ᠲᠡᠷᠢᠭᠦᠨ ᠬᠠᠭᠤᠳᠠᠰᠤ
ᠰᠣᠨᠢᠨ ᠮᠡᠳᠡᠭᠡ
ᠢᠯᠡ ᠵᠠᠰᠠᠭ
ᠦᠢᠯᠡᠴᠢᠯᠡᠭᠡ
ᠢᠯᠡ ᠵᠠᠰᠠᠭ   -   ᠪᠢᠴᠢᠭ ᠮᠠᠲ᠋ᠧᠷᠢᠶᠠᠯ
ᠥᠪᠥᠷ ᠮᠣᠩᠭᠣᠯ᠎ᠤᠨ ᠥᠪᠡᠷᠲᠡᠭᠡᠨ ᠵᠠᠰᠠᠬᠤ ᠣᠷᠣᠨ᠎ᠤ ᠲᠠᠷᠢᠶᠠᠯᠠᠩ ᠮᠠᠯ ᠠᠵᠤ ᠠᠬᠤᠢ ᠪᠠ ᠬᠥᠳᠡᠭᠡ ᠲᠣᠰᠬᠤᠨ ᠮᠠᠯᠵᠢᠬᠤ ᠣᠷᠣᠨ᠎ᠤ ᠲᠢᠩᠬᠢᠮ᠂ ᠵᠠᠬ᠎ᠠ ᠳᠡᠯᠭᠡᠭᠦᠷ᠎ᠤᠨ ᠬᠢᠨᠠᠯᠲᠠ ᠬᠠᠮᠢᠶᠠᠷᠤᠯᠲᠠ ᠵᠢᠨ ᠲᠣᠪᠴᠢᠶ᠎ᠠ᠂ ᠠᠵᠤ ᠦᠢ᠍ᠯᠡᠳᠪᠦᠷᠢ ᠪᠠ ᠮᠡᠳᠡᠭᠡ ᠵᠠᠩᠭᠢᠴᠢᠯᠠᠯᠲᠠ ᠵᠢᠨ ᠲᠢᠩᠬᠢᠮ᠂ ᠬᠥᠭᠵᠢᠭᠦᠯᠦᠯᠲᠡ ᠪᠠ ᠥᠭᠡᠷᠡᠴᠢᠯᠡᠯᠲᠡ ᠵᠢᠨ ᠵᠥᠪᠯᠡᠯ᠂ ᠡᠳ᠋᠎ᠤᠨ ᠵᠠᠰᠠᠭ᠎ᠤᠨ ᠲᠢᠩᠬᠢᠮ᠎ᠤᠨ ᠥᠪᠥᠷ ᠮᠣᠩᠭᠣᠯ᠎ᠤᠨ ᠥᠪᠡᠷᠲᠡᠭᠡᠨ ᠵᠠᠰᠠᠬᠤ ᠣᠷᠣᠨ᠎ᠤ ᠲᠠᠷᠢᠶᠠᠯᠠᠩ ᠮᠠᠯ ᠠᠵᠤ ᠠᠬᠤᠢ ᠵᠢᠨ ᠮᠠᠰᠢᠨ᠎ᠤ ᠲᠤᠷᠰᠢᠯᠲᠠ ᠬᠢᠵᠦ ᠬᠢᠨᠠᠨ ᠲᠣᠭᠲᠠᠭ᠋ᠠᠬᠤ ᠵᠢᠴᠢ ᠰᠢᠯᠭ᠋ᠠᠨ ᠪᠠᠢ᠌ᠴᠠᠭ᠋ᠠᠵᠤ ᠬᠡᠮᠵᠢᠬᠦ ᠬᠠᠮᠢᠶᠠᠷᠤᠯᠲᠠ ᠵᠢᠨ ᠠᠵᠢᠯ᠎ᠢ ᠦᠨᠡᠨᠬᠦ ᠴᠢᠩᠭ᠋ᠠᠳᠬᠠᠬᠤ ᠲᠤᠬᠠᠢ ᠮᠡᠳᠡᠭᠳᠡᠯ
ᠨᠡᠶ᠋ᠢᠲᠡᠯᠡᠭᠰᠡᠨ ᠴᠠᠭ᠄ 2025-05-01

ᠡᠯ᠎ᠡ  ᠠᠢ᠌ᠮᠠᠭ  ᠬᠣᠲᠠ ᠵᠢᠨ  ᠲᠠᠷᠢᠶᠠᠯᠠᠩ  ᠮᠠᠯ  ᠠᠵᠤ  ᠠᠬᠤᠢ ᠵᠢᠨ  ᠲᠣᠪᠴᠢᠶ᠎ᠠ᠂ ᠵᠠᠬ᠎ᠠ  ᠳᠡᠯᠭᠡᠭᠦᠷ᠎ᠤᠨ  ᠬᠢᠨᠠᠯᠲᠠ  ᠬᠠᠮᠢᠶᠠᠷᠤᠯᠲᠠ ᠵᠢᠨ  ᠲᠣᠪᠴᠢᠶ᠎ᠠ᠂ ᠠᠵᠤ  ᠦᠢ᠍ᠯᠡᠳᠪᠦᠷᠢ  ᠪᠠ  ᠮᠡᠳᠡᠭᠡ  ᠵᠠᠩᠭᠢᠴᠢᠯᠠᠯᠲᠠ ᠵᠢᠨ  ᠲᠣᠪᠴᠢᠶ᠎ᠠ᠂ ᠬᠥᠭᠵᠢᠭᠦᠯᠦᠯᠲᠡ  ᠪᠠ  ᠥᠭᠡᠷᠡᠴᠢᠯᠡᠯᠲᠡ ᠵᠢᠨ  ᠵᠥᠪᠯᠡᠯ᠂ ᠡᠳ᠋᠎ᠤᠨ  ᠵᠠᠰᠠᠭ᠎ᠤᠨ  ᠲᠣᠪᠴᠢᠶ᠎ᠠ᠂ ᠥᠪᠡᠷᠲᠡᠭᠡᠨ  ᠵᠠᠰᠠᠬᠤ  ᠣᠷᠣᠨ᠎ᠤ  ᠲᠠᠷᠢᠶᠠᠯᠠᠩ  ᠮᠠᠯ  ᠠᠵᠤ  ᠠᠬᠤᠢ ᠵᠢᠨ  ᠮᠡᠷᠭᠡᠵᠢᠯ  ᠳᠡᠯᠭᠡᠷᠡᠭᠦᠯᠬᠦ  ᠲᠥᠪ᠎ᠲᠤ᠄

      《ᠲᠠᠷᠢᠶᠠᠯᠠᠩ  ᠬᠥᠳᠡᠭᠡ  ᠲᠣᠰᠬᠣᠨ᠎ᠤ  ᠶᠠᠮᠤᠨ᠎ᠤ  ᠠᠯᠪᠠᠨ  ᠲᠢᠩᠬᠢᠮ᠂ ᠵᠠᠬ᠎ᠠ  ᠳᠡᠯᠭᠡᠭᠦᠷ᠎ᠤᠨ  ᠬᠢᠨᠠᠯᠲᠠ  ᠬᠠᠮᠢᠶᠠᠷᠤᠯᠲᠠ ᠵᠢᠨ  ᠶᠡᠷᠦᠩᠬᠡᠢ  ᠲᠣᠪᠴᠢᠶ᠎ᠠ ᠵᠢᠨ  ᠠᠯᠪᠠᠨ  ᠲᠢᠩᠬᠢᠮ᠂ ᠠᠵᠤ  ᠦᠢ᠍ᠯᠡᠳᠪᠦᠷᠢ  ᠪᠠ  ᠮᠡᠳᠡᠭᠡ  ᠵᠠᠩᠭᠢᠴᠢᠯᠠᠯᠲᠠ ᠵᠢᠨ  ᠶᠠᠮᠤᠨ᠎ᠤ  ᠠᠯᠪᠠᠨ  ᠲᠢᠩᠬᠢᠮ᠂  ᠤᠯᠤᠰ᠎ᠤᠨ  ᠬᠥᠭᠵᠢᠭᠦᠯᠦᠯᠲᠡ  ᠥᠭᠡᠷᠡᠴᠢᠯᠡᠯᠲᠡ ᠵᠢᠨ  ᠬᠣᠷᠢᠶᠠᠨ᠎ᠤ  ᠠᠯᠪᠠᠨ  ᠲᠢᠩᠬᠢᠮ᠂  ᠡᠳ᠋᠎ᠤᠨ  ᠵᠠᠰᠠᠭ᠎ᠤᠨ  ᠶᠠᠮᠤᠨ᠎ᠤ  ᠠᠯᠪᠠᠨ  ᠲᠢᠩᠬᠢᠮ᠎ᠤᠨ  ᠲᠠᠷᠢᠶᠠᠯᠠᠩ᠎ᠤᠨ  ᠮᠠᠰᠢᠨ᠎ᠤ ᠲᠤᠷᠰᠢᠯᠲᠠ  ᠬᠢᠵᠦ  ᠬᠢᠨᠠᠨ  ᠲᠣᠭᠲᠠᠭ᠋ᠠᠬᠤ  ᠵᠢᠴᠢ  ᠰᠢᠯᠭ᠋ᠠᠨ  ᠪᠠᠢ᠌ᠴᠠᠭ᠋ᠠᠵᠤ  ᠬᠡᠮᠵᠢᠬᠦ  ᠬᠠᠮᠢᠶᠠᠷᠤᠯᠲᠠ ᠵᠢᠨ  ᠠᠵᠢᠯ᠎ᠢ  ᠤᠯᠠᠮ  ᠨᠢᠭᠡ  ᠠᠯᠬᠤᠮ  ᠴᠢᠩᠭ᠋ᠠᠳᠬᠠᠬᠤ  ᠲᠤᠬᠠᠢ  ᠮᠡᠳᠡᠭᠳᠡᠯ》 (ᠲᠠᠷᠢᠶᠠᠯᠠᠩ  ᠠᠯᠪᠠᠨ [2024] 9  ᠳ᠋ᠦ᠍ᠭᠡᠷ ᠲᠣᠭ᠋ᠠᠲᠤ)᠎ᠤᠨ  ᠱᠠᠭ᠋ᠠᠷᠳᠠᠯᠭ᠎ᠠ ᠵᠢ  ᠦᠨᠳᠦᠰᠦᠯᠡᠵᠦ᠂  ᠬᠢᠨᠠᠨ  ᠲᠣᠭᠲᠠᠭ᠋ᠠᠵᠤ  ᠰᠢᠯᠭ᠋ᠠᠨ  ᠬᠡᠮᠵᠢᠬᠦ  ᠪᠠᠢ᠌ᠭᠤᠯᠤᠮᠵᠢ ᠵᠢᠨ  ᠲᠤᠰᠬᠠᠢ  ᠮᠡᠷᠭᠡᠵᠢᠯ᠎ᠤᠨ  ᠡᠩᠨᠡᠭᠡ ᠵᠢ  ᠲᠦᠷᠭᠡᠨ  ᠪᠣᠢ᠌ᠵᠢᠭᠤᠯᠵᠤ᠂ ᠨᠥᠬᠥᠴᠡᠯ᠎ᠤᠨ  ᠪᠠᠢ᠌ᠭᠤᠯᠤᠯᠲᠠ  ᠪᠠ  ᠲᠥᠬᠦᠭᠡᠷᠦᠮᠵᠢ ᠵᠢᠨ  ᠰᠢᠨᠡᠴᠢᠯᠡᠯᠲᠡ ᠵᠢ  ᠠᠬᠢᠭᠤᠯᠵᠤ᠂ ᠬᠢᠨᠠᠨ  ᠲᠣᠭᠲᠠᠭ᠋ᠠᠵᠤ  ᠪᠠᠢ᠌ᠴᠠᠭ᠋ᠠᠨ  ᠬᠡᠮᠵᠢᠬᠦ ᠵᠢ  ᠲᠦᠷᠭᠡᠳᠬᠡᠨ᠂ ᠮᠠᠨ᠎ᠤ  ᠣᠷᠣᠨ᠎ᠤ  ᠲᠠᠷᠢᠶᠠᠯᠠᠩ᠎ᠤᠨ  ᠮᠠᠰᠢᠨ᠎ᠤ  ᠬᠢᠨᠠᠨ  ᠲᠣᠭᠲᠠᠭ᠋ᠠᠵᠤ  ᠪᠠᠢ᠌ᠴᠠᠭ᠋ᠠᠨ  ᠬᠡᠮᠵᠢᠬᠦ  ᠪᠠ  ᠬᠢᠨᠠᠯᠲᠠ  ᠲᠠᠯᠪᠢᠬᠤ  ᠴᠢᠳᠠᠪᠤᠷᠢ ᠵᠢ  ᠳᠡᠭᠡᠭᠰᠢᠯᠡᠭᠦᠯᠵᠦ᠂ ᠲᠠᠷᠢᠶᠠᠯᠠᠩ᠎ᠤᠨ  ᠮᠠᠰᠢᠨ  ᠬᠤᠳᠠᠯᠳᠤᠨ  ᠠᠪᠬᠤ  ᠪᠠ  ᠬᠡᠷᠡᠭᠯᠡᠬᠦ᠎ᠳᠤ  ᠨᠥᠬᠥᠪᠦᠷᠢ  ᠥᠭᠬᠦ  ᠲᠥᠷᠥ ᠵᠢᠨ  ᠪᠣᠳᠣᠯᠭ᠎ᠠ ᠵᠢᠨ  ᠬᠡᠷᠡᠭᠵᠢᠭᠦᠯᠦᠯᠲᠡ ᠵᠢ  ᠨᠠᠩ  ᠰᠠᠢ᠌ᠲᠤᠷ  ᠲᠤᠯᠭ᠋ᠠᠭᠤᠷᠢᠯᠠᠵᠤ᠂ ᠢᠯᠠᠩᠭᠤᠶ᠎ᠠ 《ᠮᠠᠰᠢᠨ᠎ᠢ  ᠰᠢᠯᠢᠳᠡᠭᠴᠢᠯᠡᠨ  ᠨᠥᠬᠥᠪᠦᠷᠢᠯᠡᠬᠦ》 《ᠣᠷᠣᠭᠤᠯᠬᠤ᠎ᠲᠠᠢ  ᠭᠠᠷᠭ᠋ᠠᠬᠤ᠎ᠲᠠᠢ》 ᠵᠢᠴᠢ  ᠲᠠᠷᠢᠶᠠᠯᠠᠩ᠎ᠤᠨ  ᠮᠠᠰᠢᠨ᠎ᠢ  ᠬᠡᠷᠡᠭᠯᠡᠭᠡᠨ᠎ᠠᠴᠠ  ᠭᠠᠷᠭ᠋ᠠᠵᠤ  ᠰᠢᠨᠡᠳᠬᠡᠬᠦ  ᠠᠵᠢᠯ᠎ᠢ  ᠨᠠᠩ  ᠰᠠᠢ᠌ᠲᠤᠷ  ᠳᠡᠮᠵᠢᠵᠦ᠂ ᠲᠠᠷᠢᠶᠠᠯᠠᠩ᠎ᠤᠨ  ᠮᠠᠰᠢᠨᠴᠢᠯᠠᠯᠲᠠ ᠵᠢᠨ  ᠬᠥᠭᠵᠢᠯᠲᠡ ᠵᠢ  ᠴᠢᠨᠠᠷ  ᠰᠠᠢ᠌ᠲᠠᠢ  ᠪᠥᠭᠡᠳ  ᠥᠨᠳᠥᠷ  ᠦᠷ᠎ᠡ  ᠪᠦᠲᠦᠮᠵᠢᠲᠡᠶ᠎ᠪᠠᠷ  ᠲᠦᠯᠬᠢᠨ  ᠠᠬᠢᠭᠤᠯᠬᠤ ᠵᠢᠨ  ᠲᠤᠰᠠᠳᠠ  ᠡᠳᠦᠭᠡ  ᠬᠣᠯᠪᠣᠭᠳᠠᠯ  ᠪᠦᠬᠦᠢ  ᠠᠵᠢᠯ᠎ᠢ  ᠳᠣᠣᠷᠠᠬᠢ  ᠮᠡᠲᠦ  ᠮᠡᠳᠡᠭᠳᠡᠶ᠎ᠡ᠃ 

      ᠨᠢᠭᠡ᠂  ᠲᠠᠷᠢᠶᠠᠯᠠᠩ ᠎ᠤᠨ  ᠮᠠᠰᠢᠨ ᠎ᠢ  ᠬᠢᠨᠠᠨ  ᠲᠣᠭᠲᠠᠭ᠋ᠠᠵᠤ  ᠪᠠᠢ᠌ᠴᠠᠭ᠋ᠠᠨ  ᠬᠡᠮᠵᠢᠬᠦ  ᠬᠠᠮᠢᠶᠠᠷᠤᠯᠲᠠ ᠵᠢ  ᠴᠢᠩᠭ᠋ᠠᠳᠬᠠᠬᠤ  ᠬᠡᠷᠡᠭᠲᠡᠢ 

      ᠬᠢᠷᠢ  ᠬᠡᠮ᠎ᠲᠠᠢ  ᠨᠡᠢ᠌ᠭᠡᠮ᠎ᠤᠨ  ᠪᠠᠢ᠌ᠭᠤᠯᠤᠮᠵᠢ ᠵᠢᠨ  ᠲᠠᠷᠢᠶᠠᠯᠠᠩ᠎ᠤᠨ  ᠮᠠᠰᠢᠨ᠎ᠤ  ᠬᠢᠨᠠᠨ  ᠲᠣᠭᠲᠠᠭ᠋ᠠᠵᠤ  ᠪᠠᠢ᠌ᠴᠠᠭ᠋ᠠᠨ  ᠬᠡᠮᠵᠢᠬᠦ  ᠲᠤᠬᠠᠢ᠌ᠯᠠᠭᠰᠠᠨ  ᠠᠵᠢᠯ (ᠶᠡᠷᠦᠩᠬᠡᠢ᠌ᠯᠡᠭᠰᠡᠨ ᠨᠡᠷᠡᠢ᠌ᠳᠦᠯ ᠎ᠨᠢ᠄ ᠬᠢᠨᠠᠨ  ᠲᠣᠭᠲᠠᠭ᠋ᠠᠵᠤ  ᠪᠠᠢ᠌ᠴᠠᠭ᠋ᠠᠨ  ᠬᠡᠮᠵᠢᠬᠦ  ᠪᠠᠢ᠌ᠭᠤᠯᠤᠮᠵᠢ) ᠡᠭᠦᠷᠭᠡᠯᠡᠬᠦ᠎ᠪᠠᠷ  ᠭᠤᠶᠤᠴᠢᠯᠠᠬᠤ ᠵᠢ  ᠵᠣᠷᠢᠭᠵᠢᠭᠤᠯᠤᠨ᠎ᠠ᠃ ᠨᠢᠭᠡ᠎ᠳᠤ  ᠵᠣᠬᠢᠶᠠᠨ  ᠪᠠᠢ᠌ᠭᠤᠯᠤᠯᠲᠠ ᠵᠢᠨ  ᠤᠳᠤᠷᠢᠳᠤᠯᠭ᠎ᠠ᠎ᠪᠠᠨ  ᠴᠢᠩᠭ᠋ᠠᠳᠬᠠᠵᠤ᠂ ᠬᠣᠯᠪᠣᠭᠳᠠᠯ  ᠪᠦᠬᠦᠢ  ᠰᠠᠯᠠᠭ᠎ᠠ  ᠮᠥᠴᠢᠷ᠎ᠤᠳ  ᠲᠤᠯᠭ᠋ᠠᠭᠤᠷᠢᠯᠠᠯ᠎ᠤᠨ  ᠪᠠᠲᠤᠯᠠᠭ᠎ᠠ᠎ᠪᠠᠨ  ᠴᠢᠩᠭ᠋ᠠᠳᠬᠠᠵᠤ᠂ ᠬᠢᠨᠠᠨ  ᠲᠣᠭᠲᠠᠭ᠋ᠠᠵᠤ  ᠪᠠᠢ᠌ᠴᠠᠭ᠋ᠠᠨ  ᠬᠡᠮᠵᠢᠬᠦ  ᠪᠠᠢ᠌ᠭᠤᠯᠤᠮᠵᠢ ᠵᠢᠨ  ᠲᠤᠬᠠᠢ᠌ᠯᠠᠭᠰᠠᠨ  ᠠᠵᠢᠯ  ᠥᠷᠨᠢᠭᠦᠯᠬᠦ ᠵᠢ  ᠢᠳᠡᠪᠬᠢᠲᠡᠢ  ᠳᠡᠮᠵᠢᠵᠦ᠂ ᠬᠢᠨᠠᠨ  ᠲᠣᠭᠲᠠᠭ᠋ᠠᠵᠤ  ᠪᠠᠢ᠌ᠴᠠᠭ᠋ᠠᠨ  ᠬᠡᠮᠵᠢᠬᠦ  ᠪᠠᠢ᠌ᠭᠤᠯᠤᠮᠵᠢ ᠵᠢᠨ  ᠴᠢᠨᠠᠷ  ᠰᠠᠢ᠌ᠲᠠᠢ  ᠥᠨᠳᠥᠷ  ᠦᠷ᠎ᠡ  ᠪᠦᠲᠦᠮᠵᠢᠲᠡᠶ  ᠠᠵᠢᠯᠯᠠᠬᠤ ᠵᠢ  ᠦᠨᠡᠨᠬᠦ  ᠪᠠᠲᠤᠯᠠᠬᠤ  ᠬᠡᠷᠡᠭᠲᠡᠢ᠃ ᠬᠣᠶᠠᠷ᠎ᠲᠤ  ᠬᠢᠨᠠᠨ  ᠲᠣᠭᠲᠠᠭ᠋ᠠᠵᠤ  ᠪᠠᠢ᠌ᠴᠠᠭ᠋ᠠᠨ  ᠬᠡᠮᠵᠢᠬᠦ  ᠪᠠᠢ᠌ᠭᠤᠯᠤᠮᠵᠢ ᠎ᠨᠢ  ᠬᠣᠯᠪᠣᠭᠳᠠᠯ  ᠪᠦᠬᠦᠢ  ᠬᠠᠤᠯᠢ  ᠴᠠᠭ᠋ᠠᠵᠠ  ᠬᠠᠤᠯᠢ  ᠲᠣᠭᠲᠠᠭ᠋ᠠᠯ᠎ᠤᠨ  ᠠᠵᠢᠯ᠎ᠢ  ᠦᠨᠳᠦᠰᠦᠯᠡᠨ᠂ ᠲᠤᠰᠬᠠᠢ  ᠮᠡᠷᠭᠡᠵᠢᠯ᠎ᠤᠨ  ᠠᠵᠢᠯᠲᠠᠨ᠎ᠢ  ᠬᠥᠮᠥᠵᠢᠭᠦᠯᠬᠦ ᠵᠢ  ᠴᠢᠩᠭ᠋ᠠᠳᠬᠠᠵᠤ᠂ ᠬᠠᠲᠠᠭᠤ  ᠲᠤᠨᠤᠭ᠎ᠤᠨ  ᠪᠦᠲᠦᠭᠡᠨ  ᠪᠠᠢ᠌ᠭᠤᠯᠤᠯᠲᠠ ᠵᠢ  ᠪᠠᠲᠤᠯᠠᠨ᠂ ᠬᠢᠨᠠᠨ  ᠲᠣᠭᠲᠠᠭ᠋ᠠᠵᠤ  ᠪᠠᠢ᠌ᠴᠠᠭ᠋ᠠᠨ  ᠬᠡᠮᠵᠢᠬᠦ  ᠴᠢᠳᠠᠪᠤᠷᠢ ᠵᠢ  ᠳᠡᠭᠡᠭᠰᠢᠯᠡᠭᠦᠯᠵᠦ᠂ ᠵᠣᠬᠢᠶᠠᠨ  ᠪᠠᠢ᠌ᠭᠤᠯᠤᠯᠲᠠ ᠵᠢ  ᠴᠢᠩᠭ᠋ᠠᠳᠬᠠᠨ᠂ ᠪᠠᠢ᠌ᠴᠠᠭ᠋ᠠᠨ  ᠬᠡᠮᠵᠢᠬᠦ ᠵᠢ  ᠵᠢᠷᠤᠮᠵᠢᠭᠤᠯᠵᠤ᠂ ᠠᠬᠢᠴᠠ ᠎ᠨᠢ  ᠲᠦᠷᠭᠡᠨ  ᠪᠠᠢ᠌ᠬᠤ ᠵᠢ  ᠦᠨᠡᠨᠬᠦ  ᠪᠠᠲᠤᠯᠠᠬᠤ ᠬᠡᠷᠡᠭᠲᠡᠢ᠃  ᠭᠤᠷᠪᠠ᠎ᠳᠤ  ᠬᠢᠨᠠᠨ  ᠲᠣᠭᠲᠠᠭ᠋ᠠᠵᠤ  ᠪᠠᠢ᠌ᠴᠠᠭ᠋ᠠᠨ  ᠬᠡᠮᠵᠢᠬᠦ  ᠪᠠᠢ᠌ᠭᠤᠯᠤᠮᠵᠢ ᠎ᠨᠢ  ᠵᠢᠯ  ᠪᠦᠷᠢ ᠵᠢᠨ  ᠵᠢᠯ᠎ᠤᠨ  ᠡᠬᠢᠨ᠎ᠳᠤ  ᠲᠤᠷᠰᠢᠯᠲᠠ  ᠬᠢᠵᠦ  ᠬᠢᠨᠠᠨ  ᠲᠣᠭᠲᠠᠭ᠋ᠠᠵᠤ  ᠪᠠᠢ᠌ᠴᠠᠭ᠋ᠠᠨ  ᠬᠡᠮᠵᠢᠬᠦ  ᠪᠦᠲᠦᠭᠡᠭᠳᠡᠬᠦᠨ᠎ᠤ  ᠲᠥᠷᠥᠯ  ᠵᠦᠢ᠍ᠯ᠎ᠤᠨ  ᠵᠦᠭᠯᠡᠭᠦᠷ᠎ᠢ  ᠳᠤᠷᠠᠳᠤᠨ  ᠭᠠᠷᠭ᠋ᠠᠵᠤ᠂ ᠥᠪᠡᠷᠲᠡᠭᠡᠨ  ᠵᠠᠰᠠᠬᠤ  ᠣᠷᠣᠨ᠎ᠤ  ᠲᠠᠷᠢᠶᠠᠯᠠᠩ  ᠮᠠᠯ  ᠠᠵᠤ  ᠠᠬᠤᠢ  ᠪᠠ ᠬᠥᠳᠡᠭᠡ ᠲᠣᠰᠬᠤᠨ ᠮᠠᠯᠵᠢᠬᠤ ᠣᠷᠣᠨ᠎ᠤ ᠲᠢᠩᠬᠢᠮ ᠵᠶ᠋ᠡᠷ  ᠬᠢᠨᠠᠨ  ᠵᠥᠪᠰᠢᠶᠡᠷᠡᠭᠦᠯᠬᠦ ᠵᠢᠨ  ᠬᠠᠮᠲᠤ  ᠡᠷᠬᠡ  ᠣᠯᠭᠣᠭᠰᠠᠨ᠎ᠤ  ᠳᠠᠷᠠᠭ᠎ᠠ  ᠨᠡᠢ᠌ᠲᠡᠯᠡᠵᠦ᠂ ᠠᠵᠤ  ᠠᠬᠤᠢ᠌ᠯᠠᠯ᠎ᠤᠨ  ᠰᠠᠢ᠌ᠨ  ᠳᠤᠷ᠎ᠠ ᠎ᠠᠴᠠ᠎ᠪᠠᠨ  ᠬᠢᠨᠠᠨ  ᠲᠣᠭᠲᠠᠭ᠋ᠠᠯᠭ᠋ᠠᠬᠤ᠎ᠪᠠᠷ  ᠭᠤᠶᠤᠴᠢᠯᠠᠭᠰᠠᠨ  ᠪᠦᠲᠦᠭᠡᠭᠳᠡᠬᠦᠨ᠎ᠳᠤ  ᠪᠠᠢ᠌ᠴᠠᠭ᠋ᠠᠨ  ᠰᠢᠯᠭ᠋ᠠᠵᠤ  ᠬᠢᠨᠠᠨ  ᠲᠣᠭᠲᠠᠭ᠋ᠠᠯᠲᠠ  ᠬᠢᠵᠦ᠂ ᠲᠠᠷᠢᠶᠠᠯᠠᠩ᠎ᠤᠨ  ᠮᠠᠰᠢᠨ᠎ᠤ  ᠲᠤᠷᠰᠢᠯᠲᠠ ᠵᠢᠨ  ᠬᠢᠨᠠᠨ  ᠲᠣᠭᠲᠠᠭ᠋ᠠᠭᠰᠠᠨ  ᠦᠨᠡᠮᠯᠡᠯ  ᠣᠯᠭᠣᠨ᠎ᠠ᠃ ᠳᠥᠷᠪᠡ᠎ᠳᠤ  ᠬᠢᠨᠠᠨ  ᠲᠣᠭᠲᠠᠭ᠋ᠠᠵᠤ  ᠪᠠᠢ᠌ᠴᠠᠭ᠋ᠠᠨ  ᠬᠡᠮᠵᠢᠬᠦ  ᠪᠠᠢ᠌ᠭᠤᠯᠤᠮᠵᠢ᠎ᠨᠤᠭᠤᠳ  ᠲᠣᠰ  ᠪᠡᠶ᠎ᠡ ᠵᠢᠨ  ᠬᠢᠨᠠᠨ  ᠬᠠᠮᠢᠶᠠᠷᠬᠤ  ᠲᠣᠭᠲᠠᠴᠠ  ᠪᠠ  ᠳᠣᠲᠣᠭ᠋ᠠᠳᠤ  ᠡᠵᠡᠮᠳᠡᠯ᠎ᠤᠨ  ᠳᠦᠷᠢᠮ᠎ᠢ  ᠪᠠᠢ᠌ᠭᠤᠯᠤᠨ  ᠪᠦᠷᠢᠨᠰᠢᠭᠦᠯᠵᠦ᠂ ᠪᠥᠬᠥ  ᠶᠠᠪᠤᠴᠠ ᠵᠢᠨ  ᠳᠣᠲᠣᠭ᠋ᠠᠳᠤ  ᠡᠵᠡᠮᠳᠡᠯ᠎ᠤᠨ  ᠬᠠᠮᠢᠶᠠᠷᠤᠯᠲᠠ ᠵᠢ  ᠴᠢᠩᠭ᠋ᠠᠳᠬᠠᠨ᠂ ᠳᠦᠷᠢᠮ᠎ᠤᠨ  ᠨᠠᠢ᠌ᠳᠠᠪᠤᠷᠢᠵᠢᠭᠤᠯᠤᠯᠲᠠ  ᠪᠠ  ᠬᠠᠮᠢᠶᠠᠷᠤᠯᠲᠠ ᠵᠢᠨ  ᠬᠠᠷᠢᠭᠤᠴᠠᠯᠭ᠎ᠠ ᠵᠢ  ᠴᠢᠩᠭ᠎ᠠ  ᠠᠳᠬᠤᠵᠤ᠂ ᠬᠠᠮᠢᠶ᠎ᠠ  ᠪᠦᠬᠦᠢ  ᠳᠦᠷᠢᠮ᠂ ᠬᠠᠮᠢᠶ᠎ᠠ  ᠪᠦᠬᠦᠢ  ᠠᠵᠢᠯᠯᠠᠬᠤ  ᠳᠦᠷᠢᠮ  ᠵᠢᠴᠢ  ᠠᠷᠭ᠎ᠠ ᠵᠢ  ᠥᠪᠡᠷᠲᠡᠭᠡᠨ  ᠵᠠᠰᠠᠬᠤ  ᠣᠷᠣᠨ᠎ᠤ  ᠲᠠᠷᠢᠶᠠᠯᠠᠩ  ᠮᠠᠯ  ᠠᠵᠤ  ᠠᠬᠤᠢ  ᠪᠠ ᠬᠥᠳᠡᠭᠡ ᠲᠣᠰᠬᠤᠨ ᠮᠠᠯᠵᠢᠬᠤ ᠣᠷᠣᠨ᠎ᠤ ᠲᠢᠩᠬᠢᠮ᠎ᠳᠤ  ᠮᠡᠳᠡᠭᠦᠯᠦᠨ  ᠳᠠᠩᠰᠠᠯᠠᠭᠤᠯᠬᠤ  ᠬᠡᠷᠡᠭᠲᠡᠢ᠃ ᠲᠠᠪᠤ᠎ᠳᠤ᠂  ᠬᠢᠨᠠᠯᠲᠠ  ᠲᠠᠯᠪᠢᠵᠤ  ᠬᠢᠨᠠᠨ  ᠬᠠᠮᠢᠶᠠᠷᠬᠤ  ᠡᠭᠦᠷᠭᠡ  ᠬᠠᠷᠢᠭᠤᠴᠠᠯᠭ᠎ᠠ᠎ᠪᠠᠨ  ᠪᠠᠳᠠᠷᠠᠭᠤᠯᠵᠤ᠂  ᠬᠠᠤᠯᠢ  ᠶᠣᠰᠣᠭ᠋ᠠᠷ  ᠲᠤᠰᠢᠶᠠᠯ  ᠬᠠᠷᠢᠭᠤᠴᠠᠯᠭ᠎ᠠ᠎ᠪᠠᠨ  ᠭᠦᠢ᠍ᠴᠡᠳᠬᠡᠭᠰᠡᠨ  ᠦᠭᠡᠢ  ᠵᠢᠴᠢ  ᠰᠠᠬᠢᠯᠭ᠎ᠠ  ᠪᠠᠲᠤ ᠵᠢ  ᠵᠥᠷᠢᠴᠡᠵᠦ  ᠬᠠᠤᠯᠢ  ᠲᠣᠭᠲᠠᠭ᠋ᠠᠯ᠎ᠢ  ᠵᠥᠷᠢᠴᠡᠭᠰᠡᠨ  ᠬᠢᠨᠠᠨ  ᠲᠣᠭᠲᠠᠭ᠋ᠠᠵᠤ  ᠪᠠᠢ᠌ᠴᠠᠭ᠋ᠠᠨ  ᠬᠡᠮᠵᠢᠬᠦ  ᠠᠵᠢᠯᠯᠠᠭ᠎ᠠ  ᠪᠠ  ᠠᠵᠢᠯᠲᠠᠨ᠎ᠢ  ᠲᠣᠭᠲᠠᠭ᠋ᠠᠯ  ᠶᠣᠰᠣᠭ᠋ᠠᠷ  ᠴᠢᠩᠭ᠎ᠠ  ᠪᠠᠢ᠌ᠴᠠᠭ᠋ᠠᠬᠤ ᠬᠡᠷᠡᠭᠲᠡᠢ᠃  ᠵᠢᠷᠭᠤᠭ᠎ᠠ᠎ᠳᠤ  ᠮᠡᠳᠡᠭᠦᠯᠬᠦ  ᠳᠦᠷᠢᠮ᠎ᠢ  ᠬᠡᠷᠡᠭᠵᠢᠭᠦᠯᠵᠦ᠂ ᠬᠢᠨᠠᠨ  ᠲᠣᠭᠲᠠᠭ᠋ᠠᠵᠤ  ᠪᠠᠢ᠌ᠴᠠᠭ᠋ᠠᠨ  ᠬᠡᠮᠵᠢᠬᠦ  ᠪᠠᠢ᠌ᠭᠤᠯᠤᠮᠵᠢ ᠎ᠨᠢ  ᠬᠢᠨᠠᠨ  ᠲᠣᠭᠲᠠᠭ᠋ᠠᠵᠤ  ᠪᠠᠢ᠌ᠴᠠᠭ᠋ᠠᠨ  ᠬᠡᠮᠵᠢᠭᠰᠡᠨ  ᠪᠠᠢ᠌ᠳᠠᠯ ᠵᠶ᠋ᠠᠨ  ᠲᠣᠭᠲᠠᠮᠠᠯ  ᠪᠤᠰᠤ  ᠬᠤᠭᠤᠴᠠᠭ᠎ᠠ᠎ᠲᠠᠢ᠎ᠪᠠᠷ  ᠪᠢᠴᠢᠭᠯᠡᠭᠰᠡᠨ  ᠮᠠᠲ᠋ᠧᠷᠢᠶᠠᠯ  ᠪᠣᠯᠭ᠋ᠠᠬᠤ  ᠵᠢᠴᠢ  ᠳᠠᠭ᠋ᠠᠯᠳᠤᠭᠤᠯᠤᠭᠰᠠᠨ  ᠬᠦᠰᠦᠨᠦᠭᠲᠦ ᠵᠢ  ᠬᠠᠮᠲᠤ ᠎ᠳᠤᠨᠢ  ᠥᠪᠡᠷᠲᠡᠭᠡᠨ  ᠵᠠᠰᠠᠬᠤ  ᠣᠷᠣᠨ᠎ᠤ  ᠲᠠᠷᠢᠶᠠᠯᠠᠩ  ᠮᠠᠯ  ᠠᠵᠤ  ᠠᠬᠤᠢ  ᠪᠠ ᠬᠥᠳᠡᠭᠡ ᠲᠣᠰᠬᠤᠨ ᠮᠠᠯᠵᠢᠬᠤ ᠣᠷᠣᠨ᠎ᠤ ᠲᠢᠩᠬᠢᠮ᠎ᠳᠤ  ᠮᠡᠳᠡᠭᠦᠯᠦᠨ᠎ᠡ᠃

      ᠬᠣᠶᠠᠷ᠂  ᠲᠠᠷᠢᠶᠠᠯᠠᠩ᠎ᠤᠨ  ᠮᠠᠰᠢᠨ᠎ᠢ  ᠬᠢᠨᠠᠨ  ᠲᠣᠭᠲᠠᠭ᠋ᠠᠬᠤ  ᠬᠥᠲᠥᠯᠪᠦᠷᠢ  ᠪᠣᠯᠣᠨ  ᠪᠠᠷᠢᠮᠵᠢᠶ᠎ᠠ ᠵᠢ  ᠲᠣᠭᠲᠠᠭ᠋ᠠᠬᠤ  ᠪᠠ  ᠵᠠᠰᠠᠪᠤᠷᠢ  ᠣᠷᠣᠭᠤᠯᠬᠤ ᠵᠢ  ᠲᠦᠷᠭᠡᠳᠬᠡᠬᠦ  ᠬᠡᠷᠡᠭᠲᠡᠢ 

