(2006 ᠣᠨ᠎ᠤ 10 ᠰᠠᠷ᠎ᠠ ᠵᠢᠨ 31᠎ᠤ ᠡᠳᠦᠷ᠎ᠤᠨ ᠠᠷᠪᠠᠳᠤᠭ᠋ᠠᠷ ᠬᠤᠭᠤᠴᠠᠭ᠋ᠠᠨ᠎ᠤ ᠪᠦᠬᠦ ᠤᠯᠤᠰ᠎ᠤᠨ ᠠᠷᠠᠳ᠎ᠤᠨ ᠲᠦᠯᠦᠭᠡᠯᠡᠭᠴᠢᠳ᠎ᠤᠨ ᠶᠡᠬᠡ ᠬᠤᠷᠠᠯ᠎ᠤᠨ ᠪᠠᠢ᠌ᠩᠭᠤ ᠵᠢᠨ ᠬᠣᠷᠢᠶᠠᠨ᠎ᠤ ᠬᠣᠷᠢᠨ ᠳᠦᠷᠪᠡᠳᠦᠭᠡᠷ ᠬᠤᠷᠠᠯᠳᠤᠭ᠋ᠠᠨ᠎ᠠᠴᠠ ᠪᠠᠲᠤᠯᠠᠪᠠ 2006 ᠣᠨ᠎ᠤ 10 ᠰᠠᠷ᠎ᠠ ᠵᠢᠨ 31᠎ᠤ ᠡᠳᠦᠷ ᠪᠦᠭᠦᠳᠡ ᠨᠠᠢ᠌ᠷᠠᠮᠳᠠᠬᠤ ᠳᠤᠮᠳᠠᠲᠤ ᠠᠷᠠᠳ ᠤᠯᠣᠰ᠎ᠤᠨ ᠲᠡᠷᠢᠭᠦᠯᠡᠭᠴᠢ ᠵᠢᠨ ᠲᠠᠪᠢᠨ ᠳᠣᠯᠣᠳᠤᠭ᠋ᠠᠷ ᠵᠠᠷᠯᠢᠭ ᠵᠶ᠋ᠠᠷ ᠨᠡᠢ᠌ᠲᠡᠯᠡᠪᠡ 2007 ᠣᠨ᠎ᠤ 7 ᠰᠠᠷ᠎ᠠ ᠵᠢᠨ 1᠎ᠤ ᠡᠳᠦᠷ᠎ᠠᠴᠠ ᠡᠬᠢᠯᠡᠵᠦ ᠬᠡᠷᠡᠭᠵᠢᠭᠦᠯᠦᠨ᠎ᠡ)
ᠭᠠᠷᠴᠠᠭ
ᠨᠢᠭᠡᠳᠦᠭᠡᠷ ᠪᠦᠯᠦᠭ ᠶᠡᠷᠦᠩᠭᠡᠢ ᠳᠦᠷᠢᠮ
ᠬᠣᠶᠠᠳᠤᠭ᠋ᠠᠷ ᠪᠦᠯᠦᠭ ᠪᠠᠢ᠌ᠭᠤᠯᠬᠤ ᠪᠠ ᠳᠠᠩᠰᠠᠯᠠᠬᠤ
ᠭᠤᠷᠪᠠᠳᠤᠭ᠋ᠠᠷ ᠪᠦᠯᠦᠭ ᠪᠦᠷᠢᠯᠳᠦᠭᠦᠨ
ᠳᠦᠷᠪᠡᠳᠦᠭᠡᠷ ᠪᠦᠯᠦᠭ ᠵᠣᠬᠢᠶᠠᠨ ᠪᠠᠢ᠌ᠭᠤᠯᠤᠯᠲᠠ ᠵᠢᠨ ᠪᠠᠢ᠌ᠭᠤᠯᠤᠮᠵᠢ
ᠲᠠᠪᠤᠳᠤᠭ᠋ᠠᠷ ᠪᠦᠯᠦᠭ ᠡᠳ᠋᠎ᠤᠨ ᠶᠠᠪᠤᠳᠠᠯ᠎ᠤᠨ ᠬᠠᠮᠢᠶᠠᠷᠤᠯᠲᠠ
ᠵᠢᠷᠭᠤᠳᠤᠭ᠋ᠠᠷ ᠪᠦᠯᠦᠭ ᠨᠡᠢ᠌ᠯᠡᠭᠦᠯᠬᠦ᠂ ᠰᠠᠯᠭ᠋ᠠᠬᠤ᠂ ᠲᠠᠷᠬᠠᠭ᠋ᠠᠬᠤ ᠪᠠ ᠢᠯᠭ᠋ᠠᠷᠠᠭᠤᠯᠤᠨ ᠪᠣᠳᠤᠬᠤ
ᠳᠣᠯᠣᠳᠤᠭ᠋ᠠᠷ ᠪᠦᠯᠦᠭ ᠳᠡᠳᠬᠦᠨ ᠳᠡᠮᠵᠢᠬᠦ ᠲᠦᠷᠥ ᠵᠢᠨ ᠪᠣᠳᠤᠯᠭ᠎ᠠ
ᠨᠠᠢ᠍ᠮᠠᠳᠤᠭ᠋ᠠᠷ ᠪᠦᠯᠦᠭ ᠬᠠᠤᠯᠢ ᠵᠢᠨ ᠬᠠᠷᠢᠭᠤᠴᠠᠯᠭ᠎ᠠ
ᠶᠢᠰᠦᠳᠦᠭᠡᠷ ᠪᠦᠯᠦᠭ ᠳᠠᠭ᠋ᠠᠯᠳᠤᠭᠤᠯᠤᠭᠰᠠᠨ ᠳᠦᠷᠢᠮ
ᠨᠢᠭᠡᠳᠦᠭᠡᠷ ᠪᠥᠯᠦᠭ ᠶᠡᠷᠥᠩᠬᠡᠢ ᠳᠥᠷᠢᠮ
ᠨᠢᠭᠡᠳᠦᠭᠡᠷ ᠵᠥᠢ᠍ᠯ ᠲᠠᠷᠢᠶᠠᠴᠢᠨ᠎ᠤ ᠲᠤᠰᠬᠠᠢ ᠠᠵᠢᠯ᠎ᠤᠨ ᠬᠤᠷᠰᠢᠶᠠᠨ᠎ᠤ ᠬᠥᠭᠵᠢᠯᠲᠡ ᠵᠢ ᠳᠡᠮᠵᠢᠵᠦ᠂ ᠬᠥᠲᠦᠯᠦᠨ ᠵᠢᠯᠤᠭᠤᠳᠴᠣ᠂ ᠲᠠᠷᠢᠶᠠᠴᠢᠨ᠎ᠤ ᠲᠣᠰᠬᠠᠢ ᠠᠵᠢᠯ᠎ᠤᠨ ᠬᠣᠷᠰᠢᠶᠠᠨ᠎ᠤ ᠵᠣᠬᠢᠶᠠᠨ ᠪᠠᠢ᠌ᠭᠤᠯᠤᠯᠲᠠ ᠪᠠ ᠠᠵᠢᠯᠯᠠᠭ᠎ᠠ ᠵᠢ ᠵᠢᠷᠦᠮᠵᠢᠭᠤᠯᠤᠨ᠂ ᠲᠠᠷᠢᠶᠠᠴᠢᠨ᠎ᠤ ᠲᠣᠰᠬᠠᠢ ᠠᠵᠢᠯ᠎ᠤᠨ ᠬᠤᠷᠰᠢᠶ᠎ᠠ ᠵᠢᠴᠢ ᠲᠡᠭᠦᠨ᠎ᠤ ᠪᠥᠷᠢᠯᠳᠦᠭᠦᠨᠤ ᠬᠠᠤᠯᠢ ᠶᠤᠰᠤᠨ᠎ᠤ ᠡᠷᠬᠡ ᠠᠰᠢᠭ᠎ᠢ ᠬᠠᠮᠠᠭ᠋ᠠᠯᠠᠵᠤ᠂ ᠲᠠᠷᠢᠶᠠᠯᠠᠩ ᠪᠠ ᠬᠥᠳᠡᠭᠡ ᠲᠤᠰᠬᠤᠨ᠎ᠤ ᠠᠵᠤ ᠠᠬᠤᠢ ᠵᠢᠨ ᠬᠥᠭᠵᠢᠯᠲᠡ ᠵᠢ ᠠᠬᠢᠭᠤᠯᠬᠤ ᠵᠢᠨ ᠲᠥᠯᠦᠭᠡ ᠲᠤᠰ ᠬᠠᠤᠯᠢ ᠵᠢ ᠳᠤᠭᠳᠠᠭ᠋ᠠᠪᠠ᠃
ᠬᠣᠶᠠᠳᠤᠭ᠋ᠠᠷ ᠵᠦᠢ᠍ᠯ ᠲᠠᠷᠢᠶᠠᠴᠢᠨ᠎ᠤ ᠳᠤᠰᠬᠠᠢ ᠠᠵᠢᠯ᠎ᠤᠨ ᠬᠤᠷᠰᠢᠶ᠎ᠠ ᠪᠣᠯ ᠬᠥᠳᠡᠭᠡ ᠳᠤᠰᠬᠤᠨ᠎ᠤ ᠭᠡᠷ ᠪᠥᠯᠢ᠎ᠳᠤ ᠳᠠᠭ᠋ᠠᠭ᠋ᠠᠴᠢᠯᠠᠭᠤᠯᠤᠨ ᠡᠵᠡᠩᠨᠡᠭᠦᠯᠬᠦ ᠵᠢᠨ ᠰᠠᠭᠤᠷᠢᠨ ᠳᠡᠭᠡᠷ᠎ᠡ᠂ ᠠᠳᠠᠯᠢ ᠲᠥᠷᠦᠯ᠎ᠤᠨ ᠲᠠᠷᠢᠶᠠᠯᠠᠩ᠎ᠤᠨ ᠪᠥᠳᠦᠭᠡᠭᠳᠡᠭᠦᠨᠢ ᠦᠢ᠍ᠯᠡᠳᠪᠥᠷᠢᠯᠡᠨ ᠡᠵᠡᠩᠨᠡᠭᠴᠢᠳ ᠪᠤᠶᠤ ᠠᠳᠠᠯᠢ ᠲᠥᠷᠦᠯ᠎ᠤᠨ ᠲᠠᠷᠢᠶᠠᠯᠠᠩ᠎ᠤᠨ ᠦᠢ᠍ᠯᠡᠳᠪᠥᠷᠢᠯᠡᠯ ᠡᠵᠡᠩᠨᠡᠯᠲᠡ ᠵᠢᠨ ᠦᠢ᠍ᠯᠡᠴᠢᠯᠡᠭᠡ ᠬᠠᠩᠭ᠋ᠠᠭᠴᠢᠳ᠂ ᠠᠰᠢᠭᠯᠠᠭᠴᠢᠳ᠎ᠤᠨ ᠰᠠᠢ᠌ᠨ ᠳᠤᠷ᠎ᠠ᠎ᠠᠴᠠ᠎ᠪᠠᠨ ᠬᠤᠯᠪᠤᠭ᠋ᠠᠯᠠᠵᠤ᠂ ᠠᠷᠠᠳᠴᠢᠯᠠᠯ ᠵᠶ᠋ᠠᠷ ᠬᠠᠮᠢᠶᠠᠷᠤᠭᠰᠠᠨ ᠬᠠᠪᠰᠣᠷᠣᠯᠴᠠᠬᠤ ᠴᠢᠨᠠᠷᠲᠠᠢ ᠠᠵᠤ ᠠᠬᠤᠢ ᠵᠢᠨ ᠵᠤᠬᠢᠶᠠᠨ ᠪᠠᠢ᠌ᠭᠤᠯᠤᠯᠲᠠ ᠪᠤᠯᠤᠨ᠎ᠠ᠃
ᠲᠠᠷᠢᠶᠠᠴᠢᠨ᠎ᠤ ᠲᠤᠰᠬᠠᠢ ᠠᠵᠢᠯ᠎ᠤᠨ ᠬᠤᠷᠰᠢᠶ᠎ᠠ᠎ᠨᠢ ᠲᠡᠭᠦᠨ᠎ᠤ ᠪᠥᠷᠢᠯᠳᠦᠭᠦᠨ ᠵᠶ᠋ᠡᠷ ᠵᠶ᠋ᠡᠨ ᠦᠢ᠍ᠯᠡᠴᠢᠯᠡᠭᠡᠨ᠎ᠤ ᠭᠣᠣᠯ ᠳ᠋ᠦᠢ᠍ᠰᠢᠶᠠᠩ ᠪᠤᠯᠭ᠋ᠠᠵᠤ᠂ ᠲᠠᠷᠢᠶᠠᠯᠠᠩ᠎ᠤᠨ ᠦᠢ᠍ᠯᠡᠳᠪᠥᠷᠢᠯᠡᠯ᠎ᠤᠨ ᠬᠡᠷᠡᠭᠰᠡᠯ᠎ᠢ ᠬᠤᠳᠠᠯᠳᠤᠨ ᠠᠪᠬᠤ᠂ ᠲᠠᠷᠢᠶᠠᠯᠠᠩ᠎ᠤᠨ ᠪᠥᠳᠦᠭᠡᠭᠳᠡᠭᠦᠨᠢ ᠪᠤᠷᠤᠯᠠᠭᠤᠯᠬᠤ᠂ ᠪᠤᠯᠪᠠᠰᠤᠷᠠᠭᠤᠯᠬᠤ᠂ ᠲᠡᠭᠡᠭᠡᠪᠥᠷᠢᠯᠡᠬᠦ᠂ ᠬᠠᠳᠠᠭ᠋ᠠᠯᠠᠬᠤ ᠵᠢᠴᠢ ᠲᠠᠷᠢᠶᠠᠯᠠᠩ᠎ᠤᠨ ᠦᠢ᠍ᠯᠡᠳᠪᠥᠷᠢᠯᠡᠯ ᠡᠵᠡᠩᠨᠡᠯᠲᠡ ᠵᠢᠨ ᠬᠤᠯᠪᠤᠭᠳᠠᠯ ᠪᠥᠬᠦᠢ ᠮᠡᠷᠭᠡᠵᠢᠯ᠂ ᠮᠡᠳᠡᠭᠡ ᠵᠠᠩᠬᠢ ᠵᠡᠷᠭᠡ ᠦᠢ᠍ᠯᠡᠴᠢᠯᠡᠭᠡ ᠵᠢ ᠬᠠᠩᠭ᠋ᠠᠨ᠎ᠠ᠃
ᠭᠤᠷᠪᠠᠳᠤᠭ᠋ᠠᠷ ᠵᠥᠢ᠍ᠯ ᠲᠠᠷᠢᠶᠠᠴᠢᠨ᠎ᠤ ᠲᠤᠰᠬᠠᠢ ᠠᠵᠢᠯ᠎ᠤᠨ ᠬᠤᠷᠰᠢᠶ᠎ᠠ᠎ᠨᠢ ᠳᠣᠣᠷ᠎ᠠ ᠵᠢᠭᠰᠠᠭ᠋ᠠᠭᠰᠠᠨ ᠵᠠᠷᠴᠢᠮ᠎ᠤᠳ᠎ᠢ ᠵᠢᠷᠤᠮᠯᠠᠬᠤ ᠬᠡᠷᠡᠭᠲᠡᠢ᠄
(ᠨᠢᠭᠡ) ᠪᠥᠷᠢᠯᠳᠦᠭᠦᠨ᠎ᠨᠢ ᠲᠠᠷᠢᠶᠠᠴᠢᠨ ᠵᠶ᠋ᠠᠷ ᠭᠣᠣᠯ ᠪᠣᠯᠭ᠋ᠠᠬᠣ᠃
(ᠬᠤᠶᠠᠷ) ᠪᠥᠷᠢᠯᠳᠦᠭᠦᠨ᠎ᠳᠡᠭᠡᠨ ᠦᠢ᠍ᠯᠡᠴᠢᠯᠡᠬᠦ᠎ᠪᠠᠷ ᠵᠣᠷᠢᠯᠲᠠ᠎ᠪᠠᠨ ᠪᠤᠯᠭ᠋ᠠᠵᠤ᠂ ᠪᠥᠬᠦ ᠪᠥᠷᠢᠯᠳᠦᠭᠦᠨᠤ ᠬᠠᠮᠳᠤ ᠵᠢᠨ ᠠᠰᠢᠭ ᠲᠤᠰᠠ ᠵᠢᠨ ᠲᠥᠯᠦᠭᠡ ᠠᠵᠢᠯᠯᠠᠬᠤ᠃
(ᠭᠤᠷᠪᠠ) ᠰᠠᠢ᠌ᠨ ᠳᠤᠷ᠎ᠠ᠎ᠠᠴᠠ᠎ᠪᠠᠨ ᠬᠤᠷᠰᠢᠶ᠎ᠠ᠎ᠳᠤ ᠤᠷᠤᠵᠤ᠂ ᠬᠤᠷᠰᠢᠶ᠎ᠠ᠎ᠠᠴᠠ ᠭᠠᠷᠬᠤ ᠡᠷᠬᠡ ᠴᠢᠯᠦᠭᠡᠲᠠᠢ
ᠪᠠᠢ᠌ᠬᠤ᠃
(ᠳᠥᠷᠪᠡ) ᠪᠥᠷᠢᠯᠳᠦᠭᠦᠨᠤ ᠪᠠᠢ᠌ᠷᠢ ᠰᠠᠭᠣᠷᠢ᠎ᠨᠢ ᠠᠳᠠᠯᠢ ᠲᠡᠭᠰᠢ ᠪᠠᠢ᠌ᠵᠤ᠂ ᠠᠷᠠᠳᠴᠢᠯᠠᠯ ᠵᠶ᠋ᠠᠷ ᠬᠠᠮᠢᠶᠠᠷᠬᠤ᠃
(ᠲᠠᠪᠤ) ᠦᠯᠡᠳᠡᠪᠥᠷᠢ ᠵᠢ ᠭᠤᠤᠯᠳᠠᠭᠤ ᠪᠥᠷᠢᠯᠳᠦᠭᠦᠨ ᠬᠢᠭᠡᠳ ᠲᠠᠷᠢᠶᠠᠴᠢᠨ᠎ᠤ ᠲᠣᠰᠬᠠᠢ ᠠᠵᠢᠯ᠎ᠤᠨ ᠬᠤᠷᠰᠢᠶᠠᠯᠤᠭᠠ ᠵᠢᠨ ᠠᠷᠠᠯᠵᠢᠶᠠᠨ᠎ᠤ ᠬᠡᠮᠵᠢᠶᠡᠨ (ᠲᠤᠭ᠋ᠠᠨ)᠎ᠤ ᠬᠠᠷᠢᠴᠠᠯ ᠶᠣᠰᠣᠭ᠋ᠠᠷ ᠪᠤᠴᠠᠭ᠋ᠠᠬᠤ᠃
ᠳᠥᠷᠪᠡᠳᠦᠭᠡᠷ ᠵᠦᠢ᠍ᠯ ᠲᠠᠷᠢᠶᠠᠴᠢᠨ᠎ᠤ ᠲᠣᠰᠬᠠᠢ ᠠᠵᠢᠯ᠎ᠤᠨ ᠬᠤᠷᠰᠢᠶ᠎ᠠ᠎ᠨᠢ ᠲᠤᠰ ᠬᠠᠤᠯᠢ ᠵᠢᠨ ᠶᠤᠰᠣᠭ᠋ᠠᠷ ᠳᠠᠩᠰᠠᠯᠠᠯᠲᠠ ᠬᠢᠵᠦ᠂ ᠬᠠᠤᠯᠢ ᠵᠢᠨ ᠬᠥᠮᠦᠨ᠎ᠤ ᠬᠢᠷᠢ ᠬᠡᠮ᠎ᠢ ᠣᠯᠣᠨ᠎ᠠ᠃
ᠲᠠᠷᠢᠶᠠᠴᠢᠨ᠎ᠤ ᠲᠣᠰᠬᠠᠢ ᠠᠵᠢᠯ᠎ᠤᠨ ᠬᠤᠷᠰᠢᠶ᠎ᠠ᠎ᠨᠢ ᠪᠥᠷᠢᠯᠳᠦᠭᠦᠨᠤ ᠭᠠᠷᠭ᠋ᠠᠭᠰᠠᠨ ᠪᠡᠯᠡ᠂ ᠨᠡᠢ᠌ᠲᠡ ᠵᠢᠨ ᠬᠤᠷᠠᠮᠳᠤᠭᠣᠯᠭᠠ ᠵᠢᠨ ᠮᠥᠩᠭᠦ᠂ ᠣᠯᠣᠰ᠎ᠤᠨ ᠡᠳ᠋᠎ᠤᠨ ᠵᠠᠰᠠᠭ᠎ᠤᠨ ᠰᠢᠭᠤᠳ ᠨᠥᠬᠦᠪᠥᠷᠢ᠂ ᠪᠤᠰᠤᠳ᠎ᠤᠨ ᠬᠠᠨᠳᠢᠪᠯᠠᠭᠰᠠᠨ ᠵᠢᠴᠢ ᠬᠠᠤᠯᠢ ᠶᠣᠰᠣ᠎ᠪᠠᠷ ᠣᠯᠣᠭᠰᠠᠨ ᠪᠤᠰᠤᠳ ᠬᠥᠷᠦᠩᠭᠡ᠎ᠪᠠᠷ ᠪᠥᠷᠢᠯᠳᠦᠭᠰᠡᠨ ᠡᠳ᠋ ᠬᠥᠷᠦᠩᠭᠡ ᠵᠢ ᠡᠵᠡᠮᠰᠢᠬᠦ᠂ ᠬᠡᠷᠡᠭᠯᠡᠬᠦ ᠪᠠ ᠰᠢᠢ᠍ᠳᠪᠥᠷᠢᠯᠡᠬᠦ ᠡᠷᠬᠡ ᠵᠢ ᠡᠳ᠋ᠯᠡᠬᠦ ᠪᠥᠭᠡᠳ ᠳᠡᠭᠡᠷ᠎ᠡ ᠳᠣᠷᠠᠳᠣᠭᠰᠠᠨ ᠡᠳ᠋ ᠬᠥᠷᠦᠩᠭᠡ᠎ᠪᠠᠷ ᠥᠷᠢ ᠥᠭᠴᠡᠭᠡᠨ᠎ᠳᠤ ᠬᠠᠷᠢᠭᠤᠴᠠᠯᠭ᠎ᠠ ᠡᠭᠦᠷᠭᠡᠯᠡᠨ᠎ᠡ᠃
ᠲᠠᠪᠣᠳᠤᠭ᠋ᠠᠷ ᠵᠤᠢ᠌ᠯ ᠲᠠᠷᠢᠶᠠᠴᠢᠨ᠎ᠤ ᠲᠤᠰᠬᠠᠢ ᠠᠵᠢᠯ᠎ᠤᠨ ᠬᠣᠷᠰᠢᠶᠠᠨ᠎ᠤ ᠪᠥᠷᠢᠯᠳᠦᠭᠦᠨ᠎ᠨᠢ ᠳᠠᠩᠰᠠᠨ ᠡᠷᠦᠬᠡ᠎ᠳᠤ ᠲᠡᠮᠳᠡᠭᠯᠡᠵᠦ ᠪᠠᠢ᠌ᠭ᠎ᠠ ᠭᠠᠷᠭ᠋ᠠᠭᠰᠠᠨ ᠪᠡᠯᠡ ᠵᠢᠨ ᠲᠣᠭ᠎ᠠ ᠪᠠ ᠨᠡᠢ᠌ᠲᠡ ᠵᠢᠨ ᠬᠤᠷᠠᠮᠳᠤᠭᠤᠯᠭ᠎ᠠ ᠵᠢᠨ ᠮᠥᠩᠭᠦ ᠵᠢᠨ ᠬᠤᠪᠢ ᠵᠢᠨ ᠲᠣᠭ᠎ᠠ᠎ᠪᠠᠷ ᠬᠢᠵᠠᠭ᠋ᠠᠷ ᠪᠤᠯᠭ᠋ᠠᠵᠤ ᠲᠠᠷᠢᠶᠠᠴᠢᠨ᠎ᠤ ᠳᠣᠰᠬᠠᠢ ᠠᠵᠢᠯ᠎ᠤᠨ ᠬᠤᠷᠰᠢᠶ᠎ᠠ᠎ᠳᠤ ᠬᠠᠷᠢᠭᠤᠴᠠᠯᠭ᠎ᠠ ᠡᠭᠦᠷᠭᠡᠯᠡᠨ᠎ᠡ᠃
ᠵᠢᠷᠭᠤᠳᠤᠭ᠋ᠠᠷ ᠵᠥᠢ᠍ᠯ ᠣᠯᠣᠰ᠎ᠠᠴᠠ ᠲᠠᠷᠢᠶᠠᠴᠢᠨ᠎ᠤ ᠲᠤᠰᠬᠠᠢ ᠠᠵᠢᠯ᠎ᠤᠨ ᠬᠤᠷᠰᠢᠶ᠎ᠠ ᠵᠢᠴᠢ ᠲᠡᠭᠦᠨ᠎ᠤ ᠪᠥᠷᠢᠯᠳᠦᠭᠦᠨᠤ ᠬᠠᠤᠯᠢ ᠶᠤᠰᠤᠨ᠎ᠤ ᠡᠷᠬᠡ ᠠᠰᠢᠭ᠎ᠢ ᠬᠠᠮᠠᠭ᠋ᠠᠯᠠᠨ᠎ᠠ᠂ ᠶᠠᠮᠠᠷᠪᠠ ᠨᠢᠭᠡᠴᠢ ᠪᠠ ᠬᠤᠪᠢ ᠬᠥᠮᠦᠨ ᠲᠡᠭᠦᠨ᠎ᠳᠤ ᠬᠠᠯᠳᠠᠵᠤ ᠪᠣᠯᠬᠣ ᠦᠭᠡᠢ᠃
ᠳᠤᠯᠤᠳᠤᠭ᠋ᠠᠷ ᠵᠥᠢ᠍ᠯ ᠲᠠᠷᠢᠶᠠᠴᠢᠨ᠎ᠤ ᠲᠤᠰᠬᠠᠢ ᠠᠵᠢᠯ᠎ᠤᠨ ᠬᠤᠷᠰᠢᠶ᠎ᠠ᠎ᠨᠢ ᠦᠢ᠍ᠯᠡᠳᠪᠥᠷᠢᠯᠡᠯ ᠡᠵᠡᠩᠨᠡᠯᠲᠡ ᠵᠢᠨ ᠠᠵᠢᠯᠯᠠᠭ᠎ᠠ ᠬᠢᠬᠦ᠎ᠳᠡᠭᠡᠨ ᠬᠠᠤᠯᠢ ᠴᠠᠭ᠋ᠠᠵᠠ᠂ ᠵᠠᠰᠠᠭ ᠵᠠᠬᠢᠷᠭ᠋ᠠᠨ᠎ᠤ ᠬᠠᠤᠯᠢ ᠳᠣᠭᠳᠠᠭ᠋ᠠᠯ᠎ᠢ ᠵᠢᠷᠤᠮᠯᠠᠨ᠂ ᠨᠡᠢ᠌ᠭᠡᠮ ᠨᠡᠢ᠌ᠲᠡ ᠵᠢᠨ ᠶᠤᠰᠤ ᠮᠣᠷᠠᠯ᠂ ᠬᠤᠳᠠᠯᠳᠤᠭ᠋ᠠᠨ᠎ᠤ ᠮᠤᠷᠠᠯ᠎ᠢ ᠵᠢᠷᠣᠮᠯᠠᠵᠣ᠂ ᠦᠨᠡᠨᠴᠢ ᠢᠲᠡᠭᠡᠮᠵᠢ᠎ᠲᠠᠢ ᠪᠠᠢ᠌ᠬᠤ ᠬᠡᠷᠡᠭᠲᠡᠢ᠃
ᠨᠠᠢ᠍ᠮᠠᠳᠤᠭ᠋ᠠᠷ ᠵᠥᠢ᠍ᠯ ᠣᠯᠣᠰ᠎ᠠᠴᠠ ᠡᠳ᠋᠎ᠤᠨ ᠵᠠᠰᠠᠭ᠎ᠤᠨ ᠳᠡᠮᠵᠢᠯᠭᠡ᠂ ᠭᠠᠢ᠌ᠯᠢ ᠳᠠᠲᠠᠪᠤᠷᠢ ᠵᠢᠨ ᠬᠠᠷᠠᠭ᠋ᠠᠯᠵᠠᠯ ᠪᠠ ᠮᠥᠩᠭᠦᠨ ᠭᠦᠢ᠍ᠯᠭᠡᠭᠡ᠂ ᠰᠢᠨᠵᠢᠯᠡᠬᠦ ᠣᠬᠠᠭ᠋ᠠᠨ ᠮᠡᠷᠭᠡᠵᠢᠯ᠂ ᠴᠢᠳᠠᠪᠤᠷᠢᠲᠠᠨ᠎ᠤ ᠲᠠᠯ᠎ᠠ᠎ᠪᠠᠷ ᠲᠠᠳᠭᠦᠨ ᠳᠡᠮᠵᠢᠬᠦ ᠵᠢᠴᠢ ᠠᠵᠤ ᠦᠢ᠍ᠯᠡᠰ᠎ᠤᠨ ᠲᠥᠷᠦ ᠵᠢᠨ ᠪᠣᠳᠣᠯᠭ᠎ᠠ᠎ᠪᠠᠷ ᠬᠥᠳᠦᠯᠦᠨ ᠵᠢᠯᠣᠭᠤᠳᠬᠣ ᠵᠡᠷᠭᠡ ᠠᠷᠭ᠎ᠠ ᠬᠡᠮᠵᠢᠶ᠎ᠡ ᠠᠪᠬᠤ᠎ᠪᠠᠷ ᠳᠠᠮᠵᠢᠭᠤᠯᠤᠨ᠂ ᠲᠠᠷᠢᠶᠠᠴᠢᠨ᠎ᠤ ᠳᠤᠰᠬᠠᠢ ᠠᠵᠢᠯ᠎ᠤᠨ ᠬᠤᠷᠰᠢᠶᠠᠨ᠎ᠤ ᠬᠥᠭᠵᠢᠯᠲᠡ ᠵᠢ ᠠᠬᠢᠭᠤᠯᠤᠨ᠎ᠠ᠃
