ᠲᠡᠷᠢᠭᠦᠨ ᠬᠠᠭᠤᠳᠠᠰᠤ
ᠰᠣᠨᠢᠨ ᠮᠡᠳᠡᠭᠡ
ᠢᠯᠡ ᠵᠠᠰᠠᠭ
ᠦᠢᠯᠡᠴᠢᠯᠡᠭᠡ
ᠢᠯᠡ ᠵᠠᠰᠠᠭ   -   ᠠᠯᠪᠠᠨ ᠨᠡᠶ᠋ᠢᠲᠡᠯᠡᠯ
ᠤᠯᠤᠰ᠎ᠤᠨ ᠳᠥᠷᠪᠡᠳᠦᠭᠡᠷ ᠳᠡᠰ᠎ᠤᠨ ᠭᠠᠳᠠᠭᠰᠢᠯᠠᠭᠤᠯᠤᠯᠲᠠ ᠪᠣᠯᠭ᠋ᠠᠨ ᠲᠠᠰ ᠳᠡᠪᠰᠢᠭᠦᠯᠦᠭᠡᠳᠦᠢ ᠲᠠᠷᠢᠶᠠᠯᠠᠩ᠎ᠤᠨ ᠮᠠᠰᠢᠨ᠎ᠤ ᠦᠢ᠍ᠯᠡᠳᠬᠦᠨ᠎ᠤ ᠲᠠᠷᠢᠶᠠᠯᠠᠩ᠎ᠤᠨ ᠮᠠᠰᠢᠨ᠎ᠤ ᠲᠤᠷᠰᠢᠯᠲᠠ ᠵᠢᠨ ᠬᠢᠨᠠᠨ ᠲᠣᠭᠲᠠᠭ᠋ᠠᠯᠲᠠ ᠵᠢᠨ ᠦᠨᠡᠮᠯᠡᠯ᠎ᠢ ᠬᠦᠴᠦᠨ ᠦᠭᠡᠢ ᠪᠣᠯᠭ᠋ᠠᠬᠤ ᠲᠤᠬᠠᠢ ᠥᠪᠥᠷ ᠮᠣᠩᠭᠣᠯ᠎ᠤᠨ ᠥᠪᠡᠷᠲᠡᠭᠡᠨ ᠵᠠᠰᠠᠬᠤ ᠣᠷᠣᠨ᠎ᠤ ᠠᠯᠪᠠᠨ ᠵᠠᠷ
ᠨᠡᠶ᠋ᠢᠲᠡᠯᠡᠭᠰᠡᠨ ᠴᠠᠭ᠄ 2025-06-18

