︽ᠵᠠᠰᠠᠭ ᠵᠠᠬᠢᠷᠭᠠᠨ ᠤ ᠣᠷᠣᠨ ᠬᠤᠪᠢᠶᠠᠷᠢᠯᠠᠯ ᠢ ᠤᠶᠢᠯᠠᠭᠠᠵᠤ᠂ ᠲᠡᠦᠬᠡ ᠰᠣᠶᠣᠯ ᠢᠶᠠᠨ ᠪᠠᠳᠠᠷᠠᠭᠤᠯᠤᠶ᠎ᠠ︾ — ᠦᠬᠠᠢ ᠬᠤᠳᠠ ᠶᠢᠨ ᠬᠠᠶᠢᠨᠠᠨ ᠲᠣᠭᠤᠷᠢᠭ ᠤᠨ ᠷᠠᠰᠠᠩ ᠰᠦᠮ᠎ᠡ ᠪᠠᠯᠭᠠᠰᠤ
ᠨᠡᠶᠢᠲᠡᠯᠡᠭᠰᠡᠨ ᠴᠠᠭ᠄
2024/2/29
ᠭᠠᠵᠠᠷ ᠤᠨ ᠨᠡᠷᠡᠰ ᠤᠨ ᠤᠳᠬ᠎ᠠ᠄     ᠦᠬᠠᠢ ᠬᠤᠳᠠ ᠶᠢᠨ ᠬᠢᠯᠢ ᠲᠤᠳᠤᠷᠠᠬᠢ ᠮᠠᠨᠪᠠ ᠷᠠᠰᠠᠩ ᠰᠦᠮ᠎ᠡ ᠪᠠᠶᠢᠳᠠᠭ ᠠᠴᠠ ᠢᠩᠭᠢᠵᠦ ᠨᠡᠷᠡᠯᠡᠵᠡᠢ᠃ ︽ᠮᠠᠨᠪᠠ ᠷᠠᠰᠠᠩ︾  ᠪᠤᠯ ᠲᠥᠪᠡᠳ ᠬᠡᠯᠡ᠂ ᠡᠮᠨᠡᠯᠭᠡ ᠶᠢᠨ ᠰᠤᠷᠭᠠᠭᠤᠯᠢ ᠭᠡᠰᠡᠨ ᠤᠳᠬ᠎ᠠ ᠲᠠᠢ᠃      ᠭᠠᠵᠠᠷ ᠵᠦᠢ ᠶᠢᠨ ᠪᠠᠶᠢᠷᠢᠰᠢᠯ᠄     ᠷᠠᠰᠠᠩ ᠰᠦᠮ᠎ᠡ ᠪᠠᠯᠭᠠᠰᠤ ᠨᠢ ᠦᠬᠠᠢ ᠬᠤᠳᠠ ᠶᠢᠨ ᠬᠠᠶᠢᠨᠠᠨ ᠲᠤᠭᠤᠷᠢᠭ ᠤᠨ ᠪᠠᠷᠠᠭᠤᠨ ᠡᠮᠦᠨ᠎ᠡ ᠬᠡᠰᠡᠭ ᠲᠤ ᠪᠠᠶᠢᠷᠢᠯᠠᠵᠤ᠂  ᠵᠡᠬᠦᠨ ᠲᠠᠯ᠎ᠠ ᠪᠠᠷ ᠢᠶᠠᠨ ᠬᠦᠨ ᠤᠰᠤ ᠪᠠᠯᠭᠠᠰᠤ ︵公乌苏镇︶ ᠲᠠᠢ ᠵᠠᠯᠭᠠᠯᠳᠤᠵᠤ᠂ ᠡᠮᠦᠨ᠎ᠡ ᠪᠠ ᠪᠠᠷᠠᠭᠤᠨ ᠲᠠᠯ᠎ᠠ ᠪᠠᠷ ᠢᠶᠠᠨ ᠪᠠᠶᠠᠨᠲᠤᠬᠤᠢ ᠪᠠᠯᠭᠠᠰᠤ ᠲᠠᠢ ᠵᠠᠬ᠎ᠠ ᠨᠡᠶᠢᠯᠡᠵᠦ᠂ ᠤᠮᠠᠷᠠᠰᠢ ᠪᠠᠨ ᠷᠠᠰᠠᠩ ᠵᠦᠩ ᠵᠡᠭᠡᠯᠢ ᠭᠤᠳᠤᠮᠵᠢ ᠶᠢᠨ ᠬᠡᠷᠡᠭ ᠡᠷᠬᠢᠯᠡᠬᠦ ᠭᠠᠵᠠᠷ ᠲᠠᠢ ᠵᠠᠬ᠎ᠠ ᠨᠡᠶᠢᠯᠡᠭᠰᠡᠨ ᠪᠠᠶᠢᠳᠠᠭ᠃      ᠵᠠᠰᠠᠭ ᠵᠠᠬᠢᠷᠭᠠᠨ ᠤ ᠣᠷᠣᠨ ᠬᠤᠪᠢᠶᠠᠷᠢᠯᠠᠯ᠄    ᠷᠠᠰᠠᠩ ᠰᠦᠮ᠎ᠡ ᠪᠠᠯᠭᠠᠰᠤ ᠪᠣᠯ ᠦᠬᠠᠢ ᠬᠤᠲᠠ ᠶᠢᠨ ᠬᠠᠶᠢᠨᠠᠨ ᠲᠣᠭᠤᠷᠢᠭ ᠲᠤ ᠬᠠᠷᠢᠶᠠᠯᠠᠭᠳᠠᠵᠤ᠂ ᠪᠠᠯᠭᠠᠰᠤᠨ ᠤ ᠠᠷᠠᠳ ᠤᠨ ᠵᠠᠰᠠᠭ ᠤᠨ ᠣᠷᠳᠣᠨ ᠤᠤᠯ ᠤᠨ ᠮᠢᠨ ᠯᠧ ᠨᠡᠶᠢᠭᠡᠮ ᠲᠣᠭᠤᠷᠢᠭ ᠲᠤ ᠪᠠᠶᠢᠷᠢᠯᠠᠨ᠎ᠠ᠃     ᠵᠠᠰᠠᠭ ᠵᠠᠬᠢᠷᠭᠠᠨ ᠤ ᠣᠷᠣᠨ ᠤ ᠤᠯᠠᠷᠢᠯ ᠬᠤᠪᠢᠰᠤᠯ᠄    1955 ᠣᠨ ᠳᠤ ᠷᠠᠰᠠᠩ ᠰᠦᠮ᠎ᠡ ᠪᠠᠯᠭᠠᠰᠤᠨ ᠳᠤ ᠶᠡᠭᠡ ᠵᠤᠤ ᠠᠶᠢᠮᠠᠭ ᠤᠨ ᠵᠦᠸᠧ ᠽᠢ ᠱᠠᠨ ᠠᠭᠤᠷᠬᠠᠢ ᠶᠢᠨ ᠣᠷᠣᠨ ᠤ ᠬᠡᠷᠡᠭ ᠡᠷᠬᠢᠯᠡᠬᠦ ᠭᠠᠵᠠᠷ ᠢ ᠪᠠᠶᠢᠭᠤᠯᠵᠠᠢ᠃ 1958 ᠣᠨ ᠳᠤ ᠠᠭᠤᠷᠬᠠᠢ ᠶᠢᠨ ᠣᠷᠣᠨ ᠤ ᠠᠷᠠᠳ ᠤᠨ ᠵᠥᠪᠯᠡᠯ ᠢ ᠪᠠᠶᠢᠭᠤᠯᠪᠠ᠃ 1961 ᠣᠨ ᠳᠤ ᠷᠠᠰᠠᠩ ᠰᠦᠮ᠎ᠡ ᠶᠢᠨ ᠬᠤᠲᠠ ᠶᠢᠨ ᠠᠷᠠᠳ ᠤᠨ ᠨᠢᠭᠡᠳᠦᠯ ᠢ ᠪᠠᠶᠢᠭᠤᠯᠵᠤ᠂ ᠳᠣᠣᠷ᠎ᠠ ᠨᠢ ᠣᠯᠣᠮ ᠪᠠ  ᠷᠠᠰᠠᠩ ᠰᠦᠮ᠎ᠡ ᠭᠡᠬᠦ ᠬᠤᠶᠠᠷ ᠬᠠᠮᠢᠶᠠᠷᠤᠯᠲᠠ ᠶᠢᠨ ᠣᠷᠣᠨ ᠢ ᠪᠠᠶᠢᠭᠤᠯᠵᠠᠢ᠃ 1976 ᠣᠨ ᠳᠤ ᠦᠬᠠᠢ ᠬᠤᠲᠠ ᠳᠤ  ᠬᠠᠷᠢᠶᠠᠯᠠᠬᠳᠠᠪᠠ᠃ 1981 ᠣᠨ ᠳᠤ ᠷᠠᠰᠠᠩ ᠰᠦᠮ᠎ᠡ ᠶᠢᠨ ᠵᠡᠭᠡᠯᠢ ᠭᠤᠳᠤᠮᠵᠢ ᠶᠢᠨ ᠬᠡᠷᠡᠭ ᠡᠷᠬᠢᠯᠡᠬᠦ ᠭᠠᠵᠠᠷ ᠪᠣᠯᠭᠠᠨ ᠥᠭᠡᠷᠡᠴᠢᠯᠡᠪᠡ᠃ 2006 ᠣᠨ ᠳᠤ ᠯᠣᠣ ᠱᠢ ᠳ᠋ᠠᠨ ᠪᠠᠯᠭᠠᠰᠤ ᠪᠠ ᠷᠠᠰᠠᠩ ᠰᠦᠮ᠎ᠡ ᠶᠢᠨ ᠵᠡᠭᠡᠯᠢ ᠭᠤᠳᠤᠮᠵᠢ ᠬᠡᠷᠡᠭ ᠡᠷᠬᠢᠯᠡᠬᠦ ᠭᠠᠵᠠᠷ  ᠢ ᠨᠡᠶᠢᠯᠡᠭᠦᠯᠦᠭᠡᠳ ᠷᠠᠰᠠᠩ ᠰᠦᠮ᠎ᠡ ᠪᠠᠯᠭᠠᠰᠤ  ᠶᠢ ᠪᠠᠶᠢᠭᠤᠯᠵᠠᠢ᠃        ᠵᠠᠰᠠᠭ ᠵᠠᠬᠢᠷᠭᠠᠨ ᠤ ᠣᠷᠣᠨ ᠤ ᠲᠡᠦᠬᠡ ᠰᠣᠶᠣᠯ᠄      ᠷᠠᠰᠠᠩ ᠰᠦᠮ᠎ᠡ ᠪᠠᠯᠭᠠᠰᠤᠨ ᠤ ᠲᠡᠦᠬᠡ ᠰᠣᠶᠣᠯ ᠤᠨ ᠰᠠᠭᠤᠷᠢ ᠭᠦᠨ ᠵᠤᠵᠠᠭᠠᠨ ᠪᠠᠶᠢᠵᠤ᠂ ᠬᠢᠯᠢ ᠶᠢᠨ ᠳᠣᠲᠣᠷ᠎ᠠ  ᠮᠠᠨᠪᠠ ᠷᠠᠰᠠᠩ ᠰᠦᠮ᠎ᠡ᠂ ᠴᠠᠷᠠᠮ ᠤᠨ ᠬᠦᠨᠳᠡᠢ ︵雀尔沟岩画︶ ᠶᠢᠨ ᠬᠠᠳᠠᠨ ᠵᠢᠷᠤᠭ ᠪᠠ ᠴᠢᠨ ᠤᠯᠤᠰ ᠤᠨ ᠤᠷᠲᠤ ᠴᠠᠭᠠᠨ ᠬᠡᠷᠡᠮ ᠵᠡᠷᠭᠡ ᠲᠡᠦᠬᠡ ᠰᠣᠶᠣᠯ ᠤᠨ ᠳᠤᠷᠠᠰᠬᠠᠯᠲᠤ ᠵᠦᠢᠯᠡᠰ ᠤᠨ ᠬᠠᠮᠠᠭᠠᠯᠠᠯᠲᠠ ᠶᠢᠨ ᠣᠷᠣᠨ ᠲᠠᠢ ᠪᠠᠶᠢᠳᠠᠭ᠃ ᠮᠠᠨᠪᠠ ᠷᠠᠰᠠᠩ ᠰᠦᠮ᠎ᠡ ᠪᠣᠯ ᠴᠢᠩ ᠤᠯᠤᠰ ᠤᠨ ᠡᠶᠡᠪᠡᠷ ᠵᠠᠰᠠᠭᠴᠢ ᠶᠢᠨ ᠶᠢᠰᠦᠳᠦᠭᠡᠷ ᠣᠨ ︵1652 ᠣᠨ︶ ᠳᠤ ᠪᠠᠶᠢᠭᠤᠯᠤᠭᠳᠠᠭᠰᠠᠨ ᠬᠠᠭᠤᠴᠢᠨ ᠵᠣᠣ ᠰᠦᠮ᠎ᠡ ᠶᠢᠨ ᠲᠠᠪᠤᠨ ᠷᠠᠰᠠᠩ ᠤᠨ ᠨᠢᠭᠡ ᠪᠣᠯᠬᠤ ︽ᠮᠠᠨᠪᠠ ᠷᠠᠰᠠᠩ︾ ᠪᠠᠶᠢᠵᠤ᠂ 371 ᠵᠢᠯ ᠤᠨ ᠲᠡᠦᠬᠡ ᠲᠠᠢ᠃ ᠴᠢᠩ ᠤᠯᠤᠰ ᠤᠨ ᠲᠡᠭᠷᠢ ᠲᠡᠳᠬᠦᠭᠴᠢ ᠶᠢᠨ ᠳᠥᠴᠢᠨ ᠭᠤᠷᠪᠠᠳᠤᠭᠠᠷ ᠣᠨ ︵1778 ᠣᠨ︶ ᠳᠤ  ᠤᠳᠤᠭ ᠤᠨ ᠳᠣᠯᠣᠳᠤᠭᠠᠷ ᠵᠠᠰᠠᠭ ᠲᠤᠨᠤᠷᠤᠪᠰᠡᠷᠡᠩ ᠮᠠᠨᠪᠠ ᠷᠠᠠᠰᠠᠩ ᠰᠦᠮ᠎ᠡ ᠶᠢ ᠬᠠᠭᠤᠴᠢᠨ ᠵᠤᠤ ᠰᠦᠮ᠎ᠡ ᠡᠮ ᠤᠨ ᠮᠠᠲ᠋ᠧᠷᠢᠶᠠᠯ ᠡᠯᠪᠡᠭ ᠭᠠᠷᠳᠠᠭ᠂ ᠤᠰᠤ ᠪᠡᠯᠴᠢᠭᠡᠷ ᠰᠠᠶᠢᠳᠠᠢ ᠡᠯᠪᠡᠭ ᠷᠠᠰᠠᠩ ᠰᠦᠮ᠎ᠡ ᠲᠠᠤᠬᠠᠢ ᠶᠢᠨ ᠠᠭᠤᠯᠠᠨ ︵图海山᠂ ᠮᠠᠳᠠᠭ ᠲᠠᠢ︶ ᠳᠤ ᠨᠡᠬᠦᠯᠬᠡᠪᠡ᠃ 3 ᠲᠦᠮᠡ ᠭᠠᠷᠤᠢ ᠲᠡᠭᠰᠢ ᠳᠥᠷᠪᠡᠯᠵᠢᠨ ᠮᠧᠲᠷ ᠲᠠᠯᠠᠪᠠᠶ ᠪᠦᠬᠦᠢ ᠡᠨᠡ ᠬᠦ ᠰᠦᠮ᠎ᠡ ᠨᠢ ᠲᠤᠬᠠᠢ ᠶᠢᠨ ᠦᠶ᠎ᠡ ᠶᠢᠨ ᠥᠪᠥᠷ ᠮᠣᠩᠭᠤᠯ ᠤᠨ ᠪᠠᠷᠠᠭᠤᠨ ᠬᠡᠰᠡᠭ ᠤᠨ ᠬᠠᠮᠤᠭ ᠠᠯᠳᠠᠷᠲᠠᠢ ᠤᠳᠠᠴᠢ ᠶᠢᠨ ᠰᠦᠮ᠎ᠡ ᠶᠢᠨ ᠨᠢᠭᠡ ᠪᠣᠯᠣᠨ᠎ᠠ᠃ ᠣᠳᠣᠬᠠᠨ ᠳᠤ ᠮᠣᠩᠭᠤᠯ ᠠᠨᠠᠭᠠᠬᠤ ᠤᠬᠠᠭᠠᠨ ᠤ ᠲᠡᠦᠬᠡ ᠶᠢ ᠰᠤᠳᠤᠯᠬᠤ᠂ ᠰᠤᠷᠪᠤᠯᠵᠢ ᠪᠢᠴᠢᠭ ᠮᠠᠲ᠋ᠧᠷᠢᠶᠠᠯ ᠢ ᠴᠤᠭᠯᠠᠭᠤᠯᠤᠨ ᠡᠮᠬᠢᠳᠬᠡᠬᠦ᠂ ᠵᠢᠭᠠᠨ ᠰᠤᠷᠭᠠᠯᠲᠠ ᠰᠢᠨᠵᠢᠯᠡᠬᠦ ᠤᠬᠠᠭᠠᠨ ᠤ ᠰᠤᠳᠤᠯᠭᠠᠨ ᠤ ᠠᠵᠢᠯ ᠥᠷᠨᠢᠭᠦᠯᠬᠦ᠂ ᠰᠣᠶᠣᠯ ᠲᠡᠦᠬᠡ ᠶᠢ ᠤᠯᠠᠮᠵᠢᠯᠠᠬᠤ᠂ ᠪᠣᠳᠠᠰ ᠤᠨ ᠪᠤᠰᠤ ᠰᠣᠶᠣᠯ ᠤᠨ ᠥᠪ ᠢ ᠬᠠᠮᠠᠭᠠᠯᠠᠬᠤ ᠵᠡᠷᠭᠡ ᠠᠵᠢᠯ ᠢᠶᠠᠷ ᠭᠤᠣᠯ ᠪᠣᠯᠭᠠᠵᠤ᠂ ᠦᠵᠡᠭᠦᠯᠦᠯᠭᠡ ᠶᠢᠨ ᠵᠦᠢᠯᠡᠰ 1810 ᠭᠠᠷᠤᠢ ᠪᠣᠶ᠃       ᠦᠬᠠᠢ ᠶᠢᠨ ᠨᠢᠭᠡᠳᠦᠭᠡᠷ ᠨᠠᠮ ᠤᠨ ᠡᠭᠦᠷ ᠤᠨ ᠳᠤᠷᠠᠰᠬᠠᠯ ᠤᠨ ᠣᠷᠳᠣᠨ ᠷᠠᠰᠠᠩ ᠰᠦᠮ᠎ᠡ ᠪᠠᠯᠭᠠᠰᠤᠨ ᠳᠤ ᠪᠠᠶᠢᠷᠢᠯᠠᠳᠠᠭ᠃ 1953 ᠣᠨ ᠤ 3 ᠳ᠋ᠤᠭᠠᠷ ᠰᠠᠷ᠎ᠠ ᠳᠤ ᠦᠬᠠᠢ ᠣᠷᠣᠨ ᠳᠤ ᠠᠩᠬᠠᠳᠠᠭᠴᠢ ᠬᠤᠯᠪᠣᠭᠠᠲᠤ ᠨᠠᠮ ᠤᠨ ᠡᠭᠦᠷ ᠪᠠᠶᠢᠭᠤᠯᠤᠭᠳᠠᠭᠰᠠᠨ ᠨᠢ ᠦᠬᠠᠢ ᠬᠤᠳᠠ ᠶᠢᠨ ᠨᠠᠮ ᠤᠨ ᠲᠡᠦᠬᠡ ᠪᠣᠯᠣᠨ ᠦᠢᠯᠡᠰ ᠪᠣᠰᠬᠠᠭᠰᠠᠨ ᠲᠡᠦᠬᠡᠨ ᠳᠤ ᠴᠢᠬᠤᠯᠠ ᠪᠠᠶᠢᠷᠢ ᠰᠠᠭᠤᠷᠢ ᠲᠠᠢ ᠪᠦᠬᠡᠳ ᠦᠬᠠᠢ ᠣᠷᠣᠨ ᠤ ᠡᠷᠬᠢᠮ ᠨᠠᠨᠳᠢᠨ ᠬᠤᠪᠢᠰᠬᠠᠯ ᠤᠨ ᠡᠬᠢ ᠪᠠᠶᠠᠯᠢᠭ ᠪᠣᠯᠤᠭᠰᠠᠨ ᠪᠠᠶᠢᠨ᠎ᠠ᠃ 2021 ᠣᠨ ᠳᠤ ᠦᠬᠠᠢ ᠬᠤᠳᠠ ᠶᠢᠨ ᠬᠢᠨ ᠬᠤᠯᠪᠤᠭᠠᠳᠤ ᠨᠠᠮ ᠤᠨ ᠡᠬᠦᠷ ᠤᠨ ᠪᠠᠭᠤᠷᠢ ᠶᠢᠨ ᠬᠤᠶᠠᠷ ᠮᠥᠷ 40 ᠨᠦᠬᠡᠨ ᠭᠡᠷ ᠢ ᠰᠡᠯᠪᠢᠬᠡᠳ᠂ ᠦᠬᠠᠢ ᠶᠢᠨ ᠨᠢᠭᠡᠳᠦᠭᠡᠷ ᠨᠠᠮ ᠤᠨ ᠡᠭᠦᠷ ᠤᠨ ᠳᠤᠷᠠᠰᠬᠠᠯ ᠤᠨ ᠣᠷᠳᠣᠨ ᠪᠣᠯᠭᠠᠨ ᠪᠠᠶᠢᠭᠤᠯᠵᠤ᠂ 1949 ᠣᠨ ᠠᠴᠠ ᠨᠠᠭᠠᠰᠢᠬᠢ ᠦᠬᠠᠢ ᠣᠷᠣᠨ ᠤ ᠨᠠᠮ ᠤᠨ ᠬᠥᠭᠵᠢᠯᠲᠡ ᠶᠢᠨ ᠲᠡᠦᠬᠡ ᠪᠠ ᠬᠡᠰᠡᠭ ᠬᠠᠭᠤᠴᠢᠨ ᠡᠳ᠋ ᠪᠣᠳᠠᠰ ᠢ ᠳᠡᠯᠭᠡᠨ ᠦᠵᠡᠬᠦᠯᠵᠤ ᠪᠠᠶᠢᠨ᠎ᠠ᠃        
 
ᠢᠷᠡᠯᠲᠡ᠄ ᠦᠪᠤᠷ ᠮᠤᠩᠭᠤᠯ ᠤᠨ ᠦᠪᠡᠷᠳᠡᠬᠡᠨ ᠵᠠᠰᠠᠬᠤ ᠤᠷᠤᠨ ᠤ ᠠᠷᠠᠳ ᠤᠨ ᠶᠠᠪᠤᠳᠠᠯ ᠤᠨ ᠲᠢᠩᠬᠢᠮ ᠤᠨ ᠮᠤᠩᠭᠤᠯ ᠰᠦᠯᠵᠢᠶ᠎ᠡ
 
 
ᠬᠠᠮᠢᠶ᠎ᠡ ᠪᠦᠬᠦᠢ ᠰᠣᠨᠢᠨ
 
2014-2015 ©  ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备05070829号