ᠨᠡᠶᠢᠬᠡᠮ ᠤᠨ ᠠᠰᠠᠷᠠᠮᠵᠢ ᠶᠢᠨ ᠲᠦᠪ ᠲᠤ ᠰᠠᠭᠤᠭ᠎ᠠ ᠪᠤᠳᠠᠳᠠᠢ ᠠᠰᠠᠷᠠᠨ ᠲᠡᠵᠢᠭᠡᠬᠦ ᠬᠥᠮᠥᠨ ᠦᠭᠡᠢ ᠬᠡᠦᠬᠡᠳ ᠤᠨ | ᠰᠡᠳᠬᠢᠴᠡ ᠶᠢᠨ ᠪᠠᠶᠢᠳᠠᠯ ᠢ ᠪᠥᠬᠦ ᠲᠠᠯ᠎ᠠ ᠪᠠᠷ ᠣᠶᠢᠯᠠᠭᠠᠵᠤ᠂ ᠥᠪᠡᠷᠮᠢᠴᠡ ᠡᠷᠡᠭᠦᠯᠵᠢᠯ ᠤᠨ ᠦᠢᠯᠡᠴᠢᠯᠡᠭᠡᠨ ᠤ | ᠲᠥᠯᠥᠪᠯᠡᠭᠡ ᠶᠢ ᠰᠢᠨᠵᠢᠯᠡᠬᠦ ᠤᠬᠠᠭᠠᠨᠴᠢ ᠪᠠᠷ ᠲᠣᠭᠲᠠᠭᠠᠵᠤ᠂ ᠬᠦᠴᠢᠷᠳᠡᠯ ᠳᠤ ᠲᠤᠯᠭᠠᠷᠠᠭᠰᠠᠨ ᠬᠡᠦᠬᠡᠳ ᠤᠨ | ᠰᠡᠳᠬᠢᠴᠡ ᠵᠢᠨᠡᠷᠡᠭᠦᠯ ᠢᠶᠠᠷ ᠬᠥᠭᠵᠢᠬᠦ ᠶᠢ ᠠᠬᠢᠭᠤᠯᠤᠨ᠂ ᠨᠠᠷᠢᠯᠢᠭ ᠦᠢᠯᠡᠴᠢᠯᠡᠭᠡᠨ ᠤ ᠲᠦᠪᠰᠢᠨ ᠢ | ᠳᠡᠭᠡᠭᠰᠢᠯᠡᠭᠦᠯᠬᠦ ᠶᠢᠨ ᠲᠥᠯᠥᠭᠡ ᠣᠷᠳᠣᠰ ᠬᠤᠲᠠ ᠶᠢᠨ ᠨᠡᠶᠢᠭᠡᠮ ᠤᠨ ᠠᠰᠠᠷᠠᠮᠵᠢ ᠶᠢᠨ ᠲᠥᠪ ᠤᠨ ᠬᠢᠨ ᠪᠤᠳᠠᠳᠠᠢ | ᠠᠰᠠᠷᠠᠨ ᠲᠡᠵᠢᠭᠡᠬᠦ ᠬᠥᠮᠥᠨ ᠦᠭᠡᠢ 4 ᠬᠡᠦᠬᠡᠳ ᠤᠨ ᠰᠡᠳᠬᠢᠴᠡ ᠶᠢ ᠦᠨᠡᠯᠡᠪᠡ᠃ | ᠬᠡᠦᠬᠡᠳ ᠢᠶᠠᠷ ᠡᠯᠡᠰᠦᠨ ᠲᠠᠪᠠᠭ ᠲᠤ ᠬᠢ ᠡᠯᠡᠰᠦᠨ ᠪᠠᠭᠠᠵᠢ ᠶᠢ ᠴᠢᠯᠦᠭᠡᠲᠡᠢ ᠲᠠᠯᠪᠢᠭᠤᠯᠬᠤ ᠳᠤ ᠪᠠᠨ ᠲᠠᠯᠪᠢᠭᠰᠠᠨ | ᠶᠠᠪᠤᠴᠠ᠂ ᠰᠣᠩᠭᠤᠭᠰᠠᠨ ᠡᠯᠡᠰᠦᠨ ᠪᠠᠭᠠᠵᠢ ᠶᠢᠨ ᠬᠡᠯᠪᠡᠷᠢ ᠪᠠ ᠲᠠᠯᠪᠢᠭᠰᠠᠨ ᠣᠷᠣᠨ ᠪᠠᠶᠢᠷᠢ ᠶᠢ ᠠᠵᠢᠬᠯᠠᠨ | ᠬᠡᠦᠬᠡᠳ ᠤᠨ ᠰᠡᠳᠬᠢᠴᠡ ᠶᠢᠨ ᠪᠠᠶᠢᠳᠠᠯ᠂ ᠤᠷᠮ᠎ᠠ ᠰᠡᠳᠬᠢᠯᠭᠡ ᠶᠢᠨ ᠢᠯᠡᠳᠬᠡᠯᠲᠡ ᠪᠠ ᠳᠣᠲᠣᠭᠠᠳᠤ ᠰᠡᠳᠬᠢᠯ ᠤᠨ | ᠮᠥᠷᠭᠦᠯᠳᠦᠭᠡᠨ ᠢ ᠵᠠᠳᠠᠯᠤᠨ ᠰᠢᠨᠵᠢᠯᠡᠬᠦ ᠪᠠᠷ ᠳᠠᠮᠵᠢᠨ ᠬᠡᠦᠬᠡᠳ ᠤᠨ ᠰᠡᠳᠬᠢᠴᠡ ᠶᠢᠨ ᠪᠠᠶᠢᠳᠠᠯ᠂ ᠤᠷᠮ᠎ᠠ | ᠰᠡᠳᠬᠢᠯᠭᠡ ᠶᠢᠨ ᠢᠯᠡᠳᠬᠡᠯᠲᠡ ᠪᠠ ᠳᠣᠲᠣᠭᠠᠳᠤ ᠰᠡᠳᠬᠢᠯ ᠤᠨ ᠮᠥᠷᠭᠦᠯᠳᠦᠭᠡᠨ ᠢ ᠵᠠᠳᠠᠯᠪᠠ᠃ | ᠬᠡᠦᠬᠡᠳ ᠤᠨ ᠦᠢᠯᠡ ᠠᠵᠢᠯᠯᠠᠭ᠎ᠠ ᠶᠢᠨ ᠬᠡᠮᠵᠢᠭᠦᠷ᠂ ᠬᠡᠦᠬᠡᠳ ᠤᠨ ᠤᠷᠮ᠎ᠠ ᠰᠡᠳᠬᠢᠯᠭᠡ ᠶᠢᠨ ᠬᠡᠮᠵᠢᠭᠦᠷ᠂ | ᠬᠡᠦᠬᠡᠳ ᠤᠨ ᠭᠠᠭᠴᠠᠭᠠᠷᠳᠠᠯ ᠤᠨ ᠬᠡᠮᠵᠢᠭᠦᠷ ᠵᠡᠷᠭᠡ ᠶᠢ ᠠᠰᠢᠭᠯᠠᠨ ᠬᠡᠦᠬᠡᠳ ᠲᠤ ᠬᠡᠮᠵᠢᠶᠡᠯᠡᠬᠦ ᠦᠨᠡᠯᠡᠯᠳᠡ ᠬᠢᠵᠦ᠂ | ᠬᠡᠦᠬᠡᠳ ᠤᠨ ᠦᠢᠯᠡ ᠠᠵᠢᠯᠯᠠᠭ᠎ᠠ᠂ ᠤᠷᠮ᠎ᠠ ᠰᠡᠳᠬᠢᠯᠭᠡ᠂ ᠨᠡᠶᠢᠭᠡᠮ ᠤᠨ ᠬᠠᠷᠢᠯᠴᠠᠭ᠎ᠠ ᠵᠡᠷᠭᠡ ᠲᠠᠯ᠎ᠠ ᠶᠢᠨ ᠢᠯᠡᠷᠡᠯ | ᠪᠠ ᠳᠠᠯᠳᠠ ᠠᠰᠠᠭᠤᠳᠠᠯ ᠢ ᠤᠶᠢᠯᠠᠭᠠᠪᠠ᠃ | ᠳᠠᠭᠤᠤ ᠬᠥᠭᠵᠢᠮ ᠢᠶᠠᠷ ᠵᠠᠭᠤᠴᠢ ᠪᠣᠯᠭᠠᠵᠤ ᠬᠡᠦᠬᠡᠳ ᠲᠤ ᠳᠠᠭᠤᠤ ᠬᠥᠭᠵᠢᠮ ᠰᠣᠨᠣᠰᠬᠠᠵᠤ᠂ ᠲᠤᠰᠬᠠᠯ ᠪᠠ | ᠰᠡᠳᠬᠢᠯᠭᠡ ᠶᠢᠨ ᠢᠯᠡᠳᠬᠡᠯᠲᠡ ᠶᠢ ᠨᠢ ᠠᠵᠢᠭᠯᠠᠭᠤᠯᠬᠤ ᠪᠠᠷ ᠳᠡᠮᠵᠢᠨ ᠰᠡᠳᠬᠢᠯᠭᠡ ᠶᠢᠨ ᠵᠣᠬᠢᠴᠠᠭᠤᠯᠬᠤ ᠴᠢᠳᠠᠪᠤᠷᠢ᠂ | ᠪᠦᠲᠦᠭᠡᠯᠴᠢ ᠴᠢᠳᠠᠪᠤᠷᠢ ᠪᠠ ᠨᠡᠶᠢᠭᠡᠮ ᠤᠨ ᠬᠠᠷᠢᠯᠴᠠᠭᠠᠨ ᠤ ᠴᠢᠳᠠᠪᠤᠷᠢ ᠶᠢ ᠨᠢ ᠦᠨᠡᠯᠡᠪᠡ᠃ | ᠬᠡᠦᠬᠡᠳ ᠲᠠᠢ ᠨᠢᠬᠡᠳ ᠨᠢᠭᠡ ᠪᠠᠷ ᠭᠦᠨᠵᠡᠭᠡᠢ ᠶᠠᠷᠢᠯᠴᠠᠵᠤ ᠲᠡᠳᠡᠨ ᠤ ᠭᠡᠷ ᠪᠦᠯᠢ ᠶᠢᠨ ᠠᠬᠤᠢ ᠪᠠᠶᠢᠳᠠᠯ᠂ | ᠠᠮᠢᠳᠤᠷᠠᠯ ᠤᠨ ᠥᠩᠭᠡᠷᠡᠯᠲᠡ᠂ ᠬᠤᠪᠢ ᠬᠥᠮᠥᠨ ᠤ ᠲᠥᠷᠥᠭᠳᠡᠯ ᠪᠠ ᠢᠷᠡᠭᠡᠳᠦᠢ ᠶᠢᠨ ᠬᠦᠰᠡᠯ ᠡᠷᠡᠮᠡᠯᠵᠡᠯ ᠢ | ᠣᠶᠢᠯᠠᠭᠠᠵᠤ ᠶᠠᠷᠢᠯᠴᠠᠭ᠎ᠠ ᠪᠠᠷ ᠳᠠᠮᠵᠢᠨ ᠲᠡᠳᠡᠨ ᠤ ᠰᠡᠳᠬᠢᠴᠡ ᠶᠢᠨ ᠱᠠᠭᠠᠷᠳᠠᠯᠭ᠎ᠠ ᠪᠠ ᠳᠠᠯᠳᠠ ᠰᠡᠳᠬᠢᠴᠡ ᠶᠢᠨ | ᠬᠠᠷᠰᠢ ᠰᠠᠭᠠᠳ ᠢ ᠢᠯᠡᠷᠡᠬᠦᠯᠪᠡ᠃ | ᠦᠨᠡᠯᠡᠭᠰᠡᠨ ᠦᠷ᠎ᠡ ᠳ᠋ᠦᠩ ᠢ ᠦᠨᠳᠦᠰᠦᠯᠡᠨ ᠪᠣᠳᠠᠲᠠᠢ ᠬᠠᠷᠠᠯᠲᠠ ᠲᠣᠭᠲᠠᠭᠠᠵᠤ᠂ ᠦᠨᠡᠯᠡᠭᠰᠡᠨ ᠦᠷ᠎ᠡ ᠳ᠋ᠦᠩ ᠢ | ᠴᠠᠭ ᠲᠤᠬᠠᠢ ᠳᠤ ᠨᠢ ᠬᠡᠮᠵᠢᠵᠦ᠂ ᠭᠡᠷ ᠪᠦᠯᠢ ᠶᠢᠨ ᠳᠡᠮᠵᠢᠯᠭᠡ ᠪᠠ ᠣᠷᠤᠯᠴᠠᠯᠭ᠎ᠠ ᠶᠢ ᠠᠬᠢᠭᠤᠯᠤᠨ᠂ ᠦᠨᠡᠯᠡᠯᠳᠡ ᠶᠢ | ᠦᠷᠭᠦᠯᠵᠢᠯᠡᠨ ᠳᠠᠭᠠᠵᠤ᠂ ᠬᠡᠦᠬᠡᠳ ᠲᠤ ᠨᠢᠭᠡ ᠨᠢᠭᠡ ᠶᠢᠨ ᠥᠪᠡᠷᠮᠢᠴᠡ ᠰᠡᠳᠬᠢᠴᠡ ᠶᠢᠨ ᠡᠷᠡᠭᠦᠯᠵᠢᠯ ᠤᠨ | ᠦᠢᠯᠡᠴᠢᠯᠡᠭᠡ ᠬᠠᠩᠭᠠᠵᠤ᠂ ᠬᠡᠦᠬᠡᠳ ᠤᠨ ᠥᠪᠡᠷ ᠢ ᠪᠠᠨ ᠲᠠᠨᠢᠨ ᠮᠡᠳᠡᠬᠦ ᠪᠠ ᠤᠷᠮ᠎ᠠ ᠰᠡᠳᠬᠢᠯᠭᠡ ᠶᠢᠨ | ᠬᠠᠮᠢᠶᠠᠷᠤᠯᠲᠠ ᠶᠢᠨ ᠴᠢᠳᠠᠪᠤᠷᠢ ᠶᠢ ᠲᠡᠭᠡᠭᠰᠢᠯᠡᠬᠦᠯᠪᠡ᠃ | | | | | | | | | | | |