ᠲᠡᠷᠢᠭᠦᠨ ᠬᠠᠭᠤᠳᠠᠰᠤ
ᠰᠣᠨᠢᠨ ᠮᠡᠳᠡᠭᠡ
ᠢᠯᠡ ᠵᠠᠰᠠᠭ
ᠦᠢᠯᠡᠴᠢᠯᠡᠭᠡ
ᠢᠯᠡ ᠵᠠᠰᠠᠭ   -   ᠪᠢᠴᠢᠭ ᠮᠠᠲ᠋ᠧᠷᠢᠶᠠᠯ
ᠥᠪᠥᠷ ᠮᠣᠩᠭᠣᠯ᠎ᠤᠨ ᠥᠪᠡᠷᠲᠡᠭᠡᠨ ᠵᠠᠰᠠᠬᠤ ᠣᠷᠣᠨ᠎ᠤ ᠲᠠᠷᠢᠶᠠᠯᠠᠩ ᠮᠠᠯ ᠠᠵᠤ ᠠᠬᠤᠢ ᠪᠠ ᠬᠥᠳᠡᠭᠡ ᠲᠣᠰᠬᠤᠨ ᠮᠠᠯᠵᠢᠬᠤ ᠣᠷᠣᠨ᠎ᠤ ᠲᠢᠩᠬᠢᠮ᠎ᠤᠨ 《2025 ᠣᠨ᠎ᠤ ᠠᠮᠤ ᠲᠣᠰᠣᠨ᠎ᠤ ᠬᠡᠪᠴᠢᠶᠡᠲᠦ ᠲᠠᠷᠢᠮᠠᠯ᠎ᠤᠨ ᠭᠣᠣᠯ ᠴᠣᠭᠴᠠ ᠵᠢᠨ ᠲᠠᠯᠠᠪᠠᠶ ᠨᠢᠭᠡᠴᠢ ᠵᠢᠨ ᠤᠨᠠᠯᠲᠠ ᠵᠢ ᠳᠡᠭᠡᠭᠰᠢᠯᠡᠭᠦᠯᠬᠦ ᠲᠥᠷᠥᠯ ᠵᠦᠢ᠍ᠯ᠎ᠤᠨ ᠬᠡᠷᠡᠭᠵᠢᠭᠦᠯᠬᠦ ᠲᠥᠰᠥᠯ》᠎ᠢ ᠳᠠᠷᠤᠮᠠᠯᠯᠠᠨ ᠲᠠᠷᠬᠠᠭ᠋ᠠᠬᠤ ᠲᠤᠬᠠᠢ ᠮᠡᠳᠡᠭᠳᠡᠯ
ᠨᠡᠶ᠋ᠢᠲᠡᠯᠡᠭᠰᠡᠨ ᠴᠠᠭ᠄ 2025-05-20

ᠡᠯ᠎ᠡ ᠠᠢ᠌ᠮᠠᠭ ᠬᠣᠲᠠ ᠵᠢᠨ ᠲᠠᠷᠢᠶᠠᠯᠠᠩ ᠮᠠᠯ ᠠᠵᠤ ᠠᠬᠤᠢ ᠵᠢᠨ ᠲᠣᠪᠴᠢᠶ᠎ᠠ᠂  ᠬᠥᠯᠥᠨ ᠪᠣᠶ᠋ᠢᠷ᠎ᠤᠨ ᠲᠠᠷᠢᠶᠠᠯᠠᠩ᠎ᠤᠨ ᠠᠲᠠᠷ ᠬᠠᠭ᠋ᠠᠯᠪᠤᠷᠢᠯᠠᠯᠲᠠ ᠵᠢᠨ ᠪᠦᠯᠦᠭᠯᠡᠯ᠎ᠤᠨ ᠬᠢᠵᠠᠭ᠋ᠠᠷᠲᠤ ᠺᠣᠮᠫᠠᠨᠢ᠂  ᠬᠢᠩᠭ᠋ᠠᠨ ᠠᠢ᠌ᠮᠠᠭ᠎ᠤᠨ ᠲᠠᠷᠢᠶᠠᠯᠠᠩ᠎ᠤᠨ ᠠᠲᠠᠷ ᠬᠠᠭ᠋ᠠᠯᠪᠤᠷᠢᠯᠠᠯᠲᠠ ᠵᠢᠨ ᠦᠢ᠍ᠯᠡᠰ᠎ᠤᠨ ᠬᠥᠭᠵᠢᠯᠲᠡ ᠵᠢᠨ ᠲᠥᠪ᠂  ᠪᠠᠶᠠᠨᠨᠠᠭᠤᠷ ᠬᠣᠲᠠ ᠵᠢᠨ ᠲᠠᠷᠢᠶᠠᠯᠠᠩ᠎ᠤᠨ ᠠᠲᠠᠷ ᠬᠠᠭ᠋ᠠᠯᠪᠤᠷᠢᠯᠠᠯᠲᠠ ᠵᠢᠨ (ᠪᠦᠯᠦᠭᠯᠡᠯ) ᠵᠢᠨ ᠬᠢᠵᠠᠭ᠋ᠠᠷᠲᠤ ᠺᠣᠮᠫᠠᠨᠢ᠎ᠳᠤ᠄

      ᠶᠡᠷᠦᠩᠬᠡᠢ ᠱᠦᠵᠢ  ᠰᠢ ᠵᠢᠨ ᠫᠢᠩ᠎ᠤᠨ  ᠴᠢᠬᠤᠯᠠ ᠵᠢᠭ᠋ᠠᠪᠤᠷᠢ ᠴᠣᠬᠣᠯᠠᠪᠤᠷᠢ ᠵᠢᠨ ᠵᠣᠷᠢᠭ ᠰᠠᠨᠠᠭ᠎ᠠ ᠵᠢ  ᠲᠤᠭᠤᠰᠢᠯᠠᠭᠤᠯᠤᠨ ᠨᠠᠢ᠌ᠳᠠᠪᠤᠷᠢᠵᠢᠭᠤᠯᠬᠤ ᠵᠢᠨ ᠲᠥᠯᠥᠭᠡ᠂ ᠲᠠᠷᠢᠶᠠᠯᠠᠩ ᠬᠥᠳᠡᠭᠡ ᠲᠣᠰᠬᠣᠨ᠎ᠤ ᠶᠠᠮᠤᠨ᠎ᠤ ᠨᠢᠭᠡᠳᠦᠯᠲᠡᠢ ᠪᠠᠢ᠌ᠷᠢᠯᠠᠭᠤᠯᠤᠯᠲᠠ ᠶᠣᠰᠣᠭ᠋ᠠᠷ᠂  ᠠᠮᠤ ᠪᠤᠳᠠᠭ᠎ᠠ ᠳᠤᠰᠤᠨ᠎ᠤ ᠲᠠᠷᠢᠮᠠᠯ᠎ᠤᠨ ᠲᠠᠯᠠᠪᠠᠢ ᠨᠢᠭᠡᠴᠢ ᠵᠢᠨ ᠤᠨᠠᠯᠲᠠ ᠵᠢ ᠳᠡᠭᠡᠭᠰᠢᠯᠡᠭᠦᠯᠬᠦ ᠠᠵᠢᠯᠯᠠᠭ᠎ᠠ ᠵᠢ ᠶᠡᠬᠡᠪᠡᠷ ᠠᠬᠢᠭᠤᠯᠵᠤ᠂  ᠠᠮᠤ ᠪᠤᠳᠠᠭ᠎ᠠ ᠳᠤᠰᠤᠨ᠎ᠤ ᠬᠡᠪᠴᠢᠶᠡᠲᠦ ᠲᠠᠷᠢᠮᠠᠯ᠎ᠤᠨ ᠭᠣᠣᠯ ᠴᠣᠭᠴᠠ ᠵᠢ ᠳᠡᠮᠵᠢᠬᠦ ᠡᠷᠴᠢᠮ᠎ᠢ ᠴᠢᠩᠭ᠋ᠠᠷᠠᠭᠤᠯᠵᠤ᠂  ᠠᠮᠤ ᠪᠤᠳᠠᠭ᠎ᠠ ᠳᠤᠰᠤᠨ᠎ᠤ ᠲᠠᠯᠠᠪᠠᠢ ᠨᠢᠭᠡᠴᠢ ᠵᠢᠨ ᠤᠨᠠᠯᠲᠠ ᠵᠢᠨ ᠲᠦᠪᠰᠢᠨ᠎ᠢ ᠦᠷᠭᠦᠯᠵᠢᠯᠡᠨ ᠳᠡᠭᠡᠭᠰᠢᠯᠡᠭᠦᠯᠦᠨ᠎ᠡ᠃  ᠡᠨᠡ ᠵᠢᠯ ᠠᠮᠤ ᠳᠤᠰᠤᠨ᠎ᠤ ᠬᠡᠪᠴᠢᠶᠡᠲᠦ ᠲᠠᠷᠢᠮᠠᠯ᠎ᠤᠨ ᠭᠣᠣᠯ ᠴᠣᠭᠴᠠ ᠵᠢᠨ ᠲᠠᠯᠠᠪᠠᠢ ᠨᠢᠭᠡᠴᠢ ᠵᠢᠨ ᠤᠨᠠᠯᠲᠠ ᠵᠢ ᠳᠡᠭᠡᠭᠰᠢᠯᠡᠭᠦᠯᠬᠦ ᠲᠦᠷᠦᠯ ᠵᠦᠢ᠍ᠯ᠎ᠢ  ᠦᠷᠭᠦᠯᠵᠢᠯᠡᠨ ᠵᠣᠬᠢᠶᠠᠨ ᠪᠠᠢ᠌ᠭᠤᠯᠤᠨ ᠬᠡᠷᠡᠭᠵᠢᠭᠦᠯᠵᠦ᠂  ᠰᠢᠨ᠎ᠡ ᠵᠢ ᠡᠭᠦᠳᠬᠦ ᠵᠣᠬᠢᠶᠠᠨ ᠪᠠᠢ᠌ᠭᠤᠯᠤᠯᠲᠠ ᠵᠢᠨ ᠲᠠᠯ᠎ᠠ ᠵᠢᠨ᠎ᠬᠢᠨ᠎ᠤ ᠬᠤᠷᠠᠮᠠᠯ ᠲᠠᠷᠢᠮᠠᠯ᠎ᠤᠨ ᠵᠠᠭᠪᠤᠷ᠎ᠢ ᠳᠡᠮᠵᠢᠵᠦ᠂  ᠬᠥᠲᠥᠯᠥᠨ ᠳᠠᠭ᠋ᠠᠭᠤᠯᠵᠤ ᠳᠠᠢ᠌ᠴᠢᠯᠠᠬᠤ ᠵᠢ ᠴᠢᠩᠭ᠋ᠠᠳᠬᠠᠵᠤ᠂  ᠲᠠᠯᠠᠪᠠᠢ ᠨᠢᠭᠡᠴᠢ ᠵᠢᠨ ᠤᠨᠠᠯᠲᠠ ᠵᠢ ᠳᠡᠭᠡᠭᠰᠢᠯᠡᠭᠦᠯᠬᠦ ᠵᠠᠩᠭᠢᠯᠠᠭ᠎ᠠ ᠵᠢᠨ ᠮᠡᠷᠭᠡᠵᠢᠯ ᠪᠣᠯᠣᠨ ᠬᠠᠷᠠᠯᠲᠠ ᠵᠢᠨ ᠡᠭᠦᠷᠭᠡ ᠵᠢ ᠨᠠᠢ᠌ᠳᠠᠪᠤᠷᠢᠵᠢᠭᠤᠯᠤᠨ ᠨᠠᠢ᠌ᠳᠠᠪᠤᠷᠢᠵᠢᠭᠤᠯᠬᠤ ᠵᠢ ᠠᠬᠢᠭᠤᠯᠤᠨ᠎ᠠ᠃ ᠡᠳᠦᠭᠡ 《2025 ᠣᠨ᠎ᠤ ᠠᠮᠤ ᠲᠣᠰᠣᠨ᠎ᠤ ᠬᠡᠪᠴᠢᠶᠡᠲᠦ ᠲᠠᠷᠢᠮᠠᠯ᠎ᠤᠨ ᠭᠣᠣᠯ ᠴᠣᠭᠴᠠ ᠵᠢᠨ ᠲᠠᠯᠠᠪᠠᠶ ᠨᠢᠭᠡᠴᠢ ᠵᠢᠨ ᠤᠨᠠᠯᠲᠠ ᠵᠢ ᠳᠡᠭᠡᠭᠰᠢᠯᠡᠭᠦᠯᠬᠦ ᠲᠥᠷᠥᠯ ᠵᠦᠢ᠍ᠯ᠎ᠤᠨ ᠬᠡᠷᠡᠭᠵᠢᠭᠦᠯᠬᠦ ᠲᠥᠰᠥᠯ》᠎ᠢ ᠲᠠᠨᠠᠷ᠎ᠲᠤ ᠳᠠᠷᠤᠮᠠᠯᠯᠠᠨ  ᠲᠠᠷᠬᠠᠭ᠋ᠠᠯ᠎ᠠ᠂  ᠪᠣᠳᠠᠲᠠᠢ᠎ᠲᠠᠢ᠎ᠪᠠᠨ ᠤᠶᠠᠯᠳᠤᠭᠤᠯᠤᠨ  ᠰᠠᠢ᠌ᠲᠤᠷ ᠠᠳᠬᠤᠵᠤ ᠨᠠᠢ᠌ᠳᠠᠪᠤᠷᠢᠵᠢᠭᠤᠯᠲᠤᠭ᠋ᠠᠢ᠃

     

      2025 ᠣᠨ᠎ᠤ ᠠᠮᠤ ᠲᠣᠰᠣᠨ᠎ᠤ ᠬᠡᠪᠴᠢᠶᠡᠲᠦ ᠲᠠᠷᠢᠮᠠᠯ᠎ᠤᠨ ᠭᠣᠣᠯ ᠴᠣᠭᠴᠠ ᠵᠢᠨ ᠲᠠᠯᠠᠪᠠᠶ ᠨᠢᠭᠡᠴᠢ ᠵᠢᠨ ᠤᠨᠠᠯᠲᠠ ᠵᠢ ᠳᠡᠭᠡᠭᠰᠢᠯᠡᠭᠦᠯᠬᠦ  ᠲᠥᠷᠥᠯ ᠵᠦᠢ᠍ᠯ ᠎ᠤᠨ  ᠬᠡᠷᠡᠭᠵᠢᠭᠦᠯᠬᠦ ᠲᠥᠰᠥᠯ

      《ᠲᠠᠷᠢᠶᠠᠯᠠᠩ ᠬᠥᠳᠡᠭᠡ ᠲᠣᠰᠬᠣᠨ᠎ᠤ ᠶᠠᠮᠤᠨ᠎ᠤ ᠠᠯᠪᠠᠨ ᠲᠢᠩᠬᠢᠮ᠎ᠤᠨ 〈2025 ᠣᠨ᠎ᠤ ᠠᠮᠤ ᠲᠣᠰᠣᠨ᠎ᠤ ᠬᠡᠪᠴᠢᠶᠡᠲᠦ ᠲᠠᠷᠢᠮᠠᠯ᠎ᠤᠨ ᠭᠣᠣᠯ ᠴᠣᠭᠴᠠ ᠵᠢᠨ ᠲᠠᠯᠠᠪᠠᠶ ᠨᠢᠭᠡᠴᠢ ᠵᠢᠨ ᠤᠨᠠᠯᠲᠠ ᠵᠢ ᠳᠡᠭᠡᠭᠰᠢᠯᠡᠭᠦᠯᠬᠦ ᠲᠥᠷᠥᠯ ᠵᠦᠢ᠍ᠯ᠎ᠤᠨ ᠬᠡᠷᠡᠭᠵᠢᠭᠦᠯᠬᠦ ᠲᠥᠰᠥᠯ〉᠎ᠢ ᠳᠠᠷᠤᠮᠠᠯᠯᠠᠨ ᠲᠠᠷᠬᠠᠭ᠋ᠠᠬᠤ ᠲᠤᠬᠠᠢ ᠮᠡᠳᠡᠭᠳᠡᠯ》 (ᠲᠠᠷᠢᠶᠠᠯᠠᠩ  ᠠᠯᠪᠠᠨ ᠲᠠᠷᠢᠶᠠᠯᠠᠩ [2025] 15 ᠳ᠋ᠤᠭ᠋ᠠᠷ ᠲᠣᠭ᠋ᠠᠲᠤ)᠎ᠤᠨ ᠬᠣᠯᠪᠣᠭᠳᠠᠯ ᠪᠦᠬᠦᠢ ᠱᠠᠭ᠋ᠠᠷᠳᠠᠯᠭ᠎ᠠ ᠶᠣᠰᠣᠭ᠋ᠠᠷ᠂  ᠡᠷᠳᠡᠨᠢ ᠰᠢᠰᠢ᠂ ᠰᠢᠷ᠎ᠠ ᠪᠤᠷᠴᠠᠭ᠂  ᠪᠤᠭᠤᠳᠠᠢ᠂  ᠰᠢᠯᠢᠮᠳᠡᠭ ᠵᠡᠷᠭᠡ ᠭᠣᠣᠯ ᠪᠣᠯᠬᠤ ᠠᠮᠤ ᠳᠤᠰᠤᠨ᠎ᠤ ᠲᠠᠷᠢᠮᠠᠯ᠎ᠤᠨ ᠲᠣᠭᠣᠷᠢᠨ᠎ᠳᠤ᠂  ᠲᠠᠯᠠᠪᠠᠢ ᠨᠢᠭᠡᠴᠢ ᠵᠢᠨ ᠤᠨᠠᠯᠲᠠ ᠵᠢ ᠶᠡᠬᠡ ᠬᠡᠪᠴᠢᠶ᠎ᠡ᠎ᠪᠠᠷ ᠳᠡᠭᠡᠭᠰᠢᠯᠡᠭᠦᠯᠬᠦ  ᠪᠦᠬᠦᠯᠢ  ᠪᠠᠢ᠌ᠭᠤᠯᠤᠯ᠎ᠤᠨ  ᠳᠦᠷᠢᠮ ᠵᠶ᠋ᠡᠷ ᠠᠬᠢᠭᠤᠯᠬᠤ ᠰᠢᠶᠠᠨ᠎ᠳᠤ  ᠠᠩᠬᠠᠷᠤᠯ ᠵᠶ᠋ᠠᠨ ᠲᠥᠪᠯᠡᠷᠡᠭᠦᠯᠵᠦ᠂  ᠠᠮᠤ ᠳᠤᠰᠤᠨ᠎ᠤ ᠬᠡᠪᠴᠢᠶᠡᠲᠦ ᠲᠠᠷᠢᠮᠠᠯ᠎ᠤᠨ ᠭᠣᠣᠯ ᠴᠣᠭᠴᠠ ᠵᠢᠨ ᠵᠣᠬᠢᠶᠠᠨ ᠪᠠᠢ᠌ᠭᠤᠯᠤᠯᠲᠠ ᠵᠢᠨ ᠠᠷᠭ᠎ᠠ ᠬᠡᠯᠪᠡᠷᠢ ᠵᠢᠨ ᠰᠢᠨ᠎ᠡ ᠵᠢ ᠡᠭᠦᠳᠬᠦ ᠵᠢ ᠳᠡᠮᠵᠢᠵᠦ᠂  ᠥᠨᠳᠥᠷ ᠤᠨᠠᠯᠲᠠ ᠵᠢᠨ ᠵᠠᠭᠪᠤᠷ᠎ᠢ ᠬᠤᠷᠠᠮᠳᠤᠭᠤᠯᠵᠤ᠂ ᠤᠨᠠᠯᠲᠠ᠎ᠪᠠᠨ ᠨᠡᠮᠡᠭᠳᠡᠭᠦᠯᠬᠦ ᠠᠷᠭ᠎ᠠ ᠬᠡᠮᠵᠢᠶ᠎ᠡ ᠵᠢ ᠨᠠᠢ᠌ᠳᠠᠪᠤᠷᠢᠵᠢᠭᠤᠯᠵᠤ᠂  ᠬᠥᠲᠥᠯᠥᠨ ᠳᠠᠭ᠋ᠠᠭᠤᠯᠵᠤ ᠳᠠᠢ᠌ᠴᠢᠯᠠᠬᠤ ᠵᠢ ᠴᠢᠩᠭ᠋ᠠᠳᠬᠠᠵᠤ᠂  ᠠᠮᠤ ᠳᠤᠰᠤᠨ᠎ᠤ ᠲᠠᠯᠠᠪᠠᠢ ᠨᠢᠭᠡᠴᠢ ᠵᠢᠨ ᠤᠨᠠᠯᠲᠠ ᠵᠢᠨ ᠲᠦᠪᠰᠢᠨ᠎ᠤ ᠦᠷᠭᠦᠯᠵᠢᠯᠡᠨ ᠳᠡᠭᠡᠭᠰᠢᠯᠡᠬᠦ ᠵᠢ ᠠᠬᠢᠭᠤᠯᠤᠨ᠎ᠠ᠃  ᠡᠳᠦᠭᠡ ᠲᠣᠭᠲᠠᠭ᠋ᠠᠭᠰᠠᠨ ᠲᠥᠰᠥᠯ᠎ᠨᠢ ᠳᠣᠣᠷᠠᠬᠢ ᠮᠡᠲᠦ᠄