      ᠡᠯ᠎ᠡ  ᠱᠠᠲᠤᠨ᠎ᠤ  ᠲᠠᠷᠢᠶᠠᠯᠠᠩ  ᠮᠠᠯ  ᠠᠵᠤ  ᠠᠬᠤᠢ ᠵᠢᠨ  ᠰᠠᠯᠠᠭ᠎ᠠ  ᠮᠥᠴᠢᠷ᠂  ᠲᠠᠷᠢᠶᠠᠯᠠᠩ  ᠮᠠᠯ  ᠠᠵᠤ  ᠠᠬᠤᠢ ᠵᠢᠨ  ᠮᠠᠰᠢᠨ ᠎ᠤ  ᠪᠠᠷᠢᠮᠵᠢᠶᠠᠵᠢᠭᠤᠯᠬᠤ  ᠮᠡᠷᠭᠡᠵᠢᠯ᠎ᠤᠨ  ᠵᠥᠪᠯᠡᠯ᠎ᠨᠢ  ᠵᠠᠬ᠎ᠠ  ᠳᠡᠯᠭᠡᠭᠦᠷ᠎ᠤᠨ  ᠬᠢᠨᠠᠯᠲᠠ  ᠬᠠᠮᠢᠶᠠᠷᠤᠯᠲᠠ ᠵᠢᠨ  ᠰᠠᠯᠠᠭ᠎ᠠ  ᠮᠥᠴᠢᠷ ᠎ᠯᠦᠭᠡ  ᠵᠣᠬᠢᠴᠠᠯᠳᠤᠨ  ᠬᠠᠮᠵᠢᠯᠴᠠᠬᠤ᠎ᠪᠠᠨ  ᠴᠢᠩᠭ᠋ᠠᠳᠬᠠᠵᠤ᠂  ᠲᠠᠷᠢᠶᠠᠯᠠᠩ ᠎ᠤᠨ  ᠮᠠᠰᠢᠨ᠎ᠢ  ᠬᠢᠨᠠᠨ  ᠲᠣᠭᠲᠠᠭ᠋ᠠᠬᠤ  ᠬᠥᠲᠥᠯᠪᠦᠷᠢ  ᠵᠢᠴᠢ  ᠬᠠᠮᠢᠶ᠎ᠠ  ᠪᠦᠬᠦᠢ  ᠪᠠᠷᠢᠮᠵᠢᠶ᠎ᠠ ᠵᠢ  ᠲᠣᠭᠲᠠᠭ᠋ᠠᠬᠤ  ᠪᠠ  ᠵᠠᠰᠠᠪᠤᠷᠢ  ᠣᠷᠣᠭᠤᠯᠬᠤ  ᠠᠵᠢᠯ᠎ᠢ  ᠬᠦᠴᠦᠯᠡᠨ  ᠰᠠᠢ᠌ᠲᠤᠷ  ᠬᠢᠬᠦ  ᠬᠡᠷᠡᠭᠲᠡᠢ᠃  ᠨᠢᠭᠡ᠎ᠳᠤ  ᠣᠷᠣᠨ  ᠪᠦᠰᠡ ᠵᠢᠨ  ᠣᠨᠴᠠᠯᠢᠭ  ᠪᠠ  ᠲᠠᠷᠢᠶᠠᠯᠠᠩ᠎ᠤᠨ  ᠮᠠᠰᠢᠨ  ᠲᠣᠨᠣᠭᠯᠠᠯ᠎ᠤᠨ  ᠳᠤᠲᠠᠭᠤᠳᠠᠯ᠎ᠢ  ᠨᠥᠬᠥᠪᠦᠷᠢᠯᠡᠬᠦ  ᠲᠠᠷᠢᠶᠠᠯᠠᠩ᠎ᠤᠨ  ᠮᠠᠰᠢᠨ  ᠪᠠᠭ᠋ᠠᠵᠢ ᠵᠢᠨ  ᠲᠤᠰᠬᠠᠢ  ᠬᠢᠨᠠᠨ  ᠲᠣᠭᠲᠠᠭ᠋ᠠᠯᠲᠠ ᠵᠢᠨ  ᠬᠥᠲᠥᠯᠪᠦᠷᠢ  ᠪᠠ  ᠬᠣᠯᠪᠣᠭᠳᠠᠯ  ᠪᠦᠬᠦᠢ  ᠪᠠᠷᠢᠮᠵᠢᠶ᠎ᠠ ᠵᠢ  ᠲᠣᠭᠲᠠᠭ᠋ᠠᠬᠤ ᠵᠢ  ᠲᠦᠷᠭᠡᠳᠬᠡᠬᠦ ᠬᠡᠷᠡᠭᠲᠡᠢ᠃ ᠦᠯᠢᠭᠡᠷ  ᠮᠠᠰᠢᠨ᠎ᠢ  ᠡᠭᠦᠳᠦᠨ  ᠪᠦᠲᠦᠭᠡᠵᠦ  ᠳᠠᠭᠤᠰᠬᠠᠬᠤ  ᠱᠠᠲᠤᠨ᠎ᠳᠤ  ᠬᠢᠨᠠᠨ  ᠲᠣᠭᠲᠠᠭ᠋ᠠᠬᠤ  ᠬᠥᠲᠥᠯᠪᠦᠷᠢ  ᠪᠠ  ᠬᠣᠯᠪᠣᠭᠳᠠᠯ  ᠪᠦᠬᠦᠢ  ᠪᠠᠷᠢᠮᠵᠢᠶ᠎ᠠ ᠵᠢ  ᠲᠣᠭᠲᠠᠭ᠋ᠠᠬᠤ  ᠪᠠ  ᠵᠠᠰᠠᠪᠤᠷᠢ  ᠣᠷᠣᠭᠤᠯᠬᠤ  ᠠᠵᠢᠯ᠎ᠢ  ᠡᠬᠢᠯᠡᠭᠦᠯᠵᠦ  ᠪᠣᠯᠣᠨ᠎ᠠ᠃  ᠲᠠᠷᠢᠶᠠᠯᠠᠩ᠎ᠤᠨ  ᠮᠠᠰᠢᠨ᠎ᠢ  ᠳᠡᠯᠭᠡᠷᠡᠭᠦᠯᠬᠦ  ᠪᠠᠢ᠌ᠭᠤᠯᠤᠮᠵᠢ᠂ ᠶᠡᠬᠡ  ᠳᠡᠭᠡᠳᠦ  ᠰᠤᠷᠭ᠋ᠠᠭᠤᠯᠢ᠂ ᠰᠢᠨᠵᠢᠯᠡᠬᠦ  ᠤᠬᠠᠭ᠋ᠠᠨ᠎ᠤ  ᠰᠤᠳᠤᠯᠭ᠋ᠠᠨ᠎ᠤ  ᠬᠦᠷᠢᠶᠡᠯᠡᠩ  ᠭᠠᠵᠠᠷ᠂ ᠦᠢ᠍ᠯᠡᠳᠪᠦᠷᠢᠯᠡᠯ᠎ᠤᠨ  ᠠᠵᠤ  ᠠᠬᠤᠢ᠌ᠯᠠᠯ᠎ᠤᠨ  ᠰᠤᠳᠤᠯᠤᠨ  ᠨᠡᠭᠡᠭᠡᠬᠦ  ᠪᠦᠯᠬᠦᠮ  ᠨᠡᠶ᠋ᠢᠲᠡ  ᠵᠢᠴᠢ  ᠲᠥᠯᠥᠭᠡᠯᠡᠬᠦ  ᠴᠢᠨᠠᠷᠲᠠᠢ  ᠲᠠᠷᠢᠶᠠᠯᠠᠩ᠎ᠤᠨ  ᠮᠠᠰᠢᠨ ᠵᠶ᠋ᠠᠷ  ᠠᠵᠢᠯᠯᠠᠬᠤ  ᠵᠣᠬᠢᠶᠠᠨ  ᠪᠠᠢ᠌ᠭᠤᠯᠤᠯᠲᠠ  ᠵᠡᠷᠭᠡ  ᠬᠦᠴᠦᠨ᠎ᠤ  ᠦᠢ᠍ᠯᠡᠳᠦᠯ᠎ᠢ  ᠰᠠᠢ᠌ᠲᠤᠷ  ᠪᠠᠳᠠᠷᠠᠭᠤᠯᠬᠤ ᠵᠢ  ᠵᠢᠯᠣᠭᠣᠳᠤᠨ  ᠰᠠᠢ᠌ᠲᠤᠷ  ᠪᠠᠳᠠᠷᠠᠭᠤᠯᠵᠤ᠂ ᠬᠠᠮᠢᠶ᠎ᠠ  ᠪᠦᠬᠦᠢ  ᠬᠥᠲᠥᠯᠪᠦᠷᠢ  ᠪᠠ  ᠪᠠᠷᠢᠮᠵᠢᠶ᠎ᠠ  ᠲᠣᠭᠲᠠᠭ᠋ᠠᠬᠤ  ᠠᠵᠢᠯ᠎ᠳᠤ  ᠣᠷᠣᠯᠴᠠᠬᠤ ᠵᠢᠨ  ᠥᠷᠭᠡᠨ  ᠳᠡᠯᠭᠡᠷ  ᠴᠢᠨᠠᠷ᠎ᠢ  ᠳᠡᠭᠡᠭᠰᠢᠯᠡᠭᠦᠯᠬᠦ  ᠬᠡᠷᠡᠭᠲᠡᠢ᠃ ᠬᠢᠨᠠᠨ  ᠲᠣᠭᠲᠠᠭ᠋ᠠᠵᠤ  ᠪᠠᠢ᠌ᠴᠠᠭ᠋ᠠᠨ  ᠬᠡᠮᠵᠢᠬᠦ  ᠪᠠᠢ᠌ᠭᠤᠯᠤᠮᠵᠢ᠎ᠨᠤᠭᠤᠳ  ᠰᠢᠨ᠎ᠡ ᠵᠢ  ᠡᠭᠦᠳᠬᠦ  ᠦᠢ᠍ᠯᠡᠳᠬᠦᠨ᠎ᠤ  ᠪᠣᠯᠪᠠᠰᠤᠷᠠᠩᠭᠤᠢ  ᠬᠡᠯᠪᠡᠷᠢ ᠵᠢ  ᠵᠡᠷᠭᠡ ᠎ᠳᠤᠨᠢ  ᠳᠠᠭ᠋ᠠᠵᠤ᠂ ᠬᠢᠨᠠᠨ  ᠲᠣᠭᠲᠠᠭ᠋ᠠᠬᠤ  ᠲᠣᠭᠲᠠᠴᠠ ᠵᠢᠨ  ᠰᠢᠨ᠎ᠡ ᠵᠢ  ᠡᠭᠦᠳᠴᠦ᠂ ᠲᠡᠷᠢᠭᠦᠨ᠎ᠤ  ᠪᠥᠭᠡᠳ  ᠬᠡᠷᠡᠭᠯᠡᠭᠡᠨ᠎ᠤ  ᠳᠤᠲᠠᠭᠤᠳᠠᠯ᠎ᠤᠨ  ᠰᠢᠨ᠎ᠡ ᠵᠢ  ᠡᠭᠦᠳᠬᠦ  ᠮᠠᠰᠢᠨ  ᠪᠠᠭ᠋ᠠᠵᠢ ᠵᠢ  ᠰᠤᠳᠤᠯᠤᠨ  ᠨᠡᠭᠡᠭᠡᠵᠦ  ᠦᠢ᠍ᠯᠡᠳᠬᠦ᠂ ᠪᠣᠯᠪᠠᠰᠤᠷᠠᠩᠭᠤᠢ  ᠬᠡᠯᠪᠡᠷᠢ ᠵᠢ  ᠲᠣᠭᠲᠠᠭ᠋ᠠᠬᠤ  ᠪᠠ  ᠳᠡᠯᠭᠡᠷᠡᠭᠦᠯᠦᠨ  ᠬᠡᠷᠡᠭᠯᠡᠬᠦ ᠵᠢ  ᠲᠦᠷᠭᠡᠳᠬᠡᠬᠦ᠎ᠳᠤ  ᠬᠦᠴᠦ  ᠨᠡᠮᠡᠷᠢᠯᠡᠬᠦ  ᠬᠡᠷᠡᠭᠲᠡᠢ᠃ ᠬᠣᠶᠠᠷ᠎ᠲᠤ  ᠲᠤᠰᠬᠠᠢ  ᠬᠢᠨᠠᠨ  ᠲᠣᠭᠲᠠᠭ᠋ᠠᠯᠲᠠ ᠵᠢᠨ  ᠬᠥᠲᠥᠯᠪᠦᠷᠢ  ᠪᠠ  ᠬᠣᠯᠪᠣᠭᠳᠠᠯ  ᠪᠦᠬᠦᠢ  ᠪᠠᠷᠢᠮᠵᠢᠶ᠎ᠠ᠎ᠳᠤ  ᠴᠠᠭ  ᠲᠤᠬᠠᠢ ᠎ᠳᠤᠨᠢ  ᠵᠠᠰᠠᠪᠤᠷᠢ  ᠣᠷᠣᠭᠤᠯᠬᠤ ᠬᠡᠷᠡᠭᠲᠡᠢ᠃  ᠬᠣᠯᠪᠣᠭᠳᠠᠯ  ᠪᠦᠬᠦᠢ  ᠲᠠᠯ᠎ᠠ ᠵᠢᠨ ᠎ᠬᠢᠨ᠎ᠤ  ᠰᠠᠨᠠᠯ᠎ᠢ  ᠥᠷᠭᠡᠨ ᠵᠶ᠋ᠡᠷ  ᠰᠣᠨᠣᠰᠴᠤ᠂ ᠠᠵᠢᠯ  ᠲᠥᠷᠥᠯ᠎ᠤᠨ  ᠮᠡᠷᠭᠡᠵᠢᠯ᠎ᠤᠨ  ᠲᠠᠰ  ᠳᠡᠪᠰᠢᠬᠦ ᠵᠢ  ᠳᠠᠪᠬᠤᠴᠠᠭᠤᠯᠤᠨ  ᠣᠷᠣᠯᠠᠭᠤᠯᠬᠤ  ᠪᠠᠢ᠌ᠳᠠᠯ᠎ᠢ  ᠪᠥᠬᠥ  ᠲᠠᠯ᠎ᠠ᠎ᠪᠠᠷ  ᠳᠠᠭ᠋ᠠᠵᠤ᠂ ᠲᠤᠰᠬᠠᠢ  ᠬᠢᠨᠠᠨ  ᠲᠣᠭᠲᠠᠭ᠋ᠠᠯᠲᠠ ᠵᠢᠨ  ᠬᠥᠲᠥᠯᠪᠦᠷᠢ  ᠪᠠ  ᠬᠠᠮᠢᠶ᠎ᠠ  ᠪᠦᠬᠦᠢ  ᠪᠠᠷᠢᠮᠵᠢᠶ᠎ᠠ ᠵᠢ  ᠲᠣᠭᠲᠠᠭ᠋ᠠᠬᠤ  ᠪᠠ  ᠵᠠᠰᠠᠪᠤᠷᠢ  ᠣᠷᠣᠭᠤᠯᠬᠤ  ᠭᠤᠶᠤᠴᠢᠯᠠᠯ᠎ᠤᠨ  ᠠᠷᠭ᠎ᠠ  ᠵᠠᠮ᠎ᠢ  ᠰᠠᠭ᠋ᠠᠳ  ᠦᠭᠡᠢ  ᠨᠠᠪᠲᠠᠷᠡᠭᠦᠯᠵᠦ᠂ ᠨᠢᠭᠡᠨᠲᠡ  ᠮᠡᠷᠭᠡᠵᠢᠯ᠎ᠤᠨ  ᠬᠥᠭᠵᠢᠯᠲᠡ᠎ᠳᠤ  ᠵᠣᠬᠢᠴᠠᠬᠤ  ᠦᠭᠡᠢ  ᠪᠣᠯᠤᠭᠰᠠᠨ  ᠬᠥᠲᠥᠯᠪᠦᠷᠢ  ᠪᠠ  ᠪᠠᠷᠢᠮᠵᠢᠶ᠎ᠠ᠎ᠳᠤ  ᠴᠠᠭ  ᠲᠤᠬᠠᠢ ᠎ᠳᠤᠨᠢ  ᠵᠠᠰᠠᠪᠤᠷᠢ  ᠣᠷᠣᠭᠤᠯᠬᠤ᠂ ᠬᠦᠴᠦᠨ  ᠦᠭᠡᠢ  ᠪᠣᠯᠭ᠋ᠠᠬᠤ  ᠪᠤᠶᠤ  ᠰᠢᠨᠡᠳᠬᠡᠬᠦ᠎ᠪᠠᠷ  ᠳᠤᠷᠠᠳᠬᠤ  ᠬᠡᠷᠡᠭᠲᠡᠢ᠃ ᠥᠪᠡᠷᠲᠡᠭᠡᠨ  ᠵᠠᠰᠠᠬᠤ  ᠣᠷᠣᠨ᠎ᠤ  ᠲᠠᠷᠢᠶᠠᠯᠠᠩ  ᠮᠠᠯ  ᠠᠵᠤ  ᠠᠬᠤᠢ ᠵᠢᠨ  ᠮᠡᠷᠭᠡᠵᠢᠯ  ᠳᠡᠯᠭᠡᠷᠡᠭᠦᠯᠬᠦ  ᠲᠥᠪ ᠎ᠨᠢ  ᠬᠢᠨᠠᠨ  ᠲᠣᠭᠲᠠᠭ᠋ᠠᠬᠤ  ᠬᠥᠲᠥᠯᠪᠦᠷᠢ  ᠪᠠ  ᠬᠠᠮᠢᠶ᠎ᠠ  ᠪᠦᠬᠦᠢ  ᠪᠠᠷᠢᠮᠵᠢᠶ᠎ᠠ ᠵᠢ  ᠬᠡᠷᠡᠭᠵᠢᠭᠦᠯᠵᠦ  ᠦᠨᠡᠯᠡᠨ  ᠵᠢᠱ᠌ᠢᠬᠦ  ᠠᠵᠢᠯ᠎ᠢ  ᠰᠠᠨᠠᠭ᠋ᠠᠴᠢᠯᠠᠭ᠎ᠠ ᠎ᠠᠴᠠ᠎ᠪᠠᠨ  ᠥᠷᠨᠢᠭᠦᠯᠬᠦ  ᠬᠡᠷᠡᠭᠲᠡᠢ᠃ ᠭᠤᠷᠪᠠ᠎ᠳᠤ  ᠲᠤᠰᠬᠠᠢ  ᠬᠢᠨᠠᠨ  ᠲᠣᠭᠲᠠᠭ᠋ᠠᠯᠲᠠ ᠵᠢᠨ  ᠬᠥᠲᠥᠯᠪᠦᠷᠢ  ᠪᠠ  ᠬᠣᠯᠪᠣᠭᠳᠠᠯ  ᠪᠦᠬᠦᠢ  ᠪᠠᠷᠢᠮᠵᠢᠶ᠎ᠠ ᠵᠢ  ᠲᠣᠭᠲᠠᠭ᠋ᠠᠵᠤ  ᠵᠠᠰᠠᠪᠤᠷᠢ  ᠣᠷᠣᠭᠤᠯᠬᠤ  ᠶᠠᠰᠤ  ᠴᠢᠨᠠᠷ᠎ᠤᠨ  ᠪᠣᠭᠣᠮᠲᠠ ᠵᠢ  ᠴᠢᠩᠭ᠎ᠠ  ᠠᠳᠬᠤᠬᠤ ᠬᠡᠷᠡᠭᠲᠡᠢ᠃  ᠲᠠᠷᠢᠶᠠᠯᠠᠩ᠎ᠤᠨ  ᠮᠠᠰᠢᠨ᠎ᠤ  ᠲᠤᠰᠬᠠᠢ  ᠬᠢᠨᠠᠨ  ᠲᠣᠭᠲᠠᠭ᠋ᠠᠯᠲᠠ ᠵᠢᠨ  ᠬᠥᠲᠥᠯᠪᠦᠷᠢ  ᠪᠣᠯᠣᠨ  ᠪᠠᠷᠢᠮᠵᠢᠶ᠎ᠠ ᠵᠢ  ᠲᠣᠭᠲᠠᠭ᠋ᠠᠬᠤ  ᠪᠠ  ᠵᠠᠰᠠᠪᠤᠷᠢ  ᠣᠷᠣᠭᠤᠯᠬᠤ  ᠠᠵᠢᠯ᠎ᠤᠨ  ᠬᠠᠮᠢᠶ᠎ᠠ  ᠪᠦᠬᠦᠢ  ᠱᠠᠭ᠋ᠠᠷᠳᠠᠯᠭ᠎ᠠ  ᠶᠣᠰᠣᠭ᠋ᠠᠷ᠂ ᠲᠤᠰᠬᠠᠢ  ᠬᠢᠨᠠᠨ  ᠲᠣᠭᠲᠠᠭ᠋ᠠᠯᠲᠠ ᠵᠢᠨ  ᠬᠥᠲᠥᠯᠪᠦᠷᠢ  ᠪᠠ  ᠬᠠᠮᠢᠶ᠎ᠠ  ᠪᠦᠬᠦᠢ  ᠪᠠᠷᠢᠮᠵᠢᠶ᠎ᠠ ᠵᠢ  ᠲᠣᠭᠲᠠᠭ᠋ᠠᠬᠤ  ᠪᠠ  ᠵᠠᠰᠠᠪᠤᠷᠢ  ᠣᠷᠣᠭᠤᠯᠬᠤ ᠵᠢᠨ  ᠤᠷᠢᠳᠴᠢᠯᠠᠨ  ᠬᠢᠨᠠᠬᠤ᠂ ᠶᠠᠪᠤᠴᠠ ᠵᠢᠨ  ᠬᠠᠮᠢᠶᠠᠷᠤᠯᠲᠠ  ᠪᠠ  ᠲᠤᠬᠠᠢ᠌ᠯᠠᠭᠰᠠᠨ  ᠠᠵᠢᠯ᠎ᠤᠨ  ᠵᠢᠯᠣᠭᠣᠳᠤᠯᠭ᠎ᠠ ᠵᠢ  ᠴᠢᠩᠭ᠋ᠠᠳᠬᠠᠵᠤ᠂ ᠦᠢ᠍ᠯᠡᠳᠪᠦᠷᠢᠯᠡᠯ᠎ᠤᠨ  ᠠᠵᠤ  ᠠᠬᠤᠢ᠌ᠯᠠᠯ᠂ ᠰᠢᠨᠵᠢᠯᠡᠬᠦ  ᠤᠬᠠᠭ᠋ᠠᠨ᠎ᠤ  ᠰᠤᠳᠤᠯᠤᠯ᠎ᠤᠨ  ᠬᠦᠷᠢᠶᠡᠯᠡᠩ  ᠭᠠᠵᠠᠷ᠂ ᠶᠡᠬᠡ  ᠳᠡᠭᠡᠳᠦ  ᠰᠤᠷᠭ᠋ᠠᠭᠤᠯᠢ᠂ ᠠᠵᠢᠯ  ᠲᠥᠷᠥᠯ᠎ᠤᠨ  ᠨᠡᠢ᠌ᠭᠡᠮᠯᠢᠭ  ᠵᠢᠴᠢ  ᠦᠨᠳᠦᠰᠦᠨ  ᠱᠠᠲᠤᠨ᠎ᠤ  ᠳᠡᠯᠭᠡᠷᠡᠭᠦᠯᠬᠦ  ᠠᠵᠢᠯᠲᠠᠨ᠎ᠤ  ᠲᠣᠭᠲᠠᠭ᠋ᠠᠬᠤ  ᠪᠠ  ᠵᠠᠰᠠᠪᠤᠷᠢ  ᠣᠷᠣᠭᠤᠯᠬᠤ  ᠠᠵᠢᠯ᠎ᠳᠤ  ᠰᠢᠭᠤᠳ  ᠣᠷᠣᠯᠴᠠᠬᠤ ᠵᠢ  ᠵᠣᠷᠢᠭᠵᠢᠭᠤᠯᠬᠤ ᠵᠢᠨ  ᠬᠠᠮᠲᠤ᠂ ᠲᠤᠷᠰᠢᠯᠲᠠ  ᠬᠢᠵᠦ  ᠰᠢᠯᠭ᠋ᠠᠨ  ᠪᠠᠲᠤᠯᠠᠬᠤ  ᠪᠠ  ᠬᠠᠮᠢᠶ᠎ᠠ  ᠪᠦᠬᠦᠢ  ᠭᠦᠢ᠍ᠴᠡᠳᠬᠡᠯ  ᠲᠣᠭ᠎ᠠ ᠵᠢᠨ  ᠠᠭᠤᠯᠭ᠎ᠠ ᠵᠢ  ᠲᠠᠢ᠌ᠯᠪᠤᠷᠢᠯᠠᠨ  ᠲᠠᠢ᠌ᠯᠪᠤᠷᠢᠯᠠᠬᠤ ᠵᠢ  ᠴᠢᠩᠭ᠋ᠠᠳᠬᠠᠵᠤ᠂ ᠬᠡᠷᠡᠭᠵᠢᠭᠦᠯᠬᠦ  ᠦᠷ᠎ᠡ  ᠪᠦᠲᠦᠮᠵᠢ ᠵᠢ  ᠳᠡᠭᠡᠭᠰᠢᠯᠡᠭᠦᠯᠦᠨ᠎ᠡ᠃ ᠬᠢᠨᠠᠨ  ᠲᠣᠭᠲᠠᠭ᠋ᠠᠬᠤ  ᠬᠥᠲᠥᠯᠪᠦᠷᠢ  ᠪᠠ  ᠬᠠᠮᠢᠶ᠎ᠠ  ᠪᠦᠬᠦᠢ  ᠪᠠᠷᠢᠮᠵᠢᠶ᠎ᠠ ᠵᠢ  ᠲᠣᠭᠲᠠᠭ᠋ᠠᠵᠤ  ᠵᠠᠰᠠᠪᠤᠷᠢ  ᠣᠷᠣᠭᠤᠯᠬᠤ ᠵᠢ  ᠡᠭᠦᠷᠭᠡᠯᠡᠬᠦ  ᠵᠣᠬᠢᠶᠠᠨ  ᠪᠠᠢ᠌ᠭᠤᠯᠤᠯᠲᠠ ᠵᠢᠨ  ᠪᠠᠢ᠌ᠭᠤᠯᠤᠮᠵᠢ ᠎ᠨᠢ  ᠵᠢᠯ᠎ᠤᠨ  ᠡᠴᠦᠰ  ᠪᠣᠯᠬᠤ  ᠪᠦᠷᠢ  ᠥᠪᠡᠷᠲᠡᠭᠡᠨ  ᠵᠠᠰᠠᠬᠤ  ᠣᠷᠣᠨ᠎ᠤ  ᠲᠠᠷᠢᠶᠠᠯᠠᠩ ᠮᠠᠯ ᠠᠵᠤ ᠠᠬᠤᠢ ᠪᠠ ᠬᠥᠳᠡᠭᠡ ᠲᠣᠰᠬᠤᠨ ᠮᠠᠯᠵᠢᠬᠤ ᠣᠷᠣᠨ᠎ᠤ ᠲᠢᠩᠬᠢᠮ᠎ᠳᠤ  ᠪᠥᠬᠥ  ᠵᠢᠯ᠎ᠤᠨ  ᠠᠵᠢᠯ᠎ᠤᠨ  ᠪᠠᠢ᠌ᠳᠠᠯ ᠵᠶ᠋ᠠᠨ  ᠪᠢᠴᠢᠭ ᠵᠶ᠋ᠡᠷ  ᠮᠡᠳᠡᠭᠦᠯᠬᠦ  ᠬᠡᠷᠡᠭᠲᠡᠢ᠃

      ᠭᠤᠷᠪᠠ᠂  ᠲᠠᠷᠢᠶᠠᠯᠠᠩ᠎ᠤᠨ  ᠮᠠᠰᠢᠨ᠎ᠤ  ᠬᠢᠨᠠᠨ  ᠲᠣᠭᠲᠠᠭ᠋ᠠᠵᠤ  ᠪᠠᠢ᠌ᠴᠠᠭ᠋ᠠᠨ  ᠬᠡᠮᠵᠢᠬᠦ  ᠪᠥᠬᠥ  ᠶᠠᠪᠤᠴᠠ ᠵᠢᠨ  ᠬᠠᠮᠢᠶᠠᠷᠤᠯᠲᠠ ᠎ᠶᠢ  ᠴᠢᠩᠭ᠋ᠠᠳᠬᠠᠬᠤ  ᠬᠡᠷᠡᠭᠲᠡᠢ 

      ᠡᠯ᠎ᠡ  ᠠᠢ᠌ᠮᠠᠭ  ᠬᠤᠳᠠ ᠵᠢᠨ  ᠲᠠᠷᠢᠶᠠᠯᠠᠩ  ᠮᠠᠯ  ᠠᠵᠤ  ᠠᠬᠤᠢ ᠵᠢᠨ  ᠰᠠᠯᠠᠭ᠎ᠠ  ᠮᠥᠴᠢᠷ ᠎ᠤᠳ  ᠵᠠᠬ᠎ᠠ  ᠳᠡᠯᠭᠡᠭᠦᠷ᠎ᠤᠨ  ᠬᠢᠨᠠᠯᠲᠠ  ᠬᠠᠮᠢᠶᠠᠷᠤᠯᠲᠠ ᠵᠢᠨ  ᠲᠣᠪᠴᠢᠶ᠎ᠠ᠎ᠲᠠᠢ  ᠬᠠᠮᠲᠤᠷᠠᠨ  ᠲᠠᠷᠢᠶᠠᠯᠠᠩ᠎ᠤᠨ  ᠮᠠᠰᠢᠨ᠎ᠢ  ᠬᠢᠨᠠᠨ  ᠲᠣᠭᠲᠠᠭ᠋ᠠᠵᠤ  ᠪᠠᠢ᠌ᠴᠠᠭ᠋ᠠᠨ  ᠬᠡᠮᠵᠢᠬᠦ  ᠬᠡᠷᠡᠭ᠎ᠤᠨ  ᠡᠮᠦᠨᠡᠬᠢ  ᠤᠴᠢᠷ  ᠶᠠᠪᠤᠳᠠᠯ᠎ᠤᠨ  ᠳᠤᠮᠳᠠᠬᠢ  ᠪᠠ  ᠬᠣᠢ᠌ᠨᠠᠬᠢ  ᠤᠴᠢᠷ  ᠶᠠᠪᠤᠳᠠᠯ᠎ᠤᠨ  ᠬᠠᠮᠢᠶᠠᠷᠤᠯᠲᠠ ᠵᠢᠨ  ᠲᠣᠭᠲᠠᠴᠠ ᠵᠢ  ᠪᠠᠢ᠌ᠭᠤᠯᠤᠨ  ᠲᠡᠭᠦᠯᠳᠡᠷᠵᠢᠭᠦᠯᠬᠦ  ᠬᠡᠷᠡᠭᠲᠡᠢ᠃  ᠨᠢᠭᠡ᠎ᠳᠤ᠂ ᠬᠡᠷᠡᠭ᠎ᠤᠨ  ᠡᠮᠦᠨ᠎ᠡ  ᠬᠢᠨᠠᠨ  ᠬᠠᠷᠭᠤᠭᠤᠯᠬᠤ ᠵᠢ  ᠨᠠᠢ᠌ᠳᠠᠪᠤᠷᠢᠵᠢᠭᠤᠯᠤᠨ᠎ᠠ᠃ ᠠᠵᠤ  ᠠᠬᠤᠢ᠌ᠯᠠᠯ ᠎ᠤᠨ  ᠡᠵᠡᠩᠨᠡᠯᠲᠡ ᠵᠢᠨ  ᠦᠨᠡᠮᠯᠡᠯ᠂  ᠬᠠᠤᠯᠢ ᠵᠢᠨ  ᠡᠷᠬᠡᠲᠡᠨ᠂  ᠰᠤᠳᠤᠯᠤᠨ  ᠨᠡᠭᠡᠭᠡᠬᠦ  ᠮᠡᠷᠭᠡᠵᠢᠯ᠂  ᠦᠢ᠍ᠯᠡᠳᠪᠦᠷᠢᠯᠡᠬᠦ  ᠠᠵᠢᠯᠴᠢᠨ᠂  ᠦᠢ᠍ᠯᠡᠳᠪᠦᠷᠢᠯᠡᠬᠦ  ᠦᠢ᠍ᠯᠡᠳᠪᠦᠷᠢ ᠵᠢᠨ  ᠲᠡᠰᠦᠬ᠂  ᠠᠯᠪᠠᠯᠠᠬᠤ  ᠪᠠ  ᠦᠢ᠍ᠯᠡᠳᠪᠦᠷᠢ ᠵᠢᠨ  ᠲᠡᠰᠦᠬ᠂  ᠦᠢ᠍ᠯᠡᠳᠬᠦᠨ  ᠰᠤᠳᠤᠯᠤᠨ  ᠨᠡᠭᠡᠭᠡᠬᠦ᠂  ᠤᠢ᠌ᠯᠢᠭᠡᠷ  ᠮᠠᠰᠢᠨ  ᠦᠢ᠍ᠯᠡᠳᠪᠦᠷᠢᠯᠡᠬᠦ  ᠪᠠ  ᠮᠠᠰᠢᠨ  ᠪᠠᠭ᠋ᠠᠵᠢ ᠵᠢᠨ  ᠲᠤᠷᠰᠢᠯᠲᠠ  ᠬᠢᠬᠦ  ᠵᠡᠷᠭᠡ  ᠪᠠᠢ᠌ᠳᠠᠯ  ᠵᠡᠷᠭᠡ ᠵᠢ  ᠬᠣᠯᠪᠣᠭᠳᠠᠯ  ᠪᠦᠬᠦᠢ  ᠬᠦᠴᠦᠨ᠎ᠳᠤ  ᠨᠠᠢ᠌ᠳᠠᠵᠤ  ᠬᠢᠨᠠᠨ  ᠬᠠᠷᠭᠤᠭᠤᠯᠵᠤ᠂  ᠶᠡᠷᠦ  ᠪᠤᠰᠤ ᠵᠢᠨ  ᠪᠠᠢ᠌ᠳᠠᠯ ᠎ᠢ  ᠥᠪᠡᠷᠲᠡᠭᠡᠨ  ᠵᠠᠰᠠᠬᠤ  ᠣᠷᠣᠨ᠎ᠤ  ᠲᠠᠷᠢᠶᠠᠯᠠᠩ ᠮᠠᠯ ᠠᠵᠤ ᠠᠬᠤᠢ ᠪᠠ ᠬᠥᠳᠡᠭᠡ ᠲᠣᠰᠬᠤᠨ ᠮᠠᠯᠵᠢᠬᠤ ᠣᠷᠣᠨ᠎ᠤ ᠲᠢᠩᠬᠢᠮ᠂  ᠠᠵᠤ  ᠦᠢ᠍ᠯᠡᠳᠪᠦᠷᠢ  ᠮᠡᠳᠡᠭᠡ  ᠵᠠᠩᠭᠢᠴᠢᠯᠠᠯᠲᠠ  ᠵᠢᠨ  ᠲᠢᠩᠬᠢᠮ ᠎ᠳᠤ  ᠴᠠᠭ  ᠲᠤᠬᠠᠢ ᠎ᠳᠤᠨᠢ  ᠬᠠᠷᠢᠭᠤ  ᠲᠤᠰᠬᠠᠬᠤ  ᠬᠡᠷᠡᠭᠲᠡᠢ᠃  ᠬᠣᠶᠠᠷ᠎ᠲᠤ  ᠬᠢᠨᠠᠨ  ᠲᠣᠭᠲᠠᠭ᠋ᠠᠵᠤ  ᠪᠠᠢ᠌ᠴᠠᠭ᠋ᠠᠨ  ᠰᠢᠯᠭ᠋ᠠᠬᠤ  ᠠᠵᠢᠯ᠎ᠢ  ᠥᠷᠨᠢᠭᠦᠯᠦᠨ᠎ᠡ᠃  ᠬᠢᠨᠠᠨ  ᠲᠣᠭᠲᠠᠭ᠋ᠠᠵᠤ  ᠪᠠᠢ᠌ᠴᠠᠭ᠋ᠠᠨ  ᠬᠡᠮᠵᠢᠬᠦ  ᠪᠠᠢ᠌ᠭᠤᠯᠤᠮᠵᠢ ᠎ᠨᠢ  ᠬᠢᠨᠠᠨ  ᠲᠣᠭᠲᠠᠭ᠋ᠠᠬᠤ  ᠲᠤᠬᠠᠢ᠌ᠯᠠᠭᠰᠠᠨ  ᠠᠵᠢᠯ᠎ᠤᠨ  ᠭᠤᠶᠤᠴᠢᠯᠠᠯ᠎ᠢ  ᠣᠯᠣᠭᠰᠠᠨ᠎ᠤ  ᠳᠠᠷᠠᠭ᠎ᠠ᠂ ᠠᠵᠤ  ᠠᠬᠤᠢ᠌ᠯᠠᠯ᠎ᠤᠨ  ᠭᠤᠶᠤᠴᠢᠯᠠᠭᠰᠠᠨ  ᠪᠠᠢ᠌ᠳᠠᠯ  ᠪᠠ  ᠦᠨᠡᠮᠯᠡᠯ  ᠣᠯᠭᠣᠭᠰᠠᠨ  ᠦᠷ᠎ᠡ  ᠳ᠋ᠦᠩ ᠵᠶ᠋ᠡᠨ  ᠴᠠᠭ  ᠲᠤᠬᠠᠢ ᠎ᠳᠤᠨᠢ  ᠥᠪᠡᠷᠲᠡᠭᠡᠨ  ᠵᠠᠰᠠᠬᠤ  ᠣᠷᠣᠨ᠎ᠤ  ᠲᠠᠷᠢᠶᠠᠯᠠᠩ ᠮᠠᠯ ᠠᠵᠤ ᠠᠬᠤᠢ ᠪᠠ ᠬᠥᠳᠡᠭᠡ ᠲᠣᠰᠬᠤᠨ ᠮᠠᠯᠵᠢᠬᠤ ᠣᠷᠣᠨ᠎ᠤ ᠲᠢᠩᠬᠢᠮ᠎ᠳᠤ  ᠮᠡᠳᠡᠭᠦᠯᠬᠦ  ᠬᠡᠷᠡᠭᠲᠡᠢ᠃ ᠬᠠᠷᠢᠭᠤ  ᠲᠤᠰᠬᠠᠬᠤ᠎ᠳᠤ  ᠬᠡᠪ᠎ᠤᠨ  ᠪᠤᠰᠤ  ᠪᠠᠢ᠌ᠳᠠᠯ  ᠢᠯᠡᠷᠡᠭᠰᠡᠨ  ᠪᠠᠢ᠌ᠪᠠᠯ᠂  ᠬᠢᠨᠠᠨ  ᠲᠣᠭᠲᠠᠭ᠋ᠠᠵᠤ  ᠰᠢᠯᠭ᠋ᠠᠨ  ᠬᠡᠮᠵᠢᠬᠦ  ᠪᠠᠢ᠌ᠭᠤᠯᠤᠮᠵᠢ᠎ᠠᠴᠠ  ᠴᠠᠭ  ᠲᠤᠬᠠᠢ ᠎ᠳᠤᠨᠢ  ᠬᠦᠯᠢᠶᠡᠨ  ᠠᠪᠴᠤ  ᠰᠢᠢ᠍ᠳᠪᠦᠷᠢᠯᠡᠬᠦ  ᠦᠭᠡᠢ  ᠪᠤᠶᠤ  ᠬᠢᠨᠠᠨ  ᠲᠣᠭᠲᠠᠭ᠋ᠠᠯᠲᠠ ᠵᠢ  ᠳᠠᠭᠤᠰᠬᠠᠬᠤ  ᠰᠢᠢ᠍ᠳᠪᠦᠷᠢᠯᠡᠯᠲᠡ  ᠭᠠᠷᠭ᠋ᠠᠨ᠎ᠠ᠃  ᠥᠪᠡᠷᠲᠡᠭᠡᠨ  ᠵᠠᠰᠠᠬᠤ  ᠣᠷᠣᠨ᠎ᠤ  ᠲᠠᠷᠢᠶᠠᠯᠠᠩ ᠮᠠᠯ ᠠᠵᠤ ᠠᠬᠤᠢ ᠪᠠ ᠬᠥᠳᠡᠭᠡ ᠲᠣᠰᠬᠤᠨ ᠮᠠᠯᠵᠢᠬᠤ ᠣᠷᠣᠨ᠎ᠤ ᠲᠢᠩᠬᠢᠮ᠎ᠨᠢ  ᠬᠠᠮᠢᠶ᠎ᠠ  ᠪᠦᠬᠦᠢ  ᠮᠤᠵᠢ  ᠬᠤᠳᠠ  ᠣᠷᠣᠨ᠎ᠤ  ᠲᠠᠷᠢᠶᠠᠯᠠᠩ᠎ᠤᠨ  ᠮᠠᠰᠢᠨ᠎ᠤ  ᠭᠣᠣᠯᠴᠢᠯᠠᠨ  ᠬᠠᠮᠢᠶᠠᠷᠬᠤ  ᠰᠠᠯᠠᠭ᠎ᠠ  ᠮᠥᠴᠢᠷ᠎ᠤᠨ  ᠬᠡᠷᠡᠭᠴᠡᠭᠡ  ᠱᠠᠭ᠋ᠠᠷᠳᠠᠯᠭ᠎ᠠ ᠵᠢ  ᠦᠨᠳᠦᠰᠦᠯᠡᠨ᠂  ᠪᠠᠢ᠌ᠳᠠᠯ᠎ᠢ  ᠴᠠᠭ  ᠲᠤᠬᠠᠢ ᠎ᠳᠤᠨᠢ  ᠬᠠᠷᠢᠭᠤ  ᠲᠤᠰᠬᠠᠬᠤ  ᠬᠡᠷᠡᠭᠲᠡᠢ᠃  ᠥᠪᠡᠷᠲᠡᠭᠡᠨ  ᠵᠠᠰᠠᠬᠤ  ᠣᠷᠣᠨ᠎ᠤ  ᠬᠢᠨᠠᠨ  ᠲᠣᠭᠲᠠᠭ᠋ᠠᠵᠤ  ᠪᠠᠢ᠌ᠴᠠᠭ᠋ᠠᠨ  ᠬᠡᠮᠵᠢᠬᠦ  ᠪᠠᠢ᠌ᠭᠤᠯᠤᠮᠵᠢ ᠎ᠨᠢ  ᠭᠠᠳᠠᠷ  ᠮᠤᠵᠢ  ᠣᠷᠣᠨ  ᠬᠣᠲᠠ ᠵᠢᠨ  ᠠᠵᠤ  ᠠᠬᠤᠢ᠌ᠯᠠᠯ᠎ᠤᠨ  ᠦᠢ᠍ᠯᠡᠳᠬᠦᠨ᠎ᠢ  ᠬᠢᠨᠠᠨ  ᠲᠣᠭᠲᠠᠭ᠋ᠠᠯᠭ᠋ᠠᠬᠤ  ᠭᠤᠶᠤᠴᠢᠯᠠᠯ᠎ᠢ  ᠭᠥᠯᠢᠶᠡᠨ  ᠠᠪᠴᠤ  ᠰᠢᠢ᠍ᠳᠪᠦᠷᠢᠯᠡᠭᠰᠡᠨ  ᠪᠠᠢ᠌ᠪᠠᠯ᠂ ᠠᠵᠤ  ᠠᠬᠤᠢ᠌ᠯᠠᠯ᠎ᠤᠨ  ᠬᠡᠪ᠎ᠤᠨ  ᠪᠤᠰᠤ  ᠪᠠᠢ᠌ᠳᠠᠯ᠎ᠢ  ᠬᠢᠨᠠᠨ  ᠬᠠᠷᠭᠤᠭᠤᠯᠬᠤ  ᠬᠡᠷᠡᠭᠴᠡᠭᠡ  ᠱᠠᠭ᠋ᠠᠷᠳᠠᠯᠭ᠎ᠠ᠎ᠲᠠᠢ  ᠪᠠᠢ᠌ᠪᠠᠯ᠂ ᠥᠪᠡᠷᠲᠡᠭᠡᠨ  ᠵᠠᠰᠠᠬᠤ  ᠣᠷᠣᠨ᠎ᠤ  ᠲᠠᠷᠢᠶᠠᠯᠠᠩ ᠮᠠᠯ ᠠᠵᠤ ᠠᠬᠤᠢ ᠪᠠ ᠬᠥᠳᠡᠭᠡ ᠲᠣᠰᠬᠤᠨ ᠮᠠᠯᠵᠢᠬᠤ ᠣᠷᠣᠨ᠎ᠤ ᠲᠢᠩᠬᠢᠮ ᠵᠶ᠋ᠡᠷ  ᠳᠠᠮᠵᠢᠭᠤᠯᠤᠨ  ᠬᠠᠮᠢᠶ᠎ᠠ  ᠪᠦᠬᠦᠢ  ᠮᠤᠵᠢ  ᠣᠷᠣᠨ  ᠬᠣᠲᠠ᠎ᠳᠤ  ᠬᠠᠮᠵᠢᠯᠴᠠᠨ  ᠪᠠᠢ᠌ᠴᠠᠭ᠋ᠠᠬᠤ  ᠵᠠᠬᠢᠳᠠᠯ  ᠶᠠᠪᠤᠭᠤᠯᠬᠤ  ᠬᠡᠷᠡᠭᠲᠡᠢ᠃ ᠭᠤᠷᠪᠠ᠎ᠳᠤ  ᠠᠵᠢᠯ  ᠶᠠᠪᠤᠳᠠᠯ᠎ᠤᠨ  