ᠡᠨᠡ ᠨᠢ ᠲᠠᠷᠢᠮᠠᠯ᠎ᠤᠨ ᠭᠣᠣᠯ ᠪᠣᠯᠬᠤ ᠦᠷᠡᠵᠢᠯ᠎ᠤᠨ ᠬᠤᠭᠤᠴᠠᠭ᠋ᠠᠨ᠎ᠳᠠᠬᠢ ᠲᠠᠷᠢᠶᠠᠯᠠᠬᠤ ᠳᠠᠪᠬᠤᠷᠭ᠎ᠠ ᠵᠢᠨ ᠬᠥᠷᠥᠰᠥ ᠰᠢᠷᠣᠢ ᠵᠢᠨ ᠤᠰᠤᠨ᠎ᠤ ᠠᠭᠤᠯᠤᠭᠳᠠᠴᠠ᠎ᠪᠠᠷ ᠬᠠᠷᠠᠯᠲᠠ ᠤᠰᠤᠨ᠎ᠤ ᠠᠭᠤᠯᠤᠭᠳᠠᠴᠠ ᠪᠣᠯᠭ᠋ᠠᠵᠤ᠂ ᠡᠯ᠎ᠡ ᠦᠷᠡᠵᠢᠯ᠎ᠤᠨ ᠬᠤᠭᠤᠴᠠᠭ᠋ᠠᠨ᠎ᠳᠤ ᠬᠥᠷᠥᠰᠥ ᠰᠢᠷᠣᠢ ᠵᠢᠨ ᠴᠢᠭᠢᠭ᠎ᠤᠨ ᠪᠠᠢ᠌ᠳᠠᠯ᠎ᠢ ᠬᠡᠮᠵᠢᠨ ᠲᠣᠭᠲᠠᠭ᠋ᠠᠵᠤ᠂ ᠲᠠᠷᠢᠮᠠᠯ᠎ᠤᠨ ᠤᠰᠤ ᠬᠡᠷᠡᠭᠰᠡᠬᠦ ᠣᠨᠴᠠᠯᠢᠭ᠎ᠢ ᠦᠨᠳᠦᠰᠦᠯᠡᠨ ᠨᠥᠬᠥᠪᠦᠷᠢᠯᠡᠬᠦ ᠤᠰᠤᠨ᠎ᠤ ᠬᠡᠮᠵᠢᠶ᠎ᠡ ᠵᠢ ᠪᠤᠳᠤᠵᠤ᠂ ᠲᠣᠭᠲᠠᠭᠰᠠᠨ ᠬᠡᠮᠵᠢᠶ᠎ᠡ᠎ᠲᠠᠢ ᠤᠰᠤᠯᠠᠬᠤ ᠨᠢᠭᠡ ᠵᠦᠢ᠍ᠯ᠎ᠤᠨ ᠠᠷᠭ᠎ᠠ ᠪᠣᠯᠣᠨ᠎ᠠ᠃ ᠲᠠᠷᠢᠮᠠᠯ᠎ᠢ ᠤᠰᠤᠯᠠᠵᠤ ᠤᠰᠤ ᠨᠥᠬᠥᠬᠦ ᠴᠢᠬᠤᠯᠠᠲᠠᠢ ᠡᠰᠡᠬᠦ ᠵᠢ ᠳᠣᠣᠷᠠᠬᠢ ᠬᠡᠳᠦᠨ ᠵᠦᠢ᠍ᠯ᠎ᠤᠨ ᠳᠥᠭᠥᠮ ᠠᠷᠭ᠎ᠠ᠎ᠪᠠᠷ ᠯᠠᠪᠯᠠᠯᠲᠠ ᠪᠣᠯᠭ᠋ᠠᠵᠤ ᠪᠣᠯᠣᠨ᠎ᠠ᠃
ᠨᠢᠭᠡ᠂ ᠬᠥᠷᠥᠰᠥ ᠰᠢᠷᠣᠢ ᠵᠢᠨ ᠤᠰᠤᠨ᠎ᠤ ᠰᠡᠷᠡᠯ᠎ᠤᠨ ᠡᠷᠬᠡᠲᠡᠨ᠎ᠤ ᠪᠠᠢ᠌ᠳᠠᠯ᠎ᠢ ᠦᠨᠳᠦᠰᠦᠯᠡᠨ ᠮᠠᠭ᠋ᠠᠳᠯᠠᠬᠤ
(ᠨᠢᠭᠡ) ᠲᠠᠷᠢᠶᠠᠨ ᠭᠠᠵᠠᠷ᠎ᠤᠨ ᠬᠥᠷᠥᠰᠥ ᠰᠢᠷᠣᠢ ᠵᠢᠨ ᠥᠩᠭᠡ᠂ ᠰᠢᠨᠵᠢ ᠪᠠᠢ᠌ᠳᠠᠯ᠎ᠢ ᠠᠵᠢᠭᠯᠠᠨ᠎ᠠ᠃ ᠬᠡᠷᠪᠡ ᠦᠨᠭᠭᠡᠨ ᠲᠠᠯ᠎ᠠ ᠵᠢᠨ ᠬᠥᠷᠥᠰᠥ ᠰᠢᠷᠣᠢ ᠵᠢᠨ ᠥᠩᠭᠡ᠎ᠨᠢ ᠭᠦᠢ᠍ᠬᠡᠨ ᠪᠣᠯᠬᠤ ᠪᠤᠶᠤ ᠴᠠᠢ᠌ᠪᠤᠷ ᠪᠣᠯᠬᠤ᠂ ᠨᠠᠷᠢᠨ ᠴᠠᠪᠠ ᠭᠠᠷᠬᠤ᠎ᠳᠤ ᠬᠦᠷᠪᠡᠯ᠂ ᠬᠥᠷᠥᠰᠥ ᠰᠢᠷᠣᠢ ᠤᠰᠤ ᠳᠤᠲᠠᠭᠳᠠᠭᠰᠠᠨ᠎ᠢ ᠬᠠᠷᠠᠭᠤᠯᠵᠤ ᠪᠠᠢ᠌ᠨ᠎ᠠ; ᠬᠡᠷᠪᠡ ᠬᠥᠷᠥᠰᠥ ᠰᠢᠷᠣᠢ ᠵᠢᠨ ᠥᠩᠭᠡ᠎ᠨᠢ ᠬᠡᠪ᠎ᠤᠨ ᠥᠩᠭᠡ᠎ᠠᠴᠠ ᠭᠦᠨ ᠪᠤᠶᠤ ᠬᠦᠷᠡᠩ ᠥᠩᠭᠡ᠎ᠲᠠᠢ ᠪᠣᠯ ᠤᠰᠤ ᠳᠤᠲᠠᠬᠤ ᠦᠭᠡᠢ ᠵᠢ ᠬᠠᠷᠠᠭᠤᠯᠵᠤ ᠪᠠᠢ᠌ᠨ᠎ᠠ᠃
(ᠬᠣᠶᠠᠷ) ᠨᠠᠷᠢᠨ ᠮᠣᠳᠣ ᠵᠢ ᠭᠠᠳᠠᠷ ᠬᠥᠷᠥᠰᠥᠨ᠎ᠳᠤ 10cm᠎ᠠᠴᠠ ᠳᠣᠷᠣᠭᠰᠢ ᠬᠠᠳᠬᠤᠵᠤ᠂ ᠳᠠᠷᠠᠭ᠎ᠠ᠎ᠨᠢ ᠮᠣᠳᠣ ᠵᠢ ᠰᠤᠭᠤᠯᠵᠤ ᠭᠠᠷᠭ᠋ᠠᠭ᠋ᠠᠳ ᠳᠠᠭ᠋ᠠᠵᠤ ᠭᠠᠷᠴᠤ ᠢᠷᠡᠭᠰᠡᠨ ᠬᠥᠷᠥᠰᠥ ᠰᠢᠷᠤᠢ ᠵᠢ ᠠᠵᠢᠭᠯᠠᠨ᠎ᠠ᠃ ᠬᠡᠷᠪᠡ ᠬᠥᠷᠥᠰᠥ ᠰᠢᠷᠤᠢ ᠨᠢ ᠨᠡᠯᠢᠶᠡᠳ ᠨᠣᠢ᠌ᠲᠠᠨ ᠪᠠᠢ᠌ᠪᠠᠯ ᠤᠰᠤ ᠲᠤᠳᠠᠵᠤ ᠦᠭᠡᠢ᠂ ᠲᠦᠷ ᠴᠠᠭ ᠤᠰᠤᠯᠠᠬᠤ ᠴᠢᠬᠤᠯᠠ ᠦᠭᠡᠢ ᠭᠡᠰᠡᠨ᠎ᠢ ᠬᠠᠷᠠᠭᠤᠯᠵᠤ ᠪᠠᠢ᠌ᠨ᠎ᠠ᠃ ᠬᠡᠷᠪᠡ ᠬᠥᠷᠥᠰᠥ ᠰᠢᠷᠤᠢ ᠨᠢ ᠨᠡᠯᠢᠶᠡᠳ ᠬᠠᠭᠤᠷᠠᠢ ᠪᠤᠶᠤ ᠮᠣᠳᠣᠨ ᠲᠡᠭᠡᠷ᠎ᠡ ᠬᠦᠷᠦᠰᠦ ᠰᠢᠷᠤᠢ ᠳᠠᠭ᠋ᠠᠵᠤ ᠭᠠᠷᠴᠤ ᠢᠷᠡᠭᠰᠡᠨ ᠦᠭᠡᠢ ᠪᠣᠯ ᠬᠥᠷᠥᠰᠥ ᠰᠢᠷᠣᠢ ᠤᠰᠤ ᠳᠤᠲᠠᠭᠳᠠᠭᠰᠠᠨ᠎ᠢ ᠬᠠᠷᠠᠭᠤᠯᠵᠤ᠂ ᠴᠠᠭ ᠲᠤᠬᠠᠢᠳᠤᠨᠢ ᠲᠠᠷᠢᠮᠠᠯ ᠵᠶ᠋ᠠᠨ ᠤᠰᠤᠯᠠᠬᠤ ᠴᠢᠬᠤᠯᠠᠲᠠᠢ ᠪᠠᠢ᠌ᠳᠠᠭ᠃
(ᠭᠤᠷᠪᠠ) ᠭᠠᠳᠠᠷ ᠬᠥᠷᠥᠰᠥᠨ᠎ᠤ ᠳᠣᠣᠷᠠᠬᠢ 10cm ᠣᠷᠴᠢᠮ᠎ᠤᠨ ᠬᠥᠷᠥᠰᠥ ᠵᠢ ᠭᠠᠷ ᠵᠶ᠋ᠠᠷ ᠵᠶ᠋ᠠᠨ ᠠᠳᠬᠤᠭ᠋ᠠᠳ ᠠᠯᠠᠭ᠋ᠠᠨ ᠳᠡᠭᠡᠷ᠎ᠡ᠎ᠪᠠᠨ ᠲᠠᠯᠪᠢᠵᠤ᠂ ᠴᠢᠩᠭ᠎ᠠ ᠠᠳᠬᠤᠭᠰᠠᠨᠤ ᠳᠠᠷᠠᠭ᠎ᠠ ᠲᠠᠯᠪᠢᠨ᠎ᠠ᠃ ᠬᠡᠷᠪᠡ ᠭᠠᠷᠤᠨ ᠠᠯᠠᠭ᠎ᠠ ᠨᠣᠢ᠌ᠲᠠᠨ ᠰᠢᠭ᠋ ᠰᠠᠨᠠᠭᠳᠠᠬᠤ ᠦᠭᠡᠢ ᠮᠥᠷᠲᠡᠭᠡᠨ ᠬᠦᠴᠦᠲᠡᠢ ᠠᠳᠬᠤᠭᠰᠠᠨ ᠴᠤ᠌ ᠬᠥᠷᠥᠰᠥ ᠵᠢ ᠪᠥᠭᠡᠮᠨᠡᠷᠡᠭᠦᠯᠵᠦ ᠳᠡᠶ᠋ᠢᠯᠬᠦ ᠦᠭᠡᠢ᠂ ᠭᠠᠷᠤᠨ ᠠᠯᠠᠭ᠎ᠠ᠎ᠪᠠᠨ ᠲᠠᠯᠪᠢᠭᠰᠠᠨ᠎ᠤ ᠳᠠᠷᠠᠭ᠎ᠠ ᠳᠠᠷᠤᠢ᠌ᠬᠠᠨ ᠪᠣᠲᠠᠷᠠᠵᠤ ᠪᠠᠢ᠌ᠪᠠᠯ ᠬᠦᠷᠦᠰᠦ ᠰᠢᠷᠦᠢ ᠵᠢᠨ ᠲᠠᠷᠢᠶᠠᠨ᠎ᠤ ᠤᠰᠤ ᠬᠠᠳᠠᠭ᠋ᠠᠯᠠᠬᠤ ᠬᠡᠮᠵᠢᠶ᠎ᠡ᠎ᠨᠢ 30%᠎ᠠᠴᠠ ᠳᠣᠷᠣᠭᠰᠢ ᠪᠠᠢ᠌ᠵᠤ᠂ ᠬᠦᠨᠳᠦ ᠨᠣᠴᠢᠲᠠᠢ ᠤᠰᠤ ᠳᠤᠲᠠᠭᠳᠠᠵᠤ ᠴᠠᠭ ᠲᠤᠬᠠᠢᠳᠤᠨᠢ ᠤᠰᠤᠯᠠᠬᠤ ᠴᠢᠬᠤᠯᠠᠲᠠᠢ ᠭᠡᠰᠡᠨ᠎ᠢ ᠬᠠᠷᠠᠭᠤᠯᠵᠤ ᠪᠠᠢ᠌ᠨ᠎ᠠ᠃ ᠬᠡᠷᠪᠡ ᠭᠠᠷᠤᠨ ᠠᠯᠠᠭ᠎ᠠ ᠵᠢᠭ᠋ᠠᠬᠠᠨ ᠴᠢᠬᠢᠭᠳᠦᠵᠦ ᠬᠥᠷᠥᠰᠥ ᠵᠢ ᠪᠥᠭᠡᠮᠨᠡᠷᠡᠭᠦᠯᠵᠦ᠂ ᠲᠠᠯᠪᠢᠭᠰᠠᠨ᠎ᠤ ᠳᠠᠷᠠᠭ᠎ᠠ ᠠᠶᠠᠨᠳᠠᠭ᠋ᠠᠨ ᠲᠠᠷᠬᠠᠵᠤ ᠪᠠᠢ᠌ᠪᠠᠯ ᠬᠦᠷᠦᠰᠦ ᠰᠢᠷᠦᠢ ᠵᠢᠨ ᠤᠰᠤ ᠬᠠᠳᠠᠭ᠋ᠠᠯᠠᠬᠤ ᠬᠡᠮᠵᠢᠶ᠎ᠡ᠎ᠨᠢ 50% ᠣᠷᠴᠢᠮ ᠪᠠᠢ᠌ᠵᠤ᠂ ᠴᠢᠭᠢᠭ᠎ᠤᠨ ᠬᠡᠮᠵᠢᠶ᠎ᠡ᠎ᠨᠢ ᠬᠦᠷᠦᠯᠴᠡᠵᠦ ᠪᠠᠢ᠌ᠬᠤ ᠵᠢ ᠬᠠᠷᠠᠭᠤᠯᠵᠤ᠂ ᠶᠡᠷᠦ᠎ᠳᠡᠭᠡᠨ ᠤᠰᠤᠯᠠᠬᠤ ᠴᠢᠬᠤᠯᠠ ᠦᠭᠡᠢ ᠪᠠᠢ᠌ᠳᠠᠭ᠃ ᠬᠡᠷᠪᠡ ᠭᠠᠷᠤᠨ ᠠᠯᠠᠭ᠎ᠠ ᠵᠢ ᠨᠡᠯᠢᠶᠡᠳ ᠴᠢᠭᠢᠭᠳᠡᠭᠦᠯᠵᠦ᠂ ᠬᠥᠷᠥᠰᠥ ᠰᠢᠷᠤᠢ ᠵᠢ ᠴᠢᠩᠭ᠎ᠠ ᠠᠳᠬᠤᠪᠠᠯ ᠤᠰᠤ᠎ᠨᠢ ᠰᠢᠬᠠᠭᠳᠠᠨ ᠭᠠᠷᠴᠤ᠂ ᠠᠯᠠᠭ᠎ᠠ᠎ᠪᠠᠨ ᠲᠠᠯᠪᠢᠭᠰᠠᠨ᠎ᠤ ᠳᠠᠷᠠᠭ᠎ᠠ ᠬᠥᠷᠥᠰᠥ ᠰᠢᠷᠤᠢ ᠰᠤᠯᠠᠷᠠᠬᠤ ᠦᠭᠡᠢ ᠮᠥᠷᠲᠡᠭᠡᠨ ᠭᠠᠷᠤᠨ ᠠᠯᠠᠭ᠎ᠠ᠎ᠳᠤ ᠨᠠᠭ᠋ᠠᠯᠳᠤᠵᠤ ᠪᠠᠢ᠌ᠪᠠᠯ᠂ ᠬᠦᠷᠦᠰᠦ ᠰᠢᠷᠦᠢ ᠵᠢᠨ ᠤᠰᠤ ᠬᠠᠳᠠᠭ᠋ᠠᠯᠠᠬᠤ ᠬᠡᠮᠵᠢᠶ᠎ᠡ᠎ᠨᠢ 85%᠎ᠠᠴᠠ ᠳᠡᠭᠡᠭᠰᠢ ᠪᠠᠢ᠌ᠵᠤ᠂ ᠤᠰᠤᠨ᠎ᠤ ᠠᠭᠤᠯᠤᠭᠳᠠᠴᠠ᠎ᠨᠢ ᠨᠡᠯᠢᠶᠡᠳ ᠥᠨᠳᠥᠷ ᠭᠡᠳᠡᠭ᠎ᠢ ᠬᠠᠷᠠᠭᠤᠯᠵᠤ ᠪᠠᠢ᠌ᠨ᠎ᠠ᠃ ᠴᠠᠭ ᠲᠤᠬᠠᠢᠳᠤᠨᠢ ᠰᠤᠪᠠᠭ ᠮᠠᠯᠲᠠᠵᠤ ᠤᠰᠤ ᠵᠠᠯᠠᠬᠤ᠂ ᠤᠰᠤ ᠬᠢᠵᠠᠭ᠋ᠠᠷᠯᠠᠬᠤ ᠠᠵᠢᠯ᠎ᠢ ᠰᠠᠢ᠌ᠲᠤᠷ ᠬᠢᠬᠦ ᠴᠢᠬᠤᠯᠠᠲᠠᠢ ᠪᠠᠢ᠌ᠳᠠᠭ᠃
ᠬᠣᠶᠠᠷ᠂ ᠲᠠᠷᠢᠮᠠᠯ᠎ᠤᠨ ᠤᠷᠭᠤᠴᠠ ᠵᠢᠨ ᠪᠠᠢ᠌ᠳᠠᠯ᠎ᠢ ᠦᠨᠳᠦᠰᠦᠯᠡᠨ ᠮᠠᠭ᠋ᠠᠳᠯᠠᠬᠤ
ᠬᠦᠷᠦᠰᠦ ᠰᠢᠷᠦᠢ ᠵᠢᠨ ᠤᠰᠤ ᠬᠦᠷᠦᠯᠴᠡᠬᠦ ᠦᠭᠡᠢ ᠪᠤᠶᠤ ᠬᠡᠲᠦᠷᠬᠡᠢ ᠠᠷᠪᠢᠳᠪᠠᠯ ᠲᠠᠷᠢᠮᠠᠯ᠎ᠤᠨ ᠬᠡᠪ᠎ᠤᠨ ᠥᠰᠦᠯᠲᠡ ᠵᠢ ᠨᠥᠯᠥᠭᠡᠯᠡᠨ᠎ᠡ᠃ ᠲᠠᠷᠢᠮᠠᠯ᠎ᠳᠤ ᠤᠰᠤ ᠳᠤᠲᠠᠭᠳᠠᠬᠤ ᠦᠶ᠎ᠡ᠎ᠳᠤ᠂ ᠨᠠᠪᠴᠢ ᠪᠠ ᠰᠢᠨ᠎ᠡ ᠮᠥᠴᠢᠷ᠎ᠨᠢ ᠦᠬᠦᠰᠢᠷᠡᠨ ᠤᠨᠵᠢᠢ᠍ᠵᠤ᠂ ᠭᠡᠷᠡᠯ ᠭᠢᠯᠪᠠᠭ᠎ᠠ᠎ᠪᠠᠨ ᠠᠯᠳᠠᠵᠤ᠂ ᠤᠰᠤ ᠬᠦᠨᠳᠦ ᠨᠣᠴᠢᠲᠠᠢ ᠳᠤᠲᠠᠭᠳᠠᠬᠤ ᠦᠶ᠎ᠡ᠎ᠳᠤ ᠨᠠᠪᠴᠢ᠎ᠨᠢ ᠰᠢᠷᠠᠯᠠᠵᠤ᠂ ᠴᠢᠨᠠᠭᠰᠢᠯᠠᠪᠠᠯ ᠦᠬᠦᠰᠢᠷᠡᠳᠡᠭ᠃ ᠡᠨᠡ ᠦᠶ᠎ᠡ᠎ᠳᠤ ᠴᠠᠭ ᠲᠤᠬᠠᠢᠳᠤᠨᠢ ᠤᠰᠤᠯᠠᠵᠤ ᠤᠰᠤ ᠨᠥᠬᠥᠬᠦ ᠴᠢᠬᠤᠯᠠᠲᠠᠢ ᠭᠡᠰᠡᠨ᠎ᠢ ᠬᠠᠷᠠᠭᠤᠯᠵᠤ ᠪᠠᠢ᠌ᠨ᠎ᠠ᠃
ᠭᠤᠷᠪᠠ᠂ ᠤᠰᠤᠨ᠎ᠤ ᠪᠠᠢ᠌ᠳᠠᠯ᠎ᠢ ᠬᠢᠨᠠᠨ ᠬᠡᠮᠵᠢᠭᠰᠡᠨ ᠲᠣᠭ᠎ᠠ ᠪᠠᠷᠢᠮᠲᠠ ᠵᠢ ᠦᠨᠳᠦᠰᠦᠯᠡᠨ ᠮᠠᠭ᠋ᠠᠳᠯᠠᠬᠤ
ᠬᠥᠷᠥᠰᠥᠨ᠎ᠤ ᠴᠢᠭᠢᠭ᠎ᠤᠨ ᠪᠠᠢ᠌ᠳᠠᠯ᠎ᠢ ᠲᠦᠷᠭᠡᠨ ᠬᠡᠮᠵᠢᠬᠦ ᠬᠡᠮᠵᠢᠭᠦᠷᠯᠢᠭ ᠪᠣᠯ ᠳᠠᠷᠤᠢ ᠨᠢᠭᠡ ᠵᠦᠢ᠍ᠯ᠎ᠤᠨ ᠬᠥᠷᠥᠰᠥᠨ᠎ᠤ ᠤᠰᠤ ᠵᠢ ᠰᠢᠯᠭ᠋ᠠᠨ ᠬᠡᠮᠵᠢᠬᠦ ᠬᠡᠮᠵᠢᠭᠦᠷᠯᠢᠭ ᠪᠣᠯᠣᠨ᠎ᠠ᠂ ᠲᠡᠭᠦᠨ᠎ᠤ ᠠᠵᠢᠯᠯᠠᠬᠤ ᠵᠢᠷᠤᠮ᠎ᠨᠢ ᠳᠠᠷᠤᠢ ᠲᠠᠷᠢᠮᠠᠯ᠎ᠤᠨ ᠡᠭᠦᠯᠳᠡᠷ᠂ ᠦᠷᠡᠵᠢᠯ᠎ᠤᠨ ᠬᠤᠭᠤᠴᠠᠭ᠎ᠠ᠂ ᠬᠢᠨᠠᠨ ᠬᠡᠮᠵᠢᠬᠦ ᠴᠠᠭ᠂ ᠬᠥᠷᠥᠰᠥᠨ᠎ᠤ ᠭᠦᠨ᠎ᠤ ᠬᠡᠮᠵᠢᠶ᠎ᠡ ᠵᠡᠷᠭᠡ ᠰᠤᠷᠠᠭ ᠵᠠᠩᠭᠢ ᠵᠢ ᠤᠷᠢᠳᠴᠢᠯᠠᠨ ᠲᠣᠬᠢᠷᠠᠭᠤᠯᠵᠤ᠂ ᠳᠠᠷᠠᠭ᠎ᠠ᠎ᠨᠢ ᠲᠡᠮᠦᠷᠯᠢᠭ ᠬᠠᠢ᠌ᠭᠤᠷᠢ ᠪᠦᠬᠦᠨ᠎ᠢ ᠬᠥᠷᠥᠰᠥᠨ᠎ᠳᠤ ᠬᠠᠳᠬᠤᠵᠤ᠂ ᠬᠥᠷᠥᠰᠥᠨ᠎ᠤ ᠴᠢᠭᠢᠭᠲᠦᠴᠡ ᠵᠢᠨ ᠰᠡᠷᠡᠯ ᠳᠠᠮᠵᠢᠭᠤᠯᠤᠭᠴᠢ᠎ᠪᠠᠷ ᠳᠠᠮᠵᠢᠨ ᠬᠥᠷᠥᠰᠥᠨ ᠳᠣᠲᠣᠷᠠᠬᠢ ᠤᠰᠤ ᠵᠢ ᠬᠢᠨᠠᠨ ᠬᠡᠮᠵᠢᠵᠦ᠂ ᠲᠣᠭ᠎ᠠ ᠪᠠᠷᠢᠮᠲᠠ ᠵᠢ ᠴᠤᠭᠯᠠᠭᠤᠯᠵᠤ᠂ ᠲᠣᠭ᠎ᠠ ᠪᠠᠷᠢᠮᠲᠠ ᠵᠢ ᠬᠠᠳᠠᠭ᠋ᠠᠯᠠᠬᠤ ᠨᠢᠭᠡᠨ ᠵᠦᠢ᠍ᠯ᠎ᠤᠨ ᠬᠡᠮᠵᠢᠭᠦᠷᠯᠢᠭ ᠪᠣᠯᠣᠨ᠎ᠠ᠃ ᠲᠡᠷᠡ᠎ᠨᠢ ᠲᠠᠷᠢᠶᠠᠨ ᠭᠠᠵᠠᠷ᠎ᠤᠨ ᠤᠰᠤᠨ᠎ᠤ ᠪᠣᠳᠠᠲᠤ ᠪᠠᠢ᠌ᠳᠠᠯ᠎ᠢ ᠦᠨᠳᠦᠰᠦᠯᠡᠨ ᠰᠢᠨᠵᠢᠯᠡᠬᠦ ᠤᠬᠠᠭ᠋ᠠᠨᠴᠢ᠎ᠪᠠᠷ ᠤᠰᠤᠯᠠᠵᠤ᠂ ᠬᠥᠷᠥᠰᠥᠨ᠎ᠤ ᠤᠰᠤᠨ᠎ᠤ ᠠᠭᠤᠯᠤᠭᠳᠠᠴᠠ ᠵᠢ ᠨᠡᠯᠢᠶᠡᠳ ᠲᠣᠬᠢᠷᠠᠮᠵᠢᠲᠠᠢ ᠬᠡᠪᠴᠢᠶᠡᠨ᠎ᠳᠤ ᠪᠠᠢ᠌ᠯᠭ᠋ᠠᠬᠤ ᠵᠢ ᠪᠠᠲᠤᠯᠠᠳᠠᠭ᠃ ᠲᠠᠷᠢᠶᠠᠴᠢᠨ ᠡᠷᠦᠬᠡ ᠪᠠᠰᠠ ᠡᠯ᠎ᠡ ᠭᠠᠵᠠᠷ᠎ᠤᠨ ᠲᠠᠷᠢᠶᠠᠯᠠᠩ ᠮᠠᠯ ᠠᠵᠤ ᠠᠬᠤᠢ ᠵᠢᠨ ᠰᠠᠯᠠᠭ᠎ᠠ ᠮᠥᠴᠢᠷ᠎ᠤᠨ ᠨᠡᠢ᠌ᠲᠡᠯᠡᠭᠰᠡᠨ ᠴᠢᠭᠢᠭ᠎ᠤᠨ ᠪᠠᠢ᠌ᠳᠠᠯ᠎ᠢ ᠬᠢᠨᠠᠨ ᠬᠡᠮᠵᠢᠭᠰᠡᠨ ᠲᠣᠭ᠎ᠠ ᠪᠠᠷᠢᠮᠲᠠ᠎ᠪᠠᠷ ᠯᠠᠪᠯᠠᠯᠲᠠ ᠪᠣᠯᠭ᠋ᠠᠵᠤ᠂ ᠰᠢᠨᠵᠢᠯᠡᠬᠦ ᠤᠬᠠᠭ᠋ᠠᠨᠴᠢ᠎ᠪᠠᠷ ᠤᠰᠤᠯᠠᠯᠲᠠ ᠬᠢᠵᠦ ᠪᠣᠯᠣᠨ᠎ᠠ᠃ ᠡᠩ᠎ᠤᠨ ᠪᠠᠢ᠌ᠳᠠᠯ᠎ᠳᠤ ᠬᠥᠷᠥᠰᠥᠨ᠎ᠤ ᠤᠰᠤᠨ᠎ᠤ ᠠᠭᠤᠯᠤᠭᠳᠠᠴᠠ᠎ᠨᠢ 80%᠎ᠠᠴᠠ ᠳᠡᠭᠡᠭᠰᠢ ᠪᠠᠢ᠌ᠪᠠᠯ ᠬᠡᠳᠦ ᠠᠷᠪᠢᠨ᠂ ᠬᠥᠷᠥᠰᠥᠨ᠎ᠤ ᠤᠰᠤᠨ᠎ᠤ ᠠᠭᠤᠯᠤᠭᠳᠠᠴᠠ ᠨᠢ 60%~80%᠎ᠳᠤ ᠪᠠᠢ᠌ᠪᠠᠯ ᠲᠣᠬᠢᠷᠠᠮᠵᠢᠲᠠᠢ᠂ ᠬᠥᠷᠥᠰᠥᠨ᠎ᠤ ᠤᠰᠤᠨ᠎ᠤ ᠠᠭᠤᠯᠤᠭᠳᠠᠴᠠ᠎ᠨᠢ 60%᠎ᠠᠴᠠ ᠳᠣᠷᠣᠭᠰᠢ ᠪᠠᠢ᠌ᠪᠠᠯ ᠭᠦᠢ᠍ᠴᠡᠳ ᠦᠭᠡᠢ ᠪᠠᠢ᠌ᠳᠠᠭ᠃ ᠡᠩ᠎ᠤᠨ ᠪᠠᠢ᠌ᠳᠠᠯ᠎ᠳᠤ ᠬᠥᠷᠥᠰᠥᠨ᠎ᠤ ᠤᠰᠤᠨ᠎ᠤ ᠠᠭᠤᠯᠤᠭᠳᠠᠴᠠ᠎ᠨᠢ 45%~60% ᠪᠠᠢ᠌ᠪᠠᠯ ᠬᠥᠩᠭᠡᠨ ᠭᠠᠩ ᠬᠠᠭᠤᠷᠠᠢ᠂ ᠬᠥᠷᠥᠰᠥᠨ᠎ᠤ ᠤᠰᠤᠨ᠎ᠤ ᠠᠭᠤᠯᠤᠭᠳᠠᠴᠠ᠎ᠨᠢ 30%~45% ᠪᠠᠢ᠌ᠪᠠᠯ ᠳᠤᠮᠳᠠ ᠭᠠᠩ ᠬᠠᠭᠤᠷᠠᠢ᠂ ᠬᠥᠷᠥᠰᠥᠨ᠎ᠤ ᠤᠰᠤᠨ᠎ᠤ ᠠᠭᠤᠯᠤᠭᠳᠠᠴᠠ᠎ᠨᠢ 30%᠎ᠠᠴᠠ ᠳᠣᠷᠣᠭᠰᠢ ᠪᠠᠢ᠌ᠪᠠᠯ ᠬᠦᠨᠳᠦ ᠭᠠᠩ ᠬᠠᠭᠤᠷᠠᠢ ᠪᠣᠯᠣᠨ᠎ᠠ᠃
ᠮᠡᠳᠡᠭᠡ ᠵᠠᠩᠭᠢ ᠵᠢᠨ ᠢᠷᠡᠯᠲᠡ᠄ ᠤᠯᠠᠭ᠋ᠠᠨᠴᠠᠪ ᠬᠣᠲᠠ ᠵᠢᠨ ᠲᠠᠷᠢᠶᠠᠯᠠᠩ ᠮᠠᠯ ᠠᠵᠤ ᠠᠬᠤᠢ ᠵᠢᠨ ᠲᠣᠪᠴᠢᠶ᠎ᠠ