      ᠨᠢᠭᠡ᠂  ᠶᠡᠷᠦᠩᠬᠡᠢ ᠱᠠᠭ᠋ᠠᠷᠳᠠᠯᠭ᠎ᠠ

      ᠰᠢ ᠵᠢᠨ ᠫᠢᠩ᠎ᠤᠨ ᠰᠢᠨ᠎ᠡ ᠴᠠᠭ ᠦᠶ᠎ᠡ ᠵᠢᠨ ᠳᠤᠮᠳᠠᠳᠤ ᠤᠯᠤᠰ᠎ᠤᠨ ᠣᠨᠴᠠᠯᠢᠭ ᠪᠦᠬᠦᠢ ᠨᠡᠢ᠌ᠭᠡᠮ ᠵᠢᠷᠤᠮ᠎ᠤᠨ ᠦᠵᠡᠯ ᠰᠠᠨᠠᠭ᠎ᠠ᠎ᠪᠠᠷ ᠵᠢᠯᠣᠭᠣᠳᠤᠯᠭ᠎ᠠ ᠪᠣᠯᠭ᠋ᠠᠵᠤ᠂  ᠠᠮᠤ ᠪᠤᠳᠠᠭ᠋ᠠᠨ᠎ᠤ ᠠᠮᠤᠷ ᠲᠦᠪᠰᠢᠨ᠎ᠤ ᠰᠠᠭᠤᠷᠢ ᠵᠢ ᠪᠦᠬᠦ ᠲᠠᠯ᠎ᠠ᠎ᠪᠠᠷ ᠪᠡᠬᠢᠵᠢᠭᠦᠯᠬᠦ ᠵᠢᠨ  ᠲᠣᠭᠣᠷᠢᠨ᠎ᠳᠤ᠂  ᠠᠮᠤ ᠲᠣᠰᠣᠨ᠎ᠤ ᠬᠡᠪᠴᠢᠶᠡᠲᠦ ᠲᠠᠷᠢᠮᠠᠯ᠎ᠤᠨ ᠭᠣᠣᠯ ᠴᠣᠭᠴᠠ ᠭᠡᠬᠦ ᠡᠨᠡᠬᠦ ᠵᠠᠩᠭᠢᠯᠠᠭ᠎ᠠ ᠵᠢ ᠳᠣᠪᠣᠶ᠋ᠢᠯᠭ᠋ᠠᠵᠤ᠂  ᠲᠠᠷᠢᠮᠠᠯ᠎ᠤᠨ ᠭᠣᠣᠯ ᠴᠣᠭᠴᠠ ᠵᠢᠨ ᠵᠣᠬᠢᠶᠠᠨ ᠪᠠᠢ᠌ᠭᠤᠯᠤᠯᠲᠠ ᠵᠢᠨ ᠠᠷᠭ᠎ᠠ ᠬᠡᠯᠪᠡᠷᠢ᠎ᠪᠠᠨ ᠰᠢᠯᠢᠳᠡᠭᠵᠢᠭᠦᠯᠬᠦ ᠵᠢ ᠳᠡᠮᠵᠢᠵᠦ᠂  ᠲᠡᠷᠢᠭᠦᠨ᠎ᠤ ᠮᠡᠷᠭᠡᠵᠢᠯ᠎ᠢ ᠬᠡᠷᠡᠭᠯᠡᠵᠦ᠂  ᠲᠠᠷᠢᠶ᠎ᠠ ᠦᠷ᠎ᠡ ᠪᠣᠷᠳᠣᠭᠤᠷ  ᠡᠮ᠎ᠤᠨ ᠡᠯ᠎ᠡ ᠡᠯᠧᠮᠧᠨ᠋ᠲ᠂  ᠲᠠᠷᠢᠶᠠᠯᠠᠵᠤ ᠬᠠᠮᠢᠶᠠᠷᠴᠤ ᠬᠤᠷᠢᠶᠠᠬᠤ ᠡᠯ᠎ᠡ ᠭᠣᠭᠴᠣᠭ᠎ᠠ ᠵᠢᠨ ᠭᠠᠷᠤᠯᠲᠠ ᠵᠢ ᠨᠡᠮᠡᠭᠳᠡᠭᠦᠯᠬᠦ ᠳᠠᠯᠳᠠ ᠬᠦᠴᠦᠨ᠎ᠢ ᠭᠦᠢ᠍ᠴᠡᠳ ᠠᠭᠤᠳᠠᠯᠵᠤ᠂  ᠭᠣᠣᠯ ᠪᠣᠯᠬᠤ ᠠᠮᠤ ᠪᠤᠳᠠᠭ᠎ᠠ ᠳᠤᠰᠤᠨ᠎ᠤ ᠲᠠᠷᠢᠮᠠᠯ᠎ᠤᠨ ᠵᠠᠩᠭᠢᠯᠠᠭ᠎ᠠ ᠵᠢᠨ ᠮᠡᠷᠭᠡᠵᠢᠯ᠎ᠢ ᠪᠣᠳᠠᠲᠠᠢ᠌ᠵᠢᠭᠤᠯᠬᠤ ᠨᠤᠷᠮ᠎ᠠ ᠪᠠ ᠬᠠᠮᠤᠷᠬᠤ ᠬᠡᠪᠴᠢᠶ᠎ᠡ ᠵᠢ ᠴᠢᠷᠮᠠᠢ᠌ᠨ ᠳᠡᠭᠡᠭᠰᠢᠯᠡᠭᠦᠯᠵᠦ᠂  ᠲᠤᠰᠬᠠᠢ ᠮᠡᠷᠭᠡᠵᠢᠯᠲᠡᠨ᠎ᠠᠴᠠ  ᠤᠨᠠᠯᠲᠠ ᠵᠢ ᠲᠠᠷᠢᠶᠠᠴᠢᠨ᠎ᠤ  ᠤᠨᠠᠯᠲᠠ ᠵᠢᠨ ᠬᠡᠮᠵᠢᠶ᠎ᠡ ᠪᠣᠯᠭ᠋ᠠᠨ ᠬᠤᠪᠢᠷᠠᠭᠤᠯᠵᠤ᠂  ᠨᠡᠢ᠌ᠲᠡᠯᠢᠭ  ᠤᠨᠠᠯᠲᠠ ᠵᠢᠨ ᠬᠡᠮᠵᠢᠶ᠎ᠡ ᠵᠢ  ᠶᠡᠬᠡ ᠲᠠᠷᠢᠶᠠᠨ ᠭᠠᠵᠠᠷ᠎ᠤᠨ  ᠤᠨᠠᠯᠲᠠ ᠵᠢᠨ ᠬᠡᠮᠵᠢᠶ᠎ᠡ ᠪᠣᠯᠭ᠋ᠠᠨ ᠬᠤᠪᠢᠷᠠᠭᠤᠯᠵᠤ᠂  ᠶᠡᠬᠡ ᠬᠡᠪᠴᠢᠶ᠎ᠡ᠎ᠪᠠᠷ ᠲᠡᠩᠴᠡᠭᠦᠷᠢᠲᠡᠢ ᠨᠡᠮᠡᠭᠳᠡᠭᠦᠯᠬᠦ ᠵᠢ ᠨᠡᠩ ᠰᠠᠢ᠌ᠲᠤᠷ ᠬᠥᠲᠥᠯᠥᠨ ᠳᠠᠭ᠋ᠠᠭᠤᠯᠵᠤ᠂  ᠠᠮᠤ ᠪᠤᠳᠠᠭ᠎ᠠ ᠪᠠ ᠴᠢᠬᠤᠯᠠ ᠲᠠᠷᠢᠶᠠᠯᠠᠩ᠎ᠤᠨ ᠪᠦᠲᠦᠭᠡᠭᠳᠡᠬᠦᠨ᠎ᠤ ᠦᠢ᠍ᠯᠡᠳᠪᠦᠷᠢᠯᠡᠯ᠎ᠤᠨ ᠴᠢᠳᠠᠪᠤᠷᠢ ᠵᠢ ᠲᠠᠰᠤᠷᠠᠯᠲᠠ ᠦᠭᠡᠢ ᠳᠡᠭᠡᠭᠰᠢᠯᠡᠭᠦᠯᠬᠦ ᠵᠢ  ᠠᠬᠢᠭᠤᠯᠤᠨ᠎ᠠ᠃

      ᠬᠣᠶᠠᠷ᠂  ᠮᠡᠷᠭᠡᠵᠢᠯ᠎ᠤᠨ ᠠᠷᠭ᠎ᠠ ᠵᠠᠮ

      ᠡᠷᠳᠡᠨᠢ ᠰᠢᠰᠢ᠂  ᠰᠢᠷ᠎ᠠ ᠪᠤᠷᠴᠠᠭ᠂  ᠪᠤᠭᠤᠳᠠᠢ᠂  ᠰᠢᠯᠢᠮᠳᠡᠭ᠎ᠢ ᠡᠩ ᠲᠡᠷᠢᠭᠦᠨ᠎ᠳᠤ ᠳᠡᠮᠵᠢᠵᠦ᠂  ᠤᠰᠤᠨ ᠲᠤᠲᠤᠷᠭ᠎ᠠ᠂  ᠲᠥᠮᠥᠰᠥ᠂  ᠨᠡᠷᠡᠨ  ᠬᠤᠸᠠᠷ᠂  ᠬᠤᠯᠢᠮᠠᠭ  ᠠᠮᠤ ᠬᠤᠯᠢᠮᠠᠭ  ᠪᠤᠷᠴᠠᠭ ᠪᠠ ᠣᠨᠴᠠᠯᠢᠭᠲᠤ ᠲᠠᠷᠢᠮᠠᠯ ᠵᠡᠷᠭᠡ ᠵᠢ ᠬᠠᠮᠲᠤ᠎ᠳᠤᠨᠢ ᠬᠠᠷᠠᠭ᠋ᠠᠯᠵᠠᠵᠤ᠂  ᠪᠣᠳᠠᠲᠠᠢ ᠲᠠᠷᠢᠮᠠᠯ᠎ᠤᠨ ᠲᠥᠷᠥᠯ ᠵᠦᠢ᠍ᠯ᠎ᠢ ᠡᠯ᠎ᠡ ᠠᠢ᠌ᠮᠠᠭ ᠬᠣᠲᠠ ᠎ᠠᠴᠠ ᠲᠣᠰ ᠭᠠᠵᠠᠷ᠎ᠤᠨ ᠦᠢ᠍ᠯᠡᠳᠪᠦᠷᠢᠯᠡᠯ᠎ᠤᠨ ᠪᠣᠳᠠᠲᠤ ᠪᠠᠢ᠌ᠳᠠᠯ᠎ᠳᠠᠭᠠᠨ ᠰᠠᠭᠤᠷᠢᠯᠠᠨ ᠲᠣᠭᠲᠠᠭ᠋ᠠᠨ᠎ᠠ᠃

      (ᠨᠢᠭᠡ)  ᠡᠷᠳᠡᠨᠢ ᠰᠢᠰᠢ᠃  ᠨᠢᠭᠲᠠ᠎ᠳᠤ ᠳᠠᠭ᠋ᠠᠭ᠋ᠠᠮᠠᠭ᠋ᠠᠢ᠂ ᠨᠠᠯᠠᠨ ᠤᠨᠠᠬᠤ ᠵᠢ ᠳᠠᠭ᠋ᠠᠭ᠋ᠠᠬᠤ᠂  ᠮᠠᠰᠢᠨ ᠵᠶ᠋ᠠᠷ ᠬᠤᠷᠢᠶᠠᠬᠤ᠎ᠳᠤ ᠲᠣᠬᠢᠷᠠᠮᠵᠢᠲᠠᠢ ᠴᠢᠨᠠᠷ ᠰᠠᠢ᠌ᠲᠠᠢ ᠥᠨᠳᠥᠷ ᠤᠨᠠᠯᠲᠠ᠎ᠲᠠᠢ  ᠲᠥᠷᠥᠯ ᠵᠦᠢ᠍ᠯ᠎ᠢ ᠳᠡᠯᠭᠡᠷᠡᠭᠦᠯᠦᠨ ᠬᠡᠷᠡᠭᠯᠡᠨ᠎ᠡ; ᠭᠠᠵᠠᠷ ᠰᠢᠷᠣᠢ ᠵᠢ ᠨᠠᠷᠢᠯᠢᠭ ᠲᠡᠭᠰᠢᠯᠡᠬᠦ᠂  ᠨᠠᠷᠢᠯᠢᠭ ᠣᠨᠣᠴᠠᠲᠠᠢ  ᠪᠠᠭᠯᠠᠬᠤ᠂  ᠵᠠᠮᠴᠢᠯᠠᠨ ᠨᠠᠷᠢᠯᠢᠭ ᠳᠠᠷᠢᠬᠤ᠂  ᠨᠠᠷᠢᠯᠢᠭ ᠣᠨᠣᠴᠠᠲᠠᠢ᠎ᠪᠠᠷ ᠤᠰᠤ ᠪᠣᠷᠳᠣᠭᠤᠷ᠎ᠢ ᠬᠠᠮᠢᠶᠠᠷᠬᠤ᠂  ᠨᠠᠷᠢᠯᠢᠭ ᠣᠨᠣᠴᠠᠲᠠᠢ᠎ᠪᠠᠷ ᠬᠢᠮᠢ ᠵᠢᠨ ᠲᠣᠬᠢᠷᠠᠭᠤᠯᠤᠯ ᠡᠵᠡᠮᠳᠡᠯ ᠬᠢᠬᠦ᠂  ᠨᠠᠷᠢᠯᠢᠭ ᠣᠨᠣᠴᠠᠲᠠᠢ᠎ᠪᠠᠷ ᠡᠪᠡᠳᠴᠢᠨ ᠬᠣᠷᠣᠬᠠᠢ ᠡᠪᠡᠰᠦᠨ᠎ᠤ ᠬᠥᠨᠥᠭᠡᠯ᠎ᠢ ᠰᠡᠷᠭᠡᠢ᠌ᠯᠡᠨ ᠵᠠᠰᠠᠬᠤ᠂  ᠮᠠᠰᠢᠨ ᠵᠶ᠋ᠠᠷ ᠬᠣᠬᠢᠷᠠᠯ᠎ᠢ ᠪᠠᠭ᠋ᠠᠰᠬᠠᠵᠤ ᠬᠤᠷᠢᠶᠠᠯᠲᠠ ᠠᠪᠬᠤ ᠵᠡᠷᠭᠡ ᠵᠠᠩᠭᠢᠯᠠᠭ᠎ᠠ ᠵᠢᠨ ᠠᠷᠭ᠎ᠠ ᠬᠡᠮᠵᠢᠶ᠎ᠡ ᠵᠢ  ᠢᠵᠢ ᠪᠦᠷᠢᠳᠦᠭᠦᠯᠦᠨ᠎ᠡ;  ᠨᠢᠭᠲᠠ ᠲᠠᠷᠢᠵᠦ ᠨᠠᠷᠢᠯᠢᠭ ᠣᠨᠣᠴᠠᠲᠠᠢ᠎ᠪᠠᠷ ᠥᠨᠳᠥᠷ ᠤᠨᠠᠯᠲᠠ ᠵᠢ ᠲᠣᠬᠢᠷᠠᠭᠤᠯᠤᠨ ᠡᠵᠡᠮᠳᠡᠬᠦ᠂  ᠪᠦᠷᠬᠦᠭᠦᠯ ᠦᠭᠡᠢ᠎ᠪᠠᠷ ᠭᠦᠢ᠍ᠬᠡᠨ ᠪᠤᠯᠠᠵᠤ ᠳᠤᠰᠤᠯᠭ᠋ᠠᠨ ᠤᠰᠤᠯᠠᠬᠤ ᠤᠰᠤ ᠪᠣᠷᠳᠣᠭᠤᠷ᠎ᠢ ᠨᠢᠭᠡ ᠴᠣᠭᠴᠠᠵᠢᠭᠤᠯᠬᠤ᠂  ᠪᠦᠬᠦ ᠪᠦᠷᠬᠦᠭᠦᠯ᠎ᠢ ᠬᠤᠴᠢᠵᠤ ᠬᠣᠣᠰ ᠳᠠᠯᠠᠩ᠎ᠤᠨ ᠭᠤᠤ᠎ᠪᠠᠷ ᠲᠠᠷᠢᠬᠤ᠂  ᠲᠣᠮᠣ ᠳᠠᠯᠠᠩ᠎ᠢ ᠬᠣᠶᠠᠷ ᠲᠠᠯ᠎ᠠ᠎ᠪᠠᠷ ᠶᠠᠪᠤᠭᠤᠯᠬᠤ ᠵᠡᠷᠭᠡ ᠥᠨᠳᠥᠷ ᠪᠦᠲᠦᠮᠵᠢᠲᠡᠶ ᠲᠠᠷᠢᠵᠤ ᠪᠣᠢ᠌ᠵᠢᠭᠤᠯᠬᠤ ᠮᠡᠷᠭᠡᠵᠢᠯ᠎ᠤᠨ ᠵᠠᠭᠪᠤᠷ᠎ᠢ ᠲᠥᠪᠯᠡᠷᠡᠭᠦᠯᠦᠨ ᠳᠡᠯᠭᠡᠷᠡᠭᠦᠯᠦᠨ᠎ᠡ᠃