ᠣᠯᠣᠰ᠎ᠠᠴᠠ ᠨᠡᠢ᠌ᠭᠡᠮ᠎ᠤᠨ ᠡᠯ᠎ᠡ ᠲᠠᠯ᠎ᠠ ᠵᠢᠨ ᠬᠦᠴᠦᠨ᠎ᠤ ᠲᠠᠷᠢᠶᠠᠴᠢᠨ᠎ᠤ ᠲᠤᠰᠬᠠᠢ ᠠᠵᠢᠯ᠎ᠤᠨ ᠬᠣᠷᠰᠢᠶ᠎ᠠ᠎ᠳᠤ ᠦᠢ᠍ᠯᠡᠴᠢᠯᠡᠭᠡ ᠬᠠᠩᠭ᠋ᠠᠬᠤ ᠵᠢ ᠵᠤᠷᠢᠭᠵᠢᠭᠤᠯᠤᠨ ᠳᠡᠮᠵᠢᠨ᠎ᠡ᠃
ᠶᠢᠰᠦᠳᠦᠭᠡᠷ ᠵᠥᠢ᠍ᠯ ᠰᠢᠶᠠᠨ᠎ᠤ ᠱᠠᠲᠤᠨ᠎ᠠᠴᠠ ᠳᠡᠭᠡᠭᠰᠢᠬᠢ ᠡᠯ᠎ᠡ ᠱᠠᠲᠤᠨ᠎ᠤ ᠠᠷᠠᠳ᠎ᠤᠨ ᠵᠠᠰᠠᠭ᠎ᠤᠨ ᠣᠷᠳᠤᠨᠨᠤᠭᠤᠳ ᠲᠠᠷᠢᠶᠠᠯᠠᠩ᠎ᠤᠨ ᠵᠠᠰᠠᠭ ᠵᠠᠬᠢᠷᠭ᠋ᠠᠨ᠎ᠤ ᠡᠷᠬᠢᠯᠡᠨ ᠬᠠᠮᠢᠶᠠᠷᠬᠤ ᠰᠠᠯᠠᠭ᠎ᠠ ᠮᠥᠴᠢᠷ ᠪᠠ ᠪᠤᠰᠤᠳ ᠬᠤᠯᠪᠤᠭᠳᠠᠯ ᠪᠥᠬᠦᠢ ᠵᠤᠬᠢᠶᠠᠨ ᠪᠠᠢ᠌ᠭᠤᠯᠤᠯᠲᠠ ᠵᠢ ᠵᠤᠬᠢᠶᠠᠨ ᠪᠠᠢ᠌ᠭᠤᠯᠵᠤ᠂ ᠲᠣᠰ ᠬᠠᠤᠯᠢ ᠵᠢᠨ ᠲᠤᠭᠲᠠᠭ᠋ᠠᠯ ᠶᠤᠰᠤᠭ᠋ᠠᠷ ᠲᠤᠰ ᠲᠤᠰ᠎ᠤᠨ ᠵᠶ᠋ᠠᠨ ᠲᠤᠰᠢᠶᠠᠯ ᠬᠠᠷᠢᠭᠤᠴᠠᠯᠭ᠎ᠠ᠎ᠪᠠᠨ ᠦᠨᠳᠦᠰᠦᠯᠡᠨ᠂ ᠲᠠᠷᠢᠶᠠᠴᠢᠨ᠎ᠤ ᠳᠤᠰᠬᠠᠢ ᠠᠵᠢᠯ᠎ᠤᠨ ᠬᠤᠷᠰᠢᠶᠠᠨ᠎ᠤ ᠪᠥᠲᠦᠭᠡᠨ ᠪᠠᠢ᠌ᠭᠤᠯᠤᠯᠲᠠ ᠪᠠ ᠬᠥᠭᠵᠢᠯᠲᠡ ᠵᠢ ᠵᠢᠭ᠋ᠠᠨ ᠵᠢᠯᠤᠭᠤᠳᠴᠤ᠂ ᠲᠡᠳᠭᠦᠨ ᠳᠡᠮᠵᠢᠬᠦ ᠪᠠ ᠲᠡᠭᠦᠨ᠎ᠳᠤ ᠦᠢ᠍ᠯᠡᠴᠢᠯᠡᠭᠡ ᠬᠠᠩᠭ᠋ᠠᠬᠤ ᠬᠡᠷᠡᠭᠳᠡᠢ᠃
ᠬᠣᠶᠠᠳᠤᠭ᠋ᠠᠷ ᠪᠥᠯᠦᠭ ᠪᠠᠢ᠌ᠭᠤᠯᠬᠤ ᠪᠠ ᠳᠠᠩᠰᠠᠯᠠᠬᠤ
ᠠᠷᠪᠠᠳᠤᠭ᠋ᠠᠷ ᠵᠥᠢ᠍ᠯ ᠲᠠᠷᠢᠶᠠᠴᠢᠨ᠎ᠤ ᠳᠣᠰᠬᠠᠢ ᠠᠵᠢᠯ᠎ᠤᠨ ᠬᠣᠷᠰᠢᠶ᠎ᠠ ᠵᠢ ᠪᠠᠢ᠌ᠭᠤᠯᠬᠤ᠎ᠳᠤ ᠳᠤᠤᠷ᠎ᠠ ᠵᠢᠭᠰᠠᠭ᠋ᠠᠭᠰᠠᠨ ᠨᠥᠬᠦᠴᠡᠯ᠎ᠤᠳ᠎ᠢ ᠪᠥᠷᠢᠯᠳᠦᠭᠦᠯᠦᠭᠰᠡᠨ ᠪᠠᠢ᠌ᠬᠤ ᠬᠡᠷᠡᠭᠲᠡᠢ᠄
(ᠨᠢᠭᠡ) ᠲᠣᠰ ᠬᠠᠤᠯᠢ ᠵᠢᠨ ᠠᠷᠪᠠᠨ ᠳᠦᠷᠪᠡᠳᠦᠭᠡᠷ ᠵᠥᠢ᠍ᠯ᠂ ᠠᠷᠪᠠᠨ ᠲᠠᠪᠤᠳᠤᠭ᠋ᠠᠷ ᠵᠥᠢ᠍ᠯ᠎ᠤᠨ ᠳᠣᠭᠲᠠᠭ᠋ᠠᠯ᠎ᠳᠤ ᠨᠡᠢ᠌ᠴᠡᠭᠰᠡᠨ ᠲᠠᠪᠤ᠎ᠠᠴᠠ ᠳᠡᠭᠡᠭᠰᠢ ᠪᠥᠷᠢᠯᠳᠦᠭᠦᠨ᠎ᠲᠠᠢ ᠪᠠᠢ᠌ᠬᠤ᠃
(ᠬᠤᠶᠠᠷ) ᠲᠤᠰ ᠬᠠᠤᠯᠢ ᠵᠢᠨ ᠳᠤᠭᠲᠠᠭ᠋ᠠᠯᠳᠤ ᠨᠡᠢ᠌ᠴᠡᠭᠰᠡᠨ ᠳᠥᠷᠢᠮ᠎ᠲᠠᠢ ᠪᠠᠢ᠌ᠬᠤ᠃
(ᠭᠤᠷᠪᠠ) ᠲᠤᠰ ᠬᠠᠤᠯᠢ ᠵᠢᠨ ᠳᠤᠭᠲᠠᠭ᠋ᠠᠯᠳᠤ ᠨᠡᠢ᠌ᠴᠡᠭᠰᠡᠨ ᠵᠤᠬᠢᠶᠠᠨ ᠪᠠᠢ᠌ᠭᠤᠯᠤᠯᠲᠠ ᠵᠢᠨ ᠪᠠᠢ᠌ᠭᠤᠯᠤᠮᠵᠢ᠎ᠲᠠᠢ
ᠪᠠᠢ᠌ᠬᠤ᠃
(ᠳᠥᠷᠪᠡ) ᠬᠠᠤᠯᠢ ᠴᠠᠭ᠋ᠠᠵᠠ᠂ ᠵᠠᠰᠠᠭ ᠵᠠᠬᠢᠷᠭ᠋ᠠᠨ᠎ᠤ ᠬᠠᠤᠯᠢ ᠳᠥᠷᠢᠮ᠎ᠤᠨ ᠲᠤᠭᠲᠠᠭ᠋ᠠᠯ᠎ᠳᠤ ᠨᠡᠢ᠌ᠴᠡᠭᠰᠡᠨ ᠨᠡᠷᠡᠢ᠌ᠳᠤᠯ ᠪᠠ ᠳᠥᠷᠢᠮ᠎ᠳᠤ ᠳᠤᠭᠲᠠᠭ᠋ᠠᠭᠰᠠᠨ ᠤᠷᠤᠨ ᠰᠠᠭᠤᠴᠠ᠎ᠲᠠᠢ ᠪᠠᠢ᠌ᠬᠤ᠃
(ᠲᠠᠪᠤ) ᠳᠥᠷᠢᠮ᠎ᠤᠨ ᠳᠤᠭᠲᠠᠭ᠋ᠠᠯᠳᠤ ᠨᠡᠢ᠌ᠴᠡᠭᠰᠡᠨ ᠪᠥᠷᠢᠯᠳᠦᠭᠦᠨ ᠪᠡᠯᠡ ᠭᠠᠷᠭ᠋ᠠᠭᠰᠠᠨ ᠪᠠᠢ᠌ᠬᠤ᠃
ᠠᠷᠪᠠᠨ ᠨᠢᠭᠡᠳᠦᠭᠡᠷ ᠵᠥᠢ᠍ᠯ ᠲᠠᠷᠢᠶᠠᠴᠢᠨ᠎ᠤ ᠳᠤᠰᠬᠠᠢ ᠠᠵᠢᠯ᠎ᠤᠨ ᠬᠤᠷᠰᠢᠶ᠎ᠠ ᠵᠢ ᠪᠠᠢ᠌ᠭᠤᠯᠬᠤ᠎ᠳᠤ ᠪᠥᠬᠦ ᠪᠠᠢ᠌ᠭᠤᠯᠤᠭᠴᠢ ᠵᠢᠨ ᠤᠷᠤᠯᠴᠠᠭᠰᠠᠨ ᠪᠠᠢ᠌ᠭᠤᠯᠬᠤ ᠶᠡᠬᠡ ᠬᠤᠷᠠᠯ᠎ᠢ ᠬᠤᠷᠠᠯᠳᠤᠭᠤᠯᠬᠤ ᠬᠡᠷᠡᠭᠲᠡᠢ᠃ ᠪᠠᠢ᠌ᠭᠤᠯᠬᠤ ᠦᠶ᠎ᠡ᠎ᠳᠤ ᠰᠠᠢ᠌ᠨ ᠳᠤᠷ᠎ᠠ᠎ᠠᠴᠠ᠎ᠪᠠᠨ ᠲᠤᠰ ᠬᠤᠷᠰᠢᠶᠠᠨ᠎ᠤ ᠪᠥᠷᠢᠯᠳᠦᠭᠦᠨ ᠪᠤᠯᠤᠭᠰᠠᠳ ᠪᠣᠯ ᠪᠠᠢ᠌ᠭᠤᠯᠤᠭᠴᠢ ᠮᠦᠨ᠃
ᠪᠠᠢ᠌ᠭᠤᠯᠬᠤ ᠶᠡᠬᠡ ᠬᠤᠷᠠᠯ᠎ᠨᠢ ᠳᠤᠤᠷ᠎ᠠ ᠵᠢᠭᠰᠠᠭ᠋ᠠᠭᠰᠠᠨ ᠡᠷᠬᠡ ᠲᠣᠰᠢᠶᠠᠯᠤᠳᠢ ᠬᠡᠷᠡᠭᠵᠢᠭᠦᠯᠦᠨ᠎ᠡ᠄
(ᠨᠢᠭᠡ) ᠲᠤᠰ ᠬᠤᠷᠰᠢᠶᠠᠨ᠎ᠤ᠎ᠪᠠᠨ ᠳᠥᠷᠢᠮ᠎ᠢ ᠪᠠᠳᠤᠯᠠᠬᠤ᠎ᠳᠤ᠂ ᠪᠥᠬᠦ ᠪᠠᠢ᠌ᠭᠤᠯᠤᠭᠴᠢ᠎ᠠᠴᠠ ᠳᠥᠷᠢᠮ᠎ᠢ ᠰᠠᠨᠠᠯ ᠨᠢᠭᠡᠳᠡᠢ᠎ᠪᠠᠷ ᠪᠠᠳᠣᠯᠠᠬᠤ ᠬᠡᠷᠡᠭᠲᠡᠢ᠃
(ᠬᠤᠶᠠᠷ) ᠬᠡᠷᠡᠭ ᠡᠷᠬᠢᠯᠡᠭᠴᠢᠳ᠎ᠤᠨ ᠳᠠᠷᠤᠭ᠎ᠠ᠂ ᠬᠡᠷᠡᠭ ᠡᠷᠬᠢᠯᠡᠭᠴᠢ᠂ ᠭᠦᠢ᠍ᠴᠡᠳᠭᠡᠬᠦ ᠬᠢᠨᠠᠭᠴᠢ ᠪᠤᠶᠤ ᠬᠢᠨᠠᠭᠴᠢᠳ᠎ᠤᠨ ᠵᠥᠪᠯᠡᠯ᠎ᠤᠨ ᠪᠥᠷᠢᠯᠳᠦᠭᠦᠨᠢ ᠰᠣᠩᠭᠣᠵᠣ ᠭᠠᠷᠭ᠋ᠠᠨ᠎ᠠ᠃
(ᠭᠤᠷᠪᠠ) ᠪᠤᠰᠤᠳ ᠴᠢᠬᠤᠯᠠ ᠵᠥᠢ᠍ᠯᠤᠳᠢ ᠬᠢᠨᠠᠨ ᠶᠠᠷᠢᠯᠴᠠᠨ᠎ᠠ᠃
ᠠᠷᠪᠠᠨ ᠬᠤᠶᠠᠳᠤᠭ᠋ᠠᠷ ᠵᠥᠢ᠍ᠯ ᠲᠠᠷᠢᠶᠠᠴᠢᠨ᠎ᠤ ᠳᠤᠰᠬᠠᠢ ᠠᠵᠢᠯ᠎ᠤᠨ ᠬᠣᠷᠰᠢᠶᠠᠨ᠎ᠤ ᠳᠥᠷᠢᠮ᠎ᠳᠤ ᠳᠤᠤᠷ᠎ᠠ ᠵᠢᠭᠰᠠᠭ᠋ᠠᠭᠰᠠᠨ ᠵᠥᠢ᠍ᠯᠤᠳᠢ ᠲᠤᠳᠤᠷᠬᠠᠢ ᠲᠡᠮᠳᠡᠭᠯᠡᠭᠰᠡᠨ ᠪᠠᠢ᠌ᠬᠤ ᠬᠡᠷᠡᠭᠳᠡᠢ᠄
(ᠨᠢᠭᠡ) ᠨᠡᠷᠡᠢ᠌ᠳᠦᠯ ᠪᠠ ᠣᠷᠣᠨ ᠰᠠᠭᠤᠴᠠ᠃
(ᠬᠤᠶᠠᠷ) ᠳᠤᠬᠠᠢ᠌ᠯᠠᠭᠰᠠᠨ ᠠᠵᠢᠯ᠎ᠤᠨ ᠬᠡᠪᠴᠢᠶ᠎ᠠ᠃
(ᠭᠤᠷᠪᠠ) ᠪᠥᠷᠢᠯᠳᠦᠭᠦᠨᠤ ᠬᠢᠷᠢ ᠬᠡᠮ ᠬᠢᠭᠡᠳ ᠬᠤᠷᠰᠢᠶᠠᠨ᠎ᠳᠤ ᠣᠷᠣᠬᠣ᠂ ᠬᠤᠷᠰᠢᠶᠠᠨ᠎ᠠᠴᠠ ᠭᠠᠷᠬᠤ ᠪᠠ ᠨᠡᠷ᠎ᠡ ᠵᠢ᠎ᠨᠢ ᠬᠠᠰᠣᠬᠣ᠃
(ᠳᠥᠷᠪᠡ) ᠪᠥᠷᠢᠯᠳᠦᠭᠦᠨᠤ ᠡᠷᠬᠡ ᠪᠠ ᠡᠭᠦᠷᠭᠡ᠃
(ᠲᠠᠪᠤ) ᠵᠤᠬᠢᠶᠠᠨ ᠪᠠᠢ᠌ᠭᠤᠯᠤᠯᠲᠠ ᠵᠢᠨ ᠪᠠᠢ᠌ᠭᠤᠯᠤᠮᠵᠢ ᠵᠢᠴᠢ ᠲᠡᠭᠦᠨ᠎ᠤ ᠪᠠᠢ᠌ᠭᠤᠯᠬᠤ ᠠᠷᠭ᠎ᠠ᠂ ᠡᠷᠬᠡ ᠲᠤᠰᠢᠶᠠᠯ᠂ ᠲᠤᠰᠢᠶᠠᠯ᠎ᠤᠨ ᠬᠤᠭᠤᠴᠠᠭ᠎ᠠ᠂ ᠬᠡᠷᠡᠭ ᠵᠥᠪᠯᠡᠬᠦ ᠳᠥᠷᠢᠮ᠃
(ᠵᠢᠷᠭᠤᠭ᠎ᠠ) ᠪᠥᠷᠢᠯᠳᠦᠭᠦᠨᠤ ᠪᠡᠯᠡ ᠭᠠᠷᠭ᠋ᠠᠭᠰᠠᠨ ᠬᠡᠯᠪᠡᠷᠢ᠂ ᠭᠠᠷᠭ᠋ᠠᠭᠰᠠᠨ ᠪᠡᠯᠡ ᠵᠢᠨ ᠲᠣᠭ᠎ᠠ᠃
(ᠳᠣᠯᠣᠭ᠎ᠠ) ᠡᠳ᠋᠎ᠤᠨ ᠶᠠᠪᠤᠳᠠᠯ᠎ᠤᠨ ᠬᠠᠮᠢᠶᠠᠷᠤᠯᠲᠠ ᠪᠠ ᠦᠯᠡᠳᠡᠪᠥᠷᠢ ᠵᠢᠨ ᠬᠤᠪᠢᠶᠠᠷᠢᠯᠠᠯᠲᠠ᠂ ᠠᠯᠳᠠᠭᠳᠠᠯ᠎ᠤᠨ ᠰᠢᠢ᠍ᠳᠪᠥᠷᠢᠯᠡᠯᠲᠡ᠃
(ᠨᠠᠢ᠍ᠮᠠ) ᠳᠥᠷᠢᠮ᠎ᠳᠤ ᠵᠠᠰᠠᠪᠤᠷᠢ ᠤᠷᠤᠭᠤᠯᠬᠤ ᠵᠢᠷᠤᠮ᠃
(ᠶᠢᠰᠦ) ᠳᠠᠷᠬᠠᠭ᠋ᠠᠬᠤ ᠤᠴᠢᠷ ᠰᠢᠯᠳᠠᠭ᠋ᠠᠨ ᠪᠠ ᠢᠯᠭ᠋ᠠᠷᠠᠭᠤᠯᠤᠨ ᠪᠤᠳᠤᠬᠤ ᠠᠷᠭ᠎ᠠ᠃
(ᠠᠷᠪᠠ) ᠵᠠᠷᠯᠠᠨ ᠮᠡᠳᠡᠭᠳᠡᠬᠦ ᠵᠥᠢ᠍ᠯ ᠬᠢᠭᠡᠳ ᠨᠡᠢ᠌ᠲᠡᠯᠡᠬᠦ ᠬᠡᠯᠪᠡᠷᠢ᠃
(ᠠᠷᠪᠠᠨ ᠨᠢᠭᠡ) ᠲᠣᠭᠲᠠᠭ᠋ᠠᠬᠤ ᠴᠢᠬᠤᠯᠠᠲᠠᠢ ᠪᠤᠰᠤᠳ ᠵᠥᠢ᠍ᠯ᠎ᠤᠳ᠃
ᠠᠷᠪᠠᠨ ᠭᠤᠷᠪᠠᠳᠤᠭ᠋ᠠᠷ ᠵᠥᠢ᠍ᠯ ᠲᠠᠷᠢᠶᠠᠴᠢᠨ᠎ᠤ ᠲᠤᠰᠬᠠᠢ ᠠᠵᠢᠯ᠎ᠤᠨ ᠬᠣᠷᠰᠢᠶ᠎ᠠ ᠵᠢ ᠪᠠᠢ᠌ᠭᠤᠯᠬᠤ᠎ᠳᠤ ᠦᠢ᠍ᠯᠡᠳᠪᠥᠷᠢ ᠬᠤᠳᠠᠯᠳᠤᠭ᠋ᠠᠨ᠎ᠤ ᠵᠠᠰᠠᠭ ᠵᠠᠬᠢᠷᠭ᠋ᠠᠨ᠎ᠤ ᠬᠠᠮᠢᠶᠠᠷᠤᠯᠲᠠ ᠵᠢᠨ ᠰᠠᠯᠠᠭ᠎ᠠ ᠮᠥᠴᠢᠷ᠎ᠲᠤ ᠳᠤᠤᠷ᠎ᠠ ᠵᠢᠭᠰᠠᠭ᠋ᠠᠭᠰᠠᠨ ᠪᠢᠴᠢᠭ ᠮᠠᠲᠸᠷᠢᠶᠠᠯᠤᠳᠢ ᠲᠣᠰᠢᠶᠠᠨ ᠥᠭᠴᠦ᠂ ᠪᠠᠢ᠌ᠭᠤᠯᠬᠤ ᠳᠠᠩᠰᠠᠯᠠᠯᠲᠠ ᠬᠢᠯᠭᠡᠬᠦ᠎ᠪᠠᠷ ᠭᠤᠶᠤᠴᠢᠯᠠᠬᠤ ᠬᠡᠷᠡᠭᠲᠡᠢ᠃
(ᠨᠢᠭᠡ) ᠳᠠᠩᠰᠠᠯᠠᠭᠤᠯᠬᠤ ᠭᠤᠶᠤᠴᠢᠯᠠᠯ᠎ᠤᠨ ᠪᠢᠴᠢᠭ᠃
(ᠬᠤᠶᠠᠷ) ᠪᠥᠬᠦ ᠪᠠᠢ᠌ᠭᠤᠯᠤᠭᠴᠢ ᠵᠢᠨ ᠭᠠᠷᠤᠨ ᠦᠰᠦᠭ ᠵᠢᠷᠤᠵᠤ᠂ ᠲᠠᠮᠠᠭ᠎ᠠ ᠳᠠᠷᠤᠭᠰᠠᠨ ᠪᠠᠢ᠌ᠭᠤᠯᠤᠭᠳᠠᠭᠰᠠᠨ ᠶᠡᠬᠡ ᠬᠤᠷᠠᠯ᠎ᠤᠨ ᠳᠤᠪᠴᠢ ᠲᠡᠮᠳᠡᠭᠯᠡᠯ᠃
(ᠭᠤᠷᠪᠠ) ᠪᠥᠬᠦ ᠪᠠᠢ᠌ᠭᠤᠯᠤᠭᠴᠢ ᠵᠢᠨ ᠭᠠᠷᠤᠨ ᠦᠰᠦᠭ ᠵᠢᠷᠤᠵᠤ᠂ ᠲᠠᠮᠠᠭ᠎ᠠ ᠳᠠᠷᠤᠭᠰᠠᠨ ᠳᠥᠷᠢᠮ᠃
(ᠳᠥᠷᠪᠡ) ᠬᠠᠤᠯᠢ᠎ᠪᠠᠷ ᠳᠤᠭᠲᠠᠭ᠋ᠠᠭᠰᠠᠨ ᠲᠥᠯᠦᠭᠡᠯᠡᠭᠴᠢ᠂ ᠬᠡᠷᠡᠭ ᠡᠷᠬᠢᠯᠡᠭᠴᠢ ᠵᠢᠨ ᠲᠤᠰᠢᠶᠠᠯ ᠡᠭᠦᠷᠭᠡᠯᠡᠭᠰᠡᠨ ᠪᠢᠴᠢᠭ ᠮᠠᠲᠸᠷᠢᠶᠠᠯ ᠬᠢᠭᠡᠳ ᠪᠡᠶ᠎ᠡ ᠵᠢᠨ ᠦᠨᠡᠮᠯᠡᠯ᠃
(ᠲᠠᠪᠤ) ᠪᠡᠯᠡ ᠭᠠᠷᠭ᠋ᠠᠭᠰᠠᠨ ᠪᠥᠷᠢᠯᠳᠦᠭᠦᠨᠤ ᠭᠠᠷᠤᠨ ᠦᠰᠦᠭ ᠵᠢᠷᠤᠵᠤ᠂ ᠲᠠᠮᠠᠭ᠎ᠠ ᠳᠠᠷᠤᠭᠰᠠᠨ ᠪᠡᠯᠡ ᠭᠠᠷᠭ᠋ᠠᠭᠰᠠᠨ ᠨᠠᠷᠢᠨ ᠳᠠᠩᠰᠠ᠃
(ᠵᠢᠷᠭᠤᠭ᠎ᠠ) ᠤᠷᠤᠨ ᠰᠠᠭᠤᠴᠠ ᠵᠢᠨ ᠬᠡᠷᠡᠭᠯᠡᠯᠲᠡ ᠵᠢᠨ ᠭᠡᠷᠡᠴᠢᠯᠡᠯ᠃
(ᠳᠤᠯᠤᠭ᠎ᠠ) ᠬᠠᠤᠯᠢ ᠴᠠᠭ᠋ᠠᠵᠠ᠂ ᠵᠠᠰᠠᠭ ᠵᠠᠬᠢᠷᠭ᠋ᠠᠨ᠎ᠤ ᠬᠠᠤᠯᠢ ᠳᠥᠷᠢᠮ᠎ᠳᠤ ᠳᠤᠭᠲᠠᠭ᠋ᠠᠭᠰᠠᠨ ᠪᠤᠰᠤᠳ ᠮᠠᠲᠸᠷᠢᠶᠠᠯ᠎ᠤᠳ᠃
ᠳᠠᠩᠰᠠᠯᠠᠬᠤ ᠪᠠᠢ᠌ᠭᠤᠯᠭ᠎ᠠ᠎ᠨᠢ ᠳᠠᠩᠰᠠᠯᠠᠭᠤᠯᠬᠤ ᠭᠤᠶᠤᠴᠢᠯᠠᠯ᠎ᠢ ᠬᠦᠯᠢᠶᠡᠨ ᠠᠪᠤᠭᠰᠠᠨ ᠡᠳᠦᠷ᠎ᠠᠴᠠ ᠡᠬᠢᠯᠡᠨ ᠬᠣᠷᠢᠨ ᠡᠳᠦᠷ᠎ᠤᠨ ᠳᠤᠲᠤᠷ᠎ᠠ ᠰᠢᠢ᠍ᠳᠪᠥᠷᠢᠯᠡᠵᠦ ᠳᠠᠭᠤᠰᠬᠠᠭ᠋ᠠᠳ᠂ ᠳᠠᠩᠰᠠᠯᠠᠬᠤ ᠨᠥᠬᠦᠴᠡᠯ᠎ᠳᠤ ᠨᠡᠢ᠌ᠴᠡᠭᠰᠡᠨ ᠭᠤᠶᠤᠴᠢᠯᠠᠭᠴᠢ᠎ᠳᠤ ᠡᠵᠡᠩᠨᠡᠯᠲᠡ ᠵᠢᠨ ᠦᠨᠡᠮᠯᠡᠯ ᠣᠯᠭᠣᠬᠤ ᠬᠡᠷᠡᠭᠲᠡᠢ᠃
ᠲᠠᠷᠢᠶᠠᠴᠢᠨ᠎ᠤ ᠲᠤᠰᠬᠠᠢ ᠠᠵᠢᠯ᠎ᠤᠨ ᠬᠤᠷᠰᠢᠶᠠᠨ᠎ᠤ ᠬᠠᠤᠯᠢ᠎ᠪᠠᠷ ᠲᠤᠭᠲᠠᠭ᠋ᠠᠭᠰᠠᠨ ᠳᠠᠩᠰᠠᠯᠠᠬᠤ ᠵᠥᠢ᠍ᠯ᠎ᠢ ᠬᠤᠪᠢᠷᠠᠭᠤᠯᠪᠠᠯ᠂ ᠬᠤᠪᠢᠷᠠᠭᠤᠯᠬᠤ ᠳᠠᠩᠰᠠᠯᠠᠯᠲᠠ ᠬᠢᠯᠭᠡᠬᠦ᠎ᠪᠠᠷ ᠭᠤᠶᠤᠴᠢᠯᠠᠬᠤ ᠬᠡᠷᠡᠭᠲᠡᠢ᠃
ᠲᠠᠷᠢᠶᠠᠴᠢᠨ᠎ᠤ ᠳᠤᠰᠬᠠᠢ ᠠᠵᠢᠯ᠎ᠤᠨ ᠬᠤᠷᠰᠢᠶᠠᠨ᠎ᠤ ᠳᠠᠩᠰᠠᠯᠠᠬᠤ ᠠᠷᠭ᠎ᠠ ᠵᠢ ᠲᠥᠷᠦ ᠵᠢᠨ ᠶᠠᠪᠤᠳᠠᠯ᠎ᠤᠨ ᠬᠤᠷᠢᠶᠠᠨ᠎ᠠᠴᠠ ᠳᠣᠭᠲᠠᠭ᠋ᠠᠨ᠎ᠠ᠃ ᠳᠠᠩᠰᠠᠯᠠᠯᠲᠠ ᠬᠢᠬᠦ᠎ᠳᠤ ᠰᠦᠢ᠍ᠳᠭᠡᠯ ᠬᠤᠷᠢᠶᠠᠵᠤ ᠪᠣᠯᠬᠣ ᠦᠭᠡᠢ᠃
ᠭᠤᠷᠪᠠᠳᠤᠭ᠋ᠠᠷ ᠪᠦᠯᠦᠭ ᠪᠦᠷᠢᠯᠳᠦᠭᠦᠨ
ᠠᠷᠪᠠᠨ ᠳᠥᠷᠪᠡᠳᠦᠭᠡᠷ ᠵᠦᠢ᠍ᠯ ᠢᠷᠭᠡᠨ᠎ᠤ ᠬᠡᠷᠡᠭ᠎ᠤᠨ ᠠᠵᠢᠯᠯᠠᠭ᠋ᠠᠨ᠎ᠤ ᠴᠢᠳᠠᠪᠤᠷᠢ ᠪᠦᠬᠦᠢ ᠠᠷᠠᠳ ᠢᠷᠭᠡᠨ ᠬᠢᠭᠡᠳ ᠲᠠᠷᠢᠶᠠᠴᠢᠨ᠎ᠤ ᠲᠤᠰᠬᠠᠢ ᠠᠵᠢᠯ᠎ᠤᠨ ᠬᠣᠷᠰᠢᠶ᠎ᠠ ᠵᠢᠨ ᠲᠤᠬᠠᠢ᠌ᠯᠠᠭᠰᠠᠨ ᠠᠵᠢᠯ᠎ᠲᠠᠢ ᠰᠢᠭᠤᠳ ᠬᠣᠯᠪᠤᠭᠳᠠᠬᠤ ᠦᠢ᠍ᠯᠡᠳᠪᠦᠷᠢᠯᠡᠯ ᠡᠵᠡᠩᠨᠡᠯᠲᠡ ᠵᠢᠨ ᠠᠵᠢᠯᠯᠠᠭ᠎ᠠ ᠡᠷᠬᠢᠯᠡᠵᠦ ᠪᠠᠢ᠌ᠭ᠎ᠠ ᠠᠵᠤ ᠠᠬᠤᠢ᠌ᠯᠠᠯ᠂ ᠠᠵᠢᠯ ᠦᠢ᠍ᠯᠡᠰ᠎ᠤᠨ ᠨᠢᠭᠡᠴᠢ ᠪᠤᠶᠤ ᠨᠡᠢ᠌ᠭᠡᠮ᠎ᠤᠨ ᠪᠦᠯᠬᠦᠮ᠎ᠤᠳ ᠲᠠᠷᠢᠶᠠᠴᠢᠨ᠎ᠤ ᠲᠤᠰᠬᠠᠢ ᠠᠵᠢᠯ᠎ᠤᠨ ᠬᠤᠷᠰᠢᠶᠠᠨ᠎ᠤ ᠬᠠᠩᠭ᠋ᠠᠭᠰᠠᠨ ᠦᠢ᠍ᠯᠡᠴᠢᠯᠡᠭᠡ ᠵᠢ
ᠠᠰᠢᠭᠯᠠᠨ᠂ ᠲᠠᠷᠢᠶᠠᠴᠢᠨ᠎ᠤ ᠲᠤᠰᠬᠠᠢ ᠠᠵᠢᠯ᠎ᠤᠨ ᠬᠤᠷᠰᠢᠶᠠᠨ᠎ᠤ ᠳᠦᠷᠢᠮ᠎ᠢ ᠵᠦᠪᠰᠢᠶᠡᠷᠡᠨ ᠵᠢᠷᠤᠮᠯᠠᠵᠤ᠂ ᠳᠦᠷᠢᠮ᠎ᠳᠤ ᠲᠣᠭᠳᠠᠭ᠋ᠠᠭᠰᠠᠨ ᠬᠤᠷᠰᠢᠶ᠎ᠠ᠎ᠳᠤ ᠣᠷᠣᠬᠣ ᠭᠠᠷ ᠬᠦᠢ᠍ᠴᠡᠳᠭᠡᠯ᠎ᠢ ᠭᠦᠢ᠍ᠴᠡᠳᠭᠡᠪᠡᠯ᠂ ᠲᠠᠷᠢᠶᠠᠴᠢᠨ᠎ᠤ ᠲᠤᠰᠬᠠᠢ ᠠᠵᠢᠯ᠎ᠤᠨ ᠬᠣᠷᠰᠢᠶᠠᠨ᠎ᠤ ᠪᠦᠷᠢᠯᠳᠦᠭᠦᠨ ᠪᠣᠯᠵᠤ ᠪᠤᠯᠤᠨ᠎ᠠ᠃ ᠭᠡᠪᠡᠴᠦ ᠨᠡᠢ᠌ᠲᠡ ᠵᠢᠨ ᠬᠡᠷᠡᠭ ᠶᠠᠪᠤᠳᠠᠯ᠎ᠢ ᠬᠠᠮᠢᠶᠠᠷᠬᠤ ᠡᠭᠦᠷᠭᠡ ᠴᠢᠳᠠᠪᠦᠷᠢ ᠪᠦᠬᠦᠢ ᠨᠢᠭᠡᠴᠢ ᠲᠠᠷᠢᠶᠠᠴᠢᠨ᠎ᠤ ᠲᠤᠰᠬᠠᠢ ᠠᠵᠢᠯ᠎ᠤᠨ ᠬᠣᠷᠰᠢᠶ᠎ᠠ᠎ᠳᠤ ᠣᠷᠤᠯᠴᠠᠵᠤ ᠪᠣᠯᠬᠤ ᠦᠭᠡᠢ᠃
ᠲᠠᠷᠢᠶᠠᠴᠢᠨ᠎ᠤ ᠲᠤᠰᠬᠠᠢ ᠠᠵᠢᠯ᠎ᠤᠨ ᠬᠣᠷᠰᠢᠶ᠎ᠠ᠎ᠨᠢ ᠪᠦᠷᠢᠯᠳᠦᠭᠦᠨ᠎ᠤ᠎ᠪᠠᠨ ᠨᠡᠷ᠎ᠡ ᠵᠢᠨ ᠳᠠᠩᠰᠠ ᠵᠢ ᠪᠡᠯᠡᠳᠬᠡᠬᠦ ᠵᠢᠨ ᠬᠠᠮᠲᠦ ᠲᠡᠭᠦᠨ ᠵᠶ᠋ᠡᠨ ᠳᠠᠩᠰᠠᠯᠠᠬᠤ ᠪᠠᠢ᠌ᠭᠤᠯᠤᠯᠭ᠎ᠠ᠎ᠳᠤ ᠮᠡᠳᠡᠭᠦᠯᠬᠦ ᠬᠡᠷᠡᠭᠲᠡᠢ᠃
ᠠᠷᠪᠠᠨ ᠲᠠᠪᠤᠳᠤᠭ᠋ᠠᠷ ᠵᠦᠢ᠍ᠯ ᠲᠠᠷᠢᠶᠠᠴᠢᠨ᠎ᠤ ᠲᠤᠰᠬᠠᠢ ᠠᠵᠢᠯ᠎ᠤᠨ ᠬᠣᠷᠰᠢᠶᠠᠨ᠎ᠤ ᠪᠦᠷᠢᠯᠳᠦᠭᠦᠨ᠎ᠤ ᠳᠣᠲᠤᠷ᠎ᠠ ᠠᠳᠠᠭ᠎ᠲᠠᠭᠠᠨ ᠪᠦᠷᠢᠯᠳᠦᠭᠦᠨ᠎ᠤ ᠪᠦᠬᠦ ᠲᠣᠭ᠋ᠠᠨ᠎ᠤ ᠵᠠᠭᠤᠨ᠎ᠤ ᠨᠠᠶᠠ ᠵᠢ ᠡᠵᠡᠯᠡᠬᠦ ᠬᠡᠷᠡᠭᠲᠡᠢ᠃
ᠪᠦᠷᠢᠯᠳᠦᠭᠦᠨ᠎ᠤ ᠪᠦᠬᠦ ᠲᠣᠭ᠎ᠠ᠎ᠨᠢ ᠬᠣᠷᠢᠨ ᠬᠦᠮᠦᠨ ᠬᠦᠷᠬᠦ ᠦᠭᠡᠢ ᠪᠠᠢ᠌ᠪᠠᠯ᠂ ᠨᠢᠭᠡ ᠠᠵᠤ ᠠᠬᠤᠢ᠌ᠯᠠᠯ᠂ ᠠᠵᠢᠯ ᠦᠢ᠍ᠯᠡᠰ᠎ᠤᠨ ᠨᠢᠭᠡᠴᠢ ᠪᠤᠶᠤ ᠨᠡᠢ᠌ᠭᠡᠮ᠎ᠤᠨ ᠪᠦᠯᠬᠦᠮ᠎ᠤᠨ ᠪᠦᠷᠢᠯᠳᠦᠭᠦᠨ ᠪᠠᠢ᠌ᠵᠣ ᠪᠣᠯᠣᠨ᠎ᠠ᠃ ᠪᠦᠷᠢᠯᠳᠦᠭᠦᠨ᠎ᠤ ᠪᠦᠬᠦ ᠲᠣᠭ᠎ᠠ᠎ᠨᠢ ᠬᠣᠷᠢᠨ ᠬᠦᠮᠦᠨ᠎ᠠᠴᠠ ᠬᠡᠲᠦᠷᠡᠭᠰᠡᠨ ᠪᠠᠢ᠌ᠪᠠᠯ᠂ ᠠᠵᠤ ᠠᠬᠤᠢ᠌ᠯᠠᠯ᠂ ᠠᠵᠢᠯ ᠦᠢ᠍ᠯᠡᠰ᠎ᠤᠨ ᠨᠢᠭᠡᠴᠢ ᠪᠠ ᠨᠡᠢ᠌ᠭᠡᠮ᠎ᠤᠨ ᠪᠦᠯᠭᠦᠮ᠎ᠤᠨ ᠪᠦᠷᠢᠯᠳᠦᠭᠦᠨ᠎ᠨᠢ ᠪᠦᠷᠢᠯᠳᠦᠭᠦᠨ᠎ᠤ ᠪᠦᠬᠦ ᠲᠣᠭ᠋ᠠᠨ᠎ᠤ ᠵᠠᠭᠤᠨ᠎ᠤ ᠲᠠᠪᠤ᠎ᠠᠴᠠ ᠬᠡᠲᠦᠷᠡᠵᠦ ᠪᠣᠯᠬᠤ ᠦᠭᠡᠢ᠃
ᠠᠷᠪᠠᠨ ᠵᠢᠷᠭᠤᠳᠤᠭ᠋ᠠᠷ ᠵᠦᠢ᠍ᠯ ᠲᠠᠷᠢᠶᠠᠴᠢᠨ᠎ᠤ ᠲᠤᠰᠬᠠᠢ ᠠᠵᠢᠯ᠎ᠤᠨ ᠬᠣᠷᠰᠢᠶᠠᠨ᠎ᠤ ᠪᠦᠷᠢᠯᠳᠦᠭᠦᠨ᠎ᠨᠢ ᠳᠣᠣᠷ᠎ᠠ ᠵᠢᠭᠰᠠᠭ᠋ᠠᠭᠰᠠᠨ ᠡᠷᠬᠡ᠎ᠨᠦᠭᠦᠳ᠎ᠢ ᠡᠳ᠋ᠯᠡᠨ᠎ᠡ᠄
(ᠨᠢᠭᠡ) ᠪᠦᠷᠢᠯᠳᠦᠭᠦᠨ᠎ᠤ ᠶᠡᠬᠡ ᠬᠤᠷᠠᠯ᠎ᠳᠤ ᠣᠷᠤᠯᠴᠠᠬᠤ ᠪᠦᠭᠡᠳ ᠪᠠᠲᠤᠯᠠᠬᠤ ᠡᠷᠬᠡ᠂ ᠰᠤᠩᠭᠤᠬᠤ ᠡᠷᠬᠡ ᠪᠠ ᠰᠤᠩᠭᠤᠭᠳᠠᠬᠤ ᠡᠷᠬᠡ ᠵᠢ ᠡᠳ᠋ᠯᠡᠵᠦ᠂ ᠳᠦᠷᠢᠮ᠎ᠤᠨ ᠲᠣᠭᠲᠠᠭ᠋ᠠᠯ ᠶᠣᠰᠣᠭ᠋ᠠᠷ ᠲᠤᠰ ᠬᠣᠷᠰᠢᠶ᠎ᠠ᠎ᠳᠤ ᠠᠷᠠᠳᠴᠢᠯᠠᠭᠰᠠᠨ ᠬᠠᠮᠢᠶᠠᠷᠤᠯᠲᠠ ᠵᠢ ᠬᠡᠷᠡᠭᠵᠢᠭᠦᠯᠦᠨ᠎ᠡ᠃
(ᠬᠣᠶᠠᠷ) ᠲᠤᠰ ᠬᠣᠷᠰᠢᠶᠠᠨ᠎ᠤ ᠬᠠᠩᠭ᠋ᠠᠭᠰᠠᠨ ᠦᠢ᠍ᠯᠡᠴᠢᠯᠡᠭᠡ ᠪᠠ ᠦᠢ᠍ᠯᠡᠳᠪᠦᠷᠢᠯᠡᠯ ᠡᠵᠡᠩᠨᠡᠯᠲᠡ ᠵᠢᠨ ᠲᠦᠭᠦᠭᠡᠷᠦᠮᠵᠢ ᠵᠢ ᠬᠠᠩᠭ᠋ᠠᠨ᠎ᠠ᠃
(ᠭᠤᠷᠪᠠ) ᠳᠦᠷᠢᠮ᠎ᠤᠨ ᠲᠣᠭᠲᠠᠭ᠋ᠠᠯ ᠪᠤᠶᠤ ᠪᠦᠷᠢᠯᠳᠦᠭᠦᠨ᠎ᠤ ᠶᠡᠬᠡ ᠬᠤᠷᠠᠯ᠎ᠤᠨ ᠰᠢᠢ᠍ᠳᠪᠦᠷᠢ ᠶᠣᠰᠤᠭ᠋ᠠᠷ ᠦᠯᠡᠳᠡᠪᠦᠷᠢ ᠵᠢ ᠬᠤᠪᠢᠶᠠᠨ ᠡᠳ᠋ᠯᠡᠨ᠎ᠡ᠃
(ᠳᠥᠷᠪᠡ) ᠲᠤᠰ ᠬᠤᠷᠰᠢᠶᠠᠨ᠎ᠤ ᠳᠦᠷᠢᠮ᠂ ᠪᠦᠷᠢᠯᠳᠦᠭᠦᠨ᠎ᠤ ᠨᠡᠷ᠎ᠡ ᠵᠢᠨ ᠳᠠᠩᠰᠠ᠂ ᠪᠦᠷᠢᠯᠳᠦᠭᠦᠨ᠎ᠤ ᠶᠡᠭᠡ ᠬᠤᠷᠠᠯ ᠪᠣᠶᠣ ᠪᠦᠷᠢᠯᠳᠦᠭᠦᠨ᠎ᠤ ᠲᠦᠯᠦᠭᠡᠯᠡᠭᠴᠢᠳ᠎ᠤᠨ ᠶᠡᠭᠡ ᠬᠤᠷᠠᠯ᠎ᠤᠨ ᠲᠡᠮᠳᠡᠭᠯᠡᠯ᠂ ᠬᠡᠷᠡᠭ ᠡᠷᠬᠢᠯᠡᠭᠴᠢᠳ᠎ᠤᠨ ᠵᠦᠪᠯᠡᠯ᠎ᠤᠨ ᠬᠤᠷᠠᠯᠳᠤᠭ᠋ᠠᠨ᠎ᠤ ᠰᠢᠢ᠍ᠳᠪᠦᠷᠢ᠂ ᠬᠢᠨᠠᠭᠴᠢᠳ᠎ᠤᠨ ᠵᠦᠪᠯᠡᠯ᠎ᠤᠨ ᠬᠤᠷᠠᠯᠳᠤᠭ᠋ᠠᠨ᠎ᠤ ᠰᠢᠢ᠍ᠳᠪᠦᠷᠢ᠂ ᠡᠳ᠋᠎ᠤᠨ ᠶᠠᠪᠤᠳᠠᠯ᠎ᠤᠨ ᠨᠢᠭᠲᠠᠯᠠᠨ ᠪᠤᠳᠤᠯᠲᠠ ᠵᠢᠨ ᠮᠡᠳᠡᠭᠦᠯᠦᠯᠲᠡ ᠪᠠ ᠨᠢᠭᠲᠠᠯᠠᠨ ᠪᠣᠳᠤᠯᠲᠠ ᠵᠢᠨ ᠳᠠᠩᠰᠠ ᠬᠠᠷ᠎ᠠ ᠵᠢ ᠪᠠᠢ᠌ᠴᠠᠭ᠋ᠠᠨ ᠦᠵᠡᠨ᠎ᠡ᠃
(ᠲᠠᠪᠤ) ᠳᠦᠷᠢᠮ᠎ᠳᠤ ᠲᠣᠭᠲᠠᠭ᠋ᠠᠭᠰᠠᠨ ᠪᠤᠰᠤᠳ ᠡᠷᠬᠡ᠎ᠨᠦᠭᠦᠳ᠃
ᠠᠷᠪᠠᠨ ᠳᠣᠯᠤᠳᠤᠭ᠋ᠠᠷ ᠵᠦᠢ᠍ᠯ ᠲᠠᠷᠢᠶᠠᠴᠢᠨ᠎ᠤ ᠲᠤᠰᠬᠠᠢ ᠬᠤᠷᠰᠢᠶᠠᠨ᠎ᠤ ᠪᠦᠷᠢᠯᠳᠦᠭᠦᠨ᠎ᠤ ᠶᠡᠭᠡ ᠬᠤᠷᠠᠯ᠎ᠨᠢ ᠰᠤᠩᠭᠤᠬᠤ ᠪᠠ ᠪᠠᠲᠤᠯᠠᠬᠤ᠎ᠳᠠᠭᠠᠨ ᠨᠢᠭᠡ ᠬᠦᠮᠦᠨ ᠪᠤᠶᠤ ᠨᠢᠭᠡ ᠫᠢᠶᠤᠤ ᠥᠭᠬᠦ ᠳᠦᠷᠢᠮ᠎ᠢ ᠭᠡᠷᠡᠭᠵᠢᠭᠦᠯᠵᠦ᠂ ᠪᠦᠷᠢᠯᠳᠦᠭᠦᠨ ᠨᠢᠭᠡᠪᠦᠷᠢ ᠨᠢᠭᠡ ᠫᠢᠶᠤᠤ ᠵᠢᠨ ᠦᠨᠳᠦᠰᠦᠨ ᠪᠠᠲᠤᠯᠠᠬᠤ ᠡᠷᠬᠡ ᠵᠢ ᠡᠳ᠋ᠯᠡᠨ᠎ᠡ᠃
ᠪᠡᠯᠡ ᠭᠠᠷᠭ᠋ᠠᠭᠰᠠᠨ ᠲᠣᠭ᠎ᠠ ᠪᠤᠶᠤ ᠲᠤᠰ ᠬᠣᠷᠰᠢᠶᠠᠯᠤᠭᠠ ᠠᠷᠠᠯᠵᠢᠶᠠᠯᠠᠭᠰᠠᠨ ᠬᠡᠮᠵᠢᠶ᠎ᠡ (ᠲᠣᠭ᠎ᠠ)᠎ᠪᠠᠷ ᠨᠡᠯᠢᠶᠡᠳ ᠶᠡᠬᠡ ᠪᠦᠷᠢᠯᠳᠦᠭᠦᠨ᠎ᠨᠢ ᠳᠦᠷᠢᠮ᠎ᠤᠨ ᠲᠣᠭᠲᠠᠭ᠋ᠠᠯ ᠶᠣᠰᠤᠭ᠋ᠠᠷ ᠳᠠᠭ᠋ᠠᠯᠳᠤᠭᠰᠠᠨ ᠪᠠᠲᠤᠯᠠᠬᠤ ᠡᠷᠬᠡ ᠵᠢ ᠡᠳ᠋ᠯᠡᠵᠦ ᠪᠣᠯᠣᠨ᠎ᠠ᠃ ᠲᠤᠰ ᠬᠣᠷᠰᠢᠶᠠᠨ᠎ᠤ ᠳᠠᠭ᠋ᠠᠯᠳᠤᠭᠰᠠᠨ ᠪᠠᠲᠤᠯᠠᠬᠤ ᠡᠷᠬᠡ ᠵᠢᠨ ᠫᠢᠶᠤᠤ ᠵᠢᠨ ᠪᠦᠬᠦ ᠲᠣᠭ᠎ᠠ᠎ᠨᠢ ᠲᠤᠰ ᠬᠤᠷᠰᠢᠶᠠᠨ᠎ᠤ ᠪᠦᠷᠢᠯᠳᠦᠬᠦᠨ᠎ᠤ ᠪᠠᠲᠤᠯᠠᠬᠤ ᠡᠷᠬᠡ ᠵᠢᠨ ᠪᠦᠬᠦ ᠫᠢᠶᠣᠣ ᠵᠢᠨ ᠲᠣᠭ᠋ᠠᠨ᠎ᠤ ᠵᠠᠭᠤᠨ᠎ᠤ ᠬᠣᠷᠢ᠎ᠠᠴᠠ ᠬᠡᠲᠦᠷᠡᠵᠦ ᠪᠣᠯᠬᠤ ᠦᠭᠡᠢ᠃ ᠳᠠᠭ᠋ᠠᠯᠳᠤᠭᠰᠠᠨ ᠪᠠᠲᠤᠯᠠᠬᠤ ᠡᠷᠬᠡ ᠵᠢ ᠡᠳ᠋ᠯᠡᠭᠰᠡᠨ ᠪᠦᠷᠢᠯᠳᠦᠬᠦᠨ ᠬᠢᠭᠡᠳ ᠲᠡᠭᠦᠨ᠎ᠤ ᠡᠳ᠋ᠯᠡᠭᠰᠡᠨ ᠳᠠᠭ᠋ᠠᠯᠳᠤᠭᠰᠠᠨ ᠪᠠᠲᠤᠯᠠᠬᠤ ᠡᠷᠬᠡ ᠵᠢᠨ ᠲᠣᠭ᠎ᠠ ᠵᠢ ᠪᠦᠷᠢᠯᠳᠦᠭᠦᠨ᠎ᠤ ᠶᠡᠬᠡ ᠬᠤᠷᠠᠯ᠎ᠢ ᠬᠤᠷᠠᠯᠳᠤᠭᠤᠯᠬᠤ ᠪᠦᠷᠢ ᠬᠤᠷᠠᠯ᠎ᠳᠤ ᠣᠷᠤᠯᠴᠠᠭᠰᠠᠨ ᠪᠦᠷᠢᠯᠳᠦᠬᠦᠨ᠎ᠢ ᠮᠡᠳᠡᠭᠳᠡᠬᠦ ᠬᠡᠷᠡᠭᠲᠡᠢ᠃
ᠳᠦᠷᠢᠮ᠎ᠳᠤ ᠳᠠᠭ᠋ᠠᠯᠳᠤᠭᠰᠠᠨ ᠪᠠᠲᠤᠯᠠᠬᠤ ᠡᠷᠬᠡ ᠵᠢᠨ ᠬᠡᠷᠡᠭᠯᠡᠬᠦ ᠬᠡᠪᠴᠢᠶ᠎ᠡ ᠵᠢ ᠬᠢᠵᠠᠭ᠋ᠠᠷᠯᠠᠵᠤ ᠪᠣᠯᠣᠨ᠎ᠠ᠃
ᠠᠷᠪᠠᠨ ᠨᠠᠢ᠍ᠮᠠᠳᠤᠭ᠋ᠠᠷ ᠵᠦᠢ᠍ᠯ ᠲᠠᠷᠢᠶᠠᠴᠢᠨ᠎ᠤ ᠲᠤᠰᠬᠠᠢ ᠠᠵᠢᠯ᠎ᠤᠨ ᠬᠤᠷᠰᠢᠶᠠᠨ᠎ᠤ ᠪᠦᠷᠢᠯᠳᠦᠭᠦᠨ᠎ᠨᠢ ᠳᠣᠣᠷ᠎ᠠ ᠵᠢᠭᠰᠠᠭ᠋ᠠᠭᠰᠠᠨ ᠡᠭᠦᠷᠭᠡ᠎ᠨᠦᠭᠦᠳ᠎ᠢ ᠡᠭᠦᠷᠭᠡᠯᠡᠨ᠎ᠡ᠄
(ᠨᠢᠭᠡ) ᠪᠦᠷᠢᠯᠳᠦᠭᠦᠨ᠎ᠤ ᠶᠡᠬᠡ ᠬᠤᠷᠠᠯ᠂ ᠪᠦᠷᠢᠯᠳᠦᠭᠦᠨ᠎ᠤ ᠲᠦᠯᠦᠭᠡᠯᠡᠭᠴᠢᠳ᠎ᠤᠨ ᠶᠡᠬᠡ ᠬᠤᠷᠠᠯ ᠪᠠ ᠬᠡᠷᠡᠭ ᠡᠷᠬᠢᠯᠡᠭᠴᠢᠳ᠎ᠤᠨ ᠵᠦᠪᠯᠡᠯ᠎ᠤᠨ ᠰᠢᠢ᠍ᠳᠪᠦᠷᠢ ᠵᠢ ᠬᠡᠷᠡᠭᠵᠢᠭᠦᠯᠦᠨ᠎ᠡ᠃
(ᠬᠣᠶᠠᠷ) ᠳᠦᠷᠢᠮ᠎ᠳᠤ ᠲᠤᠭᠳᠠᠭ᠋ᠠᠭᠰᠠᠨ ᠶᠣᠰᠤᠭ᠋ᠠᠷ ᠲᠤᠰ ᠬᠣᠷᠰᠢᠶ᠎ᠠ᠎ᠳᠤ ᠪᠡᠯᠡ ᠭᠠᠷᠭ᠋ᠠᠨ᠎ᠠ᠃
(ᠭᠤᠷᠪᠠ) ᠳᠦᠷᠢᠮ᠎ᠳᠤ ᠲᠤᠭᠲᠠᠭ᠋ᠠᠭᠰᠠᠨ ᠶᠤᠰᠤᠭ᠋ᠠᠷ ᠲᠤᠰ ᠬᠤᠷᠰᠢᠶ᠎ᠠ᠎ᠲᠠᠢ ᠠᠷᠠᠯᠵᠢᠶ᠎ᠠ ᠬᠢᠨ᠎ᠡ᠃
(ᠳᠥᠷᠪᠡ) ᠳᠦᠷᠢᠮ᠎ᠳᠤ ᠲᠤᠭᠲᠠᠭ᠋ᠠᠭᠰᠠᠨ ᠶᠣᠰᠤᠭ᠋ᠠᠷ ᠠᠯᠳᠠᠭᠳᠠᠯ᠎ᠢ ᠡᠭᠦᠷᠭᠡᠯᠡᠨ᠎ᠡ᠃
(ᠲᠠᠪᠤ) ᠳᠦᠷᠢᠮ᠎ᠳᠤ ᠲᠣᠭᠲᠠᠭ᠋ᠠᠭᠰᠠᠨ ᠪᠤᠰᠤᠳ ᠡᠭᠦᠷᠭᠡᠨᠦᠭᠦᠳ᠃
ᠠᠷᠪᠠ ᠶᠢᠰᠦᠳᠦᠭᠡᠷ ᠵᠦᠢ᠍ᠯ ᠲᠠᠷᠢᠶᠠᠴᠢᠨ᠎ᠤ ᠲᠤᠰᠬᠠᠢ ᠠᠵᠢᠯ᠎ᠤᠨ ᠬᠣᠷᠰᠢᠶᠠᠨ᠎ᠤ ᠪᠦᠷᠢᠯᠳᠦᠭᠦᠨ ᠬᠤᠷᠰᠢᠶ᠎ᠠ᠎ᠠᠴᠠ ᠭᠠᠷᠬᠤ᠎ᠪᠠᠷ ᠱᠠᠭ᠋ᠠᠷᠳᠠᠪᠠᠯ᠂ ᠡᠳ᠋᠎ᠤᠨ ᠶᠠᠪᠤᠳᠠᠯ᠎ᠤᠨ ᠣᠨ ᠳᠠᠭᠤᠰᠬᠤ᠎ᠠᠴᠠ ᠭᠤᠷᠪᠠᠨ ᠰᠠᠷ᠎ᠠ ᠵᠢᠨ ᠡᠮᠦᠨ᠎ᠡ ᠬᠡᠷᠡᠭ ᠡᠷᠬᠢᠯᠡᠭᠴᠢᠳ᠎ᠤᠨ ᠳᠠᠷᠤᠭ᠎ᠠ ᠪᠤᠶᠤ ᠬᠡᠷᠡᠭ ᠡᠷᠬᠢᠯᠡᠭᠴᠢᠳ᠎ᠤᠨ ᠵᠦᠪᠯᠡᠯ᠎ᠳᠤ ᠳᠤᠷᠠᠳᠬᠤ ᠬᠡᠷᠡᠭᠲᠡᠢ᠃ ᠡᠭᠦᠨ᠎ᠳᠤ ᠠᠵᠤ ᠠᠬᠤᠢ᠌ᠯᠠᠯ᠂ ᠠᠵᠢᠯ ᠦᠢ᠍ᠯᠡᠰ᠎ᠤᠨ ᠨᠢᠭᠡᠴᠢ ᠪᠤᠶᠤ ᠨᠡᠢ᠌ᠭᠡᠮ᠎ᠤᠨ ᠪᠦᠯᠭᠦᠮ᠎ᠤᠨ ᠪᠦᠷᠢᠯᠳᠦᠭᠦᠨ ᠬᠤᠷᠰᠢᠶ᠎ᠠ᠎ᠠᠴᠠ ᠭᠠᠷᠬᠤ᠎ᠳᠤ ᠡᠳ᠋᠎ᠤᠨ ᠶᠠᠪᠤᠳᠠᠯ᠎ᠤᠨ ᠣᠨ ᠳᠠᠭᠤᠰᠬᠤ᠎ᠠᠴᠠ ᠵᠢᠷᠭᠤᠭ᠋ᠠᠨ ᠰᠠᠷ᠎ᠠ ᠵᠢᠨ ᠡᠮᠦᠨ᠎ᠡ ᠳᠤᠷᠠᠳᠬᠤ ᠬᠡᠷᠡᠭᠲᠡᠢ᠃ ᠳᠦᠷᠢᠮ᠎ᠳᠤ ᠠᠰᠲᠠᠭ᠋ᠠᠨ ᠳᠣᠭᠲᠠᠭ᠋ᠠᠯ᠎ᠲᠠᠢ ᠪᠠᠢ᠌ᠪᠠᠯ ᠲᠡᠷᠡ ᠲᠣᠭᠲᠠᠭ᠋ᠠᠯ᠎ᠢ ᠳᠠᠭ᠋ᠠᠨ᠎ᠠ᠃ ᠬᠣᠷᠰᠢᠶ᠎ᠠ᠎ᠠᠴᠠ ᠭᠠᠷᠬᠤ ᠪᠦᠷᠢᠯᠳᠦᠭᠦᠨ᠎ᠤ ᠬᠢᠷᠢ ᠭᠡᠮ᠎ᠨᠢ ᠡᠳ᠋᠎ᠤᠨ ᠶᠠᠪᠤᠳᠠᠯ᠎ᠤᠨ ᠣᠨ ᠳᠠᠭᠤᠰᠬᠤ ᠦᠶ᠎ᠡ᠎ᠳᠤ ᠳᠠᠭᠤᠰᠤᠨ᠎ᠠ᠃
