ᠨᠢᠭᠡ᠂ ᠬᠦᠯᠡᠮᠵᠢ᠎ᠪᠠᠨ ᠪᠡᠬᠢᠯᠡᠵᠦ᠂ ᠲᠦᠭᠦᠭᠡᠷᠦᠮᠵᠢ᠎ᠪᠠᠨ ᠰᠡᠯᠪᠢᠨ ᠵᠠᠰᠠᠬᠤ ᠬᠡᠷᠡᠭᠲᠡᠢ
ᠡᠪᠳᠡᠭᠳᠡᠭᠰᠡᠨ ᠬᠦᠯᠡᠮᠵᠢ ᠵᠢᠨ ᠭᠡᠷ᠎ᠢ ᠴᠠᠭ ᠲᠤᠬᠠᠢᠳᠤᠨᠢ ᠰᠡᠯᠪᠢᠨ ᠵᠠᠰᠠᠵᠤ ᠪᠡᠬᠢᠯᠡᠨ᠂ ᠬᠦᠯᠡᠮᠵᠢ ᠵᠢᠨ ᠪᠦᠷᠬᠦᠪᠴᠢ ᠵᠢ ᠰᠡᠯᠪᠢᠨ ᠵᠠᠰᠠᠵᠤ᠂ ᠪᠣᠯᠣᠳ ᠨᠢᠷᠤᠭᠤ ᠵᠢᠨ ᠮᠤᠰᠬᠢᠷᠠᠵᠤ ᠳᠦᠷᠰᠦ ᠬᠤᠪᠢᠷᠠᠭᠰᠠᠨ ᠪᠤᠶᠤ ᠪᠦᠲᠦᠴᠡ᠎ᠨᠢ ᠲᠣᠭᠲᠠᠪᠤᠷᠢ ᠦᠭᠡᠢ ᠬᠡᠰᠡᠭ᠎ᠢ ᠰᠡᠯᠪᠢᠨ ᠵᠠᠰᠠᠵᠤ᠂ ᠬᠦᠯᠡᠮᠵᠢ ᠵᠢᠨ ᠭᠡᠷ᠎ᠤᠨ ᠡᠮᠦᠨ᠎ᠡ ᠪᠠᠯ᠎ᠤᠨ 1/3 ᠬᠡᠰᠡᠭ᠎ᠲᠤ ᠲᠤᠯᠭ᠋ᠠᠭᠤᠷᠢ ᠪᠣᠰᠬᠠᠵᠤ᠂ ᠪᠦᠷᠬᠦᠪᠴᠢ ᠵᠢᠨ ᠳᠡᠭᠡᠰᠦ ᠵᠢ ᠴᠢᠩᠭ᠋ᠠᠯᠠᠵᠤ ᠬᠦᠯᠡᠮᠵᠢ ᠵᠢᠨ ᠪᠦᠷᠬᠦᠪᠴᠢ ᠵᠢ ᠪᠡᠬᠢᠯᠡᠨ᠂ ᠰᠠᠯᠬᠢ ᠳᠠᠭ᠋ᠠᠭ᠋ᠠᠬᠤ ᠴᠢᠳᠠᠪᠤᠷᠢ ᠵᠢ ᠨᠡᠮᠡᠭᠳᠡᠭᠦᠯᠦᠨ᠂ ᠬᠦᠯᠡᠮᠵᠢ ᠵᠢᠨ ᠨᠤᠷᠠᠬᠤ ᠵᠢ ᠰᠡᠷᠭᠡᠢ᠌ᠯᠡᠨ᠎ᠡ᠃ ᠰᠠᠯᠬᠢᠨ᠎ᠤ ᠬᠦᠴᠦ ᠨᠡᠯᠢᠶᠡᠳ ᠶᠡᠬᠡ ᠦᠶ᠎ᠡ᠎ᠳᠤ᠂ ᠰᠠᠯᠬᠢ ᠨᠡᠪᠲᠡᠷᠡᠭᠦᠯᠬᠦ ᠠᠮᠠᠰᠠᠷ ᠪᠦᠬᠦᠨ᠎ᠢ ᠲᠤᠢ᠌ᠯᠪᠤᠷᠢᠲᠠᠢ ᠬᠠᠭ᠋ᠠᠵᠤ᠂ 《ᠰᠢᠯᠤᠭᠤᠨ ᠰᠠᠯᠬᠢ》 ᠬᠦᠯᠡᠮᠵᠢ ᠵᠢ ᠰᠡᠬᠦᠬᠦ᠎ᠠᠴᠠ ᠰᠡᠷᠭᠡᠢ᠌ᠯᠡᠬᠦ ᠬᠡᠷᠡᠭᠲᠡᠢ᠃ ᠨᠡᠷᠡᠨ᠎ᠤ ᠬᠡᠷᠡᠯ᠎ᠤᠨ ᠬᠦᠯᠡᠮᠵᠢ᠎ᠳᠤ ᠴᠢᠭᠯᠡᠭᠦᠯᠦᠨ ᠬᠥᠪᠥᠩ ᠬᠥᠨᠵᠢᠯᠡ᠎ᠪᠠᠨ ᠲᠡᠭᠰᠢᠯᠡᠵᠦ᠂ ᠡᠪᠬᠡᠮᠡᠯ ᠣᠷᠬᠢᠭᠤᠯ᠎ᠤᠨ ᠮᠠᠰᠢᠨ᠎ᠤ ᠠᠵᠢᠯᠯᠠᠵᠤ ᠪᠠᠢ᠌ᠭ᠎ᠠ ᠪᠠᠢ᠌ᠳᠠᠯ᠎ᠢ ᠪᠠᠢ᠌ᠴᠠᠭ᠋ᠠᠵᠤ᠂ ᠳᠤᠯᠠᠭ᠋ᠠᠨ᠎ᠤ ᠬᠡᠮᠵᠢᠶ᠎ᠡ ᠵᠢᠨ ᠥᠨᠳᠥᠷ ᠳᠤᠤᠷ᠎ᠠ ᠵᠢ ᠦᠨᠳᠦᠰᠦᠯᠡᠨ ᠬᠥᠪᠥᠩ ᠬᠥᠨᠵᠢᠯᠡ᠎ᠪᠠᠨ ᠲᠠᠯᠪᠢᠬᠤ ᠬᠡᠷᠡᠭᠲᠡᠢ; ᠳᠤᠯᠠᠭ᠋ᠠᠨ᠎ᠢ ᠬᠠᠳᠠᠭ᠋ᠠᠯᠠᠬᠤ ᠴᠢᠳᠠᠪᠤᠷᠢ᠎ᠪᠠᠷ ᠠᠨᠠᠢ ᠬᠦᠯᠡᠮᠵᠢ᠎ᠳᠤ ᠴᠢᠬᠢ ᠪᠣᠢ᠌ᠵᠢᠭᠤᠯᠬᠤ᠎ᠳᠤ ᠴᠢᠬᠢ ᠵᠢᠨ ᠣᠷᠣ ᠵᠢ ᠰᠦᠯᠢᠶᠥᠦ ᠪᠦᠷᠬᠦᠪᠴᠢ᠎ᠪᠠᠷ ᠪᠦᠷᠬᠦᠬᠦ ᠪᠤᠶᠤ ᠵᠢᠵᠢᠭ ᠭᠤᠯᠳᠤᠩ ᠰᠠᠷᠠᠪᠴᠢ ᠪᠠᠷᠢᠵᠤ᠂ ᠳᠤᠯᠠᠭ᠋ᠠᠨ᠎ᠢ ᠨᠡᠮᠡᠭᠳᠡᠭᠦᠯᠦᠨ ᠴᠢᠭᠢᠭ᠎ᠢ ᠬᠠᠮᠠᠭ᠋ᠠᠯᠠᠬᠤ ᠬᠡᠰᠡᠭ (ᠴᠠᠬᠢᠯᠠᠭ᠋ᠠᠨ ᠵᠶ᠋ᠠᠷ ᠳᠤᠯᠠᠭ᠋ᠠᠯᠠᠬᠤ ᠮᠠᠰᠢᠨ)᠎ᠢ ᠪᠡᠯᠳᠭᠡᠵᠦ᠂ ᠬᠦᠯᠡᠮᠵᠢ ᠵᠢᠨ ᠳᠤᠯᠠᠭ᠋ᠠᠨ᠎ᠤ ᠬᠡᠮᠵᠢᠶ᠎ᠡ ᠵᠢ ᠪᠠᠢ᠌ᠴᠠᠭ᠋ᠠᠵᠤ ᠴᠠᠭ ᠲᠤᠬᠠᠢᠳᠤᠨᠢ ᠳᠤᠯᠠᠭ᠋ᠠᠨ᠎ᠢ ᠨᠡᠮᠡᠭᠳᠡᠭᠦᠯᠦᠭᠴᠢ ᠵᠢ ᠨᠣᠴᠣᠭ᠋ᠠᠵᠤ ᠳᠤᠯᠠᠭ᠋ᠠᠯᠠᠵᠤ᠂ ᠲᠥᠬᠥᠭᠡᠷᠦᠮᠵᠢᠲᠦ ᠲᠠᠷᠢᠮᠠᠯ᠎ᠤᠨ ᠬᠦᠢ᠍ᠲᠡᠨ᠎ᠤ ᠭᠠᠮᠰᠢᠭ᠎ᠲᠤ ᠤᠴᠠᠷᠠᠬᠤ ᠵᠢ ᠤᠷᠢᠳᠴᠢᠯᠠᠨ ᠰᠡᠷᠭᠡᠢ᠌ᠯᠡᠬᠦ ᠬᠡᠷᠡᠭᠲᠡᠢ; ᠣᠢ᠌ᠷ᠎ᠠ ᠵᠢᠨ ᠬᠤᠭᠤᠴᠠᠭ᠋ᠠᠨ᠎ᠳᠤ ᠰᠦᠯᠢᠶᠥᠦ ᠬᠦᠯᠡᠮᠵᠢ᠎ᠳᠤ ᠰᠠᠭᠤᠯᠭ᠋ᠠᠬᠤ᠎ᠪᠠᠷ ᠲᠥᠯᠥᠪᠯᠡᠵᠦ ᠪᠠᠢ᠌ᠭ᠎ᠠ ᠲᠥᠬᠥᠭᠡᠷᠦᠮᠵᠢᠲᠦ ᠲᠠᠷᠢᠮᠠᠯ᠎ᠢ ᠲᠦᠷ ᠬᠣᠢ᠌ᠰᠢᠯᠠᠭᠤᠯᠵᠤ᠂ ᠠᠭ᠋ᠠᠷ᠎ᠤᠨ ᠳᠤᠯᠠᠭ᠋ᠠᠨ ᠲᠣᠭᠲᠠᠭᠤᠨ ᠪᠣᠯᠤᠭᠰᠠᠨ᠎ᠤ ᠲᠠᠷᠠᠭ᠎ᠠ ᠰᠠᠶᠢ ᠰᠠᠭᠤᠯᠭ᠋ᠠᠬᠤ ᠵᠢᠨ ᠬᠠᠮᠲᠤ ᠴᠢᠬᠢ ᠵᠢᠨ ᠬᠤᠭᠤᠴᠠᠭ᠋ᠠᠨ᠎ᠤ ᠬᠠᠮᠢᠶᠠᠷᠤᠯᠲᠠ ᠵᠢ ᠠᠩᠬᠠᠷᠴᠤ᠂ ᠭᠠᠩ ᠬᠠᠭᠰᠠᠷᠠᠭ᠋ᠠᠨ᠎ᠲᠠᠢ ᠲᠡᠮᠡᠴᠡᠵᠦ ᠰᠠᠯᠬᠢ ᠨᠡᠪᠲᠡᠷᠡᠭᠦᠯᠦᠨ ᠴᠢᠬᠢ ᠰᠡᠢ᠌ᠷᠡᠭᠵᠢᠭᠦᠯᠬᠦ ᠵᠢ ᠴᠢᠩᠭ᠋ᠠᠳᠬᠠᠵᠤ᠂ ᠴᠢᠬᠢ ᠵᠢᠨ ᠲᠠᠯᠠᠭ᠋ᠠᠷ ᠤᠷᠭᠤᠬᠤ ᠵᠢ ᠰᠡᠷᠭᠡᠢ᠌ᠯᠡᠬᠦ ᠬᠡᠷᠡᠭᠲᠡᠢ᠃ ᠨᠢᠭᠡᠨᠲᠡ ᠵᠠᠳᠠᠭ᠋ᠠᠢ ᠭᠠᠵᠠᠷ᠎ᠲᠤ ᠳᠠᠷᠢᠭᠰᠠᠨ ᠠᠵᠤ ᠠᠬᠤᠢ ᠵᠢᠨ ᠲᠠᠷᠢᠮᠠᠯ᠎ᠳᠤ ᠴᠢᠭᠯᠡᠭᠦᠯᠦᠨ᠂ ᠴᠠᠭ ᠲᠤᠬᠠᠢᠳᠤᠨᠢ ᠵᠢᠵᠢᠭ ᠭᠤᠯᠳᠤᠩ ᠬᠦᠯᠡᠮᠵᠢ ᠪᠠᠢ᠌ᠭᠤᠯᠵᠤ᠂ ᠨᠠᠮᠬᠠᠳᠬᠠᠯ᠎ᠤᠨ ᠲᠣᠭᠣᠷᠢᠭ᠎ᠢ ᠪᠠᠢ᠌ᠭᠤᠯᠤᠨ᠂ ᠳᠣᠣᠷ᠎ᠠ ᠳᠤᠯᠠᠭ᠋ᠠᠨ᠎ᠤ ᠬᠦᠢ᠍ᠲᠡᠨ᠎ᠤ ᠬᠥᠨᠥᠭᠡᠯ᠎ᠤᠨ ᠨᠥᠯᠥᠭᠡ ᠵᠢ ᠪᠠᠭ᠋ᠠᠰᠬᠠᠬᠤ ᠬᠡᠷᠡᠭᠲᠡᠢ᠃
ᠬᠣᠶᠠᠷ᠂ ᠬᠠᠮᠢᠶᠠᠷᠤᠯᠲᠠ᠎ᠪᠠᠨ ᠴᠢᠩᠭ᠋ᠠᠳᠬᠠᠵᠤ᠂ ᠬᠣᠬᠢᠷᠠᠯ᠎ᠢ ᠪᠠᠭ᠋ᠠᠰᠬᠠᠬᠤ ᠬᠡᠷᠡᠭᠲᠡᠢ
ᠰᠢᠷᠬᠠᠲᠤᠭᠰᠠᠨ ᠤᠷᠭᠤᠮᠠᠯ᠎ᠢ ᠴᠠᠭ ᠲᠤᠬᠠᠢᠳᠤᠨᠢ ᠲᠡᠭᠰᠢᠯᠡᠵᠦ᠂ ᠲᠠᠷᠢᠶᠠᠨ᠎ᠤ ᠦᠯᠡᠳᠡᠭᠳᠡᠯ ᠨᠠᠮᠠᠭ᠎ᠠ ᠵᠢ ᠴᠡᠪᠡᠷᠯᠡᠨ ᠠᠷᠢᠯᠭ᠋ᠠᠵᠤ᠂ ᠬᠠᠭᠤᠴᠢᠨ ᠨᠠᠪᠴᠢ᠂ ᠬᠠᠲᠠᠭᠰᠠᠨ ᠨᠠᠪᠴᠢ ᠵᠢ᠎ᠨᠢ ᠠᠪᠴᠤ ᠬᠠᠶᠠᠭ᠋ᠠᠳ ᠨᠠᠯᠠᠨ ᠤᠨᠠᠭᠰᠠᠨ ᠬᠠᠰᠢ ᠵᠢᠮᠢᠰ᠎ᠤᠨ ᠲᠦᠷᠦᠯ᠎ᠤᠨ ᠢᠳᠡᠰᠢᠨ ᠨᠣᠭᠣᠭ᠎ᠠ ᠵᠢ ᠴᠠᠭ ᠲᠤᠬᠠᠢᠳᠤᠨᠢ ᠲᠡᠭᠰᠢᠯᠡᠨ ᠪᠡᠬᠢᠯᠡᠵᠦ᠂ ᠠᠮᠲᠠᠲᠤ ᠬᠡᠮᠬᠡ᠂ ᠲᠠᠷᠪᠤᠰ᠂ ᠬᠠᠮᠢᠯ ᠬᠡᠮᠬᠡ ᠵᠡᠷᠭᠡ ᠲᠠᠷᠢᠮᠠᠯ᠎ᠢ ᠴᠠᠭ ᠲᠤᠬᠠᠢᠳᠤᠨᠢ ᠵᠡᠯᠡᠯᠡᠨ ᠲᠠᠯᠪᠢᠬᠤ ᠬᠡᠷᠡᠭᠲᠡᠢ᠃ ᠬᠦᠯᠡᠮᠵᠢ ᠵᠢᠨ ᠴᠢᠭᠢᠭᠲᠦᠴᠡ ᠶᠡᠬᠡ᠎ᠠᠴᠠ ᠡᠪᠡᠳᠴᠢᠨ᠎ᠤ ᠬᠥᠨᠥᠭᠡᠯ ᠡᠭᠦᠰᠬᠦ ᠦᠶ᠎ᠡ᠎ᠳᠤ᠂ ᠣᠲᠣᠭ᠎ᠠ ᠮᠠᠨᠠᠨ᠎ᠤ ᠡᠮ ᠪᠤᠶᠤ ᠪᠢᠴᠢᠯ ᠨᠤᠨᠳᠠᠭ᠎ᠤᠨ ᠡᠮ ᠵᠶ᠋ᠡᠷ ᠤᠲᠤᠵᠤ ᠵᠢᠩᠨᠡᠬᠦ ᠠᠷᠭ᠎ᠠ ᠵᠢ ᠬᠡᠷᠡᠭᠯᠡᠵᠦ ᠪᠣᠯᠣᠨ᠎ᠠ᠃ ᠬᠡᠷᠪᠡ ᠬᠦᠯᠡᠮᠵᠢ ᠵᠢᠨ ᠥᠷᠥᠭᠡᠨ᠎ᠤ ᠴᠢᠭᠢᠭ᠎ᠤᠨ ᠬᠡᠮᠵᠢᠶ᠎ᠡ᠎ᠨᠢ ᠬᠡᠲᠦᠷᠬᠡᠢ ᠥᠨᠳᠥᠷ ᠪᠤᠯ ᠰᠠᠯᠬᠢᠨ᠎ᠤ ᠶᠡᠬᠡ ᠪᠠᠭ᠎ᠠ ᠵᠢ ᠦᠵᠡᠵᠦ ᠵᠣᠬᠢᠰᠲᠠᠢ ᠰᠠᠯᠬᠢ ᠨᠡᠪᠲᠡᠷᠡᠭᠦᠯᠦᠨ᠂ ᠬᠦᠯᠡᠮᠵᠢ ᠵᠢᠨ ᠴᠢᠭᠢᠭ᠎ᠤᠨ ᠬᠡᠮᠵᠢᠶ᠎ᠡ ᠵᠢ ᠪᠠᠭᠤᠷᠠᠭᠤᠯᠵᠤ᠂ ᠡᠪᠡᠳᠴᠢᠨ᠎ᠤ ᠬᠥᠨᠥᠭᠡᠯ᠎ᠢ ᠪᠠᠭ᠋ᠠᠰᠬᠠᠨ᠂ ᠲᠤᠩᠭ᠋ᠠᠯᠠᠭ ᠡᠳᠦᠷ᠎ᠲᠤ ᠴᠢᠳᠠᠬᠤ ᠵᠢᠨ ᠳᠣᠲᠣᠷ᠎ᠠ ᠬᠥᠪᠥᠩ ᠬᠥᠨᠵᠢᠯᠡ ᠵᠢ ᠡᠷᠲᠡ ᠰᠡᠬᠦᠵᠦ ᠣᠷᠣᠢ᠎ᠳᠤᠨᠢ ᠪᠦᠲᠡᠭᠡᠵᠦ᠂ ᠨᠡᠩ ᠠᠷᠪᠢᠨ ᠭᠡᠷᠡᠯ᠎ᠤᠨ ᠲᠤᠰᠤᠯᠲᠠ ᠪᠠ ᠳᠤᠯᠠᠭ᠋ᠠᠨ᠎ᠤ ᠬᠡᠮᠵᠢᠶ᠎ᠡ ᠵᠢ ᠬᠤᠷᠠᠮᠳᠤᠭᠤᠯᠬᠤ ᠵᠢᠨ ᠬᠠᠮᠲᠤ ᠹᠣᠰᠹᠣᠷ ᠬᠦᠴᠢᠯ᠎ᠤᠨ ᠬᠣᠶᠠᠷ ᠤᠰᠤᠲᠥ᠋ᠷᠥᠭᠴᠢᠲᠤ ᠺᠠᠯᠢ᠂ ᠬᠥᠪᠳᠥ ᠵᠢᠨ ᠡᠳ᠋᠂ ᠬᠤᠶᠠᠭ᠎ᠤᠨ ᠡᠳ᠋ ᠵᠡᠷᠭᠡ ᠨᠠᠪᠴᠢᠨ᠎ᠤ ᠪᠣᠷᠳᠣᠭᠤᠷ᠎ᠢ ᠰᠦᠷᠴᠢᠨ ᠣᠷᠣᠭᠤᠯᠵᠤ᠂ ᠡᠰᠢ ᠨᠠᠪᠴᠢ ᠵᠢᠨ ᠰᠡᠷᠭᠦᠯᠲᠡ ᠪᠠ ᠦᠨᠳᠦᠰᠦ ᠵᠢᠨ ᠰᠢᠰᠲ᠋ᠧᠮ᠎ᠤᠨ ᠥᠰᠦᠯᠲᠡ ᠪᠣᠶ᠋ᠢᠵᠢᠯᠲᠠ ᠵᠢ ᠠᠬᠢᠭᠤᠯᠤᠨ᠎ᠠ᠃ ᠨᠢᠭᠡᠨᠲᠡ ᠳᠣᠣᠷ᠎ᠠ ᠳᠤᠯᠠᠭ᠋ᠠᠨ᠎ᠳᠤ ᠬᠦᠢ᠍ᠲᠡᠨ᠎ᠤ ᠬᠥᠨᠥᠭᠡᠯ ᠡᠭᠦᠰᠦᠭᠰᠡᠨ ᠪᠠᠢ᠌ᠪᠠᠯ᠂ ᠴᠢᠯᠦᠭᠡᠲᠦ ᠰᠢᠪᠲᠦᠷᠲᠦ ᠬᠦᠴᠢᠯ᠎ᠢ ᠰᠦᠷᠴᠢᠨ ᠣᠷᠣᠭᠤᠯᠵᠤ᠂ ᠡᠰ᠎ᠤᠨ ᠨᠡᠬᠡᠳᠡᠰᠦ ᠵᠢᠨ ᠰᠡᠷᠭᠦᠭᠡᠯᠲᠡ ᠵᠢ ᠲᠦᠷᠭᠡᠳᠬᠡᠵᠦ᠂ ᠬᠥᠯᠳᠡᠬᠦ ᠭᠠᠮᠰᠢᠭ᠎ᠢ ᠨᠠᠮᠳᠠᠭᠤᠯᠤᠨ᠎ᠠ᠃
ᠮᠡᠳᠡᠭᠡ ᠵᠠᠩᠭᠢ ᠵᠢᠨ ᠢᠷᠡᠯᠲᠡ᠄ ᠣᠷᠳᠣᠰ ᠬᠣᠲᠠ ᠵᠢᠨ ᠲᠠᠷᠢᠶᠠᠯᠠᠩ ᠮᠠᠯ ᠠᠵᠤ ᠠᠬᠤᠢ ᠵᠢᠨ ᠲᠣᠪᠴᠢᠶ᠎ᠠ