ᠰᠢᠨ᠎ᠡ ᠪᠠᠷ ᠨᠠᠶᠢᠷᠠᠭᠤᠯᠤᠭᠰᠠᠨ《 ᠬᠤᠷᠢᠨ ᠳᠦᠷᠪᠡᠨ ᠠᠴᠢᠯᠠᠯ ᠡᠯᠪᠡᠷᠢᠯ ᠤᠨ ᠦᠯᠢᠭᠡᠷ》 ᠤᠨ    ᠶᠢᠰᠦ᠄  ᠡᠬᠡ   ᠪᠠᠨ  ᠳᠡᠭᠡᠳᠦᠯᠡᠨ  ᠬᠦᠦ ᠪᠠᠨ ᠪᠤᠯᠠᠰᠢᠯᠠᠬᠤ  ᠭᠡᠮᠡᠪᠡᠢ
ᠨᠡᠶᠢᠲᠡᠯᠡᠭᠰᠡᠨ ᠴᠠᠭ᠄
2024/5/29
    ᠭᠦᠸᠧ ᠵᠢᠦᠢ   ᠪᠣᠯ  ᠵᠡᠭᠦᠨ ᠬᠠᠨ ᠤᠯᠤᠰ ᠤᠨ ᠦᠶ᠎ᠡ ᠶᠢᠨ ᠯᠢᠨ ᠯᠢᠦᠢ  ︵  ᠣᠳᠤ ᠶᠢᠨ  ᠾᠧᠨᠠᠨ  ᠮᠤᠵᠢ ᠶᠢᠨ  ᠯᠢᠨᠵᠸᠦ  ᠬᠤᠲᠠ︶ ᠶᠢᠨ ᠬᠦᠮᠦᠨ᠂  ᠤᠤᠯ ᠳᠤ ᠪᠠᠨ ᠭᠡᠷ ᠨᠢ ᠨᠡᠯᠢᠶᠡᠳ ᠪᠠᠶᠠᠨ ᠴᠢᠨᠡᠭᠡᠯᠢᠭ ᠪᠠᠶᠢᠵᠠᠢ᠃ ᠭᠡᠪᠡᠴᠦ  ᠡᠴᠢᠭᠡ ᠨᠢ ᠨᠠᠰᠤ ᠨᠦᠭᠴᠢᠭᠰᠡᠨ ᠤ ᠳᠠᠷᠠᠭ᠎ᠠ᠂  ᠲᠡᠷᠡ   ᠥᠪ ᠬᠦᠷᠦᠩᠭᠡ ᠪᠠᠨ ᠬᠤᠶᠠᠷ ᠬᠤᠪᠢᠶᠠᠨ ᠬᠤᠶᠠᠷ ᠳᠡᠭᠦᠦ ᠳᠤ ᠪᠠᠨ ᠦᠮᠴᠢᠯᠡᠭᠦᠯᠦᠭᠡᠳ  ᠂   ᠦᠪᠡᠷ ᠢᠶᠠᠨ ᠡᠬᠡ ᠪᠠᠨ ᠰᠠᠶᠢᠲᠤᠷ ᠠᠴᠢᠯᠠᠨ ᠠᠰᠠᠷᠠᠪᠠ᠃    ᠬᠤᠵᠢᠮ ᠨᠢ᠂ ᠭᠦᠸᠧ ᠵᠢᠦᠢ  ᠶᠢᠨ ᠭᠡᠷ ᠨᠢ  ᠶᠠᠳᠠᠭᠤᠷᠠᠵᠤ᠂  ᠭᠡᠷᠭᠡᠢ ᠨᠢ ᠪᠠᠰᠠ ᠬᠦᠦ ᠲᠦᠷᠦᠭᠰᠡᠨ ᠠᠴᠠ ᠭᠦᠸᠧ ᠵᠢᠦᠢ  ᠶᠢᠨ ᠡᠬᠡ ᠨᠢ  ᠣᠮᠪᠤᠯᠤ ᠪᠠᠨ ᠮᠠᠰᠢ ᠰᠠᠨᠠᠵᠤ᠂  ᠦᠪᠡᠷ ᠤᠨ ᠢᠳᠡᠬᠦ ᠪᠠᠨ ᠠᠷᠪᠢᠯᠠᠨ ᠪᠠᠶᠢᠵᠤ᠂ ᠢᠳᠡᠰᠢ  ᠬᠤᠭᠤᠯᠨ ᠪᠠᠨ ᠣᠮᠪᠤᠯᠤ  ᠳᠤ ᠪᠠᠨ ᠦᠯᠡᠳᠡᠭᠡᠵᠦ ᠥᠭᠬᠦ ᠪᠣᠯᠪᠠ᠃  ᠡᠶᠢᠨ ᠬᠦ᠂ ᠭᠦᠸᠧ ᠵᠢᠦᠢ  ᠡᠭᠦᠨ ᠤ ᠲᠦᠯᠦᠭᠡ ᠮᠠᠰᠢ ᠶᠡᠭᠡ ᠰᠠᠨᠠᠭᠠᠰᠢᠷᠠᠨ᠂  ᠡᠨᠡ ᠬᠦᠦ ᠶᠢ ᠲᠡᠵᠢᠭᠡᠪᠡᠯ  ᠯᠠᠪᠲᠠᠶᠢᠶ᠎ᠠ ᠡᠬᠡ ᠪᠠᠨ ᠠᠰᠠᠷᠠᠬᠤ ᠶᠢ ᠨᠦᠯᠦᠭᠡᠯᠡᠨ᠎ᠡ ᠭᠡᠵᠦ ᠪᠣᠳᠤᠭᠠᠳ᠂ ᠭᠡᠷᠭᠡᠢ ᠳᠤ ᠪᠠᠨ᠄《 ᠬᠦᠦ ᠶᠢ ᠰᠡᠭᠦᠯᠡᠷ ᠪᠦᠷ  ᠲᠦᠷᠦᠵᠦ ᠪᠣᠯᠤᠨ᠎ᠠ᠂ ᠬᠠᠷᠢᠨ ᠡᠬᠡ ᠮᠠᠨᠢ  ᠬᠠᠳᠠᠨ ᠭᠡᠷ ᠲᠤ ᠪᠠᠨ ᠮᠣᠷᠢᠯᠠᠪᠠᠯ ᠳᠠᠬᠢᠨ ᠠᠮᠢᠯᠠᠬᠤ ᠦᠬᠡᠢ ᠃ ᠲᠡᠭᠡᠬᠦ ᠪᠠᠷ  ᠬᠦᠦ ᠪᠠᠨ ᠪᠤᠯᠠᠰᠢᠯᠠᠭᠠᠳ  ᠂ ᠠᠮᠤ ᠪᠤᠳᠠᠭ᠎ᠠ ᠪᠠᠨ ᠠᠷᠪᠢᠯᠠᠨ ᠡᠬᠡ ᠪᠠᠨ ᠠᠰᠠᠷᠠᠨ ᠲᠡᠵᠢᠭᠡᠬᠦ ᠶᠢ ᠬᠦᠷᠬᠦ ᠦᠬᠡᠢ 》 ᠭᠡᠵᠦ ᠬᠡᠯᠡᠯ᠎ᠡ᠃   ᠲᠡᠳᠡᠨ ᠢ  ᠬᠤᠶᠠᠷ ᠲᠤᠬᠤᠢ ᠭᠦᠨ ᠨᠦᠬᠡ ᠮᠠᠯᠲᠠᠵᠤ  ᠪᠠᠶᠢᠭ᠎ᠠ ᠦᠶᠡᠰ᠂  ᠨᠦᠬᠡᠨ ᠲᠤᠳᠤᠷ᠎ᠠ  ᠭᠡᠨᠡᠳᠲᠡ  ᠨᠢᠭᠡᠨ  ᠪᠣᠳᠤᠩ  ᠰᠢᠵᠢᠷ ᠠᠯᠲᠠ ᠢᠯᠡᠷᠡᠵᠦ᠂ ᠳᠡᠭᠡᠷ᠎ᠡ ᠨᠢ 《 ᠳᠡᠭᠡᠳᠦ ᠲᠡᠭᠷᠢ  ᠠᠴᠠ  ᠠᠴᠢᠯᠠᠯᠲᠤ ᠬᠦᠪᠡᠭᠦᠨ ᠭᠦᠸᠧ ᠵᠢᠦᠢ   ᠳᠤᠷ  ᠰᠣᠶᠤᠷᠬᠠᠪᠠᠢ᠂ ᠠᠯᠪᠠᠨ ᠨᠤᠶᠠᠳ ᠡᠭᠦᠨ ᠢ ᠠᠪᠴᠤ ᠡᠰᠡ ᠪᠤᠯᠤᠮᠤᠢ᠂  ᠦᠷᠦᠭᠡᠯ ᠢᠷᠭᠡᠳ ᠡᠭᠦᠨ ᠢ ᠪᠤᠯᠢᠶᠠᠵᠤ ᠡᠰᠡ ᠪᠤᠯᠤᠮᠤᠢ》 ᠭᠡᠮᠡᠨ ᠪᠢᠴᠢᠭᠡᠰᠦᠲᠡᠢ ᠪᠠᠶᠢᠪᠠ᠃ ᠲᠡᠶᠢᠨ ᠬᠦ᠂ ᠡᠷ᠎ᠡ ᠡᠮ᠎ᠡ  ᠬᠤᠶᠠᠭᠤᠯᠠ ᠪᠠᠨ  ᠡᠳᠡᠭᠡᠷ ᠠᠯᠲᠠ ᠪᠠᠨ ᠭᠡᠷ ᠲᠤ ᠪᠠᠨ ᠠᠪᠠᠴᠢᠨ ᠡᠬᠡ ᠪᠠᠨ ᠠᠴᠢᠯᠠᠨ ᠠᠰᠠᠷᠠᠭᠰᠠᠨ ᠪᠦᠭᠡᠳ ᠬᠦᠦ ᠪᠠᠨ ᠴᠦ ᠲᠡᠵᠢᠭᠡᠨ ᠦᠰᠭᠡᠵᠦ ᠳᠡᠶᠢᠯᠬᠦ ᠪᠣᠯᠵᠠᠢ᠃ᠬᠤᠷᠢᠨ ᠳᠦᠷᠪᠡᠨ ᠠᠴᠢᠯᠠᠯ ᠡᠯᠪᠡᠷᠢᠯ ᠤᠨ ᠦᠯᠢᠭᠡᠷ ᠲᠤ 《ᠡᠬᠡ   ᠪᠠᠨ  ᠳᠡᠭᠡᠳᠦᠯᠡᠨ   ᠬᠦᠦ ᠪᠠᠨ ᠪᠤᠯᠠᠰᠢᠯᠠᠬᠤ ᠭᠡᠪᠡ》 ᠦᠯᠢᠭᠡᠷ ᠨᠢ ᠬᠠᠮᠤᠭ ᠤᠨ ᠮᠠᠷᠭᠤᠭᠠᠨ ᠳᠡᠭᠳᠡᠭᠡᠭᠰᠡᠨ ᠦᠯᠢᠭᠡᠷ ᠪᠣᠯᠬᠤ ᠶᠤᠮ᠂ ᠤᠴᠢᠷ ᠨᠢ ᠭᠤᠣᠯ ᠪᠠᠭᠠᠲᠤᠷ  ᠭᠦᠸᠧ ᠵᠢᠦᠢ ᠶᠢᠨ  ᠦᠢᠯᠡ ᠠᠵᠢᠯᠯᠠᠭ᠎ᠠ ᠨᠢ  ᠳᠡᠩᠳᠡᠭᠦᠦ ᠲᠤᠶᠢᠯᠰᠢᠷᠠᠴᠢᠬᠠᠵᠠᠢ᠃  ᠪᠢᠳᠡ  ᠡᠭᠦᠨ ᠢ ᠵᠦᠪᠬᠡᠨ ᠳᠠᠪᠠᠭᠤᠯᠤᠯ ᠤᠨ ᠠᠷᠭ᠎ᠠ ᠶᠢ  ᠬᠡᠷᠡᠭᠯᠡᠵᠦ ᠠᠴᠢᠯᠠᠯ ᠡᠯᠪᠡᠷᠢᠯ ᠢ  ᠳᠣᠪᠤᠶᠢᠯᠭᠠᠨ ᠴᠢᠬᠤᠯᠠᠴᠢᠯᠠᠭᠰᠠᠨ ᠨᠢᠭᠡᠨ ᠶᠣᠭᠲᠠ ᠦᠯᠢᠭᠡᠷ ᠢᠶᠠᠷ  ᠦᠵᠡᠯᠲᠡᠢ ᠳ᠋ᠠ︕         
 
ᠢᠷᠡᠯᠲᠡ᠄ ᠦᠪᠤᠷ ᠮᠤᠩᠭᠤᠯ ᠤᠨ ︽ᠨᠡᠶᠢᠬᠡᠮ︾ ᠰᠡᠳᠬᠦᠯ
 
 
ᠬᠠᠮᠢᠶ᠎ᠡ ᠪᠦᠬᠦᠢ ᠰᠣᠨᠢᠨ
 
2014-2015 ©  ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备05070829号