ᠲᠡᠷᠢᠭᠦᠨ ᠬᠠᠭᠤᠳᠠᠰᠤ
ᠰᠣᠨᠢᠨ ᠮᠡᠳᠡᠭᠡ
ᠢᠯᠡ ᠵᠠᠰᠠᠭ
ᠦᠢᠯᠡᠴᠢᠯᠡᠭᠡ
ᠠᠮᠤᠭᠤᠯᠠᠩᠲᠤ᠌ ᠬᠥᠳᠡᠭᠡ   -   ᠪᠠᠶᠠᠨ ᠰᠦᠷᠦᠭ
ᠮᠠᠨ᠎ᠤ ᠣᠯᠣᠰ᠎ᠤᠨ ᠤᠷᠤᠨ ᠨᠤᠲᠤᠭ᠎ᠤᠨ ᠦᠨᠳᠡᠭᠡᠨ ᠲᠠᠬᠢᠶᠠᠨ᠎ᠤ ᠡᠭᠦᠯᠳᠡᠷ
ᠨᠡᠶ᠋ᠢᠲᠡᠯᠡᠭᠰᠡᠨ ᠴᠠᠭ᠄ 2021-07-19

      ᠯᠢᠨ ᠳ᠋ᠢᠶᠠᠨ ᠰᠢᠶᠠᠨ᠎ᠨᠢ ᠬᠠᠷᠠᠮᠦ᠋ᠷᠡᠨ ᠮᠣᠵᠢ᠎ᠳᠤ ᠪᠠᠢ᠌ᠷᠢᠰᠢᠵᠤ᠂ ᠬᠦᠷᠦᠰᠦ ᠰᠢᠷᠤᠢ᠎ᠨᠢ ᠶᠡᠬᠡᠩᠬᠢ᠎ᠨᠢ ᠬᠣᠵᠢᠷᠯᠢᠭ᠂ ᠨᠡᠭᠦᠷᠡᠰᠦᠬᠦ᠋ᠴᠢᠯ ᠡᠯᠪᠡᠭ ᠠᠭᠤᠯᠤᠭᠰᠠᠨ ᠵᠦᠯᠭᠡᠲᠦ ᠬᠠᠷ᠎ᠠ ᠬᠦᠷᠦᠰᠦ᠎ᠪᠠᠷ ᠭᠣᠣᠯᠯᠠᠨ᠎ᠠ᠃ ᠠᠭᠤᠷ ᠠᠮᠢᠰᠬᠤᠯ᠎ᠤᠨ ᠤᠨᠴᠠᠯᠢᠭ᠎ᠨᠢ ᠡᠪᠦᠯ ᠴᠠᠰᠤ ᠪᠠᠭ᠎ᠠ᠂ ᠬᠠᠪᠤᠷ ᠰᠠᠯᠬᠢ ᠶᠡᠬᠡ᠂ ᠵᠤᠨ ᠪᠣᠷᠣᠭ᠋ᠠᠨ ᠡᠯᠪᠡᠭ᠂ ᠨᠠᠮᠤᠷ ᠡᠷᠲᠡ ᠬᠢᠷᠠᠭᠤ ᠤᠨᠠᠳᠠᠭ᠃ ᠡᠪᠦᠯ ᠤᠷᠲᠤ᠂ ᠵᠤᠨ ᠪᠤᠭᠤᠨᠢ᠂ ᠬᠢᠷᠠᠭᠤ ᠦᠭᠡᠢ ᠬᠤᠭᠤᠴᠠᠭ᠎ᠠ᠎ᠨᠢ 125~130 ᠡᠳᠦᠷ᠃ ᠲᠠᠷᠢᠮᠠᠯ᠎ᠤᠨ ᠵᠦᠢ᠍ᠯ᠎ᠳᠤ ᠡᠷᠳᠡᠨᠢ ᠰᠢᠰᠢ᠂ ᠰᠢᠰᠢ᠂ ᠨᠠᠷᠢᠮᠤ᠂ ᠪᠤᠭᠤᠳᠠᠢ᠂ ᠪᠤᠷᠴᠠᠭ ᠪᠠ ᠤᠰᠤᠨ ᠲᠤᠳᠤᠷᠭ᠎ᠠ ᠵᠡᠷᠭᠡ ᠪᠣᠢ᠃ 19 ᠳ᠋ᠦ᠍ᠭᠡᠷ ᠵᠠᠭᠤᠨ᠎ᠤ ᠡᠬᠢᠨ᠎ᠳᠤ ᠱᠠᠨᠳᠦ᠋ᠩ᠂ ᠾᠧᠨᠠᠨ᠂ ᠾᠧᠪᠧᠢ ᠵᠡᠷᠭᠡ ᠮᠣᠵᠢ ᠵᠢᠨ ᠨᠡᠭᠦᠳᠡᠯ ᠠᠷᠠᠳ ᠤᠮᠠᠷᠠᠲᠤ ᠠᠲᠠᠷ᠎ᠲᠤ ᠦᠷ᠎ᠡ ᠵᠢᠨ ᠲᠠᠬᠢᠶ᠎ᠠ ᠠᠪᠴᠢᠷᠠᠵᠤ᠂ ᠡᠨᠳᠡᠬᠢ ᠬᠠᠬᠢᠷ ᠬᠦᠢ᠍ᠲᠡᠨ᠂ ᠭᠠᠩ ᠬᠠᠭᠤᠷᠠᠢ ᠠᠭᠤᠷ ᠠᠮᠢᠰᠬᠤᠯ ᠵᠢᠴᠢ ᠡᠯᠪᠡᠭ ᠪᠠᠶᠠᠯᠢᠭ ᠲᠠᠷᠢᠶᠠᠯᠠᠩ᠎ᠤᠨ ᠭᠠᠷᠤᠯᠲᠠ ᠵᠢᠨ ᠨᠦᠭᠦᠴᠡᠯ ᠳᠤᠤᠷ᠎ᠠ᠂ ᠲᠠᠷᠢᠶᠠᠴᠢᠳ ᠤᠯᠠᠨ ᠵᠢᠯ ᠰᠣᠩᠭᠣᠵᠣ᠂ ᠬᠦᠢ᠍ᠲᠠᠨ᠎ᠳᠤ ᠲᠡᠰᠪᠦᠷᠢᠲᠡᠢ ᠰᠢᠯᠢᠳᠡᠭ ᠲᠠᠬᠢᠶᠠᠨ᠎ᠤ ᠡᠭᠦᠯᠳᠡᠷ᠎ᠢ ᠪᠣᠢ᠌ᠵᠢᠭᠣᠯᠵᠠᠢ᠃
      (ᠨᠢᠭᠡ) ᠪᠡᠶ᠎ᠡ ᠭᠠᠯᠪᠢᠷ
     1. ᠭᠠᠳᠠᠷ ᠳᠦᠷᠰᠦ ᠵᠢᠨ ᠤᠨᠴᠠᠯᠢᠭ
      ᠯᠢᠨ ᠳ᠋ᠢᠶᠠᠨ ᠲᠠᠬᠢᠶ᠎ᠠ ᠪᠡᠶ᠎ᠡ ᠵᠢᠨ ᠬᠡᠯᠪᠡᠷᠢ ᠳᠣᠮᠳᠠ ᠵᠡᠷᠭᠡ ᠵᠢᠨ᠂ ᠲᠤᠯᠤᠭ᠋ᠠᠢ ᠵᠢᠨ ᠬᠡᠰᠡᠭ᠂ ᠮᠤᠨᠴᠤᠭ᠂ ᠰᠡᠴᠢᠭ᠎ᠨᠢ ᠪᠠᠭ᠎ᠠ᠂ ᠣᠯᠠᠩᠬᠢ᠎ᠨᠢ ᠳᠠᠩ ᠰᠡᠴᠢᠭ᠎ᠲᠠᠢ᠂ ᠴᠦᠬᠡᠨ᠎ᠨᠢ ᠰᠠᠷᠭ᠋ᠠᠢ ᠴᠡᠴᠡᠭ᠎ᠤᠨ ᠰᠡᠴᠢᠭ᠎ᠲᠠᠢ᠃ ᠵᠠᠷᠢᠮ ᠲᠠᠬᠢᠶ᠎ᠠ᠎ᠨᠢ ᠦᠷᠪᠡᠯᠭᠡ ᠪᠣᠶᠣ ᠰᠠᠬᠠᠯ᠎ᠲᠠᠢ᠃ ᠨᠢᠳᠦ᠎ᠨᠢ ᠲᠤᠮᠤ᠂ ᠰᠣᠯᠣᠩᠭ᠋ᠠᠨ ᠪᠦᠷᠬᠦᠭᠦᠯ᠎ᠨᠢ ᠤᠯᠠᠭ᠋ᠠᠨ ᠦᠩᠭᠡ᠎ᠲᠠᠢ᠂ ᠬᠣᠰᠢᠭᠤ᠂ ᠰᠢᠯᠪᠢ᠂ ᠬᠦᠯ᠎ᠨᠢ ᠬᠠᠷ᠎ᠠ ᠪᠤᠶᠤ ᠬᠦᠷᠡᠩ ᠦᠩᠭᠡ᠎ᠲᠠᠢ᠂ ᠰᠢᠯᠪᠢ᠎ᠨᠢ ᠵᠢᠭ᠋ᠠᠬᠠᠨ ᠨᠠᠷᠢᠨ᠂ ᠴᠦᠬᠡᠨ᠎ᠨᠢ ᠰᠢᠯᠪᠢᠨ ᠦᠳᠦ᠎ᠲᠠᠢ᠂ ᠠᠷᠠᠰᠤ᠎ᠨᠢ ᠴᠠᠭ᠋ᠠᠨ ᠦᠩᠭᠡ᠎ᠲᠠᠢ᠃ ᠪᠦᠬᠦ ᠪᠡᠶ᠎ᠡ ᠵᠢᠨ ᠦᠳᠦ᠎ᠨᠢ ᠨᠡᠯᠢᠶᠡᠳ ᠵᠤᠵᠠᠭ᠋ᠠᠨ᠂ ᠦᠳᠦᠨ᠎ᠤ ᠦᠩᠭᠡ᠎ᠨᠢ ᠰᠢᠷ᠎ᠠ᠂ ᠰᠢᠷᠠᠪᠲᠤᠷ ᠪᠣᠶᠣ ᠬᠠᠷ᠎ᠠ ᠦᠩᠭᠡ᠎ᠪᠠᠷ ᠭᠣᠣᠯᠯᠠᠵᠤ᠂ ᠡᠷᠡᠭᠴᠢᠨ ᠲᠠᠬᠢᠶ᠎ᠠ᠎ᠨᠢ ᠠᠯᠲᠠᠨ ᠰᠢᠷᠭ᠋ᠠᠯ ᠦᠩᠭᠡ᠎ᠲᠠᠢ᠂ ᠰᠡᠭᠦᠯ᠎ᠤᠨ ᠦᠳᠦ᠎ᠨᠢ ᠨᠡᠯᠢᠶᠡᠳ ᠤᠷᠲᠤ᠂ ᠬᠠᠷ᠎ᠠ ᠦᠩᠭᠡ᠎ᠲᠠᠢ᠃
     2. ᠪᠡᠶ᠎ᠡ ᠵᠢᠨ ᠵᠢᠩ᠂ ᠪᠡᠶ᠎ᠡ ᠵᠢᠨ ᠬᠡᠮᠵᠢᠶ᠎ᠡ
     1980 ᠣᠨ᠎ᠳᠤ ᠯᠢᠨ ᠳ᠋ᠢᠶᠠᠨ ᠰᠢᠶᠠᠨ᠎ᠤ ᠦᠷ᠎ᠡ ᠵᠢᠨ ᠲᠠᠬᠢᠶᠠᠨ᠎ᠤ ᠲᠠᠯᠠᠪᠠᠢ ᠵᠢᠨ ᠬᠡᠮᠵᠢᠨ ᠲᠤᠭᠲᠠᠭ᠋ᠠᠭᠰᠠᠨ ᠯᠢᠨ ᠳ᠋ᠢᠶᠠᠨ ᠲᠠᠬᠢᠶᠠᠨ᠎ᠤ ᠪᠡᠶ᠎ᠡ ᠵᠢᠨ ᠵᠢᠩ᠂ ᠪᠡᠶ᠎ᠡ ᠵᠢᠨ ᠬᠡᠮᠵᠢᠶ᠎ᠡ ᠵᠢ ᠬᠦᠰᠦᠨᠦᠭᠲᠦ 2 - 13᠎ᠳᠤ ᠦᠵᠡ᠃