ᠬᠣᠯᠪᠣᠭᠳᠠᠯ ᠪᠦᠬᠦᠢ ᠠᠵᠤ ᠠᠬᠤᠢ᠌ᠯᠠᠯ᠎ᠤᠳ᠄

      《ᠵᠠᠮ ᠬᠠᠷᠢᠯᠴᠠᠭ᠋ᠠᠨ᠎ᠤ ᠪᠤᠰᠤ ᠴᠠᠢ᠌ᠶᠢᠦ ᠲᠣᠰᠣᠨ᠎ᠤ ᠰᠢᠯᠵᠢᠮᠡᠯ ᠮᠠᠰᠢᠨ᠎ᠤ  ᠪᠣᠬᠢᠷᠲᠤᠯ ᠪᠣᠳᠠᠰ᠎ᠤᠨ ᠭᠠᠳᠠᠭᠰᠢᠯᠠᠭᠤᠯᠤᠯᠲᠠ ᠵᠢ ᠬᠢᠵᠠᠭ᠋ᠠᠷᠯᠠᠬᠤ ᠮᠡᠷᠭᠡᠵᠢᠯ᠎ᠤᠨ ᠱᠠᠭ᠋ᠠᠷᠳᠠᠯᠭ᠎ᠠ》 (HJ1014—2020)᠎ᠳᠤ ᠲᠣᠳᠣᠷᠬᠠᠢ ᠲᠣᠭᠲᠠᠭ᠋ᠠᠭᠰᠠᠨ᠎ᠨᠢ᠄ 2022 ᠣᠨ᠎ᠤ 12 ᠰᠠᠷ᠎ᠠ ᠵᠢᠨ 1᠎ᠤ ᠡᠳᠦᠷ᠎ᠠᠴᠠ ᠡᠬᠢᠯᠡᠨ᠂ ᠪᠣᠶ ᠪᠦᠬᠦᠢ ᠦᠢ᠍ᠯᠡᠳᠪᠦᠷᠢᠯᠡᠭᠰᠡᠨ᠂ ᠭᠠᠳᠠᠭ᠋ᠠᠳᠤ᠎ᠠᠴᠠ ᠣᠷᠣᠭᠤᠯᠤᠭᠰᠠᠨ ᠪᠠ ᠪᠣᠷᠣᠯᠠᠭᠤᠯᠤᠭᠰᠠᠨ 560kW᠎ᠠᠴᠠ ᠳᠣᠷᠣᠭᠰᠢᠬᠢ ᠵᠠᠮ ᠬᠠᠷᠢᠯᠴᠠᠭ᠋ᠠᠨ᠎ᠤ ᠪᠤᠰᠤ ᠰᠢᠯᠵᠢᠮᠡᠯ ᠮᠠᠰᠢᠨ ᠵᠢᠴᠢ ᠲᠡᠭᠦᠨ᠎ᠤ ᠤᠭᠰᠠᠷᠠᠬᠤ ᠴᠠᠢ᠌ᠶᠢᠦ ᠮᠠᠰᠢᠨ᠎ᠨᠢ ᠳᠤᠮᠳᠠᠳᠤ ᠤᠯᠤᠰ᠎ᠤᠨ ᠳᠥᠷᠪᠡᠳᠦᠭᠡᠷ ᠱᠠᠲᠤᠨ᠎ᠤ ᠭᠠᠳᠠᠭᠰᠢᠯᠠᠭᠤᠯᠬᠤ ᠪᠠᠷᠢᠮᠵᠢᠶ᠎ᠠ ᠵᠢᠨ ᠱᠠᠭ᠋ᠠᠷᠳᠠᠯᠭ᠎ᠠ᠎ᠳᠤ ᠨᠡᠢ᠌ᠴᠡᠭᠰᠡᠨ ᠪᠠᠢ᠌ᠬᠤ ᠬᠡᠷᠡᠭᠲᠡᠢ (ᠲᠣᠪᠴᠢᠯᠠᠭ᠋ᠠᠳ 《ᠤᠯᠤᠰ᠎ᠤᠨ ᠳᠥᠷᠪᠡᠳᠦᠭᠡᠷ》 ᠭᠡᠳᠡᠭ)᠃ 2022 ᠣᠨ᠎ᠤ 6 ᠰᠠᠷ᠎ᠠ ᠵᠢᠨ 4᠎ᠤ ᠡᠳᠦᠷ᠂ ᠲᠠᠷᠢᠶᠠᠯᠠᠩ᠎ᠤᠨ ᠮᠠᠰᠢᠨᠴᠢᠯᠠᠯᠲᠠ ᠵᠢᠨ ᠶᠡᠷᠦᠩᠬᠡᠢ ᠥᠷᠲᠡᠭᠡ᠎ᠠᠴᠠ 《ᠴᠠᠢ᠌ᠶᠢᠦ ᠮᠠᠰᠢᠨ᠎ᠤ ᠭᠠᠳᠠᠭᠰᠢᠯᠠᠭᠤᠯᠬᠤ ᠪᠠᠷᠢᠮᠵᠢᠶ᠎ᠠ ᠵᠢ ᠲᠠᠰ ᠳᠡᠪᠰᠢᠭᠦᠯᠬᠦ ᠲᠠᠷᠢᠶᠠᠯᠠᠩ᠎ᠤᠨ ᠮᠠᠰᠢᠨ᠎ᠤ ᠲᠤᠷᠰᠢᠯᠲᠠ ᠵᠢᠨ ᠬᠢᠨᠠᠨ ᠲᠣᠭᠲᠠᠭ᠋ᠠᠯᠲᠠ ᠵᠢᠨ ᠦᠨᠡᠮᠯᠡᠯ ᠣᠯᠣᠭᠰᠠᠨ ᠦᠢ᠍ᠯᠡᠳᠬᠦᠨ᠎ᠤ ᠮᠡᠳᠡᠭᠡ ᠵᠠᠩᠭᠢ ᠵᠢ ᠬᠤᠪᠢᠷᠠᠭᠤᠯᠬᠤ ᠵᠡᠷᠭᠡ ᠬᠣᠯᠪᠣᠭᠳᠠᠯ ᠪᠦᠬᠦᠢ ᠠᠵᠢᠯ᠎ᠢ ᠰᠠᠢ᠌ᠲᠤᠷ ᠬᠢᠬᠦ ᠲᠤᠬᠠᠢ ᠮᠡᠳᠡᠭᠳᠡᠯ》 (ᠲᠠᠷᠢᠶᠠᠯᠠᠩ᠎ᠤᠨ ᠮᠠᠰᠢᠨᠴᠢᠯᠠᠯᠲᠠ ᠵᠢᠨ ᠶᠡᠷᠦᠩᠬᠡᠢ ᠥᠷᠲᠡᠭᠡ [2022] 47 ᠳ᠋ᠤᠭ᠋ᠠᠷ ᠲᠣᠭ᠋ᠠᠲᠤ)᠎ᠢ ᠨᠡᠢ᠌ᠲᠡᠯᠡᠵᠦ᠂ ᠮᠡᠳᠡᠭᠳᠡᠯ ᠨᠡᠢ᠌ᠲᠡᠯᠡᠭᠰᠡᠨ᠎ᠠᠴᠠ ᠣᠲᠣ ᠪᠣᠯᠲᠠᠯ᠎ᠠ ᠥᠪᠥᠷ ᠮᠣᠩᠭᠣᠯ᠎ᠤᠨ ᠲᠠᠷᠢᠶᠠᠯᠠᠩ᠎ᠤᠨ ᠮᠠᠰᠢᠨ᠎ᠤ ᠲᠤᠷᠰᠢᠯᠲᠠ ᠵᠢᠨ ᠬᠢᠨᠠᠨ ᠲᠣᠭᠲᠠᠭ᠋ᠠᠯᠲᠠ ᠵᠢᠨ ᠦᠨᠡᠮᠯᠡᠯ᠎ᠤᠨ ᠦᠨᠡᠮᠯᠡᠯ ᠣᠯᠣᠭᠰᠠᠨ ᠬᠡᠰᠡᠭ ᠦᠢ᠍ᠯᠡᠳᠬᠦᠨ᠎ᠳᠤ ᠤᠯᠤᠰ᠎ᠤᠨ ᠳᠥᠷᠪᠡᠳᠦᠭᠡᠷ ᠳᠡᠰ᠎ᠤᠨ ᠭᠠᠳᠠᠭᠰᠢᠯᠠᠭᠤᠯᠤᠯᠲᠠ ᠵᠢᠨ ᠬᠤᠪᠢᠷᠠᠭᠤᠯᠤᠯᠲᠠ ᠵᠢ ᠬᠢᠭᠡᠳᠦᠢ ᠪᠠᠢ᠌ᠭᠰᠠᠭ᠋ᠠᠷ  ᠪᠠᠢ᠌ᠨ᠎ᠠ᠃ ᠠᠯᠪᠠᠳᠠᠯᠭ᠎ᠠ ᠵᠢᠨ ᠴᠢᠨᠠᠷᠲᠠᠢ ᠤᠯᠤᠰ᠎ᠤᠨ ᠪᠠᠷᠢᠮᠵᠢᠶ᠎ᠠ ᠵᠢ  ᠲᠤᠭᠤᠰᠢᠯᠠᠭᠤᠯᠤᠨ  ᠬᠡᠷᠡᠭᠵᠢᠭᠦᠯᠬᠦ ᠵᠢ ᠲᠦᠷᠭᠡᠳᠬᠡᠵᠦ᠂ ᠲᠠᠷᠢᠶᠠᠯᠠᠩ᠎ᠤᠨ ᠮᠠᠰᠢᠨ᠎ᠤ ᠦᠢ᠍ᠯᠡᠳᠬᠦᠨ᠎ᠤ ᠪᠣᠬᠢᠷᠲᠤᠯ ᠦᠭᠡᠢ᠎ᠪᠠᠷ ᠬᠡᠯᠪᠡᠷᠢ᠎ᠪᠠᠨ ᠬᠤᠪᠢᠷᠠᠭᠤᠯᠤᠨ ᠲᠠᠰ ᠳᠡᠪᠰᠢᠬᠦ ᠵᠢ ᠠᠬᠢᠭᠤᠯᠬᠤ ᠵᠢᠨ ᠲᠤᠰᠠᠳᠠ᠂ ᠥᠪᠥᠷ ᠮᠣᠩᠭᠣᠯ᠎ᠤᠨ ᠥᠪᠡᠷᠲᠡᠭᠡᠨ ᠵᠠᠰᠠᠬᠤ ᠣᠷᠣᠨ᠎ᠤ ᠲᠠᠷᠢᠶᠠᠯᠠᠩ ᠮᠠᠯ ᠠᠵᠤ ᠠᠬᠤᠢ ᠵᠢᠨ ᠮᠠᠰᠢᠨ᠎ᠤ ᠲᠤᠷᠰᠢᠯᠲᠠ ᠵᠢᠨ ᠬᠢᠨᠠᠨ ᠲᠣᠭᠲᠠᠭ᠋ᠠᠯᠲᠠ ᠵᠢᠨ ᠥᠷᠲᠡᠭᠡ᠎ᠠᠴᠠ ᠬᠢᠨᠠᠨ ᠣᠯᠭᠣᠭᠰᠠᠨ ᠤᠯᠤᠰ᠎ᠤᠨ ᠳᠥᠷᠪᠡᠳᠦᠭᠡᠷ  ᠳᠡᠰ᠎ᠤᠨ  ᠭᠠᠳᠠᠭᠰᠢᠯᠠᠭᠤᠯᠤᠯᠲᠠ ᠪᠣᠯᠭ᠋ᠠᠨ ᠬᠤᠪᠢᠷᠠᠭᠤᠯᠤᠭ᠋ᠠᠳᠤᠢ ᠲᠠᠷᠢᠶᠠᠯᠠᠩ᠎ᠤᠨ ᠮᠠᠰᠢᠨ᠎ᠤ ᠦᠢ᠍ᠯᠡᠳᠬᠦᠨ᠎ᠤ ᠲᠤᠷᠰᠢᠯᠲᠠ ᠵᠢᠨ ᠬᠢᠨᠠᠨ ᠲᠣᠭᠲᠠᠭ᠋ᠠᠭᠰᠠᠨ ᠦᠨᠡᠮᠯᠡᠯ᠎ᠢ ᠬᠦᠴᠦᠨ ᠦᠭᠡᠢ ᠪᠣᠯᠭ᠋ᠠᠬᠤ᠎ᠪᠠᠷ ᠪᠣᠶ᠂ ᠡᠳᠦᠭᠡ ᠵᠠᠷᠯᠠᠨ  ᠨᠡᠢ᠌ᠲᠡᠯᠡᠵᠦ ᠪᠠᠢ᠌ᠨ᠎ᠠ᠃

