ᠲᠡᠷᠢᠭᠦᠨ ᠬᠠᠭᠤᠳᠠᠰᠤ
ᠰᠣᠨᠢᠨ ᠮᠡᠳᠡᠭᠡ
ᠢᠯᠡ ᠵᠠᠰᠠᠭ
ᠦᠢᠯᠡᠴᠢᠯᠡᠭᠡ
ᠦᠢᠯᠡᠴᠢᠯᠡᠭᠡ   -   ᠰᠤᠷᠪᠤᠯᠵᠢᠯᠠᠭ᠎ᠠ
《ᠰᠦᠯᠵᠢᠶᠡᠨ᠎ᠤ ᠬᠦᠴᠦᠷᠬᠡᠭᠯᠡᠯ᠎ᠤᠨ ᠮᠡᠳᠡᠭᠡ ᠵᠠᠩᠭᠢ ᠵᠢ ᠵᠠᠰᠠᠬᠤ ᠲᠣᠭᠲᠠᠭ᠋ᠠᠯ》᠎ᠤᠨ ᠬᠣᠯᠪᠣᠭᠳᠠᠯ ᠪᠦᠬᠦᠢ ᠠᠰᠠᠭᠤᠳᠠᠯ᠎ᠤᠨ ᠲᠠᠯ᠎ᠠ᠎ᠪᠠᠷ ᠰᠤᠷᠪᠤᠯᠵᠢᠯᠠᠭᠴᠢ ᠵᠢᠨ ᠠᠰᠠᠭᠤᠯᠲᠠ ᠵᠢ ᠬᠠᠷᠢᠭᠤᠯᠪᠠ
ᠨᠡᠶ᠋ᠢᠲᠡᠯᠡᠭᠰᠡᠨ ᠴᠠᠭ᠄ 2025-03-25

      ᠣᠢ᠌ᠷ᠎ᠠ᠎ᠳᠤ ᠂ ᠤᠯᠤᠰ᠎ᠤᠨ ᠢᠨᠲ᠋ᠧᠷ ᠰᠦᠯᠵᠢᠶᠡᠨ᠎ᠤ ᠮᠡᠳᠡᠭᠡ ᠵᠠᠩᠭᠢ ᠵᠢᠨ ᠠᠯᠪᠠᠨ ᠭᠡᠷ ᠳᠣᠲᠣᠭ᠋ᠠᠳᠤ ᠵᠢ ᠬᠠᠮᠠᠭ᠋ᠠᠯᠠᠬᠤ ᠶᠠᠮᠤᠨ ᠂ ᠰᠣᠶᠣᠯ ᠪᠠ ᠵᠢᠭᠤᠯᠴᠢᠯᠠᠯ᠎ᠤᠨ ᠶᠠᠮᠤᠨ ᠂ ᠤᠯᠤᠰ᠎ᠤᠨ ᠷᠠᠳᠢᠣ᠋ ᠲᠧᠯᠸᠢᠰ᠎ᠤᠨ ᠶᠡᠷᠦᠩᠬᠡᠢ ᠲᠣᠪᠴᠢᠶ᠎ᠠ᠎ᠲᠠᠢ ᠬᠠᠮᠲᠤᠷᠠᠨ 《  ᠰᠦᠯᠵᠢᠶᠡᠨ᠎ᠤ ᠬᠦᠴᠦᠷᠬᠡᠭᠯᠡᠯ᠎ᠤᠨ ᠮᠡᠳᠡᠭᠡ ᠵᠠᠩᠭᠢ ᠵᠢ ᠵᠠᠰᠠᠬᠤ ᠲᠣᠭᠲᠠᠭ᠋ᠠᠯ 》 (ᠠᠷᠤ᠎ᠳᠤ 《  ᠲᠣᠭᠲᠠᠭ᠋ᠠᠯ 》 ᠭᠡᠵᠦ ᠲᠣᠪᠴᠢᠯᠠᠨ᠎ᠠ )᠎ᠢ ᠨᠡᠢ᠌ᠲᠡᠯᠡᠪᠡ ᠃ ᠤᠯᠤᠰ᠎ᠤᠨ ᠢᠨᠲ᠋ᠧᠷ ᠰᠦᠯᠵᠢᠶᠡᠨ᠎ᠤ ᠮᠡᠳᠡᠭᠡ ᠵᠠᠩᠭᠢ ᠵᠢᠨ ᠠᠯᠪᠠᠨ ᠭᠡᠷ᠎ᠤᠨ ᠬᠣᠯᠪᠣᠭᠳᠠᠯ ᠪᠦᠬᠦᠢ ᠬᠠᠷᠢᠭᠤᠴᠠᠯᠭ᠋ᠠᠲᠠᠨ 《  ᠲᠣᠭᠲᠠᠭ᠋ᠠᠯ 》᠎ᠤᠨ ᠬᠣᠯᠪᠣᠭᠳᠠᠯ ᠪᠦᠬᠦᠢ ᠠᠰᠠᠭᠤᠳᠠᠯ᠎ᠤᠨ ᠲᠠᠯ᠎ᠠ᠎ᠪᠠᠷ ᠰᠤᠷᠪᠤᠯᠵᠢᠯᠠᠭᠴᠢ ᠵᠢᠨ ᠠᠰᠠᠭᠤᠯᠲᠠ ᠵᠢ ᠬᠠᠷᠢᠭᠤᠯᠵᠠᠢ ᠃

      ᠨᠢᠭᠡ ᠂ ᠠᠰᠠᠭᠤᠯᠲᠠ ᠄ ᠲᠠ 《  ᠲᠣᠭᠲᠠᠭ᠋ᠠᠯ 》᠎ᠢ ᠨᠡᠢ᠌ᠲᠡᠯᠡᠭᠰᠡᠨ ᠠᠬᠤᠢ ᠪᠠᠢ᠌ᠳᠠᠯ᠎ᠢ ᠳᠥᠭᠥᠮᠬᠡᠨ ᠲᠠᠨᠢᠯᠴᠠᠭᠤᠯᠬᠤ ᠪᠣᠯᠪᠠ ᠦᠦ ?

      ᠬᠠᠷᠢᠭᠤᠯᠲᠠ ᠄ 《  ᠲᠣᠭᠲᠠᠭ᠋ᠠᠯ 》᠎ᠢ ᠲᠣᠭᠲᠠᠭ᠋ᠠᠬᠤ᠎ᠳᠤ ᠭᠣᠣᠯᠳᠠᠭᠤ ᠳᠣᠣᠷᠠᠬᠢ ᠬᠡᠳᠦᠨ ᠲᠠᠯ᠎ᠠ ᠵᠢᠨ ᠪᠣᠳᠣᠯᠬᠢᠯᠠᠯ᠎ᠳᠤ ᠰᠠᠭᠤᠷᠢᠯᠠᠵᠠᠢ ᠄ ᠨᠢᠭᠡ᠎ᠳᠤ ᠂ ᠨᠠᠮ᠎ᠤᠨ ᠲᠥᠪ ᠬᠣᠷᠢᠶᠠᠨ᠎ᠤ ᠰᠢᠢ᠍ᠳᠪᠦᠷᠢᠲᠦ ᠪᠣᠳᠣᠯᠭ᠎ᠠ ᠪᠠᠢ᠌ᠷᠢᠯᠠᠭᠤᠯᠤᠯᠲᠠ ᠵᠢ ᠭᠦᠨᠵᠡᠭᠡᠢ ᠲᠤᠭᠤᠰᠢᠯᠠᠭᠤᠯᠤᠨ ᠨᠠᠢ᠌ᠳᠠᠪᠤᠷᠢᠵᠢᠭᠤᠯᠪᠠ ᠃ ᠶᠡᠷᠦᠩᠬᠡᠢ ᠱᠦᠵᠢ ᠰᠢ ᠵᠢᠨ ᠫᠢᠩ ᠰᠦᠯᠵᠢᠶᠡᠨ᠎ᠤ ᠠᠮᠢ ᠠᠬᠤᠢ ᠵᠢᠨ ᠪᠠᠢ᠌ᠭᠤᠯᠤᠯᠲᠠ ᠵᠢ ᠳᠡᠭᠡᠳᠦ ᠬᠡᠮᠵᠢᠶ᠎ᠡ᠎ᠪᠠᠷ ᠴᠢᠬᠤᠯᠠᠴᠢᠯᠠᠨ ᠦᠵᠡᠵᠦ ᠂ 《ᠰᠦᠯᠵᠢᠶᠡᠨ᠎ᠤ ᠣᠷᠣᠨ ᠵᠠᠢ ᠪᠣᠯ ᠲᠦᠭ ᠲᠦᠮᠡᠨ ᠠᠷᠠᠳ ᠣᠯᠠᠨ᠎ᠤ ᠬᠠᠮᠲᠤ ᠵᠢᠨ ᠣᠶᠤᠨ ᠰᠠᠨᠠᠭ᠋ᠠᠨ᠎ᠤ ᠭᠡᠷ ᠣᠷᠣᠨ ᠮᠥᠨ 》 ᠂ 《  ᠰᠦᠯᠵᠢᠶᠡᠨ᠎ᠤ ᠶᠡᠷᠦᠩᠬᠡᠢ᠌ᠯᠡᠭᠰᠡᠨ ᠵᠠᠰᠠᠯᠲᠠ ᠵᠢᠨ ᠰᠢᠰᠲ᠋ᠧᠮ᠎ᠢ ᠪᠦᠷᠢᠨᠰᠢᠭᠦᠯᠵᠦ ᠂ ᠰᠠᠢ᠌ᠨ ᠰᠠᠢ᠌ᠬᠠᠨ ᠰᠦᠯᠵᠢᠶᠡᠨ᠎ᠤ ᠠᠮᠢ ᠠᠬᠤᠢ ᠵᠢ ᠪᠣᠶ ᠪᠣᠯᠭ᠋ᠠᠬᠤ ᠵᠢ ᠠᠬᠢᠭᠤᠯᠤᠨ᠎ᠠ 》 ᠭᠡᠵᠦ ᠴᠢᠬᠤᠯᠠᠴᠢᠯᠠᠪᠠ ᠃ ᠳᠤᠮᠳᠠᠳᠤ ᠤᠯᠤᠰ᠎ᠤᠨ ᠡᠪ ᠬᠠᠮᠲᠤ ᠨᠠᠮ᠎ᠤᠨ ᠲᠥᠪ ᠬᠣᠷᠢᠶ᠎ᠠ᠂ ᠲᠥᠷᠥ ᠵᠢᠨ ᠶᠠᠪᠤᠳᠠᠯ᠎ᠤᠨ ᠬᠣᠷᠢᠶ᠎ᠠ ᠵᠢᠨ ᠳᠠᠷᠤᠮᠠᠯᠯᠠᠨ ᠲᠠᠷᠬᠠᠭ᠋ᠠᠭᠰᠠᠨ 《  ᠰᠢᠨ᠎ᠡ ᠴᠠᠭ ᠦᠶ᠎ᠡ ᠵᠢᠨ ᠠᠷᠠᠳ ᠢᠷᠭᠡᠳ᠎ᠤᠨ ᠶᠣᠰᠣ ᠮᠣᠷᠠᠯ᠎ᠤᠨ ᠪᠠᠢ᠌ᠭᠤᠯᠤᠯᠲᠠ ᠵᠢᠨ ᠬᠡᠷᠡᠭᠵᠢᠭᠦᠯᠬᠦ ᠬᠥᠲᠥᠯᠪᠦᠷᠢ 》᠎ᠳᠤ 《  ᠰᠦᠯᠵᠢᠶᠡᠨ᠎ᠤ ᠬᠦᠴᠦᠷᠬᠡᠭᠯᠡᠯ᠎ᠤᠨ ᠦᠢ᠍ᠯᠡ ᠠᠵᠢᠯᠯᠠᠭ᠎ᠠ ᠵᠢ ᠡᠰᠡᠷᠭᠦᠴᠡᠬᠦ 》 ᠵᠢ ᠲᠣᠳᠣᠷᠬᠠᠢ᠌ᠯᠠᠪᠠ ᠃ ᠬᠣᠶᠠᠷ᠎ᠲᠤ ᠂ ᠠᠷᠠᠳ ᠤᠯᠠᠨ᠎ᠤ ᠠᠩᠬᠠᠷᠤᠯ ᠲᠠᠯᠪᠢᠵᠤ ᠪᠠᠢ᠌ᠭ᠎ᠠ ᠠᠰᠠᠭᠤᠳᠠᠯ᠎ᠳᠤ ᠴᠠᠭ ᠲᠤᠬᠠᠢ᠎ᠳᠤ᠎ᠨᠢ ᠬᠠᠷᠢᠭᠤᠯᠲᠠ ᠥᠭᠪᠡ ᠃ ᠪᠦᠬᠦ ᠤᠯᠤᠰ᠎ᠤᠨ ᠬᠣᠶᠠᠷ ᠬᠤᠷᠠᠯ᠎ᠤᠨ ᠬᠤᠭᠤᠴᠠᠭ᠋ᠠᠨ᠎ᠳᠤ ᠂ ᠤᠯᠠᠨ ᠲᠣᠭ᠋ᠠᠨ᠎ᠤ ᠲᠥᠯᠥᠭᠡᠯᠡᠭᠴᠢ ᠭᠡᠰᠢᠭᠦᠨ᠎ᠠᠴᠠ ᠰᠦᠯᠵᠢᠶᠡᠨ᠎ᠤ ᠬᠦᠴᠦᠷᠬᠡᠭᠯᠡᠯ᠎ᠢ ᠡᠰᠡᠷᠭᠦᠴᠡᠬᠦ ᠬᠠᠨᠳᠤᠯᠭ᠋ᠠᠲᠤ ᠴᠢᠨᠠᠷᠲᠠᠢ ᠬᠠᠤᠯᠢ ᠲᠣᠭᠲᠠᠭ᠋ᠠᠯᠲᠠ ᠵᠢ ᠲᠦᠷᠭᠡᠨ ᠲᠣᠭᠲᠠᠭ᠋ᠠᠬᠤ ᠵᠢ ᠴᠢᠩᠭ᠎ᠠ ᠤᠷᠢᠶᠠᠯᠠᠵᠤ ᠂ ᠰᠦᠯᠵᠢᠶᠡᠨ᠎ᠤ ᠬᠦᠴᠦᠷᠬᠡᠭᠯᠡᠯ᠎ᠢ ᠴᠡᠭᠴᠡᠯᠡᠨ ᠵᠠᠰᠠᠬᠤ ᠲᠤᠬᠠᠢ ᠰᠠᠨᠠᠭᠤᠯᠭ᠎ᠠ ᠰᠠᠨᠠᠯ ᠳᠤᠷᠠᠳᠤᠯᠭ᠎ᠠ᠎ᠨᠢ ᠠᠷᠠᠳ ᠤᠯᠠᠨ᠎ᠤ ᠥᠷᠭᠡᠨ ᠳᠡᠯᠭᠡᠷ ᠬᠦᠷᠢᠶᠡᠯᠡᠯ᠎ᠢ ᠣᠯᠪᠠ ᠃ ᠭᠤᠷᠪᠠ᠎ᠳᠤ ᠂ ᠰᠦᠯᠵᠢᠶᠡᠨ᠎ᠤ ᠬᠦᠴᠦᠷᠬᠡᠭᠯᠡᠯ᠎ᠤᠨ ᠮᠡᠳᠡᠭᠡ ᠵᠠᠩᠭᠢ ᠵᠢᠨ ᠵᠠᠰᠠᠯᠲᠠ ᠵᠢᠨ ᠦᠷ᠎ᠡ ᠪᠦᠲᠦᠮᠵᠢ ᠵᠢ ᠬᠦᠴᠦᠯᠡᠨ ᠳᠡᠭᠡᠭᠰᠢᠯᠡᠭᠦᠯᠪᠡ ᠃ 《  ᠰᠦᠯᠵᠢᠶᠡᠨ᠎ᠤ ᠠᠮᠤᠷ ᠲᠦᠪᠰᠢᠨ᠎ᠤ ᠬᠠᠤᠯᠢ 》 《  ᠬᠤᠪᠢ ᠬᠥᠮᠥᠨ᠎ᠤ ᠮᠡᠳᠡᠭᠡ ᠵᠠᠩᠭᠢ ᠵᠢ ᠬᠠᠮᠠᠭ᠋ᠠᠯᠠᠬᠤ ᠬᠠᠤᠯᠢ 》 《  ᠨᠠᠰᠤᠨ᠎ᠳᠤ ᠦᠯᠦ ᠬᠦᠷᠦᠭᠰᠡᠳ᠎ᠤᠨ ᠰᠦᠯᠵᠢᠶᠡᠨ᠎ᠤ ᠬᠠᠮᠠᠭ᠋ᠠᠯᠠᠯᠲᠠ ᠵᠢᠨ ᠳᠦᠷᠢᠮ 》 ᠵᠡᠷᠭᠡ ᠬᠠᠤᠯᠢ ᠴᠠᠭ᠋ᠠᠵᠠ ᠬᠠᠤᠯᠢ ᠲᠣᠭᠲᠠᠭ᠋ᠠᠯ᠎ᠢ ᠤᠷᠢᠳ ᠬᠣᠵᠢᠳ ᠨᠡᠢ᠌ᠲᠡᠯᠡᠭᠰᠡᠨ ᠪᠥᠭᠡᠳ ᠬᠣᠯᠪᠣᠭᠳᠠᠯ ᠪᠦᠬᠦᠢ ᠳᠦᠷᠢᠮ᠎ᠢ ᠵᠢᠷᠤᠵᠤ ᠲᠥᠯᠥᠪᠯᠡᠭᠰᠡᠨ ᠰᠠᠭᠤᠷᠢᠨ ᠳᠡᠭᠡᠷ᠎ᠡ ᠂ 《  ᠲᠣᠭᠲᠠᠭ᠋ᠠᠯ 》᠎ᠳᠤ ᠰᠦᠯᠵᠢᠶᠡᠨ᠎ᠤ ᠬᠦᠴᠦᠷᠬᠡᠭᠯᠡᠯ᠎ᠤᠨ ᠮᠡᠳᠡᠭᠡ ᠵᠠᠩᠭᠢ ᠵᠢ ᠵᠠᠰᠠᠬᠤ ᠳᠦᠷᠢᠮ᠎ᠤᠨ ᠰᠢᠰᠲ᠋ᠧᠮ᠎ᠢ ᠤᠯᠠᠮ ᠨᠢᠭᠡ ᠠᠯᠬᠤᠮ ᠪᠠᠢ᠌ᠭᠤᠯᠵᠤ ᠂ ᠵᠠᠰᠠᠬᠤ ᠦᠢ᠍ᠯᠡᠳᠦᠯ ᠴᠢᠳᠠᠪᠤᠷᠢ ᠵᠢ ᠬᠦᠴᠦᠲᠡᠢ ᠳᠡᠭᠡᠭᠰᠢᠯᠡᠭᠦᠯᠪᠡ ᠃

      ᠬᠣᠶᠠᠷ ᠂ ᠠᠰᠠᠭᠤᠯᠲᠠ ᠄ 《  ᠲᠣᠭᠲᠠᠭ᠋ᠠᠯ 》᠎ᠳᠤ ᠬᠡᠯᠡᠵᠦ ᠪᠠᠢ᠌ᠭ᠎ᠠ ᠰᠦᠯᠵᠢᠶᠡᠨ᠎ᠤ ᠬᠦᠴᠦᠷᠬᠡᠭᠯᠡᠯ᠎ᠤᠨ ᠮᠡᠳᠡᠭᠡ ᠵᠠᠩᠭᠢ ᠭᠡᠳᠡᠭ᠎ᠨᠢ ᠶᠠᠭᠤ ᠵᠢ ᠵᠢᠭ᠋ᠠᠵᠤ ᠪᠠᠢ᠌ᠬᠤ ᠪᠤᠢ ?

      ᠬᠠᠷᠢᠭᠤᠯᠲᠠ ᠄ 《  ᠲᠣᠭᠲᠠᠭ᠋ᠠᠯ 》᠎ᠳᠤ ᠬᠡᠯᠡᠵᠦ ᠪᠠᠢ᠌ᠭ᠎ᠠ ᠰᠦᠯᠵᠢᠶᠡᠨ᠎ᠤ ᠬᠦᠴᠦᠷᠬᠡᠭᠯᠡᠯ᠎ᠤᠨ ᠮᠡᠳᠡᠭᠡ ᠵᠠᠩᠭᠢ ᠭᠡᠳᠡᠭ᠎ᠨᠢ ᠰᠦᠯᠵᠢᠶ᠎ᠡ᠎ᠪᠠᠷ ᠳᠠᠮᠵᠢᠭᠤᠯᠤᠨ ᠲᠧᠺᠰᠲ ᠂ ᠵᠢᠷᠤᠭ ᠳᠦᠷᠰᠦ ᠂ ᠲᠠᠭᠤᠨ ᠳᠠᠪᠲᠠᠮᠵᠢ ᠂ ᠸᠢᠳᠢᠤ᠋ ᠵᠡᠷᠭᠡ ᠬᠡᠯᠪᠡᠷᠢ᠎ᠪᠠᠷ ᠬᠤᠪᠢ ᠬᠥᠮᠥᠨ᠎ᠳᠤ ᠲᠥᠪᠯᠡᠷᠡᠭᠦᠯᠦᠨ ᠨᠡᠢ᠌ᠲᠡᠯᠡᠭᠰᠡᠨ ᠂ ᠳᠣᠷᠣᠮᠵᠢᠯᠠᠨ ᠬᠠᠷᠢᠶᠠᠭᠰᠠᠨ ᠂ ᠴᠤᠤᠷᠬᠠᠯ ᠲᠠᠯᠪᠢᠨ ᠭᠦᠳᠬᠡᠭᠰᠡᠨ ᠂ ᠥᠰᠢᠶ᠎ᠡ ᠬᠣᠷᠣᠰᠤᠯ᠎ᠢ ᠥᠳᠥᠭᠡᠭᠰᠡᠨ ᠂ ᠠᠶᠤᠯᠭ᠋ᠠᠨ ᠰᠦᠷᠳᠡᠭᠦᠯᠦᠭᠰᠡᠨ ᠂ ᠬᠤᠪᠢ ᠵᠢᠨ ᠨᠢᠭᠤᠴᠠ᠎ᠳᠤ ᠬᠠᠯᠳᠠᠭᠰᠠᠨ ᠵᠢᠴᠢ ᠪᠡᠶ᠎ᠡ ᠰᠡᠳᠬᠢᠯ᠎ᠤᠨ ᠡᠷᠡᠭᠦᠯ ᠮᠡᠨᠳᠦ ᠵᠢ ᠨᠥᠯᠥᠭᠡᠯᠡᠭᠰᠡᠨ ᠵᠢᠮᠡᠯᠡᠨ ᠶᠣᠵᠣᠯᠠᠭᠰᠠᠨ ᠂ ᠳᠣᠷᠣᠮᠵᠢᠯᠠᠨ ᠭᠠᠳᠠᠭᠤᠷᠴᠢᠯᠠᠭᠰᠠᠨ ᠵᠡᠷᠭᠡ ᠠᠭᠤᠯᠭ᠎ᠠ᠎ᠲᠠᠢ ᠬᠠᠤᠯᠢ ᠵᠢ ᠵᠥᠷᠢᠴᠡᠭᠰᠡᠨ ᠪᠠ ᠡᠷᠡᠭᠦᠯ ᠪᠤᠰᠤ ᠮᠡᠳᠡᠭᠡ ᠵᠠᠩᠭᠢ ᠵᠢ ᠵᠢᠭ᠋ᠠᠵᠤ ᠪᠠᠢ᠌ᠨ᠎ᠠ ᠃

      ᠭᠤᠷᠪᠠ ᠂ ᠠᠰᠠᠭᠤᠯᠲᠠ ᠄ 《  ᠲᠣᠭᠲᠠᠭ᠋ᠠᠯ 》᠎ᠳᠤ ᠲᠣᠳᠣᠷᠬᠠᠢ ᠲᠣᠭᠲᠠᠭ᠋ᠠᠭᠰᠠᠨ ᠰᠦᠯᠵᠢᠶᠡᠨ᠎ᠤ ᠬᠦᠴᠦᠷᠬᠡᠭᠯᠡᠯ᠎ᠤᠨ ᠮᠡᠳᠡᠭᠡ ᠵᠠᠩᠭᠢ ᠵᠢ ᠵᠠᠰᠠᠬᠤ ᠵᠠᠷᠴᠢᠮ᠎ᠨᠢ ᠶᠠᠭᠤ ᠪᠣᠶ ?

      ᠬᠠᠷᠢᠭᠤᠯᠲᠠ ᠄ 《  ᠲᠣᠭᠲᠠᠭ᠋ᠠᠯ 》᠎ᠳᠤ ᠲᠣᠳᠣᠷᠬᠠᠢ ᠲᠣᠭᠲᠠᠭ᠋ᠠᠭᠰᠠᠨ᠎ᠨᠢ ᠂ ᠰᠦᠯᠵᠢᠶᠡᠨ᠎ᠤ ᠬᠦᠴᠦᠷᠬᠡᠭᠯᠡᠯ᠎ᠤᠨ ᠮᠡᠳᠡᠭᠡ ᠵᠠᠩᠭᠢ ᠵᠢ ᠵᠠᠰᠠᠬᠤ᠎ᠳᠤ ᠡᠬᠢ ᠡᠭᠦᠰᠦᠯ᠎ᠠᠴᠠ᠎ᠨᠢ ᠰᠡᠷᠭᠡᠢ᠌ᠯᠡᠭ᠊  ᠊ᠤ᠋᠂ ᠰᠡᠷᠭᠡᠢ᠌ᠯᠡᠨ ᠡᠵᠡᠮᠳᠡᠬᠦ ᠵᠢ ᠤᠶᠠᠯᠳᠤᠭᠤᠯᠬᠤ ᠂ ᠥᠩᠭᠡᠨ ᠲᠠᠯ᠎ᠠ ᠪᠠ ᠦᠨᠳᠦᠰᠦ ᠰᠤᠷᠪᠤᠯᠵᠢ ᠵᠢ ᠵᠡᠷᠭᠡ᠎ᠪᠠᠷ ᠵᠠᠰᠠᠬᠤ ᠂ ᠬᠠᠮᠵᠢᠯᠴᠠᠨ ᠬᠠᠮᠲᠤ᠎ᠪᠠᠷ ᠵᠠᠰᠠᠬᠤ ᠵᠠᠷᠴᠢᠮ᠎ᠢ ᠪᠠᠷᠢᠮᠲᠠᠯᠠᠨ᠎ᠠ ᠃

      ᠳᠥᠷᠪᠡ ᠂ ᠠᠰᠠᠭᠤᠯᠲᠠ ᠄ 《  ᠲᠣᠭᠲᠠᠭ᠋ᠠᠯ 》᠎ᠳᠤ ᠰᠦᠯᠵᠢᠶᠡᠨ᠎ᠤ ᠬᠦᠴᠦᠷᠬᠡᠭᠯᠡᠯ᠎ᠤᠨ ᠮᠡᠳᠡᠭᠡ ᠵᠠᠩᠭᠢ ᠵᠢ ᠤᠷᠢᠳᠴᠢᠯᠠᠨ ᠰᠡᠷᠭᠡᠢ᠌ᠯᠡᠬᠦ ᠪᠠ ᠰᠡᠷᠡᠮᠵᠢᠯᠡᠭᠦᠯᠬᠦ᠎ᠳᠤ ᠶᠠᠮᠠᠷ ᠶᠠᠮᠠᠷ ᠱᠠᠭ᠋ᠠᠷᠳᠠᠯᠭ᠎ᠠ ᠳᠤᠷᠠᠳᠤᠭᠰᠠᠨ ᠪᠣᠶ ?       

      ᠬᠠᠷᠢᠭᠤᠯᠲᠠ ᠄ 《  ᠲᠣᠭᠲᠠᠭ᠋ᠠᠯ 》᠎ᠳᠤ ᠰᠦᠯᠵᠢᠶᠡᠨ᠎ᠤ ᠬᠦᠴᠦᠷᠬᠡᠭᠯᠡᠯ᠎ᠤᠨ ᠮᠡᠳᠡᠭᠡ ᠵᠠᠩᠭᠢ ᠵᠢ ᠤᠷᠢᠳᠴᠢᠯᠠᠨ ᠰᠡᠷᠭᠡᠢ᠌ᠯᠡᠵᠦ ᠰᠡᠷᠡᠮᠵᠢᠯᠡᠭᠦᠯᠬᠦ᠎ᠳᠤ ᠲᠣᠳᠣᠷᠬᠠᠢ ᠱᠠᠭ᠋ᠠᠷᠳᠠᠯᠭ᠎ᠠ ᠳᠤᠷᠠᠳᠴᠠᠢ ᠃ ᠨᠢᠭᠡ᠎ᠳᠤ ᠂ ᠰᠦᠯᠵᠢᠶᠡᠨ᠎ᠤ ᠮᠡᠳᠡᠭᠡ ᠵᠠᠩᠭᠢ ᠵᠢᠨ ᠦᠢ᠍ᠯᠡᠴᠢᠯᠡᠭᠡ ᠬᠠᠩᠭ᠋ᠠᠭᠴᠢ ᠤᠯᠤᠰ᠎ᠤᠨ ᠰᠦᠯᠵᠢᠶᠡᠨ᠎ᠤ ᠮᠡᠳᠡᠭᠡ ᠵᠠᠩᠭᠢ ᠵᠢᠨ ᠰᠠᠯᠠᠭ᠎ᠠ ᠮᠥᠴᠢᠷ ᠪᠣᠯᠣᠨ ᠲᠦᠷᠦ ᠵᠢᠨ ᠶᠠᠪᠤᠳᠠᠯ᠎ᠤᠨ ᠬᠣᠷᠢᠶᠠᠨ᠎ᠤ ᠬᠣᠯᠪᠣᠭᠳᠠᠯ ᠪᠦᠬᠦᠢ ᠰᠠᠯᠠᠭ᠎ᠠ ᠮᠥᠴᠢᠷ᠎ᠤᠨ ᠵᠢᠯᠣᠭᠣᠳᠤᠯᠭ᠎ᠠ ᠳᠣᠣᠷ᠎ᠠ ᠰᠦᠯᠵᠢᠶᠡᠨ᠎ᠤ ᠬᠦᠴᠦᠷᠬᠡᠭᠯᠡᠯ᠎ᠤᠨ ᠮᠡᠳᠡᠭᠡ ᠵᠠᠩᠭᠢ ᠵᠢᠨ ᠲᠦᠷᠦᠯ ᠬᠤᠪᠢᠶᠠᠬᠤ ᠪᠠᠷᠢᠮᠵᠢᠶ᠎ᠠ ᠵᠢᠨ ᠳᠦᠷᠢᠮ᠎ᠢ ᠨᠠᠷᠢᠯᠢᠭᠵᠢᠭᠤᠯᠵᠤ ᠂ ᠰᠦᠯᠵᠢᠶᠡᠨ᠎ᠤ ᠬᠦᠴᠦᠷᠬᠡᠭᠯᠡᠯ᠎ᠤᠨ ᠮᠡᠳᠡᠭᠡ ᠵᠠᠩᠭᠢ ᠵᠢᠨ ᠣᠨᠴᠠᠯᠢᠭ᠎ᠤᠨ ᠬᠥᠮᠥᠷᠭᠡ ᠪᠣᠯᠣᠨ ᠨᠡᠢ᠌ᠲᠡᠯᠢᠭ ᠬᠡᠷᠡᠭ᠎ᠤᠨ ᠵᠢᠱ᠌ᠢᠶ᠎ᠡ ᠵᠢᠨ ᠦᠯᠢᠭᠡᠷ ᠬᠡᠪ᠎ᠢ ᠪᠠᠢ᠌ᠭᠤᠯᠤᠨ ᠲᠡᠭᠦᠯᠳᠡᠷᠵᠢᠭᠦᠯᠵᠦ ᠂ ᠰᠦᠯᠵᠢᠶᠡᠨ᠎ᠤ ᠬᠦᠴᠦᠷᠬᠡᠭᠯᠡᠯ᠎ᠤᠨ ᠮᠡᠳᠡᠭᠡ ᠵᠠᠩᠭᠢ ᠵᠢ ᠢᠯᠭ᠋ᠠᠨ ᠲᠠᠨᠢᠬᠤ ᠬᠢᠨᠠᠨ ᠬᠡᠮᠵᠢᠯᠲᠡ ᠵᠢ ᠴᠢᠩᠭ᠋ᠠᠳᠬᠠᠬᠤ ᠬᠡᠷᠡᠭᠲᠡᠢ ᠭᠡᠵᠦ ᠱᠠᠭ᠋ᠠᠷᠳᠠᠪᠠ ᠃  ᠬᠣᠶᠠᠷ᠎ᠲᠤ ᠂ ᠰᠦᠯᠵᠢᠶᠡᠨ᠎ᠤ ᠮᠡᠳᠡᠭᠡ ᠵᠠᠩᠭᠢ ᠵᠢᠨ ᠦᠢ᠍ᠯᠡᠴᠢᠯᠡᠭᠡ ᠬᠠᠩᠭ᠋ᠠᠭᠴᠢ ᠵᠢ ᠰᠦᠯᠵᠢᠶᠡᠨ᠎ᠤ ᠬᠦᠴᠦᠷᠬᠡᠭᠯᠡᠯ᠎ᠤᠨ ᠮᠡᠳᠡᠭᠡ ᠵᠠᠩᠭᠢ ᠵᠢᠨ ᠤᠷᠢᠳᠴᠢᠯᠠᠨ ᠰᠡᠷᠡᠮᠵᠢᠯᠡᠭᠦᠯᠬᠦ ᠵᠠᠭᠪᠤᠷ᠎ᠢ ᠪᠠᠢ᠌ᠭᠤᠯᠤᠨ ᠪᠦᠷᠢᠨᠰᠢᠭᠦᠯᠵᠦ᠂ ᠬᠡᠷᠡᠭ ᠶᠠᠪᠤᠳᠠᠯ᠎ᠤᠨ ᠲᠥᠷᠥᠯ ᠢᠯᠭ᠋ᠠᠯ᠎ᠢ ᠶᠡᠷᠦᠩᠬᠡᠢ᠌ᠯᠡᠨ ᠂ ᠪᠡᠶᠡᠴᠢ ᠴᠣᠭᠴᠠ ᠂ ᠣᠷᠣᠯᠴᠠᠭᠰᠠᠨ ᠬᠥᠮᠥᠨ᠎ᠤ ᠲᠣᠭ᠎ᠠ᠂ ᠮᠡᠳᠡᠭᠡ ᠵᠠᠩᠭᠢ ᠵᠢᠨ ᠠᠭᠤᠯᠭ᠎ᠠ ᠂ ᠨᠡᠢ᠌ᠲᠡᠯᠡᠬᠦ ᠤᠳᠠᠭ᠎ᠠ ᠂ ᠭᠣᠭᠴᠣᠭ᠎ᠠ ᠵᠢᠨ ᠦᠵᠡᠭᠳᠡᠯ ᠂ ᠢᠯᠡᠴᠢᠯᠡᠨ ᠮᠡᠳᠡᠭᠦᠯᠵᠦ ᠵᠠᠭ᠋ᠠᠯᠳᠤᠬᠤ ᠵᠡᠷᠭᠡ ᠬᠦᠴᠦᠨ ᠵᠦᠢ᠍ᠯ᠎ᠳᠤ ᠴᠢᠭᠯᠡᠭᠦᠯᠦᠨ ᠂ ᠤᠷᠢᠳᠴᠢᠯᠠᠨ ᠰᠡᠷᠡᠮᠵᠢᠯᠡᠭᠦᠯᠬᠦ ᠰᠦᠯᠵᠢᠶᠡᠨ᠎ᠤ ᠬᠦᠴᠦᠷᠬᠡᠭᠯᠡᠯ᠎ᠤᠨ ᠮᠡᠳᠡᠭᠡ ᠵᠠᠩᠭᠢ ᠵᠢᠨ ᠲᠦᠭᠰᠢᠭᠦᠷᠢ ᠵᠢ ᠴᠠᠭ ᠲᠤᠬᠠᠢ᠎ᠳᠤ᠎ᠨᠢ ᠢᠯᠡᠷᠡᠭᠦᠯᠬᠦ ᠬᠡᠷᠡᠭᠲᠡᠢ ᠭᠡᠵᠦ ᠱᠠᠭ᠋ᠠᠷᠳᠠᠪᠠ ᠃ ᠭᠤᠷᠪᠠ᠎ᠳᠤ ᠂ ᠰᠦᠯᠵᠢᠶᠡᠨ᠎ᠤ ᠮᠡᠳᠡᠭᠡ ᠵᠠᠩᠭᠢ ᠵᠢᠨ ᠦᠢ᠍ᠯᠡᠴᠢᠯᠡᠭᠡ ᠬᠠᠩᠭ᠋ᠠᠭᠴᠢ ᠰᠦᠯᠵᠢᠶᠡᠨ᠎ᠤ ᠬᠦᠴᠦᠷᠬᠡᠭᠯᠡᠯ᠎ᠤᠨ ᠮᠡᠳᠡᠭᠡ ᠵᠠᠩᠭᠢ ᠵᠢᠨ ᠲᠦᠭᠰᠢᠭᠦᠷᠢ ᠣᠷᠣᠰᠢᠵᠤ ᠪᠠᠢ᠌ᠬᠤ ᠵᠢ ᠣᠯᠵᠤ ᠮᠡᠳᠡᠪᠡᠯ ᠂ ᠨᠡᠢ᠌ᠭᠡᠮ᠎ᠤᠨ ᠠᠩᠬᠠᠷᠤᠯ᠎ᠳᠤ ᠴᠠᠭ ᠲᠤᠬᠠᠢ᠎ᠳᠤ᠎ᠨᠢ ᠬᠠᠷᠢᠭᠤ ᠥᠭᠴᠦ ᠂ ᠬᠡᠷᠡᠭᠯᠡᠭᠴᠢᠳ᠎ᠢ ᠬᠥᠲᠥᠯᠥᠨ ᠵᠢᠯᠤᠭᠣᠳᠴᠤ ᠪᠠᠢ᠌ᠭ᠋ᠠᠳ ᠪᠣᠯᠪᠠᠰᠤᠨ ᠵᠶ᠋ᠠᠷ ᠬᠠᠷᠢᠯᠴᠠᠨ ᠦᠢ᠍ᠯᠡᠳᠦᠯᠴᠡᠵᠦ ᠂ ᠣᠶᠤᠨᠴᠢ᠎ᠪᠠᠷ ᠢᠯᠡᠳᠬᠡᠬᠦ ᠵᠢᠨ ᠬᠠᠮᠲᠤ ᠬᠡᠪ᠎ᠤᠨ ᠪᠤᠰᠤ ᠲᠠᠩᠰᠠᠨ ᠨᠣᠮᠧᠷ᠎ᠲᠤ ᠦᠨᠡᠨ ᠪᠡᠶ᠎ᠡ ᠬᠡᠮ᠎ᠤᠨ ᠮᠡᠳᠡᠭᠡ ᠵᠠᠩᠭᠢ ᠵᠢ ᠬᠥᠳᠡᠯᠦᠩᠭᠦᠢ᠎ᠪᠠᠷ ᠬᠠᠷᠭᠤᠭᠤᠯᠤᠨ ᠰᠢᠯᠭ᠋ᠠᠬᠤ ᠂ ᠰᠠᠨᠠᠭᠤᠯᠬᠤ ᠂ ᠲᠣᠭᠲᠠᠭ᠋ᠠᠯ᠎ᠠᠴᠠ ᠵᠥᠷᠢᠴᠡᠭᠰᠡᠨ᠎ᠢ᠎ᠨᠢ ᠰᠡᠷᠡᠮᠵᠢᠯᠡᠭᠦᠯᠬᠦ ᠂ ᠰᠦᠯᠵᠢᠶᠡᠨ᠎ᠳᠤ ᠭᠠᠷᠬᠤ᠎ᠨᠢ ᠬᠢᠵᠠᠭ᠋ᠠᠷᠯᠠᠬᠤ ᠵᠡᠷᠭᠡ ᠠᠷᠭ᠎ᠠ ᠬᠡᠮᠵᠢᠶ᠎ᠡ ᠵᠢ ᠴᠠᠭ ᠲᠤᠬᠠᠢ᠎ᠳᠤ᠎ᠨᠢ ᠠᠪᠬᠤ ᠬᠡᠷᠡᠭᠲᠡᠢ ; ᠬᠣᠯᠪᠣᠭᠳᠠᠯ ᠪᠦᠬᠦᠢ ᠮᠡᠳᠡᠭᠡ ᠵᠠᠩᠭᠢ ᠵᠢᠨ ᠠᠭᠤᠯᠭ᠎ᠠ ᠵᠢ ᠬᠠᠢ᠌ᠨ ᠦᠵᠡᠬᠦ ᠂ ᠡᠷᠢᠬᠦ ᠂ ᠦᠨᠡᠯᠡᠬᠦ ᠂ ᠢᠯᠡᠴᠢᠯᠡᠨ ᠮᠡᠳᠡᠭᠦᠯᠬᠦ ᠬᠡᠮᠵᠢᠶ᠎ᠡ ᠢᠯᠡᠳᠲᠡ ᠨᠡᠮᠡᠭᠳᠡᠭᠰᠡᠨ ᠵᠡᠷᠭᠡ ᠪᠠᠢ᠌ᠳᠠᠯ᠎ᠢ ᠣᠯᠵᠤ ᠮᠡᠳᠡᠪᠡᠯ ᠂ ᠪᠠᠰᠠ ᠴᠠᠭ ᠲᠤᠬᠠᠢ᠎ᠳᠤ᠎ᠨᠢ ᠬᠣᠯᠪᠣᠭᠳᠠᠯ ᠪᠦᠬᠦᠢ ᠰᠠᠯᠠᠭ᠎ᠠ ᠮᠥᠴᠢᠷ᠎ᠲᠤ ᠮᠡᠳᠡᠭᠦᠯᠬᠦ ᠬᠡᠷᠡᠭᠲᠡᠢ ᠃ ᠳᠥᠷᠪᠡ᠎ᠳᠤ ᠂ ᠰᠦᠯᠵᠢᠶᠡᠨ᠎ᠤ ᠮᠡᠳᠡᠭᠡ ᠵᠠᠩᠭᠢ ᠵᠢᠨ ᠦᠢ᠍ᠯᠡᠴᠢᠯᠡᠭᠡ ᠬᠠᠩᠭ᠋ᠠᠭᠴᠢ ᠬᠡᠷᠡᠭᠯᠡᠭᠴᠢ ᠵᠢᠨ ᠲᠠᠩᠰᠠᠨ ᠨᠣᠮᠧᠷ᠎ᠤᠨ ᠢᠲᠡᠭᠡᠮᠵᠢ ᠵᠢᠨ ᠬᠠᠮᠢᠶᠠᠷᠤᠯᠲᠠ ᠵᠢᠨ ᠰᠢᠰᠲ᠋ᠧᠮ᠎ᠢ ᠪᠠᠢ᠌ᠭᠤᠯᠤᠨ ᠪᠦᠷᠢᠨᠰᠢᠭᠦᠯᠵᠦ ᠂ ᠰᠦᠯᠵᠢᠶᠡᠨ᠎ᠤ ᠬᠦᠴᠦᠷᠬᠡᠭᠯᠡᠯ᠎ᠤᠨ ᠮᠡᠳᠡᠭᠡ ᠵᠠᠩᠭᠢ᠎ᠳᠤ ᠬᠣᠯᠪᠣᠭᠳᠠᠭᠰᠠᠨ ᠬᠠᠤᠯᠢ ᠲᠣᠭᠲᠠᠭ᠋ᠠᠯ᠎ᠢ ᠵᠥᠷᠢᠴᠡᠭᠰᠡᠨ ᠪᠠᠢ᠌ᠳᠠᠯ᠎ᠢ ᠬᠡᠷᠡᠭᠯᠡᠭᠴᠢ ᠵᠢᠨ ᠢᠲᠡᠭᠡᠮᠵᠢ ᠵᠢᠨ ᠲᠡᠮᠳᠡᠭᠯᠡᠯ᠎ᠳᠤ ᠲᠡᠮᠳᠡᠭᠯᠡᠨ ᠣᠷᠣᠭᠤᠯᠵᠤ ᠂ ᠬᠠᠤᠯᠢ ᠲᠣᠭᠲᠠᠭ᠋ᠠᠯ ᠶᠣᠰᠣᠭ᠋ᠠᠷ ᠲᠠᠩᠰᠠᠨ ᠨᠣᠮᠧᠷ᠎ᠤᠨ ᠢᠲᠡᠭᠡᠮᠵᠢ ᠵᠢᠨ ᠲᠠᠰ᠎ᠢ ᠪᠠᠭᠤᠷᠠᠭᠤᠯᠬᠤ ᠪᠤᠶᠤ ᠬᠠᠷ᠎ᠠ ᠲᠠᠩᠰᠠᠨ᠎ᠳᠤ ᠵᠢᠭᠰᠠᠭ᠋ᠠᠨ ᠣᠷᠣᠭᠤᠯᠬᠤ ᠵᠢᠨ ᠬᠠᠮᠲᠤ ᠲᠠᠩᠰᠠᠨ ᠨᠣᠮᠧᠷ᠎ᠤᠨ ᠴᠢᠳᠠᠮᠵᠢ ᠵᠢ ᠬᠢᠵᠠᠭ᠋ᠠᠷᠯᠠᠬᠤ ᠪᠤᠶᠤ ᠬᠣᠯᠪᠣᠭᠳᠠᠯ ᠪᠦᠬᠦᠢ ᠦᠢ᠍ᠯᠡᠴᠢᠯᠡᠭᠡ ᠬᠠᠩᠭ᠋ᠠᠬᠤ ᠵᠢ ᠵᠣᠭᠰᠤᠭ᠋ᠠᠬᠤ ᠬᠡᠷᠡᠭᠲᠡᠢ ᠭᠡᠵᠦ ᠲᠣᠭᠲᠠᠭ᠋ᠠᠵᠠᠢ ᠃

      ᠲᠠᠪᠤ ᠂ ᠠᠰᠠᠭᠤᠯᠲᠠ ᠄ 《  ᠲᠣᠭᠲᠠᠭ᠋ᠠᠯ 》᠎ᠳᠤ ᠰᠦᠯᠵᠢᠶᠡᠨ᠎ᠤ ᠬᠦᠴᠦᠷᠬᠡᠭᠯᠡᠯ᠎ᠤᠨ ᠮᠡᠳᠡᠭᠡ ᠵᠠᠩᠭᠢ ᠵᠢ ᠰᠢᠢ᠍ᠳᠪᠦᠷᠢᠯᠡᠬᠦ᠎ᠳᠤ ᠶᠠᠮᠠᠷ ᠶᠠᠮᠠᠷ ᠱᠠᠭ᠋ᠠᠷᠳᠠᠯᠭ᠎ᠠ ᠳᠤᠷᠠᠳᠤᠭᠰᠠᠨ ᠪᠣᠶ ?

