ᠲᠤᠬᠢᠷᠠᠮᠵᠢᠲᠠᠢ ᠳᠤᠯᠠᠭ᠋ᠠᠨ᠃ ᠲᠤᠬᠢᠷᠠᠮᠵᠢᠲᠠᠢ ᠳᠤᠯᠠᠭ᠋ᠠᠨ᠎ᠨᠢ ᠴᠤᠷᠪᠠᠭ᠎ᠠ ᠪᠣᠢ᠌ᠵᠢᠭᠣᠯᠬᠣ ᠠᠵᠢᠯ᠎ᠤᠨ ᠠᠮᠵᠢᠯᠲᠠ ᠣᠯᠬᠣ ᠡᠰᠡᠬᠦ ᠵᠢᠨ ᠵᠠᠩᠭᠢᠯᠠᠭ᠎ᠠ ᠪᠣᠯᠣᠨ᠎ᠠ᠃ ᠳᠤᠯᠠᠭ᠋ᠠᠨ᠎ᠨᠢ ᠲᠤᠬᠢᠷᠠᠮᠵᠢᠲᠠᠢ ᠪᠣᠯ ᠴᠤᠷᠪᠠᠭ᠎ᠠ ᠲᠠᠷᠠᠬᠠᠢ ᠬᠦᠳᠡᠯᠭᠡᠭᠡᠨ ᠬᠢᠬᠦ ᠪᠠ ᠢᠳᠡᠵᠦ ᠤᠤᠭᠤᠬᠤ᠎ᠨᠢ ᠴᠢᠯᠦᠭᠡᠲᠡᠢ᠂ ᠦᠰᠦᠯᠲᠡ ᠪᠣᠢ᠌ᠵᠢᠯᠲᠠ᠎ᠳᠤᠨᠢ ᠠᠰᠢᠭᠲᠠᠢ ᠪᠠᠢ᠌ᠳᠠᠭ᠃ ᠳᠤᠯᠠᠭ᠋ᠠᠨ᠎ᠤ ᠬᠡᠮᠵᠢᠶ᠎ᠡ᠎ᠨᠢ ᠦᠨᠳᠦᠷ ᠪᠣᠯ ᠴᠤᠷᠪᠠᠭ᠎ᠠ ᠵᠢᠨ ᠤᠰᠣ ᠣᠣᠭᠣᠬᠣ ᠬᠡᠮᠵᠢᠶ᠎ᠡ᠎ᠨᠢ ᠨᠡᠮᠡᠭᠳᠡᠵᠦ᠂ ᠢᠳᠡᠭᠡᠨ᠎ᠤ ᠳᠤᠷᠠᠰᠢᠯ᠎ᠨᠢ ᠪᠠᠭᠤᠷᠠᠭ᠋ᠠᠳ ᠪᠠᠭ᠋ᠠᠰᠤ ᠠᠯᠳᠠᠵᠤ᠂ ᠠᠮᠢᠰᠬᠤᠯ᠎ᠤᠨ ᠰᠢᠰᠲ᠋ᠧᠮ᠎ᠤᠨ ᠡᠪᠡᠳᠴᠢᠨ ᠣᠯᠬᠣ ᠪᠣᠯᠣᠨ᠎ᠠ᠃ ᠳᠤᠯᠠᠭ᠋ᠠᠨ᠎ᠤ ᠬᠡᠮᠵᠢᠶ᠎ᠡ᠎ᠨᠢ ᠳᠤᠤᠷ᠎ᠠ ᠪᠣᠯ ᠨᠢᠭᠡ ᠳᠤᠤᠷ᠎ᠠ ᠪᠦᠭᠡᠮᠨᠡᠷᠡᠭᠡᠳ ᠬᠦᠳᠡᠯᠭᠡᠭᠡᠨ᠎ᠨᠢ ᠪᠠᠭ᠋ᠠᠰᠴᠤ ᠬᠠᠷᠢᠯᠴᠠᠨ ᠳᠠᠷᠤᠵᠤ ᠠᠯᠠᠬᠤ ᠪᠤᠶᠤ ᠪᠡᠶ᠎ᠡ ᠵᠢᠨ ᠢᠯᠴᠢ᠎ᠨᠢ ᠰᠠᠷᠨᠢᠵᠤ ᠪᠠᠭ᠋ᠠᠰᠤ ᠠᠯᠳᠠᠨ ᠪᠡᠶ᠎ᠡ ᠵᠢᠨ ᠬᠦᠨᠳᠦ᠎ᠨᠢ ᠪᠠᠭᠤᠷᠠᠬᠤ ᠵᠡᠷᠭᠡ ᠦᠵᠡᠭᠳᠡᠯ ᠭᠠᠷᠤᠨ᠎ᠠ᠃
ᠴᠤᠷᠪᠠᠭ᠎ᠠ ᠵᠢᠨ ᠪᠡᠶ᠎ᠡ ᠵᠢᠨ ᠳᠣᠯᠠᠭ᠋ᠠᠨ᠎ᠨᠢ ᠨᠠᠰᠤ ᠭᠦᠢ᠍ᠴᠡᠭᠰᠡᠨ ᠲᠠᠬᠢᠶᠠᠨ᠎ᠤ ᠪᠡᠶ᠎ᠡ ᠵᠢᠨ ᠳᠤᠯᠠᠭ᠋ᠠᠨ᠎ᠠᠴᠠ 1℃~ 3℃ ᠳᠤᠤᠷ᠎ᠠ ᠪᠠᠢ᠌ᠵᠤ ᠳᠤᠯᠠᠭ᠋ᠠᠨ᠎ᠳᠤ ᠳᠤᠰᠬᠠᠯ᠎ᠨᠢ ᠮᠠᠰᠢ ᠰᠤᠷᠭᠣᠭ ᠪᠠᠢ᠌ᠳᠠᠭ᠃ ᠴᠤᠷᠪᠠᠭ᠎ᠠ ᠨᠡᠪᠴᠢᠵᠦ ᠭᠠᠷᠤᠭᠰᠠᠨ᠎ᠤ ᠳᠠᠷᠠᠭ᠎ᠠ 1~3 ᠡᠳᠦᠷ᠎ᠲᠤ 34℃~35℃ᠤᠨ ᠳᠤᠯᠠᠭ᠋ᠠᠨ᠎ᠢ ᠬᠡᠷᠡᠭᠰᠡᠵᠦ᠂ 4~7 ᠡᠳᠦᠷ᠎ᠲᠤ 32℃~33℃ ᠳᠤᠯᠠᠭ᠋ᠠᠨ᠎ᠢ ᠬᠡᠷᠡᠭᠰᠡᠨ᠂ ᠬᠣᠵᠢᠮ᠎ᠨᠢ ᠭᠠᠷᠠᠭ ᠦᠩᠭᠡᠷᠡᠬᠦ ᠪᠦᠷᠢ 2℃~3℃ ᠪᠠᠭᠤᠷᠠᠭᠰᠠᠭ᠋ᠠᠷ ᠡᠴᠦᠰ᠎ᠲᠡᠭᠡᠨ 20℃ ᠪᠣᠯᠬᠣ᠎ᠳᠤ ᠲᠤᠭᠲᠠᠪᠤᠷᠢᠵᠢᠨᠠ᠃ ᠳᠤᠯᠠᠭ᠋ᠠᠨ᠎ᠢ ᠪᠠᠭᠤᠷᠠᠭᠤᠯᠬᠤ ᠬᠡᠮᠵᠢᠶ᠎ᠡ ᠵᠢ ᠤᠯᠠᠷᠢᠯ᠎ᠢ ᠳᠠᠭ᠋ᠠᠵᠤ ᠲᠤᠭᠲᠠᠭ᠋ᠠᠳᠠᠭ᠂ ᠵᠤᠨ 3℃᠂ ᠡᠪᠦᠯ 2℃ ᠵᠶ᠋ᠡᠷ ᠪᠠᠭᠤᠷᠠᠭᠤᠯᠤᠨ᠎ᠠ᠃ ᠳᠤᠯᠠᠭ᠋ᠠᠨ᠎ᠤ ᠬᠡᠮᠵᠢᠶ᠎ᠡ ᠲᠤᠬᠢᠷᠠᠮᠵᠢᠲᠠᠢ ᠦᠶ᠎ᠡ᠎ᠳᠤ᠂ ᠴᠤᠷᠪᠠᠭ᠎ᠠ ᠵᠢᠨ ᠢᠳᠡᠵᠦ ᠤᠤᠭᠤᠬᠤ᠎ᠨᠢ ᠰᠠᠢ᠌ᠨ᠂ ᠴᠤᠭ ᠵᠣᠯᠢ᠎ᠲᠠᠢ᠂ ᠦᠳᠦ ᠰᠦᠳᠦ᠎ᠨᠢ ᠭᠢᠯᠲᠠᠭ᠋ᠠᠨᠠᠵᠤ ᠪᠠᠢ᠌ᠳᠠᠭ᠃ ᠴᠤᠷᠪᠠᠭᠠᠨᠤᠭᠤᠳ ᠲᠤᠤᠷ ᠪᠣᠶᠣ ᠳᠡᠪᠢᠰᠦᠭᠰᠡᠨ ᠰᠦᠷᠡᠯ ᠳᠡᠭᠡᠷ᠎ᠡ ᠵᠢᠭᠲᠡ ᠲᠠᠷᠬᠠᠨ ᠬᠡᠪᠲᠡᠵᠦ᠂ ᠲᠤᠯᠤᠭ᠋ᠠᠢ᠎ᠪᠠᠨ ᠡᠮᠦᠨᠡᠰᠢ ᠰᠤᠩᠭ᠋ᠠᠵᠤ᠂ ᠬᠤᠩᠰᠢᠶᠠᠷ ᠵᠶ᠋ᠠᠨ ᠭᠠᠵᠠᠷ ᠨᠠᠭ᠋ᠠᠬᠤ ᠪᠤᠶᠤ ᠵᠢᠭᠦᠷ ᠵᠶ᠋ᠡᠨ ᠳᠡᠯᠭᠡᠨ ᠬᠠᠵᠠᠭᠤ᠎ᠪᠠᠷ ᠵᠶ᠋ᠠᠨ ᠬᠡᠪᠲᠡᠳᠡᠭ᠃ ᠬᠡᠷᠪᠡ ᠳᠣᠯᠠᠭ᠋ᠠᠨᠤ ᠬᠡᠮᠵᠢᠶ᠎ᠡ ᠳᠤᠤᠷ᠎ᠠ ᠪᠣᠯᠪᠠᠯ ᠴᠤᠷᠪᠠᠭᠠᠨᠤᠭᠤᠳ ᠢᠯᠴᠢ ᠵᠢᠨ ᠡᠭᠦᠰᠪᠦᠷᠢ ᠵᠢᠨ ᠲᠤᠭᠤᠷᠢᠨ᠎ᠳᠤ ᠴᠤᠭᠯᠠᠷᠠᠬᠤ ᠪᠤᠶᠤ ᠨᠢᠭᠡ ᠳᠤᠤᠷ᠎ᠠ ᠪᠦᠭᠡᠮᠨᠡᠷᠡᠵᠦ ᠠᠮᠠ ᠬᠠᠮᠬᠢᠯ ᠦᠭᠡᠢ ᠵᠢᠵᠢᠭᠢᠨᠡᠨᠡ᠃ ᠳᠤᠯᠠᠭ᠋ᠠᠨ᠎ᠤ ᠬᠡᠮᠵᠢᠶ᠎ᠡ ᠬᠡᠲᠤᠷᠬᠡᠢ ᠦᠨᠳᠦᠷ ᠪᠣᠯᠪᠠᠯ ᠴᠤᠷᠪᠠᠭᠠᠨᠤᠭᠤᠳ ᠢᠯᠴᠢ ᠡᠭᠦᠰᠭᠡᠭᠴᠢ᠎ᠠᠴᠠ ᠵᠠᠢ᠌ᠳᠠᠨ᠂ ᠠᠮᠢᠰᠬᠤᠯ᠎ᠨᠢ ᠰᠤᠯᠠᠷᠠᠨ ᠤᠰᠤ ᠤᠤᠭᠤᠬᠤ᠎ᠨᠢ ᠠᠷᠪᠢᠳᠠᠳᠠᠭ᠃ ᠡᠢ᠌ᠮᠦ᠎ᠠᠴᠠ ᠳᠤᠯᠠᠭ᠋ᠠᠨ᠎ᠢ ᠲᠤᠬᠢᠷᠠᠭᠤᠯᠬᠤ᠎ᠳᠤ ᠵᠦᠪᠬᠡᠨ ᠳᠤᠯᠠᠭ᠋ᠠᠨ᠎ᠤ ᠬᠡᠮᠵᠢᠭᠦᠷ ᠵᠶ᠋ᠡᠷ ᠪᠠᠷᠢᠮᠵᠢᠶᠠᠯᠠᠭ᠋ᠠᠳ ᠪᠣᠯᠬᠣ ᠦᠭᠡᠢ᠂ ᠴᠤᠷᠪᠠᠭ᠎ᠠ ᠵᠢᠨ ᠦᠢ᠍ᠯᠡ ᠬᠦᠳᠡᠯᠭᠡᠭᠡᠨ ᠰᠢᠨᠵᠢ ᠪᠠᠢ᠌ᠳᠠᠯ᠎ᠢ ᠠᠵᠢᠭᠯᠠᠵᠤ ᠪᠠᠢ᠌ᠭ᠋ᠠᠳ ᠲᠤᠬᠢᠷᠠᠭᠤᠯᠬᠤ ᠬᠡᠷᠡᠭᠲᠡᠢ᠃
