ᠪᠤᠷᠤᠨᠤᠳ ᠲᠠᠶᠢᠴᠢᠨ ᠵᠤᠬᠢᠶᠠᠪᠠ | ᠮᠠᠨ ᠤ ᠬᠦᠲᠡᠭᠡ ᠳᠤ ᠠᠶᠢᠯ ᠬᠤᠲᠠ ᠪᠠᠨ ᠰᠠᠬᠢᠭᠤᠯᠬᠤ ᠬᠤᠲᠠᠴᠢ ᠨᠤᠬᠠᠢ᠂ ᠠᠪᠠ ᠰᠢᠪᠠᠭᠤᠨ ᠳᠤ ᠠᠪᠴᠤ | ᠶᠠᠪᠤᠬᠤ ᠠᠪᠠ ᠶᠢᠨ ᠨᠤᠬᠠᠢ ᠭᠡᠵᠦ ᠲᠡᠵᠢᠭᠡᠲᠡᠭ ᠶᠤᠮ᠃ ᠨᠠᠮ᠎ᠠ ᠶᠢ ᠪᠠᠭ᠎ᠠ ᠳᠤ ᠮᠠᠨ ᠤ ᠬᠢᠨ ᠨᠢᠭᠡ ᠴᠠᠭᠠᠨ ᠨᠤᠬᠠᠢ᠂ | ᠦᠨᠡᠰᠦᠨ ᠬᠦᠬᠡ ᠦᠰᠦᠲᠡᠢ ᠨᠢᠭᠡ ᠬᠦᠭᠰᠢᠨ ᠮᠤᠤᠷ ᠲᠡᠵᠢᠭᠡᠲᠡᠭ ᠪᠠᠶᠢᠬᠰᠠᠨ ᠢ ᠰᠠᠨᠠᠵᠤ ᠪᠠᠶᠢᠨ᠎ᠠ᠃ ᠨᠢᠭᠡ | ᠰᠠᠶᠢᠨ ᠨᠢ ᠮᠠᠨ ᠤ ᠲᠡᠷᠡ ᠨᠤᠬᠠᠢ ᠭᠡᠵᠦ ᠵᠠᠭᠤᠲᠠᠭ ᠨᠤᠬᠠᠢ ᠪᠢᠰᠢ᠂ ᠲᠠᠨᠢᠯ ᠪᠤᠰᠤ ᠬᠦᠮᠦᠨ ᠢᠷᠡᠪᠡᠯ ᠠᠯᠪᠠ ᠶᠢᠨ | ᠲᠡᠲᠦᠢ ᠬᠤᠴᠠᠭᠠᠳ ᠯᠡ ᠦᠡᠭᠭᠡᠷᠡᠲᠡᠭ᠃ ᠮᠤᠤᠷ ᠪᠤᠯ ᠬᠤᠯᠤᠭᠠᠨ᠎ᠠ ᠰᠠᠶᠢᠨ ᠪᠠᠷᠢᠨ᠎ᠠ᠃ ᠨᠤᠬᠠᠢ ᠬᠠᠰᠢᠶ᠎ᠠ ᠬᠤᠷᠢᠶᠠᠨ | ᠤ ᠡᠭᠡᠪᠦᠷ ᠲᠤ ᠬᠡᠪᠲᠡᠬᠦ ᠪᠠᠷ ᠢᠶᠠᠨ ᠬᠡᠪᠲᠡᠨ᠎ᠡ᠃ ᠮᠤᠤᠷ ᠬᠤᠯᠤᠭᠠᠨ᠎ᠠ ᠪᠠᠷᠢᠬᠤ ᠪᠠᠷ ᠢᠶᠠᠨ ᠪᠠᠷᠢᠨ᠎ᠠ᠂ ᠪᠢ ᠪᠠᠭ᠎ᠠ | ᠳᠤ ᠪᠠᠨ ᠴᠤ ᠭᠡᠳ ᠲᠡᠭᠡᠵᠦ ᠨᠤᠬᠠᠢ ᠮᠤᠤᠷ ᠲᠠᠢ ᠨᠤᠤᠷᠠᠯᠳᠤᠭᠠᠳ ᠪᠠᠶᠢᠲᠠᠭ ᠦᠭᠡᠢ᠃ ᠨᠡᠩ ᠴᠤ ᠠᠩᠬ᠎ᠠ | ᠲᠤᠮᠲᠠᠳᠤ ᠳᠤ ᠤᠷᠤᠵᠤ ᠰᠤᠷᠭᠠᠭᠤᠯᠢ ᠲᠡᠪᠰᠢᠭᠡᠳ ᠶᠠᠪᠤᠬᠰᠠᠨ ᠬᠤᠶᠢᠨ᠎ᠠ᠂ ᠨᠤᠬᠠᠢ᠂ ᠮᠤᠤᠷ ᠬᠡᠵᠢᠶ᠎ᠡ ᠠᠯᠠᠭ᠎ᠠ | ᠪᠤᠯᠤᠬᠰᠠᠨ ᠢ ᠴᠤ ᠠᠩᠵᠠᠭᠠᠷᠠᠬᠰᠠᠨ ᠦᠭᠡᠢ᠃ | ᠤᠳᠤ ᠶᠢᠨ ᠬᠤᠲᠠ ᠶᠢᠨ ᠬᠦᠮᠦᠰ ᠨᠤᠬᠠᠢ᠂ ᠮᠤᠤᠷ ᠭᠡᠬᠦ ᠮᠡᠲᠦ ᠶᠢᠨ ᠡᠩᠭᠦᠷᠡᠢ ᠠᠮᠢᠲᠠᠳ ᠲᠡᠵᠢᠭᠡᠭᠰᠡᠳ | ᠵᠦᠡᠭᠳᠡᠭᠡᠨ᠂ ᠭᠠᠲᠠᠭᠠᠳᠤ ᠶᠢᠨ ᠵᠠᠷᠢᠮ ᠨᠢ ᠮᠤᠭᠠᠢ᠂ ᠮᠡᠯᠡᠬᠡᠢ ᠶᠢ ᠬᠦᠷᠲᠡᠯ᠎ᠡ ᠡᠩᠭᠦᠷᠡᠶᠢᠯᠡᠵᠦ ᠲᠡᠵᠢᠭᠡᠲᠡᠭ ᠶᠤᠮ ᠭᠡᠨ᠎ᠡ᠃ | ᠫᠢ᠂ ᠫᠢ᠂ ᠪᠤᠯᠠᠢ᠂ ᠪᠦᠦ ᠦᠵᠡᠭᠲᠡ ᠴᠠᠭᠠᠰᠢ ᠪᠠᠨ︕ ᠪᠢ ᠭᠡᠲᠡᠭ ᠬᠦᠮᠦᠨ ᠶᠡᠭᠡ ᠤᠯᠲᠤᠢ ᠬᠦᠮᠦᠨ᠂ | ᠶᠠᠭᠠᠬᠢᠬᠰᠠᠨ ᠬᠤᠸᠠᠷ ᠴᠡᠴᠡᠭ ᠲᠡᠵᠢᠭᠡᠬᠦ᠂ ᠵᠢᠭᠠᠰᠤ ᠵᠢᠷᠠᠭᠠᠬᠠᠢ ᠲᠡᠵᠢᠭᠡᠬᠦ᠂ ᠨᠡᠩ ᠢᠯᠠᠩᠭᠤᠶ᠎ᠠ ᠮᠤᠤᠷ ᠨᠤᠬᠠᠢ | ᠲᠡᠵᠢᠭᠡᠬᠦ ᠰᠤᠨᠢᠷᠬᠠᠯ ᠪᠠᠶᠢᠬᠤ ᠦᠭᠡᠢ᠃ ᠭᠡᠲᠡᠯ᠎ᠡ ᠰᠡᠬᠦᠯ ᠤᠨ ᠵᠢᠯ ᠤᠳ ᠲᠤ ︽ᠰᠠᠨᠠᠭᠠᠴᠢᠯᠠᠭ᠎ᠠ ᠪᠤᠰᠤ︾ ᠪᠠᠷ ᠮᠤᠤᠷ | ᠂ ᠨᠤᠬᠠᠢ ᠲᠡᠵᠢᠭᠡᠭᠰᠡᠨ ᠦᠯᠢᠭᠡᠷ ᠲᠠᠢ᠃ | ᠲᠡᠭᠡᠷ᠎ᠡ ᠵᠠᠭᠤᠨ ᠤ ᠨᠠᠶᠠᠭᠠᠳ ᠤᠨ ᠤ ᠡᠬᠢ ᠪᠠᠷ ᠪᠢ ᠠᠵᠢᠯ ᠠᠯᠪᠠ ᠪᠠᠷ ᠤᠯᠠᠭᠠᠬᠠᠲᠠ ᠬᠤᠲᠠ ᠳᠤ ᠨᠡᠬᠦᠵᠦ | ᠢᠷᠡᠭᠡᠳ ᠠᠮᠢᠲᠤᠷᠠᠵᠤ ᠪᠠᠶᠢᠬᠰᠠᠨ ᠶᠤᠮ᠃ ᠮᠢᠨᠤ ᠬᠤᠶᠠᠷ ᠬᠦᠦ ᠪᠠᠭ᠎ᠠ ᠰᠤᠷᠭᠠᠭᠤᠯᠢ ᠳᠤ ᠰᠤᠷᠤᠯᠴᠠᠵᠤ ᠪᠠᠶᠢᠯ᠎ᠠ᠃ | ᠨᠢᠭᠡ ᠤᠲᠠᠭ᠎ᠠ ᠪᠢ ᠬᠦᠲᠡᠭᠡ ᠪᠠᠭᠤᠭᠠᠳ ᠬᠠᠷᠢᠵᠤ ᠢᠷᠡᠬᠦ ᠳᠤ᠂ ᠲᠡᠷᠡ ᠬᠤᠶᠠᠭᠤᠯᠠ ᠪᠠᠨ ᠲᠤᠩ ᠴᠤ ᠬᠦᠭᠡᠷᠦᠬᠦᠨ | ᠨᠢᠭᠡ ᠠᠯᠠᠭ ᠮᠤᠤᠷ ᠤᠨ ᠵᠤᠯᠵᠠᠭ᠎ᠠ ᠠᠪᠴᠢᠷᠠᠭᠠᠳ ᠪᠠᠶᠢᠵᠠᠢ᠂ ᠵᠠᠪᠠᠯ ᠲᠡᠵᠢᠭᠡᠬᠦ ᠶᠤᠮ ᠭᠡᠨ᠎ᠡ᠃ ᠬᠡᠦᠬᠡᠳ ᠭᠡᠵᠦ | ᠵᠢᠵᠢᠭ ᠠᠮᠢᠲᠠᠨ ᠳᠤ ᠲᠤᠷᠠᠲᠠᠢ᠂ ᠪᠢ ᠬᠡᠳᠦ᠋ᠢᠪᠡᠷ ᠲᠤᠷ᠎ᠠ ᠦᠭᠡᠢ ᠪᠤᠯᠪᠠᠴᠤ ᠠᠷᠭ᠎ᠠ ᠦᠭᠡᠢ ᠵᠦᠪᠰᠢᠶᠡᠷᠡᠪᠡ᠃ ᠲᠡᠷᠡ | ᠦᠶᠡᠰ ᠲᠤ ᠪᠢᠲᠡ ᠠᠰᠠᠷ ᠤᠨ ᠨᠢᠭᠡᠲᠦᠭᠡᠷ ᠲᠠᠪᠬᠤᠷᠯᠢᠭ ᠲᠤ ᠰᠠᠭᠤᠵᠤ ᠪᠠᠶᠢᠬᠰᠠᠨ ᠪᠤᠯᠬᠤᠷ᠂ ᠬᠠᠭᠠᠯᠭᠠᠨ ᠳᠤ ᠪᠠᠨ | ᠮᠤᠤᠷ ᠤᠨ ᠤᠷᠤᠵᠤ ᠭᠠᠷᠬᠤ ᠨᠦᠭᠡ ᠴᠤᠭᠤᠯᠤᠭᠠᠳ ᠦᠭᠪᠡᠯ ᠪᠤᠯᠴᠢᠬᠠᠨ᠎ᠠ᠂ ᠮᠤᠤᠷ ᠭᠡᠲᠡᠭ ᠠᠮᠢᠲᠠᠨ ︽ | ᠡᠵᠡᠨ ᠢᠶᠠᠨ ᠲᠠᠨᠢᠬᠤ ᠦᠭᠡᠢ᠂ ᠭᠡᠷ ᠢᠶᠠᠨ ᠲᠠᠨᠢᠲᠠᠭ︾ ᠭᠡᠲᠡᠭ ᠶᠤᠮ᠃ ᠮᠤᠤᠷ ᠡᠲᠦᠷ ᠴᠤ ᠭᠡᠰᠡᠨ᠂ ᠰᠦᠨᠢ ᠴᠤ | ᠭᠡᠰᠡᠨ ᠪᠢᠴᠢᠬᠠᠨ ᠨᠦᠬᠡ ᠪᠠᠷ ᠢᠶᠠᠨ ᠭᠠᠷᠴᠤ ᠶᠠᠪᠤᠭᠠᠳ ᠲᠤᠷ᠎ᠠ ᠪᠠᠷ ᠢᠶᠠᠨ ᠬᠠᠮᠢᠭ᠎ᠠ ᠬᠠᠮᠢᠭᠠᠭᠤᠷ ᠶᠠᠪᠤᠲᠠᠭ ᠢ ᠪᠤᠤ | ᠮᠡᠲᠡ᠂ ᠶᠠᠭᠤ ᠴᠤ ᠭᠡᠰᠡᠨ ᠲᠤᠭᠤᠷᠢᠵᠤ ᠲᠤᠭᠤᠷᠢᠭᠠᠳ ᠬᠠᠷᠢᠭᠠᠳ ᠢᠷᠡᠴᠢᠬᠡᠨ᠎ᠡ᠃ ᠨᠢᠭᠡ ᠰᠠᠶᠢᠨ ᠨᠢ ᠮᠤᠤᠷ ᠭᠡᠰᠡᠨ | ᠠᠮᠢᠲᠠᠨ ᠬᠤᠪᠢ ᠪᠠᠨ ᠬᠦᠭᠡᠭᠡᠳ ᠶᠠᠪᠤᠨ᠎ᠠ᠂ ᠢᠲᠡᠵᠦ ᠤᠤᠭᠤᠬᠤ ᠨᠢ ᠲᠦᠬᠦᠮ᠂ ᠲᠡᠵᠢᠭᠡᠬᠦ ᠳᠤ ᠠᠮᠠᠷᠬᠠᠨ᠃ ᠲᠡᠷᠡ | ᠦᠶᠡᠰ ᠲᠤ ᠶᠠᠭᠠᠬᠢᠬᠰᠠᠨ ︽ᠮᠤᠤᠷ ᠤᠨ ᠬᠤᠭᠤᠯᠠ︾ ᠭᠡᠵᠦ ᠬᠤᠲᠠᠯᠳᠤᠲᠠᠭ ᠦᠭᠡᠢ᠂ ᠦᠯᠡᠲᠡᠵᠦ ᠲᠤᠰᠤᠬᠰᠠᠨ | ᠪᠤᠲᠠᠭ᠎ᠠ ᠨᠤᠭᠤᠭ᠎ᠠ ᠶᠢᠨ ᠰᠢᠪᠬᠠᠷᠠᠤ ᠪᠠᠨ ᠴᠡᠷ᠎ᠡ ᠲᠤᠲᠤᠷ᠎ᠠ ᠨᠢ ᠬᠢᠭᠡᠳ ᠦᠭᠪᠡᠯ ᠪᠤᠯᠤᠭ᠎ᠠ᠃ ᠬᠤᠶᠠᠷ ᠬᠦᠦ | ᠰᠤᠷᠭᠠᠭᠤᠯᠢ ᠠᠴᠠ ᠪᠠᠨ ᠲᠠᠷᠠᠵᠤ ᠢᠷᠡᠪᠡᠯ ᠮᠤᠤᠷ ᠢᠶᠠᠷ ᠢᠶᠠᠨ ᠵᠢᠭᠠᠬᠠᠨ ᠲᠤᠭᠯᠠᠵᠤ ᠵᠤᠭ᠎ᠠ ᠪᠤᠯᠭᠠᠨ᠎ᠠ᠃ | ᠢᠡᠭᠭᠢᠭᠡᠳ ᠯᠡ ᠵᠢᠯ ᠢᠯᠡᠬᠦᠦ ᠬᠤᠶᠠᠷ ᠵᠢᠯ ᠪᠤᠯᠤᠬᠰᠠᠨ ᠶᠤᠮ ᠳ᠋ᠠ᠃ ᠭᠡᠨᠡᠳᠲᠡ ᠨᠢᠭᠡ ︽ᠬᠡᠷᠡᠭ︾ ᠭᠠᠷᠪᠠ᠃ | ᠨᠢᠭᠡ ᠰᠦᠨᠢ ᠪᠢᠯᠡ᠂ ᠬᠦᠮᠦᠰ ᠪᠦᠷ ᠨᠦᠢᠷ ᠲᠤ ᠪᠠᠨ ᠲᠤᠬᠵᠢᠷᠠᠵᠤ ᠪᠠᠶᠢᠬᠰᠠᠨ ᠦᠶᠡᠰ ᠰᠢᠷ᠎ᠠ ᠠᠯᠠᠭ ᠮᠤᠤᠷ | ᠭᠡᠨᠡᠳᠲᠠ ᠬᠠᠴᠢᠨ ᠮᠠᠭᠤᠬᠠᠢ ᠲᠠᠭᠤᠨ ᠳᠤ ᠰᠤᠴᠢᠨ ᠰᠡᠷᠡᠭᠡᠳ ᠦᠵᠡᠭᠰᠡᠨ ᠴᠢᠨᠢ᠂ ᠪᠢᠴᠢᠬᠠᠨ ᠠᠯᠠᠬ ᠮᠤᠤᠷ | ᠡᠬᠦᠷ ᠠᠴᠠ ᠪᠠᠨ ᠭᠠᠷᠴᠤ ᠢᠷᠡᠨ ᠬᠦᠰᠡᠷ ᠲᠤ ᠤᠷᠪᠠᠵᠤ ᠬᠦᠷᠪᠡᠨ ᠪᠦᠭᠡᠯᠵᠢᠵᠤ ᠴᠠᠶᠢᠯᠵᠠᠭᠠᠳ ᠰᠦᠢᠳ ᠪᠤᠯᠪᠠ᠃ | ᠡᠨᠡ ᠶᠠᠭᠠᠬᠢᠴᠢᠪᠠ︖ ᠪᠢᠲᠡᠨ ᠤ ᠦᠵᠡᠬᠦ ᠪᠠᠷ᠂ ᠡᠨᠡ ᠮᠤᠤᠷ ᠯᠠᠪᠲᠠᠢ ᠬᠤᠤᠷ᠎ᠠ ᠢᠲᠡᠭᠰᠡᠨ ᠬᠤᠯᠤᠭᠠᠨ᠎ᠠ ᠶᠢ ᠪᠠᠷᠢᠵᠤ | ᠢᠲᠡᠭᠡᠳ ᠦᠪᠡᠰᠦᠪᠡᠨ ᠬᠤᠤᠷᠠᠲᠠᠬᠲᠠᠬᠰᠠᠨ ᠪᠠᠶᠢᠨ᠎ᠠ᠃ ᠪᠢᠲᠠ ᠮᠤᠤᠷ ᠤᠨ ᠠᠲᠠᠪᠠᠯᠵᠠᠵᠤ ᠲᠠᠲᠠᠪᠠᠯᠵᠠᠬᠤ ᠶᠢ | ᠬᠠᠷᠠᠭᠠᠳ ᠠᠷᠭ᠎ᠠ ᠪᠠᠨ ᠪᠠᠷᠠᠵᠤ ᠠᠯᠠᠭ᠎ᠠ ᠪᠠᠨ ᠮᠠᠭᠠᠵᠢᠪᠠ᠃ ᠰᠦᠨᠢ ᠲᠤᠮᠲᠠ ᠶᠤᠮ ᠪᠢᠯᠡ᠂ ᠮᠦᠨ ᠲᠡᠭᠡᠭᠡᠳ ᠲᠡᠷᠡ | ᠦᠶᠡᠰ ᠲᠤ ᠡᠩᠬᠦᠷᠠᠢ ᠠᠮᠢᠲᠠᠨ ᠤ ᠡᠮᠨᠡᠯᠭᠡ ᠮᠡᠮᠨᠡᠯᠭᠡ ᠭᠡᠵᠦ ᠪᠠᠶᠢᠬᠤ ᠦᠭᠡᠢ᠂ ᠲᠡᠭᠡᠵᠦ ᠬᠠᠷᠠᠵᠤ ᠪᠠᠶᠢᠬᠰᠠᠭᠠᠷ | ᠮᠤᠤᠷ ᠢᠶᠠᠨ ᠦᠬᠦᠭᠦᠯᠵᠡᠢ᠃ ︽ᠰᠠᠨᠠᠴᠢᠬᠠᠪᠠᠯ ᠰᠠᠮᠵᠠ ᠪᠠᠰᠠ ᠰᠠᠶᠢᠬᠠᠨ ᠶᠤᠮ︾ ᠭᠡᠲᠡᠭ᠂ ᠬᠤᠶᠠᠷ ᠵᠢᠯ | ᠲᠡᠵᠢᠭᠡᠭᠰᠡᠨ ᠠᠮᠢᠲᠠᠨ ᠶᠤᠮ᠂ ᠬᠠᠶᠢᠷᠠᠲᠠᠢ ᠪᠤᠯᠴᠢᠬᠠᠬᠰᠠᠨ ᠪᠠᠶᠢᠨ᠎ᠠ᠂ ᠲᠤᠲᠤᠷ᠎ᠠ ᠬᠠᠴᠢᠨ ᠡᠪ ᠦᠭᠡᠢ ᠪᠤᠯᠪᠠ᠂ ᠨᠡᠩ | ᠴᠤ ᠬᠤᠶᠠᠷ ᠬᠦᠦ ᠮᠢᠨᠢ ᠪᠦᠷ ᠨᠢᠲᠤᠨ ᠨᠢᠯᠪᠤᠰᠤ ᠤᠷᠤᠰᠤᠭᠤᠯᠤᠬᠰᠠᠨ ᠪᠢᠯᠡ᠃ ᠮᠠᠷᠭᠠᠰᠢ ᠨᠢ ᠶᠠᠭ ᠰᠠᠶᠢᠬᠠᠨ | ᠭᠠᠷᠠᠭ ᠤᠨ ᠡᠲᠦᠷ ᠲᠠᠭᠠᠷᠠᠬᠰᠠᠨ ᠲᠤᠯᠠ ᠨᠦᠬᠦᠭᠡ ᠮᠤᠤᠷ ᠢᠶᠠᠨ ᠵᠢᠭᠠᠬᠠᠨ ᠴᠠᠭᠠᠰᠤᠨ ᠬᠠᠶᠢᠷᠴᠠᠭ ᠲᠤ ᠬᠠᠶᠢᠷᠴᠠᠬᠯᠠᠨ | ᠲᠤᠭᠤᠢ ᠳᠤ ᠪᠠᠨ ᠠᠴᠢᠭᠠᠳ ᠬᠤᠶᠠᠷ ᠬᠦᠦ ᠲᠠᠢ ᠪᠠᠨ ᠭᠤᠷᠪᠠᠭᠤᠯᠠ ᠬᠤᠲᠠ ᠶᠢᠨ ᠡᠮᠦᠨᠡᠲᠡᠢ ᠠᠭᠤᠯᠠ ᠶᠢᠨ | ᠤᠭ ᠲᠤ ᠮᠤᠳᠤ ᠲᠠᠢ ᠭᠠᠵᠠᠷ ᠨᠦᠬᠡ ᠤᠬᠤᠵᠤ ᠪᠤᠯᠠᠰᠢᠯᠠᠵᠤ ᠤᠷᠬᠢᠯ᠎ᠠ᠃ ᠶᠠᠭᠤ ᠴᠤ ᠭᠡᠰᠡᠨ ᠪᠠᠰᠠ ᠨᠢᠭᠡ ᠠᠮᠢ | ᠪᠢᠰᠢ ᠤᠤ ᠳ᠋ᠠ᠃ | ᠬᠠᠷᠢᠵᠤ ᠢᠷᠡᠭᠡᠳ ᠬᠡᠨ ᠨᠢ ᠴᠤ ᠦᠭᠡ ᠲᠠᠭᠤ ᠦᠭᠡᠢ ᠲᠦᠩᠰᠦᠭᠡᠷ᠃ ︽ᠡᠨᠡ ᠬᠠᠷᠢᠨ ᠠᠮᠠᠷ ᠦᠭᠡᠢ᠃ | ᠬᠤᠵᠢᠮ ᠲᠠᠬᠢᠵᠤ ᠲᠠᠬᠢᠵᠤ ᠡᠯᠲᠡᠪ ᠠᠮᠢᠲᠠᠨ ᠢ ᠪᠢᠲᠡᠬᠢ ᠲᠡᠵᠢᠭᠡ︕︾ ᠭᠡᠵᠦ ᠪᠢ ᠬᠡᠦᠬᠡᠳ ᠲᠤ ᠶᠤᠮ ᠰᠢᠭ᠂ | ᠪᠡᠶ᠎ᠡ ᠳᠤ ᠪᠠᠨ ᠴᠤ ᠶᠤᠮ ᠰᠢᠭ ᠬᠡᠯᠡᠪᠡ᠃ ᠲᠡᠬᠦᠨ ᠠᠴᠠ ᠬᠤᠶᠢᠰᠢ᠂ ᠠᠷᠪᠠᠭᠠᠳ ᠵᠢᠯ ᠮᠤᠤᠷ ᠨᠤᠬᠠᠢ ᠭᠡᠵᠦ | ᠲᠡᠵᠢᠭᠡᠭᠰᠡᠨ ᠦᠭᠡᠢ ᠰᠠᠨᠠᠭ᠎ᠠ ᠨᠢᠭᠡ ᠠᠮᠠᠷ᠃ | ᠳᠡᠭᠡᠷ᠎ᠡ ᠵᠠᠭᠤᠨ ᠤ ᠨᠠᠶᠠᠭᠠᠳ ᠤᠨ ᠤ ᠰᠡᠬᠦᠯᠴᠢ ᠪᠠᠷ ᠪᠢᠲᠡ ᠭᠡᠷ ᠢᠶᠠᠷ ᠢᠶᠠᠨ ᠬᠦᠬᠡᠬᠤᠲᠠ ᠳᠤ ᠨᠡᠬᠦᠵᠦ | ᠢᠷᠡᠭᠰᠡᠨ ᠶᠤᠮ᠃ ᠳᠡᠭᠡᠷ᠎ᠡ ᠵᠠᠭᠤᠨ ᠤ ᠶᠡᠷᠡᠨ ᠬᠡᠲᠦᠨ ᠤᠨ ᠤ ᠦᠶ᠎ᠡ ᠪᠠᠷ᠂ ᠮᠢᠨᠤ ᠶᠡᠭᠡ ᠬᠦᠦ ᠭᠡᠨᠡᠳᠲᠡ ᠨᠢᠭᠡ | ᠡᠲᠦᠷ ᠵᠢᠭᠠᠬᠠᠨ ︽ᠪᠡᠭᠡᠵᠢᠩ ᠪᠠᠭᠠᠯ︾ ᠤᠨ ᠭᠦᠯᠦᠭᠡ ᠶᠢ ᠠᠪᠤᠭᠠᠳ ᠢᠷᠡᠵᠠᠢ᠂ ᠪᠢ ᠬᠠᠷᠠᠮᠠᠬᠴᠠ ᠠᠭᠤᠷᠯᠠᠭᠠᠳ᠄ | ︽ᠮᠤᠤᠷ᠂ ᠨᠤᠬᠠᠢ ᠡᠨᠡ ᠲᠡᠷᠡ ᠶᠢ ᠪᠢᠲᠡᠬᠢ ᠲᠡᠵᠢᠭᠡ ᠭᠡᠰᠡᠨ ᠪᠢᠰᠢ ᠦᠦ︖︾ ᠭᠡᠵᠦ ᠲᠠᠭᠤ ᠭᠠᠷᠤᠯ᠎ᠠ᠃ | ᠪᠢᠴᠢᠬᠠᠨ ᠭᠦᠯᠦᠭᠡ ᠶᠢ ᠠᠵᠢᠪᠠᠯ ᠦᠪᠴᠢ ᠪᠡᠶ᠎ᠡ ᠰᠢᠷᠠᠪᠳᠤᠷ ᠦᠡᠭᠭᠡ ᠶᠢᠨ ᠰᠠᠬᠰᠠᠭᠠᠷ ᠦᠰᠦ ᠲᠠᠢ᠂ ᠬᠤᠨᠭ᠍ᠰᠢᠶᠠᠷ ᠨᠢ | ᠦᠨᠡᠭᠡ ᠰᠢᠭ ᠵᠢᠭᠠᠬᠠᠨ ᠱᠤᠪᠤᠭᠤᠷ᠂ ᠲᠤᠮᠤ ᠬᠤᠶᠠᠷ ᠨᠢᠲᠤ ᠨᠢ ᠭᠢᠯᠠᠯᠵᠠᠭᠠᠳ ᠲᠤᠩ ᠬᠦᠭᠡᠷᠦᠬᠦᠨ᠂ ᠪᠤᠤ ᠲᠡᠵᠢᠭᠡ | ᠭᠡᠵᠦ ᠲᠠᠭᠤ ᠭᠠᠷᠤᠬᠰᠠᠨ ᠪᠤᠯᠪᠠᠴᠤ ᠲᠤᠲᠤᠷ᠎ᠠ ᠪᠠᠨ ᠬᠠᠷᠢᠨ ᠰᠡᠮᠬᠡᠨ ᠲᠤᠭᠤᠴᠢᠬᠠᠪᠠ᠃ ᠪᠢᠴᠢᠬᠠᠨ ᠬᠦᠯᠦᠭᠡ ᠮᠠᠰᠢ | ᠴᠤᠪᠤᠭᠤᠯᠢᠭ ᠲᠡᠭᠵᠢᠨ᠂ ᠬᠦᠲᠡᠯᠵᠤ ᠪᠠᠷᠢᠬᠤ ᠨᠢ ᠪᠤᠰᠢᠭᠤ ᠲᠦᠷᠭᠡᠨ᠃ ᠲᠡᠭᠡᠭᠡᠳ ︽ᠨᠢᠰᠭᠡ︾ ᠭᠡᠰᠡᠨ ᠨᠡᠷ᠎ᠡ | ᠦᠭᠬᠦ ᠪᠠᠷ ᠪᠤᠯᠵᠤ᠂ ᠴᠢᠬᠢᠨ ᠠᠴᠠ ᠨᠢ ᠲᠡᠯᠲᠡᠶᠢᠲᠡᠯᠡ ᠲᠠᠲᠠᠵᠤ ᠲᠡᠭᠡᠭᠰᠢ ᠡᠷᠬᠦᠵᠦ ᠪᠠᠶᠢᠭᠠᠳ᠄ ︽ᠨᠢᠰᠭᠡ᠂ ᠨᠢᠰᠭᠡ᠂ | ᠨᠢᠰᠭᠡ︾ ᠭᠡᠵᠦ ᠭᠤᠷᠪᠠᠨᠲᠠ ᠲᠠᠭᠤᠲᠠᠯ᠎ᠠ᠃ ᠲᠡᠭᠡᠪᠡᠯ ᠨᠤᠬᠠᠢ ᠨᠡᠷ᠎ᠡ ᠪᠠᠨ ᠴᠡᠭᠡᠵᠢᠯᠡᠴᠢᠬᠡᠲᠡᠭ ᠶᠤᠮ ᠭᠡᠨ᠎ᠡ᠃ ᠶᠠᠭᠤ | ᠴᠤ ᠭᠡᠰᠡᠨ ︽ᠨᠢᠰᠭᠡ︾ ︽ᠨᠢᠰᠭᠡ︾ ᠭᠡᠵᠦ ᠲᠠᠭᠤᠲᠠᠭᠰᠠᠭᠠᠷ ᠪᠠᠶᠢᠲᠠᠯ᠎ᠠ ᠨᠡᠷ᠎ᠡ ᠪᠠᠨ ᠮᠡᠲᠡᠬᠦ ᠪᠤᠯᠪᠠ᠂ | ᠨᠡᠷ᠎ᠡ ᠪᠠᠷ ᠨᠢ ᠲᠠᠭᠤᠲᠠᠬᠤ ᠳᠤ ᠯᠡ ᠦᠬᠡᠲᠡ ᠠᠴᠠ ᠭᠦᠶᠦᠭᠡᠳ ᠢᠷᠡᠨ᠎ᠡ᠃ ᠪᠢᠴᠢᠬᠠᠨ ᠨᠤᠬᠠᠢ ᠶᠡᠭᠡ ᠶᠠᠭᠤᠮ᠎ᠠ | ᠮᠡᠲᠡᠨ᠎ᠡ᠂ ᠬᠡᠨ ᠲᠡᠬᠦᠨ ᠳᠤ ᠰᠠᠶᠢᠨ ᠢ ᠲᠡᠷᠡ ᠮᠡᠲᠡᠨ᠎ᠡ᠃ ᠮᠠᠨ ᠤ ᠬᠦᠮᠦᠨ ᠲᠡᠬᠦᠨ ᠢ ᠲᠡᠵᠢᠭᠡᠨ᠎ᠡ᠂ ᠤᠬᠢᠶᠠᠨ᠎ᠠ᠂ | ᠠᠷᠠᠴᠢᠯᠠᠵᠤ ᠲᠤᠲᠤᠮᠲᠠᠨᠠ᠂ ᠭᠠᠷᠬᠤ ᠳᠤ ᠪᠠᠨ ᠲᠡᠪᠡᠷᠢᠭᠡᠳ ᠭᠠᠷᠬᠤ ᠪᠤᠶᠤ ᠲᠠᠭᠠᠭᠤᠯᠤᠭᠠᠳ ᠭᠠᠷᠤᠨ᠎ᠠ᠂ | ᠲᠡᠭᠡᠬᠦ ᠳᠡᠭᠡᠨ ᠡᠨᠡ ᠠᠮᠢᠲᠠᠨ ᠶᠡᠷᠦ ᠨᠢ ᠲᠡᠬᠦᠨ ᠢ ᠰᠠᠯᠤᠯ ᠦᠭᠡᠢ ᠲᠠᠭᠠᠵᠤ ᠶᠠᠩᠵᠤ ᠪᠠᠷ ᠠᠯᠢᠶᠠᠯᠠᠵᠤ ︽ | ᠪᠢᠯᠲᠠᠤᠴᠢᠯᠠᠨᠠ︾᠃ ᠨᠤᠬᠠᠢ ᠶᠢᠨ ᠠᠮᠢᠲᠤ ᠪᠤᠲᠠᠰ ᠤᠨ ᠴᠠᠭ ᠤᠨ ᠣᠨᠣᠪᠴᠢᠲᠠᠢ ᠭᠡᠲᠡᠭ ᠢ ᠶᠠᠭᠠᠬᠢᠨ᠎ᠠ᠃ | ᠦᠷᠯᠦᠭᠡ ᠴᠠᠭ ᠨᠢ ᠪᠤᠯᠤᠮᠠᠬᠴᠠ ᠲᠡᠷᠡ ᠭᠤᠲᠤᠮᠵᠢᠨ ᠤ ︽ᠡᠬᠦᠷ︾ ᠠᠴᠠ ᠪᠠᠨ ᠭᠠᠷᠴᠤ ᠢᠷᠡᠭᠡᠳ ᠮᠠᠨ ᠤ ᠤᠨᠲᠠᠬᠤ | ᠦᠷᠦᠭᠡᠨ ᠳᠤ ᠤᠷᠤᠵᠤ ᠢᠷᠡᠭᠡᠳ ᠬᠦᠨᠵᠢᠯᠡ ᠠᠴᠠ ᠵᠠᠭᠤᠵᠤ ᠴᠢᠩᠭᠠᠭᠠᠵᠤ ᠲᠠᠲᠠᠭᠠᠳ ᠰᠦᠢᠳ ᠪᠤᠯᠤᠨ᠎ᠠ᠃ ᠪᠢᠲᠡ | ᠵᠤᠷᠢᠭᠤᠲᠠ ᠤᠨᠲᠠᠬᠰᠠᠨ ᠢᠶᠠᠷ ᠤᠪᠯᠠᠵᠤ ᠤᠷᠤᠨ ᠠᠴᠠ ᠪᠠᠨ ᠪᠤᠰᠬᠤ ᠦᠭᠡᠢ ᠪᠤᠯ ᠤᠷᠤᠨ ᠲᠡᠭᠡᠷ᠎ᠡ ᠦᠰᠦᠷᠴᠦ | ᠭᠠᠷᠴᠤ ᠢᠷᠡᠭᠡᠳ ᠨᠢᠭᠤᠷ ᠴᠢᠷᠠᠢ ᠶᠢ ᠦᠨᠦᠷᠯᠡᠵᠤ ᠲᠤᠯᠢᠶᠠᠭᠠᠳ᠂ ᠡᠰᠡᠬᠦᠯ᠎ᠡ ᠭᠢᠨᠭᠰᠢᠨ ᠬᠤᠴᠠᠵᠤ ᠡᠵᠡᠨ ᠢᠶᠠᠨ | ᠪᠤᠰᠬᠤ ᠦᠭᠡᠢ ᠪᠤᠯ ᠪᠠᠶᠢᠬᠤ ᠦᠭᠡᠢ᠃ ᠦᠲᠡ᠂ ᠤᠷᠤᠢ ᠮᠠᠨ ᠤ ᠬᠦᠮᠦᠨ ᠠᠵᠢᠯ ᠠᠴᠠ ᠪᠠᠭᠤᠭᠠᠳ ᠬᠠᠷᠢᠵᠤ ᠢᠷᠡᠬᠦ | ᠴᠠᠭ ᠢ ᠶᠠᠭᠠᠬᠢᠵᠤ ᠮᠡᠲᠡᠲᠡᠭ ᠢ ᠪᠤᠤ ᠮᠡᠲᠡ᠂ ᠴᠤᠩᠬᠤᠨ ᠲᠠᠶᠢᠰᠠᠨ ᠤ ᠲᠡᠭᠡᠷ᠎ᠡ ᠭᠠᠷᠴᠤ ᠰᠠᠭᠤᠭᠠᠳ ᠲᠤᠷᠤᠬᠰᠢ | ᠠᠵᠢᠬᠯᠠᠵᠤ ᠰᠠᠭᠤᠬᠤ ᠨᠢ ᠲᠡᠷᠡ᠂ ᠮᠠᠨ ᠤ ᠬᠦᠮᠦᠨ ᠲᠤᠭᠤᠢ ᠪᠠᠨ ᠤᠨᠤᠭᠠᠳ ᠠᠰᠠᠷ ᠢ ᠤᠷᠢᠶᠠᠭᠠᠳ ᠤᠷᠤᠵᠤ | ᠢᠷᠡᠬᠦ ᠶᠢ ᠬᠠᠷᠠᠮᠠᠬᠴᠠ ᠭᠡᠷ ᠤᠨ ᠬᠠᠭᠠᠯᠭᠠᠨ ᠳᠤ ᠬᠦᠷᠦᠭᠡᠳ ᠬᠤᠴᠠᠭᠠᠳ ᠠᠮᠠᠷᠠᠭᠤᠯᠬᠤ ᠦᠭᠡᠢ᠂ ᠬᠠᠭᠠᠯᠭ᠎ᠠ | ᠨᠡᠬᠡᠬᠡᠭᠡᠳ ᠦᠭᠭᠦᠮᠡᠭᠴᠡ ᠠᠰᠠᠷ ᠤᠨ ᠱᠠᠳᠤ ᠪᠠᠷ ᠬᠦᠶᠦᠵᠦ ᠪᠠᠭᠤᠭᠠᠳ ᠡᠵᠡᠨ ᠢᠶᠠᠨ ᠤᠬᠲᠤᠨ ᠠᠪᠴᠤ | ᠪᠠᠶᠠᠷᠲᠠᠢ ᠨᠢ ᠠᠷᠭ᠎ᠠ ᠦᠭᠡᠢ᠃ ᠨᠢᠭᠡ ᠤᠲᠠᠭ᠎ᠠ ᠮᠠᠨ ᠤ ᠬᠦᠮᠦᠨ ᠨᠤᠬᠠᠢ ᠪᠠᠨ ᠲᠠᠭᠠᠭᠤᠯᠵᠤ ᠭᠠᠷᠤᠭᠠᠳ ᠰᠠᠨᠠᠮᠰᠠᠷ | ᠦᠭᠡᠢ ᠭᠡᠭᠡᠴᠢᠬᠡᠭᠡᠳ ᠰᠦᠨᠡᠰᠦ ᠪᠠᠨ ᠭᠡᠭᠡᠭᠰᠡᠨ ᠰᠢᠭ ᠬᠡᠲᠦᠨ ᠡᠲᠦᠷ ᠵᠤᠪᠠᠵᠠᠢ᠃ ᠭᠠᠲᠠᠭ᠎ᠠ ᠨᠤᠬᠠᠢ ᠬᠤᠴᠠᠬᠤ ᠶᠢ | ᠤᠯᠵᠤ ᠰᠤᠨᠤᠰᠮᠠᠬᠴᠠ ᠴᠤᠩᠬᠤ ᠪᠠᠷ ᠠᠵᠢᠬᠯᠠᠵᠤ ᠬᠠᠷᠠᠨ᠎ᠠ᠃ ᠬᠡᠲᠦᠨ ᠡᠲᠦᠷ ᠤᠨ ᠰᠡᠬᠦᠯᠡᠷ᠂ ᠪᠠᠷᠠᠭᠤᠨ | ᠬᠤᠷᠢᠶᠠᠨ ᠤ ᠨᠢᠭᠡ ᠠᠶᠢᠯ ᠤᠨ ᠬᠢ ᠮᠠᠨ ᠤ ᠨᠤᠬᠠᠢ ᠶᠢ ᠤᠯᠵᠤ ᠠᠪᠤᠭᠠᠳ ᠪᠠᠶᠢᠬᠤ ᠴᠢᠮᠡᠭᠡ ᠶᠢ ᠬᠦᠷᠰᠢ ᠶᠢᠨ | ᠬᠡᠦᠬᠡᠳ ᠬᠡᠯᠡᠵᠦ ᠦᠭᠪᠡ᠃ ᠤᠴᠢᠭᠠᠳ ᠦᠵᠡᠬᠦᠯᠡᠷ ᠲᠡᠷᠡ ᠠᠶᠢᠯ ᠤᠨ ᠪᠦᠲᠦᠬᠦᠨ ᠲᠡᠭᠡᠰᠦ ᠪᠠᠷ | ᠬᠦᠵᠦᠬᠦᠨ ᠠᠴᠠ ᠨᠢ ᠤᠶᠠᠴᠢᠬᠠᠭᠠᠳ ᠰᠢᠩᠭᠡᠨ ᠪᠤᠲᠠᠭ᠎ᠠ ᠪᠠᠷ ᠲᠡᠵᠢᠭᠡᠵᠦ ᠪᠠᠶᠢᠪᠠ᠃ ᠪᠢ ᠲᠠᠪᠢᠨ ᠲᠦᠬᠦᠷᠢᠭ | ᠭᠠᠷᠭᠠᠵᠤ ᠲᠠᠯᠠᠷᠬᠠᠬᠤ ᠰᠡᠳᠬᠢᠯ ᠢᠶᠠᠨ ᠢᠯᠡᠳᠭᠡᠶ᠎ᠡ ᠭᠡᠬᠦᠯᠡᠷ᠂ ᠲᠡᠷᠡ ᠠᠶᠢᠯ ᠤᠨ ᠡᠵᠡᠨ ᠠᠪᠤᠬᠰᠠᠨ ᠦᠭᠡᠢ᠃ | ᠬᠤᠵᠢᠮ ᠨᠢ ᠪᠤᠯᠤᠭᠠᠳ᠂ ᠬᠦᠬᠡᠬᠤᠲᠠ ᠶᠢᠨ ᠬᠢᠨᠢ ᠨᠤᠬᠠᠢ ᠲᠡᠵᠢᠭᠡᠬᠦ ᠬᠠᠮᠢᠶᠠᠷᠤᠯᠲᠠ ᠶᠢ ᠴᠢᠩᠭᠠᠳᠬᠠᠬᠤ ᠪᠢᠴᠢᠭ | ᠮᠠᠲ᠋ᠧᠷᠢᠶᠠᠯ ᠭᠠᠷᠭᠠᠵᠤ᠂ ︽ᠨᠤᠬᠠᠢ ᠲᠡᠵᠢᠭᠡᠬᠦ ᠦᠨᠡᠮᠯᠡᠬᠦ︾ ᠬᠢᠯᠭᠡᠬᠦ ᠶᠤᠮ ᠭᠡᠨ᠎ᠡ᠂ ᠬᠢᠵᠢᠭ ᠤᠨ ᠲᠠᠷᠢᠯᠭ᠎ᠠ ᠬᠢᠯᠭᠡᠬᠦ | ᠶᠤᠮ ᠭᠡᠨ᠎ᠡ ᠭᠡᠳ ᠪᠤᠲᠤᠵᠤ ᠦᠵᠡᠪᠡᠯ ᠵᠢᠯ ᠳᠤ ᠬᠡᠲᠦᠨ ᠮᠢᠩᠭᠠᠨ ᠲᠦᠬᠦᠷᠢᠭ ᠤᠨ ᠵᠠᠷᠤᠲᠠᠯ ᠭᠠᠷᠤᠨ᠎ᠠ᠃ | ᠴᠠᠯᠢᠩ ᠢᠶᠠᠨ ᠲᠦᠰᠢᠵᠤ ᠠᠮᠢᠲᠤᠷᠠᠵᠤ ᠪᠠᠶᠢᠭ᠎ᠠ ᠤᠯᠤᠰ ᠲᠤ ᠬᠡᠲᠦᠨ ᠮᠢᠩᠭᠠᠨ ᠲᠦᠬᠦᠷᠢᠭ ᠴᠢᠨᠢ ᠪᠠᠭ᠎ᠠ ᠵᠤᠭᠤᠰ | ᠪᠢᠰᠢ᠃ ᠪᠤᠯᠢᠶ᠎ᠠ︕ ᠨᠤᠬᠠᠢ ᠲᠡᠵᠢᠭᠡᠬᠦ ᠪᠠᠨ ᠪᠤᠯᠢᠶ᠎ᠠ︕ ᠭᠡᠳ ᠵᠤᠷᠢᠭ ᠰᠢᠭᠤᠳᠴᠤ ᠬᠠᠶᠢᠷᠠᠲᠠᠢ ᠨᠤᠬᠠᠢ ᠪᠠᠨ | ᠰᠢᠯᠢᠩᠬᠤᠲᠠ ᠶᠢᠨ ᠨᠠᠶᠢᠵᠠ ᠳᠤ ᠪᠠᠨ ᠬᠦᠷᠭᠡᠵᠦ ᠦᠭᠭᠦᠭᠰᠡᠨ ᠪᠢᠯᠡ᠃ ᠵᠢᠯ ᠤᠨ ᠬᠢ ᠨᠢ ᠲᠠᠷᠠᠭ᠎ᠠ᠂ ᠪᠢ | ᠡᠬᠡᠨᠡᠷ ᠲᠠᠢ ᠪᠠᠨ ᠬᠤᠶᠠᠭᠤᠯᠠ ᠰᠢᠯᠢᠩᠬᠤᠲᠠ ᠳᠤ ᠭᠦᠷᠦᠭᠡᠳ ᠨᠠᠶᠢᠵᠠ ᠶᠢᠨ ᠳᠤ ᠪᠠᠨ ᠠᠶᠢᠯᠴᠢᠯᠠᠵᠤ ᠤᠴᠢᠬᠰᠠᠨ | ᠶᠤᠮ᠃ ᠨᠤᠬᠠᠢ ᠮᠠᠨᠢ ᠮᠠᠨ ᠤ ᠲᠠᠭᠤ ᠶᠢ ᠰᠤᠨᠤᠰᠮᠠᠬᠴᠠ ᠲᠠᠨᠢᠴᠢᠬᠠᠵᠤ᠂ ᠰᠡᠬᠦᠯ ᠢᠶᠠᠨ ᠰᠢᠷᠪᠠᠯᠵᠠᠭᠤᠯᠤᠨ ᠭᠦᠶᠦᠵᠦ | ᠢᠷᠡᠭᠡᠳ ᠦᠨᠦᠷᠯᠡᠵᠦ ᠨᠢᠭᠡ ᠦᠵᠡᠨ᠎ᠡ᠂ ᠦᠮᠦᠲᠦᠨ ᠰᠢᠷᠬᠤᠨᠠᠭ ᠠᠴᠠ ᠵᠠᠭᠤᠵᠤ ᠨᠢᠭᠡ ᠦᠵᠡᠨ᠎ᠡ᠂ ᠴᠢᠩᠭᠢᠭᠡᠳ ᠯᠡ | ᠭᠡᠷ ᠲᠤᠲᠤᠷ᠎ᠠ ᠨᠠᠭᠠᠰᠢ ᠴᠠᠭᠠᠰᠢ ᠤᠮ ᠲᠤᠮ ᠦᠭᠡᠢ ᠲᠤᠭᠯᠠᠵᠤ ᠬᠦᠶᠦᠬᠦ ᠨᠢ ᠡ᠃ ᠶᠡᠭᠡ ᠵᠤᠬᠢᠶᠠᠯᠴᠢ ᠾᠦᠢᠭᠤ᠋᠄ | ︽ᠨᠤᠬᠠᠢ ᠭᠡᠲᠡᠭ ᠠᠳᠤᠭᠤᠰᠤ ᠰᠡᠬᠦᠯ ᠢᠶᠠᠷ ᠢᠶᠠᠨ ᠢᠨᠢᠶᠡᠮᠰᠦᠭᠯᠡᠵᠦ ᠬᠡᠯᠡ ᠪᠠᠷ ᠢᠶᠠᠨ ᠬᠦᠯᠦᠰᠦ ᠪᠠᠨ ᠰᠡᠪᠬᠢᠭᠡᠨᠡ︾ | ᠭᠡᠵᠦ ᠬᠡᠯᠡᠵᠦ ᠦᠡᠭᠭᠡᠷᠡᠭᠰᠡᠨ᠃ ᠰᠡᠬᠦᠯ ᠢᠶᠠᠷ ᠢᠶᠠᠨ ᠢᠨᠢᠶᠡᠨ᠎ᠡ ᠭᠡᠲᠡᠭ ᠨᠢ ᠰᠡᠬᠦᠯ ᠢᠶᠠᠨ ᠰᠢᠷᠪᠠᠯᠵᠠᠭᠤᠯᠵᠤ | ᠪᠠᠶᠠᠷᠯᠠᠬᠰᠠᠨ ᠰᠡᠳᠬᠢᠯ ᠢᠶᠠᠨ ᠢᠯᠡᠳᠭᠡᠵᠦ ᠪᠠᠶᠢᠵᠤ ᠲᠠᠭᠠᠷᠠᠨ᠎ᠠ᠂ ᠦᠭᠡ ᠬᠡᠯᠡᠵᠦ ᠴᠢᠲᠠᠲᠠᠭ ᠦᠭᠡᠢ ᠠᠮᠢᠲᠠᠨ ᠯᠠ | ᠶᠤᠮ ᠬᠤᠶᠢᠨ᠎ᠠ ᠦᠭᠡᠷ᠎ᠡ ᠶᠠᠭᠠᠬᠢᠨ᠎ᠠ ᠪᠤᠢ᠃ ᠮᠡᠨ ᠤ ᠬᠦᠮᠦᠨ ᠨᠤᠬᠠᠢ ᠪᠠᠨ ᠲᠡᠪᠷᠢᠵᠤ ᠠᠪᠤᠭᠠᠳ ᠡᠪᠦᠷ ᠲᠡᠭᠡᠷ᠎ᠡ ᠪᠠᠨ | ᠠᠪᠴᠤ ᠰᠠᠭᠤᠯᠭᠠᠬᠤ ᠳᠤ ᠦᠭᠡᠲᠡ ᠠᠴᠠ ᠨᠢ ᠬᠠᠷᠠᠭᠠᠳ ᠪᠦᠲᠦᠬᠦᠨ ᠨᠢᠲᠤᠨ ᠠᠴᠠ ᠪᠠᠨ ᠨᠢᠯᠪᠤᠰᠤ ᠪᠦᠮᠪᠦᠷᠢᠬᠦᠯᠵᠦ | ᠪᠠᠶᠢᠯ᠎ᠠ᠃ | ᠨᠤᠬᠠᠢ ᠭᠡᠲᠡᠭ ᠠᠮᠢᠲᠠᠨ ᠡᠵᠡᠨ ᠳᠤ ᠪᠠᠨ ᠡᠶᠢᠮᠦ ᠯᠡ ᠠᠮᠠᠷᠠᠭ᠃ ᠲᠡᠲᠡᠨ ᠤ ᠬᠢ ᠠᠴᠠ ᠪᠢᠲᠠ ᠨᠤᠬᠠᠢ ᠠᠴᠠ | ᠨᠢᠭᠤᠵᠤ ᠪᠠᠶᠢᠭᠠᠳ ᠭᠠᠷᠴᠤ ᠢᠷᠡᠭᠰᠡᠨ ᠪᠢᠯᠡ᠃ ︽ᠪᠢ ᠨᠤᠬᠠᠢ ᠪᠠᠨ ᠲᠡᠪᠡᠷᠢᠵᠤ ᠠᠪᠤᠭᠠᠳ ᠭᠠᠷᠴᠤ ᠢᠷᠡᠶ᠎ᠡ ᠭᠡᠵᠦ | ᠰᠠᠨᠠᠬᠰᠠᠨ︾ ᠭᠡᠵᠦ ᠡᠬᠡᠨᠡᠷ ᠮᠢᠨᠢ ᠵᠠᠮ ᠳᠤ ᠪᠠᠨ ᠬᠡᠯᠡᠵᠦ ᠪᠠᠶᠢᠪᠠ᠃ ᠭᠡᠪᠡᠴᠦ ︽ᠲᠠᠬᠢᠭᠠᠳ ᠲᠠᠬᠢᠭᠠᠳ ᠨᠤᠬᠠᠢ | ᠲᠡᠵᠢᠭᠡᠬᠦ ᠪᠠᠨ ᠪᠤᠯᠢᠶ᠎ᠠ︾ ᠭᠡᠵᠦ ᠲᠦᠷᠦᠬᠦᠦ ᠠᠮᠠ ᠠᠯᠲᠠᠬᠰᠠᠨ ᠤᠴᠢᠷ ᠪᠠᠶᠢᠬᠤ ᠶᠤᠮ ᠴᠢᠨᠢ᠃ | ︽ᠤᠴᠢᠬᠤ ᠦᠭᠡᠢ ᠭᠡᠰᠡᠨ ᠭᠠᠵᠠᠷ ᠭᠤᠷᠪᠠ ᠤᠴᠢᠨ᠎ᠠ᠂ ᠤᠷᠤᠬᠤ ᠦᠭᠡᠢ ᠭᠡᠰᠡᠨ ᠡᠬᠦᠲᠡᠨ ᠳᠤ ᠭᠤᠷᠪᠠ | ᠤᠷᠤᠨ᠎ᠠ︾ ᠭᠡᠰᠡᠨ ᠦᠭᠡ ᠪᠠᠶᠢᠲᠠᠭ᠃ ᠨᠤᠬᠠᠢ ᠲᠡᠵᠢᠭᠡᠬᠦ ᠪᠠᠨ ᠪᠤᠯᠢᠨ᠎ᠠ︕ ᠭᠡᠵᠦ ᠪᠢᠲᠡ ᠪᠠᠰᠠ ᠬᠡᠯᠡᠵᠦ | ᠦᠡᠭᠭᠡᠷᠡᠭᠰᠡᠨ ᠪᠤᠯᠪᠠᠴᠤ᠂ ᠬᠤᠶᠢᠨ᠎ᠠ ᠨᠢ ︽ᠬᠡᠯᠡᠭᠰᠡᠨ ᠢᠶᠠᠨ ᠮᠡᠯᠵᠢᠵᠤ᠂ ᠬᠡᠭᠡᠷᠡᠭᠰᠡᠨ ᠢᠶᠠᠨ ᠵᠠᠯᠬᠢᠬᠰᠠᠨ︾ ᠶᠠᠪᠤᠲᠠᠯ | ᠡᠬᠦᠰᠪᠡ᠃ ᠪᠠᠰᠠ ᠠᠷᠪᠠᠨ ᠬᠡᠲᠦᠨ ᠵᠢᠯ ᠦᠡᠭᠭᠡᠷᠡᠭᠡᠳ ᠮᠢᠨᠤ ᠤᠮᠪᠤᠯᠤ ᠦᠬᠢᠨ ᠭᠡᠲᠡᠭ ᠨᠢᠭᠡ ᠶᠠᠭᠤᠮ᠎ᠠ ᠦᠰᠦᠭᠡᠳ | ᠭᠠᠷᠤᠭᠠᠳ ᠢᠷᠡᠯ᠎ᠡ᠃ ᠪᠠᠰᠠ ᠯᠠ ᠮᠤᠤᠷ ᠨᠤᠬᠠᠢ ᠳᠤ ᠠᠷᠭ᠎ᠠ ᠦᠭᠡᠢ ᠲᠤᠷᠠᠲᠠᠢ ᠠᠮᠢᠲᠠᠨ᠃ ᠡᠬᠢᠯᠡᠭᠡᠳ ᠮᠤᠤᠷ | ᠨᠤᠬᠠᠢ ᠲᠡᠵᠢᠭᠡᠨ᠎ᠡ ᠭᠡᠬᠦᠯᠡᠷ ᠡᠮᠡᠭᠡ ᠨᠢ ᠶᠡᠷᠦ ᠨᠢ ᠵᠦᠪᠰᠢᠶᠡᠷᠡᠭᠰᠡᠨ ᠦᠭᠡᠢ᠃ ᠲᠦᠷᠦᠬᠦᠦ ᠨᠢ ᠮᠤᠤᠷ᠂ ᠨᠤᠬᠠᠢ | ᠲᠡᠵᠢᠭᠡᠵᠦ ᠦᠬᠦᠭᠦᠯᠦᠭᠰᠡᠨ ᠪᠤᠶᠤ ᠠᠯᠲᠠᠵᠤ ᠭᠡᠭᠡᠭᠡᠭᠰᠡᠨ᠂ ᠬᠦᠮᠦᠨ ᠳᠤ ᠦᠭᠭᠦᠭᠰᠡᠨ ᠮᠡᠲᠦ ᠶᠢᠨ ᠭᠠᠰᠢᠭᠤᠨ | ᠦᠡᠭᠭᠡᠷᠭᠡᠯᠲᠡ ᠲᠠᠢ ᠪᠤᠯᠬᠤᠷ᠂ ᠮᠠᠨ ᠤ ᠬᠦᠮᠦᠨ ᠤ ᠵᠢᠷᠦᠬᠡᠨ ᠳᠤ ᠨᠢ ᠰᠢᠷ᠎ᠠ ᠤᠰᠤ ᠲᠤᠨᠵᠠᠢ᠃ ᠮᠠᠨ ᠤ ᠶᠡᠭᠡ ᠬᠦᠦ | ᠭᠡᠵᠦ ᠬᠡᠷᠡᠭ ᠲᠤ ᠲᠤᠷᠠᠲᠠᠢ ᠠᠮᠢᠲᠠᠨ ᠪᠠᠶᠢᠲᠠᠭ᠃ ︽ᠨᠤᠬᠠᠢ ᠲᠡᠵᠢᠭᠡᠨ᠎ᠡ︾ ᠭᠡᠳ ᠦᠬᠢᠨ ᠨᠢ ᠴᠢᠬᠢᠨ ᠤ ᠬᠤᠨᠭ᠍ᠬᠤ | ᠪᠤᠯᠤᠭᠠᠳ ᠪᠠᠶᠢᠬᠤᠯᠠᠷ᠂ ︽ᠲᠠᠶᠢᠳᠢ︾ ᠭᠡᠬᠦ ᠤᠲᠤᠮ ᠤᠨ ᠮᠠᠰᠢ ᠦᠨ᠎ᠡ ᠲᠠᠢ ᠭᠦᠯᠦᠭᠡ ᠠᠪᠤᠭᠠᠳ ᠦᠭᠴᠢᠬᠡᠪᠡ᠃ | ᠨᠢᠭᠡ ᠤᠲᠠᠭ᠎ᠠ ᠤᠮᠪᠤᠯᠤ ᠮᠢᠨᠢ ᠪᠢᠴᠢᠬᠠᠨ ︽ᠲᠠᠶᠢᠳᠢ︾ ᠪᠠᠨ ᠬᠦᠲᠦᠯᠦᠭᠡᠳ ᠮᠠᠨ ᠤ ᠳᠤ ᠬᠦᠷᠦᠭᠡᠳ ᠢᠷᠡᠭᠰᠡᠨ ᠳᠤ | ᠂ ᠡᠮᠡᠭᠡ ᠨᠢ ᠦᠵᠡᠮᠡᠭᠴᠡ ᠠᠭᠤᠷᠯᠠᠵᠤ ︽ᠬᠦᠢ ᠲᠦᠢ︾ ᠨᠢ ᠠᠯᠲᠠᠷᠠᠭᠠᠳ ᠭᠡᠷ ᠲᠤ ᠪᠠᠨ ᠤᠷᠤᠭᠤᠯᠤᠬᠰᠠᠨ ᠦᠭᠡᠢ | ᠃ ᠲᠡᠬᠦᠨ ᠠᠴᠠ ᠬᠤᠶᠢᠰᠢ ᠬᠡᠲᠦᠨ ᠵᠢᠯ ᠪᠤᠯᠲᠠᠯ᠎ᠠ ᠤᠮᠪᠤᠯᠤ ᠮᠠᠨᠢ ︽ᠲᠠᠶᠢᠳᠢ︾ ᠶᠢ ᠮᠠᠨ ᠤ ᠳᠤ ᠲᠠᠭᠠᠭᠤᠯᠵᠤ | ᠢᠷᠡᠬᠦ ᠶᠢ ᠵᠤᠷᠢᠬᠯᠠᠭᠠ ᠦᠭᠡᠢ᠃ | ᠤᠲᠠᠯ ᠦᠭᠡᠢ᠂ ᠡᠬᠡᠨᠡᠷ ᠲᠠᠢ ᠪᠠᠨ ᠪᠢᠲᠠ ᠬᠤᠶᠠᠭᠤᠯᠠ ᠠᠷᠤ ᠠᠷᠤ ᠠᠴᠠ ᠪᠠᠨ ᠠᠵᠢᠯ ᠠᠴᠠ ᠪᠠᠨ | ᠲᠠᠷᠬᠠᠯᠠᠬᠲᠠᠵᠤ ᠲᠡᠳᠬᠦᠪᠦᠷᠢ ᠳᠤ ᠭᠠᠷᠤᠯ᠎ᠠ᠃ ᠤᠮᠪᠤᠯᠤ ᠮᠢᠨᠢ ᠴᠤ ᠲᠤᠮᠲᠠᠳᠤ ᠰᠤᠷᠭᠠᠭᠤᠯᠢ ᠳᠤ ᠲᠡᠪᠰᠢᠭᠡᠳ | ᠰᠤᠷᠤᠯᠭ᠎ᠠ ᠶᠢᠨ ᠲᠠᠷᠤᠭᠠᠰᠤ ᠬᠦᠨᠲᠦ᠂ ᠲᠠᠰᠬᠠᠯ ᠲᠠᠭᠠᠭᠠᠯᠭᠠᠪᠤᠷᠢ ᠠᠷᠪᠢᠨ᠂ ᠨᠤᠬᠠᠢ ᠪᠠᠷ ᠲᠤᠬᠯᠠᠬᠤ ᠵᠠᠪ ᠴᠢᠯᠦᠭᠡ | ᠬᠤᠮᠰᠠ᠃ ︽ᠡᠪᠦᠭᠡ ᠡᠮᠡᠭᠡ ᠠᠵᠢᠯ ᠠᠴᠠ ᠪᠠᠨ ᠠᠮᠠᠷᠠᠭᠠᠳ ᠲᠠᠩᠴᠤ ᠡᠯᠡᠢ ᠬᠤᠯᠠᠢ ᠰᠠᠨᠠᠬᠲᠠᠵᠤ ᠪᠠᠶᠢᠬᠤ ᠪᠠᠶᠢᠯᠬᠦᠢ᠃ | ᠲᠠ ᠬᠤᠶᠠᠭᠤᠯᠠ ᠶᠢᠨ ᠰᠡᠳᠬᠢᠯ ᠢ ᠠᠷᠭᠠᠲᠠᠶᠠ︾ ᠭᠡᠰᠡᠨ ᠰᠠᠶᠢᠬᠠᠨ ᠨᠡᠷ᠎ᠡ ᠪᠠᠷ ᠤᠮᠪᠤᠯᠤ ᠮᠠᠨᠢ ᠨᠦᠬᠦᠭᠡ ︽ᠲᠠᠶᠢᠳᠢ | ︾ ᠪᠠᠨ ᠠᠪᠴᠢᠷᠠᠵᠤ ᠦᠭᠭᠦᠭᠰᠡᠨ ᠳᠤ᠂ ᠮᠠᠨ ᠤ ᠬᠦᠮᠦᠨ ᠴᠤ ᠲᠠᠲᠠᠭᠠᠯᠵᠠᠵᠤ ᠴᠢᠲᠠᠬᠰᠠᠨ ᠦᠭᠡᠢ᠃ ᠬᠡᠯᠡᠪᠡᠴᠤ ︽ | ᠲᠠᠶᠢᠳᠢ︾ ᠭᠡᠵᠦ ᠲᠤᠩ ᠬᠦᠭᠡᠷᠦᠬᠦᠨ ᠠᠮᠢᠲᠠᠨ᠂ ᠮᠠᠰᠢ ᠨᠤᠮᠤᠬᠠᠨ᠂ ᠠᠲᠡ ᠲᠡᠨᠲᠡ ᠲᠦᠢᠳᠳᠡᠭ ᠦᠭᠡᠢ᠂ ᠬᠡᠷᠡᠭ | ᠵᠤᠷᠢᠭ ᠭᠠᠷᠭᠠᠲᠠᠬ ᠦᠭᠡᠢ᠂ ᠬᠠᠮᠤᠭ ᠤᠨ ᠰᠠᠶᠢᠨ ᠨᠢ ᠭᠡᠪᠡᠯ ᠭᠡᠷ ᠲᠤ ᠪᠠᠭᠠᠵᠤ ᠰᠢᠭᠡᠲᠡᠭ ᠦᠭᠡᠢ᠂ ᠴᠠᠭ ᠨᠢ ᠪᠤᠯᠪᠠᠯ | ᠭᠦᠶᠦᠵᠦ ᠢᠷᠡᠭᠡᠳ ᠬᠦᠯ ᠭᠠᠷ ᠠᠴᠠ ᠴᠢᠨᠢ ᠲᠠᠲᠠᠵᠤ ᠴᠢᠩᠭᠠᠭᠠᠳ ᠭᠠᠷᠬᠤ ᠭᠡᠰᠡᠨ ᠰᠠᠨᠠᠭ᠎ᠠ ᠪᠠᠨ ᠢᠯᠡᠳᠭᠡᠨ᠎ᠡ᠂ | ᠨᠤᠬᠠᠢ ᠨᠠᠶᠠᠨ ᠬᠡᠲᠦᠨ ᠲᠠᠩ ᠦᠭᠡ ᠶᠢ ᠮᠡᠲᠡᠨ᠎ᠡ ᠭᠡᠵᠦ ᠠᠯᠢ ᠨᠢᠭᠡ ᠨᠤᠮ ᠳᠤ ᠪᠢᠴᠢᠭᠰᠡᠨ ᠢ ᠪᠢ ᠤᠡᠭᠰᠢᠬᠰᠠᠨ᠃ | ᠮᠠᠨ ᠤ ︽ᠲᠠᠶᠢᠳᠢ︾ ᠴᠤᠬᠤᠮ ᠲᠡᠲᠦᠢ ᠲᠠᠩ ᠦᠭᠡ ᠮᠡᠲᠡᠲᠡᠭ ᠡᠰᠡᠬᠦ ᠶᠢ ᠪᠢ ᠰᠢᠨᠵᠢᠯᠡᠭᠡ ᠬᠢᠵᠦ ᠴᠢᠲᠠᠬᠤ ᠦᠭᠡᠢ᠂ | ᠭᠡᠪᠡᠴᠦ ᠢᠲᠡᠵᠦ ᠤᠤᠭᠤᠬᠤ᠂ ᠭᠠᠷᠴᠤ ᠤᠷᠤᠬᠤ ᠭᠡᠬᠦ ᠮᠡᠲᠦ ᠶᠢᠨ ᠲᠤᠬᠢᠶᠠᠨ ᠤ ᠦᠭᠡ ᠶᠢ ᠨᠡᠯᠢᠶᠡᠳ ᠮᠡᠲᠡᠨ᠎ᠡ᠃ | ᠬᠦᠲᠦᠯᠦᠭᠡᠳ ᠭᠠᠷᠤᠶ᠎ᠠ ᠭᠡᠳ ᠲᠡᠭᠡᠰᠦ ᠶᠢ ᠨᠢ ᠠᠪᠤᠭᠠᠳ ᠢᠷᠡᠬᠦ ᠳᠤ ᠲᠡᠷᠭᠡᠲᠡ ᠢᠷᠡᠭᠡᠳ ᠵᠤᠬᠰᠤᠵᠤ ᠦᠭᠲᠡᠭ︔ | ᠭᠠᠲᠠᠨ᠎ᠠ ᠠᠴᠠ ᠤᠷᠤᠵᠤ ᠢᠷᠡᠭᠡᠳ ᠬᠦᠯ ᠢ ᠨᠢ ᠤᠬᠢᠶᠠᠵᠤ ᠵᠦᠯᠬᠦᠵᠦ ᠦᠭᠭᠦᠶ᠎ᠡ ᠭᠡᠬᠦ ᠳᠤ ᠤᠬᠢᠶᠠᠯᠭ᠎ᠠ ᠶᠢᠨ | ᠦᠷᠦᠭᠡᠨ ᠳᠤ ᠲᠠᠭᠠᠵᠤ ᠤᠷᠤᠲᠠᠭ᠃ ᠨᠢᠭᠡ ᠮᠠᠭᠤ ᠨᠢ ︽ᠬᠤᠪᠳᠤᠭ︾ ᠨᠢ ᠬᠡᠴᠡᠬᠦᠦ᠂ ᠬᠦᠮᠦᠨ ᠤ ᠶᠠᠭᠤᠮ᠎ᠠ | ᠢᠲᠡᠬᠦ ᠶᠢ ᠬᠠᠷᠠᠮᠠᠬᠴᠠ ᠭᠦᠶᠦᠭᠡᠳ ᠢᠷᠡᠨ᠎ᠡ᠂ ᠢᠲᠡᠰᠢᠨ ᠳᠤ ᠲᠤᠷᠠᠯᠠᠵᠤ ᠭᠤᠷᠢᠯᠠᠬᠰᠠᠨ ᠲᠡᠷᠡ ᠬᠠᠷᠠᠴᠠ ᠶᠢ ᠨᠢ | ᠦᠵᠡᠪᠡᠯ ᠶᠠᠭ ᠲᠡᠰᠬᠦ ᠦᠭᠡᠢ᠂ ︽ᠠᠳᠢᠰ︾ ᠲᠡᠲᠦᠢ ᠦᠭᠴᠦ ᠢᠲᠡᠬᠦᠯᠦᠨᠡ᠃ ︽ᠬᠦᠮᠦᠨ ᠤ ᠢᠲᠡᠲᠡᠭ | ᠬᠤᠭᠤᠯᠠ ᠦᠭᠴᠦ ᠢᠲᠡᠬᠦᠯᠦᠭᠡᠳ ᠨᠤᠬᠠᠢ ᠶᠢ ᠲᠠᠷᠭᠤᠯᠠᠭᠤᠯᠴᠢᠬᠠᠯᠠ︾ ᠭᠡᠵᠦ ᠤᠮᠪᠤᠯᠤ ᠬᠠᠶᠠ ᠨᠢᠭᠡ | ᠭᠢᠯᠠᠰᠤᠭᠤᠯᠵᠤ ᠢᠷᠡᠭᠡᠳ ︽ᠲᠤᠩᠭᠤᠲᠤᠯᠭᠠ︾ ᠲᠠᠯᠪᠢᠭᠠᠳ ᠶᠠᠪᠤᠨ᠎ᠠ᠃ ᠤᠳᠤ ᠬᠤᠲᠠ ᠳᠤ ᠡᠩᠬᠦᠷᠡᠢ ᠠᠮᠢᠲᠠᠨ | ᠲᠡᠵᠢᠭᠡᠬᠦ ᠳᠤ ᠵᠠᠷᠤᠲᠠᠯ ᠶᠡᠭᠡ ᠤᠷᠤᠨ᠎ᠠ᠂ ᠨᠤᠬᠠᠢ ᠲᠡᠵᠢᠭᠡᠬᠦ ᠲᠤᠰᠬᠠᠢ ᠬᠤᠭᠤᠯᠠ ᠬᠦᠨᠡᠰᠦ ᠵᠠᠬᠢᠶᠠᠯᠠᠵᠤ ᠠᠪᠤᠨ᠎ᠠ᠂ | ᠦᠰᠦ ᠨᠢ ᠤᠷᠭᠤᠪᠠᠯ ᠲᠤᠰᠬᠠᠢ ᠲᠡᠯᠭᠡᠭᠦᠷ ᠲᠤ ᠤᠴᠢᠵᠤ ᠤᠬᠢᠶᠠᠯᠭᠠᠨ᠎ᠠ᠂ ᠦᠰᠦ ᠶᠢ ᠨᠢ ᠶᠠᠩᠵᠤᠯᠠᠨᠠ᠂ ᠪᠠᠭ᠎ᠠ | ᠰᠠᠭ᠎ᠠ ᠭᠡᠮᠨᠡᠪᠡᠯ ︽ᠡᠩᠬᠦᠷᠡᠢ ᠠᠮᠢᠲᠠᠨ ᠤ ᠡᠮᠨᠡᠯᠭᠡ︾ ᠳᠤ ᠠᠪᠠᠴᠢᠵᠤ ᠲᠠᠷᠢᠯᠭ᠎ᠠ ᠵᠠᠰᠠᠯᠭ᠎ᠠ ᠬᠢᠯᠭᠡᠨ᠎ᠡ᠃ ᠪᠠᠭ᠎ᠠ ᠴᠤ | ᠦᠭᠡᠢ ᠮᠦᠡᠭᠭᠦ ᠲᠦᠬᠦᠷᠢᠭ ᠤᠷᠤᠨ᠎ᠠ᠃ ᠭᠡᠪᠡᠴᠦ ᠶᠠᠭᠠᠬᠢᠨᠠᠮ︖ ᠬᠡᠲᠦᠨ ᠵᠢᠯ ᠲᠡᠵᠢᠭᠡᠭᠡᠳ ᠨᠢᠭᠡᠨᠲᠡ | ᠲᠠᠰᠴᠢᠬᠠᠬᠰᠠᠨ ᠬᠤᠶᠢᠨ᠎ᠠ ᠠᠷᠭ᠎ᠠ ᠦᠭᠡᠢ᠂ ᠤᠳᠤ ᠠᠪᠤᠭᠠᠳ ᠶᠠᠪᠤᠬᠤ ᠭᠡᠬᠦᠯᠡᠷ ᠪᠦᠷ ᠦᠭᠴᠦ ᠶᠠᠪᠤᠭᠤᠯᠬᠤ ᠲᠤᠷ᠎ᠠ | ᠦᠭᠡᠢ ᠪᠤᠯᠪᠠ᠃ ᠡᠩᠬᠦᠷᠡᠢ ᠠᠮᠢᠲᠠᠨ ᠲᠡᠵᠢᠭᠡᠬᠦ ᠨᠢ ᠬᠦᠮᠦᠰ ᠲᠤ᠂ ᠢᠯᠠᠩᠭᠤᠶ᠎ᠠ ᠭᠡᠷ ᠤᠨ ᠮᠤᠬᠤᠷ ᠢᠶᠠᠨ ᠰᠠᠬᠢᠵᠤ | ᠰᠠᠭᠤᠬᠰᠠᠨ ᠨᠠᠰᠤᠲᠠᠶᠢᠴᠤᠳ ᠲᠤ ᠶᠡᠭᠡ ᠰᠠᠶᠢᠨ ᠶᠤᠮ ᠭᠡᠵᠦ᠂ ᠤᠷᠮ᠎ᠠ ᠵᠤᠷᠢᠭ ᠢ ᠨᠢ ᠰᠡᠷᠬᠦᠭᠡᠨ᠎ᠡ᠂ ᠤᠢᠢᠳᠬᠠᠢ | ᠭᠠᠨᠭ᠍ᠰᠠᠷᠠᠯ ᠢ ᠨᠢ ᠲᠠᠶᠢᠯᠤᠨ᠎ᠠ᠂ ᠤᠶᠠᠨ ᠰᠠᠨᠠᠭᠠᠨ ᠤ ᠬᠠᠨᠢ ᠪᠤᠯᠤᠨ᠎ᠠ ᠭᠡᠵᠦ ᠨᠤᠮ ᠳᠤ ᠪᠢᠴᠢᠭᠰᠡᠨ ᠢ ᠪᠢ | ᠤᠡᠭᠰᠢᠬᠰᠠᠨ᠃ ᠤᠲᠤ ᠪᠢ ᠡᠬᠦᠨ ᠢ ᠮᠡᠰᠢ ᠦᠨᠡᠮᠰᠢᠬᠦ ᠪᠤᠯᠪᠠ᠃ ᠵᠠᠷᠢᠮ ᠳᠤ ᠪᠠᠨ ᠬᠤᠭ ᠤᠨ ᠰᠠᠪᠠ ᠶᠢ | ᠠᠭᠤᠳᠠᠯᠤᠭᠠᠳ᠂ ᠬᠤᠷᠤᠳ ᠠᠭᠠᠷᠤᠤᠯ ᠢ ᠬᠤᠯᠠᠭᠤᠭᠠᠳ ︽ᠠᠯᠲᠠᠭ᠎ᠠ︾ ᠭᠠᠷᠭᠠᠴᠢᠬᠠᠪᠠᠴᠤ᠂ ᠵᠢᠭᠠᠬᠠᠨ | ᠠᠭᠤᠷᠯᠠᠵᠤ ᠵᠠᠩᠨᠠᠬᠤ ᠠᠴᠠ ᠪᠢᠰᠢ᠂ ᠶᠡᠷᠦ ᠨᠢ ᠵᠤᠲᠤᠵᠤ ᠴᠤᠬᠢᠲᠠᠭ ᠦᠭᠡᠢ᠃ ᠰᠠᠶᠢ ᠠᠪᠤᠭᠠᠳ ᠢᠷᠡᠬᠦ ᠳᠤ | ᠨᠢᠲᠤᠷᠭᠠᠨ ᠬᠢᠷᠢ ᠵᠢᠵᠢᠭ ᠠᠮᠢᠲᠠᠨ ᠪᠠᠶᠢᠬᠰᠠᠨ ᠶᠤᠮ᠂ ᠮᠠᠨᠤᠰ ᠲᠤ ᠠᠷᠪᠠᠨ ᠬᠡᠲᠦᠨ ᠵᠢᠯ ᠬᠠᠨᠢ ᠪᠤᠯᠵᠤ ᠠᠮᠢᠲᠤᠷᠠᠬᠤ | ᠬᠤᠪᠢ ᠢᠷᠦᠭᠡᠯ ᠲᠠᠢ ᠠᠮᠢᠲᠠᠨ ᠰᠢᠦ᠂ ᠬᠦᠭᠡᠷᠦᠬᠦᠢ︕ | ᠵᠤᠬᠢᠶᠠᠭᠴᠢ ᠶᠢᠨ ᠬᠠᠶ᠋ᠢᠭ᠄ ᠦᠪᠦᠷ ᠮᠣᠩᠭᠤᠯ ᠤᠨ ᠡᠳᠦᠷ ᠤᠨ ᠰᠣᠨᠢᠨ ᠤ ᠬᠤᠷᠢᠶ᠎ᠠ | |