ᠬᠣᠷᠢᠳᠤᠭ᠋ᠠᠷ ᠵᠦᠢ᠍ᠯ ᠪᠦᠷᠢᠯᠳᠦᠭᠦᠨ᠎ᠨᠢ ᠲᠡᠭᠦᠨ᠎ᠤ ᠬᠢᠷᠢ ᠬᠡᠮ ᠳᠠᠭᠤᠰᠬᠤ᠎ᠠᠴᠠ ᠡᠮᠦᠨ᠎ᠡ ᠲᠠᠷᠢᠶᠠᠴᠢᠨ᠎ᠤ ᠲᠤᠰᠬᠠᠢ ᠠᠵᠢᠯ᠎ᠤᠨ ᠬᠣᠷᠰᠢᠶ᠎ᠠ᠎ᠲᠠᠢ ᠲᠤᠭᠲᠠᠭ᠋ᠠᠭᠰᠠᠨ ᠭᠡᠷ᠎ᠡ᠎ᠪᠠᠨ ᠦᠷᠭᠦᠯᠵᠢᠯᠡᠨ ᠭᠦᠢ᠍ᠴᠡᠳᠭᠡᠬᠦ ᠬᠡᠷᠡᠭᠲᠡᠢ᠃ ᠳᠦᠷᠢᠮ᠎ᠳᠤ ᠠᠰᠲᠠᠭ᠋ᠠᠨ ᠲᠣᠭᠲᠠᠭ᠋ᠠᠯ᠎ᠲᠠᠢ ᠪᠤᠶᠤ ᠲᠤᠰ ᠬᠤᠷᠰᠢᠶ᠎ᠠ᠎ᠲᠠᠢ ᠠᠰᠲᠠᠭ᠋ᠠᠨ ᠪᠤᠯᠵᠤᠭᠠᠲᠠᠢᠨᠢ ᠡᠭᠦᠨ᠎ᠳᠤ ᠪᠠᠭᠲᠠᠬᠤ ᠦᠭᠡᠢ᠃
ᠬᠣᠷᠢᠨ ᠨᠢᠭᠡᠳᠦᠭᠡᠷ ᠵᠦᠢ᠍ᠯ ᠪᠦᠷᠢᠯᠳᠦᠭᠦᠨ᠎ᠤ ᠬᠢᠷᠢ ᠬᠡᠮ᠎ᠨᠢ ᠳᠠᠭᠤᠰᠤᠭᠰᠠᠨ ᠪᠠᠢ᠌ᠪᠠᠯ᠂ ᠲᠠᠷᠢᠶᠠᠴᠢᠨ᠎ᠤ ᠲᠤᠰᠬᠠᠢ ᠠᠵᠢᠯ᠎ᠤᠨ ᠬᠤᠷᠰᠢᠶ᠎ᠠ᠎ᠨᠢ ᠳᠦᠷᠢᠮ᠎ᠳᠤ ᠲᠣᠭᠲᠠᠭ᠋ᠠᠭᠰᠠᠨ ᠬᠡᠯᠪᠡᠷᠢ ᠪᠠ ᠬᠤᠭᠤᠴᠠᠭ᠎ᠠ ᠶᠣᠰᠤᠭ᠋ᠠᠷ᠂ ᠲᠤᠰ ᠪᠦᠷᠢᠯᠳᠦᠭᠦᠨ᠎ᠤ ᠳᠠᠩᠰᠠᠨ᠎ᠳᠤ ᠳᠡᠮᠳᠡᠭᠯᠡᠵᠦ ᠪᠠᠢ᠌ᠭ᠎ᠠ ᠪᠡᠯᠡ ᠭᠠᠷᠭ᠋ᠠᠭᠰᠠᠨ ᠲᠣᠭ᠎ᠠ ᠪᠠ ᠨᠡᠢ᠌ᠲᠡ ᠵᠢᠨ ᠬᠤᠷᠠᠮᠳᠤᠯᠭ᠎ᠠ ᠵᠢᠨ ᠮᠦᠩᠭᠦ ᠵᠢᠨ ᠬᠤᠪᠢ ᠵᠢᠨ ᠲᠣᠭ᠎ᠠ ᠵᠢ ᠪᠤᠴᠠᠭ᠋ᠠᠵᠤ ᠥᠭᠬᠦ ᠬᠡᠷᠡᠭᠲᠡᠢ᠃ ᠪᠦᠷᠢᠯᠳᠦᠭᠦᠨ᠎ᠤ ᠬᠢᠷᠢ ᠬᠡᠮ᠎ᠨᠢ ᠳᠠᠭᠤᠰᠬᠤ᠎ᠠᠴᠠ ᠡᠮᠦᠨᠡᠬᠢ ᠬᠤᠪᠢᠶᠠᠷᠢᠯᠠᠵᠤ ᠪᠣᠯᠬᠤ ᠦᠯᠡᠳᠡᠪᠦᠷᠢ ᠵᠢ ᠲᠤᠰ ᠬᠠᠤᠯᠢ ᠵᠢᠨ ᠭᠤᠴᠢᠨ ᠳᠣᠯᠣᠳᠤᠭ᠋ᠠᠷ ᠵᠦᠢ᠍ᠯ᠎ᠤᠨ ᠬᠣᠶᠠᠳᠤᠭ᠋ᠠᠷ ᠪᠠᠳᠠᠭ᠎ᠤᠨ ᠲᠣᠭᠲᠠᠭ᠋ᠠᠯ ᠶᠣᠰᠣᠭ᠋ᠠᠷ ᠲᠡᠭᠦᠨ᠎ᠳᠤ ᠪᠤᠴᠠᠭ᠋ᠠᠵᠤ ᠥᠭᠬᠦ ᠬᠡᠷᠡᠭᠲᠡᠢ᠃
ᠳᠥᠷᠪᠡᠳᠦᠭᠡᠷ ᠪᠦᠯᠦᠭ ᠵᠤᠬᠢᠶᠠᠨ ᠪᠠᠢ᠌ᠭᠤᠯᠤᠯᠲᠠ ᠵᠢᠨ ᠪᠠᠢ᠌ᠭᠤᠯᠤᠮᠵᠢ
ᠬᠣᠷᠢᠨ ᠬᠤᠶᠠᠳᠤᠭ᠋ᠠᠷ ᠵᠦᠢ᠍ᠯ ᠲᠠᠷᠢᠶᠠᠴᠢᠨ᠎ᠤ ᠲᠤᠰᠬᠠᠢ ᠠᠵᠢᠯ᠎ᠤᠨ ᠬᠣᠷᠰᠢᠶᠠᠨ᠎ᠤ ᠪᠦᠷᠢᠯᠳᠦᠭᠦᠨ᠎ᠤ ᠶᠡᠬᠡ ᠬᠤᠷᠠᠯ᠎ᠨᠢ ᠪᠦᠬᠦ ᠪᠦᠷᠢᠯᠳᠦᠭᠦᠨ ᠵᠶ᠋ᠡᠷ ᠪᠦᠷᠢᠯᠳᠦᠨ᠎ᠡ᠂ ᠲᠡᠷᠡ ᠪᠣᠯ ᠲᠣᠰ ᠬᠤᠷᠰᠢᠶᠠᠨ᠎ᠤ ᠡᠷᠬᠡᠲᠦ ᠪᠠᠢ᠌ᠭᠤᠯᠭ᠎ᠠ ᠮᠦᠨ᠂ ᠳᠣᠣᠷ᠎ᠠ ᠵᠢᠭᠰᠠᠭ᠋ᠠᠭᠰᠠᠨ ᠡᠷᠬᠡ ᠲᠤᠰᠢᠶᠠᠯᠤᠳᠢ ᠭᠦᠢ᠍ᠴᠡᠳᠬᠡᠨ᠎ᠡ᠄
(ᠨᠢᠭᠡ) ᠳᠦᠷᠢᠮ᠎ᠳᠤ ᠵᠠᠰᠠᠪᠤᠷᠢ ᠣᠷᠤᠭᠤᠯᠬᠤ᠃
(ᠬᠣᠶᠠᠷ) ᠬᠡᠷᠡᠭ ᠡᠷᠬᠢᠯᠡᠭᠴᠢᠳ᠎ᠤᠨ ᠳᠠᠷᠤᠭ᠎ᠠ᠂ ᠬᠡᠷᠡᠭ ᠡᠷᠬᠢᠯᠡᠭᠴᠢ᠂ ᠭᠦᠢ᠍ᠴᠡᠳᠬᠡᠬᠦ ᠬᠢᠨᠠᠭᠴᠢ ᠪᠤᠶᠤ ᠬᠢᠨᠠᠭᠴᠢᠳ᠎ᠤᠨ ᠵᠦᠪᠯᠡᠯ᠎ᠤᠨ ᠪᠦᠷᠢᠯᠳᠦᠭᠦᠨ᠎ᠢ ᠰᠤᠩᠭᠤᠬᠤ ᠪᠠ ᠤᠭᠴᠤᠷᠠᠭᠤᠯᠤᠨᠠ᠃
(ᠭᠤᠷᠪᠠ) ᠴᠢᠬᠤᠯᠠ ᠶᠡᠬᠡ ᠡᠳ᠋ ᠬᠦᠷᠦᠩᠭᠡ ᠵᠢ ᠰᠢᠢ᠍ᠳᠪᠦᠷᠢᠯᠡᠬᠦ᠂ ᠭᠠᠳᠠᠭᠰᠢ ᠪᠡᠯᠡ ᠣᠷᠤᠭᠤᠯᠬᠤ᠂ ᠭᠠᠳᠠᠭᠰᠢ ᠳᠠᠭ᠋ᠠᠭ᠋ᠠᠯᠲᠠ ᠬᠢᠬᠦ ᠪᠠ ᠦᠢ᠍ᠯᠡᠳᠪᠦᠷᠢᠯᠡᠯ ᠡᠵᠡᠩᠨᠡᠯᠲᠡ ᠵᠢᠨ ᠠᠵᠢᠯᠯᠠᠭ᠋ᠠᠨ᠎ᠳᠠᠬᠢ ᠪᠤᠰᠤᠳ ᠴᠢᠬᠤᠯᠠ ᠶᠡᠬᠡ ᠵᠦᠢ᠍ᠯ᠎ᠤᠳ᠎ᠢ ᠲᠣᠭᠲᠠᠭ᠋ᠠᠨ᠎ᠠ᠃
(ᠳᠥᠷᠪᠡ) ᠲᠤᠬᠠᠢ᠌ᠯᠠᠭᠰᠠᠨ ᠠᠵᠢᠯ᠎ᠤᠨ ᠣᠨ᠎ᠤ ᠮᠡᠳᠡᠭᠦᠯᠦᠯᠲᠡ᠂ ᠦᠯᠡᠳᠡᠪᠦᠷᠢ ᠵᠢ ᠬᠤᠪᠢᠶᠠᠷᠢᠯᠠᠬᠤ ᠲᠦᠰᠦᠯ᠂ ᠠᠯᠳᠠᠭᠳᠠᠯ᠎ᠢ ᠰᠢᠢ᠍ᠳᠪᠦᠷᠢᠯᠡᠬᠦ ᠲᠦᠰᠦᠯ᠎ᠢ ᠵᠦᠪᠰᠢᠶᠡᠷᠡᠨ᠎ᠡ᠃
(ᠲᠠᠪᠤ) ᠨᠡᠢ᠌ᠯᠡᠭᠦᠯᠬᠦ᠂ ᠰᠠᠯᠭ᠋ᠠᠬᠤ᠂ ᠲᠠᠷᠬᠠᠭ᠋ᠠᠬᠤ᠂ ᠢᠯᠭ᠋ᠠᠷᠠᠭᠤᠯᠤᠨ ᠪᠣᠳᠤᠬᠤ ᠲᠤᠬᠠᠢ ᠰᠢᠢ᠍ᠳᠪᠦᠷᠢ ᠭᠠᠷᠭ᠋ᠠᠨ᠎ᠠ᠃
(ᠵᠢᠷᠭᠤᠭ᠎ᠠ) ᠤᠷᠢᠵᠤ ᠬᠡᠷᠡᠭᠯᠡᠬᠦ ᠡᠵᠡᠩᠨᠡᠯᠲᠡ ᠬᠠᠮᠢᠶᠠᠷᠤᠯᠲᠠ ᠵᠢᠨ ᠠᠵᠢᠯᠲᠠᠨ ᠪᠠ ᠲᠤᠰᠬᠠᠢ ᠮᠡᠷᠭᠡᠵᠢᠯ᠎ᠤᠨ ᠠᠵᠢᠯᠲᠠᠨ᠎ᠤ ᠲᠣᠭ᠎ᠠ᠂ ᠬᠢᠷᠢ ᠬᠡᠮ ᠪᠠ ᠲᠤᠰᠢᠶᠠᠯ᠎ᠤᠨ ᠬᠤᠭᠤᠴᠠᠭ᠎ᠠ ᠵᠢ ᠲᠣᠭᠲᠠᠭ᠋ᠠᠨ᠎ᠠ᠃
(ᠳᠣᠯᠣᠭ᠎ᠠ) ᠪᠦᠷᠢᠯᠳᠦᠭᠦᠨ᠎ᠤ ᠬᠤᠪᠢᠷᠠᠯᠲᠠ ᠵᠢᠨ ᠪᠠᠢ᠌ᠳᠠᠯ᠎ᠤᠨ ᠲᠤᠬᠠᠢ ᠬᠡᠷᠡᠭ ᠡᠷᠬᠢᠯᠡᠭᠴᠢᠳ᠎ᠤᠨ ᠳᠠᠷᠤᠭ᠎ᠠ ᠪᠤᠶᠤ ᠬᠡᠷᠡᠭ ᠡᠷᠬᠢᠯᠡᠭᠴᠢᠳ᠎ᠤᠨ ᠵᠦᠪᠯᠡᠯ᠎ᠤᠨ ᠮᠡᠳᠡᠭᠦᠯᠦᠯᠲᠡ ᠵᠢ ᠰᠣᠨᠤᠰᠤᠨ᠎ᠠ᠃
(ᠨᠠᠢ᠍ᠮᠠ) ᠳᠦᠷᠢᠮ᠎ᠳᠤ ᠲᠣᠭᠲᠠᠭ᠋ᠠᠭᠰᠠᠨ ᠪᠤᠰᠣᠳ ᠡᠷᠬᠡ ᠲᠤᠰᠢᠶᠠᠯ᠎ᠤᠳ᠃
ᠬᠣᠷᠢᠨ ᠭᠤᠷᠪᠠᠳᠤᠭ᠋ᠠᠷ ᠵᠦᠢ᠍ᠯ ᠲᠠᠷᠢᠶᠠᠴᠢᠨ᠎ᠤ ᠲᠤᠰᠬᠠᠢ ᠠᠵᠢᠯ᠎ᠤᠨ ᠬᠣᠷᠰᠢᠶ᠎ᠠ ᠪᠦᠷᠢᠯᠳᠦᠭᠦᠨ᠎ᠤ ᠶᠡᠬᠡ ᠬᠤᠷᠠᠯ᠎ᠢ ᠬᠤᠷᠠᠯᠳᠤᠭᠤᠯᠬᠤ᠎ᠳᠤ ᠬᠤᠷᠠᠯ᠎ᠳᠤ ᠣᠷᠣᠯᠴᠠᠭᠰᠠᠨ ᠬᠦᠮᠦᠨ᠎ᠤ ᠲᠣᠭ᠎ᠠ᠎ᠨᠢ ᠪᠦᠷᠢᠯᠳᠦᠭᠦᠨ᠎ᠤ ᠪᠦᠬᠦ ᠲᠣᠭ᠋ᠠᠨ᠎ᠤ ᠭᠤᠷᠪᠠᠨ᠎ᠤ ᠬᠤᠶᠠᠷ᠎ᠠᠴᠠ ᠳᠡᠭᠡᠭᠰᠢᠬᠢ ᠲᠣᠭ᠎ᠠ᠎ᠳᠤ ᠬᠦᠷᠦᠭᠰᠡᠨ ᠪᠠᠢ᠌ᠬᠤ ᠬᠡᠷᠡᠭᠲᠡᠢ᠃
ᠪᠦᠷᠢᠯᠳᠦᠭᠦᠨ᠎ᠤ ᠶᠡᠬᠡ ᠬᠤᠷᠠᠯ ᠰᠤᠩᠭᠤᠬᠤ ᠪᠠ ᠰᠢᠢ᠍ᠳᠪᠦᠷᠢ ᠭᠠᠷᠭ᠋ᠠᠬᠤ᠎ᠳᠤ ᠲᠤᠰ ᠬᠤᠷᠰᠢᠶᠠᠨ᠎ᠤ ᠪᠦᠷᠢᠯᠳᠦᠭᠦᠨ᠎ᠤ ᠪᠠᠲᠤᠯᠠᠬᠤ ᠡᠷᠬᠡ ᠵᠢᠨ ᠪᠦᠬᠦ ᠲᠣᠭ᠎ᠠ ᠵᠢᠨ ᠬᠠᠭ᠋ᠠᠰ᠎ᠠᠴᠠ ᠳᠡᠭᠡᠭᠰᠢᠬᠢ ᠲᠣᠭ᠎ᠠ᠎ᠪᠠᠷ ᠪᠠᠲᠤᠯᠠᠭᠤᠯᠬᠤ ᠬᠡᠷᠡᠭᠲᠡᠢ᠃ ᠳᠦᠷᠢᠮ᠎ᠳᠤ ᠵᠠᠰᠠᠪᠤᠷᠢ ᠤᠷᠤᠭᠤᠯᠬᠤ ᠪᠤᠶᠤ ᠨᠡᠢ᠌ᠯᠡᠭᠦᠯᠬᠦ᠂ ᠰᠠᠯᠭ᠋ᠠᠬᠤ᠂ ᠲᠠᠷᠬᠠᠭ᠋ᠠᠬᠤ ᠰᠢᠢ᠍ᠳᠪᠦᠷᠢ ᠭᠠᠷᠭ᠋ᠠᠬᠤ᠎ᠳᠤ ᠲᠤᠰ ᠬᠣᠷᠰᠢᠶᠠᠨ᠎ᠤ ᠪᠦᠷᠢᠯᠳᠦᠭᠦᠨ᠎ᠤ ᠪᠠᠲᠤᠯᠠᠬᠤ ᠡᠷᠬᠡ ᠵᠢᠨ ᠪᠦᠬᠦ ᠲᠣᠭ᠋ᠠᠨ᠎ᠤ ᠭᠤᠷᠪᠠᠨ᠎ᠤ ᠬᠣᠶᠠᠷ᠎ᠠᠴᠠ ᠳᠡᠭᠡᠭᠰᠢᠬᠢ ᠲᠣᠭ᠎ᠠ᠎ᠪᠠᠷ ᠪᠠᠲᠤᠯᠠᠭᠤᠯᠬᠤ ᠬᠡᠷᠡᠭᠲᠡᠢ᠃ ᠳᠦᠷᠢᠮ᠎ᠳᠤ ᠪᠠᠲᠤᠯᠠᠬᠤ ᠡᠷᠬᠡ ᠵᠢᠨ ᠲᠣᠭ᠎ᠠ ᠵᠢᠨ ᠲᠠᠯ᠎ᠠ᠎ᠪᠠᠷ ᠨᠡᠯᠢᠶᠡᠳ ᠦᠨᠳᠦᠷ ᠲᠣᠭᠲᠠᠭ᠋ᠠᠯ᠎ᠲᠠᠢ ᠪᠣᠯ ᠲᠡᠷᠡ ᠲᠣᠭᠲᠠᠭ᠋ᠠᠯ᠎ᠢ ᠳᠠᠭ᠋ᠠᠨ᠎ᠠ᠃
ᠬᠣᠷᠢᠨ ᠳᠥᠷᠪᠡᠳᠦᠭᠡᠷ ᠵᠦᠢ᠍ᠯ ᠲᠠᠷᠢᠶᠠᠴᠢᠨ᠎ᠤ ᠲᠤᠰᠬᠠᠢ ᠠᠵᠢᠯ᠎ᠤᠨ ᠬᠣᠷᠰᠢᠶᠠᠨ᠎ᠤ ᠪᠦᠷᠢᠯᠳᠦᠭᠦᠨ᠎ᠤ ᠶᠡᠬᠡ ᠬᠤᠷᠠᠯ᠎ᠢ ᠵᠢᠯ ᠪᠦᠷᠢ ᠠᠳᠠᠭ᠎ᠲᠠᠭᠠᠨ ᠨᠢᠭᠡ ᠤᠳᠠᠭ᠎ᠠ ᠬᠤᠷᠠᠯᠳᠤᠭᠤᠯᠵᠦ᠂ ᠬᠤᠷᠠᠯ ᠬᠤᠷᠠᠯᠳᠤᠭᠤᠯᠬᠤ ᠲᠤᠬᠠᠢ ᠳᠦᠷᠢᠮ᠎ᠳᠤ ᠲᠣᠭᠲᠠᠭ᠋ᠠᠯ ᠭᠠᠷᠭ᠋ᠠᠨ᠎ᠠ᠃ ᠳᠣᠣᠷ᠎ᠠ ᠵᠢᠭᠰᠠᠭ᠋ᠠᠭᠰᠠᠨ ᠪᠠᠢ᠌ᠳᠠᠯ᠎ᠤᠳ᠎ᠤᠨ ᠨᠢᠭᠡ᠎ᠨᠢ ᠪᠠᠢ᠌ᠪᠠᠯ᠂ ᠬᠣᠷᠢᠨ ᠡᠳᠦᠷ᠎ᠤᠨ ᠳᠣᠲᠤᠷ᠎ᠠ ᠪᠦᠷᠢᠯᠳᠦᠭᠦᠨ᠎ᠤ ᠳᠦᠷ ᠴᠠᠭ᠎ᠤᠨ ᠶᠡᠬᠡ ᠬᠤᠷᠠᠯ᠎ᠢ ᠬᠤᠷᠠᠯᠳᠤᠭᠤᠯᠬᠤ ᠬᠡᠷᠡᠭᠲᠡᠢ᠄
(ᠨᠢᠭᠡ) ᠵᠠᠭᠤᠨ᠎ᠤ ᠭᠤᠴᠢ᠎ᠠᠴᠠ ᠳᠡᠭᠡᠭᠰᠢᠬᠢ ᠪᠦᠷᠢᠯᠳᠦᠭᠦᠨ ᠳᠤᠷᠠᠳᠤᠯᠭ᠎ᠠ ᠭᠠᠷᠭ᠋ᠠᠭᠰᠠᠨ᠃
(ᠬᠣᠶᠠᠷ) ᠭᠦᠢ᠍ᠴᠡᠳᠬᠡᠬᠦ ᠬᠢᠨᠠᠭᠴᠢ ᠪᠤᠶᠤ ᠬᠢᠨᠠᠭᠴᠢᠳ᠎ᠤᠨ ᠵᠦᠪᠯᠡᠯ ᠳᠤᠷᠠᠳᠤᠯᠭ᠎ᠠ ᠭᠠᠷᠭ᠋ᠠᠭᠰᠠᠨ᠃
(ᠭᠤᠷᠪᠠ) ᠳᠦᠷᠢᠮ᠎ᠳᠤ ᠲᠣᠭᠲᠠᠭ᠋ᠠᠭᠰᠠᠨ ᠪᠤᠰᠤᠳ ᠪᠠᠢ᠌ᠳᠠᠯ᠎ᠤᠳ᠃
ᠬᠣᠷᠢᠨ ᠲᠠᠪᠤᠳᠤᠭ᠋ᠠᠷ ᠵᠦᠢ᠍ᠯ ᠲᠠᠷᠢᠶᠠᠴᠢᠨ᠎ᠤ ᠲᠣᠰᠬᠠᠢ ᠠᠵᠢᠯ᠎ᠤᠨ ᠬᠣᠷᠰᠢᠶᠠᠨ᠎ᠤ ᠪᠦᠷᠢᠯᠳᠦᠭᠦᠨ᠎ᠨᠢ ᠵᠠᠭᠤ ᠳᠠᠪᠢᠨ ᠬᠦᠮᠦᠨ᠎ᠠᠴᠠ ᠬᠡᠲᠦᠷᠡᠭᠰᠡᠨ ᠪᠠᠢ᠌ᠪᠠᠯ᠂ ᠳᠦᠷᠢᠮ᠎ᠤᠨ ᠲᠤᠭᠲᠠᠭ᠋ᠠᠯ ᠶᠣᠰᠤᠭ᠋ᠠᠷ ᠪᠦᠷᠢᠯᠳᠦᠭᠦᠨ᠎ᠤ ᠲᠦᠯᠦᠭᠡᠯᠡᠭᠴᠢᠳ᠎ᠤᠨ ᠶᠡᠬᠡ ᠬᠤᠷᠠᠯ᠎ᠢ ᠪᠠᠢ᠌ᠭᠤᠯᠵᠤ ᠪᠣᠯᠣᠨ᠎ᠠ᠃ ᠪᠦᠷᠢᠯᠳᠦᠭᠦᠨ᠎ᠤ ᠲᠦᠯᠦᠭᠡᠯᠡᠭᠴᠢᠳ᠎ᠤᠨ ᠶᠡᠭᠡ ᠬᠤᠷᠠᠯ᠎ᠨᠢ ᠳᠦᠷᠢᠮ᠎ᠤᠨ ᠲᠤᠭᠳᠠᠭ᠋ᠠᠯ ᠶᠤᠰᠤᠭ᠋ᠠᠷ ᠪᠦᠷᠢᠯᠳᠦᠭᠦᠨ᠎ᠤ ᠶᠡᠬᠡ ᠬᠤᠷᠠᠯ᠎ᠤᠨ ᠬᠡᠰᠡᠭ ᠪᠤᠶᠤ ᠪᠦᠬᠦ ᠡᠷᠬᠡ ᠲᠤᠰᠢᠶᠠᠯ᠎ᠢ ᠬᠡᠷᠡᠭᠵᠢᠭᠦᠯᠵᠦ ᠪᠤᠯᠤᠨ᠎ᠠ᠃
ᠬᠣᠷᠢᠨ ᠵᠢᠷᠭᠤᠳᠤᠭ᠋ᠠᠷ ᠵᠦᠢ᠍ᠯ ᠲᠠᠷᠢᠶᠠᠴᠢᠨ᠎ᠤ ᠲᠤᠰᠬᠠᠢ ᠠᠵᠢᠯ᠎ᠤᠨ ᠬᠤᠷᠰᠢᠶᠠᠨ᠎ᠳᠤ ᠬᠡᠷᠡᠭ ᠡᠷᠬᠢᠯᠡᠭᠴᠢᠳ᠎ᠤᠨ ᠳᠠᠷᠤᠭ᠎ᠠ ᠨᠢᠭᠡ ᠬᠦᠮᠦᠨ᠎ᠢ ᠭᠠᠷᠭ᠋ᠠᠵᠤ᠂ ᠬᠡᠷᠡᠭ ᠡᠷᠬᠢᠯᠡᠭᠴᠢᠳ᠎ᠤᠨ ᠵᠦᠪᠯᠡᠯ᠎ᠢ ᠪᠠᠢ᠌ᠭᠤᠯᠵᠤ ᠪᠣᠯᠣᠨ᠎ᠠ᠃ ᠬᠡᠷᠡᠭ ᠡᠷᠬᠢᠯᠡᠭᠴᠢᠳ᠎ᠤᠨ ᠳᠠᠷᠤᠭ᠎ᠠ ᠪᠣᠯ ᠲᠤᠰ ᠬᠣᠷᠰᠢᠶᠠᠨ᠎ᠤ ᠬᠠᠤᠯᠢ᠎ᠪᠠᠷ ᠲᠣᠭᠲᠠᠭ᠋ᠠᠭᠰᠠᠨ ᠲᠥᠯᠥᠭᠡᠯᠡᠭᠴᠢ ᠪᠣᠯᠣᠨ᠎ᠠ᠃
ᠲᠠᠷᠢᠶᠠᠴᠢᠨ᠎ᠤ ᠲᠤᠰᠬᠠᠢ ᠠᠵᠢᠯ᠎ᠤᠨ ᠬᠤᠷᠰᠢᠶ᠎ᠠ᠎ᠨᠢ ᠭᠦᠢ᠍ᠴᠡᠳᠭᠡᠬᠦ ᠬᠢᠨᠠᠭᠴᠢ ᠪᠤᠶᠤ ᠬᠢᠨᠠᠭᠴᠢᠳ᠎ᠤᠨ ᠵᠦᠪᠯᠡᠯ᠎ᠢ ᠪᠠᠢ᠌ᠭᠤᠯᠵᠦ ᠪᠤᠯᠤᠨ᠎ᠠ᠃ ᠬᠡᠷᠡᠭ ᠡᠷᠬᠢᠯᠡᠭᠴᠢᠳ᠎ᠤᠨ ᠳᠠᠷᠤᠭ᠎ᠠ᠂ ᠬᠡᠷᠡᠭ ᠡᠷᠬᠢᠯᠡᠭᠴᠢ᠂ ᠵᠢᠩᠯᠢ ᠪᠠ ᠡᠳ᠋᠎ᠤᠨ ᠶᠠᠪᠤᠳᠠᠯ᠎ᠤᠨ ᠨᠢᠭᠲᠠᠯᠠᠨ ᠪᠤᠳᠤᠬᠤ ᠠᠵᠢᠯᠲᠠᠨ᠎ᠨᠢ ᠬᠢᠨᠠᠭᠴᠢ ᠵᠢᠨ ᠲᠤᠰᠢᠶᠠᠯ᠎ᠢ ᠬᠠᠪᠰᠤᠷᠭ᠋ᠠᠨ ᠡᠭᠦᠷᠭᠡᠯᠡᠵᠦ ᠪᠣᠯᠬᠤ ᠦᠬᠡᠢ᠃
ᠬᠡᠷᠡᠭ ᠡᠷᠬᠢᠯᠡᠭᠴᠢᠳ᠎ᠤᠨ ᠵᠦᠪᠯᠡᠯ᠎ᠤᠨ ᠳᠠᠷᠤᠭ᠎ᠠ᠂ ᠬᠡᠷᠡᠭ ᠡᠷᠬᠢᠯᠡᠭᠴᠢ᠂ ᠭᠦᠢ᠍ᠴᠡᠳᠬᠡᠬᠦ ᠬᠢᠨᠠᠭᠴᠢ ᠪᠤᠶᠤ ᠬᠢᠨᠠᠭᠴᠢᠳ᠎ᠤᠨ ᠵᠦᠪᠯᠡᠯ᠎ᠤᠨ ᠪᠦᠷᠢᠯᠳᠦᠭᠦᠨ᠎ᠢ ᠪᠦᠷᠢᠯᠳᠦᠭᠦᠨ᠎ᠤ ᠶᠡᠬᠡ ᠬᠤᠷᠠᠯ᠎ᠠᠴᠠ ᠲᠤᠰ ᠬᠤᠷᠰᠢᠶᠠᠨ᠎ᠤ ᠪᠦᠷᠢᠯᠳᠦᠭᠦᠨ᠎ᠤ ᠳᠤᠲᠤᠷ᠎ᠠ᠎ᠠᠴᠠ ᠰᠤᠩᠭᠤᠨ ᠭᠠᠷᠭ᠋ᠠᠵᠤ᠂ ᠲᠡᠳᠡ ᠲᠤᠰ ᠬᠠᠤᠯᠢ ᠪᠠ ᠳᠦᠷᠢᠮ᠎ᠤᠨ ᠲᠤᠭᠲᠠᠭ᠋ᠠᠯ ᠶᠤᠰᠤᠭ᠋ᠠᠷ ᠡᠷᠬᠡ ᠲᠤᠰᠢᠶᠠᠯ ᠵᠶ᠋ᠠᠨ ᠬᠡᠷᠡᠭᠵᠢᠭᠦᠯᠵᠦ᠂ ᠪᠦᠷᠢᠯᠳᠦᠭᠦᠨ᠎ᠤ ᠶᠡᠭᠡ ᠬᠤᠷᠠᠯ᠎ᠳᠤ ᠬᠠᠷᠢᠭᠤᠴᠠᠨ᠎ᠠ᠃
ᠬᠡᠷᠡᠭ ᠡᠷᠬᠢᠯᠡᠭᠴᠢᠳ᠎ᠤᠨ ᠵᠦᠪᠯᠡᠯ᠎ᠤᠨ ᠬᠤᠷᠠᠯ᠂ ᠬᠢᠨᠠᠭᠴᠢᠳ᠎ᠤᠨ ᠵᠦᠪᠯᠡᠯ ᠪᠠᠲᠤᠯᠠᠯᠲᠠ ᠬᠢᠬᠦ᠎ᠳᠤ ᠨᠢᠭᠡ ᠬᠦᠮᠦᠨ ᠨᠢᠭᠡ ᠫᠢᠶᠤᠤ ᠥᠭᠬᠦ ᠳᠦᠷᠢᠮ᠎ᠢ ᠬᠡᠷᠡᠭᠵᠢᠭᠦᠯᠦᠨ᠎ᠡ᠃
ᠬᠣᠷᠢᠨ ᠳᠣᠯᠣᠳᠤᠭ᠋ᠠᠷ ᠵᠦᠢ᠍ᠯ ᠲᠠᠷᠢᠶᠠᠴᠢᠨ᠎ᠤ ᠲᠤᠰᠬᠠᠢ ᠠᠵᠢᠯ᠎ᠤᠨ ᠬᠤᠷᠰᠢᠶᠠᠨ᠎ᠤ ᠪᠦᠷᠢᠯᠳᠦᠭᠦᠨ᠎ᠤ ᠶᠡᠬᠡ ᠬᠤᠷᠠᠯ᠂ ᠬᠡᠷᠡᠭ ᠡᠷᠬᠢᠯᠡᠭᠴᠢᠳ᠎ᠤᠨ ᠵᠦᠪᠯᠡᠯ᠂ ᠬᠢᠨᠠᠭᠴᠢᠳ᠎ᠤᠨ ᠵᠦᠪᠯᠡᠯ᠎ᠨᠢ ᠵᠦᠪᠳᠡᠯᠴᠡᠭᠰᠡᠨ ᠪᠦᠬᠦ ᠵᠦᠢ᠍ᠯ᠎ᠤᠨ ᠵᠶ᠋ᠡᠨ ᠲᠣᠭᠲᠠᠭ᠋ᠠᠯ᠎ᠳᠤ ᠬᠤᠷᠠᠯ᠎ᠤᠨ ᠲᠡᠮᠳᠡᠭᠯᠡᠯ ᠬᠢᠵᠦ᠂ ᠬᠤᠷᠠᠯ᠎ᠳᠤ ᠣᠷᠤᠯᠴᠠᠭᠰᠠᠨ ᠪᠦᠷᠢᠯᠳᠦᠭᠦᠨ᠂ ᠬᠡᠷᠡᠭ ᠡᠷᠬᠢᠯᠡᠭᠴᠢ᠂ ᠬᠢᠨᠠᠭᠴᠢ ᠬᠤᠷᠠᠯ᠎ᠤᠨ ᠲᠡᠮᠳᠡᠭᠯᠡᠯ ᠳᠡᠭᠡᠷ᠎ᠡ ᠭᠠᠷᠤᠨ ᠦᠰᠦᠭ ᠵᠢᠷᠤᠬᠤ ᠬᠡᠷᠡᠭᠲᠡᠢ᠃
ᠬᠣᠷᠢᠨ ᠨᠠᠢ᠍ᠮᠠᠳᠤᠭ᠋ᠠᠷ ᠵᠦᠢ᠍ᠯ ᠲᠠᠷᠢᠶᠠᠴᠢᠨ᠎ᠤ ᠲᠤᠰᠬᠠᠢ ᠠᠵᠢᠯ᠎ᠤᠨ ᠬᠤᠷᠰᠢᠶᠠᠨ᠎ᠤ ᠬᠡᠷᠡᠭ ᠡᠷᠬᠢᠯᠡᠭᠴᠢᠳ᠎ᠤᠨ ᠳᠠᠷᠤᠭ᠎ᠠ ᠪᠤᠶᠤ ᠬᠡᠷᠡᠭ ᠡᠷᠬᠢᠯᠡᠭᠴᠢᠳ᠎ᠤᠨ ᠵᠦᠪᠯᠡᠯ᠎ᠨᠢ ᠪᠦᠷᠢᠯᠳᠦᠭᠦᠨ᠎ᠤ ᠶᠡᠬᠡ ᠬᠤᠷᠠᠯ᠎ᠤᠨ ᠲᠣᠭᠲᠠᠭ᠋ᠠᠯ ᠶᠣᠰᠤᠭ᠋ᠠᠷ ᠵᠢᠩᠯᠢ ᠪᠠ ᠡᠳ᠋᠎ᠤᠨ ᠶᠠᠪᠤᠳᠠᠯ᠎ᠤᠨ ᠨᠢᠭᠲᠠᠯᠠᠨ ᠪᠤᠳᠤᠬᠤ ᠠᠵᠢᠯᠲᠠᠨ᠎ᠢ ᠤᠷᠢᠨ ᠲᠣᠮᠢᠯᠠᠵᠤ ᠪᠤᠯᠤᠨ᠎ᠠ᠂ ᠬᠡᠷᠡᠭ ᠡᠷᠬᠢᠯᠡᠭᠴᠢᠳ᠎ᠤᠨ ᠳᠠᠷᠤᠭ᠎ᠠ ᠪᠤᠶᠤ ᠬᠡᠷᠡᠭ ᠡᠷᠬᠢᠯᠡᠭᠴᠢ᠎ᠨᠢ ᠵᠢᠩᠯᠢ ᠵᠢᠨ ᠲᠤᠰᠢᠶᠠᠯ᠎ᠢ ᠬᠠᠪᠰᠤᠷᠭ᠋ᠠᠨ ᠡᠭᠦᠷᠭᠡᠯᠡᠵᠦ ᠪᠤᠯᠤᠨ᠎ᠠ᠃ ᠵᠢᠩᠯᠢ᠎ᠨᠢ ᠳᠦᠷᠢᠮ᠎ᠤᠨ ᠲᠣᠭᠲᠠᠭ᠋ᠠᠯ ᠪᠤᠶᠤ ᠬᠡᠷᠡᠭ ᠡᠷᠬᠢᠯᠡᠭᠴᠢᠳ᠎ᠤᠨ ᠵᠦᠪᠯᠡᠯ᠎ᠤᠨ ᠲᠤᠭᠲᠠᠭ᠋ᠠᠯ ᠶᠤᠰᠤᠭ᠋ᠠᠷ ᠪᠤᠰᠤᠳ ᠠᠵᠢᠯᠲᠠᠨ᠎ᠢ ᠤᠷᠢᠨ ᠲᠣᠮᠢᠯᠠᠵᠤ ᠪᠤᠯᠤᠨ᠎ᠠ᠃
ᠵᠢᠩᠯᠢ᠎ᠨᠢ ᠳᠦᠷᠢᠮ᠎ᠤᠨ ᠲᠤᠭᠲᠠᠭ᠋ᠠᠯ ᠪᠠ ᠬᠡᠷᠡᠭ ᠡᠷᠬᠢᠯᠡᠭᠴᠢᠳ᠎ᠤᠨ ᠳᠠᠷᠤᠭ᠎ᠠ ᠪᠤᠶᠤ ᠬᠡᠷᠡᠭ ᠡᠷᠬᠢᠯᠡᠭᠴᠢᠳ᠎ᠤᠨ ᠵᠦᠪᠯᠡᠯ᠎ᠤᠨ ᠣᠯᠭᠤᠭᠰᠠᠨ ᠡᠷᠬᠡ ᠶᠤᠰᠤᠭ᠋ᠠᠷ ᠪᠤᠲᠠᠲᠠᠢ ᠦᠢ᠍ᠯᠡᠳᠪᠦᠷᠢᠯᠡᠯ ᠡᠵᠡᠩᠨᠡᠯᠲᠡ ᠵᠢᠨ ᠠᠵᠢᠯᠯᠠᠭ᠎ᠠ ᠵᠢ ᠬᠠᠷᠢᠭᠤᠴᠠᠨ᠎ᠠ᠃
ᠬᠣᠷᠢ ᠶᠢᠰᠦᠳᠦᠭᠡᠷ ᠵᠦᠢ᠍ᠯ ᠲᠠᠷᠢᠶᠠᠴᠢᠨ᠎ᠤ ᠲᠤᠰᠬᠠᠢ ᠠᠵᠢᠯ᠎ᠤᠨ ᠬᠣᠷᠰᠢᠶᠠᠨ᠎ᠤ ᠬᠡᠷᠡᠭ ᠡᠷᠬᠢᠯᠡᠭᠴᠢᠳ᠎ᠤᠨ ᠳᠠᠷᠤᠭ᠎ᠠ᠂ ᠬᠡᠷᠡᠭ ᠡᠷᠬᠢᠯᠡᠭᠴᠢ ᠪᠠ ᠬᠠᠮᠢᠶᠠᠷᠤᠯᠲᠠ ᠵᠢᠨ ᠠᠵᠢᠯᠲᠠᠨ ᠳᠣᠣᠷ᠎ᠠ ᠵᠢᠭᠰᠠᠭ᠋ᠠᠭᠰᠠᠨ ᠠᠵᠢᠯᠯᠠᠭ᠎ᠠ᠎ᠨᠤᠭᠤᠳ᠎ᠢ ᠬᠢᠵᠦ ᠪᠣᠯᠬᠤ ᠦᠭᠡᠢ᠄
(ᠨᠢᠭᠡ) ᠲᠤᠰ ᠬᠤᠷᠰᠢᠶᠠᠨ᠎ᠤ ᠡᠳ᠋ ᠬᠦᠷᠦᠩᠭᠡ ᠵᠢ ᠡᠵᠡᠯᠡᠨ ᠠᠪᠬᠤ᠂ ᠨᠡᠭᠦᠯᠭᠡᠨ ᠬᠡᠷᠡᠭᠯᠡᠬᠦ ᠪᠤᠶᠤ ᠳᠠᠯᠳᠠᠭᠤᠷ ᠬᠤᠪᠢᠶᠠᠯᠴᠠᠬᠤ᠃
(ᠬᠣᠶᠠᠷ) ᠳᠦᠷᠢᠮ᠎ᠤᠨ ᠲᠣᠭᠲᠠᠭ᠋ᠠᠯ᠎ᠠᠴᠠ ᠵᠦᠷᠢᠴᠡᠬᠦ ᠪᠤᠶᠤ ᠪᠦᠷᠢᠯᠳᠦᠭᠦᠨ᠎ᠤ ᠶᠡᠬᠡ ᠬᠤᠷᠠᠯ ᠵᠶ᠋ᠠᠷ ᠵᠦᠪᠰᠢᠶᠡᠷᠡᠭᠦᠯᠦᠭᠰᠡᠨ ᠦᠬᠡᠢ᠎ᠪᠠᠷ ᠲᠤᠰ ᠬᠤᠷᠰᠢᠶᠠᠨ᠎ᠤ ᠪᠡᠯᠡ ᠮᠦᠩᠭᠦ ᠵᠢ ᠪᠤᠰᠤᠳ᠎ᠲᠤ ᠵᠢᠭᠡᠯᠡᠬᠦᠯᠭᠦ ᠪᠤᠶᠤ ᠲᠤᠰ ᠬᠣᠷᠰᠢᠶᠠᠨ᠎ᠤ ᠡᠳ᠋ ᠬᠦᠷᠦᠩᠭᠡ᠎ᠪᠠᠷ ᠪᠤᠰᠤᠳ᠎ᠲᠤ ᠪᠠᠲᠤᠯᠠᠭ᠎ᠠ ᠬᠠᠩᠭ᠋ᠠᠬᠤ᠃
(ᠭᠤᠷᠪᠠ) ᠪᠤᠰᠤᠳ᠎ᠤᠨ ᠲᠤᠰ ᠬᠤᠷᠰᠢᠶ᠎ᠠ᠎ᠲᠠᠢ ᠠᠷᠠᠯᠵᠢᠶᠠᠯᠠᠭᠰᠠᠨ ᠦᠨ᠎ᠡ ᠵᠠᠰᠠᠬᠤ ᠵᠤᠭᠤᠰ᠎ᠢ ᠬᠦᠯᠢᠶᠡᠨ ᠠᠪᠴᠦ ᠬᠤᠪᠢᠨ᠎ᠳᠤ᠎ᠪᠠᠨ ᠪᠤᠯᠭ᠋ᠠᠬᠤ᠃
(ᠳᠥᠷᠪᠡ) ᠲᠤᠰ ᠬᠤᠷᠰᠢᠶᠠᠨ᠎ᠤ ᠠᠵᠦ ᠠᠬᠤᠢ ᠵᠢᠨ ᠠᠰᠢᠭ ᠲᠤᠰᠠ ᠵᠢ ᠬᠣᠬᠢᠷᠠᠭᠤᠯᠬᠤ ᠪᠤᠰᠤᠳ ᠠᠵᠢᠯᠯᠠᠭ᠎ᠠ᠎ᠨᠤᠭᠤᠳ᠎ᠢ ᠬᠢᠬᠦ᠃
ᠬᠡᠷᠡᠭ ᠡᠷᠬᠢᠯᠡᠭᠴᠢᠳ᠎ᠤᠨ ᠵᠦᠪᠯᠡᠯ᠎ᠤᠨ ᠳᠠᠷᠤᠭ᠎ᠠ᠂ ᠬᠡᠷᠡᠭ ᠡᠷᠬᠢᠯᠡᠭᠴᠢ ᠪᠠ ᠬᠠᠮᠢᠶᠠᠷᠤᠯᠲᠠ ᠵᠢᠨ ᠠᠵᠢᠯᠲᠠᠨ ᠡᠮᠦᠨᠡᠬᠢ ᠪᠠᠳᠠᠭ᠎ᠤᠨ ᠲᠤᠭᠲᠠᠭ᠋ᠠᠯ᠎ᠠᠴᠠ ᠵᠦᠷᠢᠴᠡᠭᠡᠳ ᠣᠯᠣᠭᠰᠠᠨ ᠣᠷᠣᠯᠭ᠎ᠠ ᠵᠢ ᠲᠤᠰ ᠬᠤᠷᠰᠢᠶ᠎ᠠ᠎ᠳᠤ ᠦᠮᠴᠢᠯᠡᠬᠦᠯᠬᠦ ᠬᠡᠷᠡᠭᠲᠡᠢ᠃ ᠲᠤᠰ ᠬᠣᠷᠰᠢᠶ᠎ᠠ᠎ᠳᠤ ᠬᠤᠬᠢᠷᠠᠯ ᠤᠴᠠᠷᠠᠭᠤᠯᠤᠭᠰᠠᠨ ᠪᠠᠢ᠌ᠪᠠᠯ ᠲᠦᠯᠦᠬᠦ ᠬᠠᠷᠢᠭᠤᠴᠠᠯᠭ᠎ᠠ ᠡᠭᠦᠷᠭᠡᠯᠡᠬᠦ ᠬᠡᠷᠡᠭᠲᠡᠢ᠃
ᠭᠤᠴᠢᠳᠣᠭ᠋ᠠᠷ ᠵᠦᠢ᠍ᠯ ᠲᠠᠷᠢᠶᠠᠴᠢᠨ᠎ᠤ ᠲᠤᠰᠬᠠᠢ ᠠᠵᠢᠯ᠎ᠤᠨ ᠬᠤᠷᠰᠢᠶᠠᠨ᠎ᠤ ᠬᠡᠷᠡᠭ ᠡᠷᠬᠢᠯᠡᠭᠴᠢᠳ᠎ᠤᠨ ᠳᠠᠷᠤᠭ᠎ᠠ᠂ ᠬᠡᠷᠡᠭ ᠡᠷᠬᠢᠯᠡᠭᠴᠢ᠂ ᠵᠢᠩᠯᠢ᠎ᠨᠢ ᠲᠤᠬᠠᠢ᠌ᠯᠠᠭᠰᠠᠨ ᠠᠵᠢᠯ᠎ᠤᠨ ᠰᠢᠨᠵᠢ ᠴᠢᠨᠠᠷ ᠵᠶ᠋ᠠᠷ ᠠᠳᠠᠯᠢ ᠪᠤᠰᠤᠳ ᠲᠠᠷᠢᠶᠠᠴᠢᠨ᠎ᠤ ᠲᠤᠰᠬᠠᠢ ᠠᠵᠢᠯ᠎ᠤᠨ ᠬᠤᠷᠰᠢᠶᠠᠨ᠎ᠤ ᠬᠡᠷᠡᠭ ᠡᠷᠬᠢᠯᠡᠭᠴᠢᠳ᠎ᠤᠨ ᠳᠠᠷᠤᠭ᠎ᠠ᠂ ᠬᠡᠷᠡᠭ ᠡᠷᠬᠢᠯᠡᠭᠴᠢ᠂ ᠬᠢᠨᠠᠭᠴᠢ᠂ ᠵᠢᠩᠯᠢ ᠵᠢᠨ ᠲᠤᠰᠢᠶᠠᠯ᠎ᠢ ᠬᠠᠪᠰᠤᠷᠭ᠋ᠠᠨ ᠡᠭᠦᠷᠭᠡᠯᠡᠵᠦ ᠪᠣᠯᠬᠤ ᠦᠭᠡᠢ᠃
ᠭᠤᠴᠢᠨ ᠨᠢᠭᠡᠳᠦᠭᠡᠷ ᠵᠦᠢ᠍ᠯ ᠲᠠᠷᠢᠶᠠᠴᠢᠨ᠎ᠤ ᠲᠤᠰᠬᠠᠢ ᠠᠵᠢᠯ᠎ᠤᠨ ᠬᠤᠷᠰᠢᠶᠠᠨ᠎ᠤ ᠲᠤᠬᠠᠢ᠌ᠯᠠᠭᠰᠠᠨ ᠠᠵᠢᠯ᠎ᠳᠤ ᠬᠣᠯᠪᠤᠭᠳᠠᠬᠤ ᠠᠯᠪᠠᠨ ᠶᠠᠪᠤᠳᠠᠯ᠎ᠢ ᠭᠦᠢ᠍ᠴᠡᠳᠭᠡᠳᠡᠭ ᠠᠵᠢᠯᠲᠠᠨ ᠲᠠᠷᠢᠶᠠᠴᠢᠨ᠎ᠤ ᠲᠤᠰᠬᠠᠢ ᠠᠵᠢᠯ᠎ᠤᠨ ᠬᠤᠷᠰᠢᠶᠠᠨ᠎ᠤ ᠬᠡᠷᠡᠭ ᠡᠷᠬᠢᠯᠡᠭᠴᠢᠳ᠎ᠤᠨ ᠳᠠᠷᠤᠭ᠎ᠠ᠂ ᠬᠡᠷᠡᠭ ᠡᠷᠬᠢᠯᠡᠭᠴᠢ᠂ ᠬᠢᠨᠠᠭᠴᠢ᠂ ᠵᠢᠩᠯᠢ ᠪᠤᠶᠤ ᠡᠳ᠋᠎ᠤᠨ ᠶᠠᠪᠤᠳᠠᠯ᠎ᠤᠨ ᠨᠢᠭᠲᠠᠯᠠᠨ ᠪᠤᠳᠤᠬᠤ ᠠᠵᠢᠯᠲᠠᠨ᠎ᠤ ᠲᠤᠰᠢᠶᠠᠯ᠎ᠢ ᠡᠭᠦᠷᠭᠡᠯᠡᠵᠦ ᠪᠣᠯᠬᠤ ᠦᠭᠡᠢ᠃
ᠲᠠᠪᠤᠳᠤᠭ᠋ᠠᠷ ᠪᠥᠯᠦᠭ ᠡᠳ᠋᠎ᠤᠨ ᠶᠠᠪᠤᠳᠠᠯ᠎ᠤᠨ ᠬᠠᠮᠢᠶᠠᠷᠤᠯᠲᠠ
ᠭᠤᠴᠢᠨ ᠬᠤᠶᠠᠳᠤᠭ᠋ᠠᠷ ᠵᠥᠢ᠍ᠯ ᠲᠥᠷᠦ ᠵᠢᠨ ᠶᠠᠪᠤᠳᠠᠯ᠎ᠤᠨ ᠬᠣᠷᠢᠶᠠᠨ᠎ᠤ ᠡᠳ᠋᠎ᠤᠨ ᠵᠠᠰᠠᠭ᠎ᠤᠨ ᠰᠠᠯᠠᠭ᠎ᠠ ᠮᠥᠴᠢᠷ᠎ᠠᠴᠠ ᠣᠯᠣᠰ᠎ᠤᠨ ᠬᠤᠯᠪᠤᠭᠳᠠᠯ ᠪᠥᠬᠦᠢ ᠬᠠᠤᠯᠢ ᠴᠠᠭ᠋ᠠᠵᠠ᠂ ᠵᠠᠰᠠᠭ ᠵᠠᠬᠢᠷᠭ᠋ᠠᠨ᠎ᠤ ᠬᠠᠤᠯᠢ ᠳᠤᠭᠳᠠᠭ᠋ᠠᠯ ᠶᠤᠰᠤᠭ᠋ᠠᠷ᠂ ᠲᠠᠷᠢᠶᠠᠴᠢᠨ᠎ᠤ ᠳᠤᠰᠬᠠᠢ ᠠᠵᠢᠯ᠎ᠤᠨ ᠬᠤᠷᠰᠢᠶᠠᠨ᠎ᠤ ᠡᠳ᠋᠎ᠤᠨ ᠶᠠᠪᠤᠳᠠᠯ᠎ᠤᠨ ᠨᠢᠭᠳᠠᠯᠠᠨ ᠪᠤᠳᠤᠬᠤ ᠳᠥᠷᠢᠮ᠎ᠢ ᠳᠤᠭᠲᠠᠭ᠋ᠠᠨᠠ᠃ ᠲᠠᠷᠢᠶᠠᠴᠢᠨ᠎ᠤ ᠳᠤᠰᠬᠠᠢ ᠠᠵᠢᠯ᠎ᠤᠨ ᠬᠤᠷᠰᠢᠶ᠎ᠠ᠎ᠨᠢ ᠲᠥᠷᠦ ᠵᠢᠨ ᠶᠠᠪᠤᠳᠠᠯ᠎ᠤᠨ ᠬᠣᠷᠢᠶᠠᠨ᠎ᠤ ᠡᠳ᠋᠎ᠤᠨ ᠵᠠᠰᠠᠭ᠎ᠤᠨ ᠰᠠᠯᠠᠭ᠎ᠠ ᠮᠥᠴᠢᠷ᠎ᠤᠨ ᠳᠤᠭᠳᠠᠭ᠋ᠠᠭᠰᠠᠨ ᠡᠳ᠋᠎ᠤᠨ ᠶᠠᠪᠤᠳᠠᠯ᠎ᠤᠨ ᠨᠢᠭᠳᠠᠯᠠᠨ ᠪᠤᠳᠤᠬᠤ ᠳᠥᠷᠢᠮ ᠶᠤᠰᠤᠭ᠋ᠠᠷ ᠨᠢᠭᠲᠠᠯᠠᠨ ᠪᠤᠳᠤᠬᠤ ᠲᠤᠭ᠋ᠠᠴᠠᠭ᠎ᠠ ᠬᠢᠬᠦ ᠬᠡᠷᠡᠭᠲᠡᠢ᠃
ᠭᠤᠴᠢᠨ ᠭᠤᠷᠪᠠᠳᠤᠭ᠋ᠠᠷ ᠵᠥᠢ᠍ᠯ ᠲᠠᠷᠢᠶᠠᠴᠢᠨ᠎ᠤ ᠳᠣᠰᠬᠠᠢ ᠠᠵᠢᠯ᠎ᠤᠨ ᠬᠤᠷᠰᠢᠶᠠᠨ᠎ᠤ ᠬᠡᠷᠡᠭ ᠡᠷᠬᠢᠯᠡᠭᠴᠢᠳ᠎ᠤᠨ ᠳᠠᠷᠤᠭ᠎ᠠ ᠪᠤᠶᠤ ᠬᠡᠷᠡᠭ ᠡᠷᠬᠢᠯᠡᠭᠴᠢᠳ᠎ᠤᠨ ᠵᠥᠪᠯᠡᠯ᠎ᠨᠢ ᠵᠢᠷᠦᠮ᠎ᠤᠨ ᠳᠤᠭᠲᠠᠭ᠋ᠠᠯ ᠶᠣᠰᠤᠭ᠋ᠠᠷ ᠳᠤᠬᠠᠢ᠌ᠯᠠᠭᠰᠠᠨ ᠠᠵᠢᠯ᠎ᠤᠨ ᠣᠨ᠎ᠤ ᠮᠡᠳᠡᠭᠦᠯᠦᠯᠲᠡ᠂ ᠦᠯᠡᠳᠡᠪᠥᠷᠢ ᠵᠢ ᠬᠤᠪᠢᠶᠠᠷᠢᠯᠠᠬᠤ ᠲᠥᠰᠦᠯ᠂ ᠠᠯᠳᠠᠭᠳᠠᠯ᠎ᠢ ᠰᠢᠢ᠍ᠳᠪᠥᠷᠢᠯᠡᠬᠦ ᠲᠥᠰᠦᠯ ᠬᠢᠭᠡᠳ ᠡᠳ᠋᠎ᠤᠨ ᠶᠠᠪᠤᠳᠠᠯ᠎ᠤᠨ ᠨᠢᠭᠳᠠᠯᠠᠨ ᠪᠤᠳᠤᠬᠣ ᠮᠡᠳᠡᠭᠦᠯᠦᠯᠲᠡ ᠵᠢ ᠵᠣᠬᠢᠶᠠᠨ ᠨᠠᠢ᠌ᠷᠠᠭᠤᠯᠵᠤ᠂ ᠪᠥᠷᠢᠯᠳᠦᠭᠦᠨᠤ ᠶᠡᠬᠡ ᠬᠣᠷᠠᠯ ᠬᠣᠷᠠᠯᠳᠤᠬᠣᠠᠴᠠ ᠠᠷᠪᠠᠨ ᠲᠠᠪᠤᠨ ᠡᠳᠦᠷ᠎ᠤᠨ ᠡᠮᠦᠨ᠎ᠡ ᠠᠯᠪᠠᠨ ᠭᠠᠵᠠᠷ᠎ᠲᠤ ᠪᠡᠯᠡᠳᠭᠡᠨ ᠲᠠᠯᠪᠢᠭ᠋ᠠᠳ᠂ ᠪᠥᠷᠢᠯᠳᠦᠭᠦᠨ ᠵᠶ᠋ᠡᠷ ᠪᠠᠢ᠌ᠴᠠᠭ᠋ᠠᠨ ᠦᠵᠡᠭᠦᠯᠬᠦ ᠬᠡᠷᠡᠭᠲᠡᠢ᠃
