ᠲᠡᠷᠢᠭᠦᠨ ᠬᠠᠭᠤᠳᠠᠰᠤ
ᠰᠣᠨᠢᠨ ᠮᠡᠳᠡᠭᠡ
ᠢᠯᠡ ᠵᠠᠰᠠᠭ
ᠦᠢᠯᠡᠴᠢᠯᠡᠭᠡ
ᠠᠮᠤᠭᠤᠯᠠᠩᠲᠤ᠌ ᠬᠥᠳᠡᠭᠡ   -   ᠠᠯᠲᠠᠨ ᠮᠥᠬᠦᠯᠢᠭ
ᠲᠷᠠᠺᠲ᠋ᠣᠷ᠎ᠤᠨ ᠲᠠᠷᠢᠶᠠᠨ᠎ᠤ ᠠᠵᠢᠯ᠎ᠤᠨ ᠠᠮᠤᠷ ᠲᠦᠪᠰᠢᠨ᠎ᠤ ᠶᠡᠷᠦ ᠵᠢᠨ ᠮᠡᠳᠡᠯᠭᠡ
ᠨᠡᠶ᠋ᠢᠲᠡᠯᠡᠭᠰᠡᠨ ᠴᠠᠭ᠄ 2025-06-27

      1. ᠵᠢᠯᠣᠭᠣᠴᠢ ᠡᠷᠬᠡᠪᠰᠢ ᠲᠠᠷᠢᠶᠠᠯᠠᠩ᠎ᠤᠨ ᠮᠠᠰᠢᠨ᠎ᠤ ᠪᠣᠯᠪᠠᠰᠤᠷᠠᠯ᠎ᠤᠨ ᠰᠤᠷᠭ᠋ᠠᠭᠤᠯᠢ ᠵᠢᠨ ᠮᠡᠷᠭᠡᠵᠢᠯ᠎ᠤᠨ ᠪᠣᠯᠪᠠᠰᠤᠷᠠᠯ᠎ᠢ ᠬᠦᠷᠳᠡᠬᠦ ᠵᠢᠨ ᠬᠠᠮᠲᠤ ᠲᠣᠮᠣ ᠳᠤᠮᠳᠠ ᠬᠡᠯᠪᠡᠷᠢ ᠵᠢᠨ ᠲᠷᠠᠺᠲ᠋ᠣᠷ ᠵᠢᠯᠤᠭᠣᠳᠬᠤ ᠦᠨᠡᠮᠯᠡᠯ ᠣᠯᠣᠭᠰᠠᠨ ᠪᠠᠢ᠌ᠬᠤ ᠬᠡᠷᠡᠭᠲᠡᠢ; ᠲᠷᠠᠺᠲ᠋ᠣᠷ ᠡᠷᠬᠡᠪᠰᠢ ᠠᠶᠠᠯᠠᠨ ᠶᠠᠪᠤᠬᠤ ᠦᠨᠡᠮᠯᠡᠯ ᠪᠠ ᠫᠠᠢ᠌ᠰᠠ ᠲᠡᠮᠳᠡᠭ ᠣᠯᠣᠭᠰᠠᠨ ᠪᠠᠢ᠌ᠬᠤ ᠬᠡᠷᠡᠭᠲᠡᠢ᠃

      2. ᠵᠢᠯᠣᠭᠣᠴᠢ ᠲᠡᠷᠭᠡ ᠵᠢᠯᠤᠭᠣᠳᠬᠤ ᠵᠢᠨ ᠤᠷᠢᠳ ᠬᠣᠵᠢᠳ ᠵᠶ᠋ᠠᠷ ᠪᠠᠢ᠌ᠴᠠᠭ᠋ᠠᠬᠤ᠂ ᠠᠷᠠᠴᠢᠯᠠᠬᠤ ᠠᠵᠢᠯ᠎ᠢ ᠴᠢᠩᠭ᠎ᠠ ᠨᠢᠮᠪᠠᠢ ᠰᠠᠢ᠌ᠲᠤᠷ ᠬᠢᠬᠦ ᠬᠡᠷᠡᠭᠲᠡᠢ᠃ ᠲᠷᠠᠺᠲ᠋ᠣᠷ᠎ᠢ ᠡᠷᠬᠡᠪᠰᠢ ᠮᠡᠷᠭᠡᠵᠢᠯ᠎ᠤᠨ ᠬᠡᠪ᠎ᠤᠨ ᠪᠠᠢ᠌ᠯᠭ᠋ᠠᠵᠤ᠂ ᠬᠡᠢ  ᠭᠠᠷᠬᠤ᠂ ᠲᠣᠰᠣ ᠭᠣᠭᠣᠵᠢᠬᠤ᠂ ᠤᠰᠤ ᠭᠣᠭᠣᠵᠢᠬᠤ᠎ᠠᠴᠠ ᠵᠠᠢ᠌ᠯᠠᠰᠬᠢᠬᠦ ᠬᠡᠷᠡᠭᠲᠡᠢ᠃