      ᠬᠦᠰᠦᠨᠦᠭᠲᠦ 2 -13   ᠯᠢᠨ ᠳ᠋ᠢᠶᠠᠨ ᠲᠠᠬᠢᠶᠠᠨ᠎ᠤ ᠪᠡᠶ᠎ᠡ ᠵᠢᠨ ᠵᠢᠩ᠂ ᠪᠡᠶ᠎ᠡ ᠵᠢᠨ ᠬᠡᠮᠵᠢᠶ᠎ᠡ


     (ᠬᠤᠶᠠᠷ) ᠦᠢ᠍ᠯᠡᠳᠪᠦᠷᠢᠯᠡᠯ᠎ᠤᠨ ᠴᠢᠳᠠᠪᠤᠷᠢ
     1. ᠦᠨᠳᠡᠭᠡᠯᠡᠬᠦ ᠴᠢᠳᠠᠪᠤᠷᠢ
      ᠯᠢᠨ ᠳ᠋ᠢᠶᠠᠨ ᠲᠠᠬᠢᠶ᠎ᠠ᠎ᠨᠢ ᠬᠦᠢ᠍ᠲᠡᠨ ᠠᠭᠤᠷ ᠠᠮᠢᠰᠬᠤᠯ᠎ᠤᠨ ᠨᠦᠯᠦᠭᠡ᠎ᠠᠴᠠ ᠪᠣᠯᠵᠣ᠂ ᠪᠣᠯᠪᠠᠰᠤᠷᠠᠬᠤ᠎ᠨᠢ ᠨᠡᠯᠢᠶᠡᠳ ᠤᠷᠤᠢ᠂ ᠡᠬᠢᠯᠡᠵᠦ ᠦᠨᠳᠡᠭᠡᠯᠡᠬᠦ ᠡᠳᠦᠷ᠎ᠨᠢ ᠶᠡᠷᠦ᠎ᠳᠡᠭᠡᠨ 210 ᠡᠳᠦᠷ᠂ ᠲᠤᠰ ᠵᠢᠯ᠎ᠤᠨ ᠨᠡᠪᠴᠢᠭᠦᠯᠵᠦ ᠭᠠᠷᠭ᠋ᠠᠭᠰᠠᠨ ᠡᠮᠡᠭᠴᠢᠨ ᠲᠠᠬᠢᠶ᠎ᠠ ᠳᠠᠷᠠᠭ᠎ᠠ ᠵᠢᠯ᠎ᠤᠨ 3~4 ᠰᠠᠷ᠎ᠠ᠎ᠳᠤ ᠰᠠᠶᠢ ᠦᠨᠳᠡᠭᠡᠯᠡᠨ᠎ᠡ᠃ ᠶᠡᠷᠦ᠎ᠳᠡᠭᠡᠨ ᠵᠢᠯ᠎ᠤᠨ ᠦᠨᠳᠡᠭᠡᠯᠡᠬᠦ ᠬᠡᠮᠵᠢᠶ᠎ᠡ᠎ᠨᠢ 150 ᠦᠨᠳᠡᠭᠡ᠂ ᠬᠠᠮᠤᠭ ᠦᠨᠳᠦᠷ᠎ᠲᠡᠭᠡᠨ 160 ᠦᠨᠳᠡᠭᠡ᠃ ᠦᠨᠳᠡᠭᠡ᠎ᠨᠢ ᠨᠡᠯᠢᠶᠡᠳ ᠶᠡᠬᠡ᠂ ᠲᠡᠭᠰᠢᠳᠭᠡᠭᠰᠡᠨ ᠬᠦᠨᠳᠦ᠎ᠨᠢ 60g᠃ ᠦᠨᠳᠡᠭᠡᠨ ᠬᠠᠯᠢᠰᠤ᠎ᠨᠢ ᠭᠦᠢ᠍ᠬᠡᠨ ᠬᠦᠷᠡᠩ ᠪᠣᠶᠣ ᠬᠦᠷᠡᠩ ᠦᠩᠭᠡ᠎ᠲᠠᠢ᠃
     2. ᠮᠢᠬᠠᠨ᠎ᠤ ᠭᠠᠷᠴᠠ
