ᠴᠤᠷᠪᠠᠭ᠎ᠠ ᠵᠢᠨ ᠨᠢᠭᠲᠠᠴᠠ᠃ ᠲᠡᠵᠢᠭᠡᠨ ᠠᠷᠠᠴᠢᠯᠠᠬᠤ ᠨᠢᠭᠲᠠᠴᠠ ᠵᠢᠨ ᠲᠤᠬᠢᠷᠠᠮᠵᠢᠲᠠᠢ ᠡᠰᠡᠬᠦ᠎ᠨᠢ ᠴᠤᠷᠪᠠᠭ᠎ᠠ ᠵᠢᠨ ᠦᠰᠦᠯᠲᠡ ᠪᠠ ᠪᠠᠢ᠌ᠷᠢᠨᠤ ᠠᠰᠢᠭᠯᠠᠯᠲᠠ ᠵᠢ ᠶᠡᠬᠡ ᠨᠦᠯᠦᠭᠡᠯᠡᠳᠡᠭ᠃ ᠲᠡᠷᠡ ᠮᠦᠷᠲᠡᠭᠡᠨ ᠴᠤᠷᠪᠠᠭᠠᠨᠤᠭᠤᠳ ᠬᠡᠳᠦ ᠰᠢᠬᠠᠯᠴᠠᠪᠠᠯ ᠠᠭ᠋ᠠᠷ᠎ᠤᠨ ᠪᠤᠬᠢᠷᠲᠤᠯ ᠡᠭᠦᠰᠴᠦ ᠴᠤᠷᠪᠠᠭ᠎ᠠ ᠵᠢᠨ ᠦᠰᠦᠯᠲᠡ ᠪᠤᠢ᠌ᠵᠢᠯᠲᠠᠳᠤ ᠠᠰᠢᠭ ᠦᠭᠡᠢ ᠪᠠᠢ᠌ᠳᠠᠭ᠂ ᠢᠳᠡᠰᠢ ᠪᠤᠯᠢᠶᠠᠯᠴᠠᠬᠤ᠎ᠠᠴᠠ ᠪᠣᠯᠵᠣ ᠦᠰᠦᠯᠲᠡ᠎ᠨᠢ ᠲᠡᠩᠴᠡᠭᠦᠷᠢ᠎ᠪᠠᠨ ᠠᠯᠳᠠᠬᠤ ᠪᠦᠭᠡᠳ ᠬᠠᠷᠢᠯᠴᠠᠨ ᠲᠤᠶᠢᠵᠤ ᠲᠤᠭᠰᠢᠬᠤ ᠭᠡᠮ᠎ᠲᠠᠢ ᠪᠣᠯᠳᠠᠭ᠃ ᠬᠡᠲᠦᠷᠬᠡᠢ ᠰᠡᠢ᠌ᠷᠡᠭ ᠪᠣᠯ ᠴᠤᠷᠪᠠᠭ᠋ᠠᠨᠤ ᠪᠠᠢ᠌ᠷᠢ ᠵᠢ ᠠᠰᠢᠭᠯᠠᠬᠤ ᠨᠤᠷᠮ᠎ᠠ ᠪᠣᠯᠵᠣ᠂ ᠦᠪᠡᠷ᠎ᠤᠨ ᠦᠷᠲᠡᠭ᠎ᠨᠢ ᠶᠡᠬᠡ ᠪᠣᠯᠳᠠᠭ᠃ ᠴᠤᠷᠪᠠᠭ᠋ᠠᠨᠤ ᠨᠢᠭᠲᠠᠴᠠ ᠵᠢᠨ ᠬᠡᠮᠵᠢᠶ᠎ᠡ ᠵᠢ ᠶᠡᠷᠦ᠎ᠳᠡᠭᠡᠨ ᠴᠤᠷᠪᠠᠭ᠎ᠠ ᠵᠢᠨ ᠬᠤᠨᠤᠭ᠎ᠤᠨ ᠨᠠᠰᠤᠨ᠎ᠤ ᠶᠡᠬᠡ ᠪᠠᠭ᠎ᠠ᠂ ᠡᠭᠦᠯᠳᠡᠷ᠂ ᠤᠯᠠᠷᠢᠯ ᠪᠠ ᠰᠠᠯᠬᠢ ᠵᠢᠪᠠᠷ ᠨᠠᠪᠲᠠᠷᠠᠬᠦ ᠨᠦᠭᠦᠴᠡᠯ ᠵᠡᠷᠭᠡ ᠵᠢ ᠦᠨᠳᠦᠰᠦᠯᠡᠨ ᠲᠤᠭᠲᠠᠭ᠋ᠠᠳᠠᠭ᠃ ᠡᠭᠦᠨ᠎ᠳᠤ 1~2 ᠭᠠᠷᠠᠭ ᠨᠠᠰᠤᠨ᠎ᠤ ᠴᠤᠷᠪᠠᠭ᠎ᠠ ᠵᠢᠨ ᠨᠢᠭᠲᠠᠴᠠ ᠵᠢᠨ ᠬᠡᠮᠵᠢᠶ᠎ᠡ᠎ᠨᠢ ᠰᠢᠩᠭᠡᠯᠢᠭ᠎ᠲᠤ ᠲᠡᠵᠢᠭᠡᠪᠡᠯ 60 ᠴᠤᠷᠪᠠᠭ᠎ᠠ / 1 ᠺᠦᠸᠠᠳ᠋ ᠮᠧᠲᠷ᠂ 3~4 ᠭᠠᠷᠠᠭ ᠨᠠᠰᠤᠨ᠎ᠤ ᠴᠤᠷᠪᠠᠭ᠎ᠠ ᠵᠢᠨ ᠨᠢᠭᠲᠠᠴᠠ ᠵᠢᠨ ᠬᠡᠮᠵᠢᠶ᠎ᠡ᠎ᠨᠢ ᠰᠢᠩᠭᠡᠯᠢᠭ᠎ᠲᠤ ᠲᠡᠵᠢᠭᠡᠪᠡᠯ 40 ᠴᠤᠷᠪᠠᠭ᠎ᠠ / 1 ᠺᠦᠸᠠᠳ᠋ ᠮᠧᠲᠷ᠂ 5~6 ᠭᠠᠷᠠᠭ ᠨᠠᠰᠤᠨ᠎ᠤ ᠴᠤᠷᠪᠠᠭ᠎ᠠ ᠵᠢᠨ ᠨᠢᠭᠲᠠᠴᠠ ᠵᠢᠨ ᠬᠡᠮᠵᠢᠶ᠎ᠡ᠎ᠨᠢ ᠰᠢᠩᠭᠡᠯᠢᠭ᠎ᠲᠤ ᠲᠡᠵᠢᠭᠡᠪᠡᠯ 30 ᠴᠤᠷᠪᠠᠭ᠎ᠠ / 1 ᠺᠦᠸᠠᠳ᠋ ᠮᠧᠲᠷ ᠪᠣᠯᠣᠨ᠎ᠠ᠃
(ᠢᠷᠡᠯᠲᠡ᠄ ᠵᠢᠷᠭ᠋ᠠᠯ ᠡᠷᠬᠢᠯᠡᠨ ᠨᠠᠢ᠌ᠷᠠᠭᠤᠯᠤᠭᠰᠠᠨ 《ᠭᠠᠬᠠᠢ ᠲᠠᠬᠢᠶ᠎ᠠ ᠨᠤᠭᠤᠰᠤ ᠲᠡᠵᠢᠭᠡᠵᠦ ᠪᠤᠷᠳᠤᠬᠤ ᠮᠡᠷᠭᠡᠵᠢᠯ》 ᠭᠡᠬᠦ ᠨᠣᠮ᠎ᠠᠴᠠ ᠰᠤᠩᠭᠤᠨ ᠰᠡᠢ᠌ᠷᠡᠭᠦᠯᠪᠠ᠃)