      ᠬᠠᠷᠢᠭᠤᠯᠲᠠ ᠄ 《  ᠲᠣᠭᠲᠠᠭ᠋ᠠᠯ 》᠎ᠳᠤ ᠲᠣᠳᠣᠷᠬᠠᠢ ᠲᠣᠭᠲᠠᠭ᠋ᠠᠭᠰᠠᠨ᠎ᠨᠢ ᠂ ᠰᠦᠯᠵᠢᠶᠡᠨ᠎ᠤ ᠮᠡᠳᠡᠭᠡ ᠵᠠᠩᠭᠢ ᠵᠢᠨ ᠦᠢ᠍ᠯᠡᠴᠢᠯᠡᠭᠡ ᠬᠠᠩᠭ᠋ᠠᠭᠴᠢ ᠰᠦᠯᠵᠢᠶᠡᠨ᠎ᠤ ᠬᠦᠴᠦᠷᠬᠡᠭᠯᠡᠯ᠎ᠳᠤ ᠬᠣᠯᠪᠣᠭᠳᠠᠭᠰᠠᠨ ᠬᠠᠤᠯᠢ᠎ᠠᠴᠠ ᠵᠥᠷᠢᠴᠡᠭᠰᠡᠨ ᠮᠡᠳᠡᠭᠡ ᠵᠠᠩᠭᠢ ᠵᠢ ᠣᠯᠵᠤ ᠮᠡᠳᠡᠭᠰᠡᠨ ᠂ ᠡᠰᠡᠬᠦᠯ᠎ᠡ ᠲᠡᠭᠦᠨ᠎ᠤ ᠦᠢ᠍ᠯᠡᠴᠢᠯᠡᠭᠡᠨ᠎ᠤ ᠢᠯᠡ ᠭᠠᠵᠠᠷ ᠂ ᠬᠡᠷᠡᠭᠯᠡᠭᠴᠢᠳ᠎ᠤᠨ ᠠᠩᠬᠠᠷᠤᠯ᠎ᠢ ᠠᠮᠠᠷᠬᠠᠨ ᠲᠠᠲᠠᠳᠠᠭ ᠭᠣᠣᠯᠳᠠᠯᠭ᠎ᠠ᠎ᠲᠠᠢ ᠭᠣᠭᠴᠣᠭ᠎ᠠ᠎ᠳᠤ ᠰᠦᠯᠵᠢᠶᠡᠨ᠎ᠤ ᠬᠦᠴᠦᠷᠬᠡᠭᠯᠡᠯ᠎ᠳᠤ ᠬᠣᠯᠪᠣᠭᠳᠠᠭᠰᠠᠨ ᠡᠷᠡᠭᠦᠯ ᠪᠤᠰᠤ ᠮᠡᠳᠡᠭᠡ ᠵᠠᠩᠭᠢ ᠵᠢ ᠣᠯᠵᠤ ᠮᠡᠳᠡᠭᠰᠡᠨ ᠪᠠᠢ᠌ᠪᠠᠯ ᠂ ᠲᠡᠷᠡ ᠳᠠᠷᠤᠢ᠎ᠳᠤ᠎ᠨᠢ ᠳᠠᠮᠵᠢᠭᠤᠯᠬᠤ᠎ᠪᠠᠨ ᠵᠣᠭᠰᠣᠵᠤ ᠂ ᠪᠠᠯᠠᠯᠤᠨ ᠠᠷᠢᠯᠭ᠋ᠠᠬᠤ ᠂ ᠬᠠᠯᠬᠠᠯᠠᠬᠤ ᠂ ᠴᠥᠷᠬᠡᠯᠡᠭᠡ ᠵᠢ ᠲᠠᠰᠤᠯᠬᠤ ᠵᠡᠷᠭᠡ ᠰᠢᠢ᠍ᠳᠪᠦᠷᠢᠯᠡᠬᠦ ᠠᠷᠭ᠎ᠠ ᠬᠡᠮᠵᠢᠶ᠎ᠡ ᠠᠪᠴᠤ ᠂ ᠬᠣᠯᠪᠣᠭᠳᠠᠯ ᠪᠦᠬᠦᠢ ᠲᠡᠮᠳᠡᠭᠯᠡᠯ᠎ᠢ ᠬᠠᠳᠠᠭ᠋ᠠᠯᠠᠵᠤ ᠂ ᠬᠣᠯᠪᠣᠭᠳᠠᠯ ᠪᠦᠬᠦᠢ ᠰᠠᠯᠠᠭ᠎ᠠ ᠮᠥᠴᠢᠷ᠎ᠲᠤ ᠮᠡᠳᠡᠭᠦᠯᠬᠦ ᠬᠡᠷᠡᠭᠲᠡᠢ ᠃ ᠬᠠᠤᠯᠢ ᠵᠢ ᠵᠥᠷᠢᠴᠡᠵᠦ ᠶᠠᠯ᠎ᠠ ᠬᠢᠭᠰᠡᠨ ᠰᠡᠵᠢᠭᠯᠡᠯᠲᠡᠢ ᠪᠠᠢ᠌ᠬᠤ ᠵᠢ ᠣᠯᠵᠤ ᠮᠡᠳᠡᠪᠡᠯ ᠂ ᠴᠠᠭ ᠲᠤᠬᠠᠢ᠎ᠳᠤ᠎ᠨᠢ ᠳᠣᠲᠣᠭ᠋ᠠᠳᠤ ᠵᠢ ᠬᠠᠮᠠᠭ᠋ᠠᠯᠠᠬᠤ ᠪᠠᠢ᠌ᠭᠤᠯᠭ᠎ᠠ᠎ᠳᠤ ᠬᠡᠷᠡᠭ ᠮᠡᠳᠡᠭᠦᠯᠬᠦ ᠵᠢᠨ ᠬᠠᠮᠲᠤ ᠬᠣᠯᠪᠣᠭᠳᠠᠯ ᠪᠦᠬᠦᠢ ᠰᠦᠪᠡᠭᠴᠢ ᠵᠢ ᠬᠠᠩᠭ᠋ᠠᠵᠤ ᠂ ᠲᠤᠷᠰᠢᠨ ᠪᠠᠢ᠌ᠴᠠᠭ᠋ᠠᠬᠤ ᠂ ᠪᠠᠢ᠌ᠴᠠᠭ᠋ᠠᠬᠤ ᠪᠠ ᠰᠢᠢ᠍ᠳᠪᠦᠷᠢᠯᠡᠬᠦ ᠵᠡᠷᠭᠡ ᠠᠵᠢᠯ᠎ᠢ ᠬᠠᠤᠯᠢ ᠶᠣᠰᠣᠭ᠋ᠠᠷ ᠬᠠᠮᠵᠢᠯᠴᠠᠨ ᠥᠷᠨᠢᠭᠦᠯᠬᠦ ᠬᠡᠷᠡᠭᠲᠡᠢ ᠃

      ᠵᠢᠷᠭᠤᠭ᠎ᠠ ᠂ ᠠᠰᠠᠭᠤᠯᠲᠠ ᠄ 《  ᠲᠣᠭᠲᠠᠭ᠋ᠠᠯ 》᠎ᠳᠤ ᠢᠨᠲ᠋ᠧᠷ ᠰᠦᠯᠵᠢᠶᠡᠨ᠎ᠤ ᠰᠣᠨᠢᠨ ᠮᠡᠳᠡᠭᠡ ᠰᠤᠷᠠᠭ ᠵᠠᠩᠭᠢ ᠵᠢᠨ ᠦᠢ᠍ᠯᠡᠴᠢᠯᠡᠭᠡ ᠬᠠᠩᠭ᠋ᠠᠭᠴᠢ᠎ᠳᠤ ᠶᠠᠮᠠᠷ ᠶᠠᠮᠠᠷ ᠱᠠᠭ᠋ᠠᠷᠳᠠᠯᠭ᠎ᠠ ᠳᠤᠷᠠᠳᠤᠭᠰᠠᠨ ᠪᠤᠢ ?

      ᠬᠠᠷᠢᠭᠤᠯᠲᠠ ᠄ 《  ᠲᠣᠭᠲᠠᠭ᠋ᠠᠯ 》᠎ᠳᠤ ᠂ ᠢᠨᠲ᠋ᠧᠷ ᠰᠦᠯᠵᠢᠶᠡᠨ᠎ᠤ ᠰᠣᠨᠢᠨ ᠮᠡᠳᠡᠭᠡ ᠰᠤᠷᠠᠭ ᠵᠠᠩᠭᠢ ᠵᠢᠨ ᠦᠢ᠍ᠯᠡᠴᠢᠯᠡᠭᠡ ᠬᠠᠩᠭ᠋ᠠᠭᠴᠢ ᠤᠯᠤᠰ ᠲᠥᠷᠥ ᠵᠢᠨ ᠵᠥᠪ ᠴᠢᠭᠯᠡᠯ ᠂ ᠶᠠᠷᠢᠶ᠎ᠠ ᠬᠡᠯᠡᠯᠴᠡᠭᠡᠨ᠎ᠤ ᠤᠳᠤᠷᠢᠳᠤᠮᠵᠢ ᠂ ᠥᠷᠲᠡᠭ᠎ᠤᠨ ᠬᠠᠨᠳᠤᠰᠢ ᠵᠢ ᠪᠠᠷᠢᠮᠲᠠᠯᠠᠵᠤ ᠂ ᠰᠦᠯᠵᠢᠶᠡᠨ᠎ᠤ ᠬᠦᠴᠦᠷᠬᠡᠭᠯᠡᠯ᠎ᠤᠨ ᠮᠡᠳᠡᠭᠡ ᠵᠠᠩᠭᠢ ᠵᠢᠨ ᠵᠠᠰᠠᠯᠲᠠ ᠵᠢᠨ ᠨᠡᠶ᠋ᠢᠲᠡ ᠵᠢᠨ ᠠᠰᠠᠷᠠᠮᠵᠢ ᠵᠢᠨ ᠤᠬᠠᠭᠤᠯᠭ᠎ᠠ ᠵᠢ ᠴᠢᠩᠭ᠋ᠠᠳᠬᠠᠬᠤ ᠬᠡᠷᠡᠭᠲᠡᠢ ᠭᠡᠵᠦ ᠲᠣᠳᠣᠷᠬᠠᠢ᠌ᠯᠠᠪᠠ ᠃ ᠢᠨᠲ᠋ᠧᠷ ᠰᠦᠯᠵᠢᠶᠡᠨ᠎ᠤ ᠰᠣᠨᠢᠨ ᠮᠡᠳᠡᠭᠡ ᠰᠤᠷᠠᠭ ᠵᠠᠩᠭᠢ ᠵᠢᠨ ᠦᠢ᠍ᠯᠡᠴᠢᠯᠡᠭᠡᠨ ᠬᠠᠩᠭ᠋ᠠᠭᠴᠢᠳ ᠪᠣᠳᠠᠲᠤ ᠬᠡᠷᠡᠭ᠎ᠢ ᠶᠡᠬᠡᠰᠬᠡᠬᠦ᠂ ᠬᠡᠲᠦᠷᠬᠡᠢ ᠥᠰᠬᠡᠬᠦ ᠂ ᠥᠷᠥᠭᠡᠰᠦᠭᠡᠯ ᠵᠶ᠋ᠠᠷ ᠮᠡᠳᠡᠭᠡᠯᠡᠬᠦ ᠵᠡᠷᠭᠡ ᠠᠷᠭ᠎ᠠ ᠮᠠᠶᠢᠭ ᠵᠶ᠋ᠠᠷ ᠳᠠᠮᠵᠢᠭᠤᠯᠤᠨ ᠢᠨᠲ᠋ᠧᠷ ᠰᠦᠯᠵᠢᠶᠡᠨ᠎ᠳᠤ ᠬᠣᠯᠪᠣᠭᠳᠠᠬᠤ ᠬᠦᠴᠦᠷᠬᠡᠭᠯᠡᠯ᠎ᠤᠨ ᠰᠣᠨᠢᠨ ᠮᠡᠳᠡᠭᠡᠨ᠎ᠤ ᠮᠡᠳᠡᠭᠡ ᠵᠠᠩᠭᠢ ᠵᠢ ᠰᠤᠷᠪᠤᠯᠵᠢᠯᠠᠨ ᠨᠠᠢ᠌ᠷᠠᠭᠤᠯᠵᠤ ᠂ ᠰᠢᠯᠵᠢᠭᠦᠯᠦᠨ ᠨᠡᠢ᠌ᠲᠡᠯᠡᠵᠦ ᠪᠣᠯᠬᠤ ᠦᠭᠡᠢ ᠃ ᠢᠨᠲ᠋ᠧᠷ ᠰᠦᠯᠵᠢᠶᠡᠨ᠎ᠤ ᠰᠣᠨᠢᠨ ᠮᠡᠳᠡᠭᠡ ᠰᠤᠷᠠᠭ ᠵᠠᠩᠭᠢ᠎ᠳᠤ ᠪᠢᠴᠢᠭᠦᠯᠦᠨ ᠰᠢᠭᠦᠮᠵᠢᠯᠡᠬᠦ ᠦᠢ᠍ᠯᠡᠴᠢᠯᠡᠭᠡᠨ ᠬᠠᠩᠭ᠋ᠠᠪᠠᠯ ᠂ ᠤᠷᠢᠳᠠᠪᠠᠷ ᠬᠢᠨᠠᠵᠤ ᠳᠠᠷᠠᠭ᠎ᠠ᠎ᠨᠢ ᠣᠯᠭᠣᠬᠤ ᠵᠢ ᠬᠡᠷᠡᠭᠵᠢᠭᠦᠯᠬᠦ ᠬᠡᠷᠡᠭᠲᠡᠢ ᠃ ᠢᠨᠲ᠋ᠧᠷ ᠰᠦᠯᠵᠢᠶ᠎ᠡ ᠵᠢᠨ ᠰᠣᠨᠢᠨ ᠮᠡᠳᠡᠭᠡ ᠰᠤᠷᠠᠭ ᠵᠠᠩᠭᠢ ᠵᠢᠨ ᠦᠢ᠍ᠯᠡᠴᠢᠯᠡᠭᠡ ᠬᠠᠩᠭ᠋ᠠᠭᠴᠢ ᠲᠣᠣᠷ ᠰᠦᠯᠵᠢᠶᠡᠨ᠎ᠳᠤ ᠬᠣᠯᠪᠣᠭᠳᠠᠬᠤ ᠬᠦᠴᠦᠷᠬᠡᠭᠯᠡᠯ᠎ᠤᠨ ᠰᠣᠨᠢᠨ ᠮᠡᠳᠡᠭᠡᠨ ᠰᠤᠷᠠᠭ ᠵᠠᠩᠭᠢ ᠵᠢ ᠰᠤᠷᠪᠤᠯᠵᠢᠯᠠᠨ ᠨᠠᠢ᠌ᠷᠠᠭᠤᠯᠵᠤ ᠂ ᠰᠢᠯᠵᠢᠭᠦᠯᠦᠨ ᠨᠡᠢ᠌ᠲᠡᠯᠡᠭᠰᠡᠨ᠎ᠨᠢ ᠦᠨᠡᠨ ᠪᠣᠳᠠᠲᠠᠢ ᠪᠤᠰᠤ ᠪᠤᠶᠤ ᠭᠤᠤᠯᠴᠢ ᠪᠤᠰᠤ ᠪᠠᠢ᠌ᠪᠠᠯ ᠂ ᠳᠠᠷᠤᠢ ᠲᠦᠷᠭᠡᠨ ᠢᠯᠡ᠎ᠪᠠᠷ ᠵᠠᠯᠠᠷᠠᠭᠤᠯᠵᠤ ᠂ ᠨᠥᠯᠥᠭᠡ ᠵᠢ᠎ᠨᠢ ᠠᠷᠢᠯᠭ᠋ᠠᠬᠤ ᠬᠡᠷᠡᠭᠲᠡᠢ ᠃