ᠴᠤᠷᠪᠠᠭ᠋ᠠᠨ ᠪᠠᠢ᠌ᠷᠢ ᠵᠢᠨ ᠳᠤᠯᠠᠭ᠋ᠠᠨ᠎ᠢ ᠲᠤᠬᠢᠷᠠᠭᠤᠯᠬᠤ᠎ᠳᠤ᠂ ᠭᠠᠳᠠᠭ᠋ᠠᠳᠤ ᠤᠷᠴᠢᠨ᠎ᠤ ᠳᠤᠯᠠᠭ᠋ᠠᠨ᠎ᠨᠢ ᠳᠤᠤᠷ᠎ᠠ ᠦᠶᠡᠰ ᠪᠠᠢ᠌ᠷᠢ ᠵᠢᠨ ᠳᠤᠯᠠᠭ᠋ᠠᠨ᠎ᠢ ᠪᠠᠭ᠎ᠠ ᠳᠡᠭᠡᠭᠰᠢᠯᠡᠭᠦᠯᠵᠦ᠂ ᠪᠠᠭᠤᠷᠠᠢ ᠴᠤᠷᠪᠠᠭ᠎ᠠ ᠵᠢᠨ ᠪᠠᠢ᠌ᠷᠢ ᠵᠢᠨ ᠳᠤᠯᠠᠭ᠋ᠠᠨ ᠬᠢᠭᠡᠳ ᠴᠢᠬᠢᠷᠠᠭ ᠴᠤᠷᠪᠠᠭ᠎ᠠ ᠵᠢᠨ ᠪᠠᠢ᠌ᠷᠢ ᠵᠢᠨ ᠳᠤᠯᠠᠭ᠋ᠠᠨ᠎ᠤ ᠬᠡᠮᠵᠢᠶ᠎ᠡ ᠵᠢ ᠵᠦᠷᠢᠶ᠎ᠡ᠎ᠲᠠᠢ ᠲᠤᠬᠢᠷᠠᠭᠤᠯᠬᠤ ᠬᠡᠷᠡᠭᠲᠡᠢ᠃ ᠴᠤᠷᠪᠠᠭ᠋ᠠᠨᠤ ᠦᠰᠬᠦ ᠵᠢ ᠳᠠᠭ᠋ᠠᠯᠳᠤᠨ ᠪᠠᠢ᠌ᠷᠢ ᠵᠢᠨ ᠳᠤᠯᠠᠭ᠋ᠠᠨ᠎ᠢ ᠠᠭ᠋ᠠᠵᠢᠮ ᠵᠶ᠋ᠠᠷ ᠳᠤᠷᠤᠭᠰᠢᠯᠠᠭᠤᠯᠵᠤ᠂ ᠳᠤᠯᠠᠭ᠋ᠠᠨ᠎ᠤ ᠬᠡᠮᠵᠢᠶ᠎ᠡ ᠭᠠᠳᠠᠨᠠᠬᠢ ᠤᠷᠴᠢᠨ᠎ᠤ ᠳᠤᠯᠠᠭ᠋ᠠᠨ᠎ᠤ ᠬᠡᠮᠵᠢᠶ᠎ᠡ᠎ᠲᠠᠢ ᠠᠳᠠᠯᠢ ᠪᠣᠯᠬᠣ ᠦᠶᠡᠰ ᠳᠤᠯᠠᠭ᠋ᠠᠯᠠᠬᠤ᠎ᠪᠠᠨ ᠵᠤᠭᠰᠤᠭ᠋ᠠᠨ᠎ᠠ᠃ ᠭᠡᠬᠦ᠎ᠳᠡᠭᠡᠨ 3~5 ᠬᠤᠨᠤᠭ᠎ᠤᠨ ᠳᠤᠲᠤᠷ᠎ᠠ ᠠᠭ᠋ᠠᠵᠢᠮ ᠵᠶ᠋ᠠᠷ ᠵᠤᠭᠰᠤᠭ᠋ᠠᠬᠤ ᠬᠡᠷᠡᠭᠲᠡᠢ᠃ ᠲᠡᠢ᠌ᠮᠦ ᠪᠢᠰᠢ ᠪᠣᠯ ᠴᠤᠷᠪᠠᠭ᠎ᠠ ᠠᠮᠠᠷᠬᠠᠨ ᠬᠢᠮᠦᠷᠠᠬᠤ ᠪᠣᠯᠣᠨ᠎ᠠ᠂ ᠳᠤᠯᠠᠭ᠋ᠠᠯᠠᠬᠤ᠎ᠪᠠᠨ ᠵᠤᠭᠰᠤᠭ᠋ᠠᠬᠤ᠎ᠳᠤ ᠴᠤᠷᠪᠠᠭᠠᠨᠤᠭᠤᠳ ᠡᠪᠡᠳᠴᠢᠨ ᠦᠭᠡᠢ ᠡᠷᠡᠭᠦᠯ ᠪᠠᠢ᠌ᠬᠤ ᠦᠶᠡᠰᠢ ᠰᠤᠩᠭᠤᠨ᠂ ᠬᠢᠵᠢᠭ᠎ᠠᠴᠠ ᠰᠡᠷᠭᠡᠢ᠌ᠯᠡᠬᠦ᠂ ᠰᠦᠷᠦᠭ ᠰᠢᠯᠵᠢᠭᠦᠯᠬᠦ ᠪᠠ ᠲᠡᠵᠢᠭᠡᠯ ᠪᠤᠷᠳᠤᠭ᠎ᠠ ᠰᠤᠯᠢᠬᠤ ᠦᠶᠡᠰ ᠵᠤᠭᠰᠤᠭ᠋ᠠᠵᠤ ᠪᠣᠯᠬᠣ ᠦᠭᠡᠢ᠃ ᠳᠤᠯᠠᠭ᠋ᠠᠨ ᠡᠳᠦᠷ᠎ᠢ ᠰᠤᠩᠭᠤᠵᠤ᠂ ᠳᠤᠯᠠᠭ᠋ᠠᠯᠠᠬᠤ᠎ᠪᠠᠨ ᠵᠤᠭᠰᠤᠭ᠋ᠠᠭᠰᠠᠨᠤ ᠰᠡᠭᠦᠯᠡᠷ ᠴᠤᠷᠪᠠᠭ᠋ᠠᠨᠤ ᠪᠠᠢ᠌ᠷᠢ ᠵᠢ ᠬᠠᠭᠤᠷᠠᠢ ᠪᠠᠢ᠌ᠯᠬᠭ᠋ᠠᠵᠤ᠂ ᠪᠤᠷᠳᠤᠭ᠋ᠠᠨ ᠲᠠᠪᠠᠭ᠂ ᠣᠰᠣᠯᠠᠬᠤ ᠰᠠᠪᠠ ᠵᠡᠷᠭᠡ ᠵᠢ ᠣᠣᠯ᠎ᠤᠨ ᠪᠠᠢ᠌ᠳᠠᠯ ᠵᠶ᠋ᠠᠷ᠎ᠨᠢ ᠪᠠᠢ᠌ᠯᠭ᠋ᠠᠨ᠂ ᠴᠤᠷᠪᠠᠭ᠎ᠠ᠎ᠳᠤ ᠲᠠᠨᠢᠯ ᠪᠣᠰᠤ ᠣᠷᠴᠢᠨ᠎ᠤ ᠰᠡᠷᠡᠯᠲᠡ ᠦᠭᠬᠦ᠎ᠠᠴᠠ ᠬᠢᠴᠢᠶᠡᠬᠦ ᠬᠡᠷᠡᠭᠲᠡᠢ᠃
(ᠢᠷᠡᠯᠲᠡ᠄ ᠵᠢᠷᠭ᠋ᠠᠯ ᠡᠷᠬᠢᠯᠡᠨ ᠨᠠᠢ᠌ᠷᠠᠭᠤᠯᠤᠭᠰᠠᠨ 《ᠭᠠᠬᠠᠢ ᠲᠠᠬᠢᠶ᠎ᠠ ᠨᠤᠭᠤᠰᠤ ᠲᠡᠵᠢᠭᠡᠵᠦ ᠪᠤᠷᠳᠤᠬᠤ ᠮᠡᠷᠭᠡᠵᠢᠯ》 ᠭᠡᠬᠦ ᠨᠣᠮ᠎ᠠᠴᠠ ᠰᠤᠩᠭᠤᠨ ᠰᠡᠢ᠌ᠷᠡᠭᠦᠯᠪᠠ᠃)