ᠣᠯᠠᠩᠬᠢ ᠲᠠᠷᠢᠶᠠᠴᠢᠨ ᠲᠠᠬᠢᠶ᠎ᠠ ᠲᠡᠵᠢᠭᠡᠬᠦ᠎ᠳᠡᠭᠡᠨ ᠶᠡᠷᠦ᠎ᠳᠡᠭᠡᠨ ᠲᠡᠵᠢᠭᠡᠯ ᠪᠣᠷᠳᠣᠭ᠎ᠠ ᠳᠡᠮᠡᠢ ᠬᠡᠷᠡᠭᠯᠡᠳᠡᠭ ᠦᠭᠡᠢ᠂ ᠬᠠᠷᠢᠨ ᠥᠪᠡᠷ᠎ᠤᠨ ᠳᠠᠷᠢᠭᠰᠠᠨ ᠠᠮᠤ ᠪᠤᠳᠠᠭ᠎ᠠ ᠪᠤᠶᠤ ᠢᠳᠡᠰᠢᠨ ᠨᠣᠭᠣᠭ᠎ᠠ᠎ᠪᠠᠨ ᠬᠡᠷᠡᠭᠯᠡᠳᠡᠭ᠃ ᠠᠮᠤ ᠪᠤᠳᠠᠭ᠎ᠠ᠎ᠨᠢ ᠶᠡᠷᠦ᠎ᠳᠡᠭᠡᠨ ᠡᠷᠳᠡᠨᠢ ᠰᠢᠰᠢ᠂ ᠪᠤᠭᠤᠳᠠᠢ᠂ ᠲᠤᠲᠤᠷᠭ᠎ᠠ᠂ ᠠᠮᠲᠠᠲᠤ ᠲᠥᠮᠥᠰᠥ᠎ᠪᠠᠷ ᠭᠣᠣᠯᠯᠠᠳᠠᠭ᠃ ᠢᠳᠡᠰᠢᠨ ᠨᠣᠭᠣᠭ᠎ᠠ᠎ᠳᠤ ᠭᠣᠣᠯᠳᠠᠭᠤ ᠴᠠᠭ᠋ᠠᠨ ᠨᠣᠭᠣᠭ᠎ᠠ᠂ ᠯᠤᠤᠪᠠᠩ᠂ ᠯᠠᠩᠭᠤᠸᠠ ᠵᠡᠷᠭᠡ ᠪᠤᠢ᠃ ᠮᠠᠰᠢ ᠣᠯᠠᠨ ᠲᠠᠷᠢᠶᠠᠴᠢᠨ ᠡᠷᠦᠬᠡ ᠲᠠᠬᠢᠶ᠎ᠠ᠎ᠪᠠᠨ ᠢᠯᠡᠭᠦᠦ ᠥᠨᠳᠡᠭᠡᠯᠡᠭᠦᠯᠬᠦ ᠵᠢᠨ ᠲᠥᠯᠥᠭᠡ᠂ ᠶᠡᠷᠦ᠎ᠨᠢ ᠠᠮᠤ ᠪᠤᠳᠠᠭ᠎ᠠ ᠪᠠ ᠢᠳᠡᠰᠢᠨ ᠨᠣᠭᠣᠭ᠎ᠠ᠎ᠪᠠᠨ ᠬᠣᠯᠢᠵᠤ ᠲᠠᠬᠢᠶ᠎ᠠ᠎ᠳᠤ ᠢᠳᠡᠭᠦᠯᠳᠡᠭ᠃ ᠵᠢᠱ᠌ᠢᠶᠡᠯᠡᠪᠡᠯ ᠴᠠᠭ᠋ᠠᠨ ᠨᠣᠭᠣᠭ᠎ᠠ ᠡᠷᠳᠡᠨᠢ ᠰᠢᠰᠢ ᠵᠢ ᠬᠣᠯᠢᠬᠤ᠂ ᠬᠥᠬᠡ ᠨᠣᠭᠣᠭ᠎ᠠ ᠠᠭ᠎ᠠ ᠬᠡᠪᠡᠭᠢ ᠬᠣᠯᠢᠬᠤ᠂ ᠪᠤᠯᠭᠤᠭᠰᠠᠨ ᠠᠮᠲᠠᠲᠤ ᠲᠥᠮᠥᠰᠥ ᠡᠷᠳᠡᠨᠢ ᠰᠢᠰᠢ ᠵᠢᠨ ᠬᠡᠮᠬᠡᠳᠡᠭ᠎ᠢ ᠬᠣᠯᠢᠬᠤ᠂ ᠪᠤᠯᠭᠤᠭᠰᠠᠨ ᠯᠠᠩᠭᠤᠸᠠ ᠪᠤᠭᠤᠳᠠᠢ ᠵᠢᠨ ᠬᠡᠪᠡᠭ ᠬᠣᠯᠢᠬᠤ ᠵᠡᠷᠭᠡ᠃ ᠭᠡᠪᠡᠴᠦ ᠪᠢᠳᠡ ᠢᠳᠡᠰᠢᠨ ᠨᠣᠭᠣᠭ᠎ᠠ᠎ᠪᠠᠷ ᠲᠠᠬᠢᠶ᠎ᠠ ᠲᠡᠵᠢᠭᠡᠬᠦ᠎ᠳᠤ ᠳᠤᠤᠷᠠᠬᠢ ᠭᠤᠷᠪᠠᠨ ᠵᠦᠢ᠍ᠯ᠎ᠤᠨ ᠢᠳᠡᠰᠢᠨ ᠨᠣᠭᠣᠭ᠎ᠠ᠎ᠪᠠᠷ ᠲᠡᠵᠢᠭᠡᠵᠦ ᠪᠣᠯᠬᠤ ᠦᠭᠡᠢ᠃
ᠨᠢᠭᠡ᠎ᠳᠤ᠂ ᠲᠦᠭᠦᠬᠡᠢ ᠭᠠ ᠵᠢᠨ ᠡᠰᠢ ᠪᠠ ᠨᠠᠪᠴᠢ᠎ᠪᠠᠷ ᠲᠠᠬᠢᠶ᠎ᠠ ᠲᠡᠵᠢᠭᠡᠵᠦ ᠪᠣᠯᠬᠤ ᠦᠭᠡᠢ᠃ ᠬᠥᠮᠥᠰ ᠲᠠᠬᠢᠶ᠎ᠠ ᠲᠡᠵᠢᠭᠡᠬᠦ ᠦᠶ᠎ᠡ᠎ᠳᠤ ᠲᠦᠭᠦᠬᠡᠢ ᠭᠠ ᠵᠢᠨ ᠵᠢᠮᠢᠰ ᠵᠶ᠋ᠡᠷ ᠲᠠᠬᠢᠶ᠎ᠠ ᠲᠡᠵᠢᠭᠡᠳᠡᠭ᠎ᠨᠢ ᠲᠣᠩ ᠴᠥᠭᠡᠨ ᠪᠠᠢ᠌ᠳᠠᠭ᠂ ᠭᠡᠪᠡᠴᠦ ᠵᠠᠷᠢᠮ ᠬᠥᠮᠥᠨ ᠲᠦᠭᠦᠬᠡᠢ ᠭᠠ ᠵᠢᠨ ᠡᠰᠢ ᠪᠠ ᠨᠠᠪᠴᠢ ᠵᠢ᠎ᠨᠢ ᠬᠡᠷᠴᠢᠵᠦ ᠬᠡᠮᠬᠡᠴᠢᠭᠡᠳ ᠠᠮᠤ ᠪᠤᠳᠠᠭ᠎ᠠ ᠬᠣᠯᠢᠵᠤ ᠲᠠᠬᠢᠶ᠎ᠠ ᠲᠡᠵᠢᠭᠡᠳᠡᠭ᠃ ᠦᠨᠡᠨ᠎ᠳᠡᠭᠡᠨ ᠢᠩᠭᠢᠵᠦ ᠪᠣᠯᠬᠤ ᠦᠭᠡᠢ᠃ ᠲᠦᠭᠦᠬᠡᠢ ᠭᠠ ᠵᠢᠨ ᠡᠰᠢ ᠪᠠ ᠲᠦᠭᠦᠬᠡᠢ ᠭᠠ ᠵᠢᠨ ᠨᠠᠪᠴᠢ᠂ ᠲᠦᠭᠦᠬᠡᠢ ᠭᠠ ᠵᠢᠨ ᠵᠢᠮᠢᠰ᠎ᠤᠨ ᠦᠢ᠍ᠯᠡᠳᠦᠯ᠎ᠨᠢ ᠪᠠᠷᠤᠭ ᠠᠳᠠᠯᠢ ᠶᠤᠮ᠃ ᠲᠦᠭᠦᠬᠡᠢ ᠭᠠ ᠵᠢᠨ ᠠᠮᠲᠠ᠎ᠨᠢ ᠭᠤᠱ᠌ᠤᠭᠤᠨ᠂ ᠲᠠᠬᠢᠶ᠎ᠠ ᠢᠳᠡᠪᠡᠯ ᠳᠣᠲᠣᠷ᠎ᠠ ᠬᠠᠯᠠᠭᠤᠨ ᠪᠣᠰᠴᠤ᠂ ᠢᠳᠡᠭᠡᠨ᠎ᠤ ᠳᠤᠷᠠᠰᠢᠯ᠎ᠢ ᠨᠥᠯᠥᠭᠡᠯᠡᠬᠦ᠎ᠪᠠᠷ ᠪᠠᠷᠠᠬᠤ ᠦᠭᠡᠢ ᠪᠠᠰᠠ ᠥᠰᠦᠯᠲᠡ ᠪᠠ ᠥᠨᠳᠡᠭᠡᠯᠡᠯᠲᠡ ᠵᠢ ᠴᠦ᠍ ᠨᠥᠯᠥᠭᠡᠯᠡᠳᠡᠭ᠃ ᠭᠡᠪᠡᠴᠦ ᠡᠢ᠌ᠮᠦ ᠪᠠᠢ᠌ᠳᠠᠯ ᠭᠠᠷᠤᠭᠰᠠᠨ ᠦᠶ᠎ᠡ᠎ᠳᠤ ᠠᠶᠤᠵᠤ ᠰᠠᠨᠳᠤᠷᠤᠭᠰᠠᠨᠤ ᠬᠡᠷᠡᠭ ᠦᠭᠡᠢ᠂ ᠲᠠᠬᠢᠶᠠᠨ᠎ᠳᠤ ᠢᠯᠡᠭᠦᠬᠡᠨ ᠤᠰᠤ ᠤᠤᠭᠤᠯᠭ᠋ᠠᠬᠤ ᠪᠤᠶᠤ ᠬᠥᠬᠥᠷᠭᠡᠨᠡ ᠵᠢᠨ ᠦᠨᠳᠦᠰᠦ ᠵᠢᠨ ᠤᠰᠤᠨ᠎ᠤ ᠠᠭᠤᠰᠬᠠᠭᠴᠢ ᠪᠣᠯᠣᠨ ᠭᠤᠷᠪᠠᠨ ᠰᠢᠷ᠎ᠠ ᠵᠢᠨ ᠢᠯᠲᠠᠰᠤ᠎ᠪᠠᠷ ᠲᠠᠬᠢᠶ᠎ᠠ ᠵᠢ ᠲᠡᠵᠢᠭᠡᠪᠡᠯ ᠮᠠᠰᠢ ᠲᠦᠷᠭᠡᠨ ᠵᠶ᠋ᠡᠷ ᠬᠥᠩᠭᠡᠷᠡᠨ᠎ᠡ᠃
ᠬᠣᠶᠠᠷ᠎ᠲᠤ᠂ ᠪᠦᠸᠧᠼᠠᠶ ᠨᠣᠭᠣᠭ᠎ᠠ᠎ᠪᠠᠷ ᠲᠠᠬᠢᠶ᠎ᠠ ᠲᠡᠵᠢᠭᠡᠵᠦ ᠪᠣᠯᠬᠤ ᠦᠭᠡᠢ᠃ ᠢᠯᠠᠩᠭᠤᠶ᠎ᠠ ᠬᠠᠪᠤᠷ᠎ᠤᠨ ᠤᠯᠠᠷᠢᠯ᠎ᠳᠤ ᠪᠦᠸᠧᠼᠠᠶ ᠨᠣᠭᠣᠭ᠎ᠠ ᠵᠢᠨ ᠤᠷᠭᠤᠯᠲᠠ ᠪᠠᠳᠠᠷᠠᠩᠭᠤᠢ᠂ ᠢᠳᠡᠵᠦ ᠪᠠᠷᠠᠵᠤ ᠳᠡᠶ᠋ᠢᠯᠬᠦ ᠦᠭᠡᠢ ᠦᠶ᠎ᠡ᠎ᠳᠤ ᠪᠦᠸᠧᠼᠠᠶ ᠨᠣᠭᠣᠭ᠎ᠠ᠂ ᠡᠷᠳᠡᠨᠢ ᠰᠢᠰᠢ ᠪᠠ ᠠᠭ᠎ᠠ ᠵᠢᠨ ᠬᠡᠪᠡᠭᠢ ᠬᠣᠯᠢᠵᠤ ᠲᠠᠬᠢᠶ᠎ᠠ ᠲᠡᠵᠢᠭᠡᠬᠦ ᠨᠢ ᠶᠡᠷᠦᠳᠡ ᠵᠢᠨ ᠬᠡᠷᠡᠭ ᠶᠤᠮ᠃ ᠦᠨᠡᠨ᠎ᠳᠡᠭᠡᠨ ᠡᠨᠡ ᠪᠣᠯ ᠰᠢᠨᠵᠢᠯᠡᠬᠦ ᠤᠬᠠᠭ᠋ᠠᠨᠴᠢ ᠪᠢᠰᠢ ᠶᠤᠮ᠃ ᠤᠴᠢᠷ᠎ᠨᠢ ᠪᠦᠸᠧᠼᠠᠶ ᠨᠣᠭᠣᠭ᠋ᠠᠨ᠎ᠳᠤ ᠡᠪᠡᠰᠦᠨ ᠬᠦᠴᠢᠯ᠎ᠤᠨ ᠪᠣᠳᠠᠰ ᠡᠯᠪᠡᠭ ᠠᠭᠤᠯᠳᠠᠭ᠂ ᠲᠠᠬᠢᠶ᠎ᠠ ᠥᠨᠳᠡᠭᠡᠯᠡᠬᠦ᠎ᠳᠤ ᠶᠡᠬᠡ ᠬᠡᠮᠵᠢᠶᠡᠨ᠎ᠤ ᠺᠠᠯᠼ ᠬᠡᠷᠡᠭᠰᠡᠳᠡᠭ ᠲᠤᠯᠠ ᠶᠡᠬᠡ ᠬᠡᠮᠵᠢᠶᠡᠨ᠎ᠤ ᠺᠠᠯᠼ ᠠᠭᠤᠯᠤᠭᠰᠠᠨ ᠢᠳᠡᠭᠡᠨ᠎ᠢ ᠲᠣᠩᠰᠢᠵᠤ ᠢᠳᠡᠳᠡᠭ᠂ ᠡᠭᠦᠨ᠎ᠳᠤ ᠴᠢᠯᠠᠭᠤ᠂ ᠭᠣᠣᠯ᠎ᠤᠨ ᠡᠯᠡᠰᠦ ᠵᠡᠷᠭᠡ ᠪᠠᠭᠲᠠᠨ᠎ᠠ᠂ ᠡᠪᠡᠰᠦᠨ ᠬᠦᠴᠢᠯ᠎ᠨᠢ ᠲᠠᠬᠢᠶ᠎ᠠ ᠵᠢᠨ ᠢᠳᠡᠭᠡᠨ᠎ᠤ ᠳᠣᠲᠣᠷᠠᠬᠢ ᠺᠠᠯᠼ᠎ᠲᠠᠢ ᠨᠡᠢ᠌ᠯᠡᠭᠡᠳ ᠡᠪᠡᠰᠦᠨ ᠬᠦᠴᠢᠯ᠎ᠤᠨ ᠺᠠᠯᠼ ᠪᠣᠯᠣᠨ ᠪᠦᠷᠢᠯᠳᠦᠵᠦ᠂ ᠲᠠᠬᠢᠶ᠎ᠠ᠎ᠳᠤ ᠬᠣᠣᠷ ᠬᠥᠨᠥᠭᠡᠯ ᠤᠴᠠᠷᠠᠭᠤᠯᠵᠤ᠂ ᠮᠥᠭᠡᠷᠰᠦᠨᠤ ᠡᠪᠡᠳᠴᠢᠨ ᠪᠠ ᠵᠥᠭᠡᠯᠡᠨ ᠬᠠᠯᠢᠰᠤ᠎ᠲᠠᠢ ᠥᠨᠳᠡᠭᠡ ᠭᠠᠷᠬᠤ ᠦᠵᠡᠭᠳᠡᠯ ᠭᠠᠷᠳᠠᠭ᠃ ᠡᠢ᠌ᠮᠦ᠎ᠠᠴᠠ ᠨᠣᠭᠣᠭ᠎ᠠ ᠵᠢᠨ ᠲᠠᠷᠢᠶᠠᠨ᠎ᠳᠤ ᠬᠡᠳᠦᠢ ᠠᠷᠪᠢᠨ ᠪᠦᠸᠧᠼᠠᠶ ᠨᠣᠭᠣᠭ᠎ᠠ ᠪᠠᠢ᠌ᠭᠰᠠᠨ ᠴᠤ᠌ ᠲᠠᠬᠢᠶ᠎ᠠ᠎ᠳᠤ ᠶᠠᠭ᠋ᠠᠬᠢᠭᠰᠠᠨ ᠴᠤ᠌ ᠢᠳᠡᠭᠦᠯᠵᠦ ᠪᠣᠯᠬᠤ ᠦᠭᠡᠢ᠃ ᠢᠳᠡᠪᠡᠯ ᠬᠣᠣᠷᠲᠠᠢ᠎ᠠᠴᠠ ᠪᠢᠰᠢ ᠠᠰᠢᠭ ᠦᠭᠡᠢ ᠶᠤᠮ᠃
ᠭᠤᠷᠪᠠ᠎ᠳᠤ᠂ ᠦᠬᠡᠷ᠎ᠤᠨ ᠠᠷᠠᠰᠤᠲᠤ ᠨᠣᠭᠣᠭ᠎ᠠ ᠵᠢ ᠲᠠᠬᠢᠶᠠᠨ᠎ᠳᠤ ᠢᠳᠡᠭᠦᠯᠵᠦ ᠪᠣᠯᠬᠤ ᠦᠭᠡᠢ᠃ ᠦᠬᠡᠷ᠎ᠤᠨ ᠠᠷᠠᠰᠤᠲᠤ ᠨᠣᠭᠣᠭ᠎ᠠ ᠵᠢ ᠬᠥᠮᠥᠰ ᠬᠣᠭᠣᠯᠠᠨ ᠰᠢᠷᠡᠭᠡᠨ ᠳᠡᠭᠡᠷ᠎ᠡ ᠲᠠᠯᠪᠢᠭ᠋ᠠᠳ ᠠᠮᠲᠠᠲᠤ ᠢᠳᠡᠭᠡᠨ ᠪᠣᠯᠭ᠋ᠠᠵᠤ ᠪᠠᠢ᠌ᠪᠠᠴᠤ ᠦᠨᠡᠨ᠎ᠳᠡᠭᠡᠨ ᠲᠠᠬᠢᠶ᠎ᠠ᠎ᠳᠤ ᠢᠳᠡᠭᠦᠯᠵᠦ ᠪᠣᠯᠬᠤ ᠦᠭᠡᠢ ᠶᠤᠮ᠃ ᠤᠴᠢᠷ᠎ᠨᠢ ᠦᠬᠡᠷ᠎ᠤᠨ ᠠᠷᠠᠰᠤᠲᠤ ᠨᠣᠭᠣᠭ᠎ᠠ᠎ᠳᠤ ᠬᠡᠳᠦᠢ᠌ᠪᠡᠷ ᠡᠯᠪᠡᠭ ᠪᠠᠶᠠᠯᠢᠭ ᠰᠢᠮ᠎ᠡ ᠲᠡᠵᠢᠭᠡᠯ ᠠᠭᠤᠯᠵᠤ ᠪᠠᠢ᠌ᠳᠠᠭ ᠪᠣᠯᠪᠠᠴᠤ ᠲᠠᠬᠢᠶ᠎ᠠ ᠢᠳᠡᠪᠡᠯ ᠬᠣᠶᠠᠷ ᠲᠠᠯ᠎ᠠ ᠵᠢᠨ ᠬᠣᠣᠷ ᠬᠥᠨᠥᠭᠡᠯ᠎ᠲᠠᠢ ᠪᠠᠢ᠌ᠳᠠᠭ᠃ ᠨᠢᠭᠡ᠎ᠨᠢ᠂ ᠪᠦᠸᠧᠼᠠᠶ ᠨᠣᠭᠣᠭ᠎ᠠ᠎ᠲᠠᠢ ᠠᠳᠠᠯᠢ᠎ᠪᠠᠷ᠂ ᠦᠬᠡᠷ᠎ᠤᠨ ᠠᠷᠠᠰᠤᠲᠤ ᠨᠣᠭᠣᠭ᠋ᠠᠨ᠎ᠳᠤ ᠡᠪᠡᠰᠦᠨ ᠬᠦᠴᠢᠯ ᠡᠯᠪᠡᠭ ᠠᠭᠤᠯᠤᠭᠳᠠᠵᠤ᠂ ᠢᠳᠡᠭᠡᠨ᠎ᠤ ᠳᠣᠲᠣᠷᠠᠬᠢ ᠺᠠᠯᠼ᠎ᠲᠠᠢ ᠠᠮᠠᠷᠬᠠᠨ ᠨᠡᠢ᠌ᠯᠡᠵᠦ᠂ ᠡᠪᠡᠰᠦᠨ ᠬᠦᠴᠢᠯ᠎ᠤᠨ ᠺᠠᠯᠼ᠎ᠢ ᠪᠦᠷᠢᠯᠳᠦᠭᠦᠯᠦᠨ᠂ ᠮᠥᠭᠡᠷᠰᠦᠨᠤ ᠡᠪᠡᠳᠴᠢᠨ ᠪᠠ ᠵᠥᠭᠡᠯᠡᠨ ᠬᠠᠯᠢᠰᠤᠲᠤ ᠥᠨᠳᠡᠭᠡ ᠵᠢ ᠡᠭᠦᠰᠬᠡᠬᠦ ᠦᠵᠡᠭᠳᠡᠯ ᠭᠠᠷᠳᠠᠭ᠃ ᠨᠥᠭᠥᠭᠡ᠎ᠨᠢ᠂ ᠦᠬᠡᠷ᠎ᠤᠨ ᠠᠷᠠᠰᠤᠲᠤ ᠨᠣᠭᠣᠭ᠎ᠠ ᠪᠣᠯ ᠬᠦᠢ᠍ᠲᠡᠨ ᠴᠢᠨᠠᠷᠲᠠᠢ ᠢᠳᠡᠭᠡᠨ ᠪᠣᠯᠬᠣᠷ ᠰᠡᠷᠢᠭᠦᠨ ᠪᠥᠭᠡᠳ ᠰᠢᠭᠦᠰᠦᠯᠢᠭ ᠪᠠᠢ᠌ᠳᠠᠭ᠂ ᠲᠠᠬᠢᠶ᠎ᠠ ᠢᠳᠡᠪᠡᠯ ᠰᠢᠩᠭᠡᠭᠡᠯᠲᠡ᠎ᠳᠤ ᠠᠰᠢᠭ ᠦᠭᠡᠢ ᠮᠥᠷᠲᠡᠭᠡᠨ ᠨᠠᠩ ᠴᠢᠬᠤᠯᠠ᠎ᠨᠢ ᠲᠠᠬᠢᠶ᠎ᠠ ᠵᠢ ᠠᠮᠠᠷᠬᠠᠨ ᠰᠠᠭᠤᠯᠭ᠋ᠠᠵᠤ᠂ ᠴᠢᠨᠠᠭᠰᠢᠯᠠᠪᠠᠯ ᠴᠢᠴᠠᠭ᠎ᠠ ᠠᠯᠳᠠᠬᠤ ᠦᠵᠡᠭᠳᠡᠯ ᠭᠠᠷᠴᠤ᠂ ᠲᠡᠷᠡᠴᠢᠯᠡᠨ ᠲᠠᠬᠢᠶ᠎ᠠ ᠵᠢ ᠦᠬᠦᠭᠦᠯᠵᠦ᠂ ᠠᠵᠤ ᠠᠬᠤᠢ ᠵᠢᠨ ᠬᠣᠬᠢᠷᠠᠯ ᠤᠴᠠᠷᠠᠭᠤᠯᠳᠠᠭ᠃