ᠲᠠᠷᠢᠶᠠᠯᠠᠩ᠎ᠤᠨ ᠤᠰᠤ ᠠᠷᠪᠢᠯᠠᠬᠤ ᠤᠰᠤᠯᠠᠯᠲᠠ ᠵᠢᠨ ᠮᠡᠷᠭᠡᠵᠢᠯ᠄ ᠤᠰᠤᠨ ᠰᠤᠪᠠᠭ᠎ᠤᠨ ᠨᠡᠪᠴᠢᠬᠦ ᠵᠢ ᠰᠡᠷᠭᠡᠢ᠌ᠯᠡᠬᠦ᠂ ᠰᠦᠷᠴᠢᠨ ᠤᠰᠤᠯᠠᠬᠤ᠂ ᠳᠤᠰᠤᠯᠭ᠋ᠠᠨ ᠤᠰᠤᠯᠠᠬᠤ᠂ ᠪᠢᠴᠢᠯ ᠰᠦᠷᠴᠢᠨ ᠤᠰᠤᠯᠠᠬᠤ᠂ ᠨᠡᠪᠴᠢᠭᠦᠯᠦᠨ ᠤᠰᠤᠯᠠᠬᠤ ᠵᠡᠷᠭᠡ ᠵᠢ ᠪᠠᠭᠲᠠᠭ᠋ᠠᠨ᠎ᠠ᠃ ᠪᠦᠬᠦ ᠳᠡᠯᠡᠬᠡᠢ᠎ᠪᠠᠷ ᠵᠶ᠋ᠡᠨ ᠮᠡᠳᠡᠷᠡᠵᠦ ᠪᠠᠢ᠌ᠭ᠎ᠠ ᠬᠠᠮᠤᠭ᠎ᠠᠴᠠ ᠢᠯᠡᠭᠦᠦ ᠤᠰᠤ ᠠᠷᠪᠢᠯᠠᠳᠠᠭ᠎ᠨᠢ ᠢᠰᠷᠧᠯ᠎ᠤᠨ ᠳᠤᠰᠤᠯᠭ᠋ᠠᠨ ᠤᠰᠤᠯᠠᠬᠤ ᠮᠡᠷᠭᠡᠵᠢᠯ ᠪᠣᠯᠣᠨ᠎ᠠ᠃ ᠳᠤᠰᠤᠯᠭ᠋ᠠᠨ ᠤᠰᠤᠯᠠᠬᠤ ᠪᠣᠯ ᠰᠦᠯᠢᠶᠥᠦ ᠬᠣᠭᠣᠯᠠᠢ᠎ᠪᠠᠷ ᠤᠰᠤ ᠵᠢ ᠳ᠋ᠢᠶᠠᠮᠧᠲᠷ᠎ᠨᠢ ᠪᠠᠷᠤᠭ 10mm ᠬᠢᠯᠭ᠋ᠠᠰᠤᠨ ᠬᠣᠭᠣᠯᠠᠢ ᠵᠢᠨ ᠰᠦᠪᠡ ᠵᠢᠨ ᠠᠮᠠᠰᠠᠷ ᠵᠶ᠋ᠠᠷ ᠳᠠᠮᠵᠢᠭᠤᠯᠤᠨ ᠲᠠᠷᠢᠮᠠᠯ᠎ᠤᠨ ᠦᠨᠳᠦᠰᠦ ᠵᠢᠨ ᠬᠡᠰᠡᠭ᠎ᠲᠤ ᠬᠦᠷᠭᠡᠵᠦ ᠬᠡᠰᠡᠭ ᠭᠠᠵᠠᠷ᠎ᠤᠨ ᠤᠰᠤᠯᠠᠯᠲᠠ ᠬᠢᠬᠦ ᠵᠢ ᠬᠡᠯᠡᠨ᠎ᠡ᠃ ᠲᠡᠷᠡ᠎ᠨᠢ ᠭᠠᠩ ᠬᠠᠭᠤᠷᠠᠢ ᠤᠰᠤ ᠳᠤᠲᠠᠮᠠᠭ ᠭᠠᠵᠠᠷ ᠣᠷᠣᠨ᠎ᠤ ᠬᠠᠮᠤᠭ᠎ᠤᠨ ᠪᠦᠲᠦᠮᠵᠢᠲᠡᠶ ᠤᠰᠤ ᠠᠷᠪᠢᠯᠠᠬᠤ ᠤᠰᠤᠯᠠᠯᠲᠠ ᠵᠢᠨ ᠮᠡᠷᠭᠡᠵᠢᠯ ᠪᠠᠢ᠌ᠵᠤ᠂ ᠤᠰᠤᠨ᠎ᠤ ᠡᠬᠢ ᠪᠠᠶᠠᠯᠢᠭ᠎ᠤᠨ ᠠᠰᠢᠭᠯᠠᠯᠲᠠ ᠵᠢᠨ ᠨᠣᠷᠮ᠎ᠠ᠎ᠨᠢ 95%᠎ᠠᠴᠠ ᠳᠡᠭᠡᠭᠰᠢ ᠪᠠᠢ᠌ᠳᠠᠭ᠃ ᠡᠭᠦᠨ᠎ᠤ ᠳᠠᠪᠠᠭᠤᠯᠢᠭ ᠲᠠᠯ᠎ᠠ ᠨᠢ᠄ ᠤᠰᠤ ᠠᠷᠪᠢᠯᠠᠬᠤ ᠦᠷ᠎ᠡ ᠪᠦᠲᠦᠮᠵᠢ᠎ᠪᠠᠷ ᠢᠯᠡᠷᠬᠡᠢ᠂ ᠲᠠᠷᠢᠮᠠᠯ᠎ᠤᠨ ᠤᠨᠠᠯᠲᠠ ᠵᠢ ᠨᠡᠮᠡᠭᠳᠡᠭᠦᠯᠬᠦ ᠬᠡᠮᠵᠢᠶ᠎ᠡ ᠶᠡᠬᠡ᠂ ᠲᠠᠷᠢᠶᠠᠴᠢᠳ᠎ᠤᠨ ᠤᠰᠤᠯᠠᠯᠲᠠ ᠵᠢᠨ ᠵᠠᠷᠤᠳᠠᠯ᠎ᠢ ᠪᠠᠭ᠋ᠠᠰᠬᠠᠵᠤ᠂ ᠮᠠᠰᠢᠨᠴᠢᠯᠡᠨ ᠦᠢ᠍ᠯᠡᠳᠪᠦᠷᠢᠯᠡᠬᠦ᠎ᠳᠤ ᠠᠰᠢᠭᠲᠠᠢ᠂ ᠬᠡᠲᠦᠷᠡᠲᠡᠯ᠎ᠡ ᠤᠰᠤᠯᠠᠭᠰᠠᠨ᠎ᠠᠴᠠ ᠪᠣᠯᠤᠭᠰᠠᠨ ᠬᠥᠷᠥᠰᠥ ᠰᠢᠷᠣᠢ ᠵᠢᠨ ᠡᠭᠦᠰᠦᠮᠡᠯ ᠬᠤᠵᠢᠷᠰᠢᠯ᠎ᠤᠨ ᠠᠰᠠᠭᠤᠳᠠᠯ᠎ᠠᠴᠠ ᠵᠠᠢ᠌ᠯᠠᠰᠬᠢᠨ᠎ᠡ᠃
ᠡᠯᠡᠰᠦ ᠳᠠᠷᠤᠬᠤ ᠮᠡᠷᠭᠡᠵᠢᠯ᠄ ᠪᠠᠷᠠᠭᠤᠨ ᠬᠣᠢ᠌ᠲᠤ ᠣᠷᠣᠨ᠎ᠤ ᠲᠠᠷᠢᠶᠠᠴᠢᠳ ᠬᠡᠮᠬᠡ ᠵᠢᠨ ᠴᠢᠬᠢ ᠵᠢᠨ ᠡᠷᠬᠢᠨ ᠲᠣᠭᠣᠷᠢᠨ᠎ᠤ ᠬᠥᠷᠥᠰᠥᠨ ᠳᠡᠭᠡᠷ᠎ᠡ ᠵᠢᠵᠢᠭ ᠬᠡᠰᠡᠭ ᠴᠢᠯᠠᠭᠤ ᠳᠡᠪᠢᠰᠳᠡᠭ (ᠡᠰᠡᠬᠦᠯ᠎ᠡ ᠵᠢᠮᠢᠰ᠎ᠤᠨ ᠬᠦᠷᠢᠶᠡᠯᠡᠩ᠎ᠳᠤ ᠡᠯᠡᠰᠦ ᠳᠡᠪᠢᠰᠬᠦ)᠂ ᠡᠨᠡ ᠪᠣᠯ ᠳᠠᠷᠤᠢ 《ᠡᠯᠡᠰᠦ ᠳᠠᠷᠤᠬᠤ ᠮᠡᠷᠭᠡᠵᠢᠯ》 ᠪᠣᠯᠣᠨ᠎ᠠ᠃ ᠦᠢ᠍ᠯᠡᠳᠦᠯ᠎ᠨᠢ᠄ ① ᠬᠥᠷᠥᠰᠥᠨ᠎ᠤ ᠤᠰᠤ ᠵᠢ ᠬᠠᠳᠠᠭ᠋ᠠᠯᠠᠨ᠎ᠠ (ᠠᠭᠤᠷᠰᠢᠯᠲᠠ ᠵᠢ ᠪᠠᠭ᠋ᠠᠰᠬᠠᠵᠤ᠂ ᠳᠣᠷᠣᠭᠰᠢ ᠨᠡᠪᠴᠢᠬᠦ᠎ᠳᠤ ᠠᠰᠢᠭᠲᠠᠢ)᠃ ② ᠬᠥᠷᠥᠰᠥᠨ᠎ᠤ ᠰᠠᠯᠬᠢ ᠪᠤᠶᠤ ᠤᠷᠤᠰᠬᠠᠯ ᠤᠰᠤᠨ᠎ᠤ ᠢᠳᠡᠭᠳᠡᠯ᠎ᠢ ᠪᠠᠭ᠋ᠠᠰᠬᠠᠵᠤ᠂ ᠬᠥᠷᠥᠰᠥ ᠰᠢᠷᠣᠢ ᠵᠢ ᠬᠠᠮᠠᠭ᠋ᠠᠯᠠᠬᠤ ᠦᠢ᠍ᠯᠡᠳᠦᠯ᠎ᠲᠠᠢ᠃ ③ ᠡᠳᠦᠷ ᠰᠥᠨᠢ ᠵᠢᠨ ᠳᠤᠯᠠᠭ᠋ᠠᠨ᠎ᠤ ᠵᠥᠷᠢᠶ᠎ᠡ ᠵᠢ ᠶᠡᠬᠡᠰᠬᠡᠵᠦ᠂ ᠭᠤᠸ᠎ᠠ ᠵᠢᠮᠢᠰ᠎ᠤᠨ ᠰᠢᠬᠢᠷ᠎ᠤᠨ ᠬᠤᠷᠠᠮᠳᠤᠯ᠎ᠳᠤ ᠠᠰᠢᠭᠲᠠᠢ ᠪᠣᠯᠭ᠋ᠠᠵᠤ᠂ ᠭᠤᠸ᠎ᠠ ᠵᠢᠮᠢᠰ᠎ᠤᠨ ᠭᠠᠷᠤᠯᠲᠠ ᠪᠠ ᠴᠢᠨᠠᠷ᠎ᠢ ᠳᠡᠭᠡᠭᠰᠢᠯᠡᠭᠦᠯᠦᠨ᠎ᠡ᠃
ᠮᠡᠳᠡᠭᠡ ᠵᠠᠩᠭᠢ ᠵᠢᠨ ᠢᠷᠡᠯᠲᠡ᠄ ᠪᠤᠭᠤᠲᠤ ᠬᠣᠲᠠ ᠵᠢᠨ ᠲᠠᠷᠢᠶᠠᠯᠠᠩ ᠮᠠᠯ ᠠᠵᠤ ᠠᠬᠤᠢ ᠵᠢᠨ ᠲᠣᠪᠴᠢᠶ᠎ᠠ