ᠭᠤᠴᠢᠨ ᠳᠥᠷᠪᠡᠳᠦᠭᠡᠷ ᠵᠥᠢ᠍ᠯ ᠲᠠᠷᠢᠶᠠᠴᠢᠨ᠎ᠤ ᠳᠤᠰᠬᠠᠢ ᠠᠵᠢᠯ᠎ᠤᠨ ᠬᠤᠷᠰᠢᠶ᠎ᠠ᠎ᠨᠢ ᠪᠥᠷᠢᠯᠳᠦᠭᠦᠨᠲᠠᠢᠪᠠᠨ ᠬᠢᠭᠰᠡᠨ ᠠᠷᠠᠯᠵᠢᠶ᠎ᠠ ᠪᠤᠯᠤᠨ ᠲᠡᠭᠦᠨ᠎ᠤ ᠬᠠᠩᠭ᠋ᠠᠭᠰᠠᠨ ᠦᠢ᠍ᠯᠡᠴᠢᠯᠡᠭᠡ ᠵᠢ ᠠᠰᠢᠭᠯᠠᠭᠰᠠᠨ ᠪᠥᠷᠢᠯᠳᠦᠭᠦᠨ ᠪᠤᠰᠤ ᠬᠥᠮᠦᠰ᠎ᠲᠠᠢ ᠬᠢᠭᠰᠡᠨ ᠠᠷᠠᠯᠵᠢᠶ᠎ᠠ ᠵᠢ ᠲᠣᠰ ᠲᠣᠰ᠎ᠲᠤᠨᠢ ᠲᠣᠭ᠋ᠠᠴᠠᠯᠠᠬᠤ ᠬᠡᠷᠡᠭᠲᠡᠢ᠃
ᠭᠤᠴᠢᠨ ᠲᠠᠪᠤᠳᠤᠭ᠋ᠠᠷ ᠵᠥᠢ᠍ᠯ ᠲᠠᠷᠢᠶᠠᠴᠢᠨ᠎ᠤ ᠳᠤᠰᠬᠠᠢ ᠠᠵᠢᠯ᠎ᠤᠨ ᠬᠤᠷᠰᠢᠶ᠎ᠠ᠎ᠨᠢ ᠳᠥᠷᠢᠮ᠎ᠤᠨ ᠳᠤᠭᠲᠠᠭ᠋ᠠᠯ ᠪᠤᠶᠤ ᠪᠥᠷᠢᠯᠳᠦᠭᠦᠨᠤ ᠶᠡᠬᠡ ᠬᠤᠷᠠᠯ᠎ᠤᠨ ᠰᠢᠢ᠍ᠳᠪᠥᠷᠢ ᠶᠣᠰᠤᠭ᠋ᠠᠷ ᠲᠤᠰ ᠵᠢᠯ᠎ᠤᠨ ᠦᠯᠡᠳᠡᠪᠥᠷᠢᠠᠴᠠᠪᠠᠨ ᠨᠡᠢ᠌ᠲᠠ ᠵᠢᠨ ᠬᠤᠷᠠᠮᠳᠤᠭᠤᠯᠭ᠎ᠠ ᠵᠢᠨ ᠮᠥᠩᠭᠦ ᠵᠢ ᠭᠠᠷᠭ᠋ᠠᠨ ᠠᠪᠴᠤ ᠪᠤᠯᠤᠨ᠎ᠠ᠃ ᠨᠡᠢ᠌ᠲᠠ ᠵᠢᠨ ᠬᠤᠷᠠᠮᠳᠤᠭᠤᠯᠭ᠎ᠠ ᠵᠢᠨ ᠮᠥᠩᠭᠦ ᠵᠢᠨ ᠠᠯᠳᠠᠭᠳᠠᠯ᠎ᠢ ᠨᠥᠬᠦᠪᠥᠷᠢᠯᠡᠬᠦ᠂ ᠦᠢ᠍ᠯᠡᠳᠪᠥᠷᠢᠯᠡᠯ ᠡᠵᠡᠩᠨᠡᠯᠲᠡ ᠵᠢ ᠥᠷᠭᠡᠳᠭᠡᠬᠦ ᠪᠤᠶᠤ ᠪᠥᠷᠢᠯᠳᠦᠭᠦᠨᠤ ᠭᠠᠷᠭ᠋ᠠᠭᠰᠠᠨ ᠪᠡᠯᠡ ᠮᠥᠩᠭᠦ ᠪᠤᠯᠭ᠋ᠠᠬᠤ᠎ᠳᠤ ᠬᠡᠷᠡᠭᠯᠡᠨ᠎ᠡ᠃
ᠵᠢᠯ ᠪᠥᠷᠢ ᠵᠢᠨ ᠭᠠᠷᠭ᠋ᠠᠵᠤ ᠠᠪᠬᠤ ᠨᠡᠢ᠌ᠲᠡ ᠵᠢᠨ ᠬᠤᠷᠠᠮᠳᠤᠭᠤᠯᠭ᠎ᠠ ᠵᠢᠨ ᠮᠥᠩᠭᠦ ᠵᠢ ᠳᠥᠷᠢᠮ᠎ᠤᠨ ᠳᠤᠭᠲᠠᠭ᠋ᠠᠯ ᠶᠤᠰᠤᠭ᠋ᠠᠷ ᠪᠥᠷᠢᠯᠳᠦᠭᠦᠨ ᠨᠢᠭᠡᠪᠥᠷᠢ ᠵᠢᠨ ᠬᠤᠪᠢ ᠵᠢᠨ ᠲᠣᠭ᠎ᠠ ᠪᠤᠯᠭ᠋ᠠᠨ ᠬᠡᠮᠵᠢᠶᠡᠯᠡᠨ᠎ᠡ᠃
ᠭᠤᠴᠢᠨ ᠵᠢᠷᠭᠤᠳᠤᠭ᠋ᠠᠷ ᠵᠥᠢ᠍ᠯ ᠲᠠᠷᠢᠶᠠᠴᠢᠨ᠎ᠤ ᠳᠤᠰᠬᠠᠢ ᠠᠵᠢᠯ᠎ᠤᠨ ᠬᠤᠷᠰᠢᠶ᠎ᠠ᠎ᠨᠢ ᠪᠥᠷᠢᠯᠳᠦᠭᠦᠨ ᠨᠢᠭᠡᠪᠥᠷᠢ᠎ᠳᠤ ᠪᠥᠷᠢᠯᠳᠦᠭᠦᠨᠤ ᠳᠠᠩᠰᠠᠨ ᠡᠷᠦᠬᠡ ᠪᠠᠢ᠌ᠭᠤᠯᠵᠤ᠂ ᠭᠤᠤᠯᠳᠠᠭᠤ ᠳᠤᠤᠷ᠎ᠠ ᠵᠢᠭᠰᠠᠭ᠋ᠠᠭᠰᠠᠨ ᠠᠭᠤᠯᠭ᠎ᠠ᠎ᠨᠤᠭᠤᠳ᠎ᠢ ᠲᠡᠮᠳᠡᠭᠯᠡᠬᠦ ᠬᠡᠷᠡᠭᠲᠡᠢ᠃
(ᠨᠢᠭᠡ) ᠲᠤᠰ ᠪᠥᠷᠢᠯᠳᠦᠭᠦᠨᠤ ᠭᠠᠷᠭ᠋ᠠᠭᠰᠠᠨ ᠪᠡᠯᠡ ᠵᠢᠨ ᠲᠣᠭ᠎ᠠ᠃
(ᠬᠤᠶᠠᠷ) ᠲᠣᠰ ᠪᠥᠷᠢᠯᠳᠦᠭᠦᠨᠤ ᠨᠡᠢ᠌ᠲᠡ ᠵᠢᠨ ᠬᠤᠷᠠᠮᠳᠤᠭᠤᠯᠭ᠎ᠠ ᠵᠢᠨ ᠮᠥᠩᠭᠦ᠎ᠪᠠᠷ ᠬᠡᠮᠵᠢᠶᠡᠯᠡᠭᠰᠡᠨ ᠬᠤᠪᠢ ᠵᠢᠨ ᠲᠣᠭ᠎ᠠ᠃
(ᠭᠤᠷᠪᠠ) ᠲᠣᠰ ᠪᠥᠷᠢᠯᠳᠦᠭᠦᠨ ᠬᠢᠭᠡᠳ ᠲᠤᠰ ᠬᠤᠰᠢᠭᠤᠨ᠎ᠤ ᠬᠤᠭᠤᠷᠤᠨᠳᠤ ᠠᠷᠠᠯᠵᠢᠶᠠᠯᠠᠭᠰᠠᠨ ᠬᠡᠮᠵᠢᠶ᠎ᠡ (ᠲᠣᠭ᠎ᠠ)᠃
ᠭᠤᠴᠢᠨ ᠳᠤᠯᠤᠳᠤᠭ᠋ᠠᠷ ᠵᠥᠢ᠍ᠯ ᠠᠯᠳᠠᠭᠳᠠᠯ᠎ᠢ ᠨᠥᠬᠦᠪᠥᠷᠢᠯᠡᠵᠦ᠂ ᠨᠡᠢ᠌ᠲᠡ ᠵᠢᠨ ᠬᠣᠷᠠᠮᠳᠣᠭᠤᠯᠭᠠ ᠵᠢᠨ ᠮᠥᠩᠭᠦ ᠵᠢ ᠭᠠᠷᠭ᠋ᠠᠨ ᠠᠪᠤᠭᠰᠠᠨ᠎ᠤ ᠳᠠᠷᠠᠭ᠋ᠠᠬᠢ ᠲᠣᠰ ᠵᠢᠯ᠎ᠤᠨ ᠦᠯᠡᠳᠡᠪᠥᠷᠢ ᠪᠣᠯ ᠲᠠᠷᠢᠶᠠᠴᠢᠨ᠎ᠤ ᠲᠤᠰᠬᠠᠢ ᠠᠵᠢᠯ᠎ᠤᠨ ᠬᠣᠷᠰᠢᠶᠠᠨ᠎ᠤ ᠬᠤᠪᠢᠶᠠᠷᠢᠯᠠᠵᠤ ᠪᠣᠯᠬᠣ ᠦᠯᠡᠳᠡᠪᠥᠷᠢ ᠪᠣᠯᠣᠨ᠎ᠠ᠃
ᠬᠤᠪᠢᠶᠠᠷᠢᠯᠠᠵᠤ ᠪᠣᠯᠬᠣ ᠦᠯᠡᠳᠡᠪᠥᠷᠢ ᠵᠢ ᠳᠤᠤᠷ᠎ᠠ ᠵᠢᠭᠰᠠᠭ᠋ᠠᠭᠰᠠᠨ ᠳᠣᠭᠲᠠᠭ᠋ᠠᠯ ᠶᠣᠰᠣᠭ᠋ᠠᠷ ᠪᠥᠷᠢᠯᠳᠦᠭᠦᠨ᠎ᠳᠤ ᠪᠣᠴᠠᠭ᠋ᠠᠬᠤ ᠪᠤᠶᠤ ᠬᠤᠪᠢᠶᠠᠷᠢᠯᠠᠨ᠎ᠠ᠃ ᠪᠣᠳᠠᠲᠠᠢ ᠬᠤᠪᠢᠶᠠᠷᠢᠯᠠᠯᠲᠠ ᠵᠢᠨ ᠠᠷᠭ᠎ᠠ ᠵᠢ ᠳᠥᠷᠢᠮ᠎ᠤᠨ ᠳᠤᠭᠲᠠᠭ᠋ᠠᠯ ᠪᠤᠶᠤ ᠪᠥᠷᠢᠯᠳᠦᠭᠦᠨᠤ ᠶᠡᠬᠡ ᠬᠣᠷᠠᠯ᠎ᠤᠨ ᠰᠢᠢ᠍ᠳᠪᠥᠷᠢ᠎ᠪᠠᠷ ᠳᠤᠭᠲᠠᠭ᠋ᠠᠨᠠ᠄
(ᠨᠢᠭᠡ) ᠪᠥᠷᠢᠯᠳᠦᠭᠦᠨ ᠬᠢᠭᠡᠳ ᠲᠣᠰ ᠬᠤᠷᠰᠢᠶᠠᠨ᠎ᠤ ᠬᠤᠭᠤᠷᠤᠨᠳᠤ ᠠᠷᠠᠯᠵᠢᠶᠠᠯᠠᠭᠰᠠᠨ ᠬᠡᠮᠵᠢᠶᠡᠨ (ᠲᠣᠭ᠋ᠠᠨ)᠎ᠤ ᠬᠠᠷᠢᠴᠠᠯ ᠵᠶ᠋ᠡᠷ ᠪᠤᠴᠠᠭ᠋ᠠᠬᠤ᠎ᠳᠤ ᠪᠤᠴᠠᠭ᠋ᠠᠭᠰᠠᠨ ᠪᠥᠬᠦ ᠲᠣᠭ᠎ᠠ ᠵᠢ ᠬᠤᠪᠢᠶᠠᠷᠢᠯᠠᠵᠤ ᠪᠣᠯᠬᠣ ᠦᠯᠡᠳᠡᠪᠥᠷᠢ ᠵᠢᠨ ᠵᠠᠭᠤᠨ᠎ᠤ ᠵᠢᠷᠠ᠎ᠠᠴᠠ ᠳᠤᠤᠷ᠎ᠠ ᠪᠠᠢ᠌ᠯᠭ᠋ᠠᠵᠤ ᠪᠣᠯᠬᠣ ᠦᠭᠡᠢ᠃
(ᠬᠤᠶᠠᠷ) ᠡᠮᠦᠨᠡᠬᠢ ᠵᠣᠷᠪᠣᠰ᠎ᠤᠨ ᠳᠣᠭᠲᠠᠭ᠋ᠠᠯ ᠶᠣᠰᠣᠭ᠋ᠠᠷ ᠪᠤᠴᠠᠭ᠋ᠠᠭᠰᠠᠨ᠎ᠤ ᠳᠠᠷᠠᠭ᠋ᠠᠬᠢ ᠦᠯᠡᠳᠡᠪᠥᠷᠢ ᠬᠡᠰᠡᠭ᠎ᠢ ᠪᠥᠷᠢᠯᠳᠦᠭᠦᠨᠤ ᠳᠠᠩᠰᠠᠨ ᠡᠷᠦᠬᠡ᠎ᠳᠤ ᠲᠡᠮᠳᠡᠭᠯᠡᠵᠦ ᠪᠠᠢ᠌ᠭ᠎ᠠ ᠭᠠᠷᠭ᠋ᠠᠭᠰᠠᠨ ᠪᠡᠯᠡ ᠵᠢᠨ ᠲᠣᠭ᠎ᠠ ᠪᠠ ᠨᠡᠢ᠌ᠲᠡ ᠵᠢᠨ ᠬᠤᠷᠠᠮᠳᠤᠭᠤᠯᠭ᠎ᠠ ᠵᠢᠨ ᠮᠥᠩᠭᠦ ᠵᠢᠨ ᠬᠤᠪᠢ ᠵᠢᠨ ᠲᠣᠭ᠎ᠠ ᠵᠢᠴᠢ ᠲᠣᠰ ᠬᠣᠷᠰᠢᠶᠠᠨ᠎ᠤ ᠣᠯᠣᠰ᠎ᠤᠨ ᠡᠳ᠋᠎ᠤᠨ ᠵᠠᠰᠠᠭ᠎ᠤᠨ ᠰᠢᠭᠤᠳ ᠨᠥᠬᠦᠪᠥᠷᠢ ᠵᠢ ᠬᠦᠯᠢᠶᠡᠨ ᠠᠪᠣᠭᠰᠠᠨ ᠪᠠ ᠪᠣᠰᠣᠳ ᠬᠠᠨᠳᠢᠪ ᠵᠶ᠋ᠠᠷ ᠪᠥᠷᠢᠯᠳᠦᠭᠰᠡᠨ ᠡᠳ᠋ ᠬᠥᠷᠦᠩᠭᠡ᠎ᠪᠠᠷ ᠳᠡᠭᠰᠢ ᠬᠡᠮᠵᠢᠶᠡᠯᠡᠭᠡᠳ ᠪᠥᠷᠢᠯᠳᠦᠭᠦᠨᠤ ᠬᠤᠪᠢ ᠵᠢᠨ ᠲᠣᠭ᠎ᠠ᠎ᠳᠤ ᠨᠤᠭᠳᠠᠭᠤᠯᠵᠤ᠂ ᠲᠣᠰ ᠬᠣᠷᠰᠢᠶᠠᠨ᠎ᠤ ᠪᠥᠷᠢᠯᠳᠦᠭᠦᠨ᠎ᠳᠤ ᠬᠠᠷᠢᠴᠠᠯ ᠵᠶ᠋ᠠᠷ ᠬᠤᠪᠢᠶᠠᠷᠢᠯᠠᠨ᠎ᠠ᠃
ᠭᠤᠴᠢᠨ ᠨᠠᠢ᠍ᠮᠠᠳᠤᠭ᠋ᠠᠷ ᠵᠥᠢ᠍ᠯ ᠭᠦᠢ᠍ᠴᠡᠳᠭᠡᠬᠦ ᠬᠢᠨᠠᠭᠴᠢ ᠪᠤᠶᠤ ᠬᠢᠨᠠᠭᠴᠢᠳ᠎ᠤᠨ ᠵᠥᠪᠯᠡᠯ ᠭᠠᠷᠭ᠋ᠠᠭᠰᠠᠨ ᠲᠠᠷᠢᠶᠠᠴᠢᠨ᠎ᠤ ᠲᠣᠰᠬᠠᠢ ᠠᠵᠢᠯ᠎ᠤᠨ ᠬᠣᠷᠰᠢᠶ᠎ᠠ᠎ᠨᠢ ᠭᠦᠢ᠍ᠴᠡᠳᠭᠡᠬᠦ ᠬᠢᠨᠠᠭᠴᠢ ᠪᠤᠶᠤ ᠬᠢᠨᠠᠭᠴᠢᠳ᠎ᠤᠨ ᠵᠥᠪᠯᠡᠯ᠎ᠠᠴᠠ ᠲᠣᠰ ᠬᠣᠷᠰᠢᠶᠠᠨ᠎ᠤ ᠡᠳ᠋᠎ᠤᠨ ᠶᠠᠪᠣᠳᠠᠯ᠎ᠳᠤ ᠳᠤᠲᠤᠭ᠋ᠠᠳᠤ ᠵᠢᠨ ᠬᠢᠨᠠᠨ ᠪᠣᠳᠣᠯᠲᠠ ᠬᠢᠵᠦ᠂ ᠬᠢᠨᠠᠨ ᠪᠣᠳᠣᠭᠰᠠᠨ ᠦᠷ᠎ᠡ ᠳ᠋ᠥᠩᠢ ᠪᠥᠷᠢᠯᠳᠦᠭᠦᠨᠤ ᠶᠡᠬᠡ ᠬᠣᠷᠠᠯ᠎ᠳᠤ ᠮᠡᠳᠡᠭᠦᠯᠬᠦ ᠬᠡᠷᠡᠭᠲᠡᠢ᠃
ᠪᠥᠷᠢᠯᠳᠦᠭᠦᠨᠤ ᠶᠡᠬᠡ ᠬᠣᠷᠠᠯ᠎ᠨᠢ ᠪᠠᠰᠠ ᠬᠢᠨᠠᠨ ᠪᠣᠳᠣᠬᠣ ᠪᠠᠢ᠌ᠭᠤᠯᠤᠮᠵᠢ᠎ᠳᠤ ᠨᠠᠢ᠌ᠳᠠᠵᠤ ᠲᠣᠰ ᠬᠣᠷᠰᠢᠶᠠᠨ᠎ᠤ ᠡᠳ᠋᠎ᠤᠨ ᠶᠠᠪᠣᠳᠠᠯ᠎ᠳᠤ ᠬᠢᠨᠠᠨ ᠪᠣᠳᠣᠯᠲᠠ ᠬᠢᠯᠭᠡᠵᠦ ᠪᠣᠯᠣᠨ᠎ᠠ᠃
ᠵᠢᠷᠭᠤᠳᠤᠭ᠋ᠠᠷ ᠪᠦᠯᠦᠭ ᠨᠡᠢ᠌ᠯᠡᠭᠦᠯᠬᠦ᠂ ᠰᠠᠯᠭ᠋ᠠᠬᠤ᠂ ᠲᠠᠷᠬᠠᠭ᠋ᠠᠬᠤ ᠪᠠ ᠢᠯᠭ᠋ᠠᠷᠠᠭᠤᠯᠤᠨ ᠪᠣᠳᠤᠬᠤ
ᠭᠤᠴᠢ ᠶᠢᠰᠦᠳᠦᠭᠡᠷ ᠵᠦᠢ᠍ᠯ ᠲᠠᠷᠢᠶᠠᠴᠢᠨ᠎ᠤ ᠲᠤᠰᠬᠠᠢ ᠠᠵᠢᠯ᠎ᠤᠨ ᠬᠣᠷᠰᠢᠶ᠎ᠠ ᠵᠢ ᠨᠡᠢ᠌ᠯᠡᠭᠦᠯᠬᠦ᠎ᠳᠤ ᠨᠡᠢ᠌ᠯᠡᠭᠦᠯᠬᠦ ᠰᠢᠢ᠍ᠳᠪᠦᠷᠢ ᠭᠠᠷᠭ᠋ᠠᠭᠰᠠᠨ ᠡᠳᠦᠷ᠎ᠠᠴᠠ ᠡᠬᠢᠯᠡᠨ ᠠᠷᠪᠠᠨ ᠡᠳᠦᠷ᠎ᠤᠨ ᠳᠣᠲᠤᠷ᠎ᠠ ᠠᠪᠴᠠᠭ᠋ᠠᠲᠠᠨᠳᠤ ᠮᠡᠳᠡᠭᠳᠡᠬᠦ ᠬᠡᠷᠡᠭᠲᠡᠢ᠃ ᠨᠡᠢ᠌ᠯᠡᠬᠦ ᠡᠯ᠎ᠡ ᠲᠠᠯ᠎ᠠ ᠵᠢᠨ ᠠᠪᠴᠠᠭ᠎ᠠ᠂ ᠥᠭᠴᠡᠭᠡ ᠵᠢ ᠨᠡᠢ᠌ᠯᠡᠭᠦᠯᠦᠭᠰᠡᠨᠤ ᠳᠠᠷᠠᠭ᠋ᠠᠬᠢ ᠦᠷᠭᠦᠯᠵᠢᠯᠡᠨ ᠦᠯᠡᠳᠡᠭᠰᠡᠨ ᠪᠤᠶᠤ ᠰᠢᠨ᠎ᠡ᠎ᠪᠠᠷ ᠪᠠᠢ᠌ᠭᠤᠯᠤᠭᠰᠠᠨ ᠵᠤᠬᠢᠶᠠᠨ ᠪᠠᠢ᠌ᠭᠤᠯᠤᠯᠲᠠ ᠵᠠᠯᠭ᠋ᠠᠮᠵᠢᠯᠠᠬᠤ ᠬᠡᠷᠡᠭᠲᠡᠢ᠃
ᠳᠦᠴᠢᠳᠦᠭᠡᠷ ᠵᠦᠢ᠍ᠯ ᠲᠠᠷᠢᠶᠠᠴᠢᠨ᠎ᠤ ᠲᠤᠰᠬᠠᠢ ᠠᠵᠢᠯ᠎ᠤᠨ ᠬᠣᠷᠰᠢᠶ᠎ᠠ ᠵᠢ ᠰᠠᠯᠭ᠋ᠠᠬᠤ᠎ᠳᠤ ᠲᠡᠭᠦᠨ᠎ᠤ ᠡᠳ᠋ ᠬᠦᠷᠦᠩᠭᠡ ᠵᠢ᠎ᠨᠢ ᠵᠣᠬᠢᠴᠠᠩᠭᠤᠢ᠎ᠪᠠᠷ ᠰᠠᠯᠭ᠋ᠠᠬᠤ ᠪᠦᠭᠡᠳ ᠰᠠᠯᠭ᠋ᠠᠬᠤ ᠰᠢᠢ᠍ᠳᠪᠦᠷᠢ ᠭᠠᠷᠭ᠋ᠠᠭᠰᠠᠨ ᠡᠳᠦᠷ᠎ᠠᠴᠠ ᠡᠬᠢᠯᠡᠨ ᠠᠷᠪᠠᠨ ᠡᠳᠦᠷ᠎ᠤᠨ ᠳᠣᠲᠤᠷ᠎ᠠ ᠠᠪᠴᠠᠭ᠋ᠠᠲᠠᠨᠳᠤ ᠮᠡᠳᠡᠭᠳᠡᠬᠦ ᠬᠡᠷᠡᠭᠲᠡᠢ᠃ ᠰᠠᠯᠭ᠋ᠠᠬᠤ᠎ᠠᠴᠠ ᠡᠮᠦᠨᠡᠬᠢ ᠥᠭᠴᠡᠭᠡ᠎ᠳᠤ ᠰᠠᠯᠭ᠋ᠠᠭᠰᠠᠨ᠎ᠤ ᠳᠠᠷᠠᠭ᠋ᠠᠬᠢ ᠵᠣᠬᠢᠶᠠᠨ ᠪᠠᠢ᠌ᠭᠤᠯᠤᠯᠲᠠ ᠬᠣᠯᠪᠤᠭᠳᠠᠭᠰᠠᠨ ᠬᠠᠷᠢᠭᠤᠴᠠᠯᠭ᠎ᠠ ᠡᠭᠦᠷᠭᠡᠯᠡᠨ᠎ᠡ᠃ ᠭᠡᠪᠡᠴᠦ ᠰᠠᠯᠭ᠋ᠠᠬᠤ᠎ᠠᠴᠠ ᠡᠮᠦᠨ᠎ᠡ ᠠᠪᠴᠠᠭ᠋ᠠᠲᠠᠨᠲᠠᠢ ᠥᠭᠴᠡᠭᠡ ᠵᠢ ᠲᠦᠯᠦᠵᠦ ᠳᠠᠭᠤᠰᠬᠠᠬᠤ᠎ᠪᠠᠷ ᠲᠣᠭᠲᠠᠭᠰᠠᠨ ᠪᠢᠴᠢᠭ᠎ᠤᠨ ᠬᠡᠯᠡᠯᠴᠡᠭᠡᠷ᠎ᠲᠤ ᠠᠰᠲᠠᠭ᠋ᠠᠨ ᠪᠣᠯᠵᠣᠯ᠎ᠲᠠᠢ᠎ᠨᠢ ᠡᠭᠦᠨ᠎ᠳᠤ ᠪᠠᠭᠲᠠᠬᠤ ᠦᠭᠡᠢ᠃
ᠳᠦᠴᠢᠨ ᠨᠢᠭᠡᠳᠦᠭᠡᠷ ᠵᠦᠢ᠍ᠯ ᠲᠠᠷᠢᠶᠠᠴᠢᠨ᠎ᠤ ᠲᠤᠰᠬᠠᠢ ᠠᠵᠢᠯ᠎ᠤᠨ ᠬᠤᠷᠰᠢᠶ᠎ᠠ ᠵᠢ ᠳᠤᠤᠷ᠎ᠠ ᠵᠢᠭᠰᠠᠭ᠋ᠠᠭᠰᠠᠨ ᠰᠢᠯᠲᠠᠭ᠋ᠠᠨᠨᠤᠭᠤᠳᠠᠴᠠ ᠪᠣᠯᠵᠤ ᠲᠠᠷᠬᠠᠭ᠋ᠠᠨ᠎ᠠ᠄
(ᠨᠢᠭᠡ) ᠳᠦᠷᠢᠮ᠎ᠳᠤ ᠲᠤᠭᠲᠠᠭ᠋ᠠᠭᠰᠠᠨ ᠲᠠᠷᠬᠠᠭ᠋ᠠᠬᠤ ᠤᠴᠢᠷ ᠰᠢᠯᠲᠠᠭ᠋ᠠᠨ ᠭᠠᠷᠤᠭᠰᠠᠨ᠃
(ᠬᠣᠶᠠᠷ) ᠪᠦᠷᠢᠯᠳᠦᠭᠦᠨ᠎ᠤ ᠶᠡᠬᠡ ᠬᠤᠷᠠᠯ᠎ᠠᠴᠠ ᠲᠠᠷᠬᠠᠭ᠋ᠠᠬᠤ ᠰᠢᠢ᠍ᠳᠪᠦᠷᠢ ᠭᠠᠷᠭ᠋ᠠᠭᠰᠠᠨ᠃
(ᠭᠤᠷᠪᠠ) ᠨᠡᠢ᠌ᠯᠡᠭᠦᠯᠬᠦ ᠪᠤᠶᠤ ᠰᠠᠯᠭ᠋ᠠᠬᠤ ᠵᠢᠨ ᠰᠢᠯᠲᠠᠭ᠋ᠠᠨ᠎ᠠᠴᠠ ᠪᠣᠯᠵᠤ ᠲᠠᠷᠬᠠᠭ᠋ᠠᠬᠤ ᠴᠢᠬᠤᠯᠠᠲᠠᠢ ᠪᠣᠯᠣᠭᠰᠠᠨ᠃