      (ᠬᠣᠶᠠᠷ)  ᠰᠢᠷ᠎ᠠ ᠪᠤᠷᠴᠠᠭ᠃  ᠨᠢᠭᠲᠠ ᠎ᠳᠤ ᠳᠠᠭ᠋ᠠᠭ᠋ᠠᠮᠠᠭ᠋ᠠᠢ᠂  ᠡᠪᠡᠳᠴᠢᠨ ᠬᠣᠷᠣᠬᠠᠢ ᠵᠢ ᠡᠰᠡᠷᠭᠦᠴᠡᠬᠦ᠂  ᠮᠠᠰᠢᠨ ᠵᠶ᠋ᠠᠷ ᠬᠤᠷᠢᠶᠠᠬᠤ᠎ᠳᠤ ᠲᠣᠬᠢᠷᠠᠮᠵᠢᠲᠠᠢ ᠲᠣᠰᠣ ᠶᠡᠬᠡᠲᠡᠢ ᠥᠨᠳᠥᠷ ᠭᠠᠷᠤᠯᠲᠠ᠎ᠲᠠᠢ ᠪᠠ ᠤᠭᠤᠷᠠᠭ ᠶᠡᠬᠡᠲᠡᠢ ᠥᠨᠳᠥᠷ ᠭᠠᠷᠤᠯᠲᠠ᠎ᠲᠠᠢ ᠲᠦᠷᠦᠯ ᠵᠦᠢ᠍ᠯ᠎ᠢ ᠳᠡᠯᠭᠡᠷᠡᠭᠦᠯᠦᠨ ᠬᠡᠷᠡᠭᠯᠡᠨ᠎ᠡ; ᠵᠣᠬᠢᠰᠲᠠᠢ ᠡᠭᠡᠯᠵᠢᠯᠡᠨ ᠳᠠᠷᠢᠬᠤ᠂  ᠭᠠᠵᠠᠷ ᠰᠢᠷᠣᠢ ᠵᠢ ᠨᠠᠷᠢᠯᠢᠭ ᠲᠡᠭᠰᠢᠯᠡᠬᠦ᠂  ᠶᠡᠬᠡ ᠳᠠᠯᠠᠩ ᠵᠶ᠋ᠠᠷ ᠨᠢᠭᠲᠠ ᠳᠠᠷᠢᠬᠤ᠂  ᠦᠷ᠎ᠡ ᠪᠠᠭᠯᠠᠬᠤ᠂  ᠦᠨᠳᠦᠰᠦ ᠵᠢᠨ ᠪᠡᠲᠡᠭᠢ ᠵᠢᠨ ᠪᠠᠺᠲ᠋ᠧᠷᠢ ᠵᠢ ᠳᠠᠷᠢᠬᠤ᠂  ᠳᠠᠪᠬᠤᠷᠭ᠋ᠠᠯᠠᠨ ᠪᠣᠷᠳᠣᠭᠤᠷ ᠣᠷᠣᠭᠤᠯᠬᠤ᠂  ᠨᠢᠭᠡ  ᠰᠦᠷᠴᠢᠵᠦ ᠣᠯᠠᠨ᠎ᠢ  ᠠᠬᠢᠭᠤᠯᠬᠤ᠂  ᠮᠢᠺᠷᠣᠪ ᠪᠠᠺᠲ᠋ᠧᠷᠢ ᠵᠢᠨ ᠨᠠᠢ᠌ᠷᠠᠯᠭ᠎ᠠ ᠵᠢ ᠨᠢᠭᠡ ᠬᠣᠯᠢᠵᠤ ᠬᠣᠶᠠᠷ ᠣᠷᠣᠭᠤᠯᠬᠤ᠂  ᠪᠠᠭ᠎ᠠ ᠬᠣᠬᠢᠷᠠᠯ ᠵᠶ᠋ᠠᠷ ᠬᠤᠷᠢᠶᠠᠬᠤ ᠵᠡᠷᠭᠡ ᠵᠠᠩᠭᠢᠯᠠᠭ᠎ᠠ ᠵᠢᠨ ᠠᠷᠭ᠎ᠠ ᠬᠡᠮᠵᠢᠶ᠎ᠡ ᠵᠢ  ᠢᠵᠢ ᠪᠦᠷᠢᠳᠦᠭᠦᠯᠦᠨ᠎ᠡ;  ᠰᠢᠷ᠎ᠠ ᠪᠤᠷᠴᠠᠭ᠎ᠤᠨ ᠲᠣᠮᠣ ᠳᠠᠯᠠᠩ᠎ᠢ ᠥᠨᠳᠥᠷ ᠲᠠᠯᠪᠢᠬᠤ᠂  ᠲᠣᠮᠣ ᠳᠠᠯᠠᠩ᠎ᠢ ᠨᠢᠭᠲᠠ ᠲᠠᠷᠢᠵᠦ ᠭᠦᠢ᠍ᠬᠡᠨ ᠪᠤᠯᠠᠵᠤ ᠳᠤᠰᠤᠯᠭ᠋ᠠᠨ ᠤᠰᠤᠯᠠᠬᠤ᠂  ᠳᠠᠯᠠᠩ᠎ᠢ ᠭᠤᠷᠪᠠᠨᠲᠠ ᠲᠠᠷᠢᠵᠦ ᠪᠣᠢ᠌ᠵᠢᠭᠤᠯᠬᠤ ᠵᠡᠷᠭᠡ ᠬᠡᠷᠡᠭᠯᠡᠭᠡᠨ᠎ᠤ ᠥᠨᠳᠥᠷ ᠤᠨᠠᠯᠲᠠ᠎ᠲᠠᠢ ᠥᠨᠳᠥᠷ ᠦᠷ᠎ᠡ ᠠᠰᠢᠭ᠎ᠲᠠᠢ ᠲᠠᠷᠢᠵᠦ ᠪᠣᠢ᠌ᠵᠢᠭᠤᠯᠬᠤ ᠮᠡᠷᠭᠡᠵᠢᠯ᠎ᠤᠨ ᠵᠠᠭᠪᠤᠷ᠎ᠢ ᠲᠥᠪᠯᠡᠷᠡᠭᠦᠯᠦᠨ ᠳᠡᠯᠭᠡᠷᠡᠭᠦᠯᠦᠨ᠎ᠡ᠃

      (ᠭᠤᠷᠪᠠ)  ᠪᠤᠭᠤᠳᠠᠢ᠃  ᠴᠢᠨᠠᠷ ᠰᠠᠢ᠌ᠲᠠᠢ᠂  ᠥᠨᠳᠥᠷ ᠳᠠᠭ᠋ᠠᠭ᠋ᠠᠴᠠ᠎ᠲᠠᠢ᠂  ᠳᠤᠮᠳᠠ ᠵᠡᠷᠭᠡ ᠵᠢᠨ ᠰᠢᠷᠪᠦᠰᠦ ᠴᠢᠩᠭ᠎ᠠ᠂ ᠥᠨᠳᠥᠷ ᠰᠢᠷᠪᠦᠰᠦ ᠴᠢᠩᠭ᠎ᠠ᠎ᠲᠠᠢ ᠪᠤᠭᠤᠳᠠᠢ ᠵᠢᠨ ᠡᠭᠦᠯᠳᠡᠷ᠎ᠢ ᠳᠡᠯᠭᠡᠷᠡᠭᠦᠯᠦᠨ ᠬᠡᠷᠡᠭᠯᠡᠨ᠎ᠡ;  ᠭᠠᠵᠠᠷ ᠰᠢᠷᠣᠢ ᠵᠢ ᠨᠠᠷᠢᠯᠢᠭ ᠲᠡᠭᠰᠢᠯᠡᠬᠦ᠂  ᠵᠠᠮᠴᠢᠯᠠᠨ ᠨᠠᠷᠢᠯᠢᠭ ᠲᠠᠷᠢᠬᠤ᠂  ᠣᠷᠭ᠋ᠠᠨᠢᠭ ᠪᠣᠷᠳᠣᠭᠤᠷ ᠨᠡᠮᠡᠵᠦ ᠣᠷᠣᠭᠤᠯᠬᠤ᠂  ᠡᠰᠢ ᠰᠦᠷᠡᠯ᠎ᠢ ᠲᠠᠷᠢᠶᠠᠨ᠎ᠳᠤ ᠣᠷᠣᠭᠤᠯᠬᠤ᠂  ᠤᠰᠤ ᠪᠣᠷᠳᠣᠭᠤᠷ᠎ᠢ ᠨᠢᠭᠡ ᠴᠣᠭᠴᠠᠵᠢᠭᠤᠯᠬᠤ᠂  ᠨᠢᠭᠡ᠎ᠳᠤ ᠰᠦᠷᠴᠢᠵᠦ ᠭᠤᠷᠪᠠ ᠵᠢ ᠰᠡᠷᠭᠡᠢ᠌ᠯᠡᠬᠦ ᠵᠡᠷᠭᠡ ᠵᠠᠩᠭᠢᠯᠠᠭ᠎ᠠ ᠵᠢᠨ ᠠᠷᠭ᠎ᠠ ᠬᠡᠮᠵᠢᠶ᠎ᠡ ᠵᠢ ᠢᠵᠢ ᠪᠦᠷᠢᠳᠦᠭᠦᠯᠦᠨ᠎ᠡ;  ᠬᠠᠪᠤᠷ᠎ᠤᠨ ᠪᠤᠭᠤᠳᠠᠢ ᠵᠢᠨ ᠬᠣᠶᠠᠷ᠎ᠢ ᠥᠭᠡᠷᠡᠴᠢᠯᠡᠵᠦ ᠭᠤᠷᠪᠠ ᠵᠢ ᠢᠵᠢ ᠪᠦᠷᠢᠳᠦᠭᠦᠯᠬᠦ ᠪᠣᠬᠢᠷᠲᠤᠯ ᠦᠭᠡᠢ ᠦᠷ᠎ᠡ ᠠᠰᠢᠭ᠎ᠢ ᠨᠡᠮᠡᠭᠳᠡᠭᠦᠯᠬᠦ ᠮᠡᠷᠭᠡᠵᠢᠯ᠂  ᠪᠥᠬᠥ ᠶᠠᠪᠤᠴᠠ ᠵᠢᠨ ᠮᠠᠰᠢᠨᠴᠢᠯᠠᠯᠲᠠ ᠵᠢᠨ ᠶᠡᠷᠦᠩᠬᠡᠢ᠌ᠯᠡᠭᠰᠡᠨ ᠢᠵᠢ ᠪᠦᠷᠢᠳᠦᠭᠦᠯᠬᠦ ᠮᠡᠷᠭᠡᠵᠢᠯ᠂  ᠭᠠᠩ ᠬᠠᠭᠰᠠᠷᠠᠭ᠋ᠠᠨ᠎ᠲᠠᠢ ᠲᠡᠮᠡᠴᠡᠵᠦ ᠥᠨᠳᠥᠷ ᠤᠨᠠᠯᠲᠠ ᠵᠢᠨ ᠮᠠᠰᠢᠨᠴᠢᠯᠠᠯᠲᠠ ᠵᠢᠨ ᠶᠡᠷᠦᠩᠬᠡᠢ᠌ᠯᠡᠭᠰᠡᠨ ᠢᠵᠢ ᠪᠦᠷᠢᠳᠦᠭᠦᠯᠬᠦ ᠮᠡᠷᠭᠡᠵᠢᠯ᠂  ᠪᠤᠭᠤᠳᠠᠢ ᠵᠢᠨ ᠰᠡᠭᠦᠯᠴᠢ ᠵᠢᠨ ᠳᠠᠬᠢᠨ ᠳᠠᠷᠢᠬᠤ ᠪᠠ  ᠠᠯᠠᠭᠯᠠᠨ ᠳᠠᠷᠢᠬᠤ ᠵᠡᠷᠭᠡ ᠣᠯᠠᠨ ᠡᠰᠢᠵᠢᠭᠰᠡᠨ ᠥᠨᠳᠥᠷ ᠤᠨᠠᠯᠲᠠ᠎ᠲᠠᠢ ᠥᠨᠳᠥᠷ ᠦᠷ᠎ᠡ ᠠᠰᠢᠭ᠎ᠲᠠᠢ ᠳᠠᠷᠢᠵᠤ ᠪᠣᠢ᠌ᠵᠢᠭᠤᠯᠬᠤ ᠮᠡᠷᠭᠡᠵᠢᠯ᠎ᠤᠨ ᠵᠠᠭᠪᠤᠷ᠎ᠢ ᠲᠥᠪᠯᠡᠷᠡᠭᠦᠯᠦᠨ ᠳᠡᠯᠭᠡᠷᠡᠭᠦᠯᠦᠨ᠎ᠡ᠃

      (ᠳᠥᠷᠪᠡ)  ᠰᠢᠯᠢᠮᠳᠡᠭ᠃  ᠭᠠᠩ ᠬᠠᠭᠰᠠᠷᠠᠭ᠋ᠠᠨ᠎ᠲᠠᠢ ᠲᠡᠮᠡᠴᠡᠵᠦ ᠳᠣᠣᠷ᠎ᠠ ᠳᠤᠯᠠᠭ᠋ᠠᠨ᠎ᠳᠤ ᠳᠠᠭ᠋ᠠᠭ᠋ᠠᠮᠠᠭ᠋ᠠᠢ᠂  ᠨᠢᠭᠲᠠ ᠪᠥᠭᠡᠳ ᠨᠠᠯᠠᠨ ᠤᠨᠠᠬᠤ ᠵᠢ ᠳᠠᠭ᠋ᠠᠭ᠋ᠠᠬᠤ ᠵᠡᠷᠭᠡ ᠲᠣᠰᠣ ᠶᠡᠬᠡᠲᠡᠢ ᠥᠨᠳᠥᠷ ᠤᠨᠠᠯᠲᠠ᠎ᠲᠠᠢ᠂  ᠮᠠᠰᠢᠨ ᠵᠶ᠋ᠠᠷ ᠬᠤᠷᠢᠶᠠᠬᠤ᠎ᠳᠤ ᠲᠣᠬᠢᠷᠠᠮᠵᠢᠲᠠᠢ ᠲᠦᠷᠦᠯ ᠵᠦᠢ᠍ᠯ᠎ᠢ ᠳᠡᠯᠭᠡᠷᠡᠭᠦᠯᠦᠨ ᠬᠡᠷᠡᠭᠯᠡᠨ᠎ᠡ; ᠪᠤᠭᠤᠳᠠᠢ ᠵᠢᠨ  ᠦᠨᠳᠦᠰᠦ ᠡᠰᠢ ᠵᠢ ᠦᠯᠦ ᠬᠠᠭ᠋ᠠᠯᠪᠤᠷᠢᠯᠠᠬᠤ᠂  ᠦᠷ᠎ᠡ  ᠵᠢ ᠮᠥᠬᠥᠯᠢᠭᠵᠢᠭᠦᠯᠦᠨ ᠨᠠᠷᠢᠯᠢᠭ ᠲᠠᠷᠢᠬᠤ᠂  ᠳᠠᠪᠬᠤᠷᠭ᠎ᠠ ᠬᠤᠪᠢᠶᠠᠨ ᠪᠣᠷᠳᠣᠭᠤᠷ ᠣᠷᠣᠭᠤᠯᠬᠤ᠂  ᠪᠣᠬᠢᠷᠲᠤᠯ ᠦᠭᠡᠢ ᠰᠡᠷᠭᠡᠢ᠌ᠯᠡᠨ ᠡᠵᠡᠮᠳᠡᠬᠦ᠂  ᠬᠠᠳᠤᠬᠤ ᠬᠠᠲᠠᠭ᠋ᠠᠬᠤ ᠲᠡᠭᠦᠬᠦ ᠬᠡᠰᠡᠭ  ᠬᠤᠪᠢᠶᠠᠨ ᠮᠠᠰᠢᠨ ᠵᠶ᠋ᠠᠷ ᠬᠤᠷᠢᠶᠠᠬᠤ ᠵᠡᠷᠭᠡ ᠵᠠᠩᠭᠢᠯᠠᠭ᠎ᠠ ᠵᠢᠨ ᠠᠷᠭ᠎ᠠ ᠬᠡᠮᠵᠢᠶ᠎ᠡ ᠵᠢ ᠢᠵᠢ ᠪᠦᠷᠢᠳᠦᠭᠦᠯᠵᠦ᠂  ᠰᠢᠯᠢᠮᠳᠡᠭ᠎ᠤᠨ ᠪᠦᠬᠦ ᠶᠠᠪᠤᠴᠠ ᠵᠢ  ᠮᠠᠰᠢᠨᠴᠢᠯᠠᠨ ᠦᠯᠦ ᠬᠠᠭ᠋ᠠᠯᠪᠤᠷᠢᠯᠠᠬᠤ᠂  ᠥᠷᠭᠡᠨ ᠪᠦᠷᠬᠦᠪᠴᠢᠳᠤ ᠭᠤᠤ᠎ᠪᠠᠷ ᠲᠠᠷᠢᠬᠤ ᠵᠡᠷᠭᠡ ᠲᠠᠷᠢᠬᠤ ᠮᠡᠷᠭᠡᠵᠢᠯ᠎ᠤᠨ ᠵᠠᠭᠪᠤᠷ᠎ᠢ ᠲᠥᠪᠯᠡᠷᠡᠭᠦᠯᠦᠨ ᠳᠡᠯᠭᠡᠷᠡᠭᠦᠯᠦᠨ᠎ᠡ᠃

      (ᠲᠠᠪᠤ)  ᠤᠰᠤᠨ ᠲᠤᠲᠤᠷᠭ᠎ᠠ᠃  ᠬᠦᠢ᠍ᠲᠡᠨ᠎ᠳᠤ ᠲᠡᠰᠪᠦᠷᠢᠲᠡᠢ ᠥᠨᠳᠥᠷ ᠤᠨᠠᠯᠲᠠ᠎ᠲᠠᠢ ᠴᠢᠨᠠᠷ ᠰᠠᠢ᠌ᠲᠠᠢ ᠤᠰᠤᠨ ᠲᠤᠲᠤᠷᠭ᠎ᠠ ᠵᠢᠨ ᠲᠦᠷᠦᠯ ᠵᠦᠢ᠍ᠯ᠎ᠢ  ᠲᠥᠪᠯᠡᠷᠡᠭᠦᠯᠦᠨ  ᠳᠡᠯᠭᠡᠷᠡᠭᠦᠯᠦᠨ᠎ᠡ; ᠲᠥᠪᠯᠡᠷᠡᠭᠦᠯᠦᠨ  ᠴᠢᠬᠢ ᠪᠣᠢ᠌ᠵᠢᠭᠤᠯᠬᠤ᠂  ᠮᠠᠰᠢᠨ ᠵᠶ᠋ᠠᠷ ᠴᠢᠬᠢ ᠰᠠᠭᠤᠯᠭ᠋ᠠᠬᠤ᠂  ᠭᠦᠢ᠍ᠬᠡᠨ ᠨᠣᠢ᠌ᠲᠠᠨ ᠬᠠᠭᠤᠷᠠᠢ ᠵᠠᠪᠰᠠᠷᠯᠠᠨ ᠡᠭᠡᠯᠵᠢᠯᠡᠨ ᠤᠰᠤᠯᠠᠬᠤ᠂  ᠣᠷᠭ᠋ᠠᠨᠢᠭ ᠪᠣᠷᠳᠣᠭᠤᠷ ᠨᠡᠮᠡᠵᠦ ᠣᠷᠣᠭᠤᠯᠬᠤ᠂  ᠬᠠᠵᠠᠭᠤ᠎ᠠᠴᠠ  ᠭᠦᠨ ᠪᠣᠷᠳᠣᠭᠤᠷ ᠣᠷᠣᠭᠤᠯᠬᠤ ᠵᠡᠷᠭᠡ ᠵᠠᠩᠭᠢᠯᠠᠭ᠎ᠠ ᠵᠢᠨ ᠠᠷᠭ᠎ᠠ ᠬᠡᠮᠵᠢᠶ᠎ᠡ ᠵᠢ  ᠢᠵᠢ ᠪᠦᠷᠢᠳᠦᠭᠦᠯᠦᠨ᠎ᠡ; ᠴᠢᠨᠠᠷ ᠰᠠᠢ᠌ᠲᠠᠢ ᠤᠰᠤᠨ ᠲᠤᠲᠤᠷᠭ᠎ᠠ ᠵᠢᠨ ᠪᠣᠬᠢᠷᠲᠤᠯ ᠦᠭᠡᠢ ᠤᠰᠤ ᠠᠷᠪᠢᠯᠠᠬᠤ ᠥᠨᠳᠥᠷ ᠦᠷ᠎ᠡ ᠠᠰᠢᠭ᠎ᠲᠠᠢ᠂  ᠥᠷᠭᠡᠨ ᠢᠪᠴᠤᠤ  ᠮᠥᠷᠲᠦ ᠥᠨᠳᠥᠷ ᠭᠡᠷᠡᠯ᠎ᠤᠨ ᠠᠰᠢᠭᠯᠠᠮᠵᠢ᠎ᠲᠠᠢ ᠪᠠᠢ᠌ᠬᠤ ᠵᠡᠷᠭᠡ ᠥᠨᠳᠥᠷ ᠤᠨᠠᠯᠲᠠ᠎ᠲᠠᠢ ᠲᠠᠷᠢᠵᠤ ᠪᠣᠢ᠌ᠵᠢᠭᠤᠯᠬᠤ ᠮᠡᠷᠭᠡᠵᠢᠯ᠎ᠤᠨ ᠵᠠᠭᠪᠤᠷ᠎ᠢ ᠲᠥᠪᠯᠡᠷᠡᠭᠦᠯᠦᠨ ᠳᠡᠯᠭᠡᠷᠡᠭᠦᠯᠦᠨ᠎ᠡ᠃

      (ᠵᠢᠷᠭᠤᠭ᠎ᠠ) ᠲᠥᠮᠥᠰᠥ᠃  ᠰᠥᠷᠬᠦ ᠵᠢ ᠡᠰᠡᠷᠭᠦᠴᠡᠬᠦ ᠴᠢᠨᠠᠷ ᠵᠶ᠋ᠠᠷ ᠴᠢᠩᠭ᠎ᠠ᠂  ᠪᠣᠯᠪᠠᠰᠤᠷᠠᠬᠤ ᠬᠤᠭᠤᠴᠠᠭ᠋ᠠᠨ᠎ᠳᠤ ᠲᠣᠬᠢᠷᠠᠮᠵᠢᠲᠠᠢ ᠲᠤᠰᠬᠠᠢ ᠬᠡᠷᠡᠭᠯᠡᠭᠡᠨ᠎ᠤ ᠪᠤᠶᠤ ᠬᠠᠪᠰᠤᠷᠭ᠋ᠠᠨ ᠬᠡᠷᠡᠭᠯᠡᠬᠦ ᠬᠡᠯᠪᠡᠷᠢ ᠵᠢᠨ ᠰᠢᠯᠢᠳᠡᠭ ᠡᠭᠦᠯᠳᠡᠷ᠎ᠢ ᠳᠡᠯᠭᠡᠷᠡᠭᠦᠯᠦᠨ ᠬᠡᠷᠡᠭᠯᠡᠨ᠎ᠡ; ᠵᠦᠢ ᠵᠣᠬᠢᠰᠲᠠᠢ᠎ᠪᠠᠷ ᠨᠢᠭᠲᠠ ᠲᠠᠷᠢᠬᠤ᠂  ᠡᠭᠡᠯᠵᠢᠯᠡᠨ ᠲᠠᠷᠢᠬᠤ᠂  ᠭᠠᠵᠠᠷ᠎ᠤᠨ ᠥᠩ ᠰᠢᠮ᠎ᠡ ᠵᠢ ᠨᠡᠮᠡᠭᠳᠡᠭᠦᠯᠬᠦ ᠵᠡᠷᠭᠡ ᠵᠠᠩᠭᠢᠯᠠᠭ᠎ᠠ ᠵᠢᠨ ᠠᠷᠭ᠎ᠠ ᠬᠡᠮᠵᠢᠶ᠎ᠡ ᠵᠢ ᠢᠵᠢ ᠪᠦᠷᠢᠳᠦᠭᠦᠯᠦᠨ ᠵᠦᠢ ᠵᠣᠬᠢᠰᠲᠠᠢ᠎ᠪᠠᠷ ᠨᠢᠭᠲᠠ ᠲᠠᠷᠢᠬᠤ᠂  ᠤᠰᠤ ᠪᠣᠷᠳᠣᠭᠤᠷ᠎ᠢ ᠨᠢᠭᠡ ᠴᠣᠭᠴᠠᠵᠢᠭᠤᠯᠬᠤ᠂  ᠭᠠᠩ ᠬᠠᠭᠰᠠᠷᠠᠭ᠋ᠠᠨ᠎ᠲᠠᠢ ᠲᠡᠮᠡᠴᠡᠵᠦ ᠤᠰᠤ ᠠᠷᠪᠢᠯᠠᠬᠤ ᠪᠣᠬᠢᠷᠲᠤᠯ ᠦᠭᠡᠢ ᠥᠨᠳᠥᠷ ᠦᠷ᠎ᠡ ᠠᠰᠢᠭ᠎ᠲᠠᠢ ᠲᠠᠷᠢᠵᠤ ᠪᠣᠢ᠌ᠵᠢᠭᠤᠯᠬᠤ ᠮᠡᠷᠭᠡᠵᠢᠯ᠎ᠤᠨ ᠵᠠᠭᠪᠤᠷ᠎ᠢ ᠲᠥᠪᠯᠡᠷᠡᠭᠦᠯᠦᠨ ᠳᠡᠯᠭᠡᠷᠡᠭᠦᠯᠦᠨ᠎ᠡ᠃

      (ᠲᠤᠯᠤᠭ᠎ᠠ)  ᠨᠡᠷᠡᠨ  ᠬᠤᠸᠠᠷ᠃  ᠥᠨᠳᠥᠷ ᠲᠣᠭᠲᠠᠭᠤᠨ ᠬᠤᠷᠢᠶᠠᠯᠲᠠ᠎ᠲᠠᠢ᠂  ᠲᠠᠸᠠᠷ᠎ᠤᠨ ᠴᠢᠨᠠᠷ ᠵᠶ᠋ᠠᠷ ᠰᠠᠢ᠌ᠨ᠂  ᠲᠡᠰᠪᠦᠷᠢᠯᠡᠬᠦ ᠴᠢᠨᠠᠷ ᠵᠶ᠋ᠠᠷ ᠴᠢᠩᠭ᠎ᠠ ᠰᠢᠯᠢᠳᠡᠭ ᠡᠷᠯᠢᠰᠡᠵᠢᠭᠦᠯᠦᠭᠰᠡᠨ ᠡᠭᠦᠯᠳᠡᠷ᠎ᠢ ᠳᠡᠯᠭᠡᠷᠡᠭᠦᠯᠦᠨ ᠬᠡᠷᠡᠭᠯᠡᠨ᠎ᠡ; ᠵᠣᠬᠢᠬᠤ ᠬᠤᠭᠤᠴᠠᠭ᠋ᠠᠨ᠎ᠳᠤ ᠣᠷᠣᠢ ᠳᠠᠷᠢᠬᠤ᠂  ᠵᠦᠢ ᠵᠣᠬᠢᠰᠲᠠᠢ ᠰᠢᠩᠭᠡᠷᠡᠭᠦᠯᠦᠨ ᠳᠠᠷᠢᠬᠤ᠂  ᠠᠯᠠᠭᠯᠠᠨ ᠳᠠᠷᠢᠬᠤ᠂  ᠡᠪᠡᠳᠴᠢᠨ ᠬᠣᠷᠣᠬᠠᠢ ᠵᠢᠨ ᠬᠥᠨᠥᠭᠡᠯ᠎ᠢ ᠪᠣᠬᠢᠷᠲᠤᠯ ᠦᠭᠡᠢ᠎ᠪᠠᠷ ᠰᠡᠷᠭᠡᠢ᠌ᠯᠡᠨ ᠵᠠᠰᠠᠬᠤ᠂  ᠪᠠᠯᠲᠤ ᠵᠥᠭᠡᠢ᠎ᠳᠤ ᠲᠣᠭᠣᠰᠣ ᠬᠦᠷᠲᠡᠭᠡᠬᠦ᠂  ᠲᠠᠪᠠᠭᠯᠠᠨ ᠬᠠᠲᠠᠭ᠋ᠠᠬᠤ ᠵᠡᠷᠭᠡ ᠵᠠᠩᠭᠢᠯᠠᠭ᠎ᠠ ᠵᠢᠨ ᠠᠷᠭ᠎ᠠ ᠬᠡᠮᠵᠢᠶ᠎ᠡ ᠵᠢ  ᠢᠵᠢ ᠪᠦᠷᠢᠳᠦᠭᠦᠯᠦᠨ᠎ᠡ;  ᠨᠡᠷᠡᠨ  ᠬᠤᠸᠠᠷ᠎ᠢ ᠥᠷᠭᠡᠳᠬᠡᠨ ᠨᠢᠭᠲᠠᠴᠠ ᠵᠢ ᠪᠠᠭᠤᠷᠠᠭᠤᠯᠵᠤ ᠶᠠᠰᠤ ᠴᠢᠨᠠᠷ᠎ᠢ ᠳᠡᠭᠡᠭᠰᠢᠯᠡᠭᠦᠯᠦᠨ ᠦᠷ᠎ᠡ ᠠᠰᠢᠭ᠎ᠢ ᠨᠡᠮᠡᠭᠳᠡᠭᠦᠯᠬᠦ᠂  ᠪᠦᠷᠬᠦᠭᠦᠯ᠎ᠤᠨ ᠳᠣᠣᠷ᠎ᠠ ᠳᠤᠰᠤᠯᠭ᠋ᠠᠨ ᠤᠰᠤᠯᠠᠬᠤ ᠤᠰᠤ ᠪᠣᠷᠳᠣᠭᠤᠷ᠎ᠢ ᠨᠢᠭᠡ ᠴᠣᠭᠴᠠᠵᠢᠭᠤᠯᠬᠤ ᠵᠡᠷᠭᠡ ᠲᠠᠷᠢᠬᠤ ᠮᠡᠷᠭᠡᠵᠢᠯ᠎ᠤᠨ ᠵᠠᠭᠪᠤᠷ᠎ᠢ ᠲᠥᠪᠯᠡᠷᠡᠭᠦᠯᠦᠨ ᠳᠡᠯᠭᠡᠷᠡᠭᠦᠯᠦᠨ᠎ᠡ᠃

      ᠭᠤᠷᠪᠠ᠂ ᠱᠠᠩᠨᠠᠵᠤ  ᠨᠥᠬᠥᠪᠦᠷᠢᠯᠡᠬᠦ ᠠᠷᠭ᠎ᠠ  ᠬᠡᠯᠪᠡᠷᠢ ᠪᠣᠯᠣᠨ ᠪᠠᠷᠢᠮᠵᠢᠶ᠎ᠠ

      ᠱᠠᠩᠨᠠᠵᠤ ᠨᠥᠬᠥᠪᠦᠷᠢᠯᠡᠬᠦ ᠪᠡᠯᠡ ᠮᠥᠩᠭᠥ ᠵᠢ ᠦᠷᠭᠦᠯᠵᠢᠯᠡᠨ ᠰᠢᠨ᠎ᠡ ᠬᠡᠯᠪᠡᠷᠢ ᠵᠢᠨ ᠲᠠᠷᠢᠶᠠᠯᠠᠩ᠎ᠤᠨ ᠡᠵᠡᠩᠨᠡᠯᠲᠡ ᠵᠢᠨ ᠪᠡᠶᠡᠴᠢ ᠴᠣᠭᠴᠠ ᠵᠢ ᠪᠣᠢ᠌ᠵᠢᠭᠤᠯᠬᠤ ᠪᠡᠯᠡ ᠮᠥᠩᠭᠥ᠎ᠪᠠᠷ ᠳᠠᠮᠵᠢᠭᠤᠯᠤᠨ ᠱᠠᠲᠤ ᠳᠠᠷᠠᠭ᠋ᠠᠯᠠᠨ ᠪᠠᠭᠤᠯᠭ᠋ᠠᠵᠤ᠂  ᠥᠩᠭᠡᠷᠡᠭᠰᠡᠨ ᠵᠢᠯ᠎ᠤᠳ᠎ᠤᠨ ᠳ᠋ᠦᠩᠨᠡᠨ ᠰᠢᠯᠵᠢᠭᠦᠯᠦᠭᠰᠡᠨ ᠪᠡᠯᠡ ᠮᠥᠩᠭᠥ᠎ᠲᠠᠢ ᠨᠢᠭᠡᠳᠦᠯᠲᠡᠢ ᠲᠥᠯᠥᠪᠯᠡᠨ ᠬᠡᠷᠡᠭᠯᠡᠵᠦ ᠪᠣᠯᠣᠨ᠎ᠠ᠃  ᠡᠯ᠎ᠡ ᠭᠠᠵᠠᠷ᠎ᠨᠦᠭᠦᠳ  ᠪᠡᠯᠡ ᠮᠥᠩᠭᠥ ᠵᠢᠨ ᠶᠡᠷᠦᠩᠬᠡᠢ ᠬᠡᠪᠴᠢᠶ᠎ᠡ᠎ᠲᠠᠢ᠎ᠪᠠᠨ ᠤᠶᠠᠯᠳᠤᠭᠤᠯᠤᠨ᠂  ᠱᠠᠩᠨᠠᠵᠤ ᠨᠥᠬᠥᠪᠦᠷᠢᠯᠡᠬᠦ ᠨᠥᠬᠥᠴᠡᠯ᠎ᠢ ᠵᠦᠢ ᠵᠣᠬᠢᠰᠲᠠᠢ ᠲᠣᠭᠲᠠᠭ᠋ᠠᠨ᠂  ᠪᠡᠯᠡ ᠮᠥᠩᠭᠥ ᠵᠢᠨ ᠵᠠᠷᠤᠯᠭ᠎ᠠ ᠵᠢᠨ ᠠᠬᠢᠴᠠ ᠵᠢ ᠲᠦᠷᠭᠡᠳᠬᠡᠨ᠂  ᠪᠡᠯᠡ ᠮᠥᠩᠭᠥ ᠵᠢᠨ ᠬᠡᠷᠡᠭᠯᠡᠯᠲᠡ ᠵᠢᠨ ᠦᠷ᠎ᠡ ᠠᠰᠢᠭ᠎ᠢ ᠦᠨᠡᠨᠬᠦ ᠪᠠᠳᠠᠷᠠᠭᠤᠯᠬᠤ ᠬᠡᠷᠡᠭᠲᠡᠢ᠃

