ᠲᠡᠷᠢᠭᠦᠨ ᠬᠠᠭᠤᠳᠠᠰᠤ
ᠰᠣᠨᠢᠨ ᠮᠡᠳᠡᠭᠡ
ᠢᠯᠡ ᠵᠠᠰᠠᠭ
ᠦᠢᠯᠡᠴᠢᠯᠡᠭᠡ
ᠠᠮᠤᠭᠤᠯᠠᠩᠲᠤ᠌ ᠬᠥᠳᠡᠭᠡ   -   ᠠᠯᠲᠠᠨ ᠮᠥᠬᠦᠯᠢᠭ
ᠡᠰᠢ ᠰᠦᠷᠡᠯ᠎ᠤᠨ ᠬᠣᠯᠪᠣᠭᠳᠠᠯ ᠪᠦᠬᠦᠢ ᠮᠡᠷᠭᠡᠵᠢᠯ᠎ᠤᠨ ᠲᠠᠨᠢᠯᠴᠠᠭᠤᠯᠭ᠎ᠠ
ᠨᠡᠶ᠋ᠢᠲᠡᠯᠡᠭᠰᠡᠨ ᠴᠠᠭ᠄ 2025-06-16

      ᠡᠰᠢ ᠰᠦᠷᠡᠯ᠎ᠢ ᠠᠰᠢᠭᠯᠠᠬᠤ ᠮᠡᠷᠭᠡᠵᠢᠯ᠄ ᠣᠢ᠌ᠷ᠎ᠠ ᠵᠢᠨ ᠵᠢᠯ᠎ᠤᠳ᠎ᠲᠤ᠂ ᠲᠠᠷᠢᠮᠠᠯ᠎ᠤᠨ ᠡᠰᠢ ᠰᠦᠷᠡᠯ᠎ᠨᠢ ᠬᠥᠳᠡᠭᠡ ᠲᠣᠰᠬᠣᠨ᠎ᠤ ᠣᠯᠠᠨ ᠡᠬᠢᠲᠦ ᠪᠣᠬᠢᠷᠲᠤᠯ᠎ᠤᠨ ᠰᠢᠨ᠎ᠡ ᠡᠬᠢ ᠰᠤᠷᠪᠤᠯᠵᠢ ᠪᠣᠯᠤᠭᠰᠠᠨ ᠪᠠᠢ᠌ᠨ᠎ᠠ᠃ ᠵᠢᠯ ᠪᠦᠷᠢ ᠵᠢᠨ ᠵᠣᠨ᠎ᠤ ᠬᠤᠷᠢᠶᠠᠯᠲᠠ ᠪᠠ ᠨᠠᠮᠤᠷ ᠡᠪᠦᠯ᠎ᠤᠨ ᠦᠶ᠎ᠡ᠎ᠪᠠᠷ᠂ ᠦᠷᠭᠦᠯᠵᠢ ᠶᠡᠬᠡ ᠬᠡᠮᠵᠢᠶᠡᠨ᠎ᠤ ᠪᠤᠭᠤᠳᠠᠢ᠂ ᠡᠷᠳᠡᠨᠢ ᠰᠢᠰᠢ ᠵᠡᠷᠭᠡ ᠡᠰᠢ ᠰᠦᠷᠡᠯ᠎ᠢ ᠲᠠᠷᠢᠶᠠᠨ᠎ᠳᠤ ᠰᠢᠲᠠᠭ᠋ᠠᠵᠤ᠂ ᠶᠡᠬᠡ ᠬᠡᠮᠵᠢᠶᠡᠨ᠎ᠤ ᠥᠳᠬᠡᠨ ᠤᠲᠤᠭ᠎ᠠ ᠤᠨᠢᠶᠠᠷ᠎ᠢ ᠡᠭᠦᠰᠬᠡᠵᠦ᠂ ᠬᠥᠳᠡᠭᠡ ᠲᠣᠰᠬᠣᠨ᠎ᠤ ᠣᠷᠴᠢᠨ ᠲᠣᠭᠣᠷᠢᠨ᠎ᠤ ᠬᠠᠮᠠᠭ᠋ᠠᠯᠠᠯᠲᠠ ᠵᠢᠨ ᠪᠣᠭᠣᠮᠢ ᠵᠢᠨ ᠠᠰᠠᠭᠤᠳᠠᠯ ᠪᠣᠯᠤᠭᠰᠠᠨ ᠵᠶ᠋ᠠᠷ ᠪᠠᠷᠠᠬᠤ ᠦᠭᠡᠢ᠂ ᠴᠢᠨᠠᠭᠰᠢᠯᠠᠭ᠋ᠠᠳ ᠬᠣᠲᠠ ᠵᠢᠨ ᠣᠷᠴᠢᠨ ᠲᠣᠭᠣᠷᠢᠨ᠎ᠢ ᠬᠥᠨᠥᠭᠡᠭᠰᠡᠨ ᠬᠡᠷᠡᠭ᠎ᠤᠨ ᠡᠵᠡᠨ ᠪᠣᠯᠤᠭᠰᠠᠨ ᠪᠠᠢ᠌ᠨ᠎ᠠ᠃ ᠬᠣᠯᠪᠣᠭᠳᠠᠯ ᠪᠦᠬᠦᠢ ᠪᠦᠷᠢᠳᠬᠡᠯ᠎ᠢ ᠦᠨᠳᠦᠰᠦᠯᠡᠪᠡᠯ᠂ ᠮᠠᠨ᠎ᠤ ᠤᠯᠤᠰ ᠲᠠᠷᠢᠶᠠᠯᠠᠩ᠎ᠤᠨ ᠲᠣᠮᠣ ᠤᠯᠤᠰ ᠪᠣᠯᠤᠭᠰᠠᠨ᠎ᠤ ᠬᠤᠪᠢ᠎ᠳᠤ᠂ ᠵᠢᠯ ᠪᠦᠷᠢ 7 ᠳ᠋ᠦᠩᠰᠢᠭᠤᠷ ᠭᠠᠷᠤᠢ ᠲᠣᠨ ᠡᠰᠢ ᠰᠦᠷᠡᠯ᠎ᠢ ᠪᠣᠶ ᠪᠣᠯᠭ᠋ᠠᠵᠤ᠂ 《ᠳᠡᠮᠡᠢ ᠬᠡᠷᠡᠭᠴᠡᠭᠡ ᠦᠭᠡᠢ》 ᠪᠣᠯᠪᠠᠴᠤ ᠡᠷᠬᠡᠪᠰᠢ ᠰᠢᠢ᠍ᠳᠪᠦᠷᠢᠯᠡᠬᠦ ᠬᠡᠷᠡᠭᠲᠡᠢ 《ᠬᠠᠶᠠᠭᠳᠠᠮᠠᠯ ᠪᠣᠳᠠᠰ》 ᠪᠣᠯᠵᠤ ᠪᠠᠢ᠌ᠨ᠎ᠠ᠃ ᠡᠢ᠌ᠮᠦ ᠪᠠᠢ᠌ᠳᠠᠯ᠎ᠤᠨ ᠳᠣᠣᠷ᠎ᠠ᠂ ᠪᠦᠷᠢᠮᠦᠰᠦᠨ ᠲᠠᠷᠢᠶᠠᠴᠢᠳ ᠰᠢᠢ᠍ᠳᠪᠦᠷᠢᠯᠡᠭᠡᠳ᠂ ᠶᠡᠬᠡ ᠬᠡᠮᠵᠢᠶ᠎ᠡ᠎ᠪᠠᠷ ᠰᠢᠲᠠᠭ᠋ᠠᠬᠤ ᠦᠵᠡᠭᠳᠡᠯ ᠭᠠᠷᠤᠭᠰᠠᠨ ᠪᠠᠢ᠌ᠨ᠎ᠠ᠃ ᠠᠰᠠᠭᠤᠳᠠᠯ᠎ᠤᠨ ᠵᠠᠩᠭᠢᠯᠠᠭ᠎ᠠ᠎ᠨᠢ ᠲᠠᠷᠢᠮᠠᠯ᠎ᠤᠨ ᠡᠰᠢ ᠰᠦᠷᠡᠯ᠎ᠢ ᠶᠡᠷᠦᠩᠬᠡᠢ᠌ᠯᠡᠨ ᠨᠡᠭᠡᠭᠡᠨ ᠠᠰᠢᠭᠯᠠᠬᠤ ᠪᠠ ᠠᠰᠢᠭᠯᠠᠬᠤ ᠨᠤᠷᠮ᠎ᠠ ᠵᠢ ᠳᠡᠭᠡᠭᠰᠢᠯᠡᠭᠦᠯᠬᠦ᠎ᠳᠤ  ᠪᠠᠢ᠌ᠨ᠎ᠠ᠃