(ᠳᠥᠷᠪᠡ) ᠡᠵᠡᠩᠨᠡᠯᠲᠡ ᠵᠢᠨ ᠦᠨᠡᠮᠯᠡᠯ᠎ᠢ᠎ᠨᠢ ᠬᠠᠤᠯᠢ ᠶᠣᠰᠤᠭ᠋ᠠᠷ ᠬᠤᠷᠢᠶᠠᠨ ᠠᠪᠴᠦ ᠬᠦᠴᠦᠨ ᠦᠭᠡᠢ ᠪᠣᠯᠭ᠋ᠠᠭᠰᠠᠨ ᠪᠤᠶᠤ ᠬᠦᠴᠦᠨ ᠦᠭᠡᠢ ᠪᠣᠯᠭ᠋ᠠᠭᠳᠠᠭᠰᠠᠨ᠃
ᠡᠮᠦᠨᠡᠬᠢ ᠪᠠᠳᠠᠭ᠎ᠤᠨ ᠨᠢᠭᠡᠳᠦᠭᠡᠷ ᠵᠤᠷᠪᠤᠰ᠂ ᠬᠤᠶᠠᠳᠤᠭ᠋ᠠᠷ ᠵᠣᠷᠪᠤᠰ᠂ ᠳᠥᠷᠪᠡᠳᠦᠭᠡᠷ ᠵᠣᠷᠪᠤᠰ᠎ᠤᠨ ᠰᠢᠯᠲᠠᠭ᠋ᠠᠨ᠎ᠠᠴᠠ ᠪᠣᠯᠵᠤ ᠲᠠᠷᠬᠠᠭ᠋ᠠᠭᠳᠠᠭᠰᠠᠨ ᠪᠠᠢ᠌ᠪᠠᠯ᠂ ᠲᠠᠷᠬᠠᠭ᠋ᠠᠬᠤ ᠤᠴᠢᠷ ᠰᠢᠯᠲᠠᠭ᠋ᠠᠨ ᠭᠠᠷᠤᠭᠰᠠᠨ ᠡᠳᠦᠷ᠎ᠠᠴᠠ ᠡᠬᠢᠯᠡᠨ ᠠᠷᠪᠠᠨ ᠲᠠᠪᠤᠨ ᠡᠳᠦᠷ᠎ᠤᠨ ᠳᠣᠲᠤᠷ᠎ᠠ ᠪᠦᠷᠢᠯᠳᠦᠭᠦᠨ᠎ᠤ ᠶᠡᠬᠡ ᠬᠤᠷᠠᠯ᠎ᠠᠴᠠ ᠪᠦᠷᠢᠯᠳᠦᠭᠦᠨ᠎ᠢ ᠰᠤᠩᠭᠤᠵᠤ ᠢᠯᠭ᠋ᠠᠷᠠᠭᠤᠯᠤᠨ ᠪᠤᠳᠤᠬᠤ ᠳᠤᠭᠤᠢ᠌ᠯᠠᠩ ᠪᠠᠢ᠌ᠭᠤᠯᠵᠦ᠂ ᠲᠠᠷᠬᠠᠭ᠋ᠠᠬᠤ ᠢᠯᠭ᠋ᠠᠷᠠᠭᠤᠯᠤᠨ ᠪᠣᠳᠣᠯᠲᠠ ᠵᠢ ᠡᠬᠢᠯᠡᠨ ᠬᠢᠬᠦ ᠬᠡᠷᠡᠭᠲᠡᠢ᠃ ᠬᠤᠭᠤᠴᠠᠭ᠎ᠠ ᠬᠡᠲᠦᠷᠡᠲᠡᠯ᠎ᠡ ᠢᠯᠭ᠋ᠠᠷᠠᠭᠤᠯᠤᠨ ᠪᠣᠳᠤᠬᠤ ᠳᠤᠭᠤᠢ᠌ᠯᠠᠩ ᠪᠠᠢ᠌ᠭᠤᠯᠤᠭᠰᠠᠨ ᠦᠭᠡᠢ ᠪᠠᠢ᠌ᠪᠠᠯ᠂ ᠪᠦᠷᠢᠯᠳᠦᠭᠦᠨ᠂ ᠠᠪᠴᠠᠭ᠋ᠠᠲᠠᠨᠨᠢ ᠠᠷᠠᠳ᠎ᠤᠨ ᠰᠢᠬᠦᠬᠦ ᠬᠣᠷᠢᠶ᠎ᠠ᠎ᠳᠤ ᠬᠤᠯᠪᠤᠭᠳᠠᠯ ᠪᠦᠬᠦᠢ ᠬᠦᠮᠦᠰ᠎ᠢ ᠵᠢᠭ᠋ᠠᠨ ᠲᠣᠭᠲᠠᠭ᠋ᠠᠭ᠋ᠠᠳ ᠢᠯᠭ᠋ᠠᠷᠠᠭᠤᠯᠤᠨ ᠪᠣᠳᠤᠬᠤ ᠳᠤᠭᠤᠢ᠌ᠯᠠᠩ ᠪᠠᠢ᠌ᠭᠤᠯᠵᠤ ᠢᠯᠭ᠋ᠠᠷᠠᠭᠤᠯᠤᠨ ᠪᠣᠳᠤᠭᠤᠯᠬᠤ᠎ᠪᠠᠷ ᠭᠤᠶᠤᠴᠢᠯᠠᠵᠤ ᠪᠣᠯᠣᠨ᠎ᠠ᠃ ᠠᠷᠠᠳ᠎ᠤᠨ ᠰᠢᠬᠦᠬᠦ ᠬᠣᠷᠢᠶ᠎ᠠ ᠡᠨᠡ ᠬᠦ᠌ ᠭᠤᠶᠤᠴᠢᠯᠠᠯ᠎ᠢ ᠬᠦᠯᠢᠶᠡᠨ ᠠᠪᠴᠦ ᠰᠢᠢ᠍ᠳᠪᠦᠷᠢᠯᠡᠬᠦ ᠬᠡᠷᠡᠭᠲᠡᠢ ᠪᠦᠭᠡᠳ ᠢᠯᠭ᠋ᠠᠷᠠᠭᠤᠯᠤᠨ ᠪᠣᠳᠤᠬᠤ ᠳᠤᠭᠤᠢ᠌ᠯᠠᠩ᠎ᠤᠨ ᠪᠦᠷᠢᠯᠳᠦᠭᠦᠨ᠎ᠢ ᠴᠠᠭ ᠲᠤᠬᠠᠢᠳᠤᠨᠢ ᠵᠢᠭ᠋ᠠᠨ ᠲᠤᠭᠲᠠᠭ᠋ᠠᠵᠤ ᠢᠯᠭ᠋ᠠᠷᠠᠭᠤᠯᠤᠨ ᠪᠣᠳᠤᠭᠤᠯᠬᠤ ᠬᠡᠷᠡᠭᠲᠡᠢ᠃
ᠳᠦᠴᠢᠨ ᠬᠣᠶᠠᠳᠤᠭ᠋ᠠᠷ ᠵᠦᠢ᠍ᠯ ᠢᠯᠭ᠋ᠠᠷᠠᠭᠤᠯᠤᠨ ᠪᠣᠳᠤᠬᠤ ᠳᠤᠭᠤᠢ᠌ᠯᠠᠩ᠎ᠨᠢ ᠪᠠᠢ᠌ᠭᠤᠯᠤᠭᠳᠠᠭᠰᠠᠨ ᠡᠳᠦᠷ᠎ᠠᠴᠠ ᠡᠬᠢᠯᠡᠨ ᠲᠠᠷᠢᠶᠠᠴᠢᠨ᠎ᠤ ᠲᠤᠰᠬᠠᠢ ᠠᠵᠢᠯ᠎ᠤᠨ ᠬᠣᠷᠰᠢᠶ᠎ᠠ ᠵᠢ ᠬᠦᠯᠢᠶᠡᠨ ᠠᠪᠴᠦ ᠬᠠᠮᠢᠶᠠᠷᠤᠨ᠂ ᠢᠯᠭ᠋ᠠᠷᠠᠭᠤᠯᠤᠨ ᠪᠤᠳᠤᠬᠤ᠎ᠳᠤ ᠬᠤᠯᠪᠤᠭᠳᠠᠬᠤ ᠰᠢᠢ᠍ᠳᠪᠦᠷᠢᠯᠡᠵᠦ ᠳᠠᠭᠤᠰᠬᠠᠭ᠋ᠠᠳᠤᠢ ᠲᠤᠬᠠᠢ᠌ᠯᠠᠭᠰᠠᠨ ᠠᠵᠢᠯ᠎ᠢ ᠬᠠᠷᠢᠭᠤᠴᠠᠨ ᠰᠢᠢ᠍ᠳᠪᠦᠷᠢᠯᠡᠵᠦ᠂ ᠡᠳ᠋ ᠬᠦᠷᠦᠩᠭᠡ ᠪᠠ ᠠᠪᠴᠠᠭ᠎ᠠ᠂ ᠥᠭᠴᠡᠭᠡ ᠵᠢ ᠡᠮᠬᠢᠯᠡᠨ ᠢᠯᠭ᠋ᠠᠷᠠᠭᠤᠯᠵᠦ᠂ ᠥᠭᠴᠡᠭᠡ ᠵᠢ ᠲᠦᠯᠦᠭᠰᠡᠨᠤ ᠳᠠᠷᠠᠭ᠋ᠠᠬᠢ ᠦᠯᠡᠳᠡᠪᠦᠷᠢ ᠡᠳ᠋ ᠬᠦᠷᠦᠩᠭᠡ ᠵᠢ ᠬᠤᠪᠢᠶᠠᠷᠢᠯᠠᠵᠦ᠂ ᠲᠠᠷᠢᠶᠠᠴᠢᠨ᠎ᠤ ᠲᠤᠰᠬᠠᠢ ᠠᠵᠢᠯ᠎ᠤᠨ ᠬᠤᠷᠰᠢᠶ᠎ᠠ ᠵᠢ ᠲᠥᠯᠦᠭᠡᠯᠡᠨ ᠵᠠᠷᠭᠤᠯᠳᠤᠬᠤ᠂ ᠬᠦᠨᠳᠡᠯᠡᠨ᠎ᠠᠴᠠ ᠳᠠᠰᠤᠯᠬᠤ ᠪᠤᠶᠤ ᠪᠤᠰᠤᠳ ᠬᠠᠣᠯᠢ ᠴᠠᠭ᠋ᠠᠵᠠ ᠵᠢᠨ ᠵᠢᠷᠤᠮᠳᠤ ᠣᠷᠤᠯᠴᠠᠬᠤ ᠪᠦᠭᠡᠳ ᠢᠯᠭ᠋ᠠᠷᠠᠭᠤᠯᠤᠨ ᠪᠣᠳᠤᠯᠲᠠ ᠳᠠᠭᠤᠰᠬᠤ ᠥᠶ᠎ᠡ᠎ᠳᠤ ᠳᠠᠩᠰᠠᠯᠠᠯᠲᠠ ᠵᠢ ᠬᠠᠰᠤᠭᠤᠯᠤᠨ᠎ᠠ᠃
ᠳᠦᠴᠢᠨ ᠭᠤᠷᠪᠠᠳᠤᠭ᠋ᠠᠷ ᠵᠦᠢ᠍ᠯ ᠢᠯᠭ᠋ᠠᠷᠠᠭᠤᠯᠤᠨ ᠪᠣᠳᠤᠬᠤ ᠳᠤᠭᠤᠢ᠌ᠯᠠᠩ᠎ᠨᠢ ᠪᠠᠢ᠌ᠭᠤᠯᠤᠭᠳᠠᠭᠰᠠᠨ ᠡᠳᠦᠷ᠎ᠠᠴᠠ ᠡᠬᠢᠯᠡᠨ ᠠᠷᠪᠠᠨ ᠡᠳᠦᠷ᠎ᠤᠨ ᠳᠣᠲᠤᠷ᠎ᠠ ᠲᠠᠷᠢᠶᠠᠴᠢᠨ᠎ᠤ ᠲᠤᠰᠬᠠᠢ ᠠᠵᠢᠯ᠎ᠤᠨ ᠬᠤᠷᠰᠢᠶᠠᠨ᠎ᠤ ᠪᠦᠷᠢᠯᠳᠦᠭᠦᠨ ᠪᠠ ᠠᠪᠴᠠᠭ᠋ᠠᠲᠠᠨᠳᠤ ᠮᠡᠳᠡᠭᠳᠡᠬᠦ ᠬᠡᠷᠡᠭᠲᠡᠢ ᠪᠦᠭᠡᠳ ᠵᠢᠷᠠᠨ ᠡᠳᠦᠷ᠎ᠤᠨ ᠳᠣᠲᠤᠷ᠎ᠠ ᠰᠣᠨᠢᠨ ᠳᠡᠭᠡᠷ᠎ᠡ ᠵᠠᠷᠯᠠᠨ ᠨᠡᠢ᠌ᠲᠡᠯᠡᠬᠦ ᠬᠡᠷᠡᠭᠲᠡᠢ᠃ ᠠᠪᠴᠠᠭ᠋ᠠᠲᠠᠨᠨᠢ ᠮᠡᠳᠡᠭᠳᠡᠯ᠎ᠢ ᠣᠯᠣᠭᠰᠠᠨ ᠡᠳᠦᠷ᠎ᠠᠴᠠ ᠡᠬᠢᠯᠡᠨ ᠭᠤᠴᠢᠨ ᠡᠳᠦᠷ᠎ᠤᠨ ᠳᠣᠲᠤᠷ᠎ᠠ᠂ ᠮᠡᠳᠡᠭᠳᠡᠯ᠎ᠢ ᠣᠯᠣᠭᠰᠠᠨ ᠦᠭᠡᠢ ᠪᠠᠢ᠌ᠪᠠᠯ ᠵᠠᠷᠯᠠᠨ ᠨᠡᠢ᠌ᠲᠡᠯᠡᠭᠰᠡᠨ ᠡᠳᠦᠷ᠎ᠠᠴᠠ ᠡᠬᠢᠯᠡᠨ ᠳᠦᠴᠢᠨ ᠲᠠᠪᠤᠨ ᠡᠳᠦᠷ᠎ᠤᠨ ᠳᠤᠲᠤᠷ᠎ᠠ ᠢᠯᠭ᠋ᠠᠷᠠᠭᠤᠯᠤᠨ ᠪᠣᠳᠣᠬᠤ ᠳᠤᠭᠤᠢ᠌ᠯᠠᠩ᠎ᠳᠤ ᠠᠪᠴᠠᠭ᠎ᠠ᠎ᠪᠠᠨ ᠮᠡᠳᠡᠭᠦᠯᠬᠦ ᠬᠡᠷᠡᠭᠲᠡᠢ᠃ ᠬᠡᠷᠪᠡ ᠲᠤᠭᠲᠠᠭ᠋ᠠᠭᠰᠠᠨ ᠬᠤᠭᠤᠴᠠᠭ᠋ᠠᠨ᠎ᠤ ᠳᠤᠲᠤᠷ᠎ᠠ ᠪᠦᠬᠦ ᠪᠦᠷᠢᠯᠳᠦᠭᠦᠨ᠂ ᠠᠪᠴᠠᠭ᠋ᠠᠲᠠᠨᠨᠢ ᠴᠦᠮ ᠮᠡᠳᠡᠭᠳᠡᠯ᠎ᠢ ᠨᠢᠭᠡᠨᠲᠡ ᠣᠯᠣᠭᠰᠠᠨ ᠪᠠᠢ᠌ᠪᠠᠯ᠂ ᠢᠯᠭ᠋ᠠᠷᠠᠭᠤᠯᠤᠨ ᠪᠤᠳᠤᠬᠤ ᠳᠤᠭᠤᠢ᠌ᠯᠠᠩ᠎ᠤᠨ ᠵᠠᠷᠯᠠᠨ ᠨᠡᠢ᠌ᠲᠡᠯᠡᠬᠦ ᠡᠭᠦᠷᠭᠡ ᠵᠢ ᠬᠡᠯᠲᠦᠷᠢᠭᠦᠯᠦᠨ᠎ᠡ᠃
ᠠᠪᠴᠠᠭ᠋ᠠᠲᠠᠨ ᠠᠪᠴᠠᠭ᠎ᠠ᠎ᠪᠠᠨ ᠮᠡᠳᠡᠭᠦᠯᠬᠦ᠎ᠳᠡᠭᠡᠨ ᠠᠪᠴᠠᠭ᠎ᠠ ᠵᠢᠨ ᠬᠤᠯᠪᠤᠭᠳᠠᠯ ᠪᠦᠬᠦᠢ ᠵᠦᠢ᠍ᠯ᠎ᠢ ᠲᠣᠳᠤᠷᠬᠠᠢ᠌ᠯᠠᠬᠤ ᠬᠡᠷᠡᠭᠲᠡᠢ ᠪᠦᠭᠡᠳ ᠭᠡᠷᠡᠴᠢ ᠮᠠᠲᠸᠷᠢᠶᠠᠯ ᠬᠠᠩᠭ᠋ᠠᠬᠤ ᠬᠡᠷᠡᠭᠲᠡᠢ᠃ ᠢᠯᠭ᠋ᠠᠷᠠᠭᠤᠯᠤᠨ ᠪᠣᠳᠤᠬᠤ ᠳᠤᠭᠤᠢ᠌ᠯᠠᠩ᠎ᠨᠢ ᠠᠪᠴᠠᠭ᠎ᠠ ᠵᠢ ᠳᠠᠩᠰᠠᠯᠠᠬᠤ ᠬᠡᠷᠡᠭᠲᠡᠢ᠃
ᠠᠪᠴᠠᠭ᠎ᠠ ᠵᠢ ᠮᠡᠳᠡᠭᠦᠯᠬᠦ ᠬᠤᠭᠤᠴᠠᠭ᠋ᠠᠨ᠎ᠳᠤ ᠢᠯᠭ᠋ᠠᠷᠠᠭᠤᠯᠤᠨ ᠪᠣᠳᠤᠬᠤ ᠳᠤᠭᠤᠢ᠌ᠯᠠᠩ᠎ᠨᠢ ᠠᠪᠴᠠᠭ᠋ᠠᠲᠠᠨᠳᠤ ᠲᠦᠯᠦᠵᠦ ᠳᠠᠭᠤᠰᠬᠠᠵᠤ ᠪᠣᠯᠬᠣ ᠦᠭᠡᠢ᠃
ᠳᠦᠴᠢᠨ ᠳᠦᠷᠪᠡᠳᠦᠭᠡᠷ ᠵᠦᠢ᠍ᠯ ᠲᠠᠷᠢᠶᠠᠴᠢᠨ᠎ᠤ ᠲᠤᠰᠬᠠᠢ ᠠᠵᠢᠯ᠎ᠤᠨ ᠬᠣᠷᠰᠢᠶ᠎ᠠ᠎ᠨᠢ ᠲᠤᠰ ᠬᠠᠤᠯᠢ ᠵᠢᠨ ᠳᠦᠴᠢᠨ ᠨᠢᠭᠡᠳᠦᠭᠡᠷ ᠵᠦᠢ᠍ᠯ᠎ᠤᠨ ᠨᠢᠭᠡᠳᠦᠭᠡᠷ ᠪᠠᠳᠠᠭ᠎ᠲᠤ ᠲᠣᠭᠲᠠᠭ᠋ᠠᠭᠰᠠᠨ ᠰᠢᠯᠲᠠᠭ᠋ᠠᠨ᠎ᠠᠴᠠ ᠪᠣᠯᠵᠦ ᠲᠠᠷᠬᠠᠭ᠋ᠠᠭᠳᠠᠬᠤ᠂ ᠡᠰᠡᠭᠥᠯᠡ ᠠᠷᠠᠳ᠎ᠤᠨ ᠰᠢᠭᠦᠬᠦ ᠬᠣᠷᠢᠶ᠎ᠠ ᠲᠠᠮᠫᠤᠷᠠᠭᠤᠯᠬᠤ ᠭᠤᠶᠤᠴᠢᠯᠠᠯ᠎ᠢ ᠬᠦᠯᠢᠶᠡᠨ ᠠᠪᠴᠦ ᠰᠢᠢ᠍ᠳᠪᠦᠷᠢᠯᠡᠵᠦ ᠪᠠᠢ᠌ᠭ᠎ᠠ ᠦᠶ᠎ᠡ᠎ᠳᠤ ᠪᠦᠷᠢᠯᠳᠦᠭᠦᠨ᠎ᠤ ᠬᠣᠷᠰᠢᠶ᠎ᠠ᠎ᠠᠴᠠ ᠭᠠᠷᠬᠤ ᠭᠠᠷ ᠭᠦᠢ᠍ᠴᠡᠳᠭᠡᠯ᠎ᠢ ᠬᠢᠵᠦ ᠪᠣᠯᠬᠤ ᠦᠭᠡᠢ᠃
ᠳᠦᠴᠢᠨ ᠲᠠᠪᠤᠳᠤᠭ᠋ᠠᠷ ᠵᠦᠢ᠍ᠯ ᠢᠯᠭ᠋ᠠᠷᠠᠭᠤᠯᠤᠨ ᠪᠣᠳᠤᠬᠤ ᠳᠤᠭᠤᠢ᠌ᠯᠠᠩ᠎ᠨᠢ ᠲᠠᠷᠢᠶᠠᠴᠢᠨ᠎ᠤ ᠲᠤᠰᠬᠠᠢ ᠠᠵᠢᠯ᠎ᠤᠨ ᠬᠣᠷᠰᠢᠶᠠᠨ᠎ᠤ ᠠᠵᠢᠯᠲᠠᠳ᠎ᠤᠨ ᠴᠠᠯᠢᠩ ᠬᠢᠭᠡᠳ ᠨᠡᠢ᠌ᠭᠡᠮ᠎ᠤᠨ ᠳᠠᠭ᠋ᠠᠳᠬᠠᠯ᠎ᠤᠨ ᠵᠠᠷᠤᠳᠠᠯ᠎ᠢ ᠲᠦᠯᠦᠬᠦ᠂ ᠥᠷᠢᠳᠦᠵᠦ ᠪᠠᠢ᠌ᠭ᠎ᠠ ᠭᠠᠢ᠌ᠯᠢ ᠵᠢᠨ ᠮᠦᠩᠭᠦ ᠪᠠ ᠪᠤᠰᠤᠳ ᠡᠯ᠎ᠡ ᠵᠦᠢ᠍ᠯ᠎ᠤᠨ ᠥᠷᠢ ᠥᠭᠴᠡᠭᠡ ᠵᠢ ᠲᠦᠯᠦᠬᠦ᠂ ᠵᠢᠴᠢ ᠦᠯᠡᠳᠡᠪᠦᠷᠢ ᠡᠳ᠋ ᠬᠦᠷᠦᠩᠭᠡ ᠵᠢ ᠬᠤᠪᠢᠶᠠᠷᠢᠯᠠᠬᠤ ᠵᠢ ᠪᠠᠭᠲᠠᠭ᠋ᠠᠭᠰᠠᠨ ᠲᠦᠯᠦᠬᠦ ᠲᠦᠰᠦᠯ᠎ᠢ ᠬᠠᠷᠢᠭᠤᠴᠠᠨ ᠲᠤᠭᠲᠠᠭ᠋ᠠᠵᠤ᠂ ᠪᠦᠷᠢᠯᠳᠦᠭᠦᠨ᠎ᠤ ᠶᠡᠬᠡ ᠬᠤᠷᠠᠯ ᠵᠶ᠋ᠠᠷ ᠪᠠᠲᠤᠯᠠᠬᠤ ᠪᠤᠶᠤ ᠠᠷᠠᠳ᠎ᠤᠨ ᠰᠢᠬᠦᠬᠦ ᠬᠣᠷᠢᠶ᠎ᠠ᠎ᠳᠤ ᠭᠤᠶᠤᠴᠢᠯᠠᠵᠤ ᠨᠣᠲᠠᠯᠠᠭᠤᠯᠤᠭᠰᠠᠨᠤ ᠳᠠᠷᠠᠭ᠎ᠠ ᠬᠡᠷᠡᠭᠵᠢᠭᠦᠯᠦᠨ᠎ᠡ᠃
ᠢᠯᠭ᠋ᠠᠷᠠᠭᠤᠯᠤᠨ ᠪᠣᠳᠤᠬᠤ ᠳᠤᠭᠤᠢ᠌ᠯᠠᠩ ᠲᠠᠷᠢᠶᠠᠴᠢᠨ᠎ᠤ ᠲᠤᠰᠬᠠᠢ ᠠᠵᠢᠯ᠎ᠤᠨ ᠬᠣᠷᠰᠢᠶᠠᠨ᠎ᠤ ᠡᠳ᠋ ᠬᠦᠷᠦᠩᠭᠡ᠎ᠨᠢ ᠥᠷᠢ ᠥᠭᠴᠡᠭᠡ᠎ᠪᠠᠨ ᠲᠦᠯᠦᠵᠦ ᠳᠡᠢ᠌ᠯᠬᠦ ᠦᠭᠡᠢ ᠪᠠᠢ᠌ᠬᠤ ᠵᠢ ᠣᠯᠵᠣ ᠮᠡᠳᠡᠪᠡᠯ᠂ ᠬᠠᠤᠯᠢ ᠶᠣᠰᠣᠭ᠋ᠠᠷ ᠠᠷᠠᠳ᠎ᠤᠨ ᠰᠢᠬᠦᠬᠦ ᠬᠣᠷᠢᠶ᠎ᠠ᠎ᠳᠤ ᠲᠠᠮᠫᠤᠷᠠᠭᠤᠯᠬᠤ᠎ᠪᠠᠷ ᠭᠤᠶᠤᠴᠢᠯᠠᠬᠤ ᠬᠡᠷᠡᠭᠲᠡᠢ᠃
ᠳᠦᠴᠢᠨ ᠵᠢᠷᠭᠤᠳᠤᠭ᠋ᠠᠷ ᠵᠦᠢ᠍ᠯ ᠲᠠᠷᠢᠶᠠᠴᠢᠨ᠎ᠤ ᠲᠤᠰᠬᠠᠢ ᠠᠵᠢᠯ᠎ᠤᠨ ᠬᠣᠷᠰᠢᠶ᠎ᠠ᠎ᠨᠢ ᠲᠠᠷᠬᠠᠭ᠋ᠠᠬᠤ᠂ ᠲᠠᠮᠫᠤᠷᠠᠭᠤᠯᠬᠤ᠎ᠪᠠᠷ ᠢᠯᠭ᠋ᠠᠷᠠᠭᠤᠯᠤᠨ ᠪᠤᠳᠤᠬᠤ ᠥᠶ᠎ᠡ᠎ᠳᠤ᠂ ᠤᠯᠤᠰ᠎ᠤᠨ ᠡᠳ᠋᠎ᠤᠨ ᠵᠠᠰᠠᠭ᠎ᠤᠨ ᠰᠢᠭᠤᠳ ᠨᠥᠬᠦᠪᠦᠷᠢ ᠵᠢ ᠬᠦᠯᠢᠶᠡᠨ ᠠᠪᠤᠭ᠋ᠠᠳ ᠪᠦᠷᠢᠯᠳᠦᠭᠰᠡᠨ ᠡᠳ᠋ ᠬᠦᠷᠦᠩᠭᠡ ᠵᠢ ᠬᠤᠪᠢᠶᠠᠷᠢᠯᠠᠵᠤ ᠪᠣᠯᠬᠤ ᠦᠯᠡᠳᠡᠪᠦᠷᠢ ᠡᠳ᠋ ᠬᠦᠷᠦᠩᠭᠡ ᠪᠣᠯᠭ᠋ᠠᠨ ᠪᠦᠷᠢᠯᠳᠦᠭᠦᠨ᠎ᠳᠤ ᠬᠤᠪᠢᠶᠠᠷᠢᠯᠠᠨ ᠦᠭᠴᠦ ᠪᠣᠯᠬᠣ ᠦᠭᠡᠢ᠂ ᠰᠢᠢ᠍ᠳᠪᠦᠷᠢᠯᠡᠬᠦ ᠠᠷᠭ᠎ᠠ ᠵᠢ ᠲᠥᠷᠦ ᠵᠢᠨ ᠶᠠᠪᠤᠳᠠᠯ᠎ᠤᠨ ᠬᠣᠷᠢᠶ᠎ᠠ᠎ᠠᠴᠠ ᠲᠣᠭᠲᠠᠭ᠋ᠠᠨ᠎ᠠ᠃
ᠳᠦᠴᠢᠨ ᠳᠣᠯᠣᠳᠤᠭ᠋ᠠᠷ ᠵᠦᠢ᠍ᠯ ᠢᠯᠭ᠋ᠠᠷᠠᠭᠤᠯᠤᠨ ᠪᠤᠳᠤᠬᠤ ᠳᠤᠭᠤᠢ᠌ᠯᠠᠩ᠎ᠤᠨ ᠪᠦᠷᠢᠯᠳᠦᠭᠦᠨᠨᠦᠭᠦᠳ ᠡᠭᠦᠷᠭᠡ ᠲᠤᠰᠢᠶᠠᠯ᠎ᠳᠠᠭᠠᠨ ᠦᠨᠡᠨᠴᠢ ᠰᠢᠳᠤᠷᠭᠤ ᠪᠠᠢ᠌ᠵᠤ᠂ ᠢᠯᠭ᠋ᠠᠷᠠᠭᠤᠯᠤᠨ ᠪᠤᠳᠤᠬᠤ ᠡᠭᠦᠷᠭᠡ᠎ᠪᠠᠨ ᠬᠠᠤᠯᠢ ᠶᠣᠰᠤᠭ᠋ᠠᠷ ᠭᠦᠢ᠍ᠴᠡᠳᠭᠡᠬᠦ ᠬᠡᠷᠡᠭᠲᠡᠢ᠂ ᠵᠣᠷᠢᠭᠤᠳᠠ ᠪᠤᠶᠤ ᠬᠦᠨᠳᠦ ᠶᠡᠬᠡ ᠠᠯᠳᠠᠰᠢ᠎ᠠᠴᠠ ᠪᠣᠯᠵᠤ ᠲᠠᠷᠢᠶᠠᠴᠢᠨ᠎ᠤ ᠲᠤᠰᠬᠠᠢ ᠠᠵᠢᠯ᠎ᠤᠨ ᠬᠤᠷᠰᠢᠶᠠᠨ᠎ᠤ ᠪᠦᠷᠢᠯᠳᠦᠭᠦᠨ ᠪᠣᠯᠣᠨ ᠠᠪᠴᠠᠭ᠋ᠠᠲᠠᠨᠳᠤ ᠬᠣᠬᠢᠷᠠᠯ ᠤᠴᠠᠷᠠᠭᠤᠯᠤᠭᠰᠠᠨ ᠪᠠᠢ᠌ᠪᠠᠯ᠂ ᠲᠥᠯᠥᠬᠦ ᠬᠠᠷᠢᠭᠤᠴᠠᠯᠭ᠎ᠠ ᠡᠭᠦᠷᠭᠡᠯᠡᠬᠦ ᠭᠡᠷᠡᠭᠲᠡᠢ᠃
ᠳᠦᠴᠢᠨ ᠨᠠᠢ᠍ᠮᠠᠳᠤᠭ᠋ᠠᠷ ᠵᠦᠢ᠍ᠯ ᠲᠠᠷᠢᠶᠠᠴᠢᠨ᠎ᠤ ᠲᠤᠰᠬᠠᠢ ᠠᠵᠢᠯ᠎ᠤᠨ ᠬᠣᠷᠰᠢᠶ᠎ᠠ ᠵᠢ ᠲᠠᠮᠫᠤᠷᠠᠭᠤᠯᠬᠤ᠎ᠳᠤ ᠠᠵᠤ ᠠᠬᠤᠢ᠌ᠯᠠᠯ᠎ᠤᠨ ᠲᠠᠮᠫᠤᠷᠠᠯ᠎ᠤᠨ ᠬᠠᠤᠯᠢ ᠵᠢᠨ ᠬᠣᠯᠪᠤᠭᠳᠠᠯ ᠪᠦᠬᠦᠢ ᠲᠣᠭᠲᠠᠭ᠋ᠠᠯ᠎ᠢ ᠬᠡᠷᠡᠭᠯᠡᠨ᠎ᠡ᠃ ᠭᠡᠪᠡᠴᠦ ᠲᠠᠮᠫᠤᠷᠠᠭᠰᠠᠨ ᠡᠳ᠋ ᠬᠦᠷᠦᠩᠭᠡ᠎ᠪᠠᠷ ᠲᠠᠮᠫᠤᠷᠠᠬᠤ ᠵᠠᠷᠤᠳᠠᠯ ᠪᠠ ᠨᠡᠢ᠌ᠲᠡ ᠵᠢᠨ ᠠᠰᠠᠷᠠᠮᠵᠢ ᠵᠢᠨ ᠥᠷᠢ ᠥᠭᠴᠡᠭᠡ ᠵᠢ ᠲᠥᠯᠦᠵᠦ ᠳᠠᠭᠤᠰᠬᠠᠭᠰᠠᠨ᠎ᠤ ᠳᠠᠷᠠᠭ᠎ᠠ᠂ ᠲᠠᠮᠫᠤᠷᠠᠬᠤ᠎ᠠᠴᠠ ᠡᠮᠦᠨ᠎ᠡ ᠲᠠᠷᠢᠶᠠᠴᠢᠨ ᠪᠦᠷᠢᠯᠳᠦᠭᠦᠨ᠎ᠲᠠᠢ᠎ᠪᠠᠨ ᠨᠢᠭᠡᠨᠲᠡ ᠠᠷᠠᠯᠵᠢᠶ᠎ᠠ ᠬᠢᠭᠰᠡᠨ ᠪᠣᠯᠪᠠᠴᠦ ᠬᠠᠷᠠᠬᠠᠨ ᠲᠠᠰᠤᠯᠤᠨ ᠪᠣᠳᠤᠵᠤ ᠳᠠᠭᠤᠰᠬᠠᠭ᠋ᠠᠳᠤᠢ ᠵᠣᠭᠤᠰ᠎ᠢ ᠡᠩ ᠲᠡᠷᠢᠭᠦᠨ᠎ᠳᠤ ᠲᠦᠯᠦᠬᠦ ᠭᠡᠷᠡᠭᠲᠡᠢ᠃
ᠲᠤᠯᠤᠳᠤᠭ᠋ᠠᠷ ᠪᠥᠯᠦᠭ ᠲᠡᠳᠭᠦᠨ ᠳᠡᠮᠵᠢᠬᠦ ᠲᠥᠷᠦ ᠵᠢᠨ ᠪᠣᠳᠣᠯᠭ᠎ᠠ
ᠳᠥᠴᠢ ᠶᠢᠰᠦᠳᠦᠭᠡᠷ ᠵᠥᠢ᠍ᠯ ᠣᠯᠣᠰ᠎ᠠᠴᠠ ᠲᠠᠷᠢᠶᠠᠯᠠᠩ ᠪᠠ ᠬᠥᠳᠡᠭᠡ ᠲᠣᠰᠬᠣᠨ᠎ᠤ ᠠᠵᠣ ᠠᠬᠣᠢ ᠵᠢ ᠬᠥᠭᠵᠢᠭᠦᠯᠬᠦ ᠪᠥᠲᠦᠭᠡᠨ ᠪᠠᠢ᠌ᠭᠤᠯᠤᠯᠲᠠ ᠵᠢᠨ ᠵᠦᠢ᠍ᠯᠡᠰ᠎ᠢ ᠳᠡᠮᠵᠢᠵᠦ᠂ ᠨᠥᠬᠦᠴᠡᠯ ᠪᠥᠷᠢᠯᠳᠦᠭᠦᠯᠦᠭᠰᠡᠨ ᠬᠤᠯᠪᠤᠭᠳᠠᠯ ᠪᠥᠬᠦᠢ ᠲᠠᠷᠢᠶᠠᠴᠢᠨ᠎ᠤ ᠲᠣᠰᠬᠠᠢ ᠠᠵᠢᠯ᠎ᠤᠨ ᠬᠣᠷᠰᠢᠶ᠎ᠠ᠎ᠳᠤ ᠨᠠᠢ᠌ᠳᠠᠨ ᠳᠣᠬᠢᠷᠠᠭᠤᠯᠵᠤ ᠬᠡᠷᠡᠭᠵᠢᠭᠦᠯᠵᠦ ᠪᠣᠯᠣᠨ᠎ᠠ᠃
ᠲᠠᠪᠢᠳᠣᠭ᠋ᠠᠷ ᠵᠥᠢ᠍ᠯ ᠲᠥᠪ᠎ᠤᠨ ᠪᠠ ᠣᠷᠣᠨ ᠨᠣᠲᠣᠭ᠎ᠤᠨ ᠡᠳ᠋᠎ᠤᠨ ᠵᠠᠰᠠᠭ᠎ᠨᠢ ᠲᠣᠰ ᠲᠣᠰ ᠪᠡᠯᠡ ᠮᠥᠩᠭᠦ ᠲᠣᠬᠢᠷᠠᠭᠤᠯᠵᠤ᠂ ᠲᠠᠷᠢᠶᠠᠴᠢᠨ᠎ᠤ ᠲᠣᠰᠬᠠᠢ ᠠᠵᠢᠯ᠎ᠤᠨ ᠬᠣᠷᠰᠢᠶᠠᠨ᠎ᠤ ᠮᠡᠳᠡᠭᠡ ᠵᠠᠩᠬᠢ᠂ ᠪᠤᠯᠪᠠᠰᠤᠷᠠᠭᠤᠯᠤᠯ᠂ ᠲᠠᠷᠢᠶᠠᠯᠠᠩ᠎ᠤᠨ ᠪᠥᠲᠦᠭᠡᠭᠳᠡᠭᠦᠨ᠎ᠤ ᠶᠠᠰᠤ ᠴᠢᠨᠠᠷ᠎ᠤᠨ ᠪᠠᠷᠢᠮᠵᠢᠶ᠎ᠠ ᠬᠢᠭᠡᠳ ᠬᠡᠷᠡᠴᠢᠯᠡᠭᠡ᠂ ᠲᠠᠷᠢᠶᠠᠯᠠᠩ᠎ᠤᠨ ᠦᠢ᠍ᠯᠡᠳᠪᠥᠷᠢᠯᠡᠯ᠎ᠤᠨ ᠰᠠᠭᠤᠷᠢ ᠲᠥᠬᠦᠭᠡᠷᠦᠮᠵᠢ ᠵᠢᠨ ᠪᠥᠲᠦᠭᠡᠨ ᠪᠠᠢ᠌ᠭᠤᠯᠤᠯᠲᠠ᠂ ᠵᠠᠬ᠎ᠠ ᠳᠡᠯᠭᠡᠭᠦᠷ᠎ᠤᠨ ᠡᠵᠡᠩᠨᠡᠨ ᠪᠤᠷᠤᠯᠠᠭᠤᠯᠤᠯᠲᠠ ᠪᠠ ᠮᠡᠷᠭᠡᠵᠢᠯ᠎ᠤᠨ ᠳᠡᠯᠭᠡᠷᠡᠭᠦᠯᠦᠯᠲᠡ ᠵᠡᠷᠭᠡ ᠦᠢ᠍ᠯᠡᠴᠢᠯᠡᠭᠡ ᠦᠷᠨᠢᠭᠦᠯᠬᠦ ᠵᠢ ᠳᠡᠮᠵᠢᠬᠦ ᠬᠡᠷᠡᠭᠲᠡᠢ᠃ ᠦᠨᠳᠦᠰᠦᠲᠡᠨ᠎ᠤ ᠭᠠᠵᠠᠷ ᠣᠷᠣᠨ᠂ ᠵᠠᠬ᠎ᠠ ᠬᠢᠵᠠᠭ᠋ᠠᠷ ᠤᠷᠤᠨ ᠪᠠ ᠶᠠᠳᠠᠭᠤ ᠬᠦᠴᠢᠷᠳᠡᠯᠲᠡᠢ ᠭᠠᠵᠠᠷ ᠤᠷᠤᠨ᠎ᠤ ᠲᠠᠷᠢᠶᠠᠴᠢᠨ᠎ᠤ ᠲᠣᠰᠬᠠᠢ ᠠᠵᠢᠯ᠎ᠤᠨ ᠬᠤᠷᠰᠢᠶ᠎ᠠ ᠪᠠ ᠣᠯᠣᠰ ᠬᠢᠭᠡᠳ ᠨᠡᠢ᠌ᠭᠡᠮ᠎ᠤᠨ ᠪᠠᠴᠢᠮ ᠬᠡᠷᠡᠭᠴᠡᠭᠡ᠎ᠲᠠᠢ ᠴᠢᠬᠤᠯᠠ ᠲᠠᠷᠢᠶᠠᠯᠠᠩ᠎ᠤᠨ ᠪᠥᠲᠦᠭᠡᠭᠳᠡᠭᠦᠨ᠎ᠢ ᠦᠢ᠍ᠯᠡᠳᠪᠥᠷᠢᠯᠡᠬᠦ ᠲᠠᠷᠢᠶᠠᠴᠢᠨ᠎ᠤ ᠲᠣᠰᠬᠠᠢ ᠠᠵᠢᠯ᠎ᠤᠨ ᠬᠣᠷᠰᠢᠶ᠎ᠠ ᠵᠢ ᠡᠩ ᠲᠡᠷᠢᠭᠦᠨ᠎ᠳᠤ ᠲᠡᠳᠭᠦᠨ ᠳᠡᠮᠵᠢᠬᠦ ᠬᠡᠷᠡᠭᠲᠡᠢ᠃
ᠲᠠᠪᠢᠨ ᠨᠢᠭᠡᠳᠦᠭᠡᠷ ᠵᠥᠢ᠍ᠯ ᠣᠯᠣᠰ᠎ᠤᠨ ᠲᠥᠷᠦ ᠵᠢᠨ ᠪᠣᠳᠣᠯᠭ᠎ᠠ ᠵᠢᠨ ᠴᠢᠨᠠᠷᠲᠠᠢ ᠮᠥᠩᠭᠦᠨ ᠭᠦᠢ᠍ᠯᠭᠡᠭᠡᠨ᠎ᠤ ᠪᠠᠢ᠌ᠭᠤᠯᠤᠮᠵᠢ᠎ᠨᠤᠭᠤᠳ ᠣᠯᠠᠨ ᠵᠥᠢ᠍ᠯ᠎ᠤᠨ ᠬᠡᠯᠪᠡᠷᠢ ᠮᠠᠶᠢᠭ ᠵᠶ᠋ᠠᠷ ᠲᠠᠷᠢᠶᠠᠴᠢᠨ᠎ᠤ ᠳᠣᠰᠬᠠᠢ ᠠᠵᠢᠯ᠎ᠤᠨ ᠬᠣᠷᠰᠢᠶ᠎ᠠ᠎ᠳᠤ ᠣᠯᠠᠨ ᠠᠷᠭ᠎ᠠ ᠵᠠᠮ ᠪᠥᠬᠦᠢ ᠪᠠᠯᠡ ᠮᠥᠩᠭᠦ ᠵᠢᠨ ᠳᠡᠮᠵᠢᠯᠭᠡ ᠬᠠᠩᠭ᠋ᠠᠬᠤ ᠬᠡᠷᠡᠭᠲᠡᠢ᠃ ᠳᠡᠮᠵᠢᠬᠦ ᠪᠣᠳᠠᠲᠠᠢ ᠲᠥᠷᠦ ᠵᠢᠨ ᠪᠣᠳᠣᠯᠭ᠎ᠠ ᠵᠢ ᠲᠥᠷᠦ ᠵᠢᠨ ᠶᠠᠪᠤᠳᠠᠯ᠎ᠤᠨ ᠬᠣᠷᠢᠶ᠎ᠠ᠎ᠠᠴᠠ ᠳᠣᠭᠲᠠᠭ᠋ᠠᠨ᠎ᠠ᠃
ᠣᠯᠣᠰ᠎ᠠᠴᠠ ᠬᠣᠳᠠᠯᠳᠣᠭ᠋ᠠᠨ᠎ᠤ ᠴᠢᠨᠠᠷᠲᠠᠢ ᠮᠥᠩᠭᠦᠨ ᠭᠦᠢ᠍ᠯᠭᠡᠭᠡᠨ᠎ᠤ ᠪᠠᠢ᠌ᠭᠤᠯᠤᠮᠵᠢ᠎ᠨᠤᠭᠤᠳ᠎ᠤᠨ ᠣᠯᠠᠨ ᠵᠥᠢ᠍ᠯ᠎ᠤᠨ ᠬᠡᠯᠪᠡᠷᠢ ᠮᠠᠶᠢᠭ ᠵᠶ᠋ᠠᠷ ᠲᠠᠷᠢᠶᠠᠴᠢᠨ᠎ᠤ ᠲᠤᠰᠬᠠᠢ ᠠᠵᠢᠯ᠎ᠤᠨ ᠬᠣᠷᠰᠢᠶ᠎ᠠ᠎ᠳᠤ ᠮᠥᠩᠭᠦᠨ ᠭᠦᠢ᠍ᠯᠭᠡᠭᠡᠨ᠎ᠤ ᠦᠢ᠍ᠯᠡᠴᠢᠯᠡᠭᠡ ᠬᠠᠩᠭ᠋ᠠᠬᠤ ᠵᠢ ᠵᠤᠷᠢᠭᠵᠢᠭᠤᠯᠤᠨ᠎ᠠ᠃
ᠲᠠᠪᠢᠨ ᠬᠤᠶᠠᠳᠤᠭ᠋ᠠᠷ ᠵᠥᠢ᠍ᠯ ᠲᠠᠷᠢᠶᠠᠴᠢᠨ᠎ᠤ ᠲᠣᠰᠬᠠᠢ ᠠᠵᠢᠯ᠎ᠤᠨ ᠬᠣᠷᠰᠢᠶ᠎ᠠ᠎ᠨᠢ ᠣᠯᠣᠰ᠎ᠠᠴᠠ ᠲᠣᠭᠳᠠᠭ᠋ᠠᠭᠰᠠᠨ ᠲᠠᠷᠢᠶᠠᠯᠠᠩ᠎ᠤᠨ ᠦᠢ᠍ᠯᠡᠳᠪᠥᠷᠢᠯᠡᠯ᠂ ᠪᠣᠯᠪᠠᠰᠣᠷᠠᠭᠣᠯᠣᠯᠲᠠ᠂ ᠭᠦᠢ᠍ᠯᠭᠡᠭᠡ᠂ ᠦᠢ᠍ᠯᠡᠴᠢᠯᠡᠭᠡ ᠪᠠ ᠲᠠᠷᠢᠶᠠᠯᠠᠩ᠎ᠳᠤ
ᠬᠣᠯᠪᠣᠭᠳᠠᠬᠣ ᠪᠣᠰᠣᠳ ᠠᠵᠣ ᠠᠬᠣᠢ ᠵᠢᠨ ᠠᠵᠢᠯ᠎ᠲᠠᠢ ᠵᠣᠬᠢᠴᠠᠯᠳᠣᠭᠰᠠᠨ ᠭᠠᠢ᠌ᠯᠢ ᠳᠠᠲᠠᠪᠤᠷᠢ ᠵᠢᠨ ᠬᠠᠷᠠᠭ᠋ᠠᠯᠵᠠᠯ᠎ᠢ ᠬᠦᠷᠲᠡᠨ᠎ᠡ᠃
ᠲᠠᠷᠢᠶᠠᠴᠢᠨ᠎ᠤ ᠲᠤᠰᠬᠠᠢ ᠠᠵᠢᠯ᠎ᠤᠨ ᠬᠣᠷᠰᠢᠶᠠᠨ᠎ᠤ ᠬᠥᠭᠵᠢᠯᠲᠡ ᠵᠢ ᠳᠡᠮᠵᠢᠬᠦ ᠪᠤᠰᠤᠳ ᠭᠠᠢ᠌ᠯᠢ ᠳᠠᠲᠠᠪᠤᠷᠢ ᠵᠢᠨ ᠬᠠᠷᠠᠭ᠋ᠠᠯᠵᠠᠯ᠎ᠳᠦ ᠲᠥᠷᠦ ᠵᠢᠨ ᠪᠣᠳᠣᠯᠭ᠎ᠠ ᠵᠢ ᠲᠥᠷᠦ ᠵᠢᠨ ᠶᠠᠪᠤᠳᠠᠯ᠎ᠠᠴᠠ ᠳᠤᠭᠲᠠᠭ᠋ᠠᠨᠠ᠃
ᠨᠠᠢ᠍ᠮᠠᠳᠤᠭ᠋ᠠᠷ ᠪᠥᠯᠦᠭ ᠬᠠᠤᠯᠢ ᠵᠢᠨ ᠬᠠᠷᠢᠭᠤᠴᠠᠯᠭ᠎ᠠ
ᠲᠠᠪᠢᠨ ᠭᠣᠷᠪᠠᠳᠣᠭ᠋ᠠᠷ ᠵᠥᠢ᠍ᠯ ᠲᠠᠷᠢᠶᠠᠴᠢᠨ᠎ᠤ ᠲᠣᠰᠬᠠᠢ ᠠᠵᠢᠯ᠎ᠤᠨ ᠬᠣᠷᠰᠢᠶ᠎ᠠ ᠵᠢᠴᠢ ᠲᠡᠭᠦᠨ᠎ᠤ ᠪᠥᠷᠢᠯᠳᠦᠭᠦᠨᠤ ᠬᠠᠤᠯᠢ ᠶᠤᠰᠤᠨ ᠵᠢᠨ ᠡᠳ᠋ ᠬᠥᠷᠦᠩᠭᠡ ᠵᠢ ᠡᠵᠡᠯᠡᠨ ᠠᠪᠬᠤ᠂ ᠨᠡᠭᠦᠯᠭᠡᠨ ᠬᠡᠷᠡᠭᠯᠡᠬᠦ᠂ ᠳᠣᠮᠳᠠ᠎ᠠᠴᠠ᠎ᠨᠢ ᠦᠯᠡᠳᠡᠭᠡᠬᠦ᠂ ᠳᠠᠯᠳᠠᠭᠤᠷ ᠬᠣᠪᠢᠶᠠᠯᠴᠠᠬᠤ ᠪᠤᠶᠤ ᠪᠤᠰᠤᠳ ᠬᠡᠯᠪᠡᠷᠢ᠎ᠪᠠᠷ ᠲᠡᠭᠦᠨ᠎ᠳᠤ ᠬᠠᠯᠳᠠᠵᠤ᠂ ᠲᠠᠷᠢᠶᠠᠴᠢᠨ᠎ᠤ ᠲᠣᠰᠬᠠᠢ ᠠᠵᠢᠯ᠎ᠤᠨ ᠬᠣᠷᠰᠢᠶ᠎ᠠ ᠵᠢᠴᠢ ᠲᠡᠭᠦᠨ᠎ᠤ ᠪᠥᠷᠢᠯᠳᠦᠭᠦᠨᠤ ᠦᠢ᠍ᠯᠡᠳᠪᠥᠷᠢᠯᠡᠯ ᠡᠵᠡᠩᠨᠡᠯᠲᠡ ᠵᠢᠨ ᠠᠵᠢᠯᠯᠠᠭ᠎ᠠ᠎ᠳᠤ ᠬᠠᠤᠯᠢ ᠪᠤᠰᠤ᠎ᠪᠠᠷ ᠭᠠᠷ ᠳᠦᠷᠦᠨ᠂ ᠲᠠᠷᠢᠶᠠᠴᠢᠨ᠎ᠤ ᠲᠣᠰᠬᠠᠢ ᠠᠵᠢᠯ᠎ᠤᠨ ᠬᠣᠷᠰᠢᠶ᠎ᠠ ᠵᠢᠴᠢ ᠲᠡᠭᠦᠨ᠎ᠤ ᠪᠥᠷᠢᠯᠳᠦᠭᠦᠨ᠎ᠳᠤ ᠲᠡᠰᠭᠡᠨ ᠨᠤᠭᠳᠠᠭᠤᠯᠵᠤ᠂ ᠲᠠᠷᠢᠶᠠᠴᠢᠨ᠎ᠤ ᠲᠣᠰᠬᠠᠢ ᠠᠵᠢᠯ᠎ᠤᠨ ᠬᠣᠷᠰᠢᠶ᠎ᠠ ᠵᠢᠴᠢ ᠲᠡᠭᠦᠨ᠎ᠤ ᠪᠥᠷᠢᠯᠳᠦᠭᠦᠨᠢ ᠲᠥᠯᠦᠪᠥᠷᠢᠳᠦ ᠦᠢ᠍ᠯᠡᠴᠢᠯᠡᠭᠡ ᠬᠦᠯᠢᠶᠡᠨ ᠠᠪᠤᠭᠤᠯᠬᠤ᠎ᠪᠠᠷ ᠠᠯᠪᠠᠳᠠᠵᠣ᠂ ᠲᠠᠷᠢᠶᠠᠴᠢᠨ᠎ᠤ ᠲᠣᠰᠬᠠᠢ ᠠᠵᠢᠯ᠎ᠤᠨ ᠬᠣᠷᠰᠢᠶ᠎ᠠ᠎ᠳᠤ ᠠᠵᠤ ᠠᠬᠤᠢ ᠵᠢᠨ ᠬᠣᠬᠢᠷᠠᠯ ᠤᠴᠠᠷᠠᠭᠤᠯᠤᠭᠰᠠᠨ ᠪᠠᠢ᠌ᠪᠠᠯ᠂ ᠬᠠᠤᠯᠢ ᠶᠣᠰᠤᠭ᠋ᠠᠷ ᠬᠠᠤᠯᠢ ᠵᠢᠨ ᠬᠠᠷᠢᠭᠤᠴᠠᠯᠭ᠎ᠠ ᠨᠡᠬᠡᠮᠵᠢᠯᠡᠨ᠎ᠡ᠃
ᠲᠠᠪᠢᠨ ᠳᠦᠷᠪᠡᠳᠦᠭᠡᠷ ᠵᠥᠢ᠍ᠯ ᠲᠠᠷᠢᠶᠠᠴᠢᠨ᠎ᠤ ᠲᠣᠰᠬᠠᠢ ᠠᠵᠢᠯ᠎ᠤᠨ ᠬᠣᠷᠰᠢᠶ᠎ᠠ᠎ᠨᠢ ᠳᠠᠩᠰᠠᠯᠠᠬᠤ ᠪᠠᠢ᠌ᠭᠤᠯᠭ᠎ᠠ᠎ᠳᠤ ᠬᠣᠳᠠᠯ ᠬᠠᠭᠤᠷᠮᠠᠭ ᠳᠠᠩᠰᠠᠯᠠᠯᠲᠠ ᠵᠢᠨ ᠮᠠᠲᠸᠷᠢᠶᠠᠯ ᠬᠠᠩᠭ᠋ᠠᠭᠰᠠᠨ ᠪᠤᠶᠤ ᠪᠤᠰᠤᠳ ᠮᠡᠬᠡᠯᠡᠯ᠎ᠤᠨ ᠠᠷᠭ᠎ᠠ᠎ᠪᠠᠷ ᠳᠠᠩᠰᠠᠯᠠᠭᠤᠯᠤᠭᠰᠠᠨ ᠪᠠᠢ᠌ᠪᠠᠯ᠂ ᠳᠠᠩᠰᠠᠯᠠᠬᠤ ᠪᠠᠢ᠌ᠭᠤᠯᠭ᠎ᠠ᠎ᠠᠴᠠ ᠵᠠᠷᠯᠢᠭᠳᠠᠨ ᠵᠠᠯᠠᠷᠠᠭᠤᠯᠤᠨ᠎ᠠ᠃ ᠦᠢ᠍ᠯᠡ ᠪᠠᠢ᠌ᠳᠠᠯ᠎ᠨᠢ ᠬᠦᠨᠳᠦ ᠨᠤᠴᠢᠲᠠᠢ ᠪᠠᠢ᠌ᠪᠠᠯ᠂ ᠳᠠᠩᠰᠠᠯᠠᠯᠲᠠ ᠵᠢ᠎ᠨᠢ ᠬᠦᠴᠦᠨ ᠦᠭᠡᠢ ᠪᠤᠯᠭ᠋ᠠᠨ᠎ᠠ᠃
ᠲᠠᠪᠢᠨ ᠲᠠᠪᠤᠳᠤᠭ᠋ᠠᠷ ᠵᠥᠢ᠍ᠯ ᠲᠠᠷᠢᠶᠠᠴᠢᠨ᠎ᠤ ᠲᠣᠰᠬᠠᠢ ᠠᠵᠢᠯ᠎ᠤᠨ ᠬᠤᠷᠰᠢᠶ᠎ᠠ᠎ᠨᠢ ᠬᠠᠤᠯᠢ ᠶᠤᠰᠤᠭ᠋ᠠᠷ ᠬᠤᠯᠪᠤᠭᠳᠠᠯ ᠪᠥᠬᠦᠢ ᠡᠷᠬᠢᠯᠡᠨ ᠬᠠᠮᠢᠶᠠᠷᠬᠣ ᠰᠠᠯᠠᠭ᠎ᠠ ᠮᠦᠴᠢᠷ᠎ᠲᠤ ᠬᠠᠩᠭ᠋ᠠᠭᠰᠠᠨ ᠡᠳ᠋᠎ᠤᠨ ᠶᠠᠪᠤᠳᠠᠯ᠎ᠤᠨ ᠮᠡᠳᠡᠭᠦᠯᠦᠯᠲᠡ ᠵᠡᠷᠭᠡ ᠮᠠᠲᠸᠷᠢᠶᠠᠯ᠎ᠳᠠᠭᠠᠨ ᠬᠣᠳᠠᠯ ᠬᠠᠭᠣᠷᠮᠠᠭ ᠲᠡᠮᠳᠡᠭᠯᠡᠯ ᠬᠢᠭᠰᠡᠨ ᠪᠣᠶᠣ ᠴᠢᠬᠤᠯᠠ ᠪᠤᠳᠠᠳᠤ ᠬᠡᠷᠡᠭ᠎ᠢ ᠨᠢᠭᠤᠵᠤ ᠳᠠᠯᠳᠠᠯᠠᠭᠰᠠᠨ ᠪᠠᠢ᠌ᠪᠠᠯ᠂ ᠬᠠᠤᠯᠢ ᠶᠣᠰᠣᠭ᠋ᠠᠷ ᠬᠠᠤᠯᠢ ᠵᠢᠨ ᠬᠠᠷᠢᠭᠤᠴᠠᠯᠭ᠎ᠠ ᠨᠡᠬᠡᠮᠵᠢᠯᠡᠨ᠎ᠡ᠃
ᠶᠢᠰᠦᠳᠦᠭᠡᠷ ᠪᠥᠯᠦᠭ ᠳᠠᠭ᠋ᠠᠯᠳᠣᠭᠤᠯᠤᠭᠰᠠᠨ ᠳᠥᠷᠢᠮ
ᠲᠠᠪᠢᠨ ᠵᠢᠷᠭᠣᠳᠣᠭ᠋ᠠᠷ ᠵᠥᠢ᠍ᠯ ᠲᠣᠰ ᠬᠠᠤᠯᠢ ᠵᠢ 2007 ᠣᠨ᠎ᠤ 7 ᠰᠠᠷ᠎ᠠ ᠵᠢᠨ 1᠎ᠤ ᠡᠳᠦᠷ᠎ᠠᠴᠠ ᠡᠬᠢᠯᠡᠵᠦ ᠬᠡᠷᠡᠭᠵᠢᠭᠦᠯᠦᠨ᠎ᠡ᠃