      ᠳᠣᠯᠤᠭ᠎ᠠ ᠂ ᠠᠰᠠᠭᠤᠯᠲᠠ ᠄ ᠣᠯᠠᠨ ᠲᠦᠮᠡᠨ᠎ᠤ ᠨᠡᠢ᠌ᠳᠡᠮ ᠠᠩᠬᠠᠷᠴᠤ ᠪᠠᠢ᠌ᠭ᠎ᠠ ᠬᠡᠷᠡᠭᠯᠡᠭᠴᠢ ᠵᠢᠨ ᠡᠷᠬᠡ ᠠᠰᠢᠭ᠎ᠢ ᠬᠠᠮᠠᠭ᠋ᠠᠯᠠᠬᠤ ᠠᠰᠠᠭᠤᠳᠠᠯ᠎ᠳᠤ ᠴᠢᠭᠯᠡᠭᠦᠯᠦᠨ ᠂ 《  ᠲᠣᠭᠲᠠᠭ᠋ᠠᠯ 》᠎ᠳᠤ ᠶᠠᠮᠠᠷ ᠶᠠᠮᠠᠷ ᠱᠠᠭ᠋ᠠᠷᠳᠠᠯᠭ᠎ᠠ ᠵᠢ ᠲᠣᠳᠣᠷᠬᠠᠢ ᠲᠣᠭᠲᠠᠭ᠋ᠠᠭᠰᠠᠨ ᠪᠣᠶ ?