      ᠨᠢᠭᠡ᠂ ᠵᠠᠷᠯᠠᠨ ᠨᠡᠢ᠌ᠲᠡᠯᠡᠬᠦ ᠴᠠᠭ᠎ᠨᠢ ᠵᠠᠷᠯᠠᠨ ᠨᠡᠢ᠌ᠲᠡᠯᠡᠭᠰᠡᠨ᠎ᠠᠴᠠ ᠡᠬᠢᠯᠡᠨ ᠠᠷᠪᠠᠨ ᠡᠳᠦᠷ᠎ᠤᠨ ᠳᠣᠲᠣᠷ᠎ᠠ᠂ ᠤᠯᠤᠰ᠎ᠤᠨ ᠳᠥᠷᠪᠡᠳᠦᠭᠡᠷ ᠳᠡᠰ᠎ᠤᠨ ᠭᠠᠳᠠᠭᠰᠢᠯᠠᠭᠤᠯᠤᠯᠲᠠ ᠪᠣᠯᠭ᠋ᠠᠨ ᠬᠤᠪᠢᠷᠠᠭᠤᠯᠤᠭ᠋ᠠᠳᠤᠢ ᠲᠠᠷᠢᠶᠠᠯᠠᠩ᠎ᠤᠨ ᠮᠠᠰᠢᠨ᠎ᠤ ᠲᠤᠷᠰᠢᠯᠲᠠ ᠵᠢᠨ ᠬᠢᠨᠠᠨ ᠲᠣᠭᠲᠠᠭ᠋ᠠᠯᠲᠠ ᠵᠢᠨ ᠦᠨᠡᠮᠯᠡᠯ ᠪᠠ ᠦᠢ᠍ᠯᠡᠳᠬᠦᠨ᠎ᠤ ᠮᠡᠳᠡᠭᠡ ᠵᠠᠩᠭᠢ ᠵᠢᠨ ᠬᠦᠰᠦᠨᠦᠭᠲᠦ ᠵᠢ ᠳᠠᠭ᠋ᠠᠯᠳᠤᠭᠤᠯᠤᠯ᠎ᠳᠤ  ᠦᠵᠡᠭᠡᠷᠡᠢ᠂ ᠵᠠᠷᠯᠠᠨ ᠨᠡᠢ᠌ᠲᠡᠯᠡᠭᠰᠡᠨ ᠦᠨᠡᠮᠯᠡᠯ ᠪᠠ ᠦᠢ᠍ᠯᠡᠳᠬᠦᠨ᠎ᠤ ᠮᠡᠳᠡᠭᠡ ᠵᠠᠩᠭᠢ ᠵᠢ ᠳᠠᠭ᠋ᠠᠯᠳᠤᠭᠤᠯᠤᠯ᠎ᠳᠤ ᠣᠷᠣᠭᠤᠯᠤᠭᠰᠠᠨ ᠦᠭᠡᠢ ᠤᠯᠤᠰ᠎ᠤᠨ ᠭᠤᠷᠪᠠᠳᠤᠭ᠋ᠠᠷ ᠳᠡᠰ᠎ᠤᠨ ᠭᠠᠳᠠᠭᠰᠢᠯᠠᠭᠤᠯᠤᠯᠲᠠ ᠵᠢᠨ ᠪᠠᠷᠢᠮᠵᠢᠶᠠᠲᠤ ᠦᠢ᠍ᠯᠡᠳᠬᠦᠨ᠎ᠢ ᠵᠠᠷᠯᠠᠨ ᠨᠡᠢ᠌ᠲᠡᠯᠡᠬᠦ ᠬᠤᠭᠤᠴᠠᠭ᠋ᠠᠨ᠎ᠳᠤ ᠠᠵᠤ ᠠᠬᠤᠢ᠌ᠯᠠᠯ᠎ᠨᠢ ᠰᠠᠨᠠᠭ᠋ᠠᠴᠢᠯᠠᠭ᠎ᠠ᠎ᠠᠴᠠ᠎ᠪᠠᠨ ᠦᠨᠡᠮᠯᠡᠯ᠎ᠢ ᠬᠦᠴᠦᠨ ᠦᠭᠡᠢ ᠪᠣᠯᠭ᠋ᠠᠬᠤ ᠭᠤᠶᠤᠴᠢᠯᠠᠯ ᠵᠶ᠋ᠠᠨ ᠲᠤᠰᠢᠶᠠᠬᠤ ᠬᠡᠷᠡᠭᠲᠡᠢ᠃