ᠳᠤᠮᠳᠠᠬᠢ  ᠬᠢᠨᠠᠯᠲᠠ  ᠬᠠᠮᠢᠶᠠᠷᠤᠯᠲᠠ ᠵᠢ  ᠨᠠᠢ᠌ᠳᠠᠪᠤᠷᠢᠵᠢᠭᠤᠯᠤᠨ᠎ᠠ᠃  ᠬᠢᠨᠠᠨ  ᠲᠣᠭᠲᠠᠭ᠋ᠠᠵᠤ  ᠪᠠᠢ᠌ᠴᠠᠭ᠋ᠠᠨ  ᠬᠡᠮᠵᠢᠬᠦ  ᠪᠠᠢ᠌ᠭᠤᠯᠤᠮᠵᠢ᠎ᠨᠤᠭᠤᠳ  ᠥᠪᠡᠷ᠎ᠢ᠎ᠪᠠᠨ  ᠬᠢᠨᠠᠨ  ᠬᠠᠮᠢᠶᠠᠷᠬᠤ  ᠴᠢᠳᠠᠪᠤᠷᠢ᠎ᠪᠠᠨ  ᠴᠢᠩᠭ᠋ᠠᠳᠬᠠᠵᠤ᠂ ᠳᠦᠷᠢᠮ ᠵᠶ᠋ᠡᠨ  ᠲᠡᠭᠦᠯᠳᠡᠷᠵᠢᠭᠦᠯᠬᠦ  ᠬᠡᠷᠡᠭᠲᠡᠢ᠃ ᠡᠯ᠎ᠡ  ᠱᠠᠲᠤᠨ᠎ᠤ  ᠲᠠᠷᠢᠶᠠᠯᠠᠩ  ᠮᠠᠯ  ᠠᠵᠤ  ᠠᠬᠤᠢ ᠵᠢᠨ  ᠰᠠᠯᠠᠭ᠎ᠠ  ᠮᠥᠴᠢᠷ᠎ᠤᠳ  ᠵᠠᠬ᠎ᠠ  ᠳᠡᠯᠭᠡᠭᠦᠷ᠎ᠤᠨ  ᠬᠢᠨᠠᠯᠲᠠ  ᠬᠠᠮᠢᠶᠠᠷᠤᠯᠲᠠ ᠵᠢᠨ  ᠲᠣᠪᠴᠢᠶ᠎ᠠ᠂ ᠠᠵᠤ  ᠦᠢ᠍ᠯᠡᠳᠪᠦᠷᠢ  ᠮᠡᠳᠡᠭᠡ  ᠵᠠᠩᠭᠢᠴᠢᠯᠠᠯᠲᠠ  ᠵᠢᠨ  ᠰᠠᠯᠠᠭ᠎ᠠ  ᠮᠥᠴᠢᠷ ᠎ᠯᠦᠭᠡ  ᠬᠠᠮᠲᠤᠷᠠᠨ  ᠬᠥᠳᠡᠯᠦᠯᠴᠡᠬᠦ  ᠲᠣᠭᠲᠠᠴᠠ ᠵᠢ  ᠪᠠᠢ᠌ᠭᠤᠯᠵᠤ᠂ ᠬᠢᠨᠠᠨ  ᠲᠣᠭᠲᠠᠭ᠋ᠠᠵᠤ  ᠪᠠᠢ᠌ᠴᠠᠭ᠋ᠠᠨ  ᠬᠡᠮᠵᠢᠬᠦ  ᠪᠠᠢ᠌ᠭᠤᠯᠤᠮᠵᠢ ᠵᠢᠨ  ᠪᠠᠢ᠌ᠩᠭᠤᠵᠢᠭᠰᠠᠨ  ᠪᠠᠢ᠌ᠳᠠᠯ᠎ᠳᠤ  ᠪᠠᠢ᠌ᠴᠠᠭ᠋ᠠᠨ  ᠰᠤᠳᠤᠯᠤᠯᠲᠠ  ᠬᠢᠵᠦ  ᠵᠢᠯᠤᠭᠣᠳᠬᠤ  ᠪᠤᠶᠤ  ᠬᠢᠨᠠᠯᠲᠠ  ᠲᠠᠯᠪᠢᠵᠤ  ᠪᠠᠢ᠌ᠴᠠᠭ᠋ᠠᠬᠤ ᠵᠢ  ᠥᠷᠨᠢᠭᠦᠯᠵᠦ᠂ ᠠᠰᠠᠭᠤᠳᠠᠯ᠎ᠢ  ᠴᠠᠭ  ᠲᠤᠬᠠᠢ ᠎ᠳᠤᠨᠢ  ᠢᠯᠡᠷᠡᠭᠦᠯᠦᠨ  ᠰᠢᠢ᠍ᠳᠪᠦᠷᠢᠯᠡᠬᠦ  ᠬᠡᠷᠡᠭᠲᠡᠢ᠃ ᠳᠥᠷᠪᠡ᠎ᠳᠤ᠂  ᠬᠡᠷᠡᠭ᠎ᠤᠨ  ᠲᠠᠷᠠᠭ᠎ᠠ  ᠬᠢᠨᠠᠯᠲᠠ  ᠲᠠᠯᠪᠢᠬᠤ ᠵᠢ  ᠨᠠᠢ᠌ᠳᠠᠪᠤᠷᠢᠵᠢᠭᠤᠯᠤᠨ᠎ᠠ᠃  ᠬᠢᠨᠠᠨ  ᠲᠣᠭᠲᠠᠭ᠋ᠠᠵᠤ  ᠪᠠᠢ᠌ᠴᠠᠭ᠋ᠠᠨ  ᠬᠡᠮᠵᠢᠬᠦ  ᠪᠠᠢ᠌ᠭᠤᠯᠤᠮᠵᠢ ᠎ᠨᠢ  ᠭᠡᠷᠡᠴᠢᠯᠡᠭᠰᠡᠨ᠎ᠤ  ᠳᠠᠷᠠᠭ᠎ᠠ  ᠬᠢᠨᠠᠯᠲᠠ  ᠲᠠᠯᠪᠢᠬᠤ  ᠬᠣᠯᠪᠣᠭᠳᠠᠯ  ᠪᠦᠬᠦᠢ  ᠲᠣᠭᠲᠠᠭ᠋ᠠᠯ᠎ᠢ  ᠴᠢᠩᠭ᠎ᠠ  ᠬᠡᠷᠡᠭᠵᠢᠭᠦᠯᠬᠦ  ᠬᠡᠷᠡᠭᠲᠡᠢ᠃ ᠡᠯ᠎ᠡ  ᠱᠠᠲᠤᠨ ᠎ᠤ  ᠲᠠᠷᠢᠶᠠᠯᠠᠩ  ᠮᠠᠯ  ᠠᠵᠤ  ᠠᠬᠤᠢ ᠵᠢᠨ  ᠰᠠᠯᠠᠭ᠎ᠠ  ᠮᠥᠴᠢᠷ᠎ᠤᠳ  ᠲᠦᠷᠦᠭᠦᠯᠡᠨ  ᠬᠣᠯᠪᠣᠭᠳᠠᠯ  ᠪᠦᠬᠦᠢ  ᠬᠦᠴᠦᠨ᠎ᠢ  ᠲᠣᠭᠲᠠᠮᠠᠯ  ᠬᠤᠭᠤᠴᠠᠭ᠎ᠠ᠎ᠲᠠᠢ᠎ᠪᠠᠷ  ᠵᠣᠬᠢᠶᠠᠨ  ᠪᠠᠶ᠋ᠢᠭᠤᠯᠬᠤ  ᠪᠤᠶᠤ  ᠨᠠᠢ᠌ᠳᠠᠵᠤ᠂  ᠬᠠᠷᠢᠶ᠎ᠠ  ᠭᠠᠵᠠᠷ ᠎ᠤᠨ  ᠠᠵᠤ  ᠠᠬᠤᠢ᠌ᠯᠠᠯ᠎ᠤᠨ  ᠦᠨᠡᠮᠯᠡᠯ  ᠣᠯᠣᠭᠰᠠᠨ  ᠦᠢ᠍ᠯᠡᠳᠬᠦᠨ᠎ᠤ  ᠦᠢ᠍ᠯᠡᠳᠪᠦᠷᠢᠯᠡᠯ  ᠡᠵᠡᠩᠨᠡᠯᠲᠡ  ᠵᠢᠴᠢ  ᠦᠢ᠍ᠯᠡᠳᠬᠦᠨ᠎ᠤ  ᠶᠠᠰᠤ  ᠴᠢᠨᠠᠷ ᠎ᠤᠨ  ᠪᠠᠲᠤᠯᠠᠭ᠎ᠠ ᠵᠢᠨ  ᠪᠠᠢ᠌ᠳᠠᠯ  ᠵᠡᠷᠭᠡ᠎ᠳᠤ  ᠪᠠᠢ᠌ᠴᠠᠭ᠋ᠠᠨ  ᠰᠤᠳᠤᠯᠤᠯᠲᠠ  ᠥᠷᠨᠢᠭᠦᠯᠵᠦ᠂  ᠪᠣᠳᠠᠲᠤ  ᠪᠠᠢ᠌ᠳᠠᠯ ᠎ᠢ  ᠣᠢ᠌ᠯᠠᠭ᠋ᠠᠵᠤ᠂  ᠬᠡᠪ᠎ᠤᠨ  ᠪᠤᠰᠤ  ᠪᠠᠢ᠌ᠳᠠᠯ᠎ᠲᠠᠢ  ᠪᠣᠯ  ᠲᠡᠷᠡ  ᠳᠠᠷᠤᠢ ᠎ᠳᠤᠨᠢ ᠥᠪᠡᠷᠲᠡᠭᠡᠨ  ᠵᠠᠰᠠᠬᠤ  ᠣᠷᠣᠨ᠎ᠤ  ᠲᠠᠷᠢᠶᠠᠯᠠᠩ ᠮᠠᠯ ᠠᠵᠤ ᠠᠬᠤᠢ ᠪᠠ ᠬᠥᠳᠡᠭᠡ ᠲᠣᠰᠬᠤᠨ ᠮᠠᠯᠵᠢᠬᠤ ᠣᠷᠣᠨ᠎ᠤ ᠲᠢᠩᠬᠢᠮ᠎ᠳᠤ  ᠬᠠᠷᠢᠭᠤ  ᠲᠤᠰᠬᠠᠬᠤ  ᠬᠡᠷᠡᠭᠲᠡᠢ᠃  ᠦᠨᠡᠮᠯᠡᠯ  ᠣᠯᠭᠣᠬᠤ  ᠪᠠᠢ᠌ᠭᠤᠯᠤᠮᠵᠢ ᠎ᠨᠢ  ᠬᠡᠪ᠎ᠤᠨ  ᠪᠤᠰᠤ  ᠪᠠᠢ᠌ᠳᠠᠯ᠎ᠢ  ᠲᠣᠭᠲᠠᠭ᠋ᠠᠯ  ᠶᠣᠰᠣᠭ᠋ᠠᠷ  ᠴᠠᠭ  ᠲᠤᠬᠠᠢ ᠎ᠳᠤᠨᠢ  ᠰᠢᠢ᠍ᠳᠪᠦᠷᠢᠯᠡᠬᠦ ᠵᠢᠨ  ᠬᠠᠮᠲᠤ  ᠥᠪᠡᠷᠲᠡᠭᠡᠨ  ᠵᠠᠰᠠᠬᠤ  ᠣᠷᠣᠨ᠎ᠤ  ᠲᠠᠷᠢᠶᠠᠯᠠᠩ ᠮᠠᠯ ᠠᠵᠤ ᠠᠬᠤᠢ ᠪᠠ ᠬᠥᠳᠡᠭᠡ ᠲᠣᠰᠬᠤᠨ ᠮᠠᠯᠵᠢᠬᠤ ᠣᠷᠣᠨ᠎ᠤ ᠲᠢᠩᠬᠢᠮ ᠪᠤᠶᠤ  ᠬᠠᠮᠢᠶ᠎ᠠ  ᠪᠦᠬᠦᠢ  ᠮᠤᠵᠢ  ᠣᠷᠣᠨ  ᠬᠣᠲᠠ ᠵᠢᠨ  ᠲᠠᠷᠢᠶᠠᠯᠠᠩ᠎ᠤᠨ  ᠮᠠᠰᠢᠨ᠎ᠤ  ᠭᠣᠣᠯᠴᠢᠯᠠᠨ  ᠬᠠᠮᠢᠶᠠᠷᠬᠤ  ᠰᠠᠯᠠᠭ᠎ᠠ  ᠮᠥᠴᠢᠷ᠎ᠲᠤ  ᠮᠡᠳᠡᠭᠦᠯᠬᠦ  ᠬᠡᠷᠡᠭᠲᠡᠢ᠃ ᠲᠠᠪᠤ᠎ᠳᠤ᠂  ᠬᠠᠮᠵᠢᠯᠴᠠᠨ  ᠬᠢᠨᠠᠨ  ᠬᠠᠮᠢᠶᠠᠷᠬᠤ ᠵᠢ  ᠨᠠᠢ᠌ᠳᠠᠪᠤᠷᠢᠵᠢᠭᠤᠯᠤᠨ᠎ᠠ᠃  ᠠᠢ᠌ᠮᠠᠭ  ᠬᠣᠲᠠ᠎ᠨᠤᠭᠤᠳ  ᠥᠪᠡᠷᠲᠡᠭᠡᠨ  ᠵᠠᠰᠠᠬᠤ  ᠣᠷᠣᠨ᠎ᠲᠠᠢ  ᠬᠠᠮᠵᠢᠯᠴᠠᠨ  ᠮᠤᠵᠢ ᠵᠢᠨ  ᠬᠣᠭᠣᠷᠣᠨᠳᠣᠬᠢ  ᠬᠠᠮᠲᠤᠷᠠᠯᠴᠠᠭ᠎ᠠ᠂ ᠬᠣᠯᠪᠤᠭ᠋ᠠᠯᠠᠨ  ᠬᠥᠳᠡᠯᠦᠯᠴᠡᠬᠦ ᠵᠢ  ᠨᠠᠢ᠌ᠳᠠᠪᠤᠷᠢᠵᠢᠭᠤᠯᠵᠤ᠂ ᠦᠨᠡᠮᠯᠡᠯ  ᠣᠯᠣᠭᠰᠠᠨ  ᠠᠵᠤ  ᠠᠬᠤᠢ᠌ᠯᠠᠯ  ᠵᠢᠴᠢ  ᠦᠢ᠍ᠯᠡᠳᠬᠦᠨ᠎ᠳᠤ  ᠪᠥᠬᠥ  ᠲᠠᠯ᠎ᠠ ᠵᠢᠨ  ᠬᠢᠨᠠᠯᠲᠠ  ᠬᠠᠮᠢᠶᠠᠷᠤᠯᠲᠠ  ᠪᠠ  ᠦᠢ᠍ᠯᠡᠴᠢᠯᠡᠭᠡ  ᠥᠷᠨᠢᠭᠦᠯᠵᠦ᠂ ᠬᠠᠷᠢᠶ᠎ᠠ  ᠭᠠᠵᠠᠷ᠎ᠤᠨ  ᠬᠢᠨᠠᠯᠲᠠ  ᠬᠠᠮᠢᠶᠠᠷᠤᠯᠲᠠ ᠵᠢᠨ  ᠡᠭᠦᠷᠭᠡ  ᠬᠠᠷᠢᠭᠤᠴᠠᠯᠭ᠎ᠠ ᠵᠢ  ᠨᠠᠢ᠌ᠳᠠᠪᠤᠷᠢᠵᠢᠭᠤᠯᠬᠤ  ᠬᠡᠷᠡᠭᠲᠡᠢ᠃ ᠬᠢᠨᠠᠨ  ᠲᠣᠭᠲᠠᠭ᠋ᠠᠵᠤ  ᠪᠠᠢ᠌ᠴᠠᠭ᠋ᠠᠨ  ᠬᠡᠮᠵᠢᠬᠦ  ᠪᠠᠢ᠌ᠭᠤᠯᠤᠮᠵᠢ᠎ᠨᠤᠭᠤᠳ  ᠬᠠᠮᠢᠶᠠᠷᠤᠯᠲᠠ᠎ᠪᠠᠨ  ᠴᠢᠩᠭ᠋ᠠᠳᠬᠠᠵᠤ᠂ ᠬᠣᠯᠪᠣᠭᠳᠠᠯ  ᠪᠦᠬᠦᠢ  ᠠᠵᠢᠯ᠎ᠤᠨ  ᠴᠤᠪᠤᠷᠠᠯ᠎ᠢ  ᠰᠢᠯᠢᠳᠡᠭᠵᠢᠭᠦᠯᠬᠦ ᠵᠢᠨ  ᠬᠠᠮᠲᠤ᠂ ᠠᠵᠢᠯ᠎ᠤᠨ  ᠴᠤᠪᠤᠷᠠᠯ ᠵᠶ᠋ᠠᠨ  ᠥᠪᠡᠷᠲᠡᠭᠡᠨ  ᠵᠠᠰᠠᠬᠤ  ᠣᠷᠣᠨ᠎ᠤ  ᠲᠠᠷᠢᠶᠠᠯᠠᠩ ᠮᠠᠯ ᠠᠵᠤ ᠠᠬᠤᠢ ᠪᠠ ᠬᠥᠳᠡᠭᠡ ᠲᠣᠰᠬᠤᠨ ᠮᠠᠯᠵᠢᠬᠤ ᠣᠷᠣᠨ᠎ᠤ ᠲᠢᠩᠬᠢᠮ᠎ᠳᠤ  ᠮᠡᠳᠡᠭᠦᠯᠵᠦ᠂ ᠬᠢᠨᠠᠨ  ᠲᠣᠭᠲᠠᠭ᠋ᠠᠬᠤ  ᠠᠵᠢᠯ᠎ᠢ  ᠲᠦᠷᠭᠡᠨ  ᠪᠥᠭᠡᠳ  ᠥᠨᠳᠥᠷ  ᠦᠷ᠎ᠡ  ᠪᠦᠲᠦᠮᠵᠢᠲᠡᠶ᠎ᠪᠠᠷ  ᠭᠦᠢ᠍ᠴᠡᠳᠬᠡᠬᠦ ᠵᠢ  ᠦᠨᠡᠨᠬᠦ  ᠪᠠᠲᠤᠯᠠᠬᠤ  ᠬᠡᠷᠡᠭᠲᠡᠢ᠃

      ᠳᠡᠭᠡᠷ᠎ᠡ  ᠳᠤᠷᠠᠳᠤᠭᠰᠠᠨ  ᠠᠵᠢᠯ ᠎ᠨᠢ  ᠤᠯᠤᠰ᠎ᠠᠴᠠ  ᠳᠡᠮᠵᠢᠭᠰᠡᠨ  ᠲᠠᠷᠢᠶᠠᠯᠠᠩ᠎ᠤᠨ  ᠮᠠᠰᠢᠨ᠎ᠢ  ᠳᠡᠯᠭᠡᠷᠡᠭᠦᠯᠬᠦ  ᠬᠢᠨᠠᠨ  ᠲᠣᠭᠲᠠᠭ᠋ᠠᠯᠲᠠ ᠵᠢᠨ  ᠠᠵᠢᠯ᠎ᠳᠤ  ᠬᠣᠯᠪᠣᠭᠳᠠᠪᠠᠯ᠂  ᠳᠡᠭᠡᠷ᠎ᠡ  ᠳᠤᠷᠠᠳᠤᠭᠰᠠᠨ  ᠱᠠᠭ᠋ᠠᠷᠳᠠᠯᠭ᠎ᠠ  ᠶᠣᠰᠣᠭ᠋ᠠᠷ  ᠲᠤᠤᠱᠯᠠᠭᠤᠯᠤᠨ  ᠨᠠᠢ᠌ᠳᠠᠪᠤᠷᠢᠵᠢᠭᠤᠯᠤᠨ᠎ᠠ᠃ 

      ᠳᠥᠷᠪᠡ᠂ ᠲᠠᠷᠢᠶᠠᠯᠠᠩ᠎ᠤᠨ  ᠮᠠᠰᠢᠨ᠎ᠤ  ᠬᠢᠨᠠᠨ  ᠲᠣᠭᠲᠠᠭ᠋ᠠᠬᠤ  ᠴᠢᠳᠠᠪᠤᠷᠢ ᠵᠢᠨ  ᠰᠢᠨ᠎ᠡ ᠵᠢ  ᠡᠭᠦᠳᠬᠦ  ᠬᠡᠷᠡᠭᠲᠡᠢ

      ᠬᠣᠯᠪᠣᠭᠳᠠᠯ  ᠪᠦᠬᠦᠢ  ᠰᠠᠯᠠᠭ᠎ᠠ  ᠮᠥᠴᠢᠷ ᠎ᠤᠳ ᠲᠠᠷᠢᠶᠠᠯᠠᠩ᠎ᠤᠨ  ᠮᠠᠰᠢᠨ᠎ᠤ  ᠬᠢᠨᠠᠨ  ᠲᠣᠭᠲᠠᠭ᠋ᠠᠵᠤ  ᠪᠠᠢ᠌ᠴᠠᠭ᠋ᠠᠨ  ᠬᠡᠮᠵᠢᠬᠦ  ᠪᠠᠢ᠌ᠭᠤᠯᠤᠮᠵᠢ᠎ᠳᠤ  ᠢᠳᠡᠪᠬᠢᠲᠡᠢ᠎ᠪᠠᠷ  ᠲᠥᠬᠥᠮ  ᠨᠥᠬᠥᠴᠡᠯ  ᠬᠠᠩᠭ᠋ᠠᠵᠤ᠂  ᠤᠯᠠᠨ  ᠠᠷᠭ᠎ᠠ  ᠵᠠᠮ ᠵᠶ᠋ᠠᠷ  ᠣᠷᠣᠭᠤᠯᠤᠯᠲᠠ᠎ᠪᠠᠨ  ᠨᠡᠮᠡᠭᠳᠡᠭᠦᠯᠦᠨ᠂  ᠠᠵᠢᠯ᠎ᠤᠨ  ᠣᠷᠴᠢᠨ  ᠲᠣᠭᠣᠷᠢᠨ᠎ᠢ  ᠬᠦᠴᠦ᠎ᠪᠠᠨ  ᠬᠠᠮᠲᠤᠳᠬᠠᠨ  ᠰᠢᠨ᠎ᠡ ᠵᠢ  ᠡᠭᠦᠳᠬᠦ  ᠬᠡᠷᠡᠭᠲᠡᠢ᠃  ᠨᠢᠭᠡ᠎ᠳᠤ  ᠬᠢᠨᠠᠨ  ᠲᠣᠭᠲᠠᠭ᠋ᠠᠵᠤ  ᠪᠠᠢ᠌ᠴᠠᠭ᠋ᠠᠨ  ᠰᠢᠯᠭ᠋ᠠᠬᠤ  ᠪᠠᠢ᠌ᠭᠤᠯᠤᠮᠵᠢ᠎ᠨᠤᠭᠤᠳ  ᠰᠠᠭᠤᠷᠢ  ᠨᠥᠬᠥᠴᠡᠯ  ᠪᠣᠯᠣᠨ  ᠮᠡᠷᠭᠡᠵᠢᠯ᠎ᠤᠨ  ᠴᠢᠳᠠᠪᠤᠷᠢ᠎ᠪᠠᠨ  ᠳᠡᠭᠡᠭᠰᠢᠯᠡᠭᠦᠯᠬᠦ  ᠠᠵᠢᠯ᠎ᠢ  ᠢᠳᠡᠪᠬᠢᠲᠡᠢ᠎ᠪᠠᠷ  ᠰᠠᠢ᠌ᠵᠢᠷᠠᠭᠤᠯᠵᠤ᠂ ᠲᠤᠷᠰᠢᠯᠲᠠ ᠵᠢᠨ  ᠲᠠᠰᠤᠭ  ᠵᠢᠴᠢ  ᠲᠠᠯᠠᠪᠤᠷ  ᠭᠠᠵᠠᠷ᠎ᠤᠨ  ᠪᠦᠲᠦᠭᠡᠨ  ᠪᠠᠢ᠌ᠭᠤᠯᠤᠯᠲᠠ᠂ ᠬᠢᠨᠠᠨ  ᠲᠣᠭᠲᠠᠭ᠋ᠠᠵᠤ  ᠪᠠᠢ᠌ᠴᠠᠭ᠋ᠠᠨ  ᠬᠡᠮᠵᠢᠬᠦ  ᠮᠡᠷᠭᠡᠵᠢᠯ᠎ᠤᠨ  ᠲᠣᠨᠣᠭ  ᠲᠥᠬᠦᠭᠡᠷᠦᠮᠵᠢ ᠵᠢᠨ  ᠪᠣᠭᠣᠮᠲᠠ  ᠰᠢᠪᠲᠤᠯᠬᠤ᠂ ᠬᠢᠨᠠᠨ  ᠲᠣᠭᠲᠠᠭ᠋ᠠᠵᠤ  ᠪᠠᠢ᠌ᠴᠠᠭ᠋ᠠᠨ  ᠬᠡᠮᠵᠢᠬᠦ  ᠪᠠᠭ᠋ᠠᠵᠢ  ᠲᠥᠬᠦᠭᠡᠷᠦᠮᠵᠢ ᠵᠢ  ᠡᠭᠦᠳᠦᠨ  ᠦᠢ᠍ᠯᠡᠳᠬᠦ  ᠵᠡᠷᠭᠡ  ᠬᠢᠨᠠᠨ  ᠲᠣᠭᠲᠠᠭ᠋ᠠᠬᠤ  ᠲᠥᠬᠦᠭᠡᠷᠦᠮᠵᠢ  ᠲᠥᠬᠦᠭᠡᠷᠦᠮᠵᠢ ᠵᠢᠨ  ᠨᠥᠬᠥᠴᠡᠯ᠎ᠢ  ᠴᠠᠭ  ᠲᠤᠬᠠᠢ ᠎ᠳᠤᠨᠢ  ᠰᠠᠢ᠌ᠵᠢᠷᠠᠭᠤᠯᠵᠤ᠂ ᠳᠤᠮᠳᠠ  ᠵᠡᠷᠭᠡ ᠵᠢᠨ  ᠲᠤᠷᠰᠢᠯᠲᠠ ᠵᠢᠨ  ᠦᠨᠡᠮᠯᠡᠯ᠎ᠤᠨ  ᠲᠠᠪᠴᠠᠩ  ᠵᠢᠴᠢ  ᠨᠥᠬᠥᠴᠡᠯ᠎ᠤᠨ  ᠪᠠᠢ᠌ᠭᠤᠯᠤᠯᠲᠠ ᠵᠢᠨ  ᠡᠷᠴᠢᠮ᠎ᠢ  ᠴᠢᠩᠭ᠋ᠠᠷᠠᠭᠤᠯᠵᠤ᠂ ᠴᠢᠳᠠᠪᠤᠷᠢᠲᠠᠨ᠎ᠢ  ᠣᠷᠣᠭᠤᠯᠤᠨ  ᠠᠪᠴᠢᠷᠠᠬᠤ  ᠪᠠ  ᠬᠥᠮᠥᠵᠢᠭᠦᠯᠬᠦ ᠵᠢ  ᠴᠢᠩᠭ᠋ᠠᠳᠬᠠᠨ᠂ ᠪᠣᠯᠪᠠᠰᠤᠷᠠᠭᠤᠯᠤᠯ᠎ᠢ  ᠴᠢᠩᠭ᠋ᠠᠳᠬᠠᠵᠤ᠂ ᠤᠷᠮᠠᠰᠢᠭᠤᠯᠬᠤ  ᠲᠣᠭᠲᠠᠴᠠ ᠵᠢ  ᠲᠡᠭᠦᠯᠳᠡᠷᠵᠢᠭᠦᠯᠦᠨ᠂ ᠬᠢᠨᠠᠨ  ᠲᠣᠭᠲᠠᠭ᠋ᠠᠬᠤ  ᠡᠩᠨᠡᠭᠡ ᠵᠢ  ᠴᠢᠩᠭ᠋ᠠᠷᠠᠭᠤᠯᠵᠤ᠂ ᠠᠵᠢᠯ᠎ᠢ  ᠥᠷᠨᠢᠭᠦᠯᠬᠦ᠎ᠳᠤ  ᠬᠡᠷᠡᠭᠰᠡᠬᠦ  ᠲᠤᠷᠰᠢᠯᠲᠠ ᠵᠢᠨ  ᠲᠠᠷᠢᠶᠠᠨ  ᠭᠠᠵᠠᠷ  ᠪᠠ  ᠲᠠᠯᠠᠪᠤᠷ  ᠭᠠᠵᠠᠷ᠎ᠢ  ᠨᠠᠢ᠌ᠳᠠᠪᠤᠷᠢᠵᠢᠭᠤᠯᠤᠨ᠂ ᠢᠵᠢ  ᠪᠦᠷᠢᠳᠦᠭᠦᠯᠬᠦ  ᠳᠦᠷᠢᠮ  ᠪᠠ  ᠠᠷᠭ᠎ᠠ ᠵᠢ  ᠪᠠᠢ᠌ᠭᠤᠯᠤᠨ  ᠪᠦᠷᠢᠨᠰᠢᠭᠦᠯᠬᠦ  ᠬᠡᠷᠡᠭᠲᠡᠢ᠃ ᠬᠣᠶᠠᠷ᠎ᠲᠤ  ᠬᠢᠨᠠᠨ  ᠲᠣᠭᠲᠠᠭ᠋ᠠᠵᠤ  ᠰᠢᠯᠭ᠋ᠠᠨ  ᠬᠡᠮᠵᠢᠬᠦ  ᠪᠠᠢ᠌ᠭᠤᠯᠤᠮᠵᠢ ᠎ᠨᠢ  ᠬᠢᠨᠠᠨ  ᠲᠣᠭᠲᠠᠭ᠋ᠠᠬᠤ  ᠵᠢᠷᠤᠮ᠎ᠢ  ᠰᠢᠯᠢᠳᠡᠭᠵᠢᠭᠦᠯᠵᠦ᠂  ᠬᠢᠨᠠᠨ  ᠲᠣᠭᠲᠠᠭ᠋ᠠᠬᠤ  ᠦᠷ᠎ᠡ  ᠪᠦᠲᠦᠮᠵᠢ ᠵᠢ  ᠳᠡᠭᠡᠭᠰᠢᠯᠡᠭᠦᠯᠦᠨ᠂  ᠠᠵᠢᠯ᠎ᠤᠨ  ᠶᠠᠰᠤ  ᠴᠢᠨᠠᠷ᠎ᠢ  ᠦᠨᠡᠨ  ᠬᠦ᠌  ᠪᠠᠲᠤᠯᠠᠭᠰᠠᠨ  ᠤᠷᠢᠲᠠᠯ  ᠳᠣᠣᠷ᠎ᠠ᠂  ᠬᠢᠨᠠᠨ  ᠲᠣᠭᠲᠠᠭ᠋ᠠᠬᠤ  ᠦᠶᠡᠯᠡᠯ᠎ᠤᠨ  ᠬᠤᠭᠤᠴᠠᠭ᠎ᠠ ᠵᠢ  ᠬᠠᠮᠤᠭ᠎ᠤᠨ  ᠶᠡᠬᠡ  ᠬᠡᠮᠵᠢᠶ᠎ᠡ᠎ᠪᠠᠷ  ᠪᠣᠭᠣᠨᠢᠰᠬᠠᠵᠤ᠂  ᠬᠢᠨᠠᠨ  ᠲᠣᠭᠲᠠᠭ᠋ᠠᠯᠲᠠ ᠵᠢ  ᠥᠩᠭᠡᠷᠡᠭᠡᠭᠰᠡᠨ  ᠦᠢ᠍ᠯᠡᠳᠬᠦᠨ᠎ᠤ  ᠦᠢ᠍ᠯᠡᠳᠦᠯᠭᠡ ᠵᠢᠨ  ᠰᠢᠯᠭ᠋ᠠᠯᠲᠠ ᠵᠢ  ᠳᠠᠭ᠋ᠠᠭ᠋ᠠᠵᠤ  ᠳᠡᠶ᠋ᠢᠯᠬᠦ ᠵᠢ  ᠦᠨᠡᠨ  ᠬᠦ᠌  ᠪᠠᠲᠤᠯᠠᠬᠤ  ᠬᠡᠷᠡᠭᠲᠡᠢ᠃  ᠲᠣᠮᠣ  ᠬᠡᠯᠪᠡᠷᠢ ᠵᠢᠨ  ᠳᠡᠭᠡᠳᠦ  ᠲᠠᠰ᠎ᠤᠨ  ᠣᠶᠤᠨᠲᠤ  ᠪᠠ  ᠳᠣᠪᠣᠷᠬᠠᠭ  ᠠᠭᠤᠯᠠᠷᠬᠠᠭ  ᠣᠷᠣᠨ᠎ᠤ  ᠬᠡᠷᠡᠭᠯᠡᠭᠡᠨ᠎ᠤ  ᠲᠠᠷᠢᠶᠠᠯᠠᠩ᠎ᠤᠨ  ᠮᠠᠰᠢᠨ᠎ᠤ  ᠲᠣᠨᠣᠭ  ᠲᠥᠬᠦᠭᠡᠷᠦᠮᠵᠢ ᠵᠢ  ᠰᠤᠳᠤᠯᠤᠨ  ᠨᠡᠭᠡᠭᠡᠵᠦ  ᠦᠢ᠍ᠯᠡᠳᠬᠦ᠂ ᠲᠠᠷᠢᠶᠠᠯᠠᠩ᠎ᠤᠨ  ᠮᠠᠰᠢᠨ᠎ᠢ  ᠰᠤᠳᠤᠯᠤᠨ  ᠨᠡᠭᠡᠭᠡᠵᠦ  ᠦᠢ᠍ᠯᠡᠳᠬᠦ  ᠳᠡᠯᠭᠡᠷᠡᠭᠦᠯᠦᠨ  ᠬᠡᠷᠡᠭᠯᠡᠬᠦ ᠵᠢ  ᠨᠢᠭᠡ  ᠴᠣᠭᠴᠠᠵᠢᠭᠤᠯᠤᠭᠰᠠᠨ  ᠲᠤᠷᠰᠢᠯᠲᠠ ᠵᠢᠨ  ᠴᠡᠭ᠎ᠤᠨ  ᠰᠤᠳᠤᠯᠤᠨ  ᠦᠢ᠍ᠯᠡᠳᠦᠭᠰᠡᠨ  ᠦᠢ᠍ᠯᠡᠳᠬᠦᠨ᠂ ᠥᠪᠡᠷᠲᠡᠭᠡᠨ  ᠵᠠᠰᠠᠬᠤ  ᠣᠷᠣᠨ᠎ᠤ  ᠲᠠᠷᠢᠶᠠᠯᠠᠩ᠎ᠤᠨ  ᠮᠠᠰᠢᠨ᠎ᠤ  ᠲᠣᠨᠣᠭ  ᠲᠥᠬᠦᠭᠡᠷᠦᠮᠵᠢ ᠵᠢᠨ  ᠳᠤᠲᠠᠭᠤᠳᠠᠯ᠎ᠢ  ᠨᠥᠬᠥᠪᠦᠷᠢᠯᠡᠬᠦ  ᠨᠠᠷᠢᠨ  ᠬᠠᠭᠤᠳᠠᠰᠤ ᠵᠢᠨ  ᠮᠠᠰᠢᠨ  ᠪᠠᠭ᠋ᠠᠵᠢ᠂ ᠳᠠᠪᠠᠭᠤᠯᠢᠭ  ᠣᠨᠴᠠᠯᠢᠭᠲᠤ  ᠦᠢ᠍ᠯᠡᠳᠬᠦᠨ  ᠪᠠ  ᠭᠣᠣᠯᠳᠠᠯᠭ᠎ᠠ᠎ᠲᠠᠢ  ᠳᠡᠮᠵᠢᠬᠦ  ᠪᠣᠭᠣᠮᠲᠠ  ᠰᠢᠪᠲᠤᠯᠬᠤ  ᠦᠢ᠍ᠯᠡᠳᠬᠦᠨ᠎ᠢ  ᠤᠷᠢᠳᠠᠪᠠᠷ  ᠭᠥᠯᠢᠶᠡᠨ  ᠠᠪᠴᠤ᠂ ᠤᠷᠢᠳᠠᠪᠠᠷ  ᠬᠡᠷᠡᠭᠵᠢᠭᠦᠯᠦᠨ᠎ᠡ᠃ ᠲᠠᠷᠢᠶᠠᠯᠠᠩ᠎ᠤᠨ  ᠮᠠᠰᠢᠨ᠎ᠤ  ᠬᠢᠨᠠᠨ  ᠲᠣᠭᠲᠠᠭ᠋ᠠᠵᠤ  ᠪᠠᠢ᠌ᠴᠠᠭ᠋ᠠᠨ  ᠬᠡᠮᠵᠢᠬᠦ  ᠪᠦᠲᠦᠭᠡᠭᠳᠡᠬᠦᠨ᠎ᠤ  ᠲᠥᠷᠥᠯ  ᠵᠦᠢ᠍ᠯ᠎ᠢ  ᠲᠣᠭᠲᠠᠭᠤᠨ ᠵᠶ᠋ᠠᠷ  ᠥᠷᠭᠡᠳᠬᠡᠨ᠂ ᠬᠢᠨᠠᠨ  ᠲᠣᠭᠲᠠᠭ᠋ᠠᠬᠤ  ᠮᠡᠷᠭᠡᠵᠢᠯ᠎ᠤᠨ  ᠦᠨᠡᠯᠡᠬᠦ  ᠠᠷᠭ᠎ᠠ  ᠪᠠᠷᠢᠯ  ᠪᠠ  ᠠᠷᠭ᠎ᠠ ᠵᠢᠨ  ᠰᠤᠳᠤᠯᠤᠯ᠎ᠢ  ᠦᠷᠭᠦᠯᠵᠢᠯᠡᠨ  