      ᠬᠠᠷᠢᠭᠤᠯᠲᠠ ᠄ 《  ᠲᠣᠭᠲᠠᠭ᠋ᠠᠯ 》᠎ᠳᠤ ᠰᠦᠯᠵᠢᠶᠡᠨ᠎ᠤ ᠬᠦᠴᠦᠷᠬᠡᠭᠯᠡᠯ᠎ᠤᠨ ᠮᠡᠳᠡᠭᠡ ᠵᠠᠩᠭᠢ ᠵᠢᠨ ᠵᠠᠰᠠᠯᠲᠠ ᠳᠤᠮᠳᠠᠬᠢ ᠬᠡᠷᠡᠭᠯᠡᠭᠴᠢ ᠵᠢᠨ ᠡᠷᠬᠡ ᠠᠰᠢᠭ᠎ᠢ ᠬᠠᠮᠠᠭ᠋ᠠᠯᠠᠬᠤ ᠱᠠᠭ᠋ᠠᠷᠳᠠᠯᠭ᠎ᠠ ᠵᠢ ᠲᠣᠳᠣᠷᠬᠠᠢ ᠲᠣᠭᠲᠠᠭ᠋ᠠᠵᠠᠢ ᠃ ᠨᠢᠭᠡ᠎ᠳᠤ ᠂ ᠰᠦᠯᠵᠢᠶᠡᠨ᠎ᠤ ᠬᠦᠴᠦᠷᠬᠡᠭᠯᠡᠯ᠎ᠤᠨ ᠮᠡᠳᠡᠭᠡ ᠵᠠᠩᠭᠢ ᠵᠢ ᠰᠡᠷᠭᠡᠢ᠌ᠯᠡᠨ ᠬᠠᠮᠠᠭ᠋ᠠᠯᠠᠬᠤ ᠴᠢᠳᠠᠮᠵᠢ ᠵᠢ ᠪᠠᠢ᠌ᠭᠤᠯᠤᠨ ᠲᠡᠭᠦᠯᠳᠡᠷᠵᠢᠭᠦᠯᠪᠡ ᠃ ᠰᠦᠯᠵᠢᠶᠡᠨ᠎ᠤ ᠮᠡᠳᠡᠭᠡ ᠵᠠᠩᠭᠢ ᠵᠢᠨ ᠦᠢ᠍ᠯᠡᠴᠢᠯᠡᠭᠡ ᠬᠠᠩᠭ᠋ᠠᠭᠴᠢ ᠵᠢ ᠬᠡᠷᠡᠭᠯᠡᠭᠴᠢ᠎ᠳᠤ ᠲᠥᠬᠦᠮ ᠦᠵᠡᠭᠦᠯᠵᠦ ᠲᠠᠨᠢᠯ ᠪᠤᠰᠤ ᠬᠡᠷᠡᠭᠯᠡᠭᠴᠢ ᠪᠤᠶᠤ ᠣᠨᠴᠠ ᠲᠣᠭᠲᠠᠭᠰᠠᠨ ᠬᠡᠷᠡᠭᠯᠡᠭᠴᠢ ᠵᠢ ᠬᠠᠯᠬᠠᠯᠠᠬᠤ ᠂ ᠲᠣᠰ ᠬᠥᠮᠥᠨ᠎ᠤ ᠨᠡᠢ᠌ᠲᠡᠯᠡᠭᠰᠡᠨ ᠮᠡᠳᠡᠭᠡ ᠵᠠᠩᠭᠢ ᠵᠢᠨ ᠦᠵᠡᠭᠳᠡᠬᠦ ᠬᠡᠪᠴᠢᠶ᠎ᠡ ᠵᠢ ᠲᠣᠬᠢᠷᠠᠭᠤᠯᠬᠤ ᠂ ᠲᠣᠰ ᠬᠥᠮᠥᠨ᠎ᠤ ᠨᠡᠢ᠌ᠲᠡᠯᠡᠭᠰᠡᠨ ᠮᠡᠳᠡᠭᠡ ᠵᠠᠩᠭᠢ ᠵᠡᠷᠭᠡ ᠰᠦᠯᠵᠢᠶᠡᠨ᠎ᠤ ᠬᠦᠴᠦᠷᠬᠡᠭᠯᠡᠯ᠎ᠤᠨ ᠮᠡᠳᠡᠭᠡ ᠵᠠᠩᠭᠢ ᠵᠢᠨ ᠬᠠᠮᠠᠭ᠋ᠠᠯᠠᠯᠲᠠ ᠵᠢᠨ ᠰᠣᠩᠭᠣᠯᠲᠠ ᠵᠢ ᠰᠢᠯᠵᠢᠭᠦᠯᠦᠨ ᠨᠡᠢ᠌ᠲᠡᠯᠡᠬᠦ ᠪᠤᠶᠤ ᠰᠢᠭᠦᠮᠵᠢᠯᠡᠬᠦ ᠵᠢ ᠴᠠᠭ᠋ᠠᠵᠠᠯᠠᠬᠤ ᠵᠢ ᠱᠠᠭ᠋ᠠᠷᠳᠠᠪᠠ ᠃ ᠬᠣᠶᠠᠷ᠎ᠲᠤ ᠂ ᠳᠠᠩ ᠤᠲᠠᠰᠤ᠎ᠪᠠᠷ ᠬᠠᠷᠢᠴᠠᠬᠤ ᠳᠦᠷᠢᠮ᠎ᠢ ᠲᠡᠭᠦᠯᠳᠡᠷᠵᠢᠭᠦᠯᠪᠡ ᠃ ᠰᠦᠯᠵᠢᠶᠡᠨ᠎ᠤ ᠮᠡᠳᠡᠭᠡ ᠵᠠᠩᠭᠢ ᠵᠢᠨ ᠦᠢ᠍ᠯᠡᠴᠢᠯᠡᠭᠡ ᠬᠠᠩᠭ᠋ᠠᠭᠴᠢ ᠵᠢ ᠰᠠᠢ᠌ᠨ ᠨᠠᠢ᠌ᠵᠠ ᠵᠢᠨ ᠳᠠᠩ ᠤᠲᠠᠰᠤ ᠵᠢᠨ ᠵᠠᠬᠢᠳᠠᠯ᠎ᠢ ᠯᠠ ᠭᠥᠯᠢᠶᠡᠨ ᠠᠪᠬᠤ ᠪᠤᠶᠤ ᠪᠣᠶ ᠪᠦᠬᠦᠢ ᠳᠠᠩ ᠤᠲᠠᠰᠤ ᠵᠢᠨ ᠵᠠᠬᠢᠳᠠᠯ᠎ᠢ ᠭᠥᠯᠢᠶᠡᠨ ᠠᠪᠬᠤ ᠵᠢ ᠲᠡᠪᠴᠢᠬᠦ ᠵᠡᠷᠭᠡ ᠰᠦᠯᠵᠢᠶᠡᠨ᠎ᠤ ᠬᠦᠴᠦᠷᠬᠡᠭᠯᠡᠯ᠎ᠤᠨ ᠮᠡᠳᠡᠭᠡ ᠵᠠᠩᠭᠢ ᠵᠢᠨ ᠬᠠᠮᠠᠭ᠋ᠠᠯᠠᠯᠲᠠ ᠵᠢᠨ ᠰᠣᠩᠭᠣᠯᠲᠠ ᠵᠢ ᠲᠥᠬᠦᠮ ᠦᠵᠡᠭᠦᠯᠵᠦ ᠂ ᠳᠠᠩ ᠤᠲᠠᠰᠤ ᠵᠢᠨ ᠵᠠᠬᠢᠳᠠᠯ᠎ᠢ ᠣᠶᠤᠨᠴᠢ᠎ᠪᠠᠷ ᠬᠠᠯᠬᠠᠯᠠᠬᠤ ᠪᠤᠶᠤ ᠳᠠᠩ ᠤᠲᠠᠰᠤ ᠵᠢᠨ ᠵᠠᠬᠢᠳᠠᠯ᠎ᠤᠨ ᠬᠠᠯᠬᠠᠯᠠᠬᠤ ᠦᠭᠡ ᠵᠢ ᠥᠪᠡᠰᠦᠪᠡᠨ ᠲᠣᠳᠣᠷᠬᠠᠢ᠌ᠯᠠᠬᠤ ᠵᠡᠷᠭᠡ ᠴᠢᠳᠠᠮᠵᠢ ᠬᠠᠩᠭ᠋ᠠᠬᠤ ᠵᠢ ᠵᠣᠷᠢᠭᠵᠢᠭᠤᠯᠬᠤ ᠬᠡᠷᠡᠭᠲᠡᠢ ᠭᠡᠵᠦ ᠱᠠᠭ᠋ᠠᠷᠳᠠᠪᠠ ᠃ ᠭᠤᠷᠪᠠ᠎ᠳᠤ ᠂ ᠰᠡᠷᠭᠡᠢ᠌ᠯᠡᠨ ᠬᠠᠮᠠᠭ᠋ᠠᠯᠠᠬᠤ ᠠᠷᠭ᠎ᠠ ᠬᠡᠮᠵᠢᠶ᠎ᠡ ᠠᠪᠬᠤ ᠵᠢ ᠬᠡᠷᠡᠭᠯᠡᠭᠴᠢᠳ᠎ᠲᠤ ᠮᠡᠳᠡᠭᠳᠡᠪᠡ ᠃ ᠰᠦᠯᠵᠢᠶᠡᠨ᠎ᠤ ᠮᠡᠳᠡᠭᠡ ᠵᠠᠩᠭᠢ ᠵᠢᠨ ᠦᠢ᠍ᠯᠡᠴᠢᠯᠡᠭᠡ ᠬᠠᠩᠭ᠋ᠠᠭᠴᠢ᠎ᠨᠢ ᠬᠡᠷᠡᠭᠯᠡᠭᠴᠢ ᠵᠢᠨ ᠰᠦᠯᠵᠢᠶᠡᠨ᠎ᠤ ᠬᠦᠴᠦᠷᠬᠡᠭᠯᠡᠯ᠎ᠤᠨ ᠮᠡᠳᠡᠭᠡ ᠵᠠᠩᠭᠢ ᠵᠢᠨ ᠠᠶᠤᠯ ᠲᠦᠭᠰᠢᠭᠦᠷᠢ᠎ᠳᠤ ᠲᠤᠯᠭ᠋ᠠᠷᠠᠵᠤ ᠪᠠᠢ᠌ᠬᠤ ᠵᠢ ᠣᠯᠵᠤ ᠮᠡᠳᠡᠪᠡᠯ ᠂ ᠴᠠᠭ ᠲᠤᠬᠠᠢ᠎ᠳᠤ᠎ᠨᠢ ᠢᠯᠡᠷᠬᠡᠢ ᠠᠷᠭ᠎ᠠ ᠮᠠᠶᠢᠭ ᠵᠶ᠋ᠠᠷ ᠬᠡᠷᠡᠭᠯᠡᠭᠴᠢ᠎ᠳᠤ ᠰᠠᠨᠠᠭᠤᠯᠵᠤ ᠂ ᠬᠡᠷᠡᠭᠯᠡᠭᠴᠢ᠎ᠳᠤ ᠠᠪᠴᠤ ᠪᠣᠯᠬᠤ ᠰᠡᠷᠭᠡᠢ᠌ᠯᠡᠨ ᠬᠠᠮᠠᠭ᠋ᠠᠯᠠᠬᠤ ᠠᠷᠭ᠎ᠠ ᠬᠡᠮᠵᠢᠶ᠎ᠡ ᠵᠢ ᠮᠡᠳᠡᠭᠳᠡᠬᠦ ᠬᠡᠷᠡᠭᠲᠡᠢ ᠭᠡᠳᠡᠭ᠎ᠢ ᠲᠣᠳᠣᠷᠬᠠᠢ ᠲᠣᠭᠲᠠᠭ᠋ᠠᠪᠠ ᠃ ᠳᠥᠷᠪᠡ᠎ᠳᠤ ᠂ ᠭᠡᠷᠡᠴᠢ ᠪᠠᠷᠢᠮᠲᠠ ᠵᠢ ᠴᠠᠭ ᠲᠤᠬᠠᠢ᠎ᠳᠤ᠎ᠨᠢ ᠬᠠᠳᠠᠭ᠋ᠠᠯᠠᠬᠤ ᠬᠡᠷᠡᠭᠲᠡᠢ ᠃ ᠰᠦᠯᠵᠢᠶᠡᠨ᠎ᠤ ᠮᠡᠳᠡᠭᠡ ᠵᠠᠩᠭᠢ ᠵᠢᠨ ᠦᠢ᠍ᠯᠡᠴᠢᠯᠡᠭᠡ ᠬᠠᠩᠭ᠋ᠠᠭᠴᠢ᠎ᠨᠢ ᠰᠦᠯᠵᠢᠶᠡᠨ᠎ᠤ ᠬᠦᠴᠦᠷᠬᠡᠭᠯᠡᠯ᠎ᠤᠨ ᠮᠡᠳᠡᠭᠡ ᠵᠠᠩᠭᠢ ᠵᠢ ᠢᠯᠡᠷᠡᠭᠦᠯᠵᠦ ᠰᠢᠢ᠍ᠳᠪᠦᠷᠢᠯᠡᠭᠰᠡᠨ ᠪᠠᠢ᠌ᠪᠠᠯ ᠂ ᠮᠡᠳᠡᠭᠡ ᠵᠠᠩᠭᠢ ᠵᠢᠨ ᠠᠭᠤᠯᠭ᠎ᠠ ᠂ ᠰᠢᠭᠦᠮᠵᠢ ᠵᠢ ᠳᠠᠮᠵᠢᠭᠤᠯᠤᠨ ᠲᠠᠷᠬᠠᠭ᠋ᠠᠭᠰᠠᠨ ᠲᠣᠭ᠎ᠠ ᠬᠡᠮᠵᠢᠶ᠎ᠡ ᠵᠡᠷᠭᠡ ᠲᠣᠭ᠎ᠠ ᠪᠠᠷᠢᠮᠲᠠ ᠵᠢ ᠵᠢ ᠴᠠᠭ ᠲᠤᠬᠠᠢ᠎ᠳᠤ᠎ᠨᠢ ᠬᠠᠳᠠᠭ᠋ᠠᠯᠠᠬᠤ ᠬᠡᠷᠡᠭᠲᠡᠢ ; ᠬᠡᠷᠡᠭᠯᠡᠭᠴᠢᠳ᠎ᠲᠤ ᠰᠦᠯᠵᠢᠶᠡᠨ᠎ᠤ ᠬᠦᠴᠦᠷᠬᠡᠭᠯᠡᠯ᠎ᠤᠨ ᠮᠡᠳᠡᠭᠡ ᠵᠠᠩᠭᠢ ᠵᠢᠨ ᠲᠦᠷᠭᠡᠨ ᠭᠡᠷᠡᠴᠢ ᠠᠪᠬᠤ ᠵᠡᠷᠭᠡ ᠴᠢᠳᠠᠮᠵᠢ ᠵᠢ ᠬᠠᠩᠭ᠋ᠠᠵᠤ ᠂ ᠬᠠᠤᠯᠢ ᠲᠣᠭᠲᠠᠭ᠋ᠠᠯ ᠶᠣᠰᠣᠭ᠋ᠠᠷ ᠬᠡᠷᠡᠭᠯᠡᠭᠴᠢᠳ᠎ᠤᠨ ᠡᠷᠬᠡ᠎ᠪᠠᠨ ᠬᠠᠮᠠᠭ᠋ᠠᠯᠠᠬᠤ᠎ᠳᠤ ᠲᠦᠬᠦᠮ ᠦᠵᠡᠭᠦᠯᠬᠦ ᠬᠡᠷᠡᠭᠲᠡᠢ ᠃ ᠲᠠᠪᠤ᠎ᠳᠤ ᠂ ᠵᠠᠭ᠋ᠠᠯᠳᠤᠯᠭ᠎ᠠ᠂ ᠢᠯᠡᠴᠢᠯᠡᠯᠲᠡ ᠵᠢ ᠴᠠᠭ ᠲᠤᠬᠠᠢ᠎ᠳᠤ᠎ᠨᠢ ᠬᠦᠯᠢᠶᠡᠨ ᠠᠪᠴᠤ ᠰᠢᠢ᠍ᠳᠪᠦᠷᠢᠯᠡᠪᠡ ᠃ ᠰᠦᠯᠵᠢᠶᠡᠨ᠎ᠤ ᠮᠡᠳᠡᠭᠡ ᠵᠠᠩᠭᠢ ᠵᠢᠨ ᠦᠢ᠍ᠯᠡᠴᠢᠯᠡᠭᠡ ᠬᠠᠩᠭ᠋ᠠᠭᠴᠢ ᠵᠢ ᠦᠢ᠍ᠯᠡᠴᠢᠯᠡᠭᠡᠨ᠎ᠤ ᠢᠯᠡᠷᠬᠡᠢ ᠪᠠᠢ᠌ᠷᠢᠨ᠎ᠳᠤ ᠰᠦᠯᠵᠢᠶᠡᠨ᠎ᠤ ᠬᠦᠴᠦᠷᠬᠡᠭᠯᠡᠯ᠎ᠤᠨ ᠮᠡᠳᠡᠭᠡ ᠵᠠᠩᠭᠢ ᠵᠢᠨ ᠲᠦᠷᠭᠡᠨ ᠵᠠᠭ᠋ᠠᠯᠳᠤᠬᠤ ᠂ ᠢᠯᠡᠴᠢᠯᠡᠨ ᠮᠡᠳᠡᠭᠦᠯᠬᠦ ᠲᠤᠰᠬᠠᠢ ᠴᠣᠩᠬᠣᠪᠴᠢ ᠭᠠᠷᠭ᠋ᠠᠵᠤ ᠂ ᠰᠢᠢ᠍ᠳᠪᠦᠷᠢᠯᠡᠬᠦ ᠶᠠᠪᠤᠴᠠ ᠵᠢ ᠨᠡᠢ᠌ᠲᠡᠯᠡᠨ ᠂ ᠣᠯᠠᠨ ᠨᠡᠶ᠋ᠢᠲᠡ ᠵᠢᠨ ᠵᠠᠭ᠋ᠠᠯᠳᠤᠬᠤ ᠂ ᠢᠯᠡᠴᠢᠯᠡᠨ ᠮᠡᠳᠡᠭᠦᠯᠬᠦ ᠵᠢ ᠴᠠᠭ ᠲᠤᠬᠠᠢ᠎ᠳᠤ᠎ᠨᠢ ᠭᠥᠯᠢᠶᠡᠨ ᠠᠪᠴᠤ ᠰᠢᠢ᠍ᠳᠪᠦᠷᠢᠯᠡᠬᠦ ᠵᠢᠨ ᠬᠠᠮᠲᠤ ᠰᠢᠢ᠍ᠳᠪᠦᠷᠢᠯᠡᠭᠰᠡᠨ ᠦᠷ᠎ᠡ ᠳ᠋ᠦᠩ᠎ᠢ ᠬᠠᠷᠢᠭᠤ ᠲᠤᠰᠬᠠᠬᠤ ᠬᠡᠷᠡᠭᠲᠡᠢ ; ᠨᠠᠰᠤᠨ᠎ᠳᠤ ᠥᠯᠥ ᠭᠦᠷᠦᠭᠰᠡᠳ᠎ᠤᠨ ᠰᠦᠯᠵᠢᠶᠡᠨ᠎ᠤ ᠬᠦᠴᠦᠷᠬᠡᠭᠯᠡᠯ᠎ᠤᠨ ᠮᠡᠳᠡᠭᠡ ᠵᠠᠩᠭᠢ᠎ᠳᠤ ᠬᠣᠯᠪᠣᠭᠳᠠᠭᠰᠠᠨ ᠵᠠᠭ᠋ᠠᠯᠳᠤᠯᠭ᠎ᠠ ᠂ ᠢᠯᠡᠴᠢᠯᠡᠨ ᠮᠡᠳᠡᠭᠦᠯᠦᠯᠲᠡ ᠵᠢ ᠡᠩ ᠲᠡᠷᠢᠭᠦᠨ᠎ᠳᠤ ᠰᠢᠢ᠍ᠳᠪᠦᠷᠢᠯᠡᠵᠦ ᠂ ᠨᠠᠰᠤᠨ᠎ᠳᠤ ᠥᠯᠥ ᠭᠦᠷᠦᠭᠰᠡᠳ᠎ᠤᠨ ᠬᠡᠷᠡᠭᠯᠡᠭᠴᠢᠳ᠎ᠤᠨ ᠬᠠᠤᠯᠢ ᠶᠣᠰᠣᠨ᠎ᠤ ᠡᠷᠬᠡ ᠠᠰᠢᠭ᠎ᠲᠤ ᠬᠠᠯᠳᠠᠭᠰᠠᠨ ᠰᠦᠯᠵᠢᠶᠡᠨ᠎ᠤ ᠬᠦᠴᠦᠷᠬᠡᠭᠯᠡᠯ᠎ᠤᠨ ᠮᠡᠳᠡᠭᠡ ᠵᠠᠩᠭᠢ ᠵᠢᠨ ᠲᠦᠭᠰᠢᠭᠦᠷᠢ ᠵᠢ ᠣᠯᠵᠤ ᠮᠡᠳᠡᠪᠡᠯ ᠂ ᠬᠠᠤᠯᠢ ᠴᠠᠭ᠋ᠠᠵᠠ ᠬᠠᠤᠯᠢ ᠲᠣᠭᠲᠠᠭ᠋ᠠᠯ ᠪᠠ ᠲᠣᠰ ᠲᠣᠭᠲᠠᠭ᠋ᠠᠯ᠎ᠤᠨ ᠱᠠᠭ᠋ᠠᠷᠳᠠᠯᠭ᠎ᠠ ᠶᠣᠰᠣᠭ᠋ᠠᠷ ᠴᠠᠭ ᠲᠤᠬᠠᠢ᠎ᠳᠤ᠎ᠨᠢ ᠠᠷᠭ᠎ᠠ ᠬᠡᠮᠵᠢᠶ᠎ᠡ ᠠᠪᠴᠤ᠂ ᠵᠣᠬᠢᠴᠠᠩᠭᠤᠢ ᠬᠠᠮᠠᠭ᠋ᠠᠯᠠᠵᠤ ᠠᠪᠤᠷᠠᠨ ᠲᠤᠰᠠᠯᠠᠬᠤ ᠦᠢ᠍ᠯᠡᠴᠢᠯᠡᠭᠡ ᠬᠠᠩᠭ᠋ᠠᠬᠤ ᠵᠢᠨ ᠬᠠᠮᠲᠤ ᠬᠣᠯᠪᠣᠭᠳᠠᠯ ᠪᠦᠬᠦᠢ ᠰᠠᠯᠠᠭ᠎ᠠ ᠮᠥᠴᠢᠷ᠎ᠲᠤ ᠮᠡᠳᠡᠭᠦᠯᠬᠦ ᠬᠡᠷᠡᠭᠲᠡᠢ ᠃

