ᠬᠤᠨᠢ ᠢᠮᠠᠭ᠋ᠠᠨ᠎ᠤ ᠨᠢᠲᠤᠯᠭ᠋ᠠᠨ᠎ᠤ ᠬᠢᠵᠢᠭ ᠪᠠᠶ᠋ᠢᠴᠠᠭ᠋ᠠᠯᠲᠠ ᠵᠢᠨ ᠵᠢᠷᠤᠮ
农医发 [2010] 27号
1. ᠬᠡᠷᠡᠭᠯᠡᠬᠦ ᠬᠦᠷᠢᠶ᠎ᠡ ᠬᠡᠪᠴᠢᠶ᠎ᠡ᠂ ᠡᠨᠡ ᠵᠢᠷᠤᠮᠳᠤ ᠬᠤᠨᠢ ᠢᠮᠠᠭ᠋ᠠᠨ᠎ᠤ ᠨᠢᠲᠤᠯᠭ᠋ᠠᠨ᠎ᠤ ᠲᠠᠯᠠᠪᠤᠷ (ᠦᠢ᠍ᠯᠡᠳᠪᠦᠷᠢ᠂ ᠴᠢᠭ)᠎ᠲᠤ ᠣᠷᠣᠭᠤᠯᠬᠤ ᠵᠢ ᠬᠢᠨᠠᠵᠤ ᠰᠢᠯᠭ᠋ᠠᠬᠤ᠂ ᠨᠢᠲᠤᠯᠭ᠋ᠠᠨ᠎ᠤ ᠡᠮᠦᠨᠡᠬᠢ ᠦᠵᠡᠯᠭᠡ᠂ ᠬᠠᠮᠲᠤᠳᠤᠨᠢ ᠬᠢᠵᠢᠭ ᠪᠠᠶ᠋ᠢᠴᠠᠭ᠋ᠠᠯᠲᠠ᠂ ᠬᠢᠵᠢᠭ ᠪᠠᠶ᠋ᠢᠴᠠᠭ᠋ᠠᠯᠲᠠ ᠵᠢᠨ ᠦᠷ᠎ᠡ ᠳ᠋ᠦᠩ᠎ᠤᠨ ᠰᠢᠢ᠍ᠳᠪᠦᠷᠢᠯᠡᠯᠲᠡ ᠪᠣᠯᠣᠨ ᠬᠢᠵᠢᠭ ᠪᠠᠶ᠋ᠢᠴᠠᠭ᠋ᠠᠯᠲᠠ ᠵᠢᠨ ᠲᠡᠮᠳᠡᠭᠯᠡᠯ ᠵᠡᠷᠭᠡ ᠦᠢ᠍ᠯᠡ ᠠᠵᠢᠯᠯᠠᠭ᠋ᠠᠨ᠎ᠤ ᠵᠢᠷᠤᠮ᠎ᠢ ᠲᠣᠭᠲᠠᠭ᠋ᠠᠪᠠ᠃ ᠡᠨᠡ ᠵᠢᠷᠤᠮ᠎ᠢ ᠪᠦᠭᠦᠳᠡ ᠨᠠᠶ᠋ᠢᠷᠠᠮᠳᠠᠬᠤ ᠳᠤᠮᠳᠠᠳᠤ ᠠᠷᠠᠳ ᠤᠯᠤᠰ᠎ᠤᠨ ᠬᠢᠵᠠᠭ᠋ᠠᠷᠲᠤ ᠪᠠᠶ᠋ᠢᠬᠤ ᠬᠤᠨᠢ ᠢᠮᠠᠭ᠋ᠠᠨ᠎ᠤ ᠨᠢᠲᠤᠯᠭ᠋ᠠᠨ᠎ᠤ ᠬᠢᠵᠢᠭ ᠪᠠᠶ᠋ᠢᠴᠠᠭ᠋ᠠᠯᠲᠠ᠎ᠳᠤ ᠬᠡᠷᠡᠭᠯᠡᠨ᠎ᠡ᠃
2. ᠬᠢᠵᠢᠭ ᠪᠠᠶ᠋ᠢᠴᠠᠭ᠋ᠠᠯᠲᠠ ᠵᠢᠨ ᠣᠸᠶᠧᠺᠲ ᠬᠥᠯ ᠠᠮᠠᠨ᠎ᠤ ᠡᠪᠡᠳᠴᠢᠨ᠂ ᠬᠠᠮᠠᠭᠤ᠂ ᠬᠤᠳᠣᠭᠤᠳᠤ ᠰᠠᠷᠬᠢᠨᠠᠭ᠎ᠤᠨ ᠡᠪᠡᠳᠴᠢᠨ᠂ ᠬᠤᠨᠢᠨ᠎ᠤ ᠪᠣᠳᠣ ᠪᠣᠯᠣᠨ ᠢᠮᠠᠭ᠋ᠠᠨ᠎ᠤ ᠪᠣᠳᠣ᠂ ᠬᠠᠷᠠᠤ᠂ ᠪᠷᠤᠼᠧᠯᠯᠶᠣᠽ᠂ ᠡᠯᠢᠭᠡᠨ᠎ᠤ ᠬᠢᠯᠲᠠᠩᠤᠨ ᠴᠢᠰᠤ ᠰᠣᠷᠣᠭᠴᠢ ᠬᠤᠮᠬᠠᠭ᠎ᠠ᠂ ᠭᠢᠳᠠᠲ᠋ᠢᠳ᠋ᠤᠨ ᠡᠪᠡᠳᠴᠢᠨ᠃
3. ᠬᠢᠵᠢᠭ ᠪᠠᠶ᠋ᠢᠴᠠᠭ᠋ᠠᠯᠲᠠ ᠵᠢᠨ ᠬᠢᠷᠢ᠎ᠳᠤ ᠬᠦᠷᠬᠦ ᠪᠠᠷᠢᠮᠵᠢᠶ᠎ᠠ
3.1 ᠲᠠᠯᠠᠪᠤᠷ (ᠦᠢ᠍ᠯᠡᠳᠪᠦᠷᠢ᠂ ᠴᠢᠭ)᠎ᠲᠤ ᠣᠷᠣᠭᠤᠯᠬᠤ ᠦᠶ᠎ᠡ᠎ᠳᠤ ᠬᠦᠴᠦᠨ ᠪᠦᠬᠦᠢ 《ᠠᠮᠢᠲᠠᠨ᠎ᠤ ᠬᠢᠵᠢᠭ ᠲᠠᠬᠤᠯ᠎ᠤᠨ ᠪᠠᠶ᠋ᠢᠴᠠᠭ᠋ᠠᠯᠲᠠ᠎ᠳᠤ ᠬᠢᠷᠢ᠎ᠳᠤ ᠨᠡᠶ᠋ᠢᠴᠡᠭᠰᠡᠨ ᠦᠨᠡᠮᠯᠡᠬᠦ》 ᠵᠢ ᠪᠦᠷᠢᠳᠦᠭᠦᠯᠦᠭᠰᠡᠨ ᠪᠠᠶ᠋ᠢᠬᠤ ᠬᠡᠷᠡᠭᠲᠡᠢ᠃ ᠮᠠᠯ ᠰᠢᠪᠠᠭᠤᠨ᠎ᠤ ᠱᠣᠰᠢᠭ᠎ᠠ᠎ᠨᠢ ᠤᠯᠤᠰ᠎ᠤᠨ ᠳᠦᠷᠢᠮ ᠲᠣᠭᠲᠠᠭ᠋ᠠᠯ᠎ᠤᠨ ᠳᠠᠭ᠋ᠠᠤ ᠪᠠᠶ᠋ᠢᠬᠤ ᠬᠡᠷᠡᠭᠲᠡᠢ᠃
3.2 ᠵᠢᠷᠤᠮᠵᠢᠯ ᠦᠭᠡᠢ ᠬᠠᠯᠳᠠᠪᠤᠷᠢᠲᠤ ᠡᠪᠡᠳᠴᠢᠨ ᠪᠣᠯᠣᠨ ᠰᠢᠮᠡᠭᠴᠢ ᠬᠤᠷᠣᠬᠠᠢ ᠵᠢᠨ ᠡᠪᠡᠳᠴᠢᠨ᠃
3.3 ᠬᠢᠵᠢᠭ ᠲᠠᠬᠤᠯ᠎ᠢ ᠯᠠᠪᠤᠷᠠᠲ᠋ᠣᠷᠢ᠎ᠳᠤ ᠬᠢᠭᠰᠡᠨ ᠰᠢᠨᠵᠢᠯᠡᠭᠡᠨ᠎ᠤ ᠳ᠋ᠦᠩ᠎ᠢ ᠬᠦᠯᠢᠶᠡᠨ ᠵᠥᠪᠰᠢᠶᠡᠷᠡᠨ᠎ᠡ᠃
3.4 ᠲᠤᠰ ᠵᠢᠷᠤᠮᠳᠤ ᠲᠣᠭᠲᠠᠭ᠋ᠠᠭᠰᠠᠨ ᠬᠢᠵᠢᠭ ᠪᠠᠶ᠋ᠢᠴᠠᠭ᠋ᠠᠯᠲᠠ ᠵᠢᠨ ᠠᠯᠬᠤᠮ ᠳᠠᠷᠠᠭ᠎ᠠ᠎ᠪᠠᠷ ᠭᠦᠢ᠍ᠴᠡᠳᠬᠡᠪᠡᠯ ᠬᠢᠵᠢᠭ ᠪᠠᠶ᠋ᠢᠴᠠᠭ᠋ᠠᠯᠲᠠ ᠵᠢᠨ ᠦᠷ᠎ᠡ ᠳ᠋ᠦᠩ᠎ᠨᠢ ᠲᠣᠭᠲᠠᠭ᠋ᠠᠯ᠎ᠳᠤ ᠨᠡᠶ᠋ᠢᠴᠡᠨ᠎ᠡ᠃
4. ᠲᠠᠯᠠᠪᠤᠷ᠎ᠲᠤ ᠣᠷᠣᠭᠤᠯᠬᠤ (ᠦᠢ᠍ᠯᠡᠳᠪᠦᠷᠢ᠂ ᠴᠢᠭ) ᠰᠢᠯᠭ᠋ᠠᠨ ᠪᠠᠶ᠋ᠢᠴᠠᠭ᠋ᠠᠯᠲᠠ ᠵᠢ ᠬᠢᠨᠠᠬᠤ
4.1 ᠲᠠᠯᠠᠪᠤᠷ (ᠦᠢ᠍ᠯᠡᠳᠪᠦᠷᠢ᠂ ᠴᠢᠭ)᠎ᠲᠤ ᠨᠡᠪᠲᠡᠷᠡᠭᠦᠯᠬᠦ ᠠᠮᠢᠲᠠᠨ᠎ᠤ ᠭᠡᠷᠡᠴᠢ ᠲᠡᠮᠳᠡᠭ᠂ ᠡᠳ᠋ ᠵᠦᠢ᠍ᠯ᠂ ᠬᠤᠨᠢ ᠢᠮᠠᠭ᠋ᠠᠨ᠎ᠤ 《ᠠᠮᠢᠲᠠᠨ᠎ᠤ ᠬᠢᠵᠢᠭ ᠪᠠᠶ᠋ᠢᠴᠠᠭ᠋ᠠᠯᠲᠠ ᠶᠢᠨ ᠬᠢᠷᠢ᠎ᠳᠤ ᠨᠡᠶ᠋ᠢᠴᠡᠭᠰᠡᠨ ᠦᠨᠡᠮᠯᠡᠬᠦ》 ᠪᠣᠯᠣᠨ ᠵᠡᠭᠦᠭᠰᠡᠨ ᠱᠣᠰᠢᠭ᠎ᠠ ᠲᠡᠮᠳᠡᠭ᠎ᠢ ᠰᠢᠯᠭ᠋ᠠᠨ᠎ᠠ᠃
4.2 ᠬᠤᠨᠢ ᠢᠮᠠᠭ᠋ᠠᠨ᠎ᠤ ᠵᠠᠮ ᠲᠡᠭᠡᠭᠡᠪᠦᠷᠢᠯᠡᠯᠲᠡ ᠵᠢᠨ ᠳᠤᠮᠳᠠᠬᠢ ᠪᠠᠶ᠋ᠢᠳᠠᠯ᠎ᠢ ᠠᠰᠠᠭᠤᠵᠤ ᠯᠠᠪᠯᠠᠨ᠎ᠠ᠃
4.3 ᠺᠯᠢᠨᠢᠺ᠎ᠤᠨ ᠦᠵᠡᠯᠭᠡ᠎ᠪᠠᠷ ᠬᠤᠨᠢ ᠢᠮᠠᠭ᠋ᠠᠨ᠎ᠤ ᠰᠦᠷᠦᠭ᠎ᠤᠨ ᠴᠤᠭ ᠵᠣᠯᠪᠣᠭ᠎ᠠ᠂ ᠭᠠᠳᠠᠷ ᠪᠠᠶ᠋ᠢᠳᠠᠯ᠂ ᠠᠮᠢᠰᠬᠤᠯ ᠪᠣᠯᠣᠨ ᠢᠯᠭ᠋ᠠᠳᠠᠰᠤ ᠵᠡᠷᠭᠡ ᠪᠠᠶ᠋ᠢᠳᠠᠯ᠎ᠢ ᠰᠢᠯᠭ᠋ᠠᠨ᠎ᠠ᠃
4.4 ᠦᠷ᠎ᠡ ᠳ᠋ᠦᠩ᠎ᠢ ᠰᠢᠢ᠍ᠳᠬᠦ
4.4.1 ᠬᠦᠴᠦᠨ ᠲᠡᠭᠦᠯᠳᠡᠷ ᠪᠦᠬᠦᠢ 《ᠠᠮᠢᠲᠠᠨ᠎ᠤ ᠬᠢᠵᠢᠭ᠎ᠤᠨ ᠪᠠᠶ᠋ᠢᠴᠠᠭ᠋ᠠᠯᠲᠠ ᠵᠢᠨ ᠬᠢᠷᠢ᠎ᠳᠤ ᠨᠡᠶ᠋ᠢᠴᠡᠭᠰᠡᠨ ᠦᠨᠡᠮᠯᠡᠬᠦ》᠂ ᠭᠡᠷᠡᠴᠢ ᠪᠠᠷᠢᠮᠲᠠ ᠡᠳ᠋ ᠵᠦᠢ᠍ᠯ᠎ᠨᠢ ᠬᠤᠭᠤᠷᠣᠨᠳᠤ᠎ᠪᠠᠨ ᠠᠪᠴᠠᠯᠳᠤᠭᠰᠠᠨ᠂ ᠮᠠᠯ ᠰᠢᠪᠠᠭᠤᠨ᠎ᠤ ᠱᠣᠰᠢᠭ᠎ᠠ᠎ᠨᠢ ᠱᠠᠭ᠋ᠠᠷᠳᠠᠯᠭ᠎ᠠ᠎ᠳᠤ ᠨᠡᠶ᠋ᠢᠴᠡᠭᠰᠡᠨ᠂ ᠺᠯᠢᠨᠢᠺ᠎ᠤᠨ ᠦᠵᠡᠯᠭᠡ᠎ᠪᠠᠷ ᠡᠷᠡᠭᠦᠯ ᠮᠡᠨᠳᠦ ᠭᠠᠷᠤᠭᠰᠠᠨ ᠪᠠᠶ᠋ᠢᠪᠠᠯ᠂ ᠲᠠᠯᠠᠪᠤᠷ᠎ᠲᠤ ᠣᠷᠣᠭᠤᠯᠬᠤ ᠵᠢ ᠵᠥᠪᠰᠢᠶᠡᠷᠡᠵᠦ᠂ ᠲᠡᠭᠦᠨᠴᠢᠯᠡᠨ 《ᠠᠮᠢᠲᠠᠨ᠎ᠤ ᠬᠢᠵᠢᠭ᠎ᠤᠨ ᠪᠠᠶ᠋ᠢᠴᠠᠭ᠋ᠠᠯᠲᠠ ᠬᠢᠷᠢ᠎ᠳᠤ ᠨᠡᠶ᠋ᠢᠴᠡᠭᠰᠡᠨ ᠦᠨᠡᠮᠯᠡᠬᠦ》 ᠵᠢ ᠬᠤᠷᠢᠶᠠᠮᠵᠢᠯᠠᠨ ᠠᠪᠤᠨ᠎ᠠ᠃ ᠲᠠᠯᠠᠪᠤᠷ (ᠦᠢ᠍ᠯᠡᠳᠪᠦᠷᠢ᠂ ᠴᠢᠭ)᠎ᠨᠢ ᠭᠠᠭ᠍ᠠᠢ ᠵᠢ ᠤᠤᠯ ᠭᠠᠷᠤᠯᠲᠠ ᠵᠢᠨ ᠵᠦᠭ᠎ᠠᠴᠠ ᠨᠢᠲᠤᠯᠭ᠋ᠠᠨ᠎ᠤ ᠬᠠᠰᠢᠶᠠᠨ᠎ᠳᠤ ᠣᠷᠣᠭᠤᠯᠬᠤ᠎ᠳᠠᠭᠠᠨ ᠠᠳᠠᠯᠢ ᠪᠤᠰᠤ ᠡᠵᠡᠳ᠎ᠤᠨ᠂ ᠠᠳᠠᠯᠢ ᠪᠤᠰᠤ ᠵᠥᠪᠰᠢᠶᠡᠷᠡᠯ ᠵᠶ᠋ᠠᠷ ᠪᠠᠲᠤᠯᠠᠭᠳᠠᠭᠰᠠᠨ ᠬᠤᠨᠢ ᠢᠮᠠᠭ᠋ᠠᠨ ᠰᠦᠷᠦᠭ᠎ᠢ ᠬᠤᠭᠤᠷᠣᠨᠳᠤ᠎ᠨᠢ ᠬᠤᠯᠢᠵᠤ ᠬᠤᠳᠬᠤᠵᠤ ᠪᠣᠯᠬᠤ ᠦᠭᠡᠢ᠃
4.4.2 ᠬᠢᠷᠢ᠎ᠳᠤ ᠬᠦᠷᠬᠦ ᠦᠭᠡᠢ᠂ ᠨᠥᠬᠦᠴᠡᠯ᠎ᠳᠤ ᠲᠣᠬᠢᠷᠠᠭᠰᠠᠨ ᠦᠭᠡᠢ ᠵᠢ ᠤᠯᠤᠰ᠎ᠤᠨ ᠬᠤᠯᠪᠣᠭᠳᠠᠯ ᠪᠦᠬᠦᠢ ᠲᠣᠭᠲᠠᠭ᠋ᠠᠯ᠎ᠤᠨ ᠳᠠᠭ᠋ᠠᠤ ᠰᠢᠢ᠍ᠳᠪᠦᠷᠢᠯᠡᠨ᠎ᠡ᠃
4.5 ᠪᠠᠷᠠᠭ᠎ᠠ ᠡᠵᠡᠮᠰᠢᠭᠴᠢ ᠪᠠᠷᠠᠭ᠎ᠠ᠎ᠪᠠᠨ ᠪᠠᠭᠤᠯᠭ᠋ᠠᠭᠰᠠᠨ ᠬᠤᠶ᠋ᠢᠨ᠎ᠠ ᠲᠡᠭᠡᠭᠡᠪᠦᠷᠢ ᠵᠢᠨ ᠪᠠᠭ᠋ᠠᠵᠢ ᠬᠡᠷᠡᠭᠰᠡᠯ ᠪᠣᠯᠣᠨ ᠬᠤᠯᠪᠣᠭᠳᠠᠬᠤ ᠡᠳ᠋ ᠵᠦᠢ᠍ᠯ᠎ᠢ ᠠᠷᠢᠭᠤᠳᠬᠠᠯ ᠬᠢᠬᠦ᠎ᠳᠤ ᠬᠢᠨᠠᠯᠲᠠ ᠲᠠᠯᠪᠢᠨ᠎ᠠ᠃
5. ᠬᠢᠵᠢᠭ ᠪᠠᠶ᠋ᠢᠴᠠᠭ᠋ᠠᠯᠲᠠ ᠵᠢᠨ ᠡᠷᠭᠦᠳᠡᠯ
5.1 ᠡᠷᠭᠦᠳᠡᠯ᠎ᠢ ᠬᠦᠯᠢᠶᠡᠵᠦ ᠠᠪᠤᠭᠰᠠᠨ ᠦᠶ᠎ᠡ᠎ᠳᠤ ᠲᠠᠯᠠᠪᠤᠷ (ᠦᠢ᠍ᠯᠡᠳᠪᠦᠷᠢ᠂ ᠴᠢᠭ) ᠤᠨ᠎ᠬᠢᠨ ᠨᠢᠲᠤᠯᠭ᠋ᠠᠨ᠎ᠠᠴᠠ ᠵᠢᠷᠭᠤᠭ᠋ᠠᠨ ᠴᠠᠭ᠎ᠤᠨ ᠡᠮᠦᠨ᠎ᠡ ᠬᠢᠵᠢᠭ ᠪᠠᠶ᠋ᠢᠴᠠᠭ᠋ᠠᠯᠭ᠋ᠠᠬᠤ᠎ᠪᠠᠷ ᠮᠡᠳᠡᠭᠦᠯᠭᠡ ᠭᠠᠷᠭ᠋ᠠᠵᠤ᠂ ᠬᠢᠵᠢᠭ ᠲᠠᠬᠤᠯ᠎ᠠᠴᠠ ᠤᠷᠢᠳᠴᠢᠯᠠᠨ ᠰᠡᠷᠭᠡᠶ᠋ᠢᠯᠡᠬᠦ ᠮᠠᠶᠢᠭ᠎ᠲᠤ ᠵᠢ ᠪᠥᠭᠯᠡᠨ᠎ᠡ᠃ ᠠᠯᠪᠠᠨ ᠶᠣᠰᠣᠨ᠎ᠤ ᠮᠠᠯ᠎ᠤᠨ ᠡᠮᠴᠢ ᠬᠢᠵᠢᠭ ᠪᠠᠶ᠋ᠢᠴᠠᠭ᠋ᠠᠯᠭ᠋ᠠᠬᠤ ᠡᠷᠭᠦᠳᠡᠯ᠎ᠢ ᠣᠯᠣᠭᠰᠠᠨ᠎ᠤ ᠳᠠᠷᠠᠭ᠎ᠠ᠂ ᠬᠤᠯᠪᠣᠭᠳᠠᠯ ᠪᠦᠬᠦᠢ ᠪᠠᠶ᠋ᠢᠳᠠᠯ᠎ᠢ ᠦᠨᠳᠦᠰᠦᠯᠡᠵᠦ ᠬᠦᠯᠢᠶᠡᠨ ᠠᠪᠬᠤ ᠡᠰᠡᠬᠦ ᠵᠢ ᠲᠣᠭᠲᠠᠭ᠋ᠠᠨ᠎ᠠ᠃ ᠬᠦᠯᠢᠶᠡᠨ ᠠᠪᠤᠭᠰᠠᠨ ᠪᠣᠯ ᠴᠠᠭ ᠲᠤᠬᠠᠢᠳᠤᠨᠢ ᠨᠢᠲᠤᠯᠭ᠋ᠠᠨ᠎ᠠᠴᠠ ᠡᠮᠦᠨᠡᠬᠢ ᠪᠠᠶ᠋ᠢᠴᠠᠭ᠋ᠠᠯᠲᠠ ᠬᠢᠨ᠎ᠡ; ᠬᠦᠯᠢᠶᠡᠵᠦ ᠠᠪᠤᠭᠰᠠᠨ ᠦᠭᠡᠢ ᠪᠣᠯ ᠤᠴᠢᠷ ᠰᠢᠯᠲᠠᠭ᠋ᠠᠨ᠎ᠢ᠎ᠨᠢ ᠲᠣᠳᠣᠷᠬᠠᠶ᠋ᠢᠯᠠᠬᠤ ᠬᠡᠷᠡᠭᠲᠡᠢ᠃
5.2 ᠡᠷᠭᠦᠳᠡᠯ᠎ᠤᠨ ᠬᠡᠯᠪᠡᠷᠢ ᠭᠠᠵᠠᠷ᠎ᠲᠤᠨᠢ ᠡᠷᠭᠦᠳᠡᠯ ᠵᠶ᠋ᠠᠨ ᠲᠤᠰᠢᠶᠠᠨ᠎ᠠ᠃
6. ᠨᠢᠲᠤᠯᠭ᠋ᠠᠨ᠎ᠤ ᠡᠮᠦᠨᠡᠬᠢ ᠪᠠᠶ᠋ᠢᠴᠠᠭ᠋ᠠᠯᠲᠠ
6.1 ᠨᠢᠲᠤᠯᠭ᠋ᠠᠨ᠎ᠠᠴᠠ ᠡᠮᠦᠨᠡᠬᠢ ᠬᠤᠶᠠᠷ ᠴᠠᠭ᠎ᠤᠨ ᠳᠣᠲᠣᠷ᠎ᠠ ᠠᠯᠪᠠᠨ ᠶᠣᠰᠣᠨ᠎ᠤ ᠮᠠᠯ᠎ᠤᠨ ᠡᠮᠴᠢ 《ᠬᠡᠪᠢᠭᠴᠢ ᠠᠮᠢᠲᠠᠨ᠎ᠤ ᠤᠤᠯ ᠭᠠᠷᠤᠯᠲᠠ ᠵᠢᠨ ᠭᠠᠵᠠᠷ᠎ᠤᠨ ᠬᠢᠵᠢᠭ ᠪᠠᠶ᠋ᠢᠴᠠᠭ᠋ᠠᠯᠲᠠ ᠵᠢᠨ ᠵᠢᠷᠤᠮ》 ᠳᠣᠲᠣᠷᠠᠬᠢ 《ᠺᠯᠢᠨᠢᠺ᠎ᠤᠨ ᠦᠵᠡᠯᠭᠡ》 ᠵᠢᠨ ᠳᠠᠭ᠋ᠠᠤ》 ᠬᠡᠰᠡᠭᠴᠢᠯᠡᠭᠰᠡᠨ ᠰᠢᠯᠭ᠋ᠠᠯᠲᠠ ᠬᠢᠨ᠎ᠡ᠃
6.2 ᠦᠷ᠎ᠡ ᠳ᠋ᠦᠩ᠎ᠢ ᠰᠢᠢ᠍ᠳᠬᠦ
6.2.1 ᠬᠢᠷᠢ᠎ᠳᠤ ᠬᠦᠷᠦᠭᠰᠡᠨ᠎ᠢ ᠨᠢᠲᠤᠯᠭ᠋ᠠᠨ᠎ᠳᠤ ᠪᠡᠯᠡᠳᠬᠡᠨ᠎ᠡ᠃
6.2.2 ᠬᠢᠷᠢ᠎ᠳᠤ ᠬᠦᠷᠦᠭᠰᠡᠨ ᠦᠭᠡᠢ ᠵᠢ ᠳᠠᠷᠠᠭ᠋ᠠᠬᠢ ᠲᠣᠭᠲᠠᠭ᠋ᠠᠯ ᠵᠶ᠋ᠠᠷ ᠰᠢᠢ᠍ᠳᠪᠦᠷᠢᠯᠡᠨ᠎ᠡ᠃
6.2.2.1 ᠬᠥᠯ ᠠᠮᠠᠨ᠎ᠤ ᠡᠪᠡᠳᠴᠢᠨ᠂ ᠬᠠᠮᠠᠭᠤ᠂ ᠬᠤᠳᠣᠭᠤᠳᠤ ᠰᠠᠷᠬᠢᠨᠠᠭ᠎ᠤᠨ ᠡᠪᠡᠳᠴᠢᠨ᠂ ᠬᠤᠨᠢᠨ᠎ᠤ ᠪᠣᠳᠣ ᠪᠣᠯᠣᠨ ᠢᠮᠠᠭ᠋ᠠᠨ᠎ᠤ ᠪᠣᠳᠣ᠂ ᠬᠠᠷᠠᠤ ᠵᠡᠷᠭᠡ ᠡᠪᠡᠳᠴᠢᠨ᠎ᠤ ᠪᠠᠶ᠋ᠢᠳᠠᠯ ᠢᠯᠡᠷᠡᠭᠰᠡᠨ ᠪᠠᠶ᠋ᠢᠪᠠᠯ ᠰᠢᠯᠵᠢᠭᠦᠯᠬᠦ ᠵᠢ ᠬᠢᠵᠠᠭ᠋ᠠᠷᠯᠠᠵᠤ ᠲᠡᠭᠦᠨᠴᠢᠯᠡᠨ 《ᠠᠮᠢᠲᠠᠨ᠎ᠤ ᠬᠢᠵᠢᠭ᠎ᠠᠴᠠ ᠤᠷᠢᠳᠴᠢᠯᠠᠨ ᠰᠡᠷᠭᠡᠶ᠋ᠢᠯᠡᠬᠦ ᠬᠠᠤᠯᠢ》᠂ 《ᠬᠦᠨᠳᠦ ᠨᠣᠴᠢᠲᠠᠢ ᠬᠢᠵᠢᠭ᠎ᠤᠨ ᠪᠠᠶ᠋ᠢᠳᠠᠯ᠎ᠢ ᠪᠠᠴᠢᠮ ᠠᠷᠭ᠋ᠠᠴᠠᠭ᠋ᠠᠬᠤ ᠳᠦᠷᠢᠮ》᠂ 《ᠠᠮᠢᠲᠠᠨ᠎ᠤ ᠬᠢᠵᠢᠭ᠎ᠤᠨ ᠪᠠᠶ᠋ᠢᠳᠠᠯ᠎ᠤᠨ ᠮᠡᠳᠡᠭᠦᠯᠦᠯᠲᠡ ᠵᠢᠨ ᠬᠠᠮᠢᠶᠠᠷᠤᠯᠲᠠ ᠵᠢᠨ ᠠᠷᠭ᠎ᠠ ᠬᠡᠮᠵᠢᠶ᠎ᠡ》 ᠪᠣᠯᠣᠨ 《ᠡᠪᠡᠳᠴᠢᠨ᠎ᠤ ᠬᠠᠯᠳᠠᠪᠤᠷᠢ ᠠᠪᠤᠭᠰᠠᠨ ᠠᠮᠢᠲᠠᠨ ᠪᠤᠶᠤ ᠡᠪᠡᠳᠴᠢᠨ᠎ᠳᠤ ᠬᠤᠣᠷᠳᠠᠭᠰᠠᠨ ᠠᠮᠢᠲᠠᠨ᠎ᠤ ᠭᠠᠷᠤᠯ᠎ᠲᠠᠢ ᠪᠦᠲᠦᠭᠡᠭᠳᠡᠬᠦᠨ᠎ᠤ ᠪᠢᠣᠯᠣᠭᠢ ᠵᠢᠨ ᠠᠶᠤᠯ ᠦᠭᠡᠢ ᠰᠢᠢ᠍ᠳᠪᠦᠷᠢᠯᠡᠬᠦ ᠵᠢᠷᠤᠮ》 (GB16548) ᠵᠡᠷᠭᠡ ᠬᠤᠯᠪᠣᠭᠳᠠᠯ ᠪᠦᠬᠦᠢ ᠲᠣᠭᠲᠠᠭ᠋ᠠᠯ᠎ᠤᠨ ᠳᠠᠭ᠋ᠠᠤ ᠰᠢᠢ᠍ᠳᠪᠦᠷᠢᠯᠡᠨ᠎ᠡ᠃
6.2.2.2 ᠪᠷᠤᠼᠧᠯᠯᠶᠣᠽ ᠢᠯᠡᠷᠡᠭᠰᠡᠨ ᠪᠠᠶ᠋ᠢᠪᠠᠯ ᠬᠠᠯᠳᠠᠪᠤᠷᠢ ᠠᠪᠤᠭᠰᠠᠨ ᠬᠤᠨᠢ ᠢᠮᠠᠭ᠎ᠠ ᠵᠢ ᠪᠷᠤᠼᠧᠯᠯᠶᠣᠽᠢ ᠰᠡᠷᠭᠡᠶ᠋ᠢᠯᠡᠬᠦ ᠲᠧᠭᠨᠢᠭ᠎ᠤᠨ ᠦᠵᠡᠭᠦᠯᠦᠯᠲᠡ᠎ᠤᠨ ᠳᠠᠭ᠋ᠠᠤ ᠰᠢᠢ᠍ᠳᠪᠦᠷᠢᠯᠡᠵᠦ᠂ ᠰᠦᠷᠦᠭ᠎ᠤᠨ ᠪᠤᠰᠤᠳ ᠬᠤᠨᠢ ᠢᠮᠠᠭ᠎ᠠ ᠵᠢ ᠲᠤᠰᠠᠭ᠋ᠠᠷᠯᠠᠨ ᠠᠵᠢᠭᠯᠠᠵᠤ᠂ ᠰᠡᠵᠢᠭ ᠦᠭᠡᠢ ᠭᠡᠳᠡᠭ᠎ᠢ ᠨᠤᠲᠠᠯᠠᠭᠰᠠᠨ ᠬᠤᠶ᠋ᠢᠨ᠎ᠠ᠂ ᠨᠢᠲᠤᠯᠭ᠋ᠠᠨ᠎ᠳᠤ ᠥᠭᠬᠦ ᠵᠢ ᠵᠥᠪᠰᠢᠶᠡᠷᠡᠨ᠎ᠡ᠃
6.2.2.3 ᠲᠤᠰ ᠵᠢᠷᠤᠮᠳᠤ ᠵᠢᠭ᠋ᠠᠭᠰᠠᠨ ᠡᠪᠡᠳᠴᠢᠨ᠎ᠳᠤ ᠨᠡᠷᠪᠡᠭᠳᠡᠭᠰᠡᠨ ᠰᠡᠵᠢᠭ᠎ᠲᠠᠢ ᠪᠤᠶᠤ ᠺᠯᠢᠨᠢᠺ᠎ᠤᠨ ᠦᠵᠡᠯᠭᠡ᠎ᠪᠠᠷ ᠪᠤᠰᠤᠳ ᠬᠡᠪ᠎ᠤᠨ ᠪᠤᠰᠤ ᠪᠠᠶ᠋ᠢᠳᠠᠯ ᠢᠯᠡᠷᠡᠭᠰᠡᠨ ᠪᠠᠶ᠋ᠢᠪᠠᠯ᠂ ᠬᠤᠯᠪᠣᠭᠳᠠᠬᠤ ᠬᠢᠵᠢᠭ ᠰᠡᠷᠭᠡᠶ᠋ᠢᠯᠡᠬᠦ ᠲᠧᠭᠨᠢᠭ᠎ᠤᠨ ᠦᠵᠡᠭᠦᠯᠦᠯᠲᠡ ᠵᠢᠨ ᠳᠠᠭ᠋ᠠᠤ ᠯᠠᠪᠤᠷᠠᠲ᠋ᠣᠷᠢ ᠵᠢᠨ ᠰᠢᠨᠵᠢᠯᠡᠭᠡ᠎ᠪᠠᠷ ᠰᠢᠯᠭ᠋ᠠᠨ ᠲᠣᠭᠲᠠᠭ᠋ᠠᠵᠤ ᠬᠠᠮᠲᠤᠳᠤᠨᠢ ᠮᠡᠳᠡᠭᠦᠯᠭᠡ ᠵᠢᠨ ᠪᠢᠴᠢᠭ ᠭᠠᠷᠭ᠋ᠠᠵᠤ ᠥᠭᠬᠦ ᠬᠡᠷᠡᠭᠲᠡᠢ᠃ ᠯᠠᠪᠤᠷᠠᠲ᠋ᠣᠷᠢ ᠵᠢᠨ ᠰᠢᠨᠵᠢᠯᠡᠭᠡ ᠵᠢ ᠡᠷᠬᠡᠪᠰᠢ ᠣᠷᠣᠨ᠎ᠤ ᠳᠡᠰ᠎ᠤᠨ ᠠᠮᠢᠲᠠᠨ᠎ᠤ ᠡᠷᠡᠭᠦᠯ ᠬᠠᠮᠠᠭ᠋ᠠᠯᠠᠯ᠎ᠤᠨ ᠬᠢᠨᠠᠯᠲᠠ ᠵᠢᠨ ᠠᠯᠪᠠᠨ᠎ᠠᠴᠠ ᠲᠣᠭᠲᠠᠭ᠋ᠠᠭᠰᠠᠨ ᠬᠢᠷᠢ ᠲᠦᠪᠰᠢᠨ ᠪᠦᠬᠦᠢ ᠯᠠᠪᠤᠷᠠᠲ᠋ᠣᠷᠢ᠎ᠪᠠᠷ ᠭᠦᠢ᠍ᠴᠡᠳᠬᠡᠨ᠎ᠡ᠃
6.2.2.4 ᠲᠤᠰ ᠵᠢᠷᠤᠮᠳᠤ ᠵᠢᠭ᠋ᠠᠭᠰᠠᠨ᠎ᠠᠴᠠ ᠪᠤᠰᠤᠳ ᠡᠪᠡᠳᠴᠢᠨ ᠳᠠᠷᠬᠠᠯᠠᠯ ᠠᠵᠢᠭᠯᠠᠭᠳᠠᠭᠰᠠᠨ ᠪᠠᠶ᠋ᠢᠪᠠᠯ ᠲᠤᠰᠠᠭ᠋ᠠᠷᠯᠠᠨ ᠠᠵᠢᠭᠯᠠᠵᠤ᠂ ᠰᠡᠵᠢᠭ ᠦᠭᠡᠢ ᠭᠡᠳᠡᠭ᠎ᠢ ᠨᠤᠲᠠᠯᠠᠭᠰᠠᠨ ᠬᠤᠶ᠋ᠢᠨ᠎ᠠ ᠨᠢᠲᠤᠯᠭ᠋ᠠᠨ᠎ᠳᠤ ᠥᠭᠬᠦ ᠵᠢ ᠵᠥᠪᠰᠢᠶᠡᠷᠡᠨ᠎ᠡ; ᠲᠤᠰᠠᠭ᠋ᠠᠷᠯᠠᠭᠰᠠᠨ ᠬᠤᠭᠤᠴᠠᠭ᠋ᠠᠨ᠎ᠳᠤ ᠬᠡᠪ᠎ᠤᠨ ᠪᠤᠰᠤ ᠪᠠᠶ᠋ᠢᠳᠠᠯ ᠢᠯᠡᠷᠡᠪᠡᠯ᠂ 《ᠡᠪᠡᠳᠴᠢᠨ᠎ᠤ ᠬᠠᠯᠳᠠᠪᠤᠷᠢ ᠠᠪᠤᠭᠰᠠᠨ ᠠᠮᠢᠲᠠᠨ ᠪᠤᠶᠤ ᠡᠪᠡᠳᠴᠢᠨ᠎ᠳᠤ ᠬᠤᠣᠷᠳᠠᠭᠰᠠᠨ ᠠᠮᠢᠲᠠᠨ᠎ᠤ ᠭᠠᠷᠤᠯ᠎ᠲᠠᠢ ᠪᠦᠲᠦᠭᠡᠭᠳᠡᠬᠦᠨ᠎ᠤ ᠪᠢᠣᠯᠣᠭᠢ ᠵᠢᠨ ᠠᠶᠤᠯ ᠦᠭᠡᠢ ᠰᠢᠢ᠍ᠳᠪᠦᠷᠢᠯᠡᠬᠦ ᠵᠢᠷᠤᠮ》 (GB16548) ᠵᠡᠷᠭᠡ ᠬᠤᠯᠪᠣᠭᠳᠠᠯ ᠪᠦᠬᠦᠢ ᠲᠣᠭᠲᠠᠭ᠋ᠠᠯ᠎ᠤᠨ ᠳᠠᠭ᠋ᠠᠤ ᠰᠢᠢ᠍ᠳᠪᠦᠷᠢᠯᠡᠨ᠎ᠡ᠃
6.2.2.5 ᠮᠢᠬᠠᠨ᠎ᠤ ᠠᠶᠤᠯ ᠦᠭᠡᠢ ᠪᠠᠶ᠋ᠢᠳᠠᠯ᠎ᠳᠤ ᠬᠤᠣᠷ ᠨᠥᠯᠥᠭᠡ ᠦᠵᠡᠭᠦᠯᠬᠦ ᠦᠭᠡᠢ ᠵᠢᠨ ᠲᠤᠯᠠᠳᠠ ᠦᠬᠦᠭᠰᠡᠨ ᠭᠠᠭ᠍ᠠᠢ᠎ᠲᠠᠢ ᠣᠶ᠋ᠢᠷᠠᠲᠤᠭᠰᠠᠨ ᠭᠠᠭ᠍ᠠᠢ ᠵᠢ ᠪᠠᠶ᠋ᠢᠳᠠᠯ᠎ᠢ ᠦᠵᠡᠵᠦ ᠪᠠᠴᠢᠮ ᠨᠢᠲᠤᠯᠭ᠋ᠠᠨ᠎ᠳᠤ ᠣᠷᠣᠭᠤᠯᠤᠨ᠎ᠠ᠃
6.3 ᠲᠠᠯᠠᠪᠤᠷ (ᠦᠢ᠍ᠯᠡᠳᠪᠦᠷᠢ᠂ ᠴᠢᠭ)᠎ᠤᠨ ᠠᠯᠠᠰᠢᠨ᠎ᠳᠤ ᠭᠠᠷᠭ᠋ᠠᠭᠰᠠᠨ ᠡᠪᠡᠳᠴᠢᠨ᠎ᠤ ᠬᠠᠯᠳᠠᠪᠤᠷᠢ ᠠᠪᠤᠭᠰᠠᠨ ᠬᠤᠨᠢ ᠢᠮᠠᠭ᠋ᠠᠨ᠎ᠤ ᠨᠢᠲᠤᠯᠬᠤ᠎ᠪᠠᠷ ᠪᠡᠯᠡᠳᠬᠡᠭᠰᠡᠨ ᠬᠠᠰᠢᠶᠠᠯᠠᠭ᠎ᠠ᠂ ᠪᠠᠴᠢᠮ ᠨᠢᠲᠤᠯᠬᠤ ᠬᠠᠰᠢᠶᠠᠯᠠᠭ᠎ᠠ᠂ ᠲᠤᠰᠠᠭ᠋ᠠᠷᠯᠠᠬᠤ ᠬᠠᠰᠢᠶᠠᠯᠠᠭ᠎ᠠ ᠵᠡᠷᠭᠡ᠎ᠳᠤ ᠬᠢᠬᠦ ᠠᠷᠢᠭᠤᠳᠬᠠᠯ᠎ᠳᠤ ᠬᠠᠷᠠᠭ᠎ᠠ ᠬᠢᠨᠠᠯᠲᠠ ᠲᠠᠯᠪᠢᠨ᠎ᠠ᠃
7. ᠬᠢᠵᠢᠭ ᠪᠠᠶ᠋ᠢᠴᠠᠭ᠋ᠠᠯᠲᠠ ᠪᠣᠯᠣᠨ ᠨᠢᠲᠤᠯᠭ᠋ᠠᠨ᠎ᠤ ᠦᠢ᠍ᠯᠡᠳᠦᠯ᠎ᠨᠢ ᠬᠠᠷᠢᠯᠴᠠᠨ ᠵᠣᠬᠢᠴᠠᠯᠳᠤᠭᠰᠠᠨ ᠪᠠᠶ᠋ᠢᠬᠤ ᠬᠡᠷᠡᠭᠲᠡᠢ᠃ ᠨᠢᠭᠡ ᠬᠤᠨᠢ ᠢᠮᠠᠭ᠋ᠠᠨ᠎ᠤ ᠲᠣᠯᠣᠭ᠋ᠠᠢ᠂ ᠰᠢᠭᠢᠷ᠎ᠡ᠂ ᠳᠣᠲᠣᠷ᠎ᠠ ᠴᠤᠯᠤ᠂ ᠭᠤᠯᠤᠤᠵᠠ ᠵᠡᠷᠭᠡ ᠵᠢ ᠨᠢᠭᠡᠳᠦᠯᠲᠠᠢ ᠳ᠋ᠤᠭ᠋ᠠᠷᠯᠠᠵᠤ ᠬᠢᠵᠢᠭ ᠪᠠᠶ᠋ᠢᠴᠠᠭ᠋ᠠᠯᠲᠠ ᠬᠢᠬᠦ ᠬᠡᠷᠡᠭᠲᠡᠢ᠃
7.1 ᠲᠣᠯᠣᠭ᠋ᠠᠢ ᠰᠢᠭᠢᠷ᠎ᠡ ᠵᠢᠨ ᠪᠠᠶ᠋ᠢᠴᠠᠭ᠋ᠠᠯᠲᠠ