ᠴᠢᠩᠭ᠋ᠠᠳᠬᠠᠵᠤ᠂ ᠲᠤᠷᠰᠢᠯᠲᠠ ᠵᠢᠨ  ᠲᠠᠰᠤᠭ᠎ᠤᠨ  ᠦᠨᠡᠯᠡᠯᠲᠡ᠂ ᠲᠤᠬᠠᠢ ᠵᠢᠨ  ᠭᠠᠵᠠᠷ᠎ᠤᠨ  ᠦᠨᠡᠯᠡᠯᠲᠡ᠂ ᠬᠡᠷᠡᠭᠯᠡᠭᠡᠨ᠎ᠤ  ᠦᠨᠡᠯᠡᠯᠲᠡ  ᠵᠡᠷᠭᠡ  ᠣᠯᠠᠨ  ᠵᠦᠢ᠍ᠯ᠎ᠤᠨ  ᠠᠷᠭ᠎ᠠ  ᠮᠠᠶᠢᠭ᠎ᠢ  ᠨᠢᠭᠡᠳᠦᠯᠲᠡᠢ  ᠲᠥᠯᠥᠪᠯᠡᠨ  ᠰᠠᠢ᠌ᠲᠤᠷ  ᠬᠡᠷᠡᠭᠯᠡᠵᠦ᠂ ᠬᠢᠨᠠᠨ  ᠲᠣᠭᠲᠠᠭ᠋ᠠᠬᠤ  ᠶᠠᠰᠤ  ᠴᠢᠨᠠᠷ  ᠦᠷ᠎ᠡ  ᠪᠦᠲᠦᠮᠵᠢ ᠵᠢ  ᠲᠠᠰᠤᠷᠠᠯᠲᠠ  ᠦᠭᠡᠢ  ᠳᠡᠭᠡᠭᠰᠢᠯᠡᠭᠦᠯᠬᠦ  ᠬᠡᠷᠡᠭᠲᠡᠢ᠃ ᠭᠤᠷᠪᠠ᠎ᠳᠤ  ᠥᠪᠡᠷᠲᠡᠭᠡᠨ  ᠵᠠᠰᠠᠬᠤ  ᠣᠷᠣᠨ᠎ᠤ  ᠲᠠᠷᠢᠶᠠᠯᠠᠩ ᠮᠠᠯ ᠠᠵᠤ ᠠᠬᠤᠢ ᠪᠠ ᠬᠥᠳᠡᠭᠡ ᠲᠣᠰᠬᠤᠨ ᠮᠠᠯᠵᠢᠬᠤ ᠣᠷᠣᠨ᠎ᠤ ᠲᠢᠩᠬᠢᠮ᠎ᠠᠴᠠ  ᠢᠲᠡᠭᠡᠯ  ᠬᠦᠨᠳᠦ᠎ᠪᠠᠷ  ᠰᠠᠢ᠌ᠨ᠂ ᠲᠤᠰᠬᠠᠢ  ᠮᠡᠷᠭᠡᠵᠢᠯ᠎ᠤᠨ  ᠴᠢᠳᠠᠪᠤᠷᠢ᠎ᠪᠠᠷ  ᠴᠢᠩᠭ᠎ᠠ᠂ ᠬᠢᠨᠠᠨ  ᠲᠣᠭᠲᠠᠭ᠋ᠠᠵᠤ  ᠪᠠᠢ᠌ᠴᠠᠭ᠋ᠠᠨ  ᠬᠡᠮᠵᠢᠬᠦ  ᠬᠢᠷᠢ  ᠬᠡᠮ᠎ᠲᠠᠢ  ᠨᠡᠢ᠌ᠭᠡᠮ᠎ᠤᠨ  ᠪᠠᠢ᠌ᠭᠤᠯᠤᠮᠵᠢ ᠵᠢ  ᠬᠠᠤᠯᠢ  ᠲᠣᠭᠲᠠᠭ᠋ᠠᠯ  ᠶᠣᠰᠣᠭ᠋ᠠᠷ  ᠢᠯᠡ᠎ᠪᠠᠷ  ᠰᠢᠯᠢᠨ  ᠰᠣᠩᠭᠣᠵᠤ  ᠲᠠᠷᠢᠶᠠᠯᠠᠩ᠎ᠤᠨ  ᠮᠠᠰᠢᠨ᠎ᠢ  ᠬᠢᠨᠠᠨ  ᠲᠣᠭᠲᠠᠭ᠋ᠠᠵᠤ  ᠪᠠᠢ᠌ᠴᠠᠭ᠋ᠠᠨ  ᠬᠡᠮᠵᠢᠬᠦ᠎ᠳᠤ  ᠣᠷᠣᠯᠴᠠᠭᠤᠯᠬᠤ ᠵᠢᠨ  ᠬᠠᠮᠲᠤ  ᠪᠦᠲᠦᠭᠡᠭᠳᠡᠬᠦᠨ᠎ᠢ  ᠰᠢᠯᠭ᠋ᠠᠨ  ᠪᠠᠢ᠌ᠴᠠᠭ᠋ᠠᠵᠤ  ᠪᠠᠢ᠌ᠴᠠᠭ᠋ᠠᠨ  ᠬᠡᠮᠵᠢᠭᠰᠡᠨ  ᠮᠡᠳᠡᠭᠦᠯᠦᠯᠲᠡ  ᠬᠢᠵᠦ  ᠥᠭᠬᠦ  ᠪᠠ  ᠲᠠᠷᠢᠶᠠᠯᠠᠩ᠎ᠤᠨ  ᠮᠠᠰᠢᠨ᠎ᠤ  ᠲᠤᠷᠰᠢᠯᠲᠠ ᠵᠢᠨ  ᠬᠢᠨᠠᠨ  ᠲᠣᠭᠲᠠᠭ᠋ᠠᠭᠰᠠᠨ  ᠦᠨᠡᠮᠯᠡᠯ  ᠣᠯᠭᠣᠨ᠎ᠠ᠃ ᠬᠥᠳᠡᠯᠦᠩᠭᠦᠢ᠎ᠪᠠᠷ  ᠬᠠᠮᠢᠶᠠᠷᠬᠤ  ᠲᠠᠷᠢᠶᠠᠯᠠᠩ᠎ᠤᠨ  ᠮᠠᠰᠢᠨ᠎ᠤ  ᠬᠢᠨᠠᠨ  ᠲᠣᠭᠲᠠᠭ᠋ᠠᠵᠤ  ᠪᠠᠢ᠌ᠴᠠᠭ᠋ᠠᠨ  ᠬᠡᠮᠵᠢᠬᠦ  ᠪᠠᠢ᠌ᠭᠤᠯᠤᠮᠵᠢ ᠎ᠨᠢ  ᠱᠠᠭ᠋ᠠᠷᠳᠠᠯᠭ᠎ᠠ᠎ᠳᠤ  ᠬᠦᠷᠴᠦ  ᠳᠡᠶ᠋ᠢᠯᠬᠦ  ᠦᠭᠡᠢ᠂ ᠲᠣᠭᠲᠠᠭ᠋ᠠᠯ ᠎ᠠᠴᠠ  ᠵᠥᠷᠢᠴᠡᠭᠰᠡᠨ  ᠦᠢᠯᠡ  ᠠᠵᠢᠯᠯᠠᠭ᠎ᠠ᠎ᠲᠠᠢ  ᠪᠠᠢ᠌ᠪᠠᠯ᠂ ᠪᠠᠢ᠌ᠳᠠᠯ᠎ᠢ ᠎ᠨᠢ  ᠦᠵᠡᠵᠦ  ᠪᠠᠢ᠌ᠭ᠋ᠠᠳ  ᠪᠣᠯᠵᠣᠨ  ᠶᠠᠷᠢᠯᠴᠠᠵᠤ  ᠰᠠᠨᠠᠭᠤᠯᠬᠤ᠂ ᠴᠡᠭᠴᠡᠯᠡᠨ  ᠰᠠᠢ᠌ᠵᠢᠷᠠᠭᠤᠯᠬᠤ ᠵᠢ  ᠲᠦᠷ  ᠵᠣᠭᠰᠤᠭ᠋ᠠᠬᠤ᠂ 《ᠬᠠᠷ᠎ᠠ  ᠲᠠᠩᠰᠠ》᠎ᠳᠤ  ᠣᠷᠣᠭᠤᠯᠬᠤ  ᠵᠡᠷᠭᠡ  ᠠᠷᠭ᠎ᠠ  ᠮᠠᠶᠢᠭ ᠵᠶ᠋ᠠᠷ  ᠬᠠᠮᠢᠶᠠᠷᠤᠯᠲᠠ  ᠬᠢᠵᠦ᠂ ᠥᠪᠡᠷᠲᠡᠭᠡᠨ  ᠵᠠᠰᠠᠬᠤ  ᠣᠷᠣᠨ᠎ᠤ  ᠲᠠᠷᠢᠶᠠᠯᠠᠩ ᠮᠠᠯ ᠠᠵᠤ ᠠᠬᠤᠢ ᠪᠠ ᠬᠥᠳᠡᠭᠡ ᠲᠣᠰᠬᠤᠨ ᠮᠠᠯᠵᠢᠬᠤ ᠣᠷᠣᠨ᠎ᠤ ᠲᠢᠩᠬᠢᠮ᠎ᠨᠢ  ᠵᠠᠬ᠎ᠠ  ᠳᠡᠯᠭᠡᠭᠦᠷ᠎ᠤᠨ  ᠬᠢᠨᠠᠯᠲᠠ  ᠬᠠᠮᠢᠶᠠᠷᠤᠯᠲᠠ ᠵᠢᠨ  ᠲᠣᠪᠴᠢᠶ᠎ᠠ᠎ᠲᠠᠢ  ᠵᠥᠪᠳᠡᠯᠴᠡᠵᠦ  ᠪᠠᠢ᠌ᠭ᠋ᠠᠳ  ᠬᠠᠮᠢᠶ᠎ᠠ  ᠪᠦᠬᠦᠢ  ᠲᠣᠭᠲᠠᠭ᠋ᠠᠯ  ᠶᠣᠰᠣᠭ᠋ᠠᠷ  ᠲᠠᠷᠢᠶᠠᠯᠠᠩ᠎ᠤᠨ  ᠮᠠᠰᠢᠨ᠎ᠤ  ᠬᠢᠨᠠᠨ  ᠲᠣᠭᠲᠠᠭ᠋ᠠᠵᠤ  ᠪᠠᠢ᠌ᠴᠠᠭ᠋ᠠᠨ  ᠬᠡᠮᠵᠢᠬᠦ  ᠲᠤᠬᠠᠢ᠌ᠯᠠᠭᠰᠠᠨ  ᠠᠵᠢᠯ᠎ᠢ ᠎ᠨᠢ  ᠵᠣᠭᠰᠣᠭ᠋ᠠᠵᠤ᠂ ᠬᠠᠮᠢᠶ᠎ᠠ  ᠪᠦᠬᠦᠢ  ᠲᠢᠩᠬᠢᠮ  ᠲᠣᠪᠴᠢᠶ᠎ᠠ᠎ᠳᠤ  ᠴᠠᠭ  ᠲᠤᠬᠠᠢ ᠎ᠳᠤᠨᠢ  ᠮᠡᠳᠡᠭᠳᠡᠵᠦ᠂ ᠨᠡᠢ᠌ᠯᠡᠮᠡᠯ  ᠬᠦᠴᠦᠨ᠎ᠢ  ᠪᠣᠶ  ᠪᠣᠯᠭ᠋ᠠᠬᠤ  ᠬᠡᠷᠡᠭᠲᠡᠢ᠃ ᠳᠥᠷᠪᠡ᠎ᠳᠤ  ᠬᠢᠨᠠᠨ  ᠲᠣᠭᠲᠠᠭ᠋ᠠᠵᠤ  ᠪᠠᠢ᠌ᠴᠠᠭ᠋ᠠᠨ  ᠬᠡᠮᠵᠢᠬᠦ  ᠪᠠᠢ᠌ᠭᠤᠯᠤᠮᠵᠢ ᠎ᠨᠢ  ᠮᠡᠳᠡᠭᠡ  ᠵᠠᠩᠭᠢᠴᠢᠯᠠᠯᠲᠠ  ᠵᠢᠨ  ᠠᠷᠭ᠎ᠠ  ᠪᠠᠷᠢᠯ ᠵᠶ᠋ᠠᠷ  ᠳᠠᠮᠵᠢᠭᠤᠯᠤᠨ᠂ ᠲᠠᠷᠢᠶᠠᠯᠠᠩ᠎ᠤᠨ  ᠮᠠᠰᠢᠨ᠎ᠤ  ᠬᠢᠨᠠᠨ  ᠲᠣᠭᠲᠠᠭ᠋ᠠᠯᠲᠠ ᠵᠢᠨ  ᠪᠥᠬᠥ  ᠶᠠᠪᠤᠴᠠ ᠵᠢᠨ  ᠲᠡᠮᠳᠡᠭᠯᠡᠯ  ᠪᠠ  ᠨᠡᠬᠡᠮᠵᠢᠯᠡᠵᠦ  ᠪᠣᠯᠬᠤ ᠵᠢ  ᠪᠡᠶᠡᠯᠡᠭᠦᠯᠬᠦ  ᠬᠡᠷᠡᠭᠲᠡᠢ᠃ ᠵᠠᠰᠠᠭ᠎ᠤᠨ  ᠶᠠᠪᠤᠳᠠᠯ᠎ᠤᠨ  ᠦᠢ᠍ᠯᠡᠴᠢᠯᠡᠭᠡᠨ᠎ᠤ  ᠲᠠᠪᠴᠠᠩ᠎ᠤᠨ  ᠠᠵᠤ  ᠠᠬᠤᠢ᠌ᠯᠠᠯ᠎ᠤᠨ  ᠬᠢᠨᠠᠨ  ᠲᠣᠭᠲᠠᠭ᠋ᠠᠯᠭ᠋ᠠᠬᠤ  ᠭᠤᠶᠤᠴᠢᠯᠠᠯ᠎ᠢ  ᠭᠥᠯᠢᠶᠡᠨ  ᠠᠪᠴᠤ  ᠰᠢᠢ᠍ᠳᠪᠦᠷᠢᠯᠡᠬᠦ ᠵᠢ  ᠴᠢᠩᠭ᠋ᠠᠷᠠᠭᠤᠯᠵᠤ᠂ ᠲᠠᠷᠢᠶᠠᠯᠠᠩ᠎ᠤᠨ  ᠮᠠᠰᠢᠨ᠎ᠢ  ᠳᠡᠯᠭᠡᠷᠡᠭᠦᠯᠦᠨ  ᠬᠢᠨᠠᠨ  ᠲᠣᠭᠲᠠᠭ᠋ᠠᠯᠭ᠋ᠠᠬᠤ᠎ᠪᠠᠷ  ᠮᠡᠳᠡᠭᠦᠯᠬᠦ  ᠬᠠᠮᠢᠶᠠᠷᠤᠯᠲᠠ ᠵᠢᠨ  ᠰᠢᠰᠲ᠋ᠧᠮ᠎ᠢ  ᠲᠡᠭᠦᠯᠳᠡᠷᠵᠢᠭᠦᠯᠦᠨ᠂ ᠡᠳ᠋  ᠪᠠᠷᠠᠭ᠋ᠠᠨ᠎ᠤ  ᠮᠡᠳᠡᠭᠡ  ᠵᠠᠩᠭᠢ ᠵᠢᠨ  ᠰᠦᠯᠵᠢᠶ᠎ᠡ᠂ ᠲᠣᠮᠣ  ᠳ᠋ᠠᠢ᠌ᠲ᠋ᠠ  ᠵᠡᠷᠭᠡ  ᠮᠡᠳᠡᠭᠡ  ᠵᠠᠩᠭᠢᠴᠢᠯᠠᠯᠲᠠ  ᠵᠢᠨ  ᠮᠡᠷᠭᠡᠵᠢᠯ᠎ᠤᠨ  ᠬᠡᠷᠡᠭᠯᠡᠯᠲᠡ ᠵᠢ  ᠰᠠᠢ᠌ᠲᠤᠷ  ᠬᠢᠵᠦ᠂ ᠰᠦᠯᠵᠢᠶᠡᠨ  ᠳᠡᠭᠡᠷᠡᠬᠢ  ᠪᠠ  ᠰᠦᠯᠵᠢᠶᠡᠨ  ᠭᠠᠳᠠᠨᠠᠬᠢ᠂ ᠠᠯᠤᠰ ᠎ᠠᠴᠠ  ᠬᠢᠨᠠᠨ  ᠡᠵᠡᠮᠳᠡᠬᠦ  ᠵᠡᠷᠭᠡ  ᠠᠷᠭ᠎ᠠ  ᠪᠠᠷᠢᠯ᠎ᠢ  ᠭᠦᠢ᠍ᠴᠡᠳ  ᠬᠡᠷᠡᠭᠯᠡᠨ  ᠭᠣᠣᠯᠳᠠᠯᠭ᠎ᠠ᠎ᠲᠠᠢ  ᠮᠠᠰᠢᠨ  ᠪᠠᠭ᠋ᠠᠵᠢ ᠵᠢᠨ  ᠨᠠᠢ᠌ᠳᠠᠪᠤᠷᠢᠲᠤ  ᠴᠢᠨᠠᠷ᠎ᠤᠨ  ᠦᠨᠡᠯᠡᠯᠲᠡ ᠵᠢᠨ  ᠠᠵᠢᠯ᠎ᠢ  ᠲᠦᠯᠬᠢᠨ  ᠠᠬᠢᠭᠤᠯᠤᠨ᠎ᠠ᠃ ᠲᠠᠷᠢᠶᠠᠯᠠᠩ᠎ᠤᠨ  ᠮᠠᠰᠢᠨ᠎ᠤ  ᠬᠢᠨᠠᠨ  ᠲᠣᠭᠲᠠᠭ᠋ᠠᠯᠲᠠ᠎ᠳᠠᠬᠢ  ᠲᠣᠮᠣ  ᠳ᠋ᠠᠢ᠌ᠲ᠋ᠠ ᠵᠢᠨ  ᠮᠡᠷᠭᠡᠵᠢᠯ᠎ᠤᠨ  ᠬᠡᠷᠡᠭᠯᠡᠯᠲᠡ ᠵᠢ  ᠲᠦᠷᠭᠡᠳᠬᠡᠵᠦ᠂ ᠠᠬᠤᠢ  ᠲᠠᠯᠠᠪᠠᠶ ᠵᠢᠨ  ᠳᠠᠭᠤᠷᠢᠶᠠᠮᠠᠯ᠂ ᠳᠠᠭᠤᠷᠢᠶᠠᠮᠠᠯ᠂ ᠵᠣᠬᠢᠶᠠᠮᠠᠯ  ᠣᠶᠤᠨᠴᠢ  ᠵᠡᠷᠭᠡ  ᠠᠷᠭ᠎ᠠ  ᠮᠠᠶᠢᠭ᠎ᠢ  ᠬᠡᠷᠡᠭᠯᠡᠨ  ᠮᠠᠰᠢᠨ  ᠪᠠᠭ᠋ᠠᠵᠢ ᠵᠢᠨ  ᠠᠮᠤᠷ  ᠲᠦᠪᠰᠢᠨ  ᠴᠢᠨᠠᠷ᠂ ᠵᠣᠬᠢᠴᠠᠬᠤ  ᠴᠢᠨᠠᠷ᠎ᠤᠨ  ᠦᠨᠡᠯᠡᠯᠲᠡ ᠵᠢᠨ  ᠨᠥᠬᠥᠴᠡᠯ᠎ᠢ  ᠡᠭᠦᠳᠬᠦ ᠵᠢ  ᠬᠠᠢ᠌ᠨ  ᠰᠦᠪᠡᠭᠴᠢᠯᠡᠬᠦ ᠵᠢ  ᠳᠡᠮᠵᠢᠬᠦ ᠬᠡᠷᠡᠭᠲᠡᠢ᠃ 