      ᠡᠰᠢ ᠰᠦᠷᠡᠯ᠎ᠢ ᠲᠠᠷᠢᠶᠠᠨ᠎ᠳᠤ ᠪᠤᠴᠠᠭ᠋ᠠᠬᠤ᠄ ᠰᠢᠲᠠᠭ᠋ᠠᠬᠤ᠎ᠠᠴᠠ ᠪᠣᠯᠤᠭᠰᠠᠨ ᠠᠭ᠋ᠠᠷ ᠮᠠᠨᠳᠠᠯ᠎ᠤᠨ ᠪᠣᠬᠢᠷᠲᠤᠯ᠎ᠢ ᠬᠣᠷᠢᠭᠯᠠᠵᠤ ᠪᠣᠯᠬᠤ ᠮᠥᠷᠲᠡᠭᠡᠨ ᠪᠠᠰᠠ ᠪᠣᠷᠳᠣᠭᠤᠷ  ᠪᠣᠯᠭ᠋ᠠᠵᠤ  ᠤᠨᠠᠯᠲᠠ ᠵᠢ ᠨᠡᠮᠡᠭᠳᠡᠭᠦᠯᠵᠦ ᠪᠣᠯᠣᠨ᠎ᠠ᠃ ᠬᠥᠷᠥᠰᠥ ᠰᠢᠷᠣᠢ ᠵᠢᠨ ᠣᠷᠭ᠋ᠠᠨᠢᠭ ᠪᠣᠳᠠᠰ᠎ᠢ ᠨᠡᠮᠡᠭᠳᠡᠭᠦᠯᠦᠨ᠂ ᠬᠥᠷᠥᠰᠥ ᠰᠢᠷᠣᠢ ᠵᠢᠨ ᠪᠦᠲᠦᠴᠡ ᠵᠢ ᠰᠠᠢ᠌ᠵᠢᠷᠠᠭᠤᠯᠵᠤ᠂ ᠬᠥᠷᠥᠰᠥ ᠰᠢᠷᠣᠢ ᠵᠢ ᠵᠥᠭᠡᠯᠡᠷᠡᠭᠦᠯᠦᠨ᠂ ᠵᠠᠢ ᠵᠠᠪᠰᠠᠷ᠎ᠢ᠎ᠨᠢ ᠨᠡᠮᠡᠭᠳᠡᠭᠦᠯᠵᠦ᠂ ᠮᠢᠺᠷᠣᠪ᠎ᠤᠨ ᠠᠵᠢᠯᠯᠠᠭ᠎ᠠ ᠪᠠ ᠲᠠᠷᠢᠮᠠᠯ᠎ᠤᠨ ᠦᠨᠳᠦᠰᠦ ᠵᠢᠨ ᠰᠢᠰᠲ᠋ᠧᠮ᠎ᠤᠨ ᠪᠣᠶ᠋ᠢᠵᠢᠯᠲᠠ᠎ᠳᠤ ᠠᠰᠢᠭᠲᠠᠢ ᠪᠣᠯᠭ᠋ᠠᠵᠤ᠂ ᠤᠨᠠᠯᠲᠠ ᠵᠢ᠎ᠨᠢ ᠨᠡᠮᠡᠭᠳᠡᠭᠦᠯᠬᠦ᠎ᠳᠤ ᠢᠯᠡᠷᠬᠡᠢ ᠦᠷ᠎ᠡ ᠪᠦᠲᠦᠮᠵᠢ  ᠣᠯᠤᠨ᠎ᠠ᠃ ᠵᠠᠷᠢᠮ᠎ᠨᠢ  ᠪᠦᠷᠬᠦᠵᠦ  ᠲᠠᠷᠢᠶᠠᠨ᠎ᠳᠤ ᠪᠤᠴᠠᠭ᠋ᠠᠬᠤ᠂ ᠬᠡᠮᠬᠡᠯᠵᠦ  ᠬᠠᠭ᠋ᠠᠯᠪᠤᠷᠢᠯᠡᠨ ᠳᠠᠷᠤᠰᠢᠯᠠᠵᠤ  ᠲᠠᠷᠢᠶᠠᠨ᠎ᠳᠤ ᠪᠤᠴᠠᠭ᠋ᠠᠬᠤ᠂ ᠣᠪᠣᠭ᠋ᠠᠯᠠᠨ ᠳᠡᠪᠲᠦᠭᠡᠵᠦ ᠲᠠᠷᠢᠶᠠᠨ᠎ᠳᠤ ᠪᠤᠴᠠᠭ᠋ᠠᠬᠤ᠂ ᠬᠡᠪᠡᠯᠢ᠎ᠪᠠᠷ  ᠦᠩᠭᠡᠷᠭᠡᠵᠤ (ᠠᠳᠤᠭᠤ ᠦᠬᠡᠷ ᠬᠣᠨᠢᠨ᠎ᠤ ᠲᠡᠵᠢᠭᠡᠯ ᠪᠣᠷᠳᠣᠭ᠎ᠠ  ᠪᠣᠯᠭ᠋ᠠᠨ  ᠬᠡᠷᠡᠭᠯᠡᠭᠰᠡᠨ᠎ᠤ ᠳᠠᠷᠠᠭ᠎ᠠ ᠡᠭᠦᠰᠦᠭᠰᠡᠨ  ᠢᠯᠭ᠋ᠠᠳᠠᠰᠤ  ᠵᠡᠷᠭᠡ) ᠲᠠᠷᠢᠶᠠᠨ᠎ᠳᠤ  ᠪᠣᠴᠠᠭ᠋ᠠᠬᠤ ᠪᠠᠢ᠌ᠨ᠎ᠠ᠃ ᠡᠰᠢ ᠰᠦᠷᠡᠯ ᠵᠶ᠋ᠡᠷ ᠪᠠᠰᠠ ᠲᠡᠵᠢᠭᠡᠯ ᠪᠣᠷᠳᠣᠭ᠎ᠠ ᠪᠣᠯᠭ᠋ᠠᠨ ᠮᠠᠯ ᠲᠡᠵᠢᠭᠡᠬᠦ᠂ ᠡᠰᠡᠬᠦᠯ᠎ᠡ ᠮᠥᠭᠥ ᠵᠢᠨ ᠲᠦᠷᠦᠯ᠎ᠤᠨ ᠪᠠᠺᠲ᠋ᠧᠷᠢ ᠵᠢᠨ ᠰᠠᠭᠤᠷᠢ ᠪᠣᠯᠭ᠋ᠠᠵᠤ ᠪᠣᠯᠣᠨ᠎ᠠ᠂ ᠪᠠᠰᠠ ᠬᠡᠢ᠌ᠵᠢᠭᠦᠯᠬᠦ ᠪᠤᠶᠤ ᠴᠠᠬᠢᠯᠭ᠋ᠠᠨ ᠭᠠᠷᠭ᠋ᠠᠬᠤ ᠂ ᠡᠨᠧᠷᠭᠢ ᠵᠢᠨ ᠰᠤᠷᠪᠤᠯᠵᠢ ᠪᠣᠯᠭ᠋ᠠᠬᠤ᠎ᠳᠤ ᠬᠡᠷᠡᠭᠯᠡᠵᠦ ᠪᠣᠯᠣᠨ᠎ᠠ᠃

      ᠮᠡᠳᠡᠭᠡ ᠵᠠᠩᠭᠢ ᠵᠢᠨ ᠢᠷᠡᠯᠲᠡ᠄ ᠪᠤᠭᠤᠲᠤ ᠬᠣᠲᠠ ᠵᠢᠨ ᠲᠠᠷᠢᠶᠠᠯᠠᠩ ᠮᠠᠯ ᠠᠵᠤ ᠠᠬᠤᠢ ᠵᠢᠨ ᠲᠣᠪᠴᠢᠶ᠎ᠠ

 

ᠢᠷᠡᠯᠲᠡ᠄ ᠪᠤᠭᠤᠲᠤ ᠬᠣᠲᠠ ᠵᠢᠨ ᠲᠠᠷᠢᠶᠠᠯᠠᠩ ᠮᠠᠯ ᠠᠵᠤ ᠠᠬᠤᠢ ᠵᠢᠨ ᠲᠣᠪᠴᠢᠶ᠎ᠠ
          
ᠬᠠᠮᠢᠶ᠎ᠡ ᠪᠦᠬᠦᠢ ᠰᠣᠨᠢᠨ
 
            