      ᠬᠣᠶᠠᠷ᠂ ᠵᠠᠷᠯᠠᠨ ᠨᠡᠢ᠌ᠲᠡᠯᠡᠬᠦ ᠬᠤᠭᠤᠴᠠᠭ᠋ᠠᠨ᠎ᠳᠤ᠂ ᠬᠡᠷᠪᠡ ᠵᠠᠷᠯᠠᠨ ᠨᠡᠢ᠌ᠲᠡᠯᠡᠭᠰᠡᠨ ᠦᠨᠡᠮᠯᠡᠯ ᠪᠣᠯᠣᠨ ᠦᠢ᠍ᠯᠡᠳᠬᠦᠨ᠎ᠤ ᠮᠡᠳᠡᠭᠡ ᠵᠠᠩᠭᠢ᠎ᠳᠤ ᠣᠨᠳᠣᠣ ᠰᠠᠨᠠᠯ᠎ᠲᠠᠢ ᠪᠠᠢ᠌ᠪᠠᠯ᠂  ᠤᠲᠠᠰᠤ᠂  ᠢᠮᠸᠯ  ᠶᠠᠪᠤᠭᠤᠯᠬᠤ ᠪᠤᠶᠤ ᠬᠣᠯᠪᠣᠭᠳᠠᠯ ᠪᠦᠬᠦᠢ ᠮᠠᠲ᠋ᠧᠷᠢᠶᠠᠯ᠎ᠢ ᠰᠢᠤᠳᠠᠨ ᠵᠶ᠋ᠠᠷ ᠢᠯᠡᠭᠡᠬᠦ ᠵᠡᠷᠭᠡ ᠠᠷᠭ᠎ᠠ ᠮᠠᠶᠢᠭ ᠵᠶ᠋ᠠᠷ ᠥᠪᠥᠷ ᠮᠣᠩᠭᠣᠯ᠎ᠤᠨ ᠥᠪᠡᠷᠲᠡᠭᠡᠨ ᠵᠠᠰᠠᠬᠤ ᠣᠷᠣᠨ᠎ᠤ ᠲᠠᠷᠢᠶᠠᠯᠠᠩ ᠮᠠᠯ ᠠᠵᠤ ᠠᠬᠤᠢ ᠵᠢᠨ ᠮᠠᠰᠢᠨ᠎ᠤ ᠲᠤᠷᠰᠢᠯᠲᠠ ᠵᠢᠨ ᠬᠢᠨᠠᠨ ᠲᠣᠭᠲᠠᠭ᠋ᠠᠯᠲᠠ ᠵᠢᠨ ᠥᠷᠲᠡᠭᠡ᠎ᠳᠤ ᠲᠤᠰᠬᠠᠵᠤ ᠪᠣᠯᠣᠨ᠎ᠠ᠃

