12 ᠳ᠋ᠤᠭᠠᠷ ᠰᠠᠷ᠎ᠠ ᠶᠢᠨ 27 ᠤ ᠦᠳᠡ ᠶᠢᠨ ᠡᠮᠦᠨ᠎ᠡ ᠤᠷᠤᠯᠳᠤᠭᠠᠨ ᠤ ᠲᠠᠯᠠᠪᠠᠢ ᠳᠤ ︽ᠴᠢᠷᠮᠠᠢ︾ ︽ | ᠯᠠᠪᠳᠠᠭᠤᠨ ᠤᠷᠤ︾ ᠭᠡᠵᠤ ᠬᠦᠴᠤ ᠨᠡᠮᠡᠵᠤ᠂ ᠤᠷᠢᠶ᠎ᠠ ᠬᠠᠰᠬᠢᠷᠬᠤ ᠲᠠᠭᠤᠨ ᠴᠤᠤᠷᠢᠶᠠᠳᠤᠵᠤ ᠪᠠᠶᠢᠯ᠎ᠠ᠃ | ᠬᠡᠶᠢᠮᠤᠷᠢ ᠮᠠᠨᠳᠤᠬᠰᠠᠨ ᠬᠠᠭᠤᠴᠢᠨ ᠤᠨ ᠢᠶᠠᠨ ᠦᠳᠡᠵᠦ᠂ ᠬᠡᠰᠢᠭ ᠲᠠᠯᠠᠯᠤᠬᠰᠠᠨ ᠰᠢᠨ᠎ᠡ ᠤᠨ ᠢᠶᠠᠨ | ᠤᠭᠲᠤᠬᠤ ᠲᠠᠰᠢᠷᠠᠮ ᠢᠶᠠᠷ ᠺᠠᠳ᠋ᠷ ᠠᠵᠢᠯᠲᠠᠨ ᠤ ᠣᠶᠤᠨ ᠤ ᠠᠮᠢᠳᠤᠷᠠᠯ ᠢ ᠪᠠᠶᠠᠯᠢᠬᠵᠢᠭᠤᠯᠵᠤ᠂ ᠺᠠᠳ᠋ᠷ ᠠᠵᠢᠯᠲᠠᠨ | ᠠᠵᠢᠯᠴᠢᠨ ᠤ ᠨᠢᠭᠲᠠᠷᠠᠯ ᠪᠦᠯᠬᠦᠮᠳᠡᠯ ᠢ ᠴᠢᠩᠭᠠᠳᠬᠠᠬᠤ ᠶᠢᠨ ᠲᠦᠯᠤᠬᠡ ᠡᠷᠡᠭᠦᠯᠵᠢᠯ ᠤᠨ ᠲᠤᠰᠠᠯᠠᠬᠤ ᠪᠠᠭᠠᠵᠢ ᠶᠢᠨ | ᠲᠥᠪ ᠤᠨ ᠬᠢᠨ ᠲᠤ ᠰᠢᠨ᠎ᠡ ᠵᠢᠯ ᠢ ᠤᠭᠲᠤᠬᠤ ᠠᠵᠢᠯᠲᠠᠨ ᠠᠵᠢᠯᠴᠢᠨ ᠤ ᠰᠤᠨᠢᠷᠬᠠᠯᠳᠤ ᠤᠷᠤᠯᠳᠤᠭᠠᠨ ᠡᠷᠬᠢᠯᠡᠵᠤ᠂ | 40 ᠭᠠᠷᠤᠢ ᠤᠷᠤᠯᠴᠠᠬᠴᠢ ︽ᠡᠰᠡᠷᠬᠦᠴᠡᠰᠢ ᠦᠬᠡᠢ ᠪᠠᠭ︾ ︽ᠪᠦᠷᠢᠨ ᠴᠢᠳᠠᠪᠤᠷᠢᠳᠤ ᠪᠠᠭ︾ ︽ᠲᠠᠮᠢᠷᠯᠢᠭ ᠪᠠᠭ︾ | ᠵᠡᠷᠬᠡ ᠵᠢᠷᠭᠤᠭᠠᠨ ᠪᠠᠭ ᠬᠤᠪᠢᠶᠠᠵᠤ᠂ ᠰᠤᠨᠢᠷᠬᠠᠯᠳᠤ ᠤᠷᠤᠯᠳᠤᠭᠠᠨ ᠳᠤ ᠤᠷᠤᠯᠴᠠᠨ ᠬᠦᠴᠤ ᠤᠬᠠᠭᠠᠨ ᠢᠶᠠᠨ | ᠰᠤᠷᠢᠵᠤ᠂ ᠪᠡᠶ᠎ᠡ ᠮᠠᠬᠠᠪᠤᠳ ᠢᠶᠠᠨ ᠴᠢᠬᠢᠷᠠᠬᠵᠢᠭᠤᠯᠤᠬᠰᠠᠨ ᠪᠠᠶᠢᠨ᠎ᠠ᠃ | ︽ᠬᠠᠭᠤᠷᠠᠢ ᠲᠡᠬᠡᠷ᠎ᠡ ᠬᠦᠷᠯᠢᠩ ᠲᠤᠬᠯᠠᠬᠤ︾ ︽ᠦᠡᠭᠭᠡᠳᠤ ᠪᠦᠮᠪᠦᠭᠡ ᠪᠠᠷ ᠠᠵᠨ ᠪᠠᠨ ᠰᠤᠷᠢᠬᠤ︾ ᠵᠡᠷᠬᠡ | ᠬᠠᠮᠳᠤ ᠶᠢᠨ ᠤᠷᠤᠯᠳᠤᠭᠠᠨ᠂ ︽ᠲᠠᠪᠠᠭ ᠨᠢᠰᠬᠡᠬᠦ︾ ︽ᠭᠤᠯᠧᠹ ᠪᠦᠮᠪᠦᠭᠡ ᠬᠠᠶᠠᠬᠤ︾ ᠵᠡᠷᠬᠡ ᠬᠤᠪᠢ ᠬᠦᠮᠦᠨ ᠤ | ᠤᠷᠤᠯᠳᠤᠭᠠᠨ ᠢ ᠶᠠᠪᠤᠬᠳᠠᠭᠤᠯᠵᠠᠢ᠃ ᠬᠦᠮᠦᠰ ᠤᠷᠤᠯᠳᠤᠭᠠᠨ ᠳᠤ ᠤᠷ᠎ᠠ ᠤᠬᠠᠭᠠᠨ ᠢᠶᠠᠨ ᠰᠢᠪᠬᠠᠨ ᠢᠳᠡᠪᠬᠢᠳᠡᠢ | ᠤᠷᠤᠯᠴᠠᠵᠤ ᠠᠯᠠᠭ᠎ᠠ ᠲᠠᠰᠢᠯᠳᠠ᠂ ᠤᠷᠢᠶ᠎ᠠ ᠬᠠᠰᠬᠢᠷᠬᠤ ᠲᠠᠭᠤᠨ ᠨᠢᠵᠢᠬᠢᠨᠡᠵᠤ᠂ ᠢᠨᠢᠶᠡᠳᠤ ᠪᠠᠶᠠᠷ ᠤᠨ ᠲᠠᠭᠤ | ᠴᠠᠯᠬᠢᠯᠠᠵᠤ ᠪᠠᠶᠢᠯ᠎ᠠ᠃ ᠡᠶᠢᠨ ᠬᠦ ᠬᠤᠶᠠᠷ ᠴᠠᠭ ᠭᠠᠷᠤᠢ ᠰᠢᠷᠤᠬᠦᠨ ᠦᠷᠢᠰᠤᠯᠳᠦᠭᠰᠡᠨ ᠤ ᠳ᠋ᠦᠡᠭ ᠳᠤ ᠬᠠᠮᠳᠤ ᠪᠠ | ᠬᠤᠪᠢ ᠬᠦᠮᠦᠨ ᠤ ᠤᠷᠤᠯᠳᠤᠭᠠᠨ ᠤ ᠨᠢᠬᠡ᠂ ᠬᠤᠶᠠᠳᠤᠭᠠᠷ᠂ ᠭᠤᠷᠪᠠᠳᠤᠭᠠᠷ ᠲᠡᠰ ᠤᠨ ᠱᠠᠩᠨᠠᠯᠳᠠᠳ ᠰᠢᠯᠭᠠᠷᠠᠵᠠᠢ᠃ | ᠤᠷᠤᠯᠳᠤᠭᠠᠨ ᠳᠤ ᠤᠷᠤᠯᠴᠠᠬᠰᠠᠳ᠄ ︽ᠲᠤᠰ ᠤᠷᠤᠯᠳᠤᠭᠠᠨ ᠪᠡᠶ᠎ᠡ ᠰᠡᠳᠬᠢᠯ ᠤᠨ ᠲᠠᠷᠤᠭᠠᠰᠤ ᠶᠢ | ᠬᠦᠡᠭᠭᠡᠷᠡᠬᠦᠯᠦᠭᠰᠡᠨ ᠢᠶᠠᠷ ᠪᠠᠷᠠᠬᠤ ᠦᠬᠡᠢ ᠪᠠᠶᠠᠷ ᠬᠦᠭᠵᠢᠯᠳᠤ ᠠᠭᠤᠷ ᠠᠮᠢᠰᠬᠤᠯ ᠤᠨ ᠲᠤᠮᠳᠠ ᠪᠦᠯᠬᠦᠮᠳᠡᠯ | ᠨᠦᠬᠦᠷᠯᠡᠯ ᠢ ᠵᠤᠵᠠᠭᠠᠳᠬᠠᠪᠠ᠂ ᠬᠤᠶᠢᠰᠢᠳᠠ ᠡᠷᠡᠭᠦᠯᠵᠢᠯ ᠤᠨ ᠲᠤᠰᠠᠯᠠᠬᠤ ᠪᠠᠭᠠᠵᠢ ᠶᠢᠨ ᠦᠢᠯᠡᠰ ᠤᠨ ᠴᠢᠨᠠᠷ | ᠰᠠᠶᠢᠲᠠᠢ ᠬᠥᠭᠵᠢᠯᠲᠡ ᠳᠤ ᠨᠡᠩ ᠤᠷᠬᠢᠯᠤᠮ᠎ᠠ ᠬᠠᠯᠠᠭᠤᠨ ᠰᠡᠳᠬᠢᠯᠬᠡ ᠪᠠᠷ ᠤᠶᠤᠨ ᠴᠢᠳᠠᠯ ᠪᠠᠨ ᠰᠢᠪᠬᠠᠨ | ᠤᠷᠤᠯᠴᠠᠨ᠎ᠠ︾ ᠬᠡᠵᠡᠬᠡᠵᠤ ᠪᠠᠶᠢᠯ᠎ᠠ᠃ | |