ᠲᠡᠷᠢᠭᠦᠨ ᠬᠠᠭᠤᠳᠠᠰᠤ
ᠰᠣᠨᠢᠨ ᠮᠡᠳᠡᠭᠡ
ᠢᠯᠡ ᠵᠠᠰᠠᠭ
ᠦᠢᠯᠡᠴᠢᠯᠡᠭᠡ
ᠠᠮᠤᠭᠤᠯᠠᠩᠲᠤ᠌ ᠬᠥᠳᠡᠭᠡ   -   ᠪᠠᠶᠠᠨ ᠰᠦᠷᠦᠭ
ᠮᠢᠬᠠᠨ ᠢᠮᠠᠭ᠎ᠠ ᠵᠢ ᠲᠡᠵᠢᠭᠡᠨ ᠲᠠᠷᠭᠤᠯᠠᠭᠤᠯᠬᠤ ᠠᠷᠭ᠎ᠠ (ᠬᠤᠶᠠᠷ)
ᠨᠡᠶ᠋ᠢᠲᠡᠯᠡᠭᠰᠡᠨ ᠴᠠᠭ᠄ 2020-06-13

      ᠢᠮᠠᠭ᠋ᠠᠨ ᠰᠦᠷᠦᠭ᠎ᠤᠨ ᠳᠦᠷᠪᠡᠨ ᠤᠯᠠᠷᠢᠯ᠎ᠤᠨ ᠬᠠᠷᠢᠭᠤᠯᠭ᠎ᠠ ᠮᠠᠯᠯᠠᠭ᠎ᠠ

     1. ᠬᠠᠪᠤᠷ᠎ᠤᠨ ᠤᠯᠠᠷᠢᠯ᠎ᠤᠨ ᠬᠠᠷᠢᠭᠤᠯᠭ᠎ᠠ᠄ ᠬᠠᠪᠤᠷ᠎ᠤᠨ ᠤᠯᠠᠷᠢᠯ᠎ᠳᠤ ᠡᠪᠡᠰᠦ ᠤᠷᠭᠤᠮᠠᠯ ᠬᠠᠬᠢᠷ ᠬᠤᠪᠠᠬᠠᠢ᠂ ᠠᠭᠤᠷ ᠠᠮᠢᠰᠬᠤᠯ᠎ᠤᠨ ᠬᠤᠪᠢᠷᠠᠯᠲᠠ ᠶᠡᠬᠡ᠂ ᠭᠠᠮᠰᠢᠭ ᠵᠤᠳ ᠤᠯᠠᠨ᠂ ᠢᠮᠠᠭ᠋ᠠᠨ ᠰᠦᠷᠦᠭ᠎ᠤᠨ ᠲᠠᠮᠢᠷ ᠬᠦᠴᠦ ᠨᠡᠢ᠌ᠳᠡᠮ ᠰᠤᠯᠠ ᠳᠤᠷᠤᠢ ᠪᠠᠢ᠌ᠳᠠᠭ ᠪᠤᠯᠬᠤᠷ ᠡᠨᠡ ᠦᠶ᠎ᠡ᠎ᠳᠤ ᠠᠷᠠᠴᠢᠯᠠᠭ᠎ᠠ ᠮᠠᠯᠯᠠᠭ᠎ᠠ᠎ᠪᠠᠨ ᠴᠢᠩᠭ᠋ᠠᠳᠬᠠᠵᠤ᠂ ᠡᠪᠡᠰᠦ ᠪᠤᠷᠳᠤᠭ᠎ᠠ᠎ᠪᠠᠷ ᠨᠦᠬᠦᠪᠦᠷᠢᠯᠡᠨ ᠲᠡᠵᠢᠭᠡᠬᠦ ᠬᠡᠷᠡᠭᠲᠡᠢ᠃ ᠢᠯᠠᠩᠭᠤᠶ᠎ᠠ ᠭᠠᠵᠠᠷ ᠭᠡᠰᠴᠦ ᠰᠢᠨ᠎ᠡ ᠨᠤᠭᠤᠭ᠎ᠠ ᠪᠤᠯᠲᠠᠢ᠌ᠵᠤ ᠭᠠᠷᠬᠤ ᠦᠶ᠎ᠡ᠎ᠳᠤ ᠢᠮᠠᠭ᠋ᠠᠳ ᠰᠢᠨ᠎ᠡ ᠨᠤᠭᠤᠭ᠎ᠠ ᠵᠢ ᠡᠷᠢᠨ ᠵᠦᠭ ᠴᠢᠭ ᠦᠭᠡᠢ ᠭᠦᠶᠦᠯᠳᠦᠵᠦ᠂ ᠰᠢᠨ᠎ᠡ ᠨᠤᠭᠤᠭ᠎ᠠ ᠵᠢ ᠤᠯᠵᠤ ᠢᠳᠡᠬᠦ ᠦᠭᠡᠢ ᠮᠦᠷᠲᠡᠬᠡᠨ ᠬᠠᠷᠢᠨ ᠬᠦᠴᠦ ᠲᠠᠮᠢᠷ ᠵᠶ᠋ᠠᠨ ᠪᠠᠷᠠᠵᠤ ᠡᠴᠡᠵᠦ ᠮᠠᠭᠤᠳᠠᠬᠤ ᠦᠵᠡᠭᠳᠡᠯ ᠭᠠᠷᠳᠠᠭ᠃ ᠡᠢ᠌ᠮᠦ᠎ᠠᠴᠠ ᠬᠠᠪᠤᠷ᠎ᠤᠨ ᠤᠯᠠᠷᠢᠯ᠎ᠳᠤ ᠢᠮᠠᠭ᠎ᠠ ᠬᠠᠷᠢᠭᠤᠯᠬᠤ᠎ᠳᠤ ᠨᠢᠭᠡ᠎ᠳᠤ ᠶᠠᠪᠤᠬᠤ ᠵᠢ᠎ᠨᠢ ᠬᠤᠷᠢᠭᠯᠠᠵᠤ ᠲᠦᠪᠯᠡᠷᠡᠩᠭᠦᠢ ᠰᠢᠭ ᠬᠠᠷᠢᠭᠤᠯᠪᠠᠯ ᠵᠤᠬᠢᠨ᠎ᠠ᠃ ᠬᠤᠶᠠᠷ᠎ᠲᠤ ᠠᠭᠤᠯᠠᠷᠬᠠᠭ ᠭᠠᠵᠠᠷ᠎ᠤᠨ᠎ᠬᠢᠨ ᠤᠷᠢᠳ ᠵᠶ᠋ᠠᠷ ᠠᠭᠤᠯᠠᠨ ᠠᠷᠤ ᠵᠢᠨ ᠪᠡᠯᠴᠢᠭᠡᠷ᠎ᠲᠤ ᠬᠠᠷᠢᠭᠤᠯᠵᠤ ᠰᠡᠭᠦᠯᠡᠷ᠎ᠨᠢ ᠠᠭᠤᠯᠠᠨ ᠡᠩᠭᠡᠷ᠎ᠤᠨ ᠪᠡᠯᠴᠢᠭᠡᠷ᠎ᠲᠤ ᠬᠠᠷᠢᠭᠤᠯᠬᠤ᠂ ᠲᠡᠯ᠎ᠠ ᠭᠠᠵᠠᠷ᠎ᠤᠨ᠎ᠬᠢᠨ ᠤᠷᠢᠳ ᠵᠶ᠋ᠠᠷ ᠬᠤᠪᠠᠬᠠᠢ ᠡᠪᠡᠰᠦ ᠡᠯᠪᠡᠭ ᠪᠡᠯᠴᠢᠭᠡᠷ᠎ᠲᠤ ᠬᠠᠷᠢᠭᠤᠯᠵᠤ ᠰᠡᠭᠦᠯᠡᠷ᠎ᠨᠢ ᠰᠢᠨ᠎ᠡ ᠨᠤᠭᠤᠭ᠎ᠠ ᠤᠷᠭᠤᠭᠰᠠᠨ ᠪᠡᠯᠴᠢᠭᠡᠷ᠎ᠲᠤ ᠬᠠᠷᠢᠭᠤᠯᠬᠤ ᠵᠠᠷᠴᠢᠮ ᠵᠶ᠋ᠠᠷ ᠢᠮᠠᠭ᠎ᠠ᠎ᠪᠠᠨ ᠠᠭ᠋ᠠᠵᠢᠮ ᠪᠦᠭᠡᠳ ᠲᠤᠭᠲᠠᠭᠤᠨ ᠵᠶ᠋ᠠᠷ ᠬᠠᠷᠢᠭᠤᠯᠪᠠᠯ ᠵᠤᠬᠢᠨ᠎ᠠ᠃ ᠭᠤᠷᠪᠠ᠎ᠳᠤ ᠬᠠᠪᠤᠷ᠎ᠤᠨ ᠤᠯᠠᠷᠢᠯ᠎ᠳᠤ ᠢᠮᠠᠭ᠎ᠠ᠎ᠪᠠᠨ ᠪᠡᠯᠴᠢᠭᠡᠬᠦ᠎ᠠᠴᠠ ᠡᠮᠦᠨ᠎ᠡ ᠪᠠᠭ᠎ᠠ ᠰᠠᠭ᠎ᠠ ᠬᠠᠭᠤᠷᠠᠢ ᠡᠪᠡᠰᠦ ᠬᠠᠶᠠᠨ ᠦᠭᠴᠦ ᠢᠳᠡᠭᠦᠯᠦᠭᠰᠡᠨ᠎ᠤ ᠳᠠᠷᠠᠭ᠎ᠠ ᠰᠠᠯᠬᠢ ᠡᠰᠡᠷᠭᠦ ᠵᠦᠭ ᠪᠡᠯᠴᠢᠭᠡᠭᠡᠳ ᠤᠷᠤᠢ᠎ᠳᠠᠭᠠᠨ ᠰᠠᠯᠬᠢ ᠳᠠᠭ᠋ᠠᠭᠤᠯᠤᠨ ᠬᠤᠷᠢᠶᠠᠵᠤ ᠠᠪᠴᠢᠷᠠᠪᠠᠯ ᠰᠠᠢ᠌ᠨ ᠪᠠᠢ᠌ᠳᠠᠭ᠃