      ᠭᠤᠷᠪᠠ᠂ ᠵᠠᠷᠯᠠᠨ ᠨᠡᠢ᠌ᠲᠡᠯᠡᠵᠦ ᠳᠠᠭᠤᠰᠤᠭᠰᠠᠨ᠎ᠤ ᠳᠠᠷᠠᠭ᠎ᠠ᠂ ᠥᠪᠥᠷ ᠮᠣᠩᠭᠣᠯ᠎ᠤᠨ ᠥᠪᠡᠷᠲᠡᠭᠡᠨ ᠵᠠᠰᠠᠬᠤ ᠣᠷᠣᠨ᠎ᠤ ᠲᠠᠷᠢᠶᠠᠯᠠᠩ ᠮᠠᠯ ᠠᠵᠤ ᠠᠬᠤᠢ ᠵᠢᠨ ᠮᠠᠰᠢᠨ᠎ᠤ ᠲᠤᠷᠰᠢᠯᠲᠠ ᠵᠢᠨ ᠬᠢᠨᠠᠨ ᠲᠣᠭᠲᠠᠭ᠋ᠠᠯᠲᠠ ᠵᠢᠨ ᠥᠷᠲᠡᠭᠡ᠎ᠠᠴᠠ ᠤᠯᠤᠰ᠎ᠤᠨ ᠳᠥᠷᠪᠡᠳᠦᠭᠡᠷ  ᠳᠡᠰ᠎ᠤᠨ  ᠭᠠᠳᠠᠭᠰᠢᠯᠠᠭᠤᠯᠤᠯᠲᠠ ᠪᠣᠯᠭ᠋ᠠᠨ ᠬᠤᠪᠢᠷᠠᠭᠤᠯᠤᠭ᠋ᠠᠳᠤᠢ ᠲᠠᠷᠢᠶᠠᠯᠠᠩ᠎ᠤᠨ ᠮᠠᠰᠢᠨ᠎ᠤ ᠲᠤᠷᠰᠢᠯᠲᠠ ᠵᠢᠨ ᠬᠢᠨᠠᠨ ᠲᠣᠭᠲᠠᠭ᠋ᠠᠯᠲᠠ ᠵᠢᠨ ᠦᠨᠡᠮᠯᠡᠯ᠎ᠢ ᠬᠦᠴᠦᠨ ᠦᠭᠡᠢ ᠪᠣᠯᠭ᠋ᠠᠵᠤ᠂ ᠮᠡᠳᠡᠭᠳᠡᠯ (ᠲᠠᠷᠢᠶᠠᠯᠠᠩ᠎ᠤᠨ  ᠮᠠᠰᠢᠨᠴᠢᠯᠠᠯᠲᠠ ᠵᠢᠨ ᠶᠡᠷᠦᠩᠬᠡᠢ ᠥᠷᠲᠡᠭᠡ [2022] 47 ᠳ᠋ᠤᠭ᠋ᠠᠷ ᠲᠣᠭ᠋ᠠᠲᠤ)᠎ᠤᠨ ᠱᠠᠭ᠋ᠠᠷᠳᠠᠯᠭ᠎ᠠ ᠶᠣᠰᠣᠭ᠋ᠠᠷ ᠮᠡᠳᠡᠭᠦᠯᠦᠭᠰᠡᠨ ᠤᠯᠤᠰ᠎ᠤᠨ ᠳᠥᠷᠪᠡᠳᠦᠭᠡᠷ  ᠳᠡᠰ᠎ᠤᠨ  ᠬᠤᠪᠢᠷᠠᠭᠤᠯᠬᠤ ᠭᠤᠶᠤᠴᠢᠯᠠᠯ᠎ᠢ ᠳᠠᠭᠢᠵᠤ ᠭᠥᠯᠢᠶᠡᠨ ᠠᠪᠴᠤ ᠰᠢᠢ᠍ᠳᠪᠦᠷᠢᠯᠡᠬᠦ ᠦᠭᠡᠢ᠃

