ᠠᠷᠠᠳ ᠤᠨ ᠶᠠᠪᠤᠳᠠᠯ ᠤᠨ ᠶᠠᠮᠤᠨ | | | ᠠᠷᠠᠳ ᠤᠨ ᠶᠠᠪᠤᠳᠠᠯ ᠤᠨ ᠶᠠᠮᠤᠨ ᠤ ᠬᠢᠨ ᠤᠷᠴᠢᠮ ᠳᠤ ︽ᠬᠠᠤᠯᠢ ᠪᠤᠰᠤ ᠨᠡᠶᠢᠭᠡᠮ ᠤᠨ ᠵᠣᠬᠢᠶᠠᠨ | ᠪᠠᠶᠢᠭᠤᠯᠤᠯᠲᠠ ᠶᠢ ᠬᠦᠴᠤᠨ ᠦᠬᠡᠢ ᠪᠤᠯᠭᠠᠬᠤ ᠠᠷᠭ᠎ᠠ ︵ᠵᠠᠰᠠᠪᠤᠷᠢ ᠣᠷᠣᠭᠤᠯᠤᠭᠰᠠᠨ ᠲᠥᠰᠥᠯ ᠤᠨ ᠰᠠᠨᠠᠯ | ᠬᠤᠷᠢᠶᠠᠬᠤ ᠨᠣᠣᠷᠠᠭ︶︾ ᠶᠢ ᠳᠠᠷᠤᠮᠠᠯᠯᠠᠨ ᠲᠠᠷᠬᠠᠭᠠᠵᠤ᠂ ᠨᠡᠶᠢᠭᠡᠮ ᠲᠠᠶᠠᠭᠠᠷ ᠠᠴᠠ ᠢᠯᠡ ᠪᠠᠷ ᠰᠠᠨᠠᠯ ᠬᠤᠷᠢᠶᠠᠵᠤ | ᠪᠠᠶᠢᠨ᠎ᠠ᠃ ᠰᠠᠨᠠᠯ ᠬᠤᠷᠢᠶᠠᠬᠤ ᠨᠣᠣᠷᠠᠭ ᠲᠤ ᠬᠠᠤᠯᠢ ᠪᠤᠰᠤ ᠨᠡᠶᠢᠭᠡᠮ ᠤᠨ ᠵᠣᠬᠢᠶᠠᠨ ᠪᠠᠶᠢᠭᠤᠯᠤᠯᠲᠠ ᠶᠢᠨ ᠪᠣᠳᠠᠲᠠᠢ | ᠪᠠᠶᠢᠳᠠᠯ ᠢ ᠲᠣᠭᠲᠠᠭᠠᠵᠤ ᠬᠠᠷᠢᠶᠠᠯᠠᠯ ᠤᠨ ᠵᠠᠷᠴᠢᠮ ᠢ ᠲᠣᠳᠣᠷᠬᠠᠶᠢᠯᠠᠨ ᠬᠠᠤᠯᠢ ᠬᠡᠷᠡᠭᠵᠢᠭᠦᠯᠬᠦ ᠵᠢᠷᠤᠮ ᠢ | ᠵᠢᠷᠤᠮᠵᠢᠭᠤᠯᠤᠭᠠᠳ ᠬᠠᠤᠯᠢ ᠬᠡᠷᠡᠭᠵᠢᠭᠦᠯᠬᠦ ᠠᠷᠭ᠎ᠠ ᠶᠢ ᠴᠢᠩᠭᠠᠳᠬᠠᠪᠠ᠃ ᠰᠠᠨᠠᠯ ᠤᠨ ᠬᠠᠷᠢᠭᠤ ᠲᠤᠰᠬᠠᠯ ᠤᠨ | ᠳᠠᠭᠤᠰᠬᠤ ᠴᠠᠭ ᠨᠢ 2024 ᠣᠨ ᠤ 11 ᠳ᠋ᠤᠬᠡᠷ ᠰᠠᠷ᠎ᠠ ᠶᠢᠨ 27 ᠤ ᠡᠳᠦᠷ᠃ | | | ᠥᠪᠡᠷᠲᠡᠭᠡᠨ ᠵᠠᠰᠠᠬᠤ ᠣᠷᠣᠨ ᠤ ᠠᠷᠠᠳ ᠤᠨ ᠶᠠᠪᠤᠳᠠᠯ | | | ᠦᠪᠤᠷ ᠮᠤᠩᠭᠤᠯ ᠤᠨ ᠥᠪᠡᠷᠲᠡᠭᠡᠨ ᠵᠠᠰᠠᠬᠤ ᠣᠷᠣᠨ ᠤ ᠠᠷᠠᠳ ᠤᠨ ᠶᠠᠪᠤᠳᠠᠯ ᠤᠨ ᠲᠢᠩᠬᠢᠮ ᠵᠡᠷᠭᠡ ᠣᠯᠠᠨ | ᠰᠠᠯᠠᠭ᠎ᠠ ᠮᠥᠴᠢᠷ ᠬᠠᠮᠲᠤᠷᠠᠨ 10 ᠳ᠋ᠤᠭᠠᠷ ᠰᠠᠷ᠎ᠠ ᠶᠢᠨ 30 ᠤ ᠡᠳᠦᠷ ᠰᠣᠨᠢᠨ ᠮᠡᠳᠡᠭᠡ ᠨᠡᠶᠢᠲᠡᠯᠡᠬᠦ ᠬᠤᠷᠠᠯ ᠬᠢᠵᠦ᠂ | ᠪᠥᠬᠦ ᠣᠷᠣᠨ ᠤ ᠬᠦᠴᠢᠷᠳᠡᠯ ᠳᠤ ᠲᠤᠯᠭᠠᠷᠠᠭᠰᠠᠨ ᠬᠡᠦᠬᠡᠳ ᠢ ᠬᠠᠯᠠᠮᠵᠢᠯᠠᠨ ᠬᠠᠮᠠᠭᠠᠯᠠᠬᠤ ᠠᠵᠢᠯ ᠤᠨ ᠬᠠᠮᠤᠭ ᠤᠨ | ᠰᠢᠨ᠎ᠡ ᠠᠬᠢᠴᠠ ᠪᠠ ᠦᠷ᠎ᠡ ᠪᠦᠲᠦᠮᠵᠢ ᠶᠢ ᠨᠠᠷᠢᠨ ᠲᠠᠨᠢᠯᠴᠠᠭᠤᠯᠪᠠ᠃ ᠣᠳᠣᠬᠠᠨ ᠪᠣᠯᠲᠠᠯ᠎ᠠ ᠪᠥᠬᠦ ᠣᠷᠣᠨ ᠤ | ᠥᠨᠥᠴᠢᠨ ᠬᠡᠦᠬᠡᠳ ᠢ ᠲᠥᠪᠯᠡᠷᠡᠭᠦᠯᠦᠨ ᠥᠰᠬᠡᠨ ᠪᠣᠶᠢᠵᠢᠭᠤᠯᠬᠤ ᠳᠤᠮᠳᠠᠴᠢ ᠪᠠᠲᠤᠯᠠᠭ᠎ᠠ ᠶᠢᠨ ᠪᠠᠷᠢᠮᠵᠢᠶ᠎ᠠ ᠶᠢ | ᠬᠥᠮᠥᠨ ᠪᠦᠷᠢ ᠰᠠᠷ᠎ᠠ ᠳᠤ 2225 ᠲᠥᠭᠦᠷᠢᠭ ᠪᠣᠯᠭᠠᠵᠤ᠂ ᠲᠠᠷᠠᠬᠠᠢ ᠥᠰᠬᠡᠨ ᠪᠣᠶᠢᠵᠢᠭᠤᠯᠬᠤ ᠳᠤᠮᠳᠠᠴᠢ | ᠪᠠᠲᠤᠯᠠᠭ᠎ᠠ ᠶᠢᠨ ᠪᠠᠷᠢᠮᠵᠢᠶ᠎ᠠ ᠶᠢ ᠬᠥᠮᠥᠨ ᠪᠦᠷᠢ ᠰᠠᠷ᠎ᠠ ᠳᠤ 1880 ᠲᠥᠭᠦᠷᠢᠭ ᠪᠤᠯᠭᠠᠭᠠᠳ 1602 ᠥᠨᠥᠴᠢᠨ | ᠬᠡᠦᠬᠡᠳ ᠪᠠ ᠪᠣᠳᠠᠲᠠᠢ ᠠᠰᠠᠷᠠᠨ ᠲᠡᠵᠢᠭᠡᠬᠦ ᠬᠥᠮᠥᠨ ᠦᠭᠡᠢ 5361 ᠬᠡᠦᠬᠡᠳ ᠤᠨ ᠦᠨᠳᠦᠰᠦᠨ ᠠᠮᠢᠳᠤᠷᠠᠯ ᠤᠨ | ᠪᠠᠲᠤᠯᠠᠭ᠎ᠠ ᠶᠢᠨ ᠡᠷᠬᠡ ᠠᠰᠢᠭ ᠢ ᠪᠦᠲᠦᠮᠵᠢᠲᠡᠶ ᠪᠠᠲᠤᠯᠠᠪᠠ᠃ | | | ᠨᠠᠰᠤᠲᠠᠶᠢᠴᠤᠳ ᠤᠨ ᠠᠵᠢᠯ | | | ᠤᠯᠠᠭᠠᠨᠬᠠᠳᠠ ᠬᠤᠲᠠ ᠶᠢᠨ ᠬᠢᠨ ᠤᠷᠴᠢᠮ ᠳᠤ 2024 ᠣᠨ ᠤ ᠨᠠᠰᠤᠲᠠᠶᠢᠴᠤᠳ ᠤᠨ ᠠᠵᠢᠯ ᠤᠨ | ᠵᠥᠪᠯᠡᠯ ᠤᠨ ᠠᠩᠬᠠᠳᠤᠭᠠᠷ ᠤᠳᠠᠭᠠᠨ ᠤ ᠠᠵᠢᠯ ᠤᠨ ᠬᠤᠷᠠᠯ ᠬᠤᠷᠠᠯᠳᠤᠭᠤᠯᠪᠠ᠃ ᠪᠥᠬᠦ ᠬᠤᠲᠠ ᠶᠢᠨ ᠨᠠᠰᠤᠵᠢᠯ ᠤᠨ | ᠠᠰᠠᠷᠠᠮᠵᠢ ᠶᠢᠨ ᠦᠢᠯᠡᠴᠢᠯᠡᠭᠡᠨ ᠤ ᠬᠠᠩᠭᠠᠯᠭ᠎ᠠ ᠶᠢᠨ ᠪᠠᠶᠢᠷᠢᠰᠢᠯ ᠢ ᠲᠡᠭᠦᠯᠳᠡᠷᠵᠢᠭᠦᠯᠬᠦ᠂ ︽ᠢ ᠶᠠᠩ ᠤᠯᠠᠭᠠᠨᠬᠠᠳᠠ︾ | ᠶᠢᠨ ᠵᠢᠭᠤᠯᠴᠢᠯᠠᠨ ᠰᠠᠭᠤᠬᠤ ᠪᠠ ᠠᠰᠠᠷᠠᠨ ᠲᠡᠵᠢᠭᠡᠬᠦ ᠨᠠᠷᠠᠲᠤ ᠲᠥᠷᠥᠯ ᠲᠡᠮᠳᠡᠭᠲᠦ ᠶᠢ ᠰᠢᠨ᠎ᠡ ᠪᠠᠷ ᠡᠭᠦᠳᠬᠦ᠂ | ᠨᠠᠰᠤᠲᠠᠶᠢᠴᠤᠳ ᠤᠨ ᠨᠥᠬᠦᠷᠰᠡᠭ ᠬᠡᠯᠪᠡᠷᠢ ᠶᠢᠨ ᠨᠡᠶᠢᠭᠡᠮ ᠲᠣᠭᠤᠷᠢᠭ ᠢ ᠡᠭᠦᠳᠦᠨ ᠪᠠᠶᠢᠭᠤᠯᠬᠤ ᠵᠡᠷᠭᠡ ᠠᠵᠢᠯ ᠳᠤ | ᠴᠢᠭᠯᠡᠭᠦᠯᠦᠨ ᠭᠦᠨᠵᠡᠭᠡᠢ ᠰᠤᠳᠤᠯᠤᠨ ᠶᠠᠷᠢᠯᠴᠠᠪᠠ᠃ ᠡᠭᠦᠨ ᠤ ᠬᠠᠮᠲᠤ ᠨᠠᠰᠤᠲᠠᠶᠢᠴᠤᠳ ᠤᠨ ᠠᠵᠢᠯ ᠤᠨ ᠪᠠᠶᠢᠭᠤᠯᠤᠯ | ᠲᠣᠭᠲᠠᠴᠠ ᠶᠢ ᠪᠠᠶᠢᠭᠤᠯᠤᠨ ᠲᠡᠭᠦᠯᠳᠡᠷᠵᠢᠭᠦᠯᠬᠦ᠂ ᠨᠠᠰᠤᠵᠢᠯ ᠤᠨ ᠦᠨᠳᠦᠰᠦᠨ ᠠᠰᠠᠷᠠᠮᠵᠢ ᠶᠢᠨ ᠦᠢᠯᠡᠴᠢᠯᠡᠭᠡᠨ ᠤ | ᠲᠣᠳᠣᠷᠬᠠᠢ ᠬᠠᠭᠤᠳᠠᠰᠤ ᠶᠢᠨ ᠳᠦᠷᠢᠮ ᠢ ᠲᠡᠭᠦᠯᠳᠡᠷᠵᠢᠭᠦᠯᠬᠦ᠂ ᠠᠮᠢᠳᠤᠷᠠᠯ ᠤᠨ ᠨᠠᠭᠠᠲᠤ ᠵᠠᠬ᠎ᠠ ᠶᠢᠨ ᠪᠠᠲᠤᠯᠠᠭ᠎ᠠ ᠶᠢᠨ | ᠳᠦᠷᠢᠮ ᠢ ᠲᠡᠭᠦᠯᠳᠡᠷᠵᠢᠭᠦᠯᠬᠦ᠂ ᠨᠠᠰᠤᠲᠠᠶᠢᠴᠤᠳ ᠤᠨ ᠡᠷᠬᠡ ᠠᠰᠢᠭ ᠤᠨ ᠪᠠᠲᠤᠯᠠᠭ᠎ᠠ ᠶᠢ ᠦᠷᠭᠦᠯᠵᠢᠯᠡᠨ | ᠴᠢᠩᠭᠠᠳᠬᠠᠬᠤ ᠲᠠᠯ᠎ᠠ ᠪᠠᠷ ᠬᠠᠮᠲᠤ ᠶᠢᠨ ᠲᠠᠨᠢᠯᠳᠠ ᠲᠠᠢ ᠪᠤᠯᠤᠬᠰᠠᠨ ᠪᠠᠶᠢᠨ᠎ᠠ᠃ | | | ᠬᠡᠦᠬᠡᠳ ᠤᠨ ᠠᠰᠠᠷᠠᠮᠵᠢ | | | ᠪᠠᠶᠠᠨᠨᠠᠭᠤᠷ ᠤᠨ ᠬᠤᠲᠠ ᠶᠢᠨ ᠠᠷᠠᠳ ᠤᠨ ᠶᠠᠪᠤᠳᠠᠯ ᠤᠨ ᠲᠣᠪᠴᠢᠶ᠎ᠠ ᠶᠢᠨ ᠬᠢᠨ ︽ᠥᠨᠥᠴᠢᠨ ᠬᠡᠦᠬᠡᠳ ᠤᠨ | ᠬᠦᠰᠡᠯ ᠢ ᠲᠡᠷᠭᠡᠯᠰᠢᠭᠦᠯᠬᠦ︾ ᠰᠤᠷᠤᠯᠭ᠎ᠠ ᠶᠢᠨ ᠲᠡᠳᠬᠦᠮᠵᠢ ᠶᠢᠨ ᠲᠥᠷᠥᠯ ᠵᠦᠢᠯ ᠢ ᠵᠠᠷᠯᠠᠨ ᠨᠡᠶᠢᠲᠡᠯᠡᠪᠡ᠃ ᠣᠲᠣ | ᠪᠣᠯᠲᠠᠯ᠎ᠠ ᠪᠥᠬᠦ ᠬᠤᠲᠠ ᠳᠤ 20 ᠥᠨᠥᠴᠢᠨ ᠬᠡᠦᠬᠡᠳ 12.27 ᠲᠦᠮᠡᠨ ᠲᠥᠭᠦᠷᠢᠭ ᠤᠨ ᠰᠤᠷᠤᠯᠭ᠎ᠠ ᠶᠢᠨ | ᠲᠡᠳᠬᠦᠮᠵᠢ ᠶᠢᠨ ᠮᠥᠩᠭᠦ ᠭᠥᠷᠳᠡᠵᠦ᠂ ᠰᠤᠷᠤᠯᠭ᠎ᠠ ᠶᠢᠨ ᠲᠡᠳᠬᠦᠮᠵᠢ ᠶᠢᠨ ᠮᠥᠩᠭᠦ ᠶᠢ ᠪᠦᠬᠦᠨ ᠢ ᠴᠠᠭ ᠲᠤᠬᠠᠢ ᠳᠤ | ᠨᠢ ᠲᠤᠭ᠎ᠠ ᠶᠣᠰᠣᠭᠠᠷ ᠨᠢ ᠲᠦᠬᠡᠬᠡᠯᠡ᠃ | | | ᠨᠢᠬᠦᠯᠡᠰᠤᠩᠭᠦᠢ ᠶᠢᠨ ᠦᠢᠯᠡᠰ | | | ᠬᠥᠯᠥᠨ ᠪᠤᠶᠢᠷ ᠬᠤᠲᠠ ᠶᠢᠨ ᠬᠢᠨ ᠡᠷᠡᠭᠦᠯᠵᠢᠯ ᠤᠨ ᠲᠤᠰᠠᠯᠠᠬᠤ ᠪᠠᠭᠠᠵᠢ ᠶᠢᠨ ᠬᠡᠷᠡᠭᠴᠡᠭᠡ ᠶᠢ ᠰᠢᠭᠰᠢᠨ | ᠪᠠᠶᠢᠴᠠᠭᠠᠬᠤ ᠠᠵᠢᠯ ᠢ ᠢᠳᠡᠪᠬᠢᠲᠡᠢ ᠦᠷᠨᠢᠬᠦᠯᠤᠬᠡᠳ ᠦᠨᠤ ᠵᠢᠯ13 ᠬᠤᠰᠢᠭᠤ ᠬᠤᠳᠠ ᠶᠢᠨ ᠲᠣᠭᠤᠷᠢᠭ ᠢ | ᠰᠢᠭᠰᠢᠨ ᠪᠠᠶᠢᠴᠠᠭᠠᠵᠤ᠂ ᠪᠦᠷᠬᠦᠴᠡ ᠶᠢᠨ ᠨᠤᠷᠮ᠎ᠠ ᠨᠢ 100% ᠳᠤ ᠬᠦᠷᠴᠦ᠂ 24 ᠬᠥᠮᠥᠨ ᠬᠢᠮᠡᠯ ᠮᠥᠴᠢ | ᠵᠦᠭᠰᠢᠷᠡᠬᠦᠯᠬᠦ ᠪᠠᠭᠠᠵᠢ ᠲᠠᠭᠠᠷᠠᠭᠤᠯᠵᠤ ᠂ ᠬᠦᠮᠦᠨ ᠳᠤ 10 ᠬᠢᠮᠡᠯ ᠨᠢᠳᠦ ᠲᠠᠭᠠᠷᠠᠭᠤᠯᠤᠨ᠂ ᠬᠦᠷᠳᠦᠲᠦ ᠰᠠᠨᠳᠠᠯᠢ | 340 ᠂᠂ᠬᠠᠷᠠᠭ᠎ᠠ ᠳᠤ ᠲᠤᠰᠠᠯᠠᠬᠤ ᠪᠠᠭᠠᠵᠢ 54 ᠂ ᠠᠮᠢᠳᠤᠷᠠᠯ ᠤᠨ ᠥᠪᠡᠷ ᠢᠶᠠᠨ ᠲᠤᠰᠠᠯᠠᠬᠤ ᠪᠠᠭᠠᠵᠢ ᠶᠢ54 | ᠲᠣᠬᠢᠷᠠᠭᠤᠯᠵᠤ᠂ ᠪᠦᠬᠦ ᠬᠤᠳᠠ ᠶᠢᠨ ᠬᠦᠴᠢᠷᠳᠡᠯᠲᠡᠢ ᠵᠡᠮᠳᠡᠭᠴᠦᠳ ᠲᠤ ᠨᠠᠷᠢᠯᠢᠭ ᠣᠨᠣᠪᠴᠢᠲᠠᠢ᠂ ᠲᠤᠰᠬᠠᠶᠢᠵᠢᠭᠰᠠᠨ | ᠪᠠ ᠥᠪᠡᠷᠮᠢᠴᠡᠵᠢᠭᠰᠡᠨ ᠲᠤᠰᠠᠯᠠᠬᠤ ᠪᠠᠭᠠᠵᠢ ᠬᠡᠷᠡᠭᠰᠡᠯ ᠢ ᠲᠣᠬᠢᠷᠠᠭᠤᠯᠬᠤ ᠦᠢᠯᠡᠴᠢᠯᠡᠭᠡ ᠬᠠᠩᠭᠠᠵᠠᠢ᠃ | |