     2. ᠵᠤᠨ᠎ᠤ ᠤᠯᠠᠷᠢᠯ᠎ᠤᠨ ᠬᠠᠷᠢᠭᠤᠯᠭ᠎ᠠ᠄ ᠵᠤᠨ᠎ᠤ ᠤᠯᠠᠷᠢᠯ᠎ᠤᠨ ᠡᠳᠦᠷ ᠤᠷᠲᠤ᠂ ᠠᠭᠤᠷ ᠠᠮᠢᠰᠬᠤᠯ ᠤᠷᠢ ᠳᠤᠯᠠᠭ᠋ᠠᠨ᠂ ᠬᠤᠷ᠎ᠠ ᠪᠤᠷᠤᠭ᠋ᠠᠨ ᠠᠷᠪᠢᠨ᠂ ᠡᠪᠡᠰᠦ ᠤᠷᠭᠤᠮᠠᠯ ᠤᠰᠤᠯᠢᠭ ᠨᠤᠭᠤᠭ᠋ᠠᠨ ᠲᠤᠯᠠ ᠢᠮᠠᠭ᠋ᠠᠨ᠎ᠳᠤ ᠲᠠᠷᠭᠤ ᠠᠪᠤᠭᠤᠯᠬᠤ᠎ᠨᠢ ᠡᠨᠡ ᠦᠶ᠎ᠡ ᠵᠢᠨ ᠭᠤᠤᠯ ᠠᠵᠢᠯ ᠪᠤᠯᠤᠨ᠎ᠠ᠃ ᠡᠨᠡ ᠦᠶ᠎ᠡ᠎ᠳᠤ ᠢᠮᠠᠭ᠎ᠠ᠎ᠪᠠᠨ ᠨᠤᠤᠰᠤᠯᠠᠬᠤ᠂ ᠡᠮᠲᠦ ᠤᠰᠤ᠎ᠪᠠᠷ ᠤᠭᠢᠶᠠᠬᠤ᠂ ᠡᠮ ᠴᠢᠳᠬᠤᠬᠤ ᠵᠡᠷᠭᠡ ᠠᠵᠢᠯ᠎ᠢ ᠲᠤᠬᠢᠷᠠᠮᠵᠢᠲᠠᠢ ᠴᠠᠭ᠎ᠲᠤᠨᠢ ᠭᠦᠢ᠍ᠴᠡᠳᠬᠡᠵᠦ᠂ ᠳᠤᠲᠤᠷ᠎ᠠ ᠭᠠᠳᠠᠷ ᠬᠤᠷᠤᠬᠠᠢ ᠵᠢ᠎ᠨᠢ ᠬᠦᠭᠡᠭᠡᠵᠦ ᠠᠷᠢᠯᠭ᠋ᠠᠨ ᠲᠤᠰᠤᠨ ᠲᠠᠷᠭᠤ ᠭᠦᠢ᠍ᠴᠡᠳ ᠠᠪᠬᠤ᠎ᠳᠤ ᠨᠦᠭᠦᠴᠡᠯ ᠪᠦᠷᠢᠯᠳᠦᠭᠦᠯᠵᠦ ᠦᠭᠪᠡᠯ ᠵᠤᠬᠢᠨ᠎ᠡ᠃
      ᠵᠤᠨ᠎ᠤ ᠤᠯᠠᠷᠢᠯ᠎ᠳᠤ ᠢᠮᠠᠭ᠎ᠠ ᠵᠢ ᠦᠨᠳᠦᠷᠯᠢᠭ ᠰᠡᠷᠢᠭᠦᠨ᠂ ᠢᠯᠠᠭ᠎ᠠ ᠪᠠᠲᠠᠭ᠋ᠠᠨ᠎ᠠ ᠪᠠᠭ᠎ᠠ ᠪᠡᠯᠴᠢᠭᠡᠷ᠎ᠲᠤ ᠡᠷᠲᠡ ᠪᠡᠯᠴᠢᠭᠡᠨ ᠤᠷᠤᠢ ᠬᠤᠲᠠᠯᠠᠬᠤ ᠠᠷᠭ᠎ᠠ᠎ᠪᠠᠷ ᠬᠠᠷᠢᠭᠤᠯᠵᠤ᠂ ᠦᠳᠡ ᠵᠢᠨ ᠭᠤᠤᠯ᠎ᠳᠤ ᠰᠡᠭᠦᠳᠡᠷ᠎ᠲᠠᠢ ᠭᠠᠵᠠᠷ ᠪᠤᠶᠤ ᠦᠨᠳᠦᠷᠯᠢᠭ ᠰᠡᠷᠢᠭᠦᠨ ᠭᠠᠵᠠᠷ᠎ᠲᠤ ᠬᠡᠪᠲᠡᠭᠦᠯᠵᠦ ᠠᠮᠠᠷᠠᠭᠤᠯᠪᠠᠯ ᠰᠠᠢ᠌ᠨ ᠪᠠᠢ᠌ᠳᠠᠭ᠃ ᠬᠠᠯᠠᠭᠤᠨ ᠡᠳᠦᠷ ᠦᠳᠡ ᠵᠢᠨ ᠡᠮᠦᠨ᠎ᠡ ᠨᠠᠷᠠᠯᠢᠭ ᠪᠡᠯᠴᠢᠭᠡᠷ᠎ᠲᠤ ᠰᠠᠯᠬᠢ ᠳᠠᠭ᠋ᠠᠭᠤᠯᠤᠨ ᠢᠳᠡᠷᠰᠢᠭᠦᠯᠵᠦ᠂ ᠦᠳᠡ ᠵᠢᠨ ᠬᠤᠢ᠌ᠨ᠎ᠠ ᠰᠡᠭᠦᠳᠡᠷᠯᠢᠭ ᠪᠤᠶᠤ ᠰᠠᠯᠬᠢ᠎ᠲᠠᠢ ᠪᠡᠯᠴᠢᠭᠡᠷ᠎ᠲᠤ ᠰᠠᠯᠬᠢ ᠰᠦᠷᠦᠭᠦᠯᠦᠨ ᠬᠠᠷᠢᠭᠤᠯᠪᠠᠯ ᠪᠦᠭᠡᠮᠨᠡᠷᠡᠵᠦ ᠵᠤᠭᠰᠤᠬᠤ ᠵᠢ ᠰᠡᠷᠭᠡᠢ᠌ᠯᠡᠵᠦ ᠴᠢᠳᠠᠨ᠎ᠠ᠃ ᠡᠭᠦᠨ᠎ᠠᠴᠠ ᠭᠠᠳᠠᠨ᠎ᠠ ᠢᠮᠠᠭ᠎ᠠ ᠵᠢ ᠡᠳᠦᠷ᠎ᠲᠤ 1~2   ᠤᠳᠠᠭ᠎ᠠ ᠬᠤᠳᠳᠤᠭ᠎ᠤᠨ ᠤᠰᠤ ᠪᠤᠶᠤ ᠤᠷᠤᠰᠤᠮᠠᠯ ᠪᠤᠯᠠᠭ᠎ᠤᠨ ᠤᠰᠤ᠎ᠪᠠᠷ ᠤᠰᠤᠯᠠᠬᠤ ᠵᠢ ᠴᠢᠩᠭ᠎ᠠ ᠪᠠᠷᠢᠮᠲᠠᠯᠠᠵᠤ᠂ ᠲᠤᠭᠲᠠᠮᠠᠯ ᠬᠤᠭᠤᠴᠠᠭ᠎ᠠ᠎ᠲᠠᠢ᠎ᠪᠠᠷ ᠬᠤᠵᠢᠷ ᠳᠠᠪᠤᠰᠤ ᠦᠭᠴᠦ ᠳᠤᠯᠢᠶᠠᠯᠭ᠋ᠠᠬᠤ ᠵᠢ ᠤᠮᠳᠤᠭ᠋ᠠᠢ᠌ᠯᠠᠵᠤ ᠪᠤᠯᠬᠤ ᠦᠭᠡᠢ᠃
      ᠤᠷᠤᠢ᠎ᠳᠠᠭᠠᠨ ᠦᠨᠳᠦᠷᠯᠢᠭ ᠰᠡᠷᠢᠭᠦᠨ᠂ ᠰᠠᠯᠬᠢ᠎ᠲᠠᠢ ᠭᠠᠵᠠᠷ ᠵᠠᠳᠠᠭ᠋ᠠᠢ ᠬᠡᠪᠲᠡᠷᠢᠯᠡᠭᠦᠯᠬᠦ ᠪᠤᠶᠤ ᠠᠭᠤᠵᠢᠮ ᠬᠠᠰᠢᠶᠠᠨ᠎ᠳᠤ ᠲᠠᠷᠠᠤᠬᠠᠨ ᠬᠡᠪᠲᠡᠷᠢᠯᠡᠭᠦᠯᠬᠦ᠎ᠳᠡᠭᠡᠨ ᠬᠡᠪᠲᠡᠷᠢ ᠵᠢ᠎ᠨᠢ ᠡᠳᠦᠷ ᠪᠦᠷᠢ ᠱᠦᠭᠦᠷᠳᠡᠵᠦ᠂ ᠬᠡᠵᠢᠶᠡᠳᠡ ᠠᠷᠢᠭᠤᠨ ᠴᠡᠪᠡᠷ ᠪᠠᠢ᠌ᠯᠭ᠋ᠠᠬᠤ ᠬᠡᠷᠡᠭᠲᠡᠢ᠃ ᠨᠦᠭᠦᠴᠡᠯ᠎ᠲᠠᠢ ᠭᠠᠵᠠᠷ᠎ᠨᠢ ᠤᠷᠤᠢ ᠢᠮᠠᠭ᠎ᠠ᠎ᠪᠠᠨ ᠬᠤᠷᠢᠶᠠᠵᠤ ᠠᠪᠴᠢᠷᠠᠭᠰᠠᠨ᠎ᠤ ᠳᠠᠷᠠᠭ᠎ᠠ ᠤᠢ᠌ᠷ᠎ᠠ ᠵᠠᠭᠤᠷ᠎ᠠ ᠰᠡᠷᠢᠭᠦᠴᠡᠭᠦᠯᠦᠨ ᠶᠠᠪᠤᠭᠤᠯᠤᠭ᠋ᠠᠳ ᠬᠠᠷᠠᠩᠭᠤᠢ ᠪᠤᠯᠬᠤ ᠦᠶ᠎ᠡ᠎ᠳᠤ ᠬᠡᠪᠲᠡᠷᠢᠯᠡᠭᠦᠯᠪᠡᠯ ᠲᠠᠷᠭᠤ ᠠᠪᠬᠤ᠎ᠳᠤ ᠠᠰᠢᠭᠲᠠᠢ ᠪᠠᠢ᠌ᠳᠠᠭ᠃
     3. ᠨᠠᠮᠤᠷ᠎ᠤᠨ ᠤᠯᠠᠷᠢᠯ᠎ᠤᠨ ᠬᠠᠷᠢᠭᠤᠯᠭ᠎ᠠ᠄ ᠨᠠᠮᠤᠷ ᠪᠤᠯᠪᠠᠯ ᠠᠭᠤᠷ ᠠᠮᠢᠰᠬᠤᠯ ᠰᠡᠷᠢᠭᠦᠨ ᠪᠤᠯᠵᠤ᠂ ᠡᠪᠡᠰᠦ ᠤᠷᠭᠤᠮᠠᠯ᠎ᠳᠤ ᠦᠷ᠎ᠡ ᠰᠠᠭᠤᠵᠤ᠂ ᠬᠠᠭᠤᠷᠠᠢ ᠪᠤᠳᠠᠰ ᠪᠠ ᠰᠢᠮ᠎ᠡ ᠲᠡᠵᠢᠭᠡᠯ᠎ᠨᠢ ᠨᠡᠮᠡᠭᠳᠡᠳᠡᠭ ᠪᠤᠯᠬᠤᠷ ᠮᠢᠬᠠᠨ ᠢᠮᠠᠭ᠎ᠠ ᠵᠢ ᠲᠠᠷᠭᠤᠯᠠᠭᠤᠯᠵᠤ ᠮᠢᠬᠠᠯᠠᠭᠤᠯᠬᠤ ᠬᠠᠮᠤᠭ᠎ᠤᠨ ᠰᠠᠢ᠌ᠨ ᠴᠠᠭ ᠦᠶ᠎ᠡ ᠪᠤᠯᠤᠨ᠎ᠠ᠃ ᠡᠢ᠌ᠮᠦ᠎ᠠᠴᠠ ᠨᠠᠮᠤᠷ᠎ᠤᠨ ᠤᠯᠠᠷᠢᠯ᠎ᠳᠤ ᠭᠤᠤᠯ ᠬᠦᠴᠦ᠎ᠪᠠᠨ ᠲᠠᠷᠭᠤ ᠠᠪᠤᠭᠤᠯᠬᠤ ᠳᠡᠭᠡᠷ᠎ᠡ ᠲᠠᠯᠪᠢᠵᠤ᠂ ᠠᠯᠢ ᠴᠢᠳᠠᠬᠤ᠎ᠪᠠᠷ ᠡᠷᠲᠡ ᠪᠡᠯᠴᠢᠭᠡᠨ ᠤᠷᠤᠢ ᠬᠤᠲᠠᠯᠠᠵᠤ᠂ ᠢᠳᠡᠰᠢᠯᠡᠭᠦᠯᠬᠦ ᠴᠠᠭ᠎ᠢ ᠤᠷᠲᠤᠳᠬᠠᠨ ᠲᠤᠭᠲᠠᠭᠤᠨ ᠲᠦᠯᠭᠡᠨ ᠬᠠᠷᠢᠭᠤᠯᠪᠠᠯ ᠵᠤᠬᠢᠨ᠎ᠠ᠃ ᠲᠡᠭᠡᠬᠦ᠎ᠳᠡᠭᠡᠨ ᠦᠳᠡ ᠵᠢᠨ ᠡᠮᠦᠨ᠎ᠡ ᠤᠷᠢᠳᠤ᠎ᠨᠢ ᠪᠡᠯᠴᠢᠭᠡᠭᠰᠡᠨ ᠪᠡᠯᠴᠢᠭᠡᠷ᠎ᠲᠤ ᠬᠠᠷᠢᠭᠤᠯᠵᠤ᠂ ᠦᠳᠡ ᠵᠢᠨ ᠬᠤᠢ᠌ᠨ᠎ᠠ ᠰᠢᠨ᠎ᠡ ᠪᠡᠯᠴᠢᠭᠡᠷ᠎ᠲᠤ ᠬᠠᠷᠢᠭᠤᠯᠬᠤ ᠶᠤᠮ ᠤᠤ᠂ ᠡᠰᠡᠭᠦᠯ᠎ᠡ ᠲᠠᠷᠢᠮᠠᠯ᠎ᠤᠨ ᠭᠤᠤᠷᠰᠤᠨ᠎ᠳᠤ ᠤᠷᠤᠭᠤᠯᠵᠤ ᠢᠳᠡᠰᠢᠯᠡᠭᠦᠯᠪᠡᠯ ᠨᠡᠩ ᠰᠠᠢ᠌ᠨ ᠪᠠᠢ᠌ᠳᠠᠭ᠃ ᠨᠠᠮᠤᠷ᠎ᠤᠨ ᠤᠯᠠᠷᠢᠯ᠎ᠳᠤ ᠢᠮᠠᠭ᠎ᠠ ᠵᠢ ᠠᠯᠢ ᠴᠢᠳᠠᠬᠤ᠎ᠳᠤ ᠲᠠᠭ᠋ᠠᠨ᠎ᠠ ᠮᠠᠩᠭᠢᠷ᠎ᠲᠠᠢ᠂ ᠡᠪᠡᠰᠦᠨ᠎ᠤ ᠲᠦᠷᠦᠯ ᠵᠦᠢ᠍ᠯ᠎ᠨᠢ ᠤᠯᠠᠨ ᠪᠦᠭᠡᠳ ᠤᠷᠭᠤᠴᠠ ᠰᠠᠢ᠌ᠲᠠᠢ ᠪᠡᠯᠴᠢᠭᠡᠷ᠎ᠲᠤ ᠬᠠᠷᠢᠭᠤᠯᠵᠤ᠂ ᠡᠳᠦᠷ᠎ᠲᠤ 1~2 ᠤᠳᠠᠭ᠎ᠠ ᠤᠰᠤᠯᠠᠬᠤ ᠪᠠ ᠭᠠᠷᠠᠭ ᠪᠦᠷᠢ 1 ᠤᠳᠠᠭ᠎ᠠ ᠬᠤᠵᠢᠷ ᠳᠠᠪᠤᠰᠤ ᠢᠳᠡᠭᠦᠯᠬᠦ ᠵᠢ ᠤᠰᠤᠯᠳᠠᠵᠤ ᠪᠤᠯᠬᠤ ᠦᠭᠡᠢ᠃
     4. ᠡᠪᠦᠯ᠎ᠤᠨ ᠤᠯᠠᠷᠢᠯ᠎ᠤᠨ ᠬᠠᠷᠢᠭᠤᠯᠭ᠎ᠠ᠄ ᠡᠪᠦᠯ ᠪᠤᠯᠪᠠᠯ ᠠᠭᠤᠷ ᠠᠮᠢᠰᠬᠤᠯ ᠬᠦᠢ᠍ᠲᠡᠷᠡᠵᠦ ᠡᠪᠡᠰᠦ ᠤᠷᠭᠤᠮᠠᠯ ᠬᠤᠪᠠᠬᠠᠢ᠌ᠷᠠᠨ᠂ ᠵᠠᠷᠢᠮ ᠭᠠᠵᠠᠷ᠎ᠲᠤ ᠴᠠᠰᠤ ᠤᠷᠤᠵᠤ ᠢᠮᠠᠭ᠋ᠠᠨ᠎ᠤ ᠢᠳᠡᠰᠢᠯᠡᠬᠦ ᠬᠡᠮᠵᠢᠶ᠎ᠡ ᠳᠤᠷᠤᠭᠰᠢᠯᠠᠳᠠᠭ᠎ᠠᠴᠠ ᠪᠤᠯᠵᠤ ᠲᠠᠷᠭᠤ ᠬᠦᠴᠦ᠎ᠨᠢ ᠪᠠᠭᠤᠷᠠᠬᠤ ᠦᠵᠡᠭᠳᠡᠯ ᠭᠠᠷᠤᠨ᠎ᠠ᠃ ᠡᠢ᠌ᠮᠦ᠎ᠠᠴᠠ ᠢᠷᠡᠬᠦ ᠵᠢᠯ ᠭᠠᠷᠭ᠋ᠠᠯᠲᠠ᠎ᠳᠤ ᠤᠷᠤᠭᠤᠯᠬᠤ ᠢᠮᠠᠭ᠋ᠠᠨ᠎ᠤ ᠲᠠᠷᠭᠤ ᠬᠦᠴᠦ ᠵᠢ ᠰᠠᠢ᠌ᠳᠤᠷ ᠬᠠᠮᠠᠭ᠋ᠠᠯᠠᠵᠤ ᠮᠡᠨᠳᠦ ᠡᠪᠦᠯᠵᠢᠭᠦᠯᠬᠦ᠎ᠨᠢ ᠡᠪᠦᠯ᠎ᠤᠨ ᠠᠷᠠᠴᠢᠯᠠᠭ᠎ᠠ ᠵᠢᠨ ᠭᠤᠤᠯ ᠡᠭᠦᠷᠭᠡ ᠪᠤᠯᠤᠨ᠎ᠠ᠃
      ᠨᠤᠲᠤᠭ ᠪᠡᠯᠴᠢᠭᠡᠷ᠎ᠤᠨ ᠲᠠᠯ᠎ᠠ᠎ᠠᠴᠠ ᠠᠪᠴᠤ ᠬᠡᠯᠡᠪᠡᠯ᠂ ᠡᠪᠦᠯ ᠴᠠᠰᠤ ᠤᠷᠤᠭᠰᠠᠨ᠎ᠤ ᠳᠠᠷᠠᠭ᠎ᠠ ᠤᠰᠤ ᠦᠭᠡᠢ ᠪᠡᠯᠴᠢᠭᠡᠷ ᠵᠶ᠋ᠡᠨ ᠠᠰᠢᠭᠯᠠᠬᠤ ᠵᠢᠨ ᠬᠠᠮᠲᠤ ᠤᠷᠢᠳ ᠵᠶ᠋ᠠᠷ ᠬᠤᠯᠠ ᠵᠢᠨ ᠪᠡᠯᠴᠢᠭᠡᠷ᠎ᠲᠤ ᠢᠳᠡᠰᠢᠯᠡᠭᠦᠯᠵᠦ ᠰᠡᠭᠦᠯᠡᠷ᠎ᠨᠢ ᠤᠢ᠌ᠷ᠎ᠠ ᠵᠢᠨ ᠪᠡᠯᠴᠢᠭᠡᠷ ᠵᠶ᠋ᠡᠨ ᠠᠰᠢᠭᠯᠠᠬᠤ᠂ ᠤᠷᠢᠳ ᠵᠶ᠋ᠠᠷ ᠦᠨᠳᠦᠷᠯᠢᠭ ᠪᠡᠯᠴᠢᠭᠡᠷ᠎ᠲᠤ ᠬᠠᠷᠢᠭᠤᠯᠵᠤ ᠰᠡᠭᠦᠯᠡᠷ᠎ᠨᠢ ᠨᠠᠮ ᠳᠤᠤᠷ᠎ᠠ ᠭᠠᠵᠠᠷ᠎ᠲᠤ ᠪᠡᠯᠴᠢᠭᠡᠬᠦ᠂ ᠤᠷᠢᠳ ᠵᠶ᠋ᠠᠷ ᠬᠦᠨᠳᠡᠢ ᠬᠤᠲᠤᠭᠤᠷ ᠪᠡᠯᠴᠢᠭᠡᠷ᠎ᠲᠤ ᠪᠡᠯᠴᠢᠭᠡᠵᠦ ᠰᠡᠭᠦᠯᠡᠷ᠎ᠨᠢ ᠲᠠᠯ᠎ᠠ ᠭᠠᠵᠠᠷ᠎ᠲᠤ ᠶᠠᠪᠤᠭᠤᠯᠬᠤ ᠵᠠᠷᠴᠢᠮ᠎ᠢ ᠪᠠᠷᠢᠮᠲᠠᠯᠠᠪᠠᠯ ᠵᠤᠬᠢᠨ᠎ᠠ᠃ ᠡᠪᠦᠯ᠎ᠤᠨ ᠬᠦᠢ᠍ᠲᠡᠨ᠎ᠳᠤ ᠦᠷᠯᠦᠭᠡ᠎ᠳᠡᠭᠡᠨ ᠪᠠᠬᠠᠨ ᠤᠷᠤᠢ ᠰᠢᠭ᠋ ᠰᠠᠯᠬᠢ ᠡᠰᠡᠷᠭᠦ ᠪᠡᠯᠴᠢᠭᠡᠨ ᠶᠠᠪᠤᠭᠤᠯᠵᠤ᠂ ᠤᠷᠤᠢ᠎ᠳᠠᠭᠠᠨ ᠡᠷᠲᠡ ᠰᠢᠭ ᠰᠠᠯᠬᠢ ᠳᠠᠭ᠋ᠠᠭᠤᠯᠤᠨ ᠬᠤᠷᠢᠶᠠᠵᠤ᠂ ᠰᠠᠯᠬᠢ ᠰᠢᠭᠤᠷᠭ᠋ᠠᠨ᠎ᠢ ᠴᠠᠭ ᠢᠮᠠᠭᠲᠠ ᠰᠡᠷᠭᠡᠢ᠌ᠯᠡᠬᠦ᠎ᠠᠴᠠ ᠭᠠᠳᠠᠨ᠎ᠠ ᠪᠠᠰᠠ ᠡᠳᠦᠷ ᠪᠦᠷᠢ 1 ᠤᠳᠠᠭ᠎ᠠ ᠤᠰᠤᠯᠠᠵᠤ᠂ ᠭᠠᠷᠠᠭ ᠪᠦᠷᠢ 1 ᠤᠳᠠᠭ᠎ᠠ ᠬᠤᠵᠢᠷ ᠳᠠᠪᠤᠰᠤ ᠢᠳᠡᠭᠦᠯᠬᠦ ᠬᠡᠷᠡᠭᠲᠡᠢ᠃
      ᠬᠦᠢ᠍ᠲᠡᠷᠡᠬᠦ᠎ᠠᠴᠠ ᠡᠮᠦᠨ᠎ᠡ ᠢᠮᠠᠭ᠋ᠠᠨ᠎ᠤ᠎ᠪᠠᠨ ᠫᠸᠩ ᠰᠠᠷᠠᠪᠴᠢ ᠵᠢ ᠰᠡᠯᠪᠢᠨ ᠵᠠᠰᠠᠵᠤ ᠪᠢᠲᠡᠭᠦᠯᠡᠨ ᠳᠤᠯᠠᠭ᠋ᠠᠯᠠᠬᠤ ᠵᠢᠨ ᠬᠠᠮᠲᠤ ᠬᠡᠷᠪᠡ ᠫᠸᠩ ᠰᠰᠷᠠᠪᠴᠢ ᠵᠢᠨ ᠱᠠᠯᠠ᠎ᠨᠢ ᠴᠢᠬᠢᠭᠳᠦᠵᠦ ᠨᠤᠷᠬᠤ ᠦᠵᠡᠭᠳᠡᠯ ᠭᠠᠷᠪᠠᠯ ᠴᠠᠭ ᠲᠤᠬᠠᠢ᠎ᠳᠤᠨᠢ ᠬᠤᠷᠭᠤᠯ ᠳᠡᠪᠢᠰᠬᠦ ᠵᠡᠷᠭᠡ ᠠᠷᠭ᠎ᠠ ᠬᠡᠮᠵᠢᠶ᠎ᠡ ᠠᠪᠴᠤ ᠬᠡᠷᠡᠭᠲᠡᠢ᠃
     (ᠢᠷᠡᠯᠲᠡ᠄ ᠰᠤᠳᠤᠭᠡᠷᠡᠯ᠂ ᠪᠠᠪᠤᠯᠠᠢ᠂ ᠬᠦᠭᠵᠢᠯᠲᠦ ᠵᠢᠨ ᠨᠠᠢ᠌ᠷᠠᠭᠤᠯᠤᠨ ᠵᠤᠬᠢᠶᠠᠭᠰᠠᠨ 《ᠮᠠᠯ᠎ᠤᠨ ᠲᠡᠵᠢᠭᠡᠯᠭᠡ ᠪᠤᠷᠳᠤᠯᠭ᠎ᠠ ᠪᠠ ᠠᠰᠢᠭ ᠰᠢᠮ᠎ᠡ ᠵᠢᠨ ᠪᠤᠯᠪᠠᠰᠤᠷᠠᠭᠤᠯᠭ᠎ᠠ》 ᠭᠡᠬᠦ ᠨᠤᠮ᠎ᠠᠴᠠ ᠰᠤᠩᠭᠤᠨ ᠰᠡᠢ᠌ᠷᠡᠭᠦᠯᠪᠡ᠃)

ᠢᠷᠡᠯᠲᠡ᠄ 《ᠮᠠᠯ᠎ᠤᠨ ᠲᠡᠵᠢᠭᠡᠯᠭᠡ ᠪᠤᠷᠳᠤᠯᠭ᠎ᠠ ᠪᠠ ᠠᠰᠢᠭ ᠰᠢᠮ᠎ᠡ ᠵᠢᠨ ᠪᠤᠯᠪᠠᠰᠤᠷᠠᠭᠤᠯᠭ᠎ᠠ》
          
ᠬᠠᠮᠢᠶ᠎ᠡ ᠪᠦᠬᠦᠢ ᠰᠣᠨᠢᠨ
 
            