      ᠬᠠᠷᠢᠯᠴᠠᠬᠤ ᠤᠲᠠᠰᠤ᠄ 0471-4314387

      ᠢᠮᠧᠯ᠄ njc4314387@163.com

      ᠬᠠᠷᠢᠯᠴᠠᠬᠤ  ᠬᠠᠶᠢᠭ᠄ ᠥᠪᠥᠷ ᠮᠣᠩᠭᠣᠯ᠎ᠤᠨ ᠬᠥᠬᠡᠬᠣᠲᠠ ᠵᠢᠨ ᠰᠠᠢ᠌ᠬᠠᠨ ᠲᠣᠭᠣᠷᠢᠭ᠎ᠤᠨ ᠣᠷᠳᠣᠰ ᠵᠡᠭᠦᠨ ᠵᠡᠭᠡᠯᠢ ᠵᠢᠨ ᠱᠠᠩ ᠳ᠋ᠦᠩ  ᠭᠦᠸᠸ ᠵᠢᠢ ᠵᠢᠨ B ᠰᠠᠭᠤᠳᠠᠯ᠎ᠤᠨ 910 ᠥᠷᠥᠭᠡ᠂ ᠰᠢᠤᠳᠠᠨ ᠳ᠋ᠤᠭ᠋ᠠᠷ᠄ 010010᠂ ᠭᠥᠯᠢᠶᠡᠨ ᠠᠪᠤᠭᠴᠢ᠄ ᠰᠢᠨᠵᠢᠯᠡᠬᠦ ᠤᠬᠠᠭ᠋ᠠᠨ  ᠲᠸᠭᠨᠢᠭ  ᠮᠡᠷᠭᠡᠵᠢᠯ᠎ᠤᠨ ᠲᠥᠷᠥᠯ ᠵᠦᠢ᠍ᠯ᠎ᠤᠨ ᠬᠠᠮᠢᠶᠠᠷᠤᠯᠲᠠ ᠵᠢᠨ ᠰᠠᠯᠠᠭ᠎ᠠ᠃