      ᠱᠠᠩᠨᠠᠯ ᠨᠥᠬᠥᠪᠦᠷᠢ ᠣᠯᠭᠣᠬᠤ ᠡᠲᠡᠭᠡᠳ᠎ᠨᠢ ᠠᠮᠤ ᠪᠤᠳᠠᠭ᠎ᠠ ᠵᠢ ᠬᠡᠪᠴᠢᠶᠡᠵᠢᠭᠦᠯᠦᠨ ᠳᠠᠷᠢᠵᠤ ᠪᠠᠢ᠌ᠭ᠎ᠠ ᠲᠣᠮᠣ ᠡᠷᠦᠬᠡ᠂  ᠭᠡᠷ ᠪᠦᠯᠢ ᠵᠢᠨ ᠲᠠᠷᠢᠶᠠᠯᠠᠩ᠎ᠤᠨ ᠲᠠᠯᠠᠪᠠᠶ᠂  ᠲᠠᠷᠢᠶᠠᠴᠢᠳ᠎ᠤᠨ ᠬᠣᠷᠰᠢᠶ᠎ᠠ ᠵᠡᠷᠭᠡ ᠰᠢᠨ᠎ᠡ ᠮᠠᠶᠢᠭ᠎ᠤᠨ ᠲᠠᠷᠢᠶᠠᠯᠠᠩ᠎ᠤᠨ ᠡᠵᠡᠩᠨᠡᠯᠲᠡ ᠵᠢᠨ ᠭᠣᠣᠯ ᠴᠣᠭᠴᠠ ᠪᠠᠢ᠌ᠵᠤ᠂  ᠡᠭᠦᠨ᠎ᠳᠤ ᠭᠠᠴᠠᠭ᠋ᠠᠨ᠎ᠤ ᠬᠠᠮᠲᠤ ᠵᠢᠨ  ᠠᠵᠤ ᠠᠬᠤᠢ ᠵᠢᠨ ᠵᠣᠬᠢᠶᠠᠨ ᠪᠠᠢ᠌ᠭᠤᠯᠤᠯᠲᠠ᠂  ᠪᠦᠬᠦ ᠶᠠᠪᠤᠴᠠ ᠵᠢᠨ ᠨᠠᠶ᠋ᠢᠳᠠᠯᠭ᠎ᠠ᠎ᠪᠠᠷ ᠬᠠᠮᠢᠶᠠᠷᠬᠤ ᠵᠢ ᠬᠡᠷᠡᠭᠵᠢᠭᠦᠯᠬᠦ ᠭᠣᠣᠯ ᠴᠣᠭᠴᠠ ᠪᠣᠯᠣᠨ  ᠠᠲᠠᠷᠰᠢᠭᠤᠯᠤᠭᠰᠠᠨ ᠭᠠᠵᠠᠷ᠎ᠤᠨ ᠠᠮᠤ ᠳᠤᠰᠤᠨ᠎ᠤ ᠲᠠᠷᠢᠮᠠᠯ᠎ᠢ ᠳᠠᠬᠢᠨ  ᠲᠠᠷᠢᠬᠤ ᠵᠢ ᠢᠳᠡᠪᠬᠢᠲᠡᠢ ᠡᠭᠦᠷᠭᠡᠯᠡᠵᠦ ᠲᠤᠬᠠᠢ ᠵᠢᠨ ᠭᠠᠵᠠᠷ᠎ᠤᠨ ᠳᠤᠮᠳᠠᠴᠢ ᠤᠨᠠᠯᠲᠠ ᠵᠢᠨ ᠲᠦᠪᠰᠢᠨ᠎ᠳᠤ ᠬᠦᠷᠦᠭᠰᠡᠨ ᠭᠣᠣᠯ ᠴᠣᠭᠴᠠ ᠵᠢ ᠪᠠᠭᠲᠠᠭ᠋ᠠᠵᠤ᠂  ᠭᠠᠴᠠᠭ᠋ᠠᠨ᠎ᠤ ᠳᠡᠰ᠎ᠤᠨ ᠤᠷᠭᠤᠮᠠᠯ᠎ᠤᠨ ᠬᠠᠮᠠᠭ᠋ᠠᠯᠠᠭᠴᠢ᠎ᠲᠠᠢ ᠤᠶᠠᠯᠳᠤᠭᠤᠯᠤᠨ ᠡᠪᠡᠳᠴᠢᠨ ᠬᠣᠷᠣᠬᠠᠢ ᠵᠢᠨ ᠬᠥᠨᠥᠭᠡᠯ᠎ᠢ ᠬᠢᠨᠠᠨ ᠬᠡᠮᠵᠢᠬᠦ ᠪᠠ ᠰᠡᠷᠭᠡᠢ᠌ᠯᠡᠨ ᠵᠠᠰᠠᠬᠤ ᠮᠡᠷᠭᠡᠵᠢᠯ᠎ᠤᠨ ᠦᠢ᠍ᠯᠡᠴᠢᠯᠡᠭᠡ ᠵᠢ ᠥᠷᠨᠢᠭᠦᠯᠵᠦ ᠪᠣᠯᠣᠨ᠎ᠠ᠃  ᠲᠥᠷᠥᠯ ᠵᠦᠢ᠍ᠯ᠎ᠤᠨ ᠭᠣᠣᠯ ᠴᠣᠭᠴᠠ᠎ᠨᠢ ᠤᠯᠤᠰ᠎ᠤᠨ ᠲᠠᠰ᠎ᠤᠨ ᠪᠣᠬᠢᠷᠲᠤᠯ ᠦᠭᠡᠢ ᠥᠨᠳᠥᠷ ᠤᠨᠠᠯᠲᠠ᠎ᠲᠠᠢ ᠥᠨᠳᠥᠷ ᠦᠷ᠎ᠡ ᠠᠰᠢᠭ᠎ᠲᠠᠢ ᠠᠵᠢᠯᠯᠠᠭ᠎ᠠ ᠵᠢᠨ ᠲᠥᠷᠥᠯ ᠵᠦᠢ᠍ᠯ᠎ᠤᠨ ᠡᠭᠦᠷᠭᠡ ᠵᠢ ᠡᠭᠦᠷᠭᠡᠯᠡᠵᠦ ᠪᠦᠬᠦᠢ ᠭᠣᠣᠯ ᠴᠣᠭᠴᠠ᠎ᠯᠤᠭ᠎ᠠ ᠳᠠᠪᠬᠤᠷᠳᠠᠵᠤ ᠪᠣᠯᠬᠤ ᠦᠭᠡᠢ᠂  ᠣᠨᠴᠠ ᠵᠠᠷᠢᠮ ᠭᠠᠵᠠᠷ ᠣᠷᠣᠨ᠎ᠨᠢ ᠤᠯᠤᠰ᠎ᠤᠨ ᠲᠠᠰ᠎ᠤᠨ ᠪᠣᠬᠢᠷᠲᠤᠯ ᠦᠭᠡᠢ ᠥᠨᠳᠥᠷ ᠤᠨᠠᠯᠲᠠ᠎ᠲᠠᠢ ᠥᠨᠳᠥᠷ ᠦᠷ᠎ᠡ ᠠᠰᠢᠭ᠎ᠲᠠᠢ ᠠᠵᠢᠯᠯᠠᠭ᠎ᠠ ᠵᠢᠨ ᠲᠥᠷᠥᠯ ᠵᠦᠢ᠍ᠯ᠎ᠤᠨ ᠭᠣᠣᠯ ᠴᠣᠭᠴᠠ᠎ᠯᠤᠭ᠎ᠠ ᠳᠠᠪᠬᠤᠷᠳᠠᠬᠤ᠎ᠠᠴᠠ ᠦᠨᠡᠨᠬᠦ ᠵᠠᠢ᠌ᠯᠠᠰᠬᠢᠬᠦ ᠵᠢᠨ ᠠᠷᠭ᠎ᠠ ᠦᠭᠡᠢ ᠪᠠᠢ᠌ᠪᠠᠯ᠂  ᠪᠣᠳᠠᠲᠤ ᠪᠠᠢ᠌ᠳᠠᠯ᠎ᠲᠠᠢ᠎ᠪᠠᠨ ᠤᠶᠠᠯᠳᠤᠭᠤᠯᠤᠨ 《ᠲᠣᠮᠣ ᠡᠷᠦᠬᠡ ᠪᠠᠶ᠋ᠢᠭᠤᠯᠬᠤ》  ᠦᠭᠡᠢ ᠪᠠᠢ᠌ᠬᠤ ᠵᠢ ᠦᠨᠡᠨᠬᠦ ᠪᠠᠲᠤᠯᠠᠭᠰᠠᠨ ᠪᠠᠢ᠌ᠳᠠᠯ ᠳᠣᠣᠷ᠎ᠠ᠂  ᠭᠣᠣᠯ ᠴᠣᠭᠴᠠ ᠵᠢᠨ ᠳᠠᠪᠬᠤᠷᠳᠠᠬᠤ ᠪᠣᠯᠪᠠᠴᠤ ᠭᠠᠵᠠᠷ᠎ᠤᠨ ᠬᠡᠰᠡᠭ᠎ᠨᠢ ᠳᠠᠪᠬᠤᠷᠳᠠᠬᠤ ᠦᠭᠡᠢ ᠪᠠᠢ᠌ᠬᠤ ᠵᠢ ᠵᠣᠬᠢᠬᠤ ᠬᠡᠮᠵᠢᠶ᠎ᠡ᠎ᠪᠠᠷ ᠵᠥᠪᠰᠢᠶᠡᠷᠡᠵᠦ ᠪᠣᠯᠣᠨ᠎ᠠ᠃  ᠠᠮᠤ ᠪᠤᠳᠠᠭ᠎ᠠ ᠲᠤᠰᠤᠨ᠎ᠤ ᠬᠡᠪᠴᠢᠶᠡᠲᠦ ᠲᠠᠷᠢᠮᠠᠯ᠎ᠢ ᠡᠷᠬᠢᠯᠡᠬᠥ᠎ᠳᠤ ᠨᠡᠢ᠌ᠴᠡᠬᠦ ᠲᠠᠷᠢᠶᠠᠯᠠᠩ᠎ᠤᠨ ᠮᠠᠰᠢᠨ᠎ᠤ ᠨᠡᠢ᠌ᠭᠡᠮᠴᠢᠯᠡᠭᠰᠡᠨ ᠦᠢ᠍ᠯᠡᠴᠢᠯᠡᠭᠡᠨ᠎ᠤ ᠵᠣᠬᠢᠶᠠᠨ ᠪᠠᠢ᠌ᠭᠤᠯᠤᠯᠲᠠ᠎ᠨᠤᠭᠤᠳ᠎ᠤᠨ ᠲᠥᠷᠥᠯ ᠵᠦᠢ᠍ᠯ ᠭᠤᠶᠤᠴᠢᠯᠠᠨ ᠮᠡᠳᠡᠭᠦᠯᠬᠦ᠎ᠳᠤ  ᠣᠷᠣᠯᠴᠠᠬᠤ ᠵᠢ ᠵᠣᠷᠢᠭᠵᠢᠭᠤᠯᠵᠤ᠂  ᠱᠠᠩᠨᠠᠵᠤ ᠲᠤᠰᠠᠯᠠᠬᠤ ᠪᠡᠯᠡ ᠮᠥᠩᠭᠥ ᠵᠢ ᠠᠰᠢᠭᠯᠠᠨ ᠲᠠᠷᠢᠶᠠᠯᠠᠩ᠎ᠤᠨ ᠮᠠᠰᠢᠨ᠎ᠤ ᠪᠠᠴᠢᠮ ᠪᠠᠢ᠌ᠳᠠᠯ᠎ᠢ ᠠᠷᠭ᠋ᠠᠴᠠᠬᠤ ᠦᠢ᠍ᠯᠡᠴᠢᠯᠡᠭᠡᠨ᠎ᠤ ᠠᠩᠭᠢ᠂  ᠣᠷᠣᠨ ᠪᠦᠰᠡ ᠵᠢᠨ ᠴᠢᠨᠠᠷᠲᠠᠢ ᠲᠠᠷᠢᠶᠠᠯᠠᠩ᠎ᠤᠨ ᠮᠠᠰᠢᠨ᠎ᠤ ᠨᠡᠢ᠌ᠭᠡᠮᠴᠢᠯᠡᠭᠰᠡᠨ ᠦᠢ᠍ᠯᠡᠴᠢᠯᠡᠭᠡᠨ᠎ᠤ ᠲᠥᠪ ᠪᠣᠯᠣᠨ ᠳᠣᠬᠢᠭᠤᠷ ᠲᠤᠯᠤᠭ᠋ᠠᠨ ᠤᠳᠤ ᠠᠮᠤ ᠪᠤᠳᠠᠭ᠋ᠠᠨ᠎ᠤ ᠦᠢ᠍ᠯᠡᠳᠪᠦᠷᠢᠯᠡᠯ᠎ᠤᠨ ᠰᠠᠭᠤᠷᠢᠨ ᠭᠠᠵᠠᠷ᠎ᠤᠨ ᠪᠦᠲᠦᠭᠡᠨ ᠪᠠᠢ᠌ᠭᠤᠯᠤᠯᠲᠠ ᠵᠢ ᠥᠷᠨᠢᠭᠦᠯᠵᠦ ᠪᠣᠯᠣᠨ᠎ᠠ᠃

      ᠱᠠᠩᠨᠠᠵᠤ  ᠨᠥᠬᠥᠪᠦᠷᠢᠯᠡᠬᠦ ᠠᠷᠭ᠎ᠠ  ᠬᠡᠯᠪᠡᠷᠢ᠎ᠳᠤ 《ᠲᠡᠷᠢᠭᠦᠨ ᠎ᠳᠤ ᠣᠷᠣᠬᠤ᠎ᠪᠠᠷ ᠴᠢᠷᠮᠠᠢ᠌ᠬᠤ》 《ᠵᠠᠷᠯᠠᠨ ᠮᠠᠩᠯᠠᠢ᠌ᠯᠠᠭᠤᠯᠬᠤ》  ᠵᠡᠷᠭᠡ ᠲᠣᠭᠲᠠᠴᠠ᠎ᠪᠠᠷ ᠢᠳᠡᠪᠬᠢᠲᠡᠢ᠎ᠪᠠᠷ ᠲᠣᠯᠢ ᠪᠣᠯᠭ᠋ᠠᠵᠤ᠂  ᠲᠥᠷᠥᠯ ᠵᠦᠢ᠍ᠯ᠎ᠤᠨ ᠳᠦᠷᠢᠮ᠎ᠤᠨ  ᠬᠠᠮᠢᠶᠠᠷᠤᠯᠲᠠ ᠵᠢ ᠬᠡᠷᠡᠭᠵᠢᠭᠦᠯᠦᠨ᠂  ᠭᠣᠣᠯ ᠴᠣᠭᠴᠠ᠎ᠠᠴᠠ ᠪᠡᠶ᠎ᠡ᠎ᠪᠠᠨ ᠳᠠᠭ᠋ᠠᠭ᠋ᠠᠵᠤ ᠭᠤᠶᠤᠴᠢᠯᠠᠨ ᠮᠡᠳᠡᠭᠦᠯᠬᠦ᠂  ᠰᠢᠯᠢᠳᠡᠭ᠎ᠢ ᠎ᠨᠢ ᠰᠣᠩᠭᠣᠨ ᠥᠷᠢᠰᠦᠯᠳᠦᠬᠦ ᠠᠷᠭ᠎ᠠ  ᠬᠡᠯᠪᠡᠷᠢ ᠵᠢ ᠠᠪᠴᠤ ᠪᠠᠢ᠌ᠭ᠋ᠠᠳ ᠪᠣᠳᠠᠲᠠᠢ ᠵᠣᠬᠢᠶᠠᠨ ᠪᠠᠢ᠌ᠭᠤᠯᠤᠨ ᠬᠡᠷᠡᠭᠵᠢᠭᠦᠯᠬᠦ ᠵᠢ ᠰᠠᠢ᠌ᠲᠤᠷ ᠠᠳᠬᠤᠬᠤ ᠵᠢᠨ ᠬᠠᠮᠲᠤ ᠦᠷ᠎ᠡ  ᠳ᠋ᠦᠩ ᠵᠢᠡᠷ ᠤᠳᠤᠷᠢᠳᠤᠮᠵᠢ ᠪᠣᠯᠭ᠋ᠠᠬᠤ ᠵᠢ ᠪᠠᠷᠢᠮᠲᠠᠯᠠᠨ ᠱᠠᠩᠨᠠᠵᠤ  ᠨᠥᠬᠥᠪᠦᠷᠢᠯᠡᠬᠦ ᠡᠲᠡᠭᠡᠳ᠎ᠢ  ᠲᠣᠭᠲᠠᠭ᠋ᠠᠬᠤ ᠪᠠ ᠱᠠᠩᠨᠠᠵᠤ ᠲᠤᠰᠠᠯᠠᠬᠤ ᠪᠡᠯᠡ ᠮᠥᠩᠭᠥ ᠵᠢ ᠰᠠᠯᠭ᠋ᠠᠨ ᠥᠭᠬᠦ ᠬᠡᠷᠡᠭᠲᠡᠢ᠃  ᠱᠠᠩᠨᠠᠵᠤ  ᠨᠥᠬᠥᠪᠦᠷᠢᠯᠡᠬᠦ ᠪᠡᠯᠡ ᠮᠥᠩᠭᠥ ᠵᠢ ᠵᠠᠩᠭᠢᠯᠠᠭ᠎ᠠ ᠵᠢᠨ ᠮᠡᠷᠭᠡᠵᠢᠯ᠎ᠤᠨ ᠠᠷᠭ᠎ᠠ ᠬᠡᠮᠵᠢᠶ᠎ᠡ ᠵᠢ ᠪᠣᠳᠠᠲᠠᠢ᠌ᠵᠢᠭᠤᠯᠤᠭᠰᠠᠨ᠂  ᠲᠤᠰ ᠵᠢᠯ᠎ᠤᠨ ᠲᠠᠯᠠᠪᠠᠢ ᠨᠢᠭᠡᠴᠢ ᠵᠢᠨ ᠤᠨᠠᠯᠲᠠ ᠵᠢᠨ ᠬᠠᠷᠠᠯᠲᠠ ᠵᠢ ᠪᠡᠶᠡᠯᠡᠭᠦᠯᠦᠭᠰᠡᠨ ᠵᠡᠷᠭᠡ ᠪᠠᠢ᠌ᠳᠠᠯ᠎ᠤᠨ ᠶᠣᠰᠣᠭ᠋ᠠᠷ ᠲᠥᠰᠥᠭᠡᠯᠡᠨ ᠪᠤᠳᠤᠵᠤ ᠰᠠᠯᠭ᠋ᠠᠨ ᠥᠭᠴᠦ ᠪᠣᠯᠣᠨ᠎ᠠ᠃

      ᠱᠠᠩᠨᠠᠵᠤ ᠨᠥᠬᠥᠪᠦᠷᠢᠯᠡᠬᠦ ᠪᠠᠷᠢᠮᠵᠢᠶ᠎ᠠ᠎ᠨᠢ ᠭᠣᠣᠯ ᠴᠣᠭᠴᠠ ᠵᠢᠨ ᠲᠠᠯᠠᠪᠠᠶ ᠨᠢᠭᠡᠴᠢ ᠵᠢᠨ ᠤᠨᠠᠯᠲᠠ ᠵᠢᠨ ᠬᠢᠷᠢ ᠬᠡᠮᠵᠢᠶ᠎ᠡ ᠵᠢᠨ ᠪᠠᠢ᠌ᠳᠠᠯ᠂  ᠮᠡᠳᠡᠭᠦᠯᠬᠦ ᠬᠡᠪᠴᠢᠶ᠎ᠡ (ᠪᠤᠰᠤᠳ ᠭᠣᠣᠯ ᠴᠣᠭᠴᠠ ᠪᠠ ᠲᠠᠷᠢᠶᠠᠴᠢᠨ ᠡᠷᠦᠬᠡ᠎ᠳᠤ ᠵᠠᠩᠭᠢᠯᠠᠭ᠎ᠠ ᠵᠢᠨ ᠨᠠᠢ᠌ᠳᠠᠨ ᠬᠠᠮᠢᠶᠠᠷᠤᠭᠤᠯᠬᠤ ᠪᠤᠶᠤ ᠪᠥᠬᠥ ᠶᠠᠪᠤᠴᠠ ᠵᠢᠨ ᠨᠠᠢ᠌ᠳᠠᠨ ᠬᠠᠮᠢᠶᠠᠷᠤᠭᠤᠯᠬᠤ ᠨᠡᠢ᠌ᠭᠡᠮᠴᠢᠯᠡᠭᠰᠡᠨ ᠦᠢ᠍ᠯᠡᠴᠢᠯᠡᠭᠡᠨ᠎ᠤ ᠲᠠᠯᠠᠪᠠᠶ ᠵᠢ ᠪᠠᠭᠲᠠᠭ᠋ᠠᠬᠤ ᠦᠭᠡᠢ)᠂  ᠱᠠᠩᠨᠠᠵᠤ ᠨᠥᠬᠥᠪᠦᠷᠢᠯᠡᠬᠦ ᠪᠡᠯᠡ ᠮᠥᠩᠭᠥ ᠵᠢᠨ ᠶᠡᠷᠦᠩᠬᠡᠢ ᠬᠡᠪᠴᠢᠶ᠎ᠡ ᠵᠡᠷᠭᠡ ᠬᠦᠴᠦᠨ ᠵᠦᠢ᠍ᠯ᠎ᠢ ᠨᠢᠭᠡᠳᠦᠯᠲᠡᠢ ᠲᠥᠯᠥᠪᠯᠡᠨ ᠪᠣᠳᠣᠯᠬᠢᠯᠠᠵᠤ ᠪᠣᠯᠣᠨ᠎ᠠ᠃  ᠱᠠᠲᠤᠯᠠᠨ ᠪᠠᠢ᠌ᠷᠢᠯᠠᠭᠤᠯᠬᠤ ᠵᠢᠨ ᠬᠠᠮᠲᠤ᠂  ᠲᠠᠩ ᠭᠠᠭᠴᠠ ᠭᠣᠣᠯ ᠴᠣᠭᠴᠠ᠎ᠳᠤ ᠱᠠᠩᠨᠠᠵᠤ ᠨᠥᠬᠥᠪᠦᠷᠢᠯᠡᠬᠦ ᠳᠡᠭᠡᠳᠦ ᠬᠢᠵᠠᠭ᠋ᠠᠷ᠎ᠢ ᠲᠣᠬᠢᠷᠠᠭᠤᠯᠵᠤ᠂  ᠲᠠᠩ ᠭᠠᠭᠴᠠ ᠲᠠᠷᠢᠮᠠᠯ᠎ᠤᠨ ᠮᠡᠳᠡᠭᠦᠯᠬᠦ ᠬᠡᠪᠴᠢᠶ᠎ᠡ ᠵᠢ ᠡᠯ᠎ᠡ ᠠᠢ᠌ᠮᠠᠭ ᠬᠣᠲᠠ᠎ᠠᠴᠠ ᠲᠣᠰ ᠭᠠᠵᠠᠷ ᠣᠷᠣᠨ᠎ᠤ ᠪᠣᠳᠠᠲᠠᠢ᠎ᠳᠠᠭᠠᠨ ᠰᠠᠭᠤᠷᠢᠯᠠᠨ ᠲᠣᠭᠲᠠᠭ᠋ᠠᠨ᠎ᠠ᠃  ᠮᠦ᠍ ᠪᠦᠷᠢ ᠵᠢᠨ ᠳᠤᠮᠳᠠᠴᠢ ᠨᠥᠬᠥᠪᠦᠷᠢ ᠵᠢ 41.5 ᠲᠥᠭᠥᠷᠢᠭ ᠵᠶ᠋ᠡᠷ ᠯᠠᠪᠯᠠᠯᠲᠠ ᠪᠣᠯᠭ᠋ᠠᠨ ᠬᠡᠷᠡᠭᠵᠢᠭᠦᠯᠵᠦ᠂  ᠬᠠᠮᠤᠭ᠎ᠤᠨ ᠥᠨᠳᠥᠷ᠎ᠲᠡᠭᠡᠨ 100 ᠲᠥᠭᠥᠷᠢᠭ᠎ᠠᠴᠠ ᠳᠠᠪᠠᠭᠤᠯᠬᠤ ᠦᠭᠡᠢ᠂  ᠲᠠᠩ ᠭᠠᠭᠴᠠ ᠭᠣᠣᠯ ᠴᠣᠭᠴᠠ ᠵᠢᠨ ᠱᠠᠩᠨᠠᠯ᠎ᠤᠨ ᠪᠡᠯᠡ ᠮᠥᠩᠭᠥ ᠵᠢ 20 ᠲᠦᠮᠡᠨ ᠲᠥᠭᠥᠷᠢᠭ᠎ᠠᠴᠠ ᠳᠠᠪᠠᠭᠤᠯᠬᠤ ᠦᠭᠡᠢ᠂  ᠠᠳᠠᠯᠢ ᠨᠥᠬᠥᠴᠡᠯ᠎ᠤᠨ ᠳᠣᠣᠷ᠎ᠠ ᠠᠮᠤ ᠲᠣᠰᠣᠨ᠎ᠤ ᠬᠡᠪᠴᠢᠶᠡᠲᠦ ᠲᠠᠷᠢᠮᠠᠯ᠎ᠤᠨ ᠭᠣᠣᠯ ᠴᠣᠭᠴᠠ ᠵᠢᠨ ᠲᠠᠯᠠᠪᠠᠶ ᠨᠢᠭᠡᠴᠢ ᠵᠢᠨ ᠤᠨᠠᠯᠲᠠ ᠵᠢ ᠳᠡᠭᠡᠭᠰᠢᠯᠡᠭᠦᠯᠬᠦ ᠵᠢᠨ ᠱᠠᠩᠨᠠᠯ ᠨᠥᠬᠥᠪᠦᠷᠢ ᠵᠢ ᠭᠥᠷᠳᠡᠵᠦ ᠥᠩᠭᠡᠷᠡᠭᠰᠡᠨ ᠦᠭᠡᠢ ᠭᠣᠣᠯ ᠴᠣᠭᠴᠠ ᠵᠢ ᠱᠠᠩᠨᠠᠵᠤ ᠨᠥᠬᠥᠪᠦᠷᠢᠯᠡᠬᠦ ᠬᠡᠪᠴᠢᠶᠡᠨ᠎ᠳᠤ ᠤᠷᠢᠳᠠᠪᠠᠷ ᠵᠢᠭᠰᠠᠭ᠋ᠠᠨ ᠣᠷᠣᠭᠤᠯᠵᠤ᠂ 《ᠲᠣᠮᠣ ᠡᠷᠦᠬᠡ ᠪᠠᠶ᠋ᠢᠭᠤᠯᠬᠤ》 ᠵᠢ ᠰᠡᠷᠭᠡᠢ᠌ᠯᠡᠨ ᠬᠣᠷᠢᠭᠯᠠᠵᠤ᠂  ᠲᠠᠯᠠᠪᠠᠶ ᠨᠢᠭᠡᠴᠢ ᠵᠢᠨ ᠤᠨᠠᠯᠲᠠ ᠵᠢ ᠳᠡᠭᠡᠭᠰᠢᠯᠡᠭᠦᠯᠬᠦ ᠵᠠᠩᠭᠢᠯᠠᠭ᠎ᠠ ᠵᠢᠨ ᠮᠡᠷᠭᠡᠵᠢᠯ᠎ᠤᠨ ᠲᠠᠯᠠᠪᠠᠶ ᠵᠢᠨ ᠠᠮᠵᠢᠯᠲᠠ ᠪᠦᠲᠦᠮᠵᠢ ᠵᠢᠨ ᠬᠠᠷᠠᠯᠲᠠ ᠵᠢ ᠪᠡᠶᠡᠯᠡᠭᠦᠯᠬᠦ ᠵᠢ ᠦᠨᠡᠨᠬᠦ ᠪᠠᠲᠤᠯᠠᠬᠤ ᠬᠡᠷᠡᠭᠲᠡᠢ᠃

      ᠳᠥᠷᠪᠡ᠂  ᠬᠡᠷᠡᠭᠵᠢᠭᠦᠯᠬᠦ ᠠᠯᠬᠤᠮ ᠳᠠᠷᠠᠭ᠎ᠠ

      (ᠨᠢᠭᠡ)  ᠲᠥᠰᠥᠯ᠎ᠢ ᠨᠠᠷᠢᠯᠢᠭᠵᠢᠭᠤᠯᠤᠨ᠎ᠠ᠃  ᠡᠯ᠎ᠡ ᠠᠢ᠌ᠮᠠᠭ ᠬᠣᠲᠠ ᠵᠢᠨ ᠲᠠᠷᠢᠶᠠᠯᠠᠩ ᠮᠠᠯ ᠠᠵᠤ ᠠᠬᠤᠢ ᠵᠢᠨ ᠰᠠᠯᠠᠭ᠎ᠠ ᠮᠥᠴᠢᠷ᠎ᠤᠳ ᠲᠣᠰ ᠮᠡᠳᠡᠭᠳᠡᠯ᠎ᠢ ᠳᠣᠷᠣᠭᠰᠢ ᠪᠠᠭᠤᠯᠭ᠋ᠠᠭᠰᠠᠨ᠎ᠤ ᠳᠠᠷᠠᠭ᠋ᠠᠬᠢ 15 ᠡᠳᠦᠷ᠎ᠤᠨ ᠳᠣᠲᠣᠷ᠎ᠠ ᠬᠡᠷᠡᠭᠵᠢᠭᠦᠯᠬᠦ ᠲᠥᠰᠥᠯ ᠲᠣᠭᠲᠠᠭ᠋ᠠᠵᠤ᠂  ᠮᠡᠳᠡᠭᠦᠯᠬᠦ ᠨᠥᠬᠥᠴᠡᠯ᠂  ᠡᠭᠦᠷᠭᠡ ᠡᠭᠦᠷᠭᠡᠯᠡᠬᠦ᠂  ᠤᠨᠠᠯᠲᠠ ᠵᠢ ᠬᠡᠮᠵᠢᠬᠦ ᠲᠠᠰ ᠳᠠᠷᠠᠭ᠋ᠠᠯᠠᠯ᠂  ᠢᠯᠡ ᠨᠡᠢ᠌ᠲᠡᠯᠡᠬᠦ ᠱᠠᠭ᠋ᠠᠷᠳᠠᠯᠭ᠎ᠠ ᠵᠡᠷᠭᠡ ᠵᠢ ᠨᠠᠷᠢᠯᠢᠭᠵᠢᠭᠤᠯᠵᠤ᠂  ᠥᠪᠡᠷᠲᠡᠭᠡᠨ ᠵᠠᠰᠠᠬᠤ ᠣᠷᠣᠨ᠎ᠤ ᠲᠠᠷᠢᠶᠠᠯᠠᠩ ᠮᠠᠯ ᠠᠵᠤ ᠠᠬᠤᠢ  ᠪᠠ ᠬᠥᠳᠡᠭᠡ ᠲᠣᠰᠬᠤᠨ ᠮᠠᠯᠵᠢᠬᠤ ᠣᠷᠣᠨ᠎ᠤ ᠲᠢᠩᠬᠢᠮ᠎ᠳᠤ ᠮᠡᠳᠡᠭᠦᠯᠦᠨ ᠬᠢᠨᠠᠨ ᠬᠠᠷᠭᠤᠭᠤᠯᠵᠤ ᠳᠠᠩᠰᠠᠯᠠᠭᠤᠯᠬᠤ ᠬᠡᠷᠡᠭᠲᠡᠢ᠃  ᠲᠥᠷᠥᠯ ᠵᠦᠢ᠍ᠯ᠎ᠤᠨ ᠬᠣᠰᠢᠭᠤ ᠰᠢᠶᠠᠨ᠎ᠢ ᠵᠣᠬᠢᠶᠠᠨ ᠪᠠᠢ᠌ᠭᠤᠯᠤᠨ ᠪᠣᠳᠠᠲᠠᠢ᠎ᠲᠠᠢ᠎ᠪᠠᠨ ᠤᠶᠠᠯᠳᠤᠭᠤᠯᠤᠨ ᠪᠣᠳᠠᠲᠠᠢ ᠲᠥᠰᠥᠯ᠎ᠢ ᠨᠠᠷᠢᠯᠢᠭᠵᠢᠭᠤᠯᠵᠤ᠂  ᠲᠠᠷᠢᠮᠠᠯ᠎ᠤᠨ ᠲᠥᠷᠥᠯ ᠵᠦᠢ᠍ᠯ᠂  ᠲᠠᠯᠠᠪᠠᠶ ᠵᠢᠨ ᠬᠡᠪᠴᠢᠶ᠎ᠡ᠂  ᠭᠣᠣᠯ ᠳᠡᠯᠭᠡᠷᠡᠭᠦᠯᠬᠦ ᠮᠡᠷᠭᠡᠵᠢᠯ᠂  ᠲᠠᠯᠠᠪᠠᠶ ᠨᠢᠭᠡᠴᠢ ᠵᠢᠨ ᠤᠨᠠᠯᠲᠠ ᠵᠢᠨ ᠬᠠᠷᠠᠯᠲᠠ ᠵᠡᠷᠭᠡ ᠵᠢ ᠬᠡᠷᠡᠭᠵᠢᠭᠦᠯᠬᠦ ᠨᠥᠬᠥᠴᠡᠯ ᠵᠢᠴᠢ ᠠᠵᠢᠯᠯᠠᠬᠤ ᠲᠠᠰ ᠳᠠᠷᠠᠭ᠋ᠠᠯᠠᠯ ᠵᠡᠷᠭᠡ ᠵᠢ ᠲᠣᠳᠣᠷᠬᠠᠢ᠌ᠯᠠᠨ᠎ᠠ᠃

      (ᠬᠣᠶᠠᠷ)  ᠮᠡᠳᠡᠭᠦᠯᠦᠨ ᠬᠢᠨᠠᠭᠤᠯᠤᠨ᠎ᠠ᠃  ᠬᠣᠰᠢᠭᠤ ᠰᠢᠶᠠᠨ᠎ᠤ ᠲᠠᠷᠢᠶᠠᠯᠠᠩ ᠮᠠᠯ ᠠᠵᠤ ᠠᠬᠤᠢ ᠵᠢᠨ ᠰᠠᠯᠠᠭ᠎ᠠ ᠮᠥᠴᠢᠷ᠎ᠤᠳ ᠨᠥᠬᠥᠴᠡᠯ᠎ᠳᠤ ᠨᠡᠢ᠌ᠴᠡᠬᠦ ᠠᠮᠤ ᠪᠤᠳᠠᠭ᠎ᠠ ᠲᠣᠰᠣᠨ᠎ᠤ ᠬᠡᠪᠴᠢᠶᠡᠲᠦ ᠲᠠᠷᠢᠮᠠᠯ᠎ᠤᠨ ᠭᠣᠣᠯ ᠴᠣᠭᠴᠠ ᠵᠢ ᠵᠣᠬᠢᠶᠠᠨ ᠪᠠᠢ᠌ᠭᠤᠯᠤᠨ ᠳᠠᠶ᠋ᠢᠴᠢᠯᠠᠵᠤ ᠪᠠᠢ᠌ᠭ᠋ᠠᠳ ᠢᠳᠡᠪᠬᠢᠲᠡᠢ ᠣᠷᠣᠯᠴᠠᠭᠤᠯᠵᠤ᠂  ᠰᠠᠢ᠌ᠨ ᠳᠤᠷ᠎ᠠ᠎ᠠᠴᠠ᠎ᠪᠠᠨ ᠮᠡᠳᠡᠭᠦᠯᠬᠦ ᠬᠡᠷᠡᠭᠲᠡᠢ᠃  ᠮᠡᠳᠡᠭᠦᠯᠬᠦ ᠮᠠᠲ᠋ᠧᠷᠢᠶᠠᠯ᠎ᠳᠤ ᠲᠠᠷᠢᠮᠠᠯ᠎ᠤᠨ ᠲᠥᠷᠥᠯ ᠵᠦᠢ᠍ᠯ᠂  ᠳᠠᠷᠢᠬᠤ ᠲᠠᠯᠠᠪᠠᠶ᠂  ᠵᠠᠩᠭᠢᠯᠠᠭ᠎ᠠ ᠵᠢᠨ ᠮᠡᠷᠭᠡᠵᠢᠯ᠂  ᠬᠠᠷᠠᠯᠲᠠᠲᠤ ᠲᠠᠯᠠᠪᠠᠶ ᠨᠢᠭᠡᠴᠢ ᠵᠢᠨ ᠤᠨᠠᠯᠲᠠ ᠵᠡᠷᠭᠡ ᠦᠨᠳᠦᠰᠦᠨ ᠮᠡᠳᠡᠭᠡ ᠵᠠᠩᠭᠢ ᠵᠢ ᠲᠣᠳᠣᠷᠬᠠᠢ᠌ᠯᠠᠬᠤ ᠬᠡᠷᠡᠭᠲᠡᠢ᠃  ᠬᠣᠰᠢᠭᠤ ᠰᠢᠶᠠᠨ᠎ᠤ ᠲᠠᠷᠢᠶᠠᠯᠠᠩ ᠮᠠᠯ ᠠᠵᠤ ᠠᠬᠤᠢ ᠵᠢᠨ ᠰᠠᠯᠠᠭ᠎ᠠ ᠮᠥᠴᠢᠷ᠎ᠤᠳ ᠮᠡᠳᠡᠭᠦᠯᠬᠦ ᠮᠠᠲ᠋ᠧᠷᠢᠶᠠᠯ᠎ᠢ ᠵᠣᠬᠢᠶᠠᠨ ᠪᠠᠢ᠌ᠭᠤᠯᠤᠨ ᠬᠢᠨᠠᠨ ᠬᠠᠷᠭᠤᠭᠤᠯᠵᠤ᠂  ᠲᠥᠷᠥᠯ ᠵᠦᠢ᠍ᠯ᠎ᠤᠨ ᠭᠣᠣᠯ ᠴᠣᠭᠴᠠ ᠵᠢ ᠰᠤᠳᠤᠯᠤᠨ ᠲᠣᠭᠲᠠᠭ᠋ᠠᠵᠤ᠂  ᠢᠯᠡ ᠨᠡᠢ᠌ᠲᠡᠯᠡᠬᠦ᠎ᠳᠤ ᠣᠨᠳᠣᠣ ᠰᠠᠨᠠᠯ ᠦᠭᠡᠢ ᠪᠣᠯᠤᠭᠰᠠᠨ᠎ᠤ ᠳᠠᠷᠠᠭ᠎ᠠ ᠡᠯ᠎ᠡ ᠠᠢ᠌ᠮᠠᠭ ᠬᠣᠲᠠ᠎ᠨᠤᠭᠤᠳ ᠥᠪᠡᠷᠲᠡᠭᠡᠨ ᠵᠠᠰᠠᠬᠤ ᠣᠷᠣᠨ᠎ᠤ ᠲᠠᠷᠢᠶᠠᠯᠠᠩ ᠮᠠᠯ ᠠᠵᠤ ᠠᠬᠤᠢ  ᠪᠠ ᠬᠥᠳᠡᠭᠡ ᠲᠣᠰᠬᠤᠨ ᠮᠠᠯᠵᠢᠬᠤ ᠣᠷᠣᠨ᠎ᠤ ᠲᠢᠩᠬᠢᠮ᠎ᠳᠤ ᠬᠤᠷᠢᠶᠠᠩᠭᠤᠢ᠌ᠯᠠᠨ ᠮᠡᠳᠡᠭᠦᠯᠵᠦ ᠳᠠᠩᠰᠠᠯᠠᠭᠤᠯᠤᠨ᠎ᠠ᠃

      (ᠭᠤᠷᠪᠠ)  ᠶᠠᠪᠤᠴᠠ ᠵᠢᠨ ᠲᠡᠮᠳᠡᠭᠯᠡᠯ᠎ᠢ  ᠬᠢᠨ᠎ᠡ᠃  ᠲᠥᠷᠥᠯ ᠵᠦᠢ᠍ᠯ᠎ᠤᠨ ᠭᠣᠣᠯ ᠴᠣᠭᠴᠠ᠎ᠨᠢ ᠱᠠᠭ᠋ᠠᠷᠳᠠᠯᠭ᠎ᠠ ᠶᠣᠰᠣᠭ᠋ᠠᠷ ᠲᠠᠷᠢᠶᠠᠨ ᠠᠵᠢᠯ᠎ᠤᠨ ᠬᠠᠮᠢᠶᠠᠷᠤᠯᠲᠠ ᠵᠢ ᠴᠢᠩᠭ᠋ᠠᠳᠬᠠᠵᠤ᠂  ᠵᠠᠩᠭᠢᠯᠠᠭ᠎ᠠ ᠵᠢᠨ ᠮᠡᠷᠭᠡᠵᠢᠯ᠎ᠢ ᠨᠠᠢ᠌ᠳᠠᠪᠤᠷᠢᠵᠢᠭᠤᠯᠬᠤ ᠵᠢᠨ ᠬᠠᠮᠲᠤ᠂  ᠭᠠᠵᠠᠷ ᠲᠡᠭᠰᠢᠯᠡᠨ ᠳᠠᠷᠢᠬᠤ᠂  ᠪᠣᠷᠳᠣᠭᠤᠷ ᠤᠰᠤᠨ᠎ᠤ ᠬᠠᠮᠢᠶᠠᠷᠤᠯᠲᠠ᠂  ᠡᠪᠡᠳᠴᠢᠨ ᠬᠣᠷᠣᠬᠠᠢ ᠡᠪᠡᠰᠦᠨ᠎ᠤ ᠬᠥᠨᠥᠭᠡᠯ᠎ᠢ ᠰᠡᠷᠭᠡᠢ᠌ᠯᠡᠨ ᠡᠵᠡᠮᠳᠡᠬᠦ ᠵᠢᠴᠢ ᠮᠠᠰᠢᠨ ᠵᠶ᠋ᠠᠷ ᠬᠤᠷᠢᠶᠠᠬᠤ ᠵᠡᠷᠭᠡ ᠵᠠᠩᠭᠢᠯᠠᠭ᠎ᠠ ᠵᠢᠨ ᠭᠣᠭᠴᠣᠭ᠎ᠠ᠎ᠳᠤ᠂  ᠬᠡᠷᠡᠯ ᠵᠢᠷᠤᠭ᠂  ᠸᠢᠳᠢᠤ᠋ ᠵᠡᠷᠭᠡ ᠬᠡᠯᠪᠡᠷᠢ᠎ᠪᠠᠷ ᠬᠡᠷᠡᠭᠯᠡᠵᠦ ᠪᠠᠢ᠌ᠭ᠎ᠠ ᠵᠠᠩᠭᠢᠯᠠᠭ᠎ᠠ ᠵᠢᠨ ᠮᠡᠷᠭᠡᠵᠢᠯ᠎ᠤᠨ ᠠᠷᠭ᠎ᠠ ᠬᠡᠮᠵᠢᠶ᠎ᠡ ᠵᠢ ᠲᠡᠮᠳᠡᠭᠯᠡᠬᠦ ᠬᠡᠷᠡᠭᠲᠡᠢ᠃  ᠬᠣᠰᠢᠭᠤ ᠰᠢᠶᠠᠨ᠎ᠤ ᠲᠠᠷᠢᠶᠠᠯᠠᠩ ᠮᠠᠯ ᠠᠵᠤ ᠠᠬᠤᠢ ᠵᠢᠨ ᠰᠠᠯᠠᠭ᠎ᠠ ᠮᠥᠴᠢᠷ᠎ᠤᠳ ᠭᠣᠣᠯᠳᠠᠯᠭ᠎ᠠ᠎ᠲᠠᠢ ᠮᠡᠷᠭᠡᠵᠢᠯ᠎ᠤᠨ ᠪᠣᠳᠠᠲᠠᠢ᠌ᠵᠢᠭᠰᠠᠨ ᠪᠠᠢ᠌ᠳᠠᠯ᠎ᠢ ᠴᠠᠭ ᠲᠤᠬᠠᠢ᠎ᠳᠤᠨᠢ ᠣᠢ᠌ᠯᠠᠭ᠋ᠠᠨ ᠬᠢᠨᠠᠨ ᠬᠠᠷᠭᠤᠭᠤᠯᠵᠤ᠂  ᠨᠢᠭᠡ ᠭᠣᠣᠯ ᠴᠣᠭᠴᠠ ᠨᠢᠭᠡ ᠲᠠᠩᠰᠠ ᠡᠪᠬᠡᠮᠡᠯ᠎ᠢ ᠬᠡᠷᠡᠭᠵᠢᠭᠦᠯᠬᠦ ᠵᠢᠨ ᠬᠠᠮᠲᠤ᠂  ᠲᠥᠷᠥᠯ ᠵᠦᠢ᠍ᠯ᠎ᠤᠨ ᠪᠠᠢ᠌ᠳᠠᠯ᠎ᠤᠨ ᠲᠡᠮᠳᠡᠭᠯᠡᠯ᠎ᠤᠨ ᠬᠦᠰᠦᠨᠦᠭᠲᠦ ᠵᠢ ᠲᠠᠭᠯᠠᠨ ᠪᠢᠴᠢᠬᠦ ᠬᠡᠷᠡᠭᠲᠡᠢ (ᠯᠠᠪᠯᠠᠯᠲᠠ ᠵᠢᠨ ᠵᠠᠭᠪᠤᠷ᠎ᠢ ᠳᠠᠭ᠋ᠠᠯᠳᠤᠭᠤᠯᠤᠯ᠎ᠳᠤ ᠦᠵᠡ)᠃

      (ᠳᠥᠷᠪᠡ)  ᠤᠨᠠᠯᠲᠠ ᠵᠢ ᠬᠡᠮᠵᠢᠵᠦ ᠬᠢᠨᠠᠨ  ᠬᠠᠷᠭᠤᠭᠤᠯᠤᠨ᠎ᠠ᠃  ᠲᠠᠷᠢᠮᠠᠯ᠎ᠤᠨ ᠬᠤᠷᠢᠶᠠᠯᠲᠠ ᠵᠢᠨ ᠤᠯᠠᠷᠢᠯ᠎ᠳᠤ᠂  ᠲᠥᠷᠥᠯ ᠵᠦᠢ᠍ᠯ᠎ᠤᠨ ᠭᠣᠣᠯ ᠴᠣᠭᠴᠠ᠎ᠨᠢ ᠬᠣᠰᠢᠭᠤ ᠰᠢᠶᠠᠨ᠎ᠤ ᠲᠠᠷᠢᠶᠠᠯᠠᠩ ᠮᠠᠯ ᠠᠵᠤ ᠠᠬᠤᠢ ᠵᠢᠨ ᠰᠠᠯᠠᠭ᠎ᠠ ᠮᠥᠴᠢᠷ᠎ᠲᠤ ᠪᠣᠳᠠᠲᠠᠢ ᠲᠠᠯᠠᠪᠠᠶ ᠨᠢᠭᠡᠴᠢ ᠵᠢᠨ ᠤᠨᠠᠯᠲᠠ᠎ᠪᠠᠨ ᠦᠨᠡᠨ ᠮᠥᠨ ᠵᠶ᠋ᠡᠷ᠎ᠨᠢ ᠳᠡᠭᠡᠭᠰᠢ ᠮᠡᠳᠡᠭᠦᠯᠵᠦ᠂  ᠬᠣᠰᠢᠭᠤ ᠰᠢᠶᠠᠨ᠎ᠤ ᠲᠠᠷᠢᠶᠠᠯᠠᠩ ᠮᠠᠯ ᠠᠵᠤ ᠠᠬᠤᠢ ᠵᠢᠨ ᠰᠠᠯᠠᠭ᠎ᠠ ᠮᠥᠴᠢᠷ᠎ᠨᠢ ᠪᠣᠳᠠᠲᠠᠢ᠎ᠲᠠᠢ᠎ᠪᠠᠨ ᠤᠶᠠᠯᠳᠤᠭᠤᠯᠤᠨ ᠲᠣᠭ᠎ᠠ ᠪᠦᠷᠢᠳᠬᠡᠯ᠎ᠤᠨ ᠰᠠᠯᠠᠭ᠎ᠠ ᠮᠥᠴᠢᠷ᠎ᠲᠠᠢ ᠬᠠᠮᠲᠤᠷᠠᠨ 20%᠎ᠠᠴᠠ ᠳᠣᠣᠷ᠎ᠠ ᠦᠭᠡᠢ ᠬᠠᠷᠢᠴᠠᠯ ᠵᠶ᠋ᠠᠷ ᠲᠥᠷᠥᠯ ᠵᠦᠢ᠍ᠯ᠎ᠤᠨ ᠭᠣᠣᠯ ᠴᠣᠭᠴᠠ᠎ᠳᠤ ᠲᠠᠰᠢᠷᠠᠮ ᠳᠠᠭ᠋ᠠᠤ ᠰᠤᠭᠤᠴᠢᠨ ᠬᠡᠮᠵᠢᠵᠦ ᠳᠠᠬᠢᠨ ᠬᠢᠨᠠᠯᠲᠠ ᠬᠢᠵᠦ᠂  ᠨᠥᠬᠥᠴᠡᠯ᠎ᠲᠠᠢ ᠭᠠᠵᠠᠷ ᠣᠷᠣᠨ᠎ᠨᠢ ᠪᠦᠬᠦᠨ᠎ᠢ ᠬᠠᠮᠤᠷᠤᠨ ᠤᠨᠠᠯᠲᠠ ᠵᠢ ᠬᠡᠮᠵᠢᠬᠦ ᠵᠢ ᠵᠣᠷᠢᠭᠵᠢᠭᠤᠯᠤᠨ᠎ᠠ᠃

      (ᠲᠠᠪᠤ)  ᠦᠷ᠎ᠡ ᠳ᠋ᠦᠩ᠎ᠢ ᠢᠯᠡ ᠨᠡᠢ᠌ᠲᠡᠯᠡᠨ᠎ᠡ᠃  ᠬᠣᠰᠢᠭᠤ ᠰᠢᠶᠠᠨ᠎ᠤ ᠲᠠᠷᠢᠶᠠᠯᠠᠩ ᠮᠠᠯ ᠠᠵᠤ ᠠᠬᠤᠢ ᠵᠢᠨ ᠰᠠᠯᠠᠭ᠎ᠠ ᠮᠥᠴᠢᠷ᠎ᠤᠳ ᠭᠠᠵᠠᠷ ᠣᠷᠣᠨ᠎ᠤ ᠪᠠᠢ᠌ᠳᠠᠯ᠎ᠳᠠᠭᠠᠨ ᠲᠣᠬᠢᠷᠠᠭᠤᠯᠤᠨ ᠢᠨᠲ᠋ᠧᠷ ᠰᠦᠯᠵᠢᠶ᠎ᠡ᠂  ᠲᠣᠰᠬᠣᠨ᠎ᠤ ᠶᠠᠪᠤᠳᠠᠯ᠎ᠢ ᠢᠯᠡ ᠪᠣᠯᠭ᠋ᠠᠬᠤ ᠵᠡᠷᠭᠡ ᠠᠷᠭ᠎ᠠ ᠵᠠᠮ᠎ᠢ ᠶᠡᠷᠦᠩᠬᠡᠢ᠌ᠯᠡᠨ ᠬᠡᠷᠡᠭᠯᠡᠵᠦ᠂  ᠲᠥᠷᠥᠯ ᠵᠦᠢ᠍ᠯ᠎ᠤᠨ ᠱᠠᠩᠨᠠᠵᠤ ᠨᠥᠬᠥᠪᠦᠷᠢᠯᠡᠬᠦ᠎ᠪᠠᠷ ᠪᠠᠢ᠌ᠭ᠎ᠠ ᠭᠣᠣᠯ ᠴᠣᠭᠴᠠ ᠵᠢᠴᠢ ᠪᠡᠯᠡ ᠮᠥᠩᠭᠥ ᠵᠢᠨ ᠪᠠᠢ᠌ᠳᠠᠯ᠎ᠢ ᠴᠠᠭ ᠲᠤᠬᠠᠢ᠎ᠳᠤᠨᠢ ᠢᠯᠡ ᠨᠡᠢ᠌ᠲᠡᠯᠡᠵᠦ᠂  ᠲᠤᠰᠬᠠᠭᠰᠠᠨ ᠣᠨᠳᠣᠣ ᠰᠠᠨᠠᠯ᠎ᠲᠠᠢ ᠪᠠᠢ᠌ᠪᠠᠯ ᠵᠣᠬᠢᠶᠠᠨ ᠪᠠᠢ᠌ᠭᠤᠯᠤᠯᠲᠠ ᠎ᠠᠴᠠ ᠬᠢᠨᠠᠨ ᠬᠠᠷᠭᠤᠭᠤᠯᠬᠤ ᠬᠡᠷᠡᠭᠲᠡᠢ᠃  ᠢᠯᠡ᠎ᠪᠠᠷ ᠵᠠᠷᠯᠠᠬᠤ᠎ᠳᠤ ᠣᠨᠳᠣᠣ ᠰᠠᠨᠠᠯ ᠦᠭᠡᠢ ᠪᠠᠢ᠌ᠪᠠᠯ᠂  ᠵᠢᠷᠤᠮ ᠶᠣᠰᠣᠭ᠋ᠠᠷ ᠴᠠᠭ ᠲᠤᠬᠠᠢ᠎ᠳᠤᠨᠢ ᠪᠡᠯᠡ ᠮᠥᠩᠭᠥ  ᠪᠣᠯᠭ᠋ᠠᠨ ᠥᠭᠭᠦᠨ᠎ᠡ᠃