7.1.1 ᠲᠣᠯᠣᠭ᠋ᠠᠢ ᠵᠢᠨ ᠬᠡᠰᠡᠭ᠎ᠤᠨ ᠪᠠᠶ᠋ᠢᠴᠠᠭ᠋ᠠᠯᠲᠠ᠎ᠳᠤ ᠬᠠᠮᠠᠷ᠂ ᠰᠢᠳᠦᠨᠤ ᠤᠭ᠂ ᠠᠮᠠᠨ᠎ᠤ ᠬᠥᠨᠳᠡᠢ ᠵᠢᠨ ᠰᠠᠯᠢᠰᠤᠨ ᠪᠦᠷᠬᠦᠪᠴᠢ᠂ ᠬᠡᠯᠡ ᠪᠣᠯᠣᠨ ᠬᠡᠯᠡᠨ᠎ᠤ ᠥᠩᠭᠡᠨ ᠲᠠᠯ᠎ᠠ᠎ᠳᠤ ᠴᠥᠪᠥᠷᠢᠭᠦᠦ᠂ ᠰᠢᠷᠬᠠᠯᠠᠭ᠎ᠠ᠂ ᠲᠣᠯᠪᠤ ᠪᠠᠶ᠋ᠢᠬᠤ ᠡᠰᠡᠬᠦ ᠵᠢ ᠰᠢᠯᠭ᠋ᠠᠨ᠎ᠠ᠃ ᠱᠠᠭ᠋ᠠᠷᠳᠠᠯᠭ᠎ᠠ᠎ᠲᠠᠢ ᠦᠶ᠎ᠡ᠎ᠳᠤ ᠳᠣᠣᠷᠠᠳᠤ ᠡᠷᠡᠭᠦᠦ ᠵᠢᠨ ᠯᠢᠮᠹᠠ ᠵᠢᠨ ᠪᠤᠯᠴᠢᠷᠬᠠᠢ ᠵᠢ ᠬᠠᠭ᠋ᠠᠯᠵᠤ᠂ ᠬᠡᠯᠪᠡᠷᠢ ᠪᠠᠶ᠋ᠢᠳᠠᠯ᠂ ᠥᠩᠭᠡ ᠲᠤᠶᠠᠭ᠎ᠠ ᠪᠣᠯᠣᠨ ᠪᠤᠰᠤᠳ ᠬᠠᠪᠤᠳᠠᠷ ᠬᠠᠪᠤᠨ᠂ ᠴᠢᠰᠤᠨ᠎ᠤ ᠴᠢᠨᠦᠷᠡᠯ᠂ ᠴᠢᠰᠤ ᠠᠯᠳᠠᠭᠳᠠᠯ᠂ ᠨᠧᠺᠷᠣᠽ ᠪᠠᠶ᠋ᠢᠬᠤ ᠡᠰᠡᠬᠦ ᠵᠢ ᠰᠢᠯᠭ᠋ᠠᠨ᠎ᠠ᠃
7.1.2 ᠰᠢᠭᠢᠷ᠎ᠡ᠎ᠳᠤ ᠬᠢᠬᠦ ᠪᠠᠶ᠋ᠢᠴᠠᠭ᠋ᠠᠯᠲᠠ᠎ᠳᠤ ᠲᠤᠭᠤᠷᠠᠢ ᠵᠢᠨ ᠦᠶ᠎ᠡ ᠵᠢᠨ ᠳᠣᠲᠣᠭ᠋ᠠᠳᠤ ᠬᠡᠰᠡᠭ᠂ ᠰᠠᠯᠠᠭ᠎ᠠ ᠲᠤᠭᠤᠷᠠᠢ ᠵᠢᠨ ᠥᠩᠭᠡᠨ ᠲᠠᠯ᠎ᠠ᠎ᠳᠤ ᠴᠥᠪᠥᠷᠢᠭᠦᠦ᠂ ᠰᠢᠷᠬᠠᠯᠠᠭ᠎ᠠ᠂ ᠲᠣᠯᠪᠤ᠂ ᠲᠠᠪᠯᠠᠭ᠋ᠠᠰᠤ ᠪᠠᠶ᠋ᠢᠬᠤ ᠡᠰᠡᠬᠦ ᠵᠢ ᠰᠢᠯᠭ᠋ᠠᠨ᠎ᠠ᠃
7.2 ᠳᠣᠲᠣᠷ᠎ᠠ ᠡᠷᠬᠡᠲᠡᠨ᠎ᠤ ᠪᠠᠶ᠋ᠢᠴᠠᠭ᠋ᠠᠯᠲᠠ᠎ᠳᠤ ᠳᠣᠲᠣᠷ᠎ᠠ ᠡᠷᠬᠡᠲᠡᠨ᠎ᠢ ᠠᠪᠬᠤ᠎ᠠᠴᠠ ᠡᠮᠦᠨ᠎ᠡ ᠬᠡᠬᠦᠳᠡᠭ᠂ ᠬᠡᠪᠡᠯᠢ ᠵᠢᠨ ᠬᠥᠨᠳᠡᠢ᠎ᠳᠤ ᠬᠤᠷᠠᠭᠰᠠᠨ ᠤᠰᠤ᠂ ᠨᠠᠭ᠋ᠠᠯᠳᠤᠭᠰᠠᠨ ᠬᠡᠰᠡᠭ᠂ ᠰᠢᠷᠬᠡᠭᠯᠢᠭ ᠮᠡᠲᠦ ᠵᠢᠨ ᠨᠡᠪᠴᠢᠯᠲᠡ ᠪᠣᠳᠠᠰ ᠪᠠᠶ᠋ᠢᠬᠤ ᠡᠰᠡᠬᠦ ᠵᠢ ᠠᠵᠢᠭᠯᠠᠨ᠎ᠠ᠃ ᠵᠢᠷᠦᠬᠡ᠂ ᠠᠭᠤᠰᠬᠢ᠂ ᠡᠯᠢᠭᠡ᠂ ᠬᠤᠳᠣᠭᠤᠳᠤ ᠭᠡᠳᠡᠰᠦ᠂ ᠳᠡᠯᠢᠭᠦᠦ᠂ ᠪᠥᠭᠡᠷ᠎ᠡ ᠵᠡᠷᠭᠡ ᠵᠢ ᠰᠢᠯᠭ᠋ᠠᠨ᠎ᠠ᠃ ᠮᠥᠭᠡᠷᠰᠦᠨ ᠬᠤᠭᠤᠯᠠᠢ ᠵᠢᠨ ᠯᠢᠮᠹᠠ ᠵᠢᠨ ᠪᠤᠯᠴᠢᠷᠬᠠᠢ᠂ ᠡᠯᠢᠭᠡᠨ᠎ᠤ ᠠᠮᠠᠰᠠᠷ᠎ᠤᠨ ᠯᠢᠮᠹᠠ ᠵᠢᠨ ᠪᠤᠯᠴᠢᠷᠬᠠᠢ᠂ ᠴᠢᠴᠠᠷᠬᠠᠢ ᠵᠢᠨ ᠯᠢᠮᠹᠠ ᠵᠢᠨ ᠪᠤᠯᠴᠢᠷᠬᠠᠢ ᠵᠡᠷᠭᠡ ᠵᠢ ᠬᠠᠭ᠋ᠠᠯᠵᠤ ᠡᠪᠡᠳᠴᠢᠨ᠎ᠤ ᠬᠤᠪᠢᠷᠠᠯᠲᠠ ᠪᠣᠯᠣᠨ ᠪᠤᠰᠤᠳ ᠬᠡᠪ᠎ᠤᠨ ᠪᠤᠰᠤ ᠵᠦᠢ᠍ᠯ ᠪᠠᠶ᠋ᠢᠬᠤ ᠡᠰᠡᠬᠦ ᠵᠢ ᠰᠢᠯᠭ᠋ᠠᠨ᠎ᠠ᠃
7.2.1 ᠵᠢᠷᠦᠬᠡᠨ᠎ᠤ ᠪᠠᠶ᠋ᠢᠴᠠᠭ᠋ᠠᠯᠲᠠ᠎ᠳᠤ ᠵᠢᠷᠦᠬᠡᠨ᠎ᠤ ᠬᠡᠯᠪᠡᠷᠢ᠂ ᠶᠡᠭᠡ ᠪᠠᠭ᠎ᠠ᠂ ᠥᠩᠭᠡ ᠲᠤᠶᠠᠭ᠎ᠠ ᠪᠣᠯᠣᠨ ᠴᠢᠰᠤᠨ᠎ᠤ ᠴᠢᠨᠦᠷᠡᠯ᠂ ᠴᠢᠰᠤ ᠠᠯᠳᠠᠭᠳᠠᠯ ᠪᠠᠶ᠋ᠢᠬᠤ ᠡᠰᠡᠬᠦ ᠵᠢ ᠰᠢᠯᠭ᠋ᠠᠨ᠎ᠠ᠃ ᠱᠠᠭ᠋ᠠᠷᠳᠠᠯᠭ᠎ᠠ᠎ᠲᠠᠢ ᠪᠣᠯ ᠦᠩᠬᠦᠯᠴᠡᠭᠢ ᠨᠡᠭᠡᠭᠡᠵᠦ᠂ ᠵᠢᠷᠦᠬᠡᠨ᠎ᠤ ᠪᠦᠷᠬᠦᠪᠴᠢ᠂ ᠵᠢᠷᠦᠬᠡᠨ ᠪᠦᠷᠬᠦᠪᠴᠢ ᠵᠢᠨ ᠰᠢᠩᠭᠡᠨ ᠪᠣᠯᠣᠨ ᠵᠢᠷᠦᠬᠡᠨ᠎ᠤ ᠪᠤᠯᠴᠢᠩ ᠬᠡᠪ᠎ᠤᠨ ᠡᠰᠡᠬᠦ ᠵᠢ ᠰᠢᠯᠭ᠋ᠠᠨ᠎ᠠ᠃
7.2.2 ᠠᠭᠤᠰᠬᠢᠨ᠎ᠤ ᠪᠠᠶ᠋ᠢᠴᠠᠭ᠋ᠠᠯᠲᠠ᠎ᠳᠤ ᠬᠤᠶᠠᠷ ᠲᠠᠯ᠎ᠠ ᠵᠢᠨ ᠠᠭᠤᠰᠬᠢ ᠵᠢᠨ ᠰᠠᠯᠪᠢᠩ᠂ ᠥᠩᠭᠡ ᠲᠤᠶᠠᠭ᠎ᠠ᠂ ᠬᠡᠪ ᠪᠠᠶ᠋ᠢᠳᠠᠯ᠂ ᠶᠡᠭᠡ ᠪᠠᠭ᠎ᠠ ᠪᠣᠯᠣᠨ ᠴᠢᠰᠤᠨ᠎ᠤ ᠴᠢᠨᠦᠷᠡᠯ᠂ ᠴᠢᠰᠤ ᠠᠯᠳᠠᠭᠳᠠᠯ᠂ ᠤᠰᠤᠨ ᠬᠠᠪᠤᠨ᠂ ᠢᠳᠡᠭᠡ ᠰᠢᠭᠦᠰᠦ᠂ ᠪᠣᠳᠠᠲᠠᠢ ᠬᠤᠪᠢᠷᠠᠯ᠂ ᠨᠠᠭ᠋ᠠᠯᠳᠤᠭᠰᠠᠨ ᠬᠡᠰᠡᠭ᠂ ᠪᠢᠲᠡᠭᠦᠮᠵᠢᠯᠡᠭᠳᠡᠭᠰᠡᠨ ᠡᠯᠡᠰᠦ᠂ ᠰᠢᠮᠡᠭᠴᠢ ᠬᠤᠷᠣᠬᠠᠢ ᠪᠠᠶ᠋ᠢᠬᠤ ᠡᠰᠡᠬᠦ ᠵᠢ ᠰᠢᠯᠭ᠋ᠠᠨ᠎ᠠ᠃ ᠨᠢᠭᠡ ᠲᠠᠯ᠎ᠠ ᠵᠢᠨ ᠰᠠᠯᠪᠤᠷᠢ ᠮᠥᠭᠡᠷᠰᠦᠨ ᠬᠤᠭᠤᠯᠠᠢ ᠵᠢ ᠬᠠᠭ᠋ᠠᠯᠵᠤ ᠯᠢᠮᠹᠠ ᠵᠢᠨ ᠪᠤᠯᠴᠢᠷᠬᠠᠢ᠂ ᠣᠭᠲᠣᠯᠣᠭ᠋ᠠᠰᠤ ᠵᠢᠨ ᠬᠡᠰᠡᠭ᠎ᠲᠤ ᠴᠢᠰᠤᠨ᠎ᠤ ᠴᠢᠨᠦᠷᠡᠯ᠂ ᠴᠢᠰᠤ ᠠᠯᠳᠠᠭᠳᠠᠯ᠂ ᠤᠰᠤᠨ ᠬᠠᠪᠤᠨ ᠪᠠᠶ᠋ᠢᠬᠤ ᠡᠰᠡᠬᠦ ᠵᠢ ᠰᠢᠯᠭ᠋ᠠᠨ᠎ᠠ᠃
7.2.3 ᠡᠯᠢᠭᠡᠨ᠎ᠤ ᠪᠠᠶ᠋ᠢᠴᠠᠭ᠋ᠠᠯᠲᠠ᠎ᠳᠤ ᠡᠯᠢᠭᠡᠨ᠎ᠤ ᠶᠡᠭᠡ ᠪᠠᠭ᠎ᠠ᠂ ᠥᠩᠭᠡ ᠲᠤᠶᠠᠭ᠎ᠠ᠂ ᠬᠠᠷᠢᠮᠠᠬᠠᠢ ᠴᠢᠨᠠᠷ ᠪᠣᠯᠣᠨ ᠬᠠᠲᠠᠭᠤᠷᠠᠯ ᠵᠢᠴᠢ ᠶᠡᠭᠡ ᠪᠠᠭ᠎ᠠ᠎ᠨᠢ ᠠᠳᠠᠯᠢ ᠪᠤᠰᠤ᠎ᠪᠠᠷ ᠭᠦᠳᠦᠶ᠋ᠢᠭᠰᠡᠨ ᠵᠦᠢ᠍ᠯ ᠪᠠᠶ᠋ᠢᠬᠤ ᠡᠰᠡᠬᠦ ᠵᠢ ᠰᠢᠯᠭ᠋ᠠᠨ᠎ᠠ᠃ ᠡᠯᠢᠭᠡᠨ᠎ᠤ ᠠᠮᠠᠰᠠᠷ᠎ᠤᠨ ᠯᠢᠮᠹᠠ ᠵᠢᠨ ᠪᠤᠯᠴᠢᠷᠬᠠᠢ᠂ ᠰᠥᠰᠥᠨ᠎ᠤ ᠭᠤᠤᠷᠰᠤ ᠵᠢ ᠬᠠᠭ᠋ᠠᠯᠵᠤ ᠰᠢᠮᠡᠭᠴᠢ ᠬᠤᠷᠣᠬᠠᠢ (ᠡᠯᠢᠭᠡᠨ᠎ᠤ ᠭᠢᠯᠲᠠᠩ᠎ᠤᠨ ᠰᠢᠮᠡᠭᠴᠢ ᠬᠤᠷᠣᠬᠠᠢ) ᠪᠠᠶ᠋ᠢᠬᠤ ᠡᠰᠡᠬᠦ ᠵᠢ ᠰᠢᠯᠭ᠋ᠠᠨ᠎ᠠ᠃ ᠴᠢᠬᠤᠯᠠᠲᠠᠢ ᠦᠶ᠎ᠡ᠎ᠳᠤ ᠡᠯᠢᠭᠡ ᠵᠢ ᠬᠠᠭ᠋ᠠᠯᠵᠤ᠂ ᠬᠠᠪᠤᠳᠠᠷ᠂ ᠴᠢᠰᠤ ᠠᠯᠳᠠᠭᠳᠠᠯ᠂ ᠴᠢᠰᠤ ᠴᠢᠨᠦᠷᠡᠯ᠂ ᠨᠧᠺᠷᠣᠽ᠂ ᠬᠠᠲᠠᠭᠤᠷᠠᠯ᠂ ᠠᠪᠴᠢᠯᠲᠠ ᠪᠠᠶ᠋ᠢᠬᠤ ᠡᠰᠡᠬᠦ ᠵᠢ ᠰᠢᠯᠭ᠋ᠠᠨ᠎ᠠ᠃
7.2.4 ᠳᠣᠲᠣᠷ᠎ᠠ ᠪᠥᠭᠡᠷ᠎ᠡ ᠵᠢᠨ ᠬᠤᠶᠠᠷ ᠲᠠᠯ᠎ᠠ ᠵᠢᠨ ᠪᠦᠷᠬᠦᠪᠴᠢ ᠵᠢ ᠱᠠᠭ᠋ᠠᠯᠵᠤ (ᠬᠤᠶᠠᠷ ᠬᠢᠲᠤᠭ᠎ᠠ᠎ᠪᠠᠷ) ᠬᠠᠷᠢᠮᠠᠬᠠᠢ ᠴᠢᠨᠠᠷ᠂ ᠬᠠᠲᠠᠭᠤᠷᠠᠯ ᠪᠣᠯᠣᠨ ᠴᠢᠰᠤᠨ᠎ᠤ ᠬᠠᠩᠭ᠋ᠠᠮᠵᠢ ᠳᠤᠲᠠᠭᠳᠠᠭᠰᠠᠨ᠂ ᠴᠢᠰᠤ ᠠᠯᠳᠠᠭᠳᠠᠯ᠂ ᠴᠢᠰᠤᠨ᠎ᠤ ᠴᠢᠨᠦᠷᠡᠯ ᠵᠡᠷᠭᠡ ᠵᠢ ᠰᠢᠯᠭ᠋ᠠᠨ᠎ᠠ᠃ ᠱᠠᠭ᠋ᠠᠷᠳᠠᠯᠭ᠎ᠠ᠎ᠲᠠᠢ ᠪᠣᠯ ᠳᠣᠲᠣᠷ᠎ᠠ ᠪᠥᠭᠡᠷ᠎ᠡ ᠵᠢ ᠬᠠᠭ᠋ᠠᠯᠵᠤ ᠰᠢᠯᠭ᠋ᠠᠨ᠎ᠠ᠃
7.2.5 ᠳᠡᠯᠢᠭᠦᠦ ᠵᠢᠨ ᠪᠠᠶ᠋ᠢᠴᠠᠭ᠋ᠠᠯᠲᠠ᠎ᠳᠤ ᠬᠠᠷᠢᠮᠠᠬᠠᠢ ᠴᠢᠨᠠᠷ᠂ ᠥᠩᠭᠡ᠂ ᠶᠡᠭᠡ ᠪᠠᠭ᠎ᠠ ᠵᠡᠷᠭᠡ ᠵᠢ ᠪᠠᠶ᠋ᠢᠴᠠᠭ᠋ᠠᠨ᠎ᠠ᠃ ᠱᠠᠭ᠋ᠠᠷᠳᠠᠯᠭ᠎ᠠ᠎ᠲᠠᠢ ᠪᠣᠯ ᠳᠡᠯᠢᠭᠦᠦ ᠵᠢ ᠬᠠᠭ᠋ᠠᠯᠵᠤ ᠰᠢᠯᠭ᠋ᠠᠨ᠎ᠠ᠃
7.2.6 ᠬᠤᠳᠣᠭᠤᠳᠤ ᠪᠣᠯᠣᠨ ᠭᠡᠳᠡᠰᠦᠨ᠎ᠤ ᠪᠠᠶ᠋ᠢᠴᠠᠭ᠋ᠠᠯᠲᠠ᠎ᠳᠤ ᠰᠧᠷᠣᠽ᠂ ᠴᠢᠴᠠᠷᠬᠠᠢ᠎ᠳᠤ ᠴᠢᠰᠤᠨ᠎ᠤ ᠴᠢᠨᠦᠷᠡᠯ᠂ ᠴᠢᠰᠤ ᠠᠯᠳᠠᠭᠳᠠᠯ᠂ ᠨᠠᠭ᠋ᠠᠯᠳᠤᠭᠰᠠᠨ ᠬᠡᠰᠡᠭ ᠪᠠᠶ᠋ᠢᠬᠤ ᠡᠰᠡᠬᠦ ᠵᠢ ᠰᠢᠯᠭ᠋ᠠᠨ᠎ᠠ᠃ ᠴᠢᠴᠠᠷᠬᠠᠢ ᠵᠢᠨ ᠯᠢᠮᠹᠠ ᠵᠢᠨ ᠪᠤᠯᠴᠢᠷᠬᠠᠢ ᠵᠢ ᠬᠠᠭ᠋ᠠᠯᠵᠤ᠂ ᠬᠠᠪᠤᠳᠠᠷ ᠬᠠᠪᠤᠨ᠂ ᠴᠢᠰᠤ ᠴᠢᠨᠦᠷᠡᠯ᠂ ᠴᠢᠰᠤ ᠠᠯᠳᠠᠭᠳᠠᠯ᠂ ᠦᠬᠦᠵᠢᠯᠲᠡ ᠪᠠᠶ᠋ᠢᠬᠤ ᠡᠰᠡᠬᠦ ᠵᠢ ᠰᠢᠯᠭ᠋ᠠᠨ᠎ᠠ᠃ ᠱᠠᠭ᠋ᠠᠷᠳᠠᠯᠭ᠎ᠠ᠎ᠲᠠᠢ ᠪᠣᠯ ᠬᠤᠳᠣᠭᠤᠳᠤ ᠭᠡᠳᠡᠰᠦ ᠵᠢ ᠬᠠᠭ᠋ᠠᠯᠵᠤ ᠴᠢᠰᠤ ᠴᠢᠨᠦᠷᠡᠯ᠂ ᠴᠢᠰᠤ ᠠᠯᠳᠠᠭᠳᠠᠯ᠂ ᠴᠠᠪᠠᠤᠭᠤᠷᠠᠭᠰᠠᠨ ᠪᠠᠶ᠋ᠢᠳᠠᠯ᠂ ᠡᠯᠡᠭᠳᠡᠯ᠂ ᠰᠢᠷᠬᠠᠯᠠᠭ᠎ᠠ᠂ ᠦᠷᠪᠢᠰᠦᠯ᠂ ᠵᠠᠩᠭᠢᠷᠠᠯ᠂ ᠰᠢᠮᠡᠭᠴᠢ ᠬᠤᠷᠣᠬᠠᠢ ᠪᠠᠶ᠋ᠢᠬᠤ ᠡᠰᠡᠬᠦ ᠵᠢ ᠰᠢᠯᠭ᠋ᠠᠨ᠎ᠠ᠃ ᠭᠦᠵᠡᠭᠡᠨᠤ ᠭᠠᠳᠠᠷ ᠲᠠᠯ᠎ᠠ᠎ᠳᠤ ᠴᠥᠪᠥᠷᠢᠭᠦᠦ᠂ ᠡᠯᠡᠭᠳᠡᠯ ᠪᠤᠶᠤ ᠰᠢᠷᠬᠠᠯᠠᠭ᠎ᠠ ᠪᠠᠶ᠋ᠢᠬᠤ ᠡᠰᠡᠬᠦ ᠵᠢ ᠰᠢᠯᠭ᠋ᠠᠨ᠎ᠠ᠃
7.3 ᠭᠤᠯᠤᠤᠵᠠ ᠵᠢᠨ ᠰᠢᠯᠭ᠋ᠠᠯᠲᠠ
7.3.1 ᠪᠦᠬᠦᠯᠢ ᠴᠣᠭᠴᠠ ᠵᠢᠨ ᠪᠠᠶ᠋ᠢᠴᠠᠭ᠋ᠠᠯᠲᠠ᠎ᠳᠤ ᠠᠷᠠᠰᠤᠨ᠎ᠤ ᠳᠣᠣᠷᠠᠬᠢ ᠬᠡᠰᠡᠭ᠂ ᠥᠭᠡᠬᠦ᠂ ᠪᠤᠯᠴᠢᠩ᠂ ᠯᠢᠮᠹᠠ ᠵᠢᠨ ᠪᠤᠯᠴᠢᠷᠬᠠᠢ ᠪᠣᠯᠣᠨ ᠬᠡᠬᠦᠳᠡᠭ᠂ ᠬᠡᠪᠡᠯᠢ ᠵᠢᠨ ᠬᠥᠨᠳᠡᠢ ᠵᠢᠨ ᠰᠧᠷᠣᠽ᠎ᠳᠤ ᠴᠢᠰᠤᠨ᠎ᠤ ᠴᠢᠨᠦᠷᠡᠯ᠂ ᠴᠢᠰᠤ ᠠᠯᠳᠠᠭᠳᠠᠯ ᠪᠣᠯᠣᠨ ᠴᠥᠪᠥᠷᠢᠭᠦᠦ᠂ ᠬᠠᠪᠤᠳᠠᠷ ᠬᠠᠪᠤᠨ ᠪᠣᠯᠣᠨ ᠪᠤᠰᠤᠳ ᠬᠡᠪ᠎ᠤᠨ ᠪᠤᠰᠤ ᠵᠦᠢ᠍ᠯ ᠪᠠᠶ᠋ᠢᠬᠤ ᠡᠰᠡᠬᠦ ᠵᠢ ᠰᠢᠯᠭ᠋ᠠᠨ᠎ᠠ᠃
7.3.2 ᠯᠢᠮᠹᠠ ᠵᠢᠨ ᠪᠤᠯᠴᠢᠷᠬᠠᠢ ᠵᠢᠨ ᠪᠠᠶ᠋ᠢᠴᠠᠭ᠋ᠠᠯᠲᠠ
7.3.2.1 ᠬᠦᠵᠦᠭᠦᠨ᠎ᠤ ᠭᠦᠶᠦᠬᠡᠨ ᠲᠠᠯ᠎ᠠ ᠵᠢᠨ ᠯᠢᠮᠹᠠ ᠵᠢᠨ ᠪᠤᠯᠴᠢᠷᠬᠠᠢ (ᠳᠠᠯᠤ ᠵᠢᠨ ᠡᠮᠦᠨᠡᠬᠢ ᠯᠢᠮᠹᠠ ᠵᠢᠨ ᠪᠤᠯᠴᠢᠷᠬᠠᠢ) ᠳᠠᠯᠤ ᠵᠢᠨ ᠡᠮᠦᠨ᠎ᠡ ᠬᠡᠰᠡᠭ᠎ᠠᠴᠠ ᠵᠢᠭ᠋ᠠᠬᠠᠨ ᠳᠡᠭᠡᠳᠦ ᠲᠠᠯ᠎ᠠ ᠵᠢᠨ ᠪᠤᠭᠤᠯᠤᠭ᠎ᠤᠨ ᠪᠤᠯᠴᠢᠩ᠂ ᠳᠠᠯᠤ ᠵᠢᠨ ᠮᠥᠷᠥ ᠵᠢᠨ ᠳᠣᠣᠷᠠᠳᠤ ᠬᠡᠰᠡᠭ᠎ᠤᠨ ᠬᠦᠵᠦᠭᠦᠨ᠎ᠤ ᠭᠦᠶᠦᠬᠡᠨ ᠲᠠᠯ᠎ᠠ ᠵᠢᠨ ᠯᠢᠮᠹᠠ ᠵᠢᠨ ᠪᠤᠯᠴᠢᠷᠬᠠᠢ᠂ ᠬᠠᠭ᠋ᠠᠯᠤᠭᠰᠠᠨ ᠲᠠᠯ᠎ᠠ ᠵᠢᠨ ᠬᠡᠯᠪᠡᠷᠢ᠂ ᠥᠩᠭᠡ ᠲᠤᠶᠠᠭ᠎ᠠ ᠪᠣᠯᠣᠨ ᠬᠠᠪᠤᠳᠠᠷ ᠬᠠᠪᠤᠨ᠂ ᠴᠢᠰᠤᠨ᠎ᠤ ᠴᠢᠨᠦᠷᠡᠯ᠂ ᠴᠢᠰᠤ ᠠᠯᠳᠠᠭᠳᠠᠯ᠂ ᠨᠧᠺᠷᠣᠽ ᠪᠠᠶ᠋ᠢᠬᠤ ᠡᠰᠡᠬᠦ ᠵᠢ ᠰᠢᠯᠭ᠋ᠠᠨ᠎ᠠ᠃
7.3.2.2 ᠲᠠᠰᠢᠶᠠᠨᠤ ᠯᠢᠮᠹᠠ ᠵᠢᠨ ᠪᠤᠯᠴᠢᠷᠬᠠᠢ (ᠭᠤᠶ᠎ᠠ ᠵᠢᠨ ᠡᠮᠦᠨ᠎ᠡ ᠬᠡᠰᠡᠭ᠎ᠤᠨ ᠯᠢᠮᠹᠠ ᠵᠢᠨ ᠪᠤᠯᠴᠢᠷᠬᠠᠢ᠂ ᠡᠪᠡᠳᠦᠭᠤᠨ ᠯᠢᠮᠹᠠ ᠵᠢᠨ ᠪᠤᠯᠴᠢᠷᠬᠠᠢ) ᠨᠢᠭᠡ ᠲᠠᠯ᠎ᠠ ᠵᠢᠨ ᠯᠢᠮᠹᠠ ᠵᠢᠨ ᠪᠤᠯᠴᠢᠷᠬᠠᠢ ᠵᠢ ᠬᠠᠭ᠋ᠠᠯᠵᠤ᠂ ᠬᠠᠭ᠋ᠠᠯᠤᠭᠰᠠᠨ ᠲᠠᠯ᠎ᠠ ᠵᠢᠨ ᠬᠡᠯᠪᠡᠷᠢ᠂ ᠥᠩᠭᠡ ᠲᠤᠶᠠᠭ᠎ᠠ᠂ ᠶᠡᠭᠡ ᠪᠠᠭ᠎ᠠ ᠪᠣᠯᠣᠨ ᠴᠢᠰᠤᠨ᠎ᠤ ᠴᠢᠨᠦᠷᠡᠯ᠂ ᠴᠢᠰᠤ ᠠᠯᠳᠠᠭᠳᠠᠯ᠂ ᠨᠧᠺᠷᠣᠽ ᠪᠠᠶ᠋ᠢᠬᠤ ᠡᠰᠡᠬᠦ ᠵᠢ ᠰᠢᠯᠭ᠋ᠠᠨ᠎ᠠ᠃
7.3.2.3 ᠴᠢᠬᠤᠯᠠᠲᠠᠢ ᠦᠶ᠎ᠡ᠎ᠳᠤ ᠳᠤᠮᠳᠠ ᠴᠢᠮᠦᠭᠡ ᠵᠢᠨ ᠭᠦᠨ᠎ᠳᠠᠬᠢ ᠯᠢᠮᠹᠠ ᠵᠢᠨ ᠪᠤᠯᠴᠢᠷᠬᠠᠢ ᠵᠢ ᠰᠢᠯᠭ᠋ᠠᠨ᠎ᠠ᠃
7.4 ᠠᠯᠪᠠᠨ ᠶᠣᠰᠣᠨ᠎ᠤ ᠮᠠᠯ᠎ᠤᠨ ᠡᠮᠴᠢ᠎ᠠᠴᠠ ᠳᠡᠭᠡᠷ᠎ᠡ ᠳᠤᠷᠠᠳᠤᠭᠰᠠᠨ ᠬᠢᠵᠢᠭ ᠪᠠᠶ᠋ᠢᠴᠠᠭ᠋ᠠᠯᠲᠠ ᠵᠢᠨ ᠪᠠᠶ᠋ᠢᠳᠠᠯ᠎ᠢ ᠳᠠᠬᠢᠨ ᠰᠢᠯᠭ᠋ᠠᠵᠤ ᠪᠦᠬᠦᠯᠢ ᠴᠣᠭᠴᠠ᠎ᠠᠴᠠ ᠦᠷ᠎ᠡ ᠳ᠋ᠦᠩ᠎ᠢ ᠮᠠᠭ᠋ᠠᠳᠯᠠᠬᠤ ᠬᠡᠷᠡᠭᠲᠡᠢ᠃
7.5 ᠦᠷ᠎ᠡ ᠳ᠋ᠦᠩ᠎ᠢ ᠰᠢᠢ᠍ᠳᠬᠦ
7.5.1 ᠬᠢᠷᠢ᠎ᠳᠤ ᠬᠦᠷᠦᠭᠰᠡᠨ᠎ᠢ ᠠᠯᠪᠠᠨ ᠶᠣᠰᠣᠨ᠎ᠤ ᠮᠠᠯ᠎ᠤᠨ ᠡᠮᠴᠢ᠎ᠠᠴᠠ 《ᠠᠮᠢᠲᠠᠨ᠎ᠤ ᠬᠢᠵᠢᠭ ᠲᠠᠬᠤᠯ᠎ᠤᠨ ᠪᠠᠶ᠋ᠢᠴᠠᠭ᠋ᠠᠯᠲᠠ ᠬᠢᠷᠢ᠎ᠳᠤ ᠨᠡᠶ᠋ᠢᠴᠡᠭᠰᠡᠨ ᠦᠨᠡᠮᠯᠡᠬᠦ》 ᠣᠯᠭᠤᠵᠤ᠂ ᠲᠠᠮᠠᠭ᠎ᠠ ᠳᠠᠷᠤᠨ ᠪᠠᠲᠤᠯᠠᠵᠤ᠂ ᠰᠠᠪᠠᠯᠠᠭᠰᠠᠨ ᠮᠢᠬᠠᠨ ᠪᠦᠲᠦᠭᠡᠭᠳᠡᠬᠦᠨ᠎ᠳᠤ ᠬᠢᠵᠢᠭ ᠪᠠᠶ᠋ᠢᠴᠠᠭ᠋ᠠᠯᠲᠠ ᠵᠢᠨ ᠲᠡᠮᠳᠡᠭ᠎ᠢ ᠬᠡᠷᠡᠭᠯᠡᠨ᠎ᠡ᠃
7.5.2 ᠬᠢᠷᠢ᠎ᠳᠤ ᠬᠦᠷᠦᠭᠡ ᠦᠭᠡᠢ ᠵᠢ ᠠᠯᠪᠠᠨ ᠶᠣᠰᠣᠨ᠎ᠤ ᠮᠠᠯ᠎ᠤᠨ ᠡᠮᠴᠢ᠎ᠠᠴᠠ 《ᠠᠮᠢᠲᠠᠨ᠎ᠤ ᠬᠢᠵᠢᠭ ᠲᠠᠬᠤᠯ᠎ᠤᠨ ᠪᠠᠶ᠋ᠢᠴᠠᠭ᠋ᠠᠯᠲᠠ ᠵᠢᠨ ᠮᠡᠳᠡᠭᠳᠡᠯ》 ᠪᠠᠭᠤᠯᠭ᠋ᠠᠵᠤ ᠳᠠᠷᠠᠭ᠋ᠠᠬᠢ ᠪᠠᠶ᠋ᠢᠳᠠᠯ ᠵᠶ᠋ᠠᠷ ᠰᠢᠢ᠍ᠳᠪᠦᠷᠢᠯᠡᠨ᠎ᠡ᠃