 

      ᠳᠠᠭ᠋ᠠᠯᠳᠤᠭᠤᠯᠤᠯ᠄ ᠥᠪᠥᠷ ᠮᠣᠩᠭᠣᠯ᠎ᠤᠨ ᠤᠯᠤᠰ᠎ᠤᠨ ᠳᠥᠷᠪᠡᠳᠦᠭᠡᠷ  ᠳᠡᠰ᠎ᠤᠨ  ᠭᠠᠳᠠᠭᠰᠢᠯᠠᠭᠤᠯᠤᠯᠲᠠ ᠪᠣᠯᠭ᠋ᠠᠨ ᠬᠤᠪᠢᠷᠠᠭᠤᠯᠤᠭ᠋ᠠᠳᠤᠢ ᠲᠠᠷᠢᠶᠠᠯᠠᠩ᠎ᠤᠨ ᠮᠠᠰᠢᠨ᠎ᠤ ᠲᠤᠷᠰᠢᠯᠲᠠ ᠵᠢᠨ ᠬᠢᠨᠠᠨ ᠲᠣᠭᠲᠠᠭ᠋ᠠᠯᠲᠠ ᠵᠢᠨ ᠦᠨᠡᠮᠯᠡᠯ ᠪᠠ  ᠦᠢ᠍ᠯᠡᠳᠭᠦᠨ᠎ᠤ ᠮᠡᠳᠡᠭᠡ ᠵᠠᠩᠭᠢ ᠵᠢᠨ ᠬᠦᠰᠦᠨᠦᠭᠲᠦ

 

              ᠥᠪᠥᠷ ᠮᠣᠩᠭᠣᠯ᠎ᠤᠨ ᠥᠪᠡᠷᠲᠡᠭᠡᠨ ᠵᠠᠰᠠᠬᠤ ᠣᠷᠣᠨ᠎ᠤ ᠲᠠᠷᠢᠶᠠᠯᠠᠩ ᠮᠠᠯ ᠠᠵᠤ

               ᠠᠬᠤᠢ ᠵᠢᠨ  ᠮᠠᠰᠢᠨ᠎ᠤ ᠲᠤᠷᠰᠢᠯᠲᠠ ᠵᠢᠨ ᠬᠢᠨᠠᠨ ᠲᠣᠭᠲᠠᠭ᠋ᠠᠯᠲᠠ ᠵᠢᠨ  ᠦᠷᠲᠡᠭᠡ

                       2025 ᠣᠨ᠎ᠤ 6 ᠰᠠᠷ᠎ᠠ ᠵᠢᠨ 18᠎ᠤ  ᠡᠳᠦᠷ

ᠢᠷᠡᠯᠲᠡ᠄ ᠦᠪᠦᠷ ᠮᠣᠩᠭᠣᠯ᠎ᠤᠨ ᠲᠠᠷᠢᠶᠠᠯᠠᠩ ᠮᠠᠯ ᠠᠵᠤ ᠠᠬᠤᠢ ᠪᠠ ᠬᠦᠳᠡᠭᠡ ᠲᠤᠰᠬᠤᠨ ᠮᠠᠯᠵᠢᠬᠤ ᠤᠷᠤᠨ᠎ᠤ ᠲᠢᠩᠬᠢᠮ
          
ᠬᠠᠮᠢᠶ᠎ᠡ ᠪᠦᠬᠦᠢ ᠰᠣᠨᠢᠨ
 
            