      3. ᠬᠥᠳᠡᠯᠭᠡᠬᠦ᠎ᠠᠴᠠ ᠡᠮᠦᠨ᠎ᠡ᠂ ᠬᠥᠳᠡᠯᠭᠡᠭᠦᠷ᠎ᠤᠨ ᠬᠥᠷᠥᠭᠡᠭᠰᠡᠨ ᠤᠰᠤ ᠵᠢ ᠭᠦᠢ᠍ᠴᠡᠳ ᠨᠡᠮᠡᠭᠰᠡᠨ ᠡᠰᠡᠬᠦ᠂  ᠮᠠᠰᠢᠨ  ᠲᠡᠷᠭᠡᠨ᠎ᠤ  ᠬᠦᠳᠡᠯᠬᠦ  ᠰᠢᠰᠲ᠋ᠧᠮ᠎ᠤᠨ ᠭᠠᠳᠠᠷ ᠲᠠᠯ᠎ᠠ ᠵᠢᠨ ᠡᠷᠭᠢ ᠱᠤᠷᠠᠭ᠎ᠢ ᠴᠢᠩᠭ᠋ᠠᠯᠠᠭᠰᠠᠨ ᠡᠰᠡᠬᠦ᠂ ᠬᠤᠷᠳᠤᠴᠠ  ᠦᠭᠡᠷᠡᠴᠢᠯᠡᠭᠴᠢ ᠵᠢ  ᠬᠦᠳᠡᠯᠭᠡᠬᠦ ᠬᠦᠴᠦᠨ ᠦᠭᠡᠢ  ᠪᠠᠢ᠌ᠷᠢᠨ᠎ᠳᠤ ᠲᠠᠯᠪᠢᠭᠰᠠᠨ ᠡᠰᠡᠬᠦ᠂ ᠰᠢᠩᠭᠡᠨ ᠳᠠᠷᠤᠴᠠ ᠵᠢᠨ ᠡᠷᠭᠦᠭᠳᠡᠵᠦ ᠪᠠᠭᠤᠬᠤ ᠪᠠᠷᠢᠭᠤᠯ᠎ᠢ ᠳᠣᠣᠷ᠎ᠠ ᠲᠠᠯ᠎ᠠ ᠵᠢᠨ ᠪᠠᠢ᠌ᠷᠢᠨ᠎ᠳᠤ ᠲᠠᠯᠪᠢᠭᠰᠠᠨ ᠡᠰᠡᠬᠦ ᠵᠢ ᠡᠷᠬᠡᠪᠰᠢ ᠪᠠᠢ᠌ᠴᠠᠭ᠋ᠠᠬᠤ ᠬᠡᠷᠡᠭᠲᠡᠢ᠃

      4. ᠲᠠᠷᠢᠶᠠᠨ ᠠᠵᠢᠯ ᠬᠢᠬᠦ᠎ᠳᠡᠭᠡᠨ ᠬᠥᠮᠥᠨ ᠲᠡᠷᠭᠡᠨ᠎ᠠᠴᠠ᠎ᠪᠠᠨ ᠰᠠᠯᠬᠤ ᠦᠭᠡᠢ᠂ ᠠᠵᠢᠯ᠎ᠤᠨ ᠪᠠᠢ᠌ᠷᠢ᠎ᠪᠠᠨ ᠪᠠᠲᠤ ᠰᠠᠬᠢᠵᠤ᠂ ᠲᠡᠷᠭᠡᠨ᠎ᠳᠤ ᠭᠠᠷᠴᠤ ᠲᠡᠷᠭᠡᠨ᠎ᠠᠴᠠ ᠪᠠᠭᠤᠬᠤ ᠵᠢ  ᠴᠡᠭᠡᠷᠯᠡᠬᠦ ᠬᠡᠷᠡᠭᠲᠡᠢ᠃ ᠲᠠᠷᠢᠶᠠᠯᠠᠩ᠎ᠤᠨ ᠪᠠᠭ᠋ᠠᠵᠢ ᠬᠡᠷᠡᠭᠰᠡᠯ᠎ᠢ ᠡᠯᠭᠦᠬᠦ᠎ᠳᠤ ᠪᠠᠲᠤ ᠪᠡᠬᠢ ᠪᠠᠢ᠌ᠵᠤ᠂ ᠲᠠᠷᠢᠶᠠᠯᠠᠩ᠎ᠤᠨ ᠪᠠᠭ᠋ᠠᠵᠢ ᠬᠡᠷᠡᠭᠰᠡᠯ᠎ᠢ  ᠵᠦᠭᠡᠭᠡᠪᠦᠷᠢᠯᠡᠬᠦ᠎ᠳᠡᠭᠡᠨ ᠪᠦᠬᠦᠨ ᠵᠶ᠋ᠡᠷ᠎ᠨᠢ ᠡᠷᠭᠦᠬᠦ᠎ᠠᠴᠠ ᠡᠮᠦᠨ᠎ᠡ ᠮᠤᠷᠤᠢ᠌ᠵᠤ ᠪᠣᠯᠬᠤ ᠦᠭᠡᠢ᠂ ᠲᠡᠷᠭᠡ᠎ᠪᠠᠨ ᠤᠬᠤᠷᠢᠭᠤᠯᠵᠤ ᠠᠵᠢᠯᠯᠠᠭᠤᠯᠬᠤ ᠵᠢ ᠴᠢᠩᠭ᠎ᠠ ᠴᠡᠭᠡᠷᠯᠡᠬᠦ ᠬᠡᠷᠡᠭᠲᠡᠢ᠃  ᠮᠠᠰᠢᠨ  ᠲᠡᠷᠭᠡ ᠵᠢ ᠲᠦᠷ ᠴᠠᠭ᠎ᠤᠨ ᠴᠢᠨᠠᠷᠲᠠᠢ ᠠᠷᠠᠴᠢᠯᠠᠬᠤ᠂ ᠲᠣᠬᠢᠷᠠᠭᠤᠯᠬᠤ᠂ ᠰᠡᠯᠪᠢᠨ ᠵᠠᠰᠠᠬᠤ ᠪᠤᠶᠤ ᠴᠡᠪᠡᠷᠯᠡᠬᠦ᠎ᠳᠡᠭᠡᠨ ᠡᠷᠬᠡᠪᠰᠢ ᠲᠡᠷᠭᠡ᠎ᠪᠠᠨ ᠵᠣᠭᠰᠣᠭ᠋ᠠᠵᠤ ᠭᠠᠯ᠎ᠢ᠎ᠨᠢ ᠤᠨᠲᠠᠷᠠᠭ᠋ᠠᠬᠤ ᠬᠡᠷᠡᠭᠲᠡᠢ᠃

      5. ᠲᠡᠷᠭᠡ ᠵᠣᠭᠰᠣᠬᠤ᠎ᠳᠠᠭᠠᠨ ᠬᠤᠷᠳᠤᠴᠠ  ᠦᠭᠡᠷᠡᠴᠢᠯᠡᠭᠴᠢ ᠵᠢ ᠬᠦᠳᠡᠯᠭᠡᠬᠦ ᠬᠦᠴᠦᠨ ᠦᠭᠡᠢ  ᠪᠠᠢ᠌ᠷᠢᠨ᠎ᠳᠤ ᠲᠠᠯᠪᠢᠵᠤ᠂ ᠵᠠᠭᠤᠷᠠᠪᠴᠢ ᠵᠢ ᠤᠷᠳᠦ ᠬᠤᠭᠤᠴᠠᠭ᠎ᠠ᠎ᠪᠠᠷ ᠰᠠᠯᠭ᠋ᠠᠬᠤ ᠵᠢ ᠴᠡᠭᠡᠷᠯᠡᠬᠦ ᠬᠡᠷᠡᠭᠲᠡᠢ᠃ ᠬᠥᠳᠡᠯᠭᠡᠭᠦᠷ ᠮᠠᠰᠢᠨ ᠤᠨᠲᠠᠷᠠᠬᠤ᠎ᠠᠴᠠ ᠡᠮᠦᠨ᠎ᠡ᠂ ᠵᠢᠯᠣᠭᠣᠴᠢ  ᠮᠠᠰᠢᠨ  ᠲᠡᠷᠭᠡᠨ᠎ᠠᠴᠠ ᠬᠣᠯᠠ ᠪᠠᠢ᠌ᠵᠤ ᠪᠣᠯᠬᠤ ᠦᠭᠡᠢ᠃

      6. ᠮᠠᠰᠢᠨ  ᠲᠡᠷᠭᠡ ᠲᠠᠷᠢᠶᠠᠨ ᠳᠠᠯᠠᠩ᠂ ᠤᠰᠤᠨ ᠰᠤᠪᠠᠭ ᠵᠶ᠋ᠠᠷ ᠥᠩᠭᠡᠷᠡᠬᠦ᠎ᠳᠡᠭᠡᠨ ᠤᠷᠢᠳ ᠵᠶ᠋ᠠᠷ ᠨᠠᠯᠠᠤ ᠵᠢᠨ ᠬᠡᠮᠵᠢᠶ᠎ᠡ ᠵᠢ᠎ᠨᠢ ᠲᠡᠭᠰᠢᠯᠡᠬᠦ ᠪᠤᠶᠤ ᠰᠡᠲᠡᠷᠬᠡᠢ ᠵᠢ᠎ᠨᠢ ᠮᠠᠯᠲᠠᠨ ᠭᠠᠷᠭ᠋ᠠᠵᠤ ᠳᠣᠣᠷ᠎ᠠ ᠬᠤᠷᠳᠤᠴᠠ᠎ᠪᠠᠷ ᠥᠩᠭᠡᠷᠡᠬᠦ ᠬᠡᠷᠡᠭᠲᠡᠢ᠃ ᠲᠡᠷᠭᠡ  ᠲᠣᠷᠪᠠᠯ  ᠲᠣᠰᠣᠨ ᠨᠡᠭᠡᠯᠡᠭᠡᠢ᠎ᠪᠠᠨ ᠶᠡᠬᠡ᠎ᠪᠠᠷ  ᠭᠢᠰᠬᠢᠵᠦ  ᠪᠣᠯᠬᠤ ᠦᠭᠡᠢ᠂ ᠡᠷᠬᠡᠪᠰᠢ ᠮᠠᠰᠢᠨ  ᠲᠡᠷᠭᠡᠨ᠎ᠤ ᠳᠥᠷᠪᠡᠨ ᠲᠠᠯ᠎ᠠ ᠪᠠ ᠢᠷᠤᠭ᠋ᠠᠷ᠎ᠤᠨ ᠬᠡᠰᠡᠭ᠎ᠤᠨ ᠬᠥᠪᠥᠮᠡᠯ ᠰᠢᠪᠠᠷ᠎ᠢ ᠮᠠᠯᠲᠠᠵᠤ᠂ ᠲᠤᠲᠤᠷᠭ᠎ᠠ ᠵᠢᠨ ᠰᠦᠷᠡᠯ᠂ ᠮᠣᠳᠣᠨ ᠬᠠᠪᠲᠠᠰᠤ ᠵᠡᠷᠭᠡ ᠵᠢ ᠲᠡᠪᠢᠰᠴᠦ᠂ ᠳᠣᠣᠷ᠎ᠠ ᠬᠤᠷᠳᠤᠴᠠ᠎ᠪᠠᠷ ᠪᠤᠶᠤ ᠪᠤᠰᠤᠳ ᠲᠡᠷᠭᠡ᠎ᠪᠠᠷ ᠴᠢᠷᠦᠨ ᠭᠠᠷᠭ᠋ᠠᠬᠤ ᠬᠡᠷᠡᠭᠲᠡᠢ᠃

ᠢᠷᠡᠯᠲᠡ᠄ ᠦᠪᠦᠷ ᠮᠣᠩᠭᠣᠯ᠎ᠤᠨ ᠲᠠᠷᠢᠶᠠᠯᠠᠩ ᠮᠠᠯ ᠠᠵᠤ ᠠᠬᠤᠢ ᠪᠠ ᠬᠦᠳᠡᠭᠡ ᠲᠤᠰᠬᠤᠨ ᠮᠠᠯᠵᠢᠬᠤ ᠤᠷᠤᠨ᠎ᠤ ᠲᠢᠩᠬᠢᠮ
          
ᠬᠠᠮᠢᠶ᠎ᠡ ᠪᠦᠬᠦᠢ ᠰᠣᠨᠢᠨ
 
            