      ᠲᠠᠪᠤ᠂  ᠠᠵᠢᠯ᠎ᠤᠨ ᠱᠠᠭ᠋ᠠᠷᠳᠠᠯᠭ᠎ᠠ

      ᠨᠢᠭᠡ᠎ᠳᠤ᠂  ᠠᠢ᠌ᠮᠠᠭ ᠬᠣᠲᠠ᠎ᠨᠢ ᠲᠥᠷᠥᠯ ᠵᠦᠢ᠍ᠯ᠎ᠢ ᠨᠢᠭᠡᠳᠦᠯᠲᠡᠢ ᠲᠥᠯᠥᠪᠯᠡᠨ ᠵᠢᠯᠤᠭᠣᠳᠬᠤ ᠪᠠ ᠬᠢᠨᠠᠯᠲᠠ ᠲᠠᠯᠪᠢᠵᠤ ᠬᠠᠮᠢᠶᠠᠷᠬᠤ ᠵᠢ ᠬᠠᠷᠢᠭᠤᠴᠠᠵᠤ᠂  ᠬᠣᠰᠢᠭᠤ ᠰᠢᠶᠠᠨ᠎ᠨᠢ ᠭᠣᠣᠯ ᠴᠣᠭᠴᠠ ᠵᠢᠨ ᠬᠠᠷᠢᠭᠤᠴᠠᠯᠭ᠎ᠠ ᠵᠢ ᠪᠣᠳᠠᠲᠠᠢ᠌ᠵᠢᠭᠤᠯᠤᠨ᠂ 《ᠨᠢᠭᠡ ᠬᠣᠰᠢᠭᠤ ᠰᠢᠶᠠᠨ᠎ᠳᠤ ᠨᠢᠭᠡ ᠲᠥᠰᠥᠯ》᠎ᠤᠨ ᠵᠠᠷᠴᠢᠮ ᠶᠣᠰᠣᠭ᠋ᠠᠷ᠂  ᠬᠡᠷᠡᠭᠵᠢᠭᠦᠯᠬᠦ ᠨᠥᠬᠥᠴᠡᠯ ᠵᠢᠴᠢ ᠠᠵᠢᠯᠯᠠᠬᠤ ᠲᠠᠰ ᠳᠠᠷᠠᠭ᠋ᠠᠯᠠᠯ ᠵᠡᠷᠭᠡ ᠵᠢ  ᠲᠣᠳᠣᠷᠬᠠᠢ᠌ᠯᠠᠬᠤ ᠬᠡᠷᠡᠭᠲᠡᠢ᠃  ᠬᠣᠶᠠᠷ᠎ᠲᠤ᠂  ᠡᠯ᠎ᠡ ᠱᠠᠲᠤᠨ᠎ᠤ ᠲᠤᠰᠬᠠᠢ ᠮᠡᠷᠭᠡᠵᠢᠯᠲᠡᠨ᠎ᠤ ᠵᠢᠯᠤᠭᠣᠳᠬᠤ ᠳᠤᠭᠤᠢ᠌ᠯᠠᠩ ᠪᠣᠯᠣᠨ ᠲᠠᠷᠢᠶᠠᠯᠠᠩ᠎ᠤᠨ ᠮᠡᠷᠭᠡᠵᠢᠯ᠎ᠢ ᠳᠡᠯᠭᠡᠷᠡᠭᠦᠯᠬᠦ ᠡᠩᠨᠡᠭᠡ ᠵᠢᠨ ᠦᠢ᠍ᠯᠡᠳᠦᠯ᠎ᠢ ᠭᠦᠢ᠍ᠴᠡᠳ ᠪᠠᠳᠠᠷᠠᠭᠤᠯᠵᠤ᠂  ᠡᠷᠳᠡᠨᠢ ᠰᠢᠰᠢ᠂  ᠰᠢᠷ᠎ᠠ ᠪᠤᠷᠴᠠᠭ᠂  ᠪᠤᠭᠤᠳᠠᠢ᠂  ᠰᠢᠯᠢᠮᠳᠡᠭ᠂  ᠤᠰᠤᠨ ᠲᠤᠲᠤᠷᠭ᠎ᠠ᠂  ᠲᠥᠮᠥᠰᠥ ᠪᠣᠯᠣᠨ ᠨᠡᠷᠡᠨ  ᠬᠤᠸᠠᠷ  ᠵᠡᠷᠭᠡ ᠠᠮᠤ ᠳᠤᠰᠤᠨ᠎ᠤ ᠲᠠᠷᠢᠮᠠᠯ᠎ᠤᠨ ᠲᠠᠯᠠᠪᠠᠢ ᠨᠢᠭᠡᠴᠢ ᠵᠢᠨ ᠤᠨᠠᠯᠲᠠ ᠵᠢ ᠳᠡᠭᠡᠭᠰᠢᠯᠡᠭᠦᠯᠬᠦ ᠵᠠᠩᠭᠢᠯᠠᠭ᠎ᠠ ᠵᠢᠨ ᠮᠡᠷᠭᠡᠵᠢᠯ᠎ᠢ ᠪᠣᠳᠠᠲᠠᠢ᠎ᠳᠤ ᠨᠠᠢ᠌ᠳᠠᠪᠤᠷᠢᠵᠢᠭᠤᠯᠬᠤ ᠵᠢ ᠵᠢᠯᠤᠭᠣᠳᠬᠤ ᠵᠢ ᠦᠨᠡᠨᠬᠦ ᠪᠠᠲᠤᠯᠠᠬᠤ ᠬᠡᠷᠡᠭᠲᠡᠢ᠃  ᠭᠤᠷᠪᠠ᠎ᠳᠤ ᠠᠢ᠌ᠮᠠᠭ ᠬᠣᠲᠠ ᠵᠢᠨ ᠲᠠᠷᠢᠶᠠᠯᠠᠩ ᠮᠠᠯ ᠠᠵᠤ ᠠᠬᠤᠢ ᠵᠢᠨ ᠰᠠᠯᠠᠭ᠎ᠠ ᠮᠥᠴᠢᠷ᠎ᠤᠳ ᠲᠥᠷᠥᠯ ᠵᠦᠢ᠍ᠯ᠎ᠤᠨ ᠪᠡᠯᠡ ᠮᠥᠩᠭᠥ ᠵᠢᠨ ᠬᠠᠮᠢᠶᠠᠷᠤᠯᠲᠠ ᠵᠢ ᠵᠢᠷᠤᠮᠵᠢᠭᠤᠯᠵᠤ᠂  ᠲᠥᠷᠥᠯ ᠵᠦᠢ᠍ᠯ᠎ᠤᠨ ᠠᠬᠢᠴᠠ ᠶᠣᠰᠣᠭ᠋ᠠᠷ ᠪᠡᠯᠡ ᠮᠥᠩᠭᠥ ᠵᠢᠨ ᠵᠠᠷᠤᠯᠭ᠎ᠠ ᠵᠢᠨ ᠠᠬᠢᠴᠠ ᠵᠢ ᠲᠦᠷᠭᠡᠳᠬᠡᠬᠦ ᠬᠡᠷᠡᠭᠲᠡᠢ᠃  ᠠᠵᠢᠯ᠎ᠤᠨ ᠵᠢᠯᠣᠭᠣᠳᠤᠯᠭ᠎ᠠ᠎ᠪᠠᠨ ᠴᠠᠭ ᠲᠤᠬᠠᠢ᠎ᠳᠤᠨᠢ ᠥᠷᠨᠢᠭᠦᠯᠵᠦ᠂  ᠡᠯ᠎ᠡ ᠬᠣᠰᠢᠭᠤ ᠰᠢᠶᠠᠨ᠎ᠢ ᠰᠢᠮᠳᠠᠭᠤᠯᠵᠤ ᠪᠠᠢ᠌ᠭ᠋ᠠᠳ ᠲᠥᠷᠥᠯ ᠵᠦᠢ᠍ᠯ᠎ᠤᠨ ᠭᠣᠣᠯ ᠴᠣᠭᠴᠠ ᠵᠢᠨ ᠲᠠᠩᠰᠠ ᠡᠪᠬᠡᠮᠡᠯ᠎ᠢ ᠲᠠᠷᠢᠶᠠᠯᠠᠩ ᠬᠥᠳᠡᠭᠡ ᠲᠣᠰᠬᠣᠨ᠎ᠤ ᠶᠠᠮᠤᠨ᠎ᠤ ᠰᠢᠯᠵᠢᠭᠦᠯᠦᠨ ᠥᠭᠬᠦ ᠬᠠᠮᠢᠶᠠᠷᠤᠯᠲᠠ ᠵᠢᠨ ᠲᠠᠪᠴᠠᠩ (https://zyzf.xnzb.org.cn)᠎ᠳᠤ ᠴᠠᠭ ᠲᠤᠬᠠᠢ᠎ᠳᠤᠨᠢ ᠳᠠᠮᠵᠢᠭᠤᠯᠬᠤ ᠵᠢᠨ ᠬᠠᠮᠲᠤ ᠪᠡᠯᠡ ᠮᠥᠩᠭᠥ  ᠪᠣᠯᠭ᠋ᠠᠨ ᠥᠭᠭᠦᠭᠰᠡᠨ ᠪᠠᠢ᠌ᠳᠠᠯ ᠵᠶ᠋ᠠᠨ ᠲᠠᠭᠯᠠᠨ ᠮᠡᠳᠡᠭᠦᠯᠬᠦ ᠬᠡᠷᠡᠭᠲᠡᠢ᠃  ᠳᠣᠲᠣᠭ᠋ᠠᠳᠤ ᠠᠵᠢᠯ ᠲᠥᠷᠥᠯ᠎ᠤᠨ ᠲᠠᠩᠰᠠ ᠡᠪᠬᠡᠮᠡᠯ᠎ᠢ ᠵᠢᠷᠤᠮᠵᠢᠭᠤᠯᠵᠤ᠂  ᠬᠣᠰᠢᠭᠤ ᠰᠢᠶᠠᠨ᠎ᠤ ᠲᠠᠷᠢᠶᠠᠯᠠᠩ ᠮᠠᠯ ᠠᠵᠤ ᠠᠬᠤᠢ ᠵᠢᠨ ᠰᠠᠯᠠᠭ᠎ᠠ ᠮᠥᠴᠢᠷ᠎ᠤᠳ ᠶᠠᠪᠤᠴᠠ ᠵᠢᠨ ᠬᠠᠮᠢᠶᠠᠷᠤᠯᠲᠠ ᠵᠢ ᠴᠢᠩᠭ᠋ᠠᠷᠠᠭᠤᠯᠤᠨ᠂  ᠪᠥᠬᠥ ᠶᠠᠪᠤᠴᠠ᠎ᠳᠤ ᠲᠠᠩᠰᠠ ᠡᠪᠬᠡᠮᠡᠯ ᠪᠠᠢ᠌ᠭᠤᠯᠤᠨ ᠬᠡᠷᠡᠭ ᠪᠣᠯᠭ᠋ᠠᠨ ᠳᠡᠩᠰᠡᠯᠡᠵᠦ᠂  ᠮᠡᠷᠭᠡᠵᠢᠯ᠎ᠤᠨ ᠨᠠᠢ᠌ᠳᠠᠪᠤᠷᠢᠵᠢᠭᠤᠯᠤᠯᠲᠠ᠂  ᠬᠦᠴᠦᠨ ᠵᠦᠢ᠍ᠯ᠎ᠤᠨ ᠣᠷᠣᠭᠤᠯᠤᠯᠲᠠ᠂  ᠦᠷ᠎ᠡ ᠪᠦᠲᠦᠮᠵᠢ ᠵᠢ ᠦᠨᠡᠯᠡᠨ ᠵᠢᠱ᠌ᠢᠬᠦ ᠵᠡᠷᠭᠡ ᠠᠭᠤᠯᠭ᠎ᠠ ᠵᠢ ᠲᠡᠮᠳᠡᠭᠯᠡᠵᠦ᠂  ᠲᠥᠷᠥᠯ ᠵᠦᠢ᠍ᠯ᠎ᠤᠨ ᠬᠡᠷᠡᠭᠵᠢᠭᠦᠯᠦᠯᠲᠡ᠎ᠨᠢ ᠵᠢᠷᠤᠮᠵᠢᠯ᠎ᠲᠠᠢ ᠡᠮᠬᠢ ᠵᠢᠷᠤᠮ᠎ᠲᠠᠢ᠂  ᠤᠨᠠᠯᠲᠠ ᠵᠢ ᠬᠡᠮᠵᠢᠭᠰᠡᠨ ᠦᠷ᠎ᠡ ᠳ᠋ᠦᠩ᠎ᠨᠢ ᠦᠨᠡᠨ ᠪᠣᠳᠠᠲᠠᠢ ᠪᠥᠭᠡᠳ ᠨᠠᠢ᠌ᠳᠠᠪᠤᠷᠢᠲᠠᠢ᠂  ᠱᠠᠩᠨᠠᠯ ᠨᠥᠬᠥᠪᠦᠷᠢ ᠣᠯᠭᠣᠬᠤ ᠵᠢ ᠢᠯᠡ ᠲᠣᠳᠣ ᠪᠠᠢ᠌ᠯᠭ᠋ᠠᠬᠤ ᠵᠢ ᠦᠨᠡᠨᠬᠦ ᠪᠠᠲᠤᠯᠠᠬᠤ ᠬᠡᠷᠡᠭᠲᠡᠢ᠃  ᠳᠥᠷᠪᠡ᠎ᠳᠤ᠂  ᠲᠥᠷᠥᠯ ᠵᠦᠢ᠍ᠯ᠎ᠢ ᠬᠡᠷᠡᠭᠵᠢᠭᠦᠯᠦᠭᠰᠡᠨ ᠨᠡᠢ᠌ᠲᠡᠯᠢᠭ ᠲᠤᠷᠰᠢᠯᠭ᠎ᠠ ᠵᠢ ᠴᠠᠭ ᠲᠤᠬᠠᠢ᠎ᠳᠤᠨᠢ ᠳ᠋ᠦᠩᠨᠡᠨ ᠳᠡᠯᠭᠡᠷᠡᠭᠦᠯᠵᠦ᠂  ᠡᠯ᠎ᠡ ᠵᠦᠢ᠍ᠯ᠎ᠤᠨ ᠠᠷᠭ᠎ᠠ ᠵᠠᠮ᠎ᠢ ᠥᠷᠭᠡᠨ ᠵᠶ᠋ᠡᠷ ᠠᠰᠢᠭᠯᠠᠨ ᠤᠬᠠᠭᠤᠯᠭ᠎ᠠ᠎ᠪᠠᠨ ᠴᠢᠩᠭ᠋ᠠᠳᠬᠠᠵᠤ᠂  ᠰᠠᠢ᠌ᠨ ᠰᠠᠢ᠌ᠬᠠᠨ ᠶᠠᠷᠢᠶ᠎ᠠ ᠬᠡᠯᠡᠯᠴᠡᠭᠡᠨ᠎ᠤ ᠠᠭᠤᠷ ᠠᠮᠢᠰᠬᠤᠯ᠎ᠢ ᠪᠣᠶ ᠪᠣᠯᠭ᠋ᠠᠬᠤ ᠵᠢᠨ ᠬᠠᠮᠲᠤ᠂ 11 ᠰᠠᠷ᠎ᠠ ᠵᠢᠨ 10᠎ᠤ ᠡᠳᠦᠷ᠎ᠠᠴᠠ ᠡᠮᠦᠨ᠎ᠡ ᠠᠵᠢᠯ᠎ᠤᠨ ᠳ᠋ᠦᠩᠨᠡᠯᠲᠡ (ᠲᠥᠷᠥᠯ ᠵᠦᠢ᠍ᠯ᠎ᠤᠨ ᠦᠷ᠎ᠡ ᠪᠦᠲᠦᠮᠵᠢ᠂  ᠭᠣᠣᠯ ᠬᠢᠬᠦ ᠠᠷᠭ᠎ᠠ᠂  ᠲᠠᠷᠠᠭ᠋ᠠᠴᠢ ᠵᠢᠨ ᠠᠯᠬᠤᠮ᠎ᠤᠨ ᠲᠥᠯᠥᠪᠯᠡᠭᠡ ᠪᠠ ᠠᠰᠠᠭᠤᠳᠠᠯ᠎ᠤᠨ ᠰᠠᠨᠠᠭᠤᠯᠭ᠎ᠠ ᠵᠡᠷᠭᠡ᠂  ᠱᠠᠭ᠋ᠠᠷᠳᠠᠭᠰᠠᠨ ᠲᠣᠭ᠎ᠠ ᠪᠠᠷᠢᠮᠲᠠ᠎ᠨᠢ ᠨᠠᠷᠢᠨ ᠪᠣᠳᠠᠲᠠᠢ ᠣᠨᠣᠪᠴᠢᠲᠠᠶ᠂  ᠲᠣᠪᠣᠢ᠌ᠮ᠎ᠠ ᠬᠢᠯᠠᠰ ᠴᠡᠭ᠎ᠲᠠᠢ ᠠᠵᠢᠯ)᠎ᠪᠠᠨ ᠥᠪᠡᠷᠲᠡᠭᠡᠨ ᠵᠠᠰᠠᠬᠤ ᠣᠷᠣᠨ᠎ᠤ ᠲᠠᠷᠢᠶᠠᠯᠠᠩ ᠮᠠᠯ ᠠᠵᠤ ᠠᠬᠤᠢ  ᠪᠠ ᠬᠥᠳᠡᠭᠡ ᠲᠣᠰᠬᠤᠨ ᠮᠠᠯᠵᠢᠬᠤ ᠣᠷᠣᠨ᠎ᠤ ᠲᠢᠩᠬᠢᠮ᠎ᠳᠤ ᠵᠢᠩᠬᠢᠨᠢ᠎ᠪᠠᠷ  ᠮᠡᠳᠡᠭᠦᠯᠬᠦ ᠬᠡᠷᠡᠭᠲᠡᠢ᠃

ᠢᠷᠡᠯᠲᠡ᠄ ᠦᠪᠦᠷ ᠮᠣᠩᠭᠣᠯ᠎ᠤᠨ ᠲᠠᠷᠢᠶᠠᠯᠠᠩ ᠮᠠᠯ ᠠᠵᠤ ᠠᠬᠤᠢ ᠪᠠ ᠬᠦᠳᠡᠭᠡ ᠲᠤᠰᠬᠤᠨ ᠮᠠᠯᠵᠢᠬᠤ ᠤᠷᠤᠨ᠎ᠤ ᠲᠢᠩᠬᠢᠮ
          
ᠬᠠᠮᠢᠶ᠎ᠡ ᠪᠦᠬᠦᠢ ᠰᠣᠨᠢᠨ
 
            