ᠶᠡᠷᠦᠰᠯᠡᠹ ᠦᠬᠡᠷ
ᠲᠤᠰ ᠡᠭᠦᠯᠳᠡᠷ᠎ᠤᠨ ᠦᠬᠡᠷ ᠪᠣᠯ ᠰᠦᠨ ᠬᠡᠷᠡᠭᠯᠡᠭᠦᠨᠲᠦ ᠡᠭᠦᠯᠳᠡᠷ᠎ᠤᠨ ᠦᠬᠡᠷ ᠮᠦᠨ᠃ ᠶᠡᠷᠦᠰᠯᠡᠹ ᠦᠬᠡᠷ ᠪᠣᠯ ᠣᠣᠯ ᠵᠦᠪᠯᠡᠯᠲᠦ ᠬᠣᠯᠪᠤᠭ᠋ᠠᠲᠤ ᠣᠯᠣᠰ᠎ᠤᠨ ᠶᠡᠷᠦᠰᠯᠡᠹ ᠣᠷᠣᠨ᠎ᠠᠴᠠ ᠤᠭ ᠭᠠᠷᠤᠯ᠎ᠲᠠᠢ ᠶᠤᠮ᠃
ᠶᠡᠷᠦᠰᠯᠡᠹ ᠦᠬᠡᠷ᠎ᠤᠨ ᠦᠩᠭᠡ ᠵᠢᠰᠦᠮ᠎ᠤᠨ ᠤᠨᠴᠠᠯᠢᠭ᠎ᠨᠢ ᠭᠡᠪᠡᠯ᠂ ᠲᠤᠯᠤᠭ᠋ᠠᠢ᠎ᠨᠢ ᠬᠦᠩᠭᠡᠨ ᠡᠴᠡᠩᠬᠢᠷ᠂ ᠬᠦᠵᠦᠭᠦᠦ᠎ᠨᠢ ᠤᠷᠲᠤ᠂ ᠴᠡᠭᠡᠵᠢ᠎ᠨᠢ ᠭᠦᠨ᠂ ᠨᠢᠷᠤᠭᠤ᠎ᠨᠢ ᠠᠰᠬᠠᠨ᠂ ᠤᠭᠤᠴᠠ᠎ᠨᠢ ᠦᠷᠭᠡᠨ᠂ ᠪᠦᠬᠦ ᠪᠡᠶ᠎ᠡ ᠵᠢᠨ ᠪᠣᠯᠴᠢᠩ ᠮᠢᠬᠠᠨ᠎ᠤ ᠪᠣᠢ᠌ᠵᠢᠯᠲᠠ᠎ᠨᠢ ᠪᠠᠷᠤᠭᠲᠠᠢ ᠶᠣᠮ᠃ ᠵᠢᠰᠦᠮ᠎ᠨᠢ ᠬᠠᠷ᠎ᠠ᠎ᠪᠠᠷ ᠭᠤᠤᠯᠯᠠᠵᠤ᠂ ᠲᠤᠯᠤᠭ᠋ᠠᠢ ᠪᠠ ᠳᠦᠷᠪᠡᠨ ᠮᠦᠴᠢ ᠵᠢᠨ ᠳᠤᠤᠷᠠᠲᠤ ᠬᠡᠰᠡᠭ᠎ᠨᠢ ᠴᠠᠭ᠋ᠠᠨ᠂ ᠨᠢᠳᠦᠨ ᠤᠬᠤᠷᠬᠠᠢ᠎ᠨᠢ ᠬᠠᠷ᠎ᠠ ᠪᠠᠢ᠌ᠳᠠᠭ᠃
ᠡᠨᠡ ᠬᠦ᠌ ᠡᠭᠦᠯᠳᠡᠷ᠎ᠤᠨ ᠦᠨᠢᠶᠡᠨ᠎ᠤ ᠰᠦ ᠱᠦᠭᠦᠷᠡᠯ᠎ᠤᠨ ᠬᠤᠭᠤᠴᠠᠭ᠋ᠠᠨ᠎ᠳᠠᠬᠢ ᠳᠤᠮᠳᠠᠴᠢ ᠰᠦᠨ᠎ᠤ ᠭᠠᠷᠤᠯᠲᠠ᠎ᠨᠢ 3000 ᠺᠢᠯᠦᠭᠷᠡᠮ᠂ ᠰᠦᠨ᠎ᠤ ᠲᠤᠰᠤᠯᠢᠭ᠎ᠤᠨ ᠨᠤᠷᠮ᠎ᠠ᠎ᠨᠢ 4%~4.2% ᠪᠠᠢ᠌ᠳᠠᠭ᠃ ᠪᠤᠬᠠᠨ᠎ᠤ ᠪᠡᠶ᠎ᠡ ᠵᠢᠨ ᠬᠦᠨᠳᠦ᠎ᠨᠢ 700~750 ᠺᠢᠯᠦᠭᠷᠡᠮ᠃ ᠦᠨᠢᠶᠡᠨ᠎ᠤ ᠬᠢᠨᠢ 460~480 ᠺᠢᠯᠦᠭᠷᠡᠮ ᠪᠣᠯᠣᠨ᠎ᠠ᠃
(ᠢᠷᠡᠯᠲᠡ᠄ ᠴᠧᠨ ᠪᠠᠭ᠋ᠠᠲᠤᠷ᠂ ᠢ᠊ · ᠰᠤᠶᠤᠯᠲᠤ᠂ ᠤᠷᠠᠨᠴᠢᠮᠡᠭ᠂ ᠰᠡᠴᠡᠨᠪᠢᠯᠢᠭ᠂ ᠨᠠᠰᠤᠨᠳᠠᠯᠭᠡᠷ᠂ ᠨᠠᠷᠠᠨ ᠨᠠᠷ᠎ᠤᠨ ᠨᠠᠶ᠋ᠢᠷᠠᠭᠤᠯᠤᠨ ᠵᠤᠬᠢᠶᠠᠭᠰᠠᠨ 《ᠰᠦᠨ᠎ᠤ ᠦᠨᠢᠶᠡᠨ᠎ᠤ ᠠᠷᠠᠴᠢᠯᠠᠭ᠎ᠠ ᠲᠡᠵᠢᠭᠡᠯᠭᠡ ᠵᠢᠨ ᠠᠷᠭ᠎ᠠ ᠮᠡᠷᠭᠡᠵᠢᠯ》 ᠭᠡᠬᠦ ᠨᠤᠮ᠎ᠠᠴᠠ ᠰᠤᠩᠭᠤᠨ ᠰᠡᠶ᠋ᠢᠷᠡᠭᠦᠯᠪᠡ᠃)