      ᠨᠠᠢ᠍ᠮᠠ ᠂ ᠠᠰᠠᠭᠤᠯᠲᠠ ᠄ 《  ᠲᠣᠭᠲᠠᠭ᠋ᠠᠯ 》᠎ᠳᠤ ᠰᠠᠯᠠᠭ᠎ᠠ ᠮᠥᠴᠢᠷ᠎ᠤᠨ ᠬᠢᠨᠠᠯᠲᠠ ᠬᠠᠮᠢᠶᠠᠷᠤᠯᠲᠠ ᠵᠢᠨ ᠠᠵᠢᠯ᠎ᠤᠨ ᠲᠣᠭᠲᠠᠴᠠ ᠵᠢᠨ ᠲᠤᠬᠠᠢ ᠶᠠᠮᠠᠷ ᠶᠠᠮᠠᠷ ᠲᠣᠭᠲᠠᠭ᠋ᠠᠯ ᠭᠠᠷᠭ᠋ᠠᠭᠰᠠᠨ ᠪᠤᠢ ?

      ᠬᠠᠷᠢᠭᠤᠯᠲᠠ ᠄ 《  ᠲᠣᠭᠲᠠᠭ᠋ᠠᠯ 》᠎ᠳᠤ ᠲᠣᠳᠣᠷᠬᠠᠢ ᠲᠣᠭᠲᠠᠭ᠋ᠠᠭᠰᠠᠨ᠎ᠨᠢ᠂ ᠰᠦᠯᠵᠢᠶᠡᠨ᠎ᠤ ᠮᠡᠳᠡᠭᠡ ᠵᠠᠩᠭᠢ ᠵᠢᠨ ᠰᠠᠯᠠᠭ᠎ᠠ ᠮᠥᠴᠢᠷ᠎ᠨᠢ ᠳᠣᠲᠣᠭ᠋ᠠᠳᠤ ᠵᠢ ᠬᠠᠮᠠᠭ᠋ᠠᠯᠠᠬᠤ ᠂ ᠰᠣᠶᠣᠯ ᠪᠠ ᠵᠢᠭᠤᠯᠴᠢᠯᠠᠯ ᠂ ᠷᠠᠳᠢᠣ᠋ ᠲᠧᠯᠸᠢᠰ ᠵᠡᠷᠭᠡ ᠬᠣᠯᠪᠣᠭᠳᠠᠯ ᠪᠦᠬᠦᠢ ᠰᠠᠯᠠᠭ᠎ᠠ ᠮᠥᠴᠢᠷ᠎ᠲᠠᠢ ᠬᠠᠮᠲᠤᠷᠠᠨ ᠰᠦᠯᠵᠢᠶᠡᠨ᠎ᠤ ᠮᠡᠳᠡᠭᠡ ᠵᠠᠩᠭᠢ ᠵᠢᠨ ᠦᠢ᠍ᠯᠡᠴᠢᠯᠡᠭᠡ ᠬᠠᠩᠭ᠋ᠠᠭᠴᠢ ᠵᠢᠨ ᠰᠦᠯᠵᠢᠶᠡᠨ᠎ᠤ ᠬᠦᠴᠦᠷᠬᠡᠭᠯᠡᠯ᠎ᠤᠨ ᠮᠡᠳᠡᠭᠡ ᠵᠠᠩᠭᠢ ᠵᠢᠨ ᠵᠠᠰᠠᠯᠲᠠ ᠵᠢᠨ ᠪᠠᠢ᠌ᠳᠠᠯ᠎ᠳᠤ ᠬᠠᠤᠯᠢ ᠶᠣᠰᠣᠭ᠋ᠠᠷ ᠬᠢᠨᠠᠯᠲᠠ ᠪᠠᠢ᠌ᠴᠠᠭ᠋ᠠᠯᠲᠠ ᠬᠢᠵᠦ ᠂ ᠮᠡᠳᠡᠭᠡ ᠵᠠᠩᠭᠢ ᠵᠢ ᠬᠠᠮᠲᠤ᠎ᠪᠠᠷ ᠡᠳ᠋ᠯᠡᠬᠦ ᠂ ᠵᠥᠪᠳᠡᠯᠴᠡᠨ ᠮᠡᠳᠡᠭᠳᠡᠬᠦ ᠂ ᠭᠡᠷᠡᠴᠢ ᠠᠪᠴᠤ ᠭᠡᠷᠡᠴᠢ ᠰᠢᠯᠵᠢᠭᠦᠯᠬᠦ ᠂ ᠬᠡᠷᠡᠭ᠎ᠢ ᠰᠢᠪᠠᠳᠠᠨ ᠰᠢᠢ᠍ᠳᠪᠦᠷᠢᠯᠡᠭᠦᠯᠬᠦ ᠵᠡᠷᠭᠡ ᠠᠵᠢᠯ᠎ᠤᠨ ᠲᠣᠭᠲᠠᠴᠠ ᠵᠢ ᠪᠠᠢ᠌ᠭᠤᠯᠤᠨ ᠪᠦᠷᠢᠨᠰᠢᠭᠦᠯᠵᠦ ᠂ ᠰᠦᠯᠵᠢᠶᠡᠨ᠎ᠤ ᠬᠦᠴᠦᠷᠬᠡᠭᠯᠡᠯ᠎ᠤᠨ ᠮᠡᠳᠡᠭᠡ ᠵᠠᠩᠭᠢ ᠵᠢ ᠬᠠᠮᠵᠢᠯᠴᠠᠨ ᠵᠠᠰᠠᠨ᠎ᠠ ᠃ ᠳᠣᠲᠣᠭ᠋ᠠᠳᠤ ᠵᠢ ᠬᠠᠮᠠᠭ᠋ᠠᠯᠠᠬᠤ ᠪᠠᠢ᠌ᠭᠤᠯᠭ᠎ᠠ᠎ᠠᠴᠠ ᠰᠦᠯᠵᠢᠶᠡᠨ᠎ᠤ ᠮᠡᠳᠡᠭᠡ ᠵᠠᠩᠭᠢ᠂ ᠰᠣᠶᠣᠯ ᠪᠠ ᠵᠢᠭᠤᠯᠴᠢᠯᠠᠯ ᠂ ᠷᠠᠳᠢᠣ᠋ ᠲᠧᠯᠸᠢᠰ ᠵᠡᠷᠭᠡ ᠰᠠᠯᠠᠭ᠎ᠠ ᠮᠥᠴᠢᠷ᠎ᠤᠨ ᠰᠢᠯᠵᠢᠭᠦᠯᠦᠨ ᠬᠦᠷᠭᠡᠭᠰᠡᠨ ᠰᠦᠯᠵᠢᠶᠡᠨ᠎ᠤ ᠬᠦᠴᠦᠷᠬᠡᠭᠯᠡᠯ᠎ᠤᠨ ᠮᠡᠳᠡᠭᠡ ᠵᠠᠩᠭᠢ᠎ᠳᠤ ᠬᠣᠯᠪᠣᠭᠳᠠᠭᠰᠠᠨ ᠬᠠᠤᠯᠢ ᠵᠢ ᠵᠥᠷᠢᠴᠡᠭᠰᠡᠨ ᠶᠠᠯᠠᠲᠤ ᠠᠵᠢᠯᠯᠠᠭ᠎ᠠ ᠵᠢᠨ ᠰᠦᠪᠡᠭᠴᠢ ᠵᠢ ᠴᠠᠭ ᠲᠤᠬᠠᠢ᠎ᠳᠤ᠎ᠨᠢ ᠬᠢᠨᠠᠨ ᠪᠠᠢ᠌ᠴᠠᠭ᠋ᠠᠬᠤ ᠵᠢᠨ ᠬᠠᠮᠲᠤ ᠬᠡᠷᠡᠭ ᠪᠣᠯᠭ᠋ᠠᠨ ᠳᠠᠩᠰᠠᠯᠠᠬᠤ ᠨᠥᠬᠥᠴᠡᠯ᠎ᠳᠤ ᠨᠡᠢ᠌ᠴᠡᠭᠰᠡᠨ᠎ᠢ᠎ᠨᠢ ᠴᠠᠭ ᠲᠤᠬᠠᠢ᠎ᠳᠤ᠎ᠨᠢ ᠬᠡᠷᠡᠭ ᠪᠣᠯᠭ᠋ᠠᠨ ᠲᠠᠩᠰᠠᠯᠠᠵᠤ ᠲᠤᠷᠰᠢᠨ ᠪᠠᠢ᠌ᠴᠠᠭ᠋ᠠᠵᠤ᠂ ᠪᠠᠢ᠌ᠴᠠᠭ᠋ᠠᠬᠤ ᠬᠡᠷᠡᠭᠲᠡᠢ ᠃

ᠢᠷᠡᠯᠲᠡ᠄ ᠥᠪᠥᠷ ᠮᠣᠩᠭᠣᠯ᠎ᠤᠨ ᠳᠣᠲᠣᠭ᠋ᠠᠳᠤ ᠵᠢᠨ ᠬᠠᠮᠠᠭ᠋ᠠᠯᠠᠬᠤ ᠲᠢᠩᠬᠢᠮ
          
ᠬᠠᠮᠢᠶ᠎ᠡ ᠪᠦᠬᠦᠢ ᠰᠣᠨᠢᠨ
 
            