7.5.2.1 ᠲᠤᠰ ᠵᠢᠷᠤᠮᠳᠤ ᠵᠢᠭ᠋ᠠᠭᠰᠠᠨ ᠡᠪᠡᠳᠴᠢᠨ ᠳᠠᠷᠬᠠᠯᠠᠯ ᠢᠯᠡᠷᠡᠭᠰᠡᠨ ᠪᠠᠶ᠋ᠢᠪᠠᠯ 6.2.2.1᠂ 6.2.2.2 ᠪᠣᠯᠣᠨ ᠬᠤᠯᠪᠣᠭᠳᠠᠯ ᠪᠦᠬᠦᠢ ᠲᠣᠭᠲᠠᠭ᠋ᠠᠯ᠎ᠤᠨ ᠳᠠᠭ᠋ᠠᠤ ᠰᠢᠢ᠍ᠳᠪᠦᠷᠢᠯᠡᠨ᠎ᠡ᠃
7.5.2.2 ᠲᠤᠰ ᠵᠢᠷᠤᠮᠳᠤ ᠵᠢᠭ᠋ᠠᠭᠰᠠᠨ᠎ᠠᠴᠠ ᠪᠤᠰᠤᠳ ᠡᠪᠡᠳᠴᠢᠨ ᠳᠠᠷᠬᠠᠯᠠᠯ ᠠᠵᠢᠭᠯᠠᠭᠳᠠᠭᠰᠠᠨ ᠪᠠᠶ᠋ᠢᠪᠠᠯ ᠬᠠᠷᠠᠭ᠎ᠠ ᠬᠢᠨᠠᠯᠲᠠ ᠲᠠᠯᠪᠢᠵᠤ ᠪᠦᠬᠦᠢ ᠲᠠᠯᠠᠪᠤᠷ (ᠦᠢ᠍ᠯᠡᠳᠪᠦᠷᠢ᠂ ᠴᠡᠭ)᠎ᠤᠨ᠎ᠬᠢᠨ ᠭᠠᠭ᠍ᠠᠢ ᠵᠢᠨ ᠶᠡᠭᠡ ᠪᠡᠶ᠎ᠡ (ᠭᠤᠤᠯᠤᠵᠠ) ᠪᠣᠯᠣᠨ ᠳᠠᠭ᠋ᠠᠯᠳᠤᠬᠤ ᠪᠦᠲᠦᠭᠡᠭᠳᠡᠬᠦᠨ᠎ᠢ 《ᠡᠪᠡᠳᠴᠢᠨ᠎ᠤ ᠬᠠᠯᠳᠠᠪᠤᠷᠢ ᠠᠪᠤᠭᠰᠠᠨ ᠠᠮᠢᠲᠠᠨ ᠪᠤᠶᠤ ᠡᠪᠡᠳᠴᠢᠨ᠎ᠳᠤ ᠬᠤᠣᠷᠳᠠᠭᠰᠠᠨ ᠠᠮᠢᠲᠠᠨ᠎ᠤ ᠭᠠᠷᠤᠯ᠎ᠲᠠᠢ ᠪᠦᠲᠦᠭᠡᠭᠳᠡᠬᠦᠨ᠎ᠤ ᠪᠢᠣᠯᠣᠭᠢ ᠵᠢᠨ ᠠᠶᠤᠯ ᠦᠭᠡᠢ ᠰᠢᠢ᠍ᠳᠪᠦᠷᠢᠯᠡᠬᠦ ᠵᠢᠷᠤᠮ》᠎ᠤᠨ ᠳᠠᠭ᠋ᠠᠤ ᠰᠢᠢ᠍ᠳᠪᠦᠷᠢᠯᠡᠵᠦ᠂ ᠪᠣᠬᠢᠷᠳᠠᠭᠰᠠᠨ ᠲᠠᠯᠠᠪᠤᠷ᠂ ᠪᠠᠭ᠋ᠠᠵᠢ ᠬᠡᠷᠡᠭᠰᠡᠯ᠎ᠢ ᠲᠣᠭᠲᠠᠭ᠋ᠠᠯ᠎ᠤᠨ ᠳᠠᠭ᠋ᠠᠤ ᠠᠷᠢᠭᠤᠳᠬᠠᠵᠤ᠂ ᠲᠡᠭᠦᠨᠴᠢᠯᠡᠨ 《ᠠᠮᠢᠳᠤ ᠪᠣᠳᠠᠰ᠎ᠤᠨ ᠠᠶᠤᠯ ᠦᠭᠡᠢ ᠰᠢᠢ᠍ᠳᠪᠦᠷᠢᠯᠡᠯᠲᠡ ᠵᠢᠨ ᠲᠡᠮᠳᠡᠭᠯᠡᠯ》᠎ᠢ ᠰᠠᠶ᠋ᠢᠨ ᠬᠢᠭᠰᠡᠨ ᠪᠠᠶ᠋ᠢᠬᠤ ᠬᠡᠷᠡᠭᠲᠡᠢ᠃
7.5.3 ᠬᠠᠷᠠᠭ᠎ᠠ ᠬᠢᠨᠠᠯᠲᠠ ᠲᠠᠯᠪᠢᠵᠤ ᠪᠦᠬᠦᠢ ᠲᠠᠯᠠᠪᠤᠷ (ᠦᠢ᠍ᠯᠡᠳᠪᠦᠷᠢ᠂ ᠴᠡᠭ)᠎ᠤᠨ᠎ᠬᠢᠨ ᠡᠪᠡᠳᠴᠢᠨ ᠳᠠᠷᠬᠠᠯᠠᠯ᠎ᠳᠤ ᠠᠪᠲᠠᠭᠰᠠᠨ ᠠᠮᠢᠲᠠᠨ ᠪᠤᠶᠤ ᠬᠠᠶᠠᠭᠳᠠᠯ ᠵᠦᠢ᠍ᠯ᠎ᠢ ᠬᠤᠣᠷᠳᠠᠯ ᠦᠭᠡᠢ ᠰᠢᠢ᠍ᠳᠪᠦᠷᠢᠯᠡᠬᠦ ᠠᠵᠢᠯ᠎ᠢ ᠰᠠᠶ᠋ᠢᠨ ᠬᠢᠬᠦ ᠬᠡᠷᠡᠭᠲᠡᠢ᠃
7.6 ᠠᠯᠪᠠᠨ ᠶᠣᠰᠣᠨ᠎ᠤ ᠮᠠᠯ᠎ᠤᠨ ᠡᠮᠴᠢ ᠨᠠᠷ ᠨᠢᠭᠡᠨ ᠵᠡᠷᠭᠡ ᠬᠢᠵᠢᠭ ᠪᠠᠶ᠋ᠢᠴᠠᠭ᠋ᠠᠯᠲᠠ ᠵᠢᠨ ᠶᠠᠪᠤᠴᠠ ᠳᠤᠮᠳᠠ ᠡᠷᠡᠭᠦᠯ ᠬᠠᠮᠠᠭ᠋ᠠᠯᠠᠯ ᠠᠶᠤᠯ ᠦᠭᠡᠢ ᠪᠠᠶ᠋ᠢᠳᠠᠯ᠎ᠢ ᠰᠠᠶ᠋ᠢᠨ ᠬᠢᠬᠦ ᠬᠡᠷᠡᠭᠲᠡᠢ᠃
8. ᠬᠢᠵᠢᠭ ᠪᠠᠶ᠋ᠢᠴᠠᠭ᠋ᠠᠯᠲᠠ ᠵᠢᠨ ᠲᠡᠮᠳᠡᠭᠯᠡᠯ
8.1 ᠠᠯᠪᠠᠨ ᠶᠣᠰᠣᠨ᠎ᠤ ᠮᠠᠯ᠎ᠤᠨ ᠡᠮᠴᠢ ᠨᠠᠷ ᠨᠢᠲᠤᠯᠭ᠋ᠠᠨ᠎ᠤ ᠲᠠᠯᠠᠪᠤᠷ (ᠦᠢ᠍ᠯᠡᠳᠪᠦᠷᠢ᠂ ᠴᠢᠭ)᠎ᠤᠨ ᠠᠯᠠᠰᠢᠨ᠎ᠳᠤ ᠭᠠᠷᠭ᠋ᠠᠭᠰᠠᠨ᠂ ᠪᠠᠴᠢᠮ ᠨᠢᠲᠤᠯᠬᠤ᠂ ᠠᠮᠢᠳᠤ ᠪᠣᠳᠠᠰ᠎ᠤᠨ ᠠᠶᠤᠯ ᠦᠭᠡᠢ ᠰᠢᠢ᠍ᠳᠪᠦᠷᠢᠯᠡᠯᠲᠡ ᠵᠢᠨ ᠬᠤᠯᠪᠣᠭᠳᠠᠯ ᠪᠦᠬᠦᠢ ᠲᠡᠮᠳᠡᠭᠯᠡᠯ᠎ᠳᠤ ᠬᠠᠷᠠᠭ᠎ᠠ ᠬᠢᠨᠠᠯᠲᠠ ᠲᠠᠯᠪᠢᠵᠤ ᠬᠥᠲᠥᠯᠥᠨ ᠤᠳᠤᠷᠢᠳᠤᠨ᠎ᠠ᠃
8.2 ᠠᠯᠪᠠᠨ ᠶᠣᠰᠣᠨ᠎ᠤ ᠮᠠᠯ᠎ᠤᠨ ᠡᠮᠴᠢ ᠨᠠᠷ ᠲᠠᠯᠠᠪᠤᠷ᠎ᠲᠤ ᠨᠡᠪᠲᠡᠷᠡᠭᠦᠯᠬᠦ ᠰᠢᠯᠭ᠋ᠠᠨ ᠪᠠᠶ᠋ᠢᠴᠠᠭ᠋ᠠᠯᠲᠠ ᠵᠢ ᠬᠢᠨᠠᠬᠤ᠂ ᠬᠢᠵᠢᠭ ᠪᠠᠶ᠋ᠢᠴᠠᠭ᠋ᠠᠯᠲᠠ ᠵᠢᠨ ᠡᠷᠭᠦᠳᠡᠯ᠂ ᠨᠢᠲᠤᠯᠭ᠋ᠠᠨ᠎ᠤ ᠡᠮᠦᠨᠡᠬᠢ ᠪᠠᠶ᠋ᠢᠴᠠᠭ᠋ᠠᠯᠲᠠ᠂ ᠬᠢᠵᠢᠭ ᠪᠠᠶ᠋ᠢᠴᠠᠭ᠋ᠠᠯᠲᠠ ᠵᠡᠷᠭᠡ ᠲᠠᠯᠠᠤᠳᠤᠨ ᠲᠡᠮᠳᠡᠭᠯᠡᠯ᠎ᠢ ᠬᠠᠮᠲᠤᠳᠤᠨᠢ ᠰᠠᠶ᠋ᠢᠲᠤᠷ ᠬᠢᠬᠦ ᠬᠡᠷᠡᠭᠲᠡᠢ᠃
8.3 ᠬᠢᠵᠢᠭ ᠪᠠᠶ᠋ᠢᠴᠠᠭ᠋ᠠᠯᠲᠠ ᠵᠢᠨ ᠲᠡᠮᠳᠡᠭᠯᠡᠯ᠎ᠢ 12 ᠰᠠᠷ᠎ᠠ᠎ᠠᠴᠠ ᠳᠣᠷᠣᠭᠰᠢ ᠦᠭᠡᠢ ᠬᠠᠳᠠᠭ᠋ᠠᠯᠠᠬᠤ ᠬᠡᠷᠡᠭᠲᠡᠢ᠃