      ᠲᠠᠪᠤ᠂  ᠨᠢᠭᠡᠳᠦᠯᠲᠡᠢ  ᠲᠥᠯᠥᠪᠵᠢᠭᠦᠯᠦᠨ  ᠵᠣᠬᠢᠴᠠᠭᠤᠯᠤᠨ  ᠠᠬᠢᠭᠤᠯᠬᠤ ᠵᠢ  ᠴᠢᠩᠭ᠋ᠠᠳᠬᠠᠬᠤ ᠬᠡᠷᠡᠭᠲᠡᠢ 

      ᠥᠪᠡᠷᠲᠡᠭᠡᠨ  ᠵᠠᠰᠠᠬᠤ  ᠣᠷᠣᠨ ᠎ᠠᠴᠠ  ᠬᠠᠷᠢᠶᠠᠲᠤ  ᠣᠷᠣᠨ᠎ᠤ  ᠳᠣᠲᠣᠷᠠᠬᠢ  ᠬᠢᠨᠠᠨ  ᠲᠣᠭᠲᠠᠭ᠋ᠠᠵᠤ  ᠪᠠᠢ᠌ᠴᠠᠭ᠋ᠠᠨ  ᠬᠡᠮᠵᠢᠬᠦ  ᠪᠠᠢ᠌ᠭᠤᠯᠤᠮᠵᠢ ᠵᠢᠨ  ᠪᠠᠢ᠌ᠴᠠᠭ᠋ᠠᠨ  ᠰᠢᠯᠭ᠋ᠠᠵᠤ  ᠪᠠᠢ᠌ᠴᠠᠭ᠋ᠠᠨ  ᠬᠡᠮᠵᠢᠬᠦ  ᠴᠢᠳᠠᠪᠤᠷᠢ  ᠵᠢᠴᠢ  ᠲᠡᠭᠦᠨ᠎ᠤ  ᠬᠢᠷᠢ  ᠬᠡᠮ᠎ᠢ  ᠬᠤᠪᠢᠷᠠᠭᠤᠯᠵᠤ  ᠲᠥᠷᠥᠯ  ᠵᠦᠢ᠍ᠯ᠎ᠢ  ᠥᠷᠭᠡᠳᠬᠡᠬᠦ  ᠬᠡᠷᠡᠭᠴᠡᠭᠡ  ᠱᠠᠭ᠋ᠠᠷᠳᠠᠯᠭ᠎ᠠ ᠵᠢ  ᠬᠥᠳᠡᠯᠦᠩᠭᠦᠢ᠎ᠪᠠᠷ  ᠣᠢ᠌ᠯᠠᠭ᠋ᠠᠨ  ᠡᠵᠡᠮᠰᠢᠵᠦ᠂ ᠬᠢᠨᠠᠨ  ᠲᠣᠭᠲᠠᠭ᠋ᠠᠵᠤ  ᠪᠠᠢ᠌ᠴᠠᠭ᠋ᠠᠨ  ᠬᠡᠮᠵᠢᠬᠦ  ᠪᠠᠢ᠌ᠭᠤᠯᠤᠮᠵᠢ ᠵᠢᠨ  ᠭᠤᠶᠤᠴᠢᠯᠠᠭᠰᠠᠨ  ᠬᠢᠷᠢ  ᠬᠡᠮ᠎ᠢ  ᠬᠤᠪᠢᠷᠠᠭᠤᠯᠬᠤ  ᠪᠤᠶᠤ  ᠲᠥᠷᠥᠯ  ᠵᠦᠢ᠍ᠯ᠎ᠢ  ᠥᠷᠭᠡᠳᠬᠡᠬᠦ  ᠬᠡᠷᠡᠭᠴᠡᠭᠡ  ᠱᠠᠭ᠋ᠠᠷᠳᠠᠯᠭ᠎ᠠ᠎ᠳᠤ  ᠥᠪᠡᠷᠲᠡᠭᠡᠨ  ᠵᠠᠰᠠᠬᠤ  ᠣᠷᠣᠨ᠎ᠤ  ᠬᠠᠮᠢᠶ᠎ᠠ  ᠪᠦᠬᠦᠢ  ᠲᠢᠩᠬᠢᠮ  ᠲᠣᠪᠴᠢᠶ᠎ᠠ (ᠵᠥᠪᠯᠡᠯ)᠎ᠠᠴᠠ  ᠳᠡᠮᠵᠢᠯᠭᠡ  ᠦᠵᠡᠭᠦᠯᠬᠦ  ᠬᠡᠷᠡᠭᠲᠡᠢ᠃ ᠡᠯ᠎ᠡ  ᠱᠠᠲᠤᠨ᠎ᠤ  ᠲᠠᠷᠢᠶᠠᠯᠠᠩ  ᠮᠠᠯ  ᠠᠵᠤ  ᠠᠬᠤᠢ᠂ ᠵᠠᠬ᠎ᠠ  ᠳᠡᠯᠭᠡᠭᠦᠷ᠎ᠤᠨ  ᠬᠢᠨᠠᠯᠲᠠ᠂ ᠠᠵᠤ  ᠦᠢ᠍ᠯᠡᠳᠪᠦᠷᠢ  ᠮᠡᠳᠡᠭᠡ  ᠵᠠᠩᠭᠢᠴᠢᠯᠠᠯᠲᠠ᠂  ᠬᠥᠭᠵᠢᠭᠦᠯᠦᠯᠲᠡ  ᠥᠭᠡᠷᠡᠴᠢᠯᠡᠯᠲᠡ  ᠪᠣᠯᠣᠨ  ᠡᠳ᠋᠎ᠤᠨ  ᠵᠠᠰᠠᠭ᠎ᠤᠨ  ᠰᠠᠯᠠᠭ᠎ᠠ  ᠮᠥᠴᠢᠷ᠎ᠤᠳ  ᠨᠡᠪᠲᠡᠷᠡᠯᠴᠡᠭᠡ  ᠵᠣᠬᠢᠴᠠᠭᠤᠯᠭ᠎ᠠ᠎ᠪᠠᠨ  ᠴᠢᠩᠭ᠋ᠠᠳᠬᠠᠵᠤ᠂ ᠮᠤᠵᠢ ᠵᠢᠨ  ᠬᠣᠭᠣᠷᠣᠨᠳᠣᠬᠢ  ᠬᠠᠮᠵᠢᠯᠴᠠᠨ  ᠬᠣᠯᠪᠤᠭ᠋ᠠᠯᠠᠨ  ᠬᠥᠳᠡᠯᠦᠯᠴᠡᠬᠦ ᠵᠢ  ᠬᠠᠮᠵᠢᠯᠴᠠᠨ  ᠴᠢᠩᠭ᠋ᠠᠳᠬᠠᠵᠤ᠂  ᠲᠠᠷᠢᠶᠠᠯᠠᠩ᠎ᠤᠨ  ᠮᠠᠰᠢᠨ᠎ᠤ  ᠬᠢᠨᠠᠨ  ᠲᠣᠭᠲᠠᠭ᠋ᠠᠯᠲᠠ  ᠪᠠᠢ᠌ᠴᠠᠭ᠋ᠠᠨ  ᠬᠡᠮᠵᠢᠯᠲᠡ ᠵᠢᠨ  ᠬᠥᠭᠵᠢᠯᠲᠡ ᠵᠢᠨ  ᠳᠤᠮᠳᠠᠬᠢ  ᠬᠦᠴᠢᠷᠳᠡᠯ  ᠪᠠ  ᠠᠰᠠᠭᠤᠳᠠᠯ᠎ᠢ  ᠴᠠᠭ  ᠲᠤᠬᠠᠢ ᠎ᠳᠤᠨᠢ  ᠰᠢᠢ᠍ᠳᠪᠦᠷᠢᠯᠡᠵᠦ᠂  ᠪᠠᠢ᠌ᠴᠠᠭ᠋ᠠᠨ  ᠰᠤᠳᠤᠯᠤᠯᠲᠠ ᠵᠢ  ᠴᠢᠩᠭ᠋ᠠᠳᠬᠠᠨ᠂  ᠲᠠᠷᠢᠶᠠᠯᠠᠩ᠎ᠤᠨ  ᠮᠠᠰᠢᠨ᠎ᠤ  ᠬᠢᠨᠠᠨ  ᠲᠣᠭᠲᠠᠭ᠋ᠠᠯᠲᠠ  ᠪᠠᠢ᠌ᠴᠠᠭ᠋ᠠᠨ  ᠬᠡᠮᠵᠢᠯᠲᠡ ᠵᠢᠨ  ᠬᠢᠨᠠᠨ  ᠬᠠᠮᠢᠶᠠᠷᠤᠯᠲᠠ᠂  ᠠᠵᠢᠯ᠎ᠤᠨ  ᠶᠠᠪᠤᠴᠠ ᠵᠢ  ᠰᠢᠯᠢᠳᠡᠭᠵᠢᠭᠦᠯᠵᠦ᠂  ᠬᠢᠨᠠᠨ  ᠬᠠᠮᠢᠶᠠᠷᠤᠯᠲᠠ  ᠪᠠ  ᠦᠢ᠍ᠯᠡᠴᠢᠯᠡᠭᠡᠨ᠎ᠤ  ᠴᠢᠳᠠᠪᠤᠷᠢ ᠵᠢ  ᠳᠡᠭᠡᠭᠰᠢᠯᠡᠭᠦᠯᠵᠦ᠂  ᠡᠯ᠎ᠡ  ᠵᠦᠢ᠍ᠯ᠎ᠤᠨ  ᠲᠠᠷᠢᠶᠠᠯᠠᠩ᠎ᠤᠨ  ᠮᠠᠰᠢᠨ᠎ᠤ  ᠬᠢᠨᠠᠨ  ᠲᠣᠭᠲᠠᠭ᠋ᠠᠯᠲᠠ  ᠪᠠᠢ᠌ᠴᠠᠭ᠋ᠠᠨ  ᠬᠡᠮᠵᠢᠯᠲᠡ ᠵᠢᠨ  ᠴᠢᠨᠠᠷ  ᠰᠠᠢ᠌ᠲᠠᠢ  ᠥᠨᠳᠥᠷ  ᠦᠷ᠎ᠡ  ᠪᠦᠲᠦᠮᠵᠢᠲᠡᠢ  ᠪᠠᠢ᠌ᠬᠤ ᠵᠢ  ᠬᠦᠴᠦᠯᠡᠨ  ᠠᠬᠢᠭᠤᠯᠵᠤ᠂  ᠬᠢᠨᠠᠨ  ᠲᠣᠭᠲᠠᠭ᠋ᠠᠯᠲᠠ  ᠬᠢᠬᠦ᠎ᠳᠤ  ᠬᠦᠴᠢᠷᠲᠡᠢ᠂  ᠬᠢᠨᠠᠨ  ᠲᠣᠭᠲᠠᠭ᠋ᠠᠯᠲᠠ  ᠤᠳᠠᠭ᠋ᠠᠨ  ᠪᠠᠢ᠌ᠬᠤ  ᠠᠰᠠᠭᠤᠳᠠᠯ᠎ᠢ  ᠡᠷᠡᠰ  ᠬᠣᠷᠢᠭᠯᠠᠬᠤ  ᠬᠡᠷᠡᠭᠲᠡᠢ᠃  ᠬᠢᠨᠠᠨ  ᠲᠣᠭᠲᠠᠭ᠋ᠠᠵᠤ  ᠪᠠᠢ᠌ᠴᠠᠭ᠋ᠠᠨ  ᠬᠡᠮᠵᠢᠬᠦ  ᠪᠠᠢ᠌ᠭᠤᠯᠤᠮᠵᠢ  ᠵᠢᠴᠢ  ᠲᠡᠭᠦᠨ᠎ᠤ  ᠠᠵᠢᠯ᠎ᠤᠨ  ᠬᠢᠨᠠᠯᠲᠠ  ᠬᠠᠮᠢᠶᠠᠷᠤᠯᠲᠠ ᠵᠢ  ᠴᠢᠩᠭ᠋ᠠᠳᠬᠠᠵᠤ᠂ ᠬᠤᠳᠠᠯ  ᠬᠠᠭᠤᠷᠮᠠᠭ  ᠪᠠᠢ᠌ᠴᠠᠭ᠋ᠠᠨ  ᠰᠢᠯᠭ᠋ᠠᠵᠤ  ᠪᠠᠢ᠌ᠴᠠᠭ᠋ᠠᠨ  ᠬᠡᠮᠵᠢᠭᠰᠡᠨ  ᠮᠡᠳᠡᠭᠦᠯᠦᠯᠲᠡ  ᠭᠠᠷᠭ᠋ᠠᠬᠤ  ᠵᠡᠷᠭᠡ  ᠲᠣᠭᠲᠠᠭ᠋ᠠᠯ ᠎ᠠᠴᠠ  ᠵᠥᠷᠢᠴᠡᠭᠰᠡᠨ  ᠦᠢᠯᠡ  ᠠᠵᠢᠯᠯᠠᠭ᠎ᠠ᠎ᠳᠤ  ᠴᠢᠩᠭ᠎ᠠ  ᠴᠣᠬᠢᠯᠲᠠ  ᠥᠭᠬᠦ  ᠬᠡᠷᠡᠭᠲᠡᠢ;  ᠲᠣᠭᠲᠠᠭ᠋ᠠᠯ᠎ᠢ  ᠵᠥᠷᠢᠴᠡᠭᠰᠡᠨ  ᠬᠢᠨᠠᠨ  ᠲᠣᠭᠲᠠᠭ᠋ᠠᠵᠤ  ᠪᠠᠢ᠌ᠴᠠᠭ᠋ᠠᠨ  ᠬᠡᠮᠵᠢᠬᠦ  ᠪᠠᠢ᠌ᠭᠤᠯᠤᠮᠵᠢ ᠵᠢᠨ  ᠲᠠᠷᠢᠶᠠᠯᠠᠩ᠎ᠤᠨ  ᠮᠠᠰᠢᠨ᠎ᠤ ᠬᠢᠨᠠᠨ  ᠲᠣᠭᠲᠠᠭ᠋ᠠᠵᠤ  ᠪᠠᠢ᠌ᠴᠠᠭ᠋ᠠᠨ  ᠬᠡᠮᠵᠢᠬᠦ  ᠠᠵᠢᠯ᠎ᠳᠤ  ᠦᠢ᠍ᠯᠡᠴᠢᠯᠡᠬᠦ  ᠬᠢᠷᠢ  ᠬᠡᠮ᠎ᠢ ᠎ᠨᠢ  ᠬᠠᠰᠤᠨ᠎ᠠ;  ᠶᠠᠯ᠎ᠠ  ᠬᠢᠭᠰᠡᠨ  ᠰᠡᠵᠢᠭᠯᠡᠯᠲᠡᠢ  ᠪᠠᠢ᠌ᠪᠠᠯ᠂  ᠬᠠᠤᠯᠢ  ᠴᠠᠭ᠋ᠠᠵᠠ ᠵᠢᠨ  ᠪᠠᠢ᠌ᠭᠤᠯᠭ᠎ᠠ᠎ᠳᠤ  ᠰᠢᠯᠵᠢᠭᠦᠯᠦᠨ  ᠬᠦᠷᠭᠡᠵᠦ  ᠪᠠᠢ᠌ᠴᠠᠭ᠋ᠠᠨ  ᠰᠢᠢ᠍ᠳᠪᠦᠷᠢᠯᠡᠭᠦᠯᠬᠦ  ᠬᠡᠷᠡᠭᠲᠡᠢ᠃  ᠴᠢᠬᠤᠯᠠ  ᠪᠠᠢ᠌ᠳᠠᠯ ᠵᠶ᠋ᠠᠨ  ᠥᠪᠡᠷᠲᠡᠭᠡᠨ  ᠵᠠᠰᠠᠬᠤ  ᠣᠷᠣᠨ᠎ᠤ  ᠲᠠᠷᠢᠶᠠᠯᠠᠩ ᠮᠠᠯ ᠠᠵᠤ ᠠᠬᠤᠢ ᠪᠠ ᠬᠥᠳᠡᠭᠡ ᠲᠣᠰᠬᠤᠨ ᠮᠠᠯᠵᠢᠬᠤ ᠣᠷᠣᠨ᠎ᠤ ᠲᠢᠩᠬᠢᠮ᠂ ᠵᠠᠬ᠎ᠠ  ᠳᠡᠯᠭᠡᠭᠦᠷ᠎ᠤᠨ  ᠬᠢᠨᠠᠯᠲᠠ  ᠬᠠᠮᠢᠶᠠᠷᠤᠯᠲᠠ ᠵᠢᠨ  ᠲᠣᠪᠴᠢᠶ᠎ᠠ᠂ ᠠᠵᠤ  ᠦᠢ᠍ᠯᠡᠳᠪᠦᠷᠢ  ᠪᠠ  ᠮᠡᠳᠡᠭᠡ  ᠵᠠᠩᠭᠢᠴᠢᠯᠠᠯᠲᠠ  ᠵᠢᠨ  ᠲᠢᠩᠬᠢᠮ᠂ ᠡᠳ᠋᠎ᠤᠨ  ᠵᠠᠰᠠᠭ᠎ᠤᠨ  ᠲᠢᠩᠬᠢᠮ  ᠵᠡᠷᠭᠡ  ᠰᠠᠯᠠᠭ᠎ᠠ  ᠮᠥᠴᠢᠷ᠎ᠲᠤ  ᠮᠡᠳᠡᠭᠦᠯᠬᠦ  ᠬᠡᠷᠡᠭᠲᠡᠢ᠃

        ᠳᠠᠭ᠋ᠠᠯᠳᠤᠭᠤᠯᠤᠯ᠄ ᠥᠪᠥᠷ  ᠮᠣᠩᠭᠣᠯ᠎ᠤᠨ  ᠲᠠᠷᠢᠶᠠᠯᠠᠩ᠎ᠤᠨ  ᠮᠠᠰᠢᠨ᠎ᠤ  ᠬᠢᠨᠠᠨ  ᠲᠣᠭᠲᠠᠭ᠋ᠠᠵᠤ  ᠪᠠᠢ᠌ᠴᠠᠭ᠋ᠠᠨ  ᠬᠡᠮᠵᠢᠬᠦ  ᠪᠠᠢ᠌ᠭᠤᠯᠤᠮᠵᠢ ᠵᠢᠨ  ᠦᠨᠡᠮᠯᠡᠯ  ᠣᠯᠭᠣᠭᠰᠠᠨ  ᠮᠡᠳᠡᠭᠦᠯᠦᠯᠲᠡ ᠵᠢᠨ  ᠬᠦᠰᠦᠨᠦᠭᠲᠦ 

 

                        ᠥᠪᠥᠷ  ᠮᠣᠩᠭᠣᠯ᠎ᠤᠨ ᠥᠪᠡᠷᠲᠡᠭᠡᠨ  ᠵᠠᠰᠠᠬᠤ  ᠣᠷᠣᠨ᠎ᠤ  ᠲᠠᠷᠢᠶᠠᠯᠠᠩ

                        ᠮᠠᠯ ᠠᠵᠤ ᠠᠬᠤᠢ ᠪᠠ ᠬᠥᠳᠡᠭᠡ ᠲᠣᠰᠬᠤᠨ ᠮᠠᠯᠵᠢᠬᠤ ᠣᠷᠣᠨ᠎ᠤ ᠲᠢᠩᠬᠢᠮ

                        ᠥᠪᠥᠷ  ᠮᠣᠩᠭᠣᠯ᠎ᠤᠨ  ᠥᠪᠡᠷᠲᠡᠭᠡᠨ  ᠵᠠᠰᠠᠬᠤ  ᠣᠷᠣᠨ᠎ᠤ  ᠵᠠᠬ᠎ᠠ  ᠳᠡᠯᠭᠡᠭᠦᠷ᠎ᠤᠨ

                        ᠬᠢᠨᠠᠯᠲᠠ  ᠬᠠᠮᠢᠶᠠᠷᠤᠯᠲᠠ ᠵᠢᠨ  ᠲᠣᠪᠴᠢᠶ᠎ᠠ  

                        ᠥᠪᠥᠷ  ᠮᠣᠩᠭᠣᠯ᠎ᠤᠨ  ᠥᠪᠡᠷᠲᠡᠭᠡᠨ  ᠵᠠᠰᠠᠬᠤ  ᠣᠷᠣᠨ᠎ᠤ  ᠠᠵᠤ  ᠦᠢ᠍ᠯᠡᠳᠪᠦᠷᠢ  ᠪᠠ

                        ᠮᠡᠳᠡᠭᠡ  ᠵᠠᠩᠭᠢᠴᠢᠯᠠᠯᠲᠠ ᠵᠢᠨ  ᠲᠢᠩᠬᠢᠮ 

                        ᠥᠪᠥᠷ  ᠮᠣᠩᠭᠣᠯ᠎ᠤᠨ  ᠥᠪᠡᠷᠲᠡᠭᠡᠨ  ᠵᠠᠰᠠᠬᠤ  ᠣᠷᠣᠨ᠎ᠤ  ᠬᠥᠭᠵᠢᠭᠦᠯᠦᠯᠲᠡ  ᠪᠠ

                        ᠥᠭᠡᠷᠡᠴᠢᠯᠡᠯᠲᠡ ᠵᠢᠨ  ᠵᠥᠪᠯᠡᠯ 

                        ᠥᠪᠥᠷ  ᠮᠣᠩᠭᠣᠯ᠎ᠤᠨ  ᠥᠪᠡᠷᠲᠡᠭᠡᠨ  ᠵᠠᠰᠠᠬᠤ  ᠣᠷᠣᠨ᠎ᠤ 

                       ᠡᠳ᠋᠎ᠤᠨ  ᠵᠠᠰᠠᠭ᠎ᠤᠨ  ᠲᠢᠩᠬᠢᠮ 

                                              2025  ᠣᠨ᠎ᠤ 4  ᠰᠠᠷ᠎ᠠ ᠵᠢᠨ 30᠎ᠤ ᠡᠳᠦᠷ

ᠢᠷᠡᠯᠲᠡ᠄ ᠦᠪᠦᠷ ᠮᠣᠩᠭᠣᠯ᠎ᠤᠨ ᠲᠠᠷᠢᠶᠠᠯᠠᠩ ᠮᠠᠯ ᠠᠵᠤ ᠠᠬᠤᠢ ᠪᠠ ᠬᠦᠳᠡᠭᠡ ᠲᠤᠰᠬᠤᠨ ᠮᠠᠯᠵᠢᠬᠤ ᠤᠷᠤᠨ᠎ᠤ ᠲᠢᠩᠬᠢᠮ
          
ᠬᠠᠮᠢᠶ᠎ᠡ ᠪᠦᠬᠦᠢ ᠰᠣᠨᠢᠨ
 
            