠳᠠᠭ᠎ᠠ ᠳᠤ ᠮᠡᠳᠡᠬᠦᠯᠬᠦ ᠬᠡᠪᠡ᠃ ᠪᠢ ᠲᠡᠬᠦᠨ ᠳᠤ ᠄ 《ᠡᠨᠡ ᠶᠠᠪᠤᠳᠡᠯ ᠢ ᠬᠡᠨ ᠢ | ᠡᠷᠢᠭᠰᠡᠨ ᠴᠤ ᠬᠡᠷᠡᠭ ᠦᠭᠡᠢ᠂ ᠵᠤᠭᠤᠰ ᠮᠦᠡᠭᠬᠦ ᠶᠢ ᠠᠶᠠᠨ ᠤ ᠪᠤᠭᠴᠤᠨ ᠳᠤ ᠬᠢᠵᠤ ᠨᠠᠶᠢᠳᠠᠨ ᠲᠡᠭᠡᠭᠡᠪᠦᠷᠢᠯᠡᠭᠦᠯᠵᠦ | ᠪᠤᠯᠬᠤ ᠦᠭᠡᠢ ᠶᠤᠮ》 ᠬᠡᠪᠡ᠃ ᠡᠬᠦᠨ ᠢ ᠯᠠᠪᠳᠡᠢ ᠪᠤᠭᠴᠤ ᠪᠤᠭᠤᠳᠡᠯ ᠢ ᠠᠴᠢᠶᠠᠯᠠᠵᠤ ᠪᠠᠭᠤᠯᠭᠠᠬᠤ ᠠᠵᠢᠯᠳᠡᠨ | ᠤᠶᠢᠯᠡᠳᠦᠭᠰᠡᠨ ᠬᠡᠷᠡᠭ ᠡ᠃ ᠪᠢᠳᠡ ᠦᠪᠤᠷ ᠮᠤᠩᠭᠤᠯ ᠪᠠᠭᠤᠳᠡᠯ ᠳᠤ ᠬᠦᠷᠤᠭᠡᠳ ᠪᠢ ᠲᠡᠳᠡᠨ ᠳᠤ ᠬᠤᠨᠤᠬᠤ ᠬᠡᠷ | ᠠᠪᠴᠤ ᠦᠭᠪᠡ᠃ ᠤᠳᠡᠯ ᠦᠭᠡᠢ ᠢᠤᠢ ᠵᠢᠩ ᠱᠤ᠋ ᠨᠦᠬᠦᠷ ᠠ᠊ · ᠡᠷᠳᠡᠨᠢᠪᠡᠶᠡᠷ ᠪᠠᠭᠰᠢ ᠳᠤ ᠤᠳᠡᠰᠤᠳᠠᠬᠤ ᠳᠤ ᠡ᠊ | ᠪᠠᠭᠰᠢ ᠲᠤᠤᠷ᠎ᠠ ᠪᠠᠨ ᠮᠠᠰᠢᠨ ᠢᠶᠠᠨ ᠪᠡᠷᠢᠵᠤ ᠢᠷᠡᠭᠡᠳ ᠲᠡᠳᠡᠨ ᠳᠤ ᠵᠤᠭᠤᠰ ᠠᠪᠴᠢᠷᠠᠨ ᠦᠭᠴᠤ ᠤᠷᠤᠢ ᠨᠢ | ᠲᠡᠳᠡᠨ ᠢ ᠲᠡᠶᠢᠯᠠᠬᠤ ᠳᠤ ᠪᠢ ᠰᠠᠶ᠋ᠢ ᠲᠡᠳᠡᠨ ᠤ ᠶᠠᠭᠤᠨ ᠳᠤ ᠬᠦᠬᠡᠬᠤᠳᠠ ᠳᠤ ᠢᠷᠡᠭᠰᠡᠨ ᠢ ᠮᠡᠳᠡᠵᠡᠢ᠃ | ᠠ᠊ · ᠡᠷᠳᠡᠨᠢᠪᠡᠶᠡᠷ ᠪᠠᠭᠰᠢ ᠮᠡᠷᠭᠠᠰᠢ ᠨᠢ ᠲᠡᠳᠡᠨ ᠢ ᠲᠠᠭᠠᠭᠤᠯᠤᠨ ᠦᠪᠡᠷᠲᠡᠭᠡᠨ ᠵᠠᠰᠠᠬᠤ ᠣᠷᠤᠨ ᠤ ᠡᠷᠡᠬᠦᠯ | ᠬᠠᠮᠠᠭᠠᠯᠠᠯ ᠤᠨ ᠲᠢᠩᠬᠢᠮ ᠳᠤ ᠤᠴᠢᠵᠤ ᠡᠮᠴᠢᠯᠡᠭᠡᠨ ᠤ ᠪᠠᠭᠠᠵᠢ ᠬᠡᠷᠡᠭᠰᠡᠯ ᠤᠳ ᠢ ᠤᠯᠵᠤ ᠦᠭᠬᠦᠭᠡᠳ᠂ ᠭᠠᠯᠳᠤ | ᠲᠡᠷᠭᠡᠨ ᠳᠤ ᠠᠴᠢᠶᠠᠯᠠᠨ ᠨᠠᠢᠮᠠᠨ ᠵᠦᠭ ᠶᠠᠪᠤᠭᠤᠯᠵᠤ ᠲᠡᠳᠡᠨ ᠢ ᠬᠤᠶᠡᠷ ᠬᠤᠨᠤᠭ ᠰᠠᠶᠢᠨ ᠲᠡᠶᠢᠯᠠᠭᠠᠳ | ᠮᠤᠷᠳᠠᠭᠤᠯᠤᠭᠰᠡᠨ ᠶᠤᠮ᠃ | ᠨᠤᠳᠤᠭ ᠤᠰᠤ ᠪᠠᠨ ᠬᠡᠵᠤ ᠢᠮᠠᠭᠳᠠ ᠲᠡᠮᠡᠤᠯᠳᠡᠭ ᠵᠢᠷᠤᠭᠡ ᠰᠡᠳᠬᠢᠯ ᠨᠢ ᠲᠡᠬᠦᠨ ᠢ ᠤᠯᠠᠨ ᠤᠳᠠᠭ᠎ᠠ ᠵᠡᠬᠦᠨ | ᠵᠦᠭ ᠲᠤ ᠠᠶᠠᠯᠠᠭᠤᠯᠵᠤ᠂ ᠨᠤᠳᠤᠭ ᠤᠨ ᠬᠢ ᠨᠢ ᠬᠠᠯᠠᠭᠤᠨ ᠰᠢᠷᠤᠢ ᠲᠡᠬᠦᠨ ᠤ ᠪᠠᠨ ᠤᠯᠠ ᠮᠦᠷ ᠢ ᠲᠡᠷᠨ ᠬᠡᠪ | ᠢᠶᠠᠷ ᠨᠢ ᠲᠤᠷᠠᠶᠢᠯᠭᠠᠭᠰᠠᠭᠠᠷ᠃ ᠨᠤᠳᠤᠭ ᠤᠨ ᠬᠢ ᠨᠢ ᠠᠷᠡᠳ ᠲᠦᠮᠡᠨ ᠰᠤᠤ ᠪᠢᠯᠢᠭᠳᠦ ᠬᠦᠪᠡᠬᠦᠨ ᠤ ᠪᠠᠨ ᠬᠡᠪ | ᠲᠠᠭᠤᠷᠢᠶᠠᠯᠳᠤ ᠤᠶᠢᠯᠠ ᠠᠵᠢᠯᠯᠠᠭ᠎ᠠ ᠪᠦᠬᠦᠨ ᠢ ᠲᠡᠷᠨ ᠴᠢᠭ ᠢᠶᠠᠷ ᠨᠢ ᠲᠡᠮᠳᠡᠭᠯᠡᠨ ᠴᠠᠳᠢᠭᠯᠠᠭᠰᠠᠭᠠᠷ ᠁ | 2023 | ᠤᠨ ᠤ 7 ᠳ᠋ᠤᠭᠠᠷ ᠰᠡᠷ᠎ᠠ ᠶᠢᠨ 1 ᠤ ᠡᠳᠤᠷ ᠲᠦᠩᠯᠢᠶᠤᠤ ᠬᠤᠲᠠᠨ᠎ᠠ | ᠵᠣᠬᠢᠶᠠᠭᠴᠢ ᠶᠢᠨ ᠬᠠᠶ᠋ᠢᠭ᠄ ᠲᠦᠩᠯᠢᠶᠤᠤ ᠬᠤᠲᠠ ᠶᠢᠨ ᠮᠦᠽᠸᠢ | |