      ᠯᠢᠨ ᠳ᠋ᠢᠶᠠᠨ ᠲᠠᠬᠢᠶ᠎ᠠ᠎ᠨᠢ ᠪᠦᠳᠦᠭᠦᠯᠢᠭ ᠪᠤᠷᠳᠤᠭ᠎ᠠ᠎ᠪᠠᠷ ᠲᠡᠵᠢᠭᠡᠬᠦ ᠨᠦᠭᠦᠴᠡᠯ ᠳᠤᠤᠷ᠎ᠠ᠂ ᠦᠰᠦᠯᠲᠡ᠎ᠨᠢ ᠨᠡᠯᠢᠶᠡᠳ ᠤᠳᠠᠭ᠋ᠠᠨ᠃ ᠬᠡᠮᠵᠢᠨ ᠲᠤᠭᠲᠠᠭ᠋ᠠᠭᠰᠠᠨ ᠵᠶ᠋ᠠᠷ ᠰᠠᠶᠢ ᠨᠡᠪᠴᠢᠭᠰᠡᠨ ᠦᠶ᠎ᠡ ᠵᠢᠨ ᠬᠦᠨᠳᠦ᠎ᠨᠢ 37.6g᠂ 30 ᠡᠳᠦᠷ ᠳᠡᠭᠡᠷ᠎ᠡ᠎ᠪᠠᠨ 150g᠂ 60 ᠡᠳᠦᠷ ᠳᠡᠭᠡᠷ᠎ᠡ᠎ᠪᠠᠨ 450g᠂ 90 ᠡᠳᠦᠷ ᠳᠡᠭᠡᠷ᠎ᠡ᠎ᠪᠠᠨ 550g᠂ 120 ᠡᠳᠦᠷ ᠳᠡᠭᠡᠷ᠎ᠡ᠎ᠪᠠᠨ 650g᠂ 150 ᠡᠳᠦᠷ ᠳᠡᠭᠡᠷ᠎ᠡ᠎ᠪᠠᠨ 750g᠂ 180 ᠡᠳᠦᠷ ᠳᠡᠭᠡᠷ᠎ᠡ᠎ᠪᠠᠨ 900g ᠪᠣᠯᠣᠨ᠎ᠠ᠃
     3. ᠦᠷᠡᠵᠢᠬᠦ ᠴᠢᠳᠠᠪᠤᠷᠢ
      ᠯᠢᠨ ᠳ᠋ᠢᠶᠠᠨ ᠲᠠᠬᠢᠶ᠎ᠠ ᠵᠢᠨ ᠡᠷᠡᠭᠴᠢᠨ ᠡᠮᠡᠭᠴᠢᠨ ᠲᠠᠬᠢᠶ᠎ᠠ ᠵᠢᠨ ᠡᠪᠴᠡᠯᠳᠦᠭᠦᠯᠬᠦ ᠬᠠᠷᠢᠴᠠᠯ᠎ᠨᠢ 1∶10~12᠃ ᠦᠷ᠎ᠡ ᠵᠢᠨ ᠦᠨᠳᠡᠭᠡ ᠵᠢ ᠪᠠᠢ᠌ᠭ᠋ᠠᠯᠢᠯᠢᠭ ᠵᠶ᠋ᠠᠷ ᠨᠡᠪᠴᠢᠭᠦᠯᠬᠦ ᠪᠣᠶᠣ ᠬᠠᠯᠠᠭᠤᠨ ᠬᠠᠨᠵᠤᠨ᠎ᠳᠤ ᠬᠦᠮᠦᠨ᠎ᠤ ᠬᠦᠴᠦ᠎ᠪᠠᠷ ᠨᠡᠪᠴᠢᠭᠦᠯᠳᠡᠭ᠃ ᠦᠷ᠎ᠡ ᠵᠢᠨ ᠦᠨᠳᠡᠭᠡᠨ᠎ᠤ ᠨᠡᠪᠴᠢᠯᠲᠡ ᠵᠢᠨ ᠨᠤᠷᠮ᠎ᠠ᠎ᠨᠢ 90% ᠤᠷᠴᠢᠮ᠃ ᠦᠷ᠎ᠡ ᠵᠢᠨ ᠦᠨᠳᠡᠭᠡᠨ᠎ᠤ ᠪᠠᠢ᠌ᠭ᠋ᠠᠯᠢᠯᠢᠭ ᠵᠶ᠋ᠠᠷ ᠨᠡᠪᠴᠢᠬᠦ ᠨᠤᠷᠮ᠎ᠠ᠎ᠨᠢ 90%᠂ ᠬᠠᠯᠠᠭᠤᠨ ᠬᠠᠨᠵᠤᠨ᠎ᠳᠤ ᠨᠡᠪᠴᠢᠬᠦ ᠨᠤᠷᠮ᠎ᠠ᠎ᠨᠢ 80%᠎ᠠᠴᠠ ᠳᠡᠭᠡᠭᠰᠢ ᠪᠠᠢ᠌ᠳᠠᠭ᠃
      ᠯᠢᠨ ᠳ᠋ᠢᠶᠠᠨ ᠲᠠᠬᠢᠶᠠᠨ᠎ᠤ ᠳᠠᠷᠤᠰᠢᠬᠤ ᠨᠤᠷᠮ᠎ᠠ᠎ᠨᠢ 10%~20%᠂   ᠳᠠᠷᠤᠰᠢᠬᠤ ᠬᠤᠭᠤᠴᠠᠭ᠎ᠠ᠎ᠨᠢ 7~10 ᠡᠳᠦᠷ᠃
      (ᠭᠤᠷᠪᠠ) ᠠᠷᠠᠴᠢᠯᠠᠵᠤ ᠬᠠᠮᠢᠶᠠᠷᠬᠤ ᠤᠨᠴᠠᠯᠢᠭ
     1. ᠬᠦᠢ᠍ᠲᠡᠨ᠎ᠢ ᠲᠡᠰᠪᠦᠷᠢᠯᠡᠬᠦ ᠴᠢᠨᠠᠷ
      ᠯᠢᠨ ᠳ᠋ᠢᠶᠠᠨ ᠲᠠᠬᠢᠶ᠎ᠠ ᠵᠢᠨ ᠭᠠᠷᠣᠯᠲᠠ ᠵᠢᠨ ᠤᠷᠤᠨ᠎ᠨᠢ ᠬᠠᠷᠠᠮᠦ᠋ᠷᠡᠨ ᠮᠣᠵᠢ᠎ᠳᠤ ᠪᠠᠢ᠌ᠳᠠᠭ ᠤᠴᠢᠷ᠎ᠠᠴᠠ ᠬᠦᠢ᠍ᠲᠡᠨ᠎ᠳᠤ ᠲᠡᠰᠪᠦᠷᠢᠲᠡᠢ᠃ ᠤᠮᠠᠷᠠᠲᠤ ᠤᠷᠤᠨ᠎ᠳᠤ ᠲᠡᠵᠢᠭᠡᠬᠦ᠎ᠳᠤ ᠲᠤᠬᠢᠷᠠᠨ᠎ᠠ᠃ ᠡᠮᠦᠨ᠎ᠡ ᠤᠷᠤᠨ᠎ᠳᠤ ᠲᠡᠵᠢᠭᠡᠪᠡᠯ᠂ ᠨᠠᠷᠠᠰᠢᠬᠤ᠎ᠠᠴᠠ ᠰᠡᠷᠭᠡᠢ᠌ᠯᠡᠵᠦ᠂ ᠬᠠᠯᠠᠭᠤᠨ᠎ᠢ ᠪᠠᠭᠤᠷᠠᠭᠤᠯᠬᠤ ᠠᠵᠢᠯ᠎ᠢ ᠰᠠᠢ᠌ᠨ ᠬᠢᠬᠦ ᠬᠡᠷᠡᠭᠲᠡᠢ᠃
     2. ᠪᠡᠯᠭᠡ ᠪᠣᠯᠪᠠᠰᠤᠷᠠᠬᠤ
      ᠯᠢᠨ ᠳ᠋ᠢᠶᠠᠨ ᠲᠠᠬᠢᠶ᠎ᠠ ᠵᠢᠨ ᠡᠬᠢᠯᠡᠵᠦ ᠦᠨᠳᠡᠭᠡᠯᠡᠬᠦ ᠡᠳᠦᠷ᠎ᠨᠢ 210 ᠡᠳᠦᠷ᠃ ᠡᠬᠢᠯᠡᠵᠦ ᠦᠨᠳᠡᠭᠡᠯᠡᠬᠦ᠎ᠠᠴᠠ ᠡᠮᠦᠨ᠎ᠡ ᠪᠠ ᠡᠬᠢᠯᠡᠵᠦ ᠦᠨᠳᠡᠭᠡᠯᠡᠬᠦ ᠬᠤᠭᠤᠴᠠᠭ᠋ᠠᠨ᠎ᠳᠤ ᠭᠡᠷᠡᠯᠳᠦᠭᠦᠯᠦᠯᠭᠡ ᠵᠢ ᠨᠡᠮᠡᠭᠳᠡᠭᠦᠯᠪᠡᠯ᠂ ᠲᠠᠬᠢᠶ᠎ᠠ ᠡᠷᠲᠡ ᠦᠨᠳᠡᠭᠡᠯᠡᠵᠦ ᠦᠨᠳᠡᠭᠡᠨ᠎ᠤ ᠭᠠᠷᠤᠯᠲᠠ᠎ᠨᠢ ᠨᠡᠮᠡᠭᠳᠡᠳᠡᠭ᠃


     (ᠢᠷᠡᠯᠲᠠ᠄ ᠤᠳᠬᠠᠨᠬᠦᠦ᠂ ᠤᠶᠤᠨᠴᠢᠮᠡᠭ᠎ᠤᠨ ᠨᠠᠢ᠌ᠷᠠᠭᠤᠯᠤᠭᠰᠠᠨ 《ᠦᠨᠳᠡᠭᠡᠨ ᠲᠠᠬᠢᠶ᠎ᠠ ᠵᠢᠨ ᠰᠠᠢ᠌ᠨ ᠡᠭᠦᠯᠳᠡᠷ ᠰᠣᠩᠭᠣᠬᠣ ᠮᠡᠷᠭᠡᠵᠢᠯ》 ᠭᠡᠬᠦ ᠨᠣᠮ᠎ᠠᠴᠠ ᠰᠣᠩᠭᠣᠨ ᠰᠡᠢ᠌ᠷᠡᠭᠦᠯᠪᠡ᠃)

ᠢᠷᠡᠯᠲᠡ᠄ 《ᠦᠨᠳᠡᠭᠡᠨ ᠲᠠᠬᠢᠶ᠎ᠠ ᠵᠢᠨ ᠰᠠᠢ᠌ᠨ ᠡᠭᠦᠯᠳᠡᠷ ᠰᠣᠩᠭᠣᠬᠣ ᠮᠡᠷᠭᠡᠵᠢᠯ》
          
ᠬᠠᠮᠢᠶ᠎ᠡ ᠪᠦᠬᠦᠢ ᠰᠣᠨᠢᠨ
ᠤᠷᠤᠭᠤᠯᠵᠤ ᠢᠷᠡᠭᠰᠡᠨ ᠴᠡᠪᠡᠷ ᠡᠭᠦᠯᠳᠡᠷ᠎ᠤᠨ ᠭᠠᠬᠠᠢ
ᠲᠤᠮᠤ ᠴᠠᠭ᠋ᠠᠨ ᠭᠠᠬᠠᠢ
ᠳ᠋ᠤᠯᠤᠸᠸᠺᠧ ᠭᠠᠬᠠᠢ
ᠫᠢᠲ᠋ᠧᠯᠠᠨ ᠭᠠᠬᠠᠢ
ᠰᠠᠩ ᠽᠢ ᠨᠠᠭᠤᠷ᠎ᠤᠨ ᠦᠷᠡᠰ ᠭᠠᠬᠠᠢ
 
            