ᠲᠡᠷᠢᠭᠦᠨ ᠬᠠᠭᠤᠳᠠᠰᠤ
ᠰᠣᠨᠢᠨ ᠮᠡᠳᠡᠭᠡ
ᠢᠯᠡ ᠵᠠᠰᠠᠭ
ᠦᠢᠯᠡᠴᠢᠯᠡᠭᠡ
ᠠᠮᠤᠭᠤᠯᠠᠩᠲᠤ᠌ ᠬᠥᠳᠡᠭᠡ   -   ᠠᠯᠲᠠᠨ ᠮᠥᠬᠦᠯᠢᠭ
ᠤᠰᠤᠨ ᠲᠤᠲᠤᠷᠭ᠎ᠠ ᠵᠢᠨ ᠲᠠᠷᠢᠶᠠᠨ᠎ᠳᠤ ᠬᠡᠵᠢᠶ᠎ᠡ ᠪᠸᠨ᠋ᠽᠢᠯ ᠫᠢᠷᠢᠮᠢᠳᠢᠨ ᠡᠪᠡᠰᠦᠨ ᠠᠮᠢᠨ ᠰᠦᠷᠴᠢᠬᠦ ᠪᠤᠢ
ᠨᠡᠶ᠋ᠢᠲᠡᠯᠡᠭᠰᠡᠨ ᠴᠠᠭ᠄ 2025-05-21

      ᠤᠰᠤᠨ ᠲᠤᠲᠤᠷᠭ᠎ᠠ ᠵᠢ  ᠰᠢᠭᠤᠳ ᠲᠠᠷᠢᠭᠰᠠᠨ᠎ᠤ ᠳᠠᠷᠠᠭ᠎ᠠ 2-3 ᠡᠳᠦᠷ᠎ᠲᠤ ᠪᠸᠨ᠋ᠽᠢᠯ ᠫᠢᠷᠢᠮᠢᠳᠢᠨ ᠡᠪᠡᠰᠦᠨ ᠠᠮᠢᠨ᠎ᠢ ᠰᠦᠷᠴᠢᠨ ᠣᠷᠣᠭᠤᠯᠪᠠᠯ ᠲᠣᠬᠢᠷᠠᠮᠵᠢᠲᠠᠢ  ᠪᠠᠢ᠌ᠳᠠᠭ᠃

      ᠪᠸᠨ᠋ᠽᠢᠯ ᠫᠢᠷᠢᠮᠢᠳᠢᠨ ᠫᠷᠦᠫᠢᠯᠲᠦ ᠡᠪᠡᠰᠦᠨ ᠠᠮᠢᠨ ᠪᠣᠯ ᠪᠸᠨ᠋ᠽᠢᠯ ᠫᠢᠷᠢᠮᠢᠳᠢᠨ ᠪᠣᠯᠣᠨ ᠫᠷᠦᠫᠢᠯᠲᠦ ᠡᠪᠡᠰᠦᠨ ᠠᠮᠢᠨ᠎ᠤ ᠨᠡᠢ᠌ᠯᠡᠮᠡᠯ ᠨᠠᠢ᠌ᠷᠠᠯᠭ᠎ᠠ ᠵᠢᠨ ᠰᠣᠩᠭᠣᠯᠲᠠ ᠵᠢᠨ ᠴᠢᠨᠠᠷᠲᠠᠢ  ᠨᠠᠬᠢᠶᠠᠯᠠᠬᠤ᠎ᠠᠴᠠ  ᠡᠮᠦᠨᠡᠬᠢ ᠪᠢᠲᠡᠭᠦᠮᠵᠢᠯᠡᠭᠰᠡᠨ ᠡᠪᠡᠰᠦ ᠠᠷᠢᠯᠭ᠋ᠠᠭᠴᠢ ᠡᠳ᠋ ᠪᠣᠯᠣᠨ᠎ᠠ᠃ ᠤᠰᠤᠨ ᠲᠤᠲᠤᠷᠭ᠎ᠠ ᠵᠢ ᠰᠢᠭᠤᠳ ᠲᠠᠷᠢᠭᠰᠠᠨ᠎ᠤ ᠳᠠᠷᠠᠭ᠎ᠠ 2-3 ᠡᠳᠦᠷ᠎ᠲᠤ᠂ ᠤᠰᠤᠨ ᠲᠤᠲᠤᠷᠭ᠎ᠠ 《ᠵᠡᠭᠦᠤᠰᠢᠬᠦ  ᠬᠤᠭᠤᠴᠠᠭ᠎ᠠ》᠎ᠳᠤ ᠣᠷᠣᠰᠢᠵᠤ᠂ ᠦᠨᠳᠦᠰᠦ ᠵᠢᠨ ᠰᠢᠰᠲ᠋ᠧᠮ᠎ᠨᠢ ᠠᠩᠬ᠎ᠠ ᠠᠯᠬᠤᠮ ᠪᠣᠢ᠌ᠵᠢᠵᠤ᠂ ᠡᠮ ᠨᠠᠢ᠌ᠷᠠᠯᠭ᠎ᠠ ᠵᠢ ᠵᠣᠬᠢᠬᠤ ᠬᠡᠮᠵᠢᠶ᠎ᠡ᠎ᠪᠠᠷ ᠲᠡᠰᠪᠦᠷᠢᠯᠡᠬᠦ ᠴᠢᠳᠠᠪᠤᠷᠢ᠎ᠲᠠᠢ  ᠪᠤᠯᠳᠠᠭ᠃ ᠡᠨᠡ ᠦᠶ᠎ᠡ᠎ᠳᠤ ᠲᠠᠷᠢᠶᠠᠨ  ᠭᠠᠵᠠᠷ᠎ᠲᠤ ᠪᠣᠵᠠᠷ  ᠡᠪᠡᠰᠦᠨ᠎ᠤ ᠦᠷ᠎ᠡ ᠵᠢᠨ ᠣᠯᠠᠩᠬᠢ᠎ᠨᠢ ᠰᠣᠶᠣᠭ᠋ᠠᠯᠠᠵᠤ ᠪᠠᠢ᠌ᠭ᠎ᠠ ᠬᠤᠭᠤᠴᠠᠭ᠋ᠠᠨ᠎ᠳᠠᠭᠠᠨ ᠪᠠᠢ᠌ᠵᠤ᠂ ᠡᠮ᠎ᠳᠤ ᠨᠡᠯᠢᠶᠡᠳ ᠰᠣᠷᠭᠣᠭ ᠪᠠᠢ᠌ᠳᠠᠭ᠃ ᠡᠨᠡ ᠦᠶ᠎ᠡ᠎ᠳᠤ ᠡᠮ ᠣᠷᠣᠭᠤᠯᠪᠠᠯ᠂ ᠡᠮ᠎ᠤᠨ ᠰᠢᠩᠭᠡᠨ᠎ᠨᠢ ᠬᠥᠷᠥᠰᠥᠨ᠎ᠤ ᠥᠩᠭᠡᠨ ᠳᠠᠪᠬᠤᠷᠭ᠎ᠠ᠎ᠳᠤ ᠡᠮ᠎ᠤᠨ ᠪᠦᠷᠬᠦᠭᠦᠯ ᠪᠣᠯᠣᠨ ᠪᠦᠷᠢᠯᠳᠦᠵᠦ᠂ ᠪᠤᠵᠠᠷ ᠡᠪᠡᠰᠦᠨ᠎ᠤ ᠨᠢᠯᠬ᠎ᠠ ᠨᠠᠬᠢᠶ᠎ᠠ᠎ᠨᠢ ᠬᠦᠷᠦᠯᠴᠡᠭᠰᠡᠨ᠎ᠤ ᠳᠠᠷᠠᠭ᠎ᠠ ᠡᠰ᠎ᠤᠨ ᠬᠤᠪᠢᠶᠠᠭᠳᠠᠯ᠎ᠨᠢ ᠬᠠᠷᠰᠢᠯᠠᠭᠳᠠᠨ ᠦᠬᠦᠳᠡᠭ᠂ ᠬᠠᠷᠢᠨ ᠤᠰᠤᠨ ᠲᠤᠲᠤᠷᠭ᠎ᠠ ᠵᠢᠨ ᠨᠢᠯᠬ᠎ᠠ ᠨᠠᠬᠢᠶ᠎ᠠ᠎ᠨᠢ ᠨᠢᠭᠡᠨᠲᠡ ᠪᠣᠢ᠌ᠵᠢᠭᠰᠠᠨ ᠦᠨᠳᠦᠰᠦ ᠵᠢᠨ ᠰᠢᠰᠲ᠋ᠧᠮ ᠪᠠ ᠨᠠᠬᠢᠶᠠᠨ᠎ᠤ ᠳᠤᠭᠲᠤᠢ᠎ᠪᠠᠷ ᠵᠶ᠋ᠠᠨ ᠬᠠᠮᠠᠭ᠋ᠠᠯᠠᠳᠠᠭ ᠪᠣᠯᠬᠣᠷ ᠡᠮ᠎ᠤᠨ ᠬᠥᠨᠥᠭᠡᠯ᠎ᠠᠴᠠ ᠵᠠᠢ᠌ᠯᠠᠵᠤ ᠴᠢᠳᠠᠳᠠᠭ᠃

      ᠡᠮ ᠣᠷᠤᠭᠤᠯᠬᠤ᠎ᠳᠡᠭᠡᠨ ᠲᠠᠷᠢᠶᠠᠨ ᠭᠠᠵᠠᠷ᠎ᠤᠨ ᠭᠠᠳᠠᠷᠭᠤ ᠵᠢ ᠲᠡᠭᠰᠢᠬᠡᠨ ᠪᠠᠢ᠌ᠯᠭ᠋ᠠᠵᠤ᠂ ᠤᠰᠤ ᠬᠤᠷᠠᠬᠤ ᠦᠭᠡᠢ ᠨᠣᠢ᠌ᠲᠠᠨ ᠴᠢᠭᠢᠭᠯᠢᠭ ᠪᠠᠢ᠌ᠯᠭ᠋ᠠᠬᠤ ᠵᠢ ᠪᠠᠲᠤᠯᠠᠬᠤ ᠬᠡᠷᠡᠭᠲᠡᠢ᠂ ᠮᠦ᠍ ᠪᠦᠷᠢ᠎ᠳᠤ 30% ᠵᠢᠨ ᠪᠸᠨ᠋ᠽᠢᠯ ᠫᠢᠷᠢᠮᠢᠳᠢᠨ ᠡᠪᠡᠰᠦᠨ ᠠᠮᠢᠨ᠎ᠤ ᠲᠣᠰᠣ ᠵᠢ ᠰᠠᠷᠨᠢᠭᠤᠯᠵᠤ ᠬᠥᠪᠥᠭᠦᠯᠦᠭᠴᠢ ᠡᠳ᠋᠎ᠢ 100-150 ᠮᠢᠯᠢᠯᠢᠲᠷ  ᠬᠡᠷᠡᠭᠯᠡᠵᠦ᠂ 30-40 ᠺᠢᠯᠣᠭ᠌ᠷᠠᠮ᠎ᠢ  ᠰᠢᠩᠭᠡᠷᠡᠭᠦᠯᠵᠦ  ᠵᠢᠭᠳᠡ ᠰᠦᠷᠴᠢᠵᠦ᠂  ᠬᠦᠨᠳᠦ  ᠰᠦᠷᠴᠢᠬᠦ ᠪᠤᠶᠤ ᠭᠣᠭᠣᠵᠢᠭᠤᠯᠤᠨ ᠰᠦᠷᠴᠢᠬᠦ᠎ᠠᠴᠠ ᠵᠠᠢ᠌ᠯᠠᠰᠬᠢᠨ᠎ᠡ᠃ ᠬᠡᠷᠪᠡ ᠡᠮ ᠣᠷᠣᠭᠤᠯᠤᠭᠰᠠᠨ᠎ᠤ ᠳᠠᠷᠠᠭ᠎ᠠ ᠪᠣᠷᠣᠭ᠋ᠠᠨ  ᠣᠷᠤᠪᠠᠯ  ᠴᠠᠭ ᠲᠤᠬᠠᠢ᠎ᠳᠤᠨᠢ ᠤᠰᠤ ᠵᠠᠯᠠᠬᠤ ᠬᠡᠷᠡᠭᠲᠡᠢ᠃

      ᠮᠡᠳᠡᠭᠡ ᠵᠠᠩᠭᠢ ᠵᠢᠨ ᠢᠷᠡᠯᠲᠡ᠄ ᠤᠯᠠᠭ᠋ᠠᠨᠬᠠᠳᠠ ᠬᠣᠲᠠ ᠵᠢᠨ ᠲᠠᠷᠢᠶᠠᠯᠠᠩ ᠮᠠᠯ ᠠᠵᠤ ᠠᠬᠤᠢ ᠵᠢᠨ ᠲᠣᠪᠴᠢᠶ᠎ᠠ

ᠢᠷᠡᠯᠲᠡ᠄ ᠤᠯᠠᠭ᠋ᠠᠨᠬᠠᠳᠠ ᠬᠤᠳᠠ ᠵᠢᠨ ᠲᠠᠷᠢᠶᠠᠯᠠᠩ ᠮᠠᠯ ᠠᠵᠤ ᠠᠬᠤᠢ ᠵᠢᠨ ᠲᠣᠪᠴᠢᠶ᠎ᠠ
          
ᠬᠠᠮᠢᠶ᠎ᠡ ᠪᠦᠬᠦᠢ ᠰᠣᠨᠢᠨ
 
            