ᠶᠤᠸᠠᠨ ᠪᠦᠦ ᠱᠠᠨ ᠲᠤᠭᠤᠷᠢᠭ ᠤᠨ 30.26 ᠲᠦᠮᠡ ᠬᠦᠮᠦᠨ ᠤ ᠳᠣᠲᠣᠷ᠎ᠠ 60 ᠨᠠᠰᠤᠨ ᠠᠴᠠ ᠳᠡᠭᠡᠭᠰᠢᠬᠢ | ᠨᠠᠰᠤᠲᠠᠶᠢᠴᠤᠳ 7.42 ᠲᠦᠮᠡ᠂ ᠪᠥᠬᠦ ᠬᠥᠮᠥᠨ ᠤ 24.5% ᠶᠢ ᠡᠵᠡᠯᠡᠵᠦ᠂ ᠨᠠᠰᠤᠵᠢᠯ ᠤᠨ ᠬᠡᠮᠵᠢᠶ᠎ᠡ | ᠨᠡᠯᠢᠶᠡᠳ ᠥᠨᠳᠥᠷ ᠲᠤ ᠪᠠᠭᠳᠠᠬᠤ ᠶᠤᠮ᠃ ᠶᠤᠸᠠᠨ ᠪᠦᠦ ᠱᠠᠨ ᠲᠣᠭᠤᠷᠢᠭ ᠤᠨ ᠬᠢᠨ ᠤᠷᠴᠢᠮ ᠤᠨ ᠵᠢᠯ ᠳᠤ | ᠨᠠᠰᠤᠵᠢᠯ ᠤᠨ ᠠᠰᠠᠷᠠᠮᠵᠢ ᠶᠢᠨ ᠦᠢᠯᠡᠴᠢᠯᠡᠭᠡᠨ ᠤ ᠬᠥᠭᠵᠢᠯᠲᠡ ᠶᠢ ᠢᠮᠠᠭᠲᠠ ᠲᠣᠪᠣᠶᠢᠮ᠎ᠠ ᠪᠠᠶᠢᠷᠢᠨ ᠳᠤ ᠲᠠᠯᠪᠢᠵᠤ᠂ | ᠵᠠᠰᠠᠭ ᠤᠨ ᠣᠷᠳᠣᠨ ᠢᠶᠠᠷ ᠭᠤᠣᠯᠯᠠᠭᠤᠯᠬᠤ᠂ ᠰᠠᠯᠠᠭ᠎ᠠ ᠮᠥᠴᠢᠷ ᠤᠳ ᠬᠠᠷᠢᠭᠤᠴᠠᠬᠤ᠂ ᠨᠡᠶᠢᠭᠡᠮ ᠢᠶᠠᠷ ᠢᠶᠠᠨ | ᠣᠷᠣᠯᠴᠠᠬᠤ᠂ ᠵᠠᠬ᠎ᠠ ᠳᠡᠯᠭᠡᠭᠦᠷ ᠢᠶᠠᠷ ᠠᠵᠢᠯᠯᠠᠭᠤᠯᠬᠤ ᠨᠠᠰᠤᠵᠢᠯ ᠤᠨ ᠦᠢᠯᠡᠴᠢᠯᠡᠭᠡᠨ ᠤ ᠠᠵᠢᠯ ᠤᠨ ᠲᠣᠭᠲᠠᠴᠠ ᠶᠢ | ᠬᠦᠴᠦᠯᠡᠨ ᠪᠦᠷᠢᠨᠰᠢᠭᠦᠯᠵᠦ᠂ ᠨᠠᠰᠤᠵᠢᠯ ᠤᠨ ᠪᠠᠲᠤᠯᠠᠭ᠎ᠠ ᠶᠢᠨ ᠰᠢᠰᠲ᠋ᠧᠮ ᠢ ᠲᠡᠬᠦᠯᠳᠡᠷᠵᠢᠬᠦᠯᠤᠨ ᠨᠠᠰᠤᠵᠢᠯ ᠤᠨ | ᠦᠢᠯᠡᠴᠢᠯᠡᠭᠡᠨ ᠤ ᠲᠦᠪᠰᠢᠨ ᠢ ᠶᠢ ᠲᠠᠰᠤᠷᠠᠯᠲᠠ ᠦᠭᠡᠢ ᠳᠡᠭᠡᠭᠰᠢᠯᠡᠭᠦᠯᠵᠦ᠂ ᠪᠥᠬᠦ ᠨᠠᠰᠤᠲᠠᠶᠢᠴᠤᠳ ᠲᠤ | ᠦᠨᠳᠦᠰᠦᠨ ᠨᠠᠰᠤᠵᠢᠯ ᠤᠨ ᠦᠢᠯᠡᠴᠢᠯᠡᠭᠡᠨ ᠢ ᠡᠳ᠋ᠯᠡᠭᠦᠯᠬᠦ ᠠᠵᠢᠯ ᠢ ᠠᠬᠢᠭᠤᠯᠤᠨ᠂ ᠨᠠᠰᠤᠵᠢᠯ ᠤᠨ ᠦᠢᠯᠡᠴᠢᠯᠡᠭᠡᠨ ᠢ | ︽ᠪᠠᠲᠤᠯᠠᠭ᠎ᠠ ᠲᠠᠢ︾ ᠪᠠᠶᠢᠭᠰᠠᠨ ᠠᠴᠠ ︽ᠶᠠᠰᠤ ᠴᠢᠨᠠᠷ ᠰᠠᠶᠢᠳᠠᠢ︾ ᠪᠣᠯᠭᠠᠨ ᠬᠤᠪᠢᠷᠠᠭᠤᠯᠪᠠ᠃ | | | ᠨᠠᠰᠤᠲᠠᠶᠢᠴᠤᠳ ᠲᠤ ᠠᠩᠬᠠᠷᠤᠯ ᠢᠶᠠᠨ ᠲᠥᠪᠯᠡᠷᠡᠭᠦᠯᠵᠦ ᠨᠠᠰᠤᠵᠢᠯ ᠤᠨ ᠠᠰᠠᠷᠠᠮᠵᠢ ᠶᠢᠨ ᠦᠨᠳᠤᠰᠤᠨ ᠬᠤᠷᠢᠭ᠎ᠠ ᠶᠢ | ᠴᠢᠷᠮᠠᠶᠢᠨ ᠪᠠᠳᠤᠯᠠᠪᠠ | | ᠨᠠᠰᠤᠵᠢᠯ ᠤᠨ ᠠᠰᠠᠷᠠᠮᠵᠢ ᠶᠢᠨ ᠦᠢᠯᠡᠴᠢᠯᠡᠭᠡ ᠶᠢ ᠬᠤᠲᠠ ᠬᠥᠳᠡᠭᠡ ᠶᠢᠨ ᠲᠤᠰᠠᠯᠠᠮᠵᠢ ᠶᠢᠨ ᠰᠢᠰᠲ᠋ᠧᠮ ᠳᠤ | ᠣᠷᠣᠭᠤᠯᠵᠤ᠂ ︽ᠨᠠᠭᠠᠲᠤ ᠵᠠᠬ᠎ᠠ ᠶᠢᠨ ᠬᠤᠷᠢᠭ᠎ᠠ ᠱᠤᠭᠤᠮ ᠢ ᠪᠠᠲᠤᠯᠠᠬᠤ︾ ᠶᠢ ᠪᠠᠷᠢᠮᠲᠠᠯᠠᠨ ᠠᠷᠠᠳ ᠤᠨ | ᠶᠠᠪᠤᠳᠠᠯ ᠢᠶᠠᠷ ᠠᠷᠠᠳ ᠲᠤ ᠠᠰᠢᠭ ᠬᠦᠷᠲᠡᠭᠡᠬᠦ ᠨᠠᠰᠤᠵᠢᠯ ᠤᠨ ᠠᠰᠠᠷᠠᠮᠵᠢ ᠶᠢᠨ ᠨᠦᠮᠦᠷᠢ ᠶᠢ ᠪᠠᠶᠢᠭᠤᠯᠪᠠ᠃ ᠨᠢᠬᠡ | ᠳᠤ᠂ ᠦᠨᠳᠦᠰᠦᠨ ᠨᠠᠰᠤᠵᠢᠯ ᠤᠨ ᠠᠰᠠᠷᠠᠮᠵᠢ ᠶᠢᠨ ᠦᠢᠯᠡᠴᠢᠯᠡᠭᠡᠨ ᠤ ᠨᠥᠬᠦᠪᠦᠷᠢ ᠬᠢᠭᠡᠳ ᠨᠠᠭᠠᠲᠤ ᠵᠠᠬ᠎ᠠ ᠶᠢᠨ | ᠠᠮᠢᠳᠤᠷᠠᠯ ᠤᠨ ᠪᠠᠲᠤᠯᠠᠭ᠎ᠠ᠂ ᠣᠨᠴᠠ ᠬᠦᠴᠢᠷᠳᠡᠯᠲᠡᠢ ᠪᠠᠶᠢᠳᠠᠯ ᠵᠡᠷᠭᠡ ᠨᠡᠶᠢᠭᠡᠮ ᠤᠨ ᠲᠤᠰᠠᠯᠠᠮᠵᠢ ᠶᠢᠨ ᠲᠥᠷᠥ ᠶᠢᠨ | ᠪᠣᠳᠣᠯᠭ᠎ᠠ ᠶᠢ ᠪᠦᠲᠦᠮᠵᠢᠲᠡᠶ ᠵᠣᠯᠭᠠᠭᠤᠯᠵᠤ᠂ ᠥᠪᠡᠷᠲᠡᠭᠡᠨ ᠵᠠᠰᠠᠬᠤ ᠣᠷᠣᠨ᠂ ᠠᠶᠢᠮᠠᠭ ᠬᠤᠲᠠ᠂ ᠬᠤᠰᠢᠭᠤ ᠰᠢᠶᠠᠨ | ᠲᠣᠭᠤᠷᠢᠭ ᠭᠤᠷᠪᠠᠨ ᠱᠠᠲᠤᠨ ᠤ ᠦᠨᠳᠦᠰᠦᠨ ᠨᠠᠰᠤᠵᠢᠯ ᠤᠨ ᠠᠰᠠᠷᠠᠮᠵᠢ ᠶᠢᠨ ᠦᠢᠯᠡᠴᠢᠯᠡᠭᠡᠨ ᠤ ᠵᠠᠷᠤᠳᠠᠯ ᠤᠨ | ᠪᠠᠲᠤᠯᠠᠭ᠎ᠠ ᠶᠢᠨ ᠲᠣᠭᠲᠠᠴᠠ ᠶᠢ ᠴᠢᠩᠭ᠎ᠠ ᠨᠠᠶᠢᠳᠠᠪᠤᠷᠢᠵᠢᠭᠤᠯᠪᠠ᠃ ᠦᠳᠡᠬᠦᠰ ᠤᠨ ᠨᠦᠬᠦᠪᠤᠷᠢ᠂ ᠠᠵᠤ | ᠠᠬᠤᠢ ᠶᠢᠨ ᠬᠦᠴᠢᠷᠳᠡᠯ ᠲᠠᠢ ᠨᠠᠰᠤᠲᠠᠶᠢᠴᠤᠳ ᠤᠨ ᠨᠠᠰᠤᠵᠢᠯ ᠤᠨ ᠦᠢᠯᠡᠴᠢᠯᠡᠭᠡᠨ ᠤ ᠨᠥᠬᠦᠪᠦᠷᠢ ᠶᠢ ᠥᠪᠡᠷᠲᠡᠭᠡᠨ | ᠵᠠᠰᠠᠬᠤ ᠣᠷᠣᠨ ᠠᠴᠠ 70% ᠶᠢ ᠬᠠᠨᠭ᠍ᠭᠠᠪᠠ᠃ ᠪᠦᠬᠦᠯᠢ 100 ᠨᠠᠰᠤ ᠪᠠ ᠲᠡᠭᠦᠨ ᠠᠴᠠ ᠳᠡᠭᠡᠭᠰᠢᠬᠢ | ᠨᠠᠰᠤᠲᠠᠶᠢᠴᠤᠳ ᠤᠨ ᠦᠳᠡᠬᠦᠰ ᠤᠨ ᠨᠦᠬᠦᠪᠤᠷᠢ ᠶᠢᠨ ᠪᠡᠯᠡ ᠮᠥᠩᠭᠦ ᠶᠢ ᠥᠪᠡᠷᠲᠡᠭᠡᠨ ᠵᠠᠰᠠᠬᠤ ᠣᠷᠣᠨ ᠤ ᠲᠣᠰ | ᠱᠠᠲᠤᠨ ᠤ ᠪᠡᠯᠡ ᠮᠥᠩᠭᠦ ᠠᠴᠠ ᠪᠦᠬᠦᠨ ᠢ ᠬᠠᠷᠢᠭᠤᠴᠠᠪᠠ᠃ ᠠᠮᠢᠳᠤᠷᠠᠯ ᠢᠶᠠᠨ ᠥᠪᠡᠷ ᠢᠶᠠᠨ ᠠᠷᠭᠠᠴᠠᠭᠠᠵᠤ ᠳᠡᠶᠢᠯᠬᠦ | ᠦᠭᠡᠢ ᠭᠡᠵᠦ ᠲᠤᠬᠳᠠᠭᠠᠬᠰᠠᠨ ᠠᠵᠤ ᠠᠬᠤᠢ ᠶᠢᠨ ᠬᠦᠴᠢᠷᠳᠡᠯ ᠲᠠᠢ ᠨᠠᠰᠤᠲᠠᠶᠢᠴᠤᠳ ᠢ ᠠᠰᠠᠷᠠᠨ ᠰᠤᠪᠢᠯᠠᠬᠤ | ᠨᠥᠬᠦᠪᠦᠷᠢ ᠶᠢᠨ ᠲᠣᠰ ᠱᠠᠲᠤᠨ ᠤ ᠢᠵᠢ ᠪᠦᠷᠢᠳᠦᠭᠦᠯᠬᠦ ᠪᠡᠯᠡ ᠮᠥᠩᠭᠦ ᠶᠢᠨ 70% ᠶᠢ ᠲᠤᠬᠢᠷᠠᠭᠤᠯᠪᠠ᠃ | 2024 ᠣᠨ ᠠᠴᠠ ᠨᠠᠭᠠᠰᠢ ᠦᠳᠡᠬᠦᠰ ᠤᠨ ᠨᠦᠬᠦᠪᠤᠷᠢ 1063.09 ᠲᠦᠮᠡᠨ ᠲᠥᠭᠦᠷᠢᠭ᠂ ᠠᠵᠤ ᠠᠬᠤᠢ ᠶᠢᠨ | ᠬᠦᠴᠢᠷᠳᠡᠯ ᠲᠠᠢ ᠨᠠᠰᠤᠲᠠᠶᠢᠴᠤᠳ ᠤᠨ ᠨᠠᠰᠤᠵᠢᠯ ᠤᠨ ᠠᠰᠠᠷᠠᠮᠵᠢ ᠶᠢᠨ ᠦᠢᠯᠡᠴᠢᠯᠡᠭᠡᠨ ᠤ ᠨᠥᠬᠦᠪᠦᠷᠢ 103.91 | ᠲᠦᠮᠡᠨ ᠲᠥᠭᠦᠷᠢᠭ ᠣᠯᠭᠤᠵᠤ᠂ ᠠᠮᠢᠳᠤᠷᠠᠯ ᠢᠶᠠᠨ ᠥᠪᠡᠷ ᠢᠶᠠᠨ ᠠᠷᠭᠠᠴᠠᠭᠠᠵᠤ ᠳᠡᠶᠢᠯᠬᠦ ᠦᠭᠡᠢ ᠭᠡᠵᠦ ᠮᠠᠭᠠᠳᠯᠠᠨ | ᠲᠣᠭᠲᠠᠭᠠᠭᠰᠠᠨ ᠨᠠᠰᠤᠲᠠᠶᠢᠴᠤᠳ ᠤᠨ ᠰᠤᠪᠢᠯᠠᠯᠲᠠ ᠶᠢᠨ ᠨᠥᠬᠦᠪᠦᠷᠢ 11.095 ᠲᠦᠮᠡᠨ ᠲᠥᠭᠦᠷᠢᠭ ᠣᠯᠭᠤᠵᠠᠢ᠃ | ᠪᠥᠬᠦ ᠣᠷᠣᠨ ᠤ 1415 ᠵᠡᠮᠳᠡᠭ ᠨᠠᠰᠤᠲᠠᠨ ᠳᠤ ᠨᠡᠶᠢᠲᠡ 155.65 ᠲᠦᠮᠡᠨ ᠲᠥᠭᠦᠷᠢᠭ ᠤᠨ ᠠᠮᠢᠳᠤᠷᠠᠯ ᠤᠨ | ᠨᠥᠬᠦᠪᠦᠷᠢ ᠶᠢᠨ ᠪᠡᠯᠡ ᠮᠥᠩᠭᠦ ᠣᠯᠭᠤᠵᠤ᠂ 1784 ᠨᠤᠴᠢᠳᠠᠢ ᠵᠡᠮᠳᠡᠭ ᠨᠠᠰᠤᠲᠠᠨ ᠳᠤ 296.24 ᠲᠦᠮᠡᠨ | ᠲᠥᠭᠦᠷᠢᠭ ᠤᠨ ᠰᠤᠪᠢᠯᠠᠯᠲᠠ ᠶᠢᠨ ᠨᠥᠬᠦᠪᠦᠷᠢ ᠣᠯᠭᠤᠪᠠ᠃ | ᠬᠤᠶᠠᠷ ᠲᠤ᠂ ᠪᠥᠬᠦ ᠣᠷᠣᠨ ᠤ ᠪᠦᠬᠦᠯᠢ 60 ᠨᠠᠰᠤᠨ ᠠᠴᠠ ᠳᠡᠭᠡᠭᠰᠢᠬᠢ ᠨᠠᠰᠤᠲᠠᠶᠢᠴᠤᠳ ᠲᠤ | ᠨᠠᠰᠤᠲᠠᠶᠢᠴᠤᠳ ᠤᠨ ᠠᠳᠡᠯ ᠤᠨ ᠭᠡᠮᠲᠦᠯ ᠤᠨ ᠳᠠᠭᠠᠳᠬᠠᠯ ᠳᠠᠭᠠᠳᠬᠠᠭᠤᠯᠵᠤ᠂ ᠨᠠᠰᠤᠵᠢᠯ ᠤᠨ ᠠᠰᠠᠷᠠᠮᠵᠢ ᠶᠢᠨ | ᠪᠠᠶᠢᠭᠤᠯᠤᠮᠵᠢ ᠳᠤ ᠣᠷᠣᠵᠤ ᠰᠠᠭᠤᠭᠰᠠᠨ ᠨᠠᠰᠤᠲᠠᠶᠢᠴᠤᠳ ᠲᠤ ᠳᠠᠭᠠᠳᠬᠠᠯ ᠤᠨ ᠪᠠᠶᠢᠭᠤᠯᠤᠮᠵᠢ ᠶᠢᠨ ᠠᠳᠡᠯ ᠤᠨ | ᠰᠢᠷᠬᠠᠳᠤᠯ ᠳᠤ ᠡᠷᠦᠬᠡ ᠶᠢᠨ ᠳᠣᠲᠣᠨ᠎ᠠ ᠭᠠᠳᠠᠨ᠎ᠠ ᠪᠠ ᠣᠯᠠᠨ ᠨᠡᠶᠢᠲᠡ ᠶᠢᠨ ᠲᠠᠯᠠᠪᠤᠷ ᠲᠤ ᠡᠭᠦᠰᠦᠭᠰᠡᠨ ᠠᠳᠡᠯ ᠤᠨ | ᠰᠢᠷᠬᠠᠲᠤᠯ ︵ᠵᠢᠱᠢᠶᠡᠯᠡᠪᠡᠯ ᠶᠠᠭᠤᠮ᠎ᠠ ᠬᠡᠤᠮ᠎ᠠ ᠲᠠᠢ ᠮᠥᠷᠭᠦᠬᠦ᠂ ᠲᠡᠬᠡᠷ᠎ᠡ ᠠᠴᠠ ᠨᠢ ᠶᠠᠭᠤᠮ᠎ᠠ ᠤᠨᠠᠬᠤ᠂ ᠣᠶᠢᠴᠢᠬᠤ᠂ | ᠴᠠᠬᠢᠯᠭᠠᠨ ᠳᠤ ᠴᠣᠬᠢᠭᠳᠠᠬᠤ᠂ ᠤᠰᠤᠨ ᠳᠤ ᠴᠠᠴᠠᠬᠤ ᠵᠡᠷᠭᠡ︶ ᠪᠠ ᠵᠠᠮ ᠬᠠᠷᠢᠯᠴᠠᠭᠠᠨ ᠤ ᠪᠠᠭᠠᠵᠢ ᠳᠤ ᠰᠠᠭᠤᠬᠤ᠂ | ᠣᠯᠠᠨ ᠨᠡᠶᠢᠲᠡ ᠶᠢᠨ ᠲᠠᠯᠠᠪᠤᠷ ᠤᠨ ᠠᠵᠢᠯᠯᠠᠭ᠎ᠠ ᠳᠤ ᠣᠷᠣᠯᠴᠠᠬᠤ᠂ ᠨᠠᠰᠤᠲᠠᠨ ᠢ ᠠᠰᠠᠷᠠᠬᠤ ᠬᠦᠷᠢᠶᠡᠯᠡᠩ ᠳᠤ | ᠰᠠᠭᠤᠬᠤ᠂ ᠭᠠᠳᠠᠭᠰᠢ ᠭᠠᠷᠴᠤ ᠵᠢᠭᠤᠯᠴᠢᠯᠠᠬᠤ᠂ ᠬᠡᠪ ᠤᠨ ᠦᠢᠯᠡᠳᠪᠦᠷᠢᠯᠡᠯ ᠤᠨ ᠠᠵᠢᠯᠯᠠᠭ᠎ᠠ ᠶᠢᠨ ᠶᠠᠪᠤᠴᠠ ᠳᠤ | ᠡᠭᠦᠰᠦᠭᠰᠡᠨ ᠠᠳᠡᠯ ᠤᠨ ᠰᠢᠷᠬᠠᠲᠤᠯ ᠪᠠᠭᠲᠠᠨ᠎ᠠ᠃ ᠨᠠᠰᠤᠲᠠᠶᠢᠴᠤᠳ ᠪᠠ ᠲᠡᠳᠡᠨ ᠤ ᠭᠡᠷ ᠪᠦᠯᠢ ᠶᠢᠨ ᠠᠶᠤᠯ | ᠲᠦᠭᠰᠢᠭᠦᠷᠢ ᠶᠢ ᠠᠷᠭᠠᠴᠠᠭᠠᠬᠤ ᠴᠢᠳᠠᠪᠤᠷᠢ ᠶᠢ ᠤᠯᠠᠮ ᠳᠡᠭᠡᠭᠰᠢᠯᠡᠭᠦᠯᠵᠦ᠂ ᠨᠠᠰᠤᠲᠠᠶᠢᠴᠤᠳ ᠤᠨ ᠡᠷᠬᠡ ᠠᠰᠢᠭ ᠢ | ᠬᠠᠮᠤᠭ ᠤᠨ ᠶᠡᠭᠡ ᠬᠡᠮᠵᠢᠶ᠎ᠡ ᠪᠠᠷ ᠪᠠᠲᠤᠯᠠᠪᠠ᠃ | | | ᠰᠦᠯᠵᠢᠶᠡᠨ ᠤ ᠪᠠᠶᠢᠭᠤᠯᠤᠯᠲᠠ ᠳᠤ ᠠᠩᠬᠠᠷᠤᠯ ᠢᠶᠠᠨ ᠲᠥᠪᠯᠡᠷᠡᠭᠦᠯᠵᠦ ᠨᠠᠰᠤᠵᠢᠯ ᠤᠨ ᠠᠰᠠᠷᠠᠮᠵᠢ ᠶᠢᠨ ᠬᠠᠨᠭ᠍ᠭᠠᠯᠭ᠎ᠠ | ᠶᠢᠨ ᠴᠢᠳᠠᠮᠵᠢ ᠶᠢ ᠲᠡᠭᠡᠭᠰᠢᠯᠡᠬᠦᠯᠪᠡ | | ᠨᠠᠰᠤᠵᠢᠯ ᠤᠨ ᠦᠢᠯᠡᠴᠢᠯᠡᠭᠡᠨ ᠤ ᠲᠦᠬᠦᠬᠡᠷᠤᠮᠵᠢ ᠶᠢᠨ ᠪᠦᠲᠦᠭᠡᠨ ᠪᠠᠶᠢᠭᠤᠯᠤᠯᠲᠠ ᠶᠢ ᠶᠤᠸᠠᠨ ᠪᠦᠦ ᠱᠠᠨ | ᠲᠣᠭᠤᠷᠢᠭ ᠤᠨ ᠠᠷᠠᠳ ᠤᠨ ᠶᠠᠪᠤᠳᠠᠯ ᠤᠨ ᠦᠢᠯᠡᠰ ᠤᠨ ᠠᠷᠪᠠᠨ ᠳᠥᠷᠪᠡᠳᠦᠭᠡᠷ ᠲᠠᠪᠤᠨ ᠵᠢᠯ ᠤᠨ | ᠲᠥᠯᠦᠪᠵᠢᠭᠦᠯᠭᠡ ᠶᠢᠨ ᠭᠤᠣᠯᠳᠠᠯᠭ᠎ᠠ ᠲᠠᠢ ᠠᠵᠢᠯ ᠤᠨ ᠲᠥᠯᠦᠪᠵᠢᠭᠦᠯᠭᠡ ᠳᠤ ᠣᠷᠣᠭᠤᠯᠵᠤ᠂ ᠠᠷᠠᠳ ᠤᠨ | ᠠᠮᠢᠳᠤᠷᠠᠯ ᠤᠨ ᠪᠣᠳᠠᠲᠤ ᠶᠠᠪᠤᠳᠠᠯ ᠤᠨ ᠲᠥᠷᠥᠯ ᠵᠦᠢᠯ ᠪᠠ ᠲᠥᠷᠥ ᠶᠢᠨ ᠪᠣᠳᠣᠯᠭ᠎ᠠ ᠶᠢ ᠨᠠᠶᠢᠳᠠᠪᠤᠷᠢᠵᠢᠭᠤᠯᠬᠤ | ᠢᠨᠵᠧᠨᠧᠷᠢᠩ ᠤᠨ ᠲᠥᠷᠥᠯ ᠪᠣᠳᠠᠲᠤ ᠪᠠᠶᠢᠳᠠᠯ ᠲᠠᠢ ᠪᠠᠨ ᠤᠶᠠᠯᠳᠤᠭᠤᠯᠤᠨ ᠨᠠᠰᠤᠵᠢᠯ ᠤᠨ ᠦᠢᠯᠡᠴᠢᠯᠡᠭᠡᠨ ᠤ | ᠲᠦᠬᠦᠬᠡᠷᠤᠮᠵᠢ ᠶᠢᠨ ᠲᠥᠷᠥᠯ ᠵᠦᠢᠯ᠂ ᠲᠤᠭ᠎ᠠ᠂ ᠬᠡᠪᠴᠢᠶ᠎ᠡ ᠪᠠ ᠪᠠᠶᠢᠷᠢᠰᠢᠭᠤᠯᠤᠯᠲᠠ ᠶᠢ ᠲᠣᠭᠲᠠᠭᠠᠵᠤ᠂ | ᠪᠠᠶᠢᠭᠤᠯᠤᠮᠵᠢ ᠨᠢ ᠰᠢᠨᠵᠢᠯᠡᠬᠦ ᠤᠬᠠᠭᠠᠨᠴᠢ᠂ ᠴᠢᠳᠠᠮᠵᠢ ᠨᠢ ᠪᠦᠷᠢᠨ ᠲᠡᠭᠦᠯᠳᠡᠷ᠂ ᠪᠠᠶᠢᠷᠢᠰᠢᠭᠤᠯᠤᠯᠲᠠ ᠨᠢ ᠵᠦᠢ | ᠵᠣᠬᠢᠰᠲᠠᠢ ᠨᠠᠰᠤᠵᠢᠯ ᠤᠨ ᠦᠢᠯᠡᠴᠢᠯᠡᠭᠡᠨ ᠤ ᠲᠦᠬᠦᠬᠡᠷᠤᠮᠵᠢ ᠶᠢᠨ ᠲᠤᠤᠷᠵᠢᠯ ᠢ ᠪᠦᠷᠢᠯᠳᠤᠬᠦᠯᠪᠡ᠃ ᠣᠲᠣ ᠪᠣᠯᠲᠠᠯ᠎ᠠ | ᠪᠥᠬᠦ ᠣᠷᠣᠨ ᠳᠤ ᠵᠡᠭᠡᠯᠢ ᠭᠤᠳᠤᠮᠵᠢ ᠶᠢᠨ ᠨᠠᠰᠤᠵᠢᠯ ᠤᠨ ᠠᠰᠠᠷᠠᠮᠵᠢ ᠶᠢᠨ ᠦᠢᠯᠡᠴᠢᠯᠡᠭᠡᠨ ᠤ ᠲᠥᠪ 6᠂ ᠰᠤᠮᠤ | ᠰᠢᠶᠠᠩ ᠪᠠᠯᠭᠠᠰᠤᠨ ᠤ ᠨᠠᠰᠤᠵᠢᠯ ᠤᠨ ᠠᠰᠠᠷᠠᠮᠵᠢ ᠶᠢᠨ ᠦᠢᠯᠡᠴᠢᠯᠡᠭᠡᠨ ᠤ ᠲᠥᠪ 4᠂ ᠨᠡᠶᠢᠭᠡᠮ ᠲᠣᠭᠤᠷᠢᠭ ᠤᠨ | ᠡᠳᠦᠷ ᠲᠤᠲᠤᠮ ᠤᠨ ᠠᠰᠠᠷᠠᠨ ᠬᠠᠷᠠᠭᠠᠯᠵᠠᠬᠤ ᠲᠥᠪ 17᠂ ᠨᠡᠶᠢᠭᠡᠮ ᠲᠣᠭᠤᠷᠢᠭ ᠤᠨ ᠨᠠᠰᠤᠵᠢᠯ ᠤᠨ ᠠᠰᠠᠷᠠᠮᠵᠢ ᠶᠢᠨ | ᠦᠢᠯᠡᠴᠢᠯᠡᠭᠡᠨ ᠤ ᠥᠷᠲᠡᠭᠡ 2᠂ ᠲᠣᠰᠬᠤᠨ ᠤ ᠱᠠᠲᠤᠨ ᠤ ᠨᠠᠰᠤᠵᠢᠯ ᠤᠨ ᠠᠰᠠᠷᠠᠮᠵᠢ ᠶᠢᠨ ᠦᠢᠯᠡᠴᠢᠯᠡᠭᠡᠨ ᠤ | ᠥᠷᠲᠡᠭᠡ 31᠂ ᠬᠥᠳᠡᠭᠡ ᠲᠣᠰᠬᠤᠨ ᠤ ᠬᠠᠷᠢᠯᠴᠠᠨ ᠬᠠᠪᠰᠤᠷᠤᠯᠴᠠᠬᠤ ᠨᠠᠰᠤᠵᠢᠯ ᠤᠨ ᠠᠰᠠᠷᠠᠮᠵᠢ ᠶᠢᠨ ᠬᠦᠷᠢᠶᠡᠯᠡᠩ | 3 ᠪᠠᠶᠢᠵᠤ᠂ ᠶᠡᠷᠦᠩᠬᠡᠢ ᠲᠠᠯᠠᠪᠠᠶ ᠨᠢ 24957 ᠲᠡᠭᠰᠢ ᠳᠥᠷᠪᠡᠯᠵᠢᠨ ᠮᠧᠲᠷ ᠪᠣᠯᠣᠨ᠎ᠠ᠃ ᠪᠥᠬᠦ ᠣᠷᠣᠨ ᠤ 6 | ᠵᠡᠭᠡᠯᠢ ᠭᠤᠳᠤᠮᠵᠢ ᠳᠤ ᠴᠥᠮ 1 ᠵᠡᠭᠡᠯᠢ ᠭᠤᠳᠤᠮᠵᠢ ᠶᠢᠨ ᠨᠠᠰᠤᠵᠢᠯ ᠤᠨ ᠦᠢᠯᠡᠴᠢᠯᠡᠭᠡᠨ ᠤ ᠲᠥᠪ ᠲᠠᠢ᠂ ᠨᠢᠭᠡᠨᠲᠡ | ︽ᠨᠢᠭᠡ ᠲᠥᠪ᠂ ᠣᠯᠠᠨ ᠥᠷᠲᠡᠭᠡ ᠴᠡᠭ︾ ᠤᠨ ᠭᠡᠷ ᠲᠤ ᠨᠢ ᠬᠦᠷᠴᠤ ᠠᠰᠠᠷᠠᠬᠤ ᠨᠡᠶᠢᠭᠡᠮ ᠲᠣᠭᠤᠷᠢᠭ ᠤᠨ | ᠨᠠᠰᠤᠵᠢᠯ ᠤᠨ ᠦᠢᠯᠡᠴᠢᠯᠡᠭᠡᠨ ᠤ ᠲᠦᠬᠦᠬᠡᠷᠤᠮᠵᠢ ᠶᠢᠨ ᠦᠢᠯᠡᠴᠢᠯᠡᠭᠡᠨ ᠤ ᠪᠦᠷᠬᠦᠴᠡ ᠶᠢᠨ ᠨᠣᠷᠮ᠎ᠠ ᠶᠢ 90% ᠠᠴᠠ | ᠳᠡᠭᠡᠭᠰᠢ ᠳᠤ ᠬᠦᠷᠤᠬᠦᠯᠪᠡ᠃ ︽15 ᠮᠢᠨᠦ᠋ᠲ ᠤᠨ ᠨᠠᠰᠤᠵᠢᠯ ᠤᠨ ᠦᠢᠯᠡᠴᠢᠯᠡᠭᠡᠨ ᠤ ᠬᠦᠷᠢᠶ᠎ᠡ︾ ᠶᠢᠨ | ᠲᠦᠬᠦᠬᠡᠷᠤᠮᠵᠢ ᠶᠢᠨ ᠳᠤᠲᠠᠭᠤᠳᠠᠯ ᠢ ᠨᠥᠬᠦᠪᠦᠷᠢᠯᠡᠵᠦ᠂ ᠭᠡᠷ ᠲᠤ ᠨᠢ ᠬᠦᠷᠴᠤ ᠠᠰᠠᠷᠠᠬᠤ ᠨᠡᠶᠢᠭᠡᠮ ᠲᠣᠭᠤᠷᠢᠭ ᠤᠨ | ᠨᠠᠰᠤᠵᠢᠯ ᠤᠨ ᠦᠢᠯᠡᠴᠢᠯᠡᠭᠡᠨ ᠤ ᠴᠢᠳᠠᠮᠵᠢ ᠶᠢ ᠪᠦᠲᠦᠮᠵᠢᠲᠡᠶ ᠥᠷᠭᠡᠳᠬᠡᠪᠡ᠃ ᠰᠢᠨ᠎ᠡ ᠪᠠᠷ ᠪᠠᠶᠢᠭᠤᠯᠤᠭᠰᠠᠨ | ᠬᠤᠲᠠ ᠶᠢᠨ ᠲᠣᠭᠤᠷᠢᠭ᠂ ᠰᠢᠨ᠎ᠡ ᠪᠠᠷ ᠪᠠᠶᠢᠭᠤᠯᠤᠭᠰᠠᠨ ᠣᠷᠣᠨ ᠰᠠᠭᠤᠴᠠ ᠶᠢᠨ ᠲᠣᠭᠤᠷᠢᠭ ᠲᠤ ︽ᠳᠥᠷᠪᠡ ᠶᠢ | ᠵᠡᠷᠬᠡ ᠪᠠᠷ ᠶᠠᠪᠤᠭᠳᠠᠭᠤᠯᠬᠤ︾ ᠱᠠᠭᠠᠷᠳᠠᠯᠭ᠎ᠠ ᠶᠢ ᠬᠡᠷᠡᠭᠵᠢᠭᠦᠯᠵᠦ ᠵᠠᠭᠤᠨ ᠡᠷᠦᠬᠡ ᠪᠦᠷᠢ ᠳᠤ 20 ᠲᠡᠭᠰᠢ | ᠳᠥᠷᠪᠡᠯᠵᠢᠨ ᠮᠧᠲᠷ ᠤᠨ ᠪᠠᠷᠢᠯᠭ᠎ᠠ ᠶᠢᠨ ᠲᠠᠯᠠᠪᠠᠶ ᠶᠢᠨ ᠪᠠᠷᠢᠮᠵᠢᠶ᠎ᠠ ᠪᠠᠷ ᠨᠠᠰᠤᠵᠢᠯ ᠤᠨ ᠦᠢᠯᠡᠴᠢᠯᠡᠭᠡᠨ ᠤ | ᠲᠦᠬᠦᠬᠡᠷᠤᠮᠵᠢ ᠶᠢ ᠢᠵᠢ ᠪᠦᠷᠢᠳᠦᠭᠦᠯᠵᠦ᠂ ᠪᠠᠶᠢᠭᠤᠯᠤᠭᠰᠠᠨ ᠨᠣᠷᠮ᠎ᠠ ᠶᠢ 100% ᠳᠤ ᠬᠦᠷᠪᠡ᠃ ᠭᠡᠷ ᠲᠤ ᠪᠠᠨ | ᠰᠠᠭᠤᠵᠤ ᠪᠠᠶᠢᠭ᠎ᠠ ᠨᠠᠰᠤᠲᠠᠶᠢᠴᠤᠳ ᠢ ᠠᠰᠠᠷᠠᠬᠤ᠂ ᠡᠳᠦᠷ ᠲᠤᠲᠤᠮ ᠤᠨ ᠬᠠᠷᠠᠭᠠᠯᠵᠠᠯ ᠵᠡᠷᠭᠡ ᠨᠠᠰᠤᠵᠢᠯ ᠤᠨ | ᠠᠰᠠᠷᠠᠮᠵᠢ ᠶᠢᠨ ᠦᠢᠯᠡᠴᠢᠯᠡᠭᠡᠨ ᠤ ᠵᠠᠭᠪᠤᠷ ᠨᠢ ᠨᠠᠰᠤᠲᠠᠶᠢᠴᠤᠳ ᠲᠤ ᠨᠠᠩ ᠲᠤᠰᠬᠠᠶᠢᠵᠢᠭᠰᠠᠨ᠂ ᠨᠠᠩ ᠲᠥᠬᠦᠮ | ᠦᠢᠯᠡᠴᠢᠯᠡᠭᠡ ᠬᠠᠩᠭᠠᠵᠤ ᠪᠠᠶᠢᠨ᠎ᠠ᠃ | | | ᠣᠯᠠᠨ ᠲᠦᠮᠡᠨ ᠤ ᠠᠩᠬᠠᠷᠤᠯ ᠲᠠᠯᠪᠢᠵᠤ ᠪᠠᠶᠢᠭ᠎ᠠ ᠠᠰᠠᠭᠤᠳᠠᠯ ᠳᠤ ᠠᠩᠬᠠᠷᠤᠯ ᠢᠶᠠᠨ ᠲᠥᠪᠯᠡᠷᠡᠭᠦᠯᠦᠨ ᠨᠠᠰᠤᠵᠢᠯ ᠤᠨ | ᠠᠰᠠᠷᠠᠮᠵᠢ ᠶᠢᠨ ᠦᠨᠡᠮᠯᠡᠬᠦ ᠲᠠᠢ ᠲᠤᠰᠬᠠᠢ ᠡᠩᠨᠡᠭᠡ ᠶᠢ ᠪᠠᠶᠢᠭᠤᠯᠪᠠ | | ᠨᠢᠭᠡ ᠳᠤ᠂ ᠰᠤᠮᠤ ᠰᠢᠶᠠᠩ ᠪᠠᠯᠭᠠᠰᠤᠨ ᠤ ᠨᠠᠰᠤᠵᠢᠯ ᠤᠨ ᠠᠰᠠᠷᠠᠮᠵᠢ ᠶᠢᠨ ᠦᠢᠯᠡᠴᠢᠯᠡᠭᠡᠨ ᠤ ᠲᠥᠪ᠂ ᠨᠡᠶᠢᠭᠡᠮ | ᠲᠣᠭᠤᠷᠢᠭ ᠤᠨ ᠨᠠᠰᠤᠵᠢᠯ ᠤᠨ ᠠᠰᠠᠷᠠᠮᠵᠢ ᠶᠢᠨ ᠦᠢᠯᠡᠴᠢᠯᠡᠭᠡᠨ ᠤ ᠥᠷᠲᠡᠭᠡ ᠶᠢ ᠵᠢᠯᠤᠭᠤᠳᠴᠤ ᠪᠠᠶᠢᠭᠠᠳ ᠭᠡᠷ ᠲᠤ | ᠪᠠᠨ ᠰᠠᠭᠤᠵᠤ ᠪᠠᠶᠢᠭ᠎ᠠ ᠨᠠᠰᠤᠲᠠᠶᠢᠴᠤᠳ ᠲᠤ ᠬᠤᠭᠤᠯᠠ ᠤᠮᠳᠠ ᠶᠢ ᠲᠤᠰᠠᠯᠠᠬᠤ᠂ ᠠᠷᠢᠭᠤᠨ ᠴᠡᠪᠡᠷ ᠢ ᠲᠤᠰᠠᠯᠠᠬᠤ᠂ | ᠡᠮᠴᠢᠯᠡᠭᠡ ᠶᠢ ᠲᠤᠰᠠᠯᠠᠬᠤ ᠵᠡᠷᠭᠡ ᠭᠡᠷ ᠲᠤ ᠪᠠᠨ ᠰᠠᠭᠤᠵᠤ ᠪᠠᠶᠢᠭ᠎ᠠ ᠨᠠᠰᠤᠲᠠᠶᠢᠴᠤᠳ ᠤᠨ ᠬᠤᠭᠤᠯᠠ ᠤᠮᠳᠠ ᠶᠢ | ᠲᠤᠰᠠᠯᠠᠬᠤ ᠦᠢᠯᠡᠴᠢᠯᠡᠭᠡ ᠶᠢ ᠬᠥᠭᠵᠢᠭᠦᠯᠬᠦ ᠶᠠᠪᠤᠳᠠᠯ ᠢ ᠠᠷᠠᠳ ᠲᠤ ᠪᠣᠳᠠᠲᠠᠢ ᠠᠵᠢᠯ ᠬᠢᠬᠦ ᠶᠢᠨ ᠴᠢᠬᠤᠯᠠ | ᠠᠭᠤᠯᠭ᠎ᠠ ᠳᠤ ᠣᠷᠣᠭᠤᠯᠵᠤ᠂ ᠦᠨᠳᠦᠰᠦᠨ ᠨᠠᠰᠤᠵᠢᠯ ᠤᠨ ᠦᠢᠯᠡᠴᠢᠯᠡᠭᠡᠨ ᠤ ᠨᠠᠷᠢᠨ ᠬᠠᠭᠤᠳᠠᠰᠤ ᠪᠠ ᠨᠠᠰᠤᠵᠢᠯ ᠤᠨ | ᠦᠢᠯᠡᠴᠢᠯᠡᠭᠡᠨ ᠤ ᠰᠢᠰᠲ᠋ᠧᠮ ᠳᠤ ᠤᠷᠤᠭᠤᠯᠪᠠ᠃ ︽ᠬᠤᠭᠤᠯᠠ ᠤᠮᠳᠠᠭᠠᠨ ᠤ ᠨᠢᠭᠡᠴᠡ + ᠬᠤᠭᠤᠯᠠ ᠤᠮᠳᠠ ᠳᠤ | ᠲᠤᠰᠠᠯᠠᠬᠤ︾ ︽ᠠᠵᠤ ᠠᠬᠤᠶᠢᠯᠠᠯ + ᠬᠤᠭᠤᠯᠠ ᠤᠮᠳᠠ ᠳᠤ ᠲᠤᠰᠠᠯᠠᠬᠤ︾ ︽ᠨᠡᠶᠢᠭᠡᠮ ᠤᠨ ᠵᠣᠬᠢᠶᠠᠨ | ᠪᠠᠶᠢᠭᠤᠯᠤᠯᠲᠠ + ᠬᠤᠭᠤᠯᠠ ᠤᠮᠳᠠ ᠳᠤ ᠲᠤᠰᠠᠯᠠᠬᠤ︾ ᠵᠡᠷᠭᠡ ᠣᠯᠠᠨ ᠵᠦᠢᠯ ᠤᠨ ᠡᠵᠡᠩᠨᠡᠯᠲᠡ ᠶᠢᠨ ᠠᠷᠭ᠎ᠠ ᠪᠠᠷ | ᠡᠯ᠎ᠡ ᠰᠤᠮᠤ ᠪᠠᠯᠭᠠᠰᠤ᠂ ᠵᠡᠭᠡᠯᠢ ᠭᠤᠳᠤᠮᠵᠢ ᠶᠢᠨ ᠬᠡᠷᠡᠭ ᠡᠷᠬᠢᠯᠡᠬᠦ ᠭᠠᠵᠠᠷ ᠲᠤ ᠵᠠᠯᠭᠠᠭ᠎ᠠ ᠪᠠᠷ ᠠᠷᠠᠳ ᠢ | ᠳᠣᠲᠣᠨᠣᠴᠢᠯᠠᠬᠤ᠂ ᠠᠷᠠᠳ ᠲᠤ ᠲᠥᠬᠦᠮ ᠦᠵᠡᠭᠦᠯᠬᠦ᠂ ᠠᠷᠠᠳ ᠲᠤ ᠠᠰᠢᠭ ᠬᠦᠷᠲᠡᠭᠡᠬᠦ ︽ᠬᠠᠯᠠᠮᠵᠢᠯᠠᠬᠤ︾ ᠵᠣᠯ | ᠵᠢᠷᠭᠠᠯᠲᠤ ᠬᠤᠭᠤᠯᠠᠨ ᠭᠡᠷ ᠢ ᠨᠡᠭᠡᠭᠡᠨ ᠡᠷᠭᠢᠯᠡᠵᠦ᠂ ᠨᠠᠰᠤᠲᠠᠶᠢᠴᠤᠳ ᠤᠨ ᠬᠤᠭᠤᠯᠠ ᠢᠳᠡᠬᠦ ᠳᠤ ᠬᠦᠴᠢᠷᠲᠡᠢ | ᠪᠠᠶᠢᠬᠤ ᠠᠰᠠᠭᠤᠳᠠᠯ ᠢ ᠪᠦᠲᠦᠮᠵᠢᠲᠡᠶ ᠰᠢᠢᠳᠪᠦᠷᠢᠯᠡᠵᠦ᠂ ᠨᠠᠰᠤᠲᠠᠶᠢᠴᠤᠳ ᠭᠡᠷ ᠲᠤ ᠪᠠᠨ ᠰᠠᠭᠤᠭᠠᠳ ᠵᠢᠷᠭᠠᠬᠤ | ᠪᠤᠯᠵᠤ ᠪᠠᠶᠢᠨ᠎ᠠ᠃ ᠶᠤᠸᠠᠨ ᠪᠦᠦ ᠱᠠᠨ ᠲᠣᠭᠤᠷᠢᠭ ᠲᠤ ᠣᠲᠣ ᠨᠢᠭᠡᠨᠲᠡ ᠪᠥᠬᠦ ᠣᠷᠣᠨ ᠢ ᠬᠠᠮᠤᠷᠤᠭᠰᠠᠨ | ᠨᠠᠰᠤᠲᠠᠶᠢᠴᠤᠳ ᠤᠨ ᠬᠤᠭᠤᠯᠠ ᠤᠮᠳᠠ ᠶᠢᠨ ᠦᠢᠯᠡᠴᠢᠯᠡᠭᠡᠨ ᠤ ᠲᠥᠬᠦᠭᠡᠷᠦᠮᠵᠢ ᠶᠢ ᠪᠠᠶᠢᠭᠤᠯᠵᠤ᠂ ᠡᠭᠦᠨ ᠳᠤ | ᠬᠤᠲᠠ ᠶᠢᠨ ᠲᠣᠭᠤᠷᠢᠭ 15᠂ ᠬᠥᠳᠡᠭᠡ ᠲᠣᠰᠬᠤᠨ 7 ᠪᠣᠶ᠃ | ᠬᠤᠶᠠᠷ ᠲᠤ᠂ ᠨᠠᠰᠤᠵᠢᠯ ᠤᠨ ᠠᠰᠠᠷᠠᠮᠵᠢ ᠶᠢᠨ ᠦᠢᠯᠡᠴᠢᠯᠡᠭᠡᠨ ᠤ ᠶᠠᠰᠤ ᠴᠢᠨᠠᠷ ᠢ ᠳᠡᠭᠡᠭᠰᠢᠯᠡᠭᠦᠯᠬᠦ ᠶᠢ | ᠢᠳᠡᠪᠬᠢᠲᠡᠢ ᠠᠬᠢᠭᠤᠯᠪᠠ᠃ ᠨᠠᠰᠤᠵᠢᠯ ᠤᠨ ᠠᠰᠠᠷᠠᠮᠵᠢ ᠶᠢᠨ ᠪᠠᠶᠢᠭᠤᠯᠤᠮᠵᠢ ᠶᠢᠨ ᠦᠢᠯᠡᠴᠢᠯᠡᠭᠡᠨ ᠤ ᠶᠠᠰᠤ ᠴᠢᠨᠠᠷ ᠤᠨ | ᠣᠳᠣᠨ ᠲᠠᠰ ᠤᠨ ᠦᠨᠡᠯᠡᠯᠳᠡ ᠶᠢ ᠥᠷᠨᠢᠭᠦᠯᠵᠦ᠂ 2024 ᠣᠨ ᠳᠤ ᠶᠤᠸᠠᠨ ᠪᠦᠦ ᠱᠠᠨ ᠲᠣᠭᠤᠷᠢᠭ ᠤᠨ | ᠨᠡᠶᠢᠭᠡᠮ ᠤᠨ ᠠᠰᠠᠷᠠᠮᠵᠢ ᠶᠢᠨ ᠬᠦᠷᠢᠶᠡᠯᠡᠩ ᠳᠤ ᠭᠤᠷᠪᠠᠨ ᠣᠳᠣᠨ ᠲᠠᠰ ᠤᠨ ᠨᠠᠰᠤᠵᠢᠯ ᠤᠨ ᠠᠰᠠᠷᠠᠮᠵᠢ ᠶᠢᠨ ︽ | ᠲᠣᠭᠤᠭᠠᠨ ᠭᠡᠷ ᠢ ᠢᠯᠡᠵᠢᠬᠦᠯᠬᠦ︾ ᠢᠨᠵᠧᠨᠧᠷᠢᠩ ᠢ ᠢᠳᠡᠪᠬᠢᠲᠡᠢ ᠬᠡᠷᠡᠭᠵᠢᠭᠦᠯᠵᠦ᠂ ᠡᠮᠴᠢᠯᠡᠭᠡ ᠰᠤᠪᠢᠯᠠᠯᠲᠠ ᠶᠢᠨ | ᠤᠶᠠᠯᠳᠤᠯ ᠢ ᠦᠷᠭᠦᠯᠵᠢᠯᠡᠨ ᠭᠦᠨᠵᠡᠭᠡᠶᠢᠷᠡᠭᠦᠯᠵᠦ᠂ ᠨᠠᠰᠤᠵᠢᠯ ᠤᠨ ᠠᠰᠠᠷᠠᠮᠵᠢ ᠶᠢᠨ ᠪᠠᠶᠢᠭᠤᠯᠤᠮᠵᠢ ᠪᠣᠯᠣᠨ | ᠡᠮᠴᠢᠯᠡᠭᠡᠨ ᠤ ᠪᠠᠶᠢᠭᠤᠯᠤᠮᠵᠢ ᠶᠢᠨ ᠵᠢᠷᠤᠮᠵᠢᠭᠰᠠᠨ ᠬᠠᠮᠲᠤᠷᠠᠯᠴᠠᠭ᠎ᠠ ᠶᠢ ᠠᠬᠢᠭᠤᠯᠵᠤ᠂ ︽ᠠᠯᠪᠠᠨ ᠠᠴᠠ | ᠪᠠᠶᠢᠭᠤᠯᠤᠭᠰᠠᠨ ᠡᠮᠨᠡᠯᠭᠡ ᠶᠢᠨ ᠬᠤᠷᠢᠶ᠎ᠠ + ᠨᠠᠰᠤᠵᠢᠯ ᠤᠨ ᠠᠰᠠᠷᠠᠮᠵᠢ ᠶᠢᠨ ᠦᠢᠯᠡᠴᠢᠯᠡᠭᠡ︾᠂ ︽ᠨᠠᠰᠤᠵᠢᠯ ᠤᠨ | ᠠᠰᠠᠷᠠᠮᠵᠢ ᠶᠢᠨ ᠪᠠᠶᠢᠭᠤᠯᠤᠮᠵᠢ + ᠡᠷᠡᠭᠦᠯ ᠬᠠᠮᠠᠭᠠᠯᠠᠯ ᠤᠨ ᠦᠢᠯᠡᠴᠢᠯᠡᠭᠡᠨ ᠤ ᠲᠥᠪ︾᠂ ︽ᠲᠣᠰᠬᠤᠨ ᠤ ᠡᠷᠡᠭᠦᠯ | ᠬᠠᠮᠠᠭᠠᠯᠠᠯ ᠤᠨ ᠲᠠᠰᠤᠭ + ᠨᠠᠰᠤᠵᠢᠯ ᠤᠨ ᠠᠰᠠᠷᠠᠮᠵᠢ ᠶᠢᠨ ᠦᠢᠯᠡᠴᠢᠯᠡᠭᠡᠨ ᠤ ᠪᠡᠯᠡᠳᠬᠡᠮᠵᠢ︾᠂ ᠡᠮᠴᠢᠯᠡᠭᠡ | ᠨᠠᠰᠤᠵᠢᠯ ᠤᠨ ᠠᠰᠠᠷᠠᠮᠵᠢ ᠶᠢᠨ ᠬᠤᠯᠪᠣᠭᠠᠯᠠᠯ ᠵᠡᠷᠭᠡ ᠡᠮᠴᠢᠯᠡᠭᠡ ᠨᠠᠰᠤᠵᠢᠯ ᠤᠨ ᠠᠰᠠᠷᠠᠮᠵᠢ ᠶᠢ ᠤᠶᠠᠯᠳᠤᠭᠤᠯᠤᠭᠰᠠᠨ | ᠦᠢᠯᠡᠴᠢᠯᠡᠭᠡᠨ ᠤ ᠵᠠᠭᠪᠤᠷ ᠢ ᠪᠣᠶ ᠪᠣᠯᠭᠠᠵᠤ᠂ ᠠᠯᠤᠰ ᠠᠴᠠ ᠪᠣᠯᠵᠣᠵᠤ ᠠᠰᠠᠭᠤᠨ ᠣᠨᠣᠰᠢᠯᠠᠬᠤ ᠶᠢ ᠨᠡᠪᠲᠡᠷᠡᠭᠦᠯᠦᠨ᠂ | ᠬᠠᠷᠢᠶᠠᠲᠤ ᠣᠷᠣᠨ ᠤ ᠠᠳᠠᠯᠢ ᠪᠤᠰᠤ ᠪᠠᠶᠢᠳᠠᠯ ᠲᠠᠢ ᠨᠠᠰᠤᠲᠠᠶᠢᠴᠤᠳ ᠤᠨ ᠡᠷᠡᠭᠦᠯ ᠮᠡᠨᠳᠦ ᠨᠠᠰᠤᠵᠢᠯ ᠤᠨ | ᠠᠰᠠᠷᠠᠮᠵᠢ ᠶᠢᠨ ᠬᠡᠷᠡᠭᠴᠡᠭᠡ ᠱᠠᠭᠠᠷᠳᠠᠯᠭ᠎ᠠ ᠶᠢ ᠬᠠᠩᠭᠠᠵᠤ᠂ ᠨᠠᠰᠤᠲᠠᠶᠢᠴᠤᠳ ᠢ ᠭᠡᠷ ᠠᠴᠠ ᠪᠠᠨ ᠭᠠᠷᠬᠤ ᠦᠭᠡᠢ ᠪᠠᠷ | ᠲᠤᠰᠬᠠᠢ ᠡᠮᠴᠢᠯᠡᠭᠡᠨ ᠤ ᠦᠢᠯᠡᠴᠢᠯᠡᠭᠡ ᠭᠥᠷᠳᠡᠵᠦ ᠪᠣᠯᠣᠨ᠎ᠠ᠃ | ᠭᠤᠷᠪᠠ ᠳᠤ᠂ ᠨᠠᠰᠤᠵᠢᠯᠲᠠ ᠳᠤ ᠲᠣᠬᠢᠷᠠᠬᠤ ᠥᠭᠡᠷᠡᠴᠢᠯᠡᠯᠲᠡ ᠶᠢᠨ ᠲᠦᠷᠦᠯ ᠵᠦᠢᠯ ᠢ ᠦᠷᠭᠦᠯᠵᠢᠯᠡᠨ | ᠦᠷᠨᠢᠬᠦᠯᠪᠡ᠃ ᠣᠨᠴᠠᠭᠠᠶ ᠬᠦᠴᠢᠷᠳᠡᠯ ᠲᠠᠢ ᠨᠠᠰᠤᠲᠠᠶᠢᠴᠤᠳ ᠤᠨ ᠭᠡᠷ ᠪᠦᠯᠢ ᠶᠢᠨ ᠨᠠᠰᠤᠵᠢᠯ ᠤᠨ | ᠥᠭᠡᠷᠡᠴᠢᠯᠡᠯᠲᠡ ᠶᠢᠨ ᠲᠥᠷᠥᠯ ᠵᠦᠢᠯ ᠢ ᠶᠡᠭᠡ ᠪᠠᠷ ᠠᠬᠢᠭᠤᠯᠵᠤ᠂ ᠭᠡᠷ ᠳᠣᠲᠣᠷ᠎ᠠ ᠶᠠᠪᠤᠵᠤ ᠰᠠᠭᠤᠬᠤ ᠳᠤ ᠲᠥᠬᠦᠮ | ᠦᠵᠡᠭᠦᠯᠬᠦ᠂ ᠵᠢᠱᠢᠶᠡᠯᠡᠪᠡᠯ ᠵᠣᠷᠯᠣᠩ ᠤᠨ ᠪᠡᠶ᠎ᠡ ᠤᠬᠢᠶᠠᠬᠤ ᠳᠤ ᠠᠮᠤᠷ ᠲᠦᠪᠰᠢᠨ ᠪᠠᠶᠢᠬᠤ᠂ ᠲᠣᠭᠤᠭᠠᠨ ᠭᠡᠷ ᠤᠨ | ᠠᠵᠢᠯᠯᠠᠬᠤ ᠳᠤ ᠲᠥᠬᠦᠮ ᠪᠠᠶᠢᠬᠤ᠂ ᠭᠡᠷ ᠪᠦᠯᠢ ᠶᠢᠨ ᠣᠷᠴᠢᠨ ᠲᠣᠭᠤᠷᠢᠨ ᠢ ᠰᠠᠶᠢᠵᠢᠷᠠᠭᠤᠯᠬᠤ᠂ ᠲᠤᠰᠠᠯᠠᠬᠤ | ᠪᠠᠭᠠᠵᠢ ᠬᠡᠷᠡᠭᠰᠡᠯ ᠢ ᠲᠣᠬᠢᠷᠠᠭᠤᠯᠬᠤ ᠵᠡᠷᠭᠡ ᠥᠭᠡᠷᠡᠴᠢᠯᠡᠬᠦ ᠴᠢᠭᠯᠡᠯ ᠢ ᠲᠣᠪᠤᠶᠢᠯᠭᠠᠨ᠂ ᠰᠠᠶᠢᠨ ᠳᠤᠷ᠎ᠠ ᠶᠢᠨ᠂ ᠠᠮᠤᠷ | ᠲᠦᠪᠰᠢᠨ᠂ ᠲᠥᠬᠦᠮ᠂ ᠠᠷᠪᠢᠲᠠᠢ ᠪᠠᠶᠢᠬᠤ ᠵᠠᠷᠴᠢᠮ ᠶᠣᠰᠣᠭᠠᠷ ᠡᠷᠦᠬᠡ ᠶᠢᠨ ᠪᠠᠶᠢᠳᠠᠯ ᠳᠤ ᠨᠢ ᠲᠣᠬᠢᠷᠠᠭᠤᠯᠤᠨ | ᠲᠥᠷᠥ ᠶᠢᠨ ᠪᠣᠳᠣᠯᠭ᠎ᠠ ᠬᠡᠷᠡᠭᠵᠢᠭᠦᠯᠵᠦ ᠪᠠᠶᠢᠭᠠᠳ ᠤᠨᠴᠠᠭᠠᠢ ᠬᠦᠴᠢᠷᠳᠡᠯᠲᠡᠢ ᠨᠠᠰᠤᠲᠠᠶᠢᠴᠤᠳ ᠤᠨ ᠭᠡᠷ ᠪᠦᠯᠢ ᠶᠢᠨ | ᠨᠠᠰᠤᠵᠢᠯᠲᠠ ᠶᠢᠨ ᠥᠭᠡᠷᠡᠴᠢᠯᠡᠯᠲᠡ ᠶᠢ ᠠᠬᠢᠭᠤᠯᠵᠤ᠂ ᠭᠡᠷ ᠪᠦᠯᠢ ᠶᠢᠨ ᠠᠮᠢᠳᠤᠷᠠᠯ ᠢ ᠨᠢ ᠬᠠᠷᠠᠭᠠᠯᠵᠠᠬᠤ᠂ ᠶᠠᠪᠤᠵᠤ | ᠰᠠᠭᠤᠬᠤ᠂ ᠡᠷᠡᠭᠦᠯᠵᠢᠭᠦᠯᠦᠨ ᠰᠤᠪᠢᠯᠠᠬᠤ ᠵᠡᠷᠭᠡ ᠬᠡᠷᠡᠭᠴᠡᠭᠡ ᠱᠠᠭᠠᠷᠳᠠᠯᠭ᠎ᠠ ᠶᠢ ᠬᠠᠨᠭ᠍ᠭᠠᠪᠠ᠃ 2023 — 2025 | ᠣᠨ ᠳᠤ ᠶᠤᠸᠠᠨ ᠪᠦᠦ ᠱᠠᠨ ᠲᠣᠭᠤᠷᠢᠭ ᠤᠨ ᠣᠨᠴᠠ ᠬᠦᠴᠢᠷᠳᠡᠯᠲᠡᠢ ᠨᠠᠰᠤᠲᠠᠶᠢᠴᠤᠳ ᠤᠨ ᠭᠡᠷ ᠪᠦᠯᠢ ᠶᠢᠨ | ᠨᠠᠰᠤᠵᠢᠯᠲᠠ ᠳᠤ ᠲᠣᠬᠢᠷᠠᠬᠤ ᠥᠭᠡᠷᠡᠴᠢᠯᠡᠯᠲᠡ ᠶᠢᠨ ᠡᠭᠦᠷᠭᠡ ᠶᠢ ᠨᠡᠶᠢᠲᠡ 1085 ᠡᠷᠦᠬᠡ ᠪᠡᠶᠡᠯᠡᠭᠦᠯᠵᠦ᠂ ᠣᠲᠣ | ᠨᠢᠭᠡᠨᠲᠡ 1074 ᠡᠷᠦᠬᠡ ᠶᠢᠨ ᠥᠭᠡᠷᠡᠴᠢᠯᠡᠯᠲᠡ ᠶᠢᠨ ᠡᠭᠦᠷᠭᠡ ᠶᠢ ᠪᠡᠶᠡᠯᠡᠭᠦᠯᠪᠡ᠃ | | ᠴᠢᠳᠠᠪᠤᠷᠢᠲᠠᠨ ᠢ ᠬᠥᠮᠥᠵᠢᠭᠦᠯᠬᠦ ᠳᠤ ᠠᠩᠬᠠᠷᠤᠯ ᠢᠶᠠᠨ ᠲᠥᠪᠯᠡᠷᠡᠭᠦᠯᠵᠦ ᠨᠠᠰᠤᠵᠢᠯ ᠤᠨ ᠠᠰᠠᠷᠠᠮᠵᠢ ᠶᠢᠨ ᠲᠤᠰᠬᠠᠢ | ᠬᠠᠷᠠᠭᠠᠯᠵᠠᠨ ᠠᠰᠠᠷᠠᠬᠤ ᠡᠩᠨᠡᠭᠡ ᠶᠢ ᠪᠤᠢ ᠪᠤᠯᠭᠠᠪᠠ | | | ᠠᠵᠢᠯ ᠤᠨ ᠪᠠᠶᠢᠷᠢ ᠶᠢᠨ ᠶᠡᠭᠡ ᠰᠤᠷᠭᠠᠭᠤᠯᠢᠯᠠᠯ᠂ ᠨᠠᠰᠤᠲᠠᠨ ᠢᠶᠠᠷ ᠰᠢᠨ᠎ᠡ ᠶᠢ ᠳᠠᠶᠢᠴᠢᠯᠠᠬᠤ ᠵᠡᠷᠭᠡ ᠠᠷᠭ᠎ᠠ ᠪᠠᠷ | ᠦᠨᠳᠦᠰᠦᠨ ᠬᠠᠷᠠᠭᠠᠯᠵᠠᠨ ᠠᠰᠠᠷᠠᠬᠤ ᠪᠠ ᠦᠨᠳᠦᠰᠦᠨ ᠠᠵᠢᠯ ᠮᠡᠷᠭᠡᠵᠢᠯ ᠤᠨ ᠬᠡᠪ ᠪᠣᠯᠪᠠᠰᠤᠷᠠᠯ ᠤᠨ ᠲᠣᠭᠤᠷᠢᠨ ᠳᠤ | ᠨᠠᠰᠤᠵᠢᠯ ᠤᠨ ᠠᠰᠠᠷᠠᠭᠴᠢ ᠶᠢᠨ ᠠᠵᠢᠯ ᠤᠨ ᠪᠠᠶᠢᠷᠢ ᠶᠢᠨ ᠪᠣᠯᠪᠠᠰᠤᠷᠠᠯ ᠢ ᠦᠷᠨᠢᠬᠦᠯᠦᠭᠰᠡᠨ ᠤ ᠬᠠᠮᠳᠤ᠂ ᠠᠵᠢᠯ | ᠮᠡᠷᠭᠡᠵᠢᠯ ᠤᠨ ᠳᠡᠭᠡᠳᠦ ᠰᠤᠷᠭᠠᠭᠤᠯᠢ᠂ ᠡᠮ ᠡᠮᠨᠡᠯᠭᠡ ᠡᠷᠡᠭᠦᠯ ᠬᠠᠮᠠᠭᠠᠯᠠᠯ ᠤᠨ ᠪᠠᠶᠢᠭᠤᠯᠤᠮᠵᠢ᠂ ᠨᠠᠰᠤᠵᠢᠯ ᠤᠨ | ᠠᠰᠠᠷᠠᠮᠵᠢ ᠶᠢᠨ ᠪᠠᠶᠢᠭᠤᠯᠤᠮᠵᠢ ᠵᠡᠷᠭᠡ ᠳᠤ ᠲᠦᠰᠢᠭᠯᠡᠨ ᠨᠠᠰᠤᠵᠢᠯ ᠤᠨ ᠠᠰᠠᠷᠠᠮᠵᠢ ᠶᠢᠨ ᠦᠢᠯᠡᠴᠢᠯᠡᠭᠡᠨ ᠤ ᠳᠠᠳᠤᠯᠭ᠎ᠠ | ᠪᠣᠯᠪᠠᠰᠤᠷᠠᠯ ᠤᠨ ᠰᠠᠭᠤᠷᠢᠨ ᠭᠠᠵᠠᠷ ᠪᠠᠶᠢᠭᠤᠯᠵᠤ᠂ ᠣᠲᠣ 30 ᠭᠠᠷᠤᠢ ᠲᠤᠰᠬᠠᠢ ᠪᠠ ᠲᠤᠰᠢᠶᠠᠯ ᠬᠠᠪᠰᠤᠷᠭᠠᠭᠰᠠᠨ | ᠪᠠᠭᠰᠢ ᠪᠣᠶ᠂ ᠡᠭᠦᠨ ᠳᠤ ᠨᠠᠰᠤᠵᠢᠯ ᠤᠨ ᠠᠰᠠᠷᠠᠮᠵᠢ ᠶᠢᠨ ᠰᠤᠪᠢᠯᠠᠯᠲᠠ᠂ ᠡᠪᠡᠳᠴᠢᠲᠡᠨ ᠢ ᠠᠰᠠᠷᠠᠬᠤ᠂ ᠬᠡᠦᠬᠡᠳ | ᠠᠰᠠᠷᠠᠭᠴᠢ᠂ ᠰᠠᠷ᠎ᠠ ᠶᠢᠨ ᠪᠡᠷᠭᠡᠨ ᠵᠡᠷᠭᠡ 20 ᠭᠠᠷᠤᠢ ᠲᠤᠰᠬᠠᠢ ᠮᠡᠷᠭᠡᠵᠢᠯ ᠲᠠᠢ᠂ ᠨᠠᠰᠤᠵᠢᠯ ᠤᠨ ᠠᠰᠠᠷᠠᠮᠵᠢ ᠶᠢᠨ | ᠠᠰᠠᠷᠠᠭᠴᠢ ᠶᠢ 268 ᠪᠣᠯᠪᠠᠰᠤᠷᠠᠭᠤᠯᠵᠠᠢ᠃ ᠨᠠᠰᠤᠵᠢᠯ ᠤᠨ ᠦᠢᠯᠡᠴᠢᠯᠡᠭᠡᠨ ᠤ ᠴᠢᠳᠠᠪᠤᠷᠢᠲᠠᠨ ᠤ ᠡᠩᠨᠡᠭᠡ ᠶᠢᠨ | ᠲᠤᠰᠬᠠᠶᠢᠵᠢᠬᠤ᠂ ᠠᠵᠢᠯ ᠮᠡᠷᠭᠡᠵᠢᠬᠦ ᠲᠦᠪᠰᠢᠨ ᠢ ᠤᠯᠠᠮ ᠳᠡᠭᠡᠭᠰᠢᠯᠡᠭᠦᠯᠵᠦ᠂ ᠨᠠᠰᠤᠵᠢᠯ ᠤᠨ ᠦᠢᠯᠡᠰ ᠪᠠ | ᠨᠠᠰᠤᠵᠢᠯ ᠤᠨ ᠠᠵᠤ ᠦᠢᠯᠡᠰ ᠤᠨ ᠰᠠᠶᠢᠨ ᠨᠥᠬᠦᠴᠡᠯᠳᠦᠯ ᠳᠤ ᠴᠢᠳᠠᠪᠤᠷᠢᠲᠠᠨ ᠤ ᠰᠠᠭᠤᠷᠢ ᠶᠢ ᠲᠠᠯᠪᠢᠬᠤ ᠬᠡᠷᠡᠭᠲᠡᠢ᠃ | ᠳᠠᠷᠠᠭᠠᠴᠢ ᠪᠠᠷ ᠶᠤᠸᠠᠨ ᠪᠦᠦ ᠱᠠᠨ ᠲᠣᠭᠤᠷᠢᠭ ᠤᠨ ᠠᠷᠠᠳ ᠤᠨ ᠶᠠᠪᠤᠳᠠᠯ ᠤᠨ ᠲᠣᠪᠴᠢᠶ᠎ᠠ ᠨᠠᠰᠤᠲᠠᠶᠢᠴᠤᠳ ᠤᠨ | ᠪᠠᠴᠢᠮᠳᠠᠯ ᠬᠦᠴᠢᠷᠳᠡᠯ ᠵᠣᠪᠠᠨᠢᠯ ᠪᠠ ᠨᠠᠰᠤᠵᠢᠯ ᠤᠨ ᠠᠰᠠᠷᠠᠮᠵᠢ ᠶᠢᠨ ᠦᠢᠯᠡᠴᠢᠯᠡᠭᠡᠨ ᠤ ᠳᠤᠲᠠᠭᠤᠳᠠᠯ ᠪᠠᠭᠤᠷᠠᠢ | ᠵᠦᠢᠯᠡᠰ ᠲᠤ ᠠᠩᠬᠠᠷᠤᠯ ᠢᠶᠠᠨ ᠲᠥᠪᠯᠡᠷᠡᠭᠦᠯᠵᠦ᠂ ᠲᠡᠰ ᠲᠦᠷᠦᠯ ᠬᠤᠪᠢᠶᠠᠭᠰᠠᠨ᠂ ᠨᠡᠶᠢᠳᠡᠮ ᠠᠰᠢᠭ ᠬᠦᠷᠲᠡᠭᠡᠬᠦ᠂ | ᠬᠤᠳᠠ ᠬᠥᠳᠡᠭᠡ ᠶᠢ ᠪᠦᠷᠬᠦᠭᠰᠡᠨ᠂ ᠦᠷᠭᠦᠯᠵᠢᠯᠡᠨ ᠬᠥᠭᠵᠢᠭᠰᠡᠨ ᠨᠠᠰᠤᠵᠢᠯ ᠤᠨ ᠠᠰᠠᠷᠠᠮᠵᠢ ᠶᠢᠨ ᠦᠢᠯᠡᠴᠢᠯᠡᠭᠡᠨ ᠤ | ᠰᠢᠰᠲ᠋ᠧᠮ ᠢ ᠢᠳᠡᠪᠬᠢᠲᠡᠢ ᠪᠠᠶᠢᠭᠤᠯᠵᠤ᠂ ᠪᠦᠬᠦ ᠨᠠᠰᠤᠲᠠᠶᠢᠴᠤᠳ ᠲᠤ ᠦᠨᠳᠦᠰᠦᠨ ᠨᠠᠰᠤᠵᠢᠯ ᠤᠨ ᠠᠰᠠᠷᠠᠮᠵᠢ ᠶᠢᠨ | ᠦᠢᠯᠡᠴᠢᠯᠡᠭᠡ ᠬᠦᠷᠲᠡᠭᠡᠬᠦ ᠶᠢ ᠴᠢᠷᠮᠠᠶᠢᠨ ᠠᠬᠢᠭᠤᠯᠵᠤ᠂ ᠠᠷᠠᠳ ᠤᠨ ᠶᠠᠪᠤᠳᠠᠯ ᠤᠨ ᠨᠠᠰᠤᠵᠢᠯ ᠤᠨ ᠠᠰᠠᠷᠠᠮᠵᠢ ᠶᠢᠨ | ᠦᠢᠯᠡᠴᠢᠯᠡᠭᠡᠨ ᠤ ᠦᠢᠯᠡᠰ ᠤᠨ ᠴᠢᠨᠠᠷᠯᠢᠭ ᠬᠥᠭᠵᠢᠯᠲᠡ ᠶᠢᠨ ᠰᠢᠨ᠎ᠡ ᠪᠠᠶᠢᠳᠠᠯ ᠢ ᠴᠢᠷᠮᠠᠶᠢᠨ ᠪᠤᠢ ᠪᠤᠯᠭᠠᠪᠠ